ᠯᠦ᠍ ᠰᠢᠶᠦ᠋ᠨ ᠠᠪᠤᠭᠠᠢ ᠶ᠋ᠢᠨ ᠨᠠᠢ᠍ᠮᠠᠨ ᠪᠠᠳᠠᠭ ᠰᠣᠩᠭᠣᠳᠠᠭ ᠦᠭᠡ
ᠯᠦ᠍ ᠰᠢᠶᠦ᠋ᠨ ᠠᠪᠤᠭᠠᠢ ᠶ᠋ᠢᠨ ᠨᠠᠢ᠍ᠮᠠᠨ ᠪᠠᠳᠠᠭ ᠰᠣᠩᠭᠣᠳᠠᠭ ᠦᠭᠡ
ᠨᠢᠭᠡ᠂ ᠲᠣᠰᠬᠣᠨ ᠤ᠋ ᠦᠵᠦᠭᠦᠷ ᠦ᠋ᠨ ᠨᠣᠬᠠᠢ ᠬᠤᠴᠠᠮᠠᠭᠴᠠ᠂ ᠠᠢᠯ ᠤ᠋ᠨ ᠨᠣᠬᠠᠢ ᠪᠦᠷ ᠲᠡᠭᠡᠨ ᠬᠤᠴᠠᠳᠠᠭ ᠪᠣᠯᠪᠠᠴᠤ ᠲᠡᠳᠡ ᠶᠡᠷᠦᠨᠢ ᠶᠠᠭᠤᠨ ᠳ᠋ᠤ᠌ ᠬᠤᠴᠠᠵᠤ ᠪᠠᠢᠬᠤ ᠪᠠᠨ ᠮᠡᠳᠡᠬᠦ ᠦᠭᠡᠢ ᠪᠠᠢᠳᠠᠭ᠃ ᠪᠣᠬᠢᠷᠳᠠᠯ ᠨᠢᠭᠡᠨᠲᠡ ᠡᠩ ᠦ᠋ᠨ ᠦᠵᠡᠭᠳᠡᠯ ᠪᠣᠯᠤᠭᠰᠠᠨ ᠦᠶ᠎ᠡ ᠳ᠋ᠦ᠍᠂ ᠪᠣᠯᠪᠠᠰᠤᠨ ᠪᠣᠯ ᠨᠢᠭᠡ ᠵᠦᠢᠯ ᠦ᠋ᠨ ᠶᠠᠯᠠᠲᠤ ᠠᠵᠢᠯᠯᠠᠭ᠎ᠠ ᠪᠣᠯᠤᠨ᠎ᠠ᠃
ᠬᠣᠶᠠᠷ᠂ ᠬᠥᠯ ᠢ᠋ ᠴᠢᠨᠢ ᠬᠤᠭᠤᠯᠴᠢᠬᠠᠭᠠᠳ ᠴᠢᠮ᠎ᠠ ᠳ᠋ᠤ᠌ ᠨᠢᠭᠡᠨ ᠬᠣᠣᠰ ᠰᠤᠭᠤ ᠲᠠᠶᠠᠭ ᠬᠠᠶᠠᠵᠤ ᠥᠭᠭᠦᠭᠡᠳ᠂ ᠬᠡᠷᠪᠡ ᠪᠢ ᠦᠭᠡᠢ ᠪᠣᠯ ᠲᠠ ᠠᠯᠬᠤᠬᠤ ᠳ᠋ᠤ᠌ ᠪᠠᠰᠠ ᠬᠦᠴᠢᠷ ᠲᠡᠢ ᠪᠣᠯᠤᠨ᠎ᠠ ᠰᠢᠦ ᠭᠡᠳᠡᠭ᠃
ᠭᠤᠷᠪᠠ᠂ ᠬᠡᠷᠪᠡ ᠠᠳᠤᠭᠤᠰᠤ ᠮᠠᠯ ᠢᠳᠡᠭᠡᠳ ᠲᠠᠷᠭᠤᠯᠠᠬᠤ ᠦᠭᠡᠢ ᠪᠣᠯ ᠭᠡᠳᠡᠰᠦᠨ ᠳ᠋ᠦ᠍ᠨᠢ ᠯᠠᠪᠲᠠᠢ ᠬᠦᠵᠢ ᠬᠣᠷᠣᠬᠠᠢ ᠪᠠᠢᠨ᠎ᠠ᠂ ᠬᠡᠷᠪᠡ ᠠᠷᠠᠳ ᠢᠷᠭᠡᠳ ᠨᠢ ᠴᠢᠷᠮᠠᠢᠭᠠᠳ ᠪᠠᠶᠠᠵᠢᠵᠤ ᠳᠡᠢᠯᠬᠦ ᠦᠭᠡᠢ ᠪᠣᠯ ᠨᠡᠢᠭᠡᠮ ᠳ᠋ᠦ᠍ᠨᠢ ᠯᠠᠪᠲᠠᠢ ᠴᠢᠰᠤ ᠰᠤᠷᠤᠭᠴᠢ ᠴᠢᠳᠬᠥᠷ ᠪᠠᠢᠨ᠎ᠠ᠃
ᠳᠥᠷᠪᠡ᠂ ᠬᠥᠮᠦᠨ ᠦ᠌ ᠴᠢᠨᠠᠷ ᠪᠣᠯ ᠳᠠᠷᠤᠢ ᠵᠣᠭᠣᠰ ᠪᠣᠯᠤᠨ ᠡᠷᠬᠡ ᠲᠡᠢ ᠣᠢᠷᠠᠲᠤᠮᠠᠭᠴᠠ ᠬᠣᠶᠠᠷ ᠨᠢᠳᠦᠨ ᠡᠴᠡ ᠨᠢ ᠭᠡᠷᠡᠯ ᠲᠠᠲᠠᠳᠠᠭ᠃ ᠡᠷ᠎ᠡ ᠡᠮ᠎ᠡ ᠶ᠋ᠢᠨ ᠶᠠᠪᠤᠳᠠᠯ ᠢ᠋ ᠵᠣᠭᠣᠭᠳᠠᠮᠠᠭᠴᠠ ᠠᠪᠤᠨ ᠬᠥᠭᠰᠡᠨ ᠪᠠᠶᠠᠷᠯᠠᠳᠠᠭ᠂ ᠭᠡᠲᠡᠯ᠎ᠡ ᠶᠣᠰᠣ ᠰᠤᠷᠲᠠᠬᠤᠨ᠂ ᠶᠣᠰᠣᠯᠠᠯ ᠬᠦᠨᠳᠦᠳᠬᠡᠯ᠂ ᠤᠬᠠᠮᠰᠠᠷ ᠮᠡᠳᠡᠷᠡᠮᠵᠢ ᠶ᠋ᠢ ᠬᠡᠯᠡᠯᠴᠡᠮᠡᠭᠴᠡ ᠬᠦᠢᠲᠡᠨ ᠦ᠌ ᠭᠦᠷᠭᠡᠯᠵᠢ ᠠᠳᠠᠯᠢ ᠲᠠᠭ ᠳᠤᠭᠤᠢ ᠪᠣᠯᠵᠤ᠂ ᠨᠠᠳᠠ ᠯᠤᠭ᠎ᠠ ᠬᠠᠮᠢᠶ᠎ᠠ ᠦᠭᠡᠢ ᠭᠡᠬᠦ ᠪᠤᠶᠤ ᠨᠠᠳᠠ ᠲᠠᠢ ᠬᠣᠯᠪᠣᠭᠳᠠᠬᠤ ᠦᠭᠡᠢ ᠭᠡᠳᠡᠭ᠃
ᠲᠠᠪᠤ᠂ ᠠᠯᠢᠪᠠ ᠪᠠᠲᠤ ᠪᠡᠬᠢ ᠬᠠᠷᠢᠴᠠᠭ᠎ᠠ ᠭᠡᠳᠡᠭ ᠨᠢ ᠦᠨᠡᠨ ᠳ᠋ᠡᠭᠡᠨ ᠠᠰᠢᠭ ᠲᠤᠰᠠ ᠶ᠋ᠢᠨ ᠡᠮᠦᠨ᠎ᠡ ᠮᠠᠰᠢ ᠬᠡᠪᠡᠷᠡᠭ ᠶᠦᠮ᠂ ᠪᠦᠳᠦᠷᠢᠭᠰᠡᠨ ᠳᠡᠭᠡᠷ᠎ᠡ ᠨᠢᠳᠤᠷᠭᠠᠳᠠᠬᠤ ᠨᠢ ᠪᠦᠷ ᠥᠪᠡᠷ ᠦ᠋ᠨ ᠬᠥᠮᠦᠨ ᠪᠣᠯᠤᠨ᠎ᠠ᠂ ᠬᠠᠵᠠᠭᠤ ᠳ᠋ᠤ᠌ ᠴᠢᠨᠢ ᠱᠣᠭ ᠦᠵᠡᠬᠦ ᠨᠢ ᠮᠥᠨ ᠪᠤᠰᠤᠳ ᠬᠥᠮᠦᠨ ᠪᠢᠰᠢ᠃ ᠴᠢᠨᠦ ᠰᠠᠢᠨ ᠢ᠋ ᠦᠵᠡᠬᠦ ᠳᠤᠷ᠎ᠠ ᠦᠭᠡᠢ ᠬᠥᠮᠦᠰ ᠪᠣᠯ ᠪᠦᠷ ᠴᠢᠨᠦ ᠳᠡᠷᠭᠡᠳᠡ ᠪᠠᠢᠭ᠎ᠠ ᠬᠥᠮᠦᠰ ᠶᠦᠮ᠃
ᠵᠢᠷᠭᠤᠭ᠎ᠠ᠂ ᠨᠣᠶᠠᠨ ᠵᠠᠮ ᠢ᠋ ᠬᠥᠭᠡᠭᠡᠴᠡᠯᠳᠦᠭᠰᠡᠨ ᠬᠥᠮᠦᠰ ᠪᠠᠷᠤᠭ ᠡᠢᠮᠦ ᠯᠡ ᠪᠠᠢᠯᠭᠦᠢ᠂ ᠳᠠᠷᠤᠢ ᠬᠡᠷᠡᠭ ᠦᠭᠡᠢ ᠶᠠᠪᠤᠳᠠᠯ ᠢ᠋ ᠬᠤᠸᠠᠷ ᠭᠠᠷᠲᠠᠯ᠎ᠠ ᠬᠢᠵᠦ᠂ ᠬᠡᠷᠡᠭ ᠲᠡᠢ ᠶᠠᠪᠤᠳᠠᠯ ᠢ᠋ ᠶᠠᠭᠤ ᠴᠤ᠌ ᠪᠢᠰᠢ ᠬᠢᠳᠡᠭ᠂ ᠠᠰᠢᠭ ᠲᠠᠢ ᠶᠠᠪᠤᠳᠠᠯ ᠢ᠋ ᠢᠳᠡᠪᠬᠢᠲᠡᠢ ᠬᠢᠵᠦ᠂ ᠨᠢᠭᠤᠷ ᠠᠪᠬᠤ ᠦᠭᠡᠢ ᠶᠠᠪᠤᠳᠠᠯ ᠢ᠋ ᠥ ᠰᠡᠪ ᠦᠭᠡᠢ ᠬᠢᠳᠡᠭ᠃
ᠳᠣᠯᠣᠭ᠎ᠠ᠂ ᠪᠣᠭᠣᠯᠴᠢ ᠴᠢᠨᠠᠷ ᠲᠠᠢ ᠬᠥᠮᠦᠨ ᠪᠣᠯ ᠥᠪᠡᠷ ᠦ᠋ᠨ ᠢᠵᠢᠯᠢ ᠲᠥᠷᠥᠯ ᠳ᠋ᠡᠭᠡᠨ ᠯᠠᠪᠲᠠᠢ ᠪᠠᠯᠠᠮᠠᠳ ᠬᠡᠷᠴᠡᠭᠡᠢ ᠬᠠᠨᠳᠤᠳᠠᠭ᠃ ᠤᠴᠢᠷ ᠨᠢ ᠲᠡᠳᠡ ᠪᠣᠭᠣᠯ ᠤ᠋ᠨ ᠡᠵᠡᠨ ᠦ᠌ ᠲᠡᠨᠳᠡ ᠡᠴᠡ ᠠᠯᠳᠠᠭᠰᠠᠨ ᠨᠡᠷ᠎ᠡ ᠬᠦᠨᠳᠦ ᠪᠡᠨ ᠢᠵᠢᠯᠢ ᠡᠴᠡ ᠪᠡᠨ ᠨᠥᠬᠥᠨ ᠠᠪᠬᠤ ᠶ᠋ᠢ ᠬᠦᠰᠡᠳᠡᠭ ᠲᠦ᠍ ᠪᠠᠢᠨ᠎ᠠ᠂ ᠲᠡᠳᠡ ᠳᠡᠭᠡᠭᠰᠢ ᠪᠡᠨ ᠪᠦᠷᠢᠮᠦᠰᠦᠨ ᠪᠣᠭᠣᠯᠴᠢ ᠴᠢᠨᠠᠷ ᠲᠠᠢ ᠳᠣᠭᠣᠭᠰᠢ ᠪᠠᠨ ᠲᠤᠢᠯ ᠤ᠋ᠨ ᠬᠠᠷᠭᠢᠰ ᠬᠡᠷᠴᠡᠭᠡᠢ ᠵᠠᠩ ᠲᠠᠢ ᠶᠤᠮ᠃
ᠨᠠᠢ᠍ᠮᠠ᠂ ᠠᠯᠢ ᠨᠢᠭᠡᠨ ᠡᠳᠦᠷ ᠲᠠᠨ ᠤ᠋ ᠳᠡᠷᠭᠡᠳᠡᠬᠢ ᠬᠥᠮᠦᠰ ᠴᠢᠨᠢ ᠬᠡᠷᠪᠡ ᠶᠡᠬᠡᠯ᠎ᠡ ᠶᠣᠰᠣᠷᠬᠠᠭ ᠪᠣᠯᠤᠭᠰᠠᠨ ᠪᠣᠯ᠂ ᠡᠨᠡ ᠨᠢ ᠲᠡᠳᠡ ᠭᠡᠨᠡᠳᠲᠡ ᠴᠠᠢᠯᠭᠠᠨ ᠰᠡᠳᠬᠢᠯ ᠲᠡᠢ ᠪᠣᠯᠤᠭᠰᠠᠨ ᠪᠢᠰᠢ᠂ ᠮᠥᠨ ᠨᠢᠭᠡᠨᠲᠡ ᠪᠣᠯᠪᠠᠰᠤᠨ ᠪᠣᠯᠤᠭᠰᠠᠨ ᠢ᠋ ᠬᠠᠷᠠᠭᠤᠯᠵᠤ ᠦᠭᠡᠢ᠂ ᠬᠠᠷᠢᠨ ᠲᠠᠨ ᠤ᠋ ᠴᠢᠳᠠᠯ ᠴᠢᠨᠢ ᠴᠢᠩᠭᠠᠷᠠᠭᠰᠠᠨ ᠢ᠋ ᠬᠠᠷᠠᠭᠤᠯᠵᠤ ᠪᠠᠢᠬᠤ ᠶᠤᠮ᠃
( ᠳᠠᠯᠤ᠂ ᠮᠥᠷᠡᠨ ᠦ᠌ ᠣᠷᠴᠢᠭᠤᠯᠭ᠎ᠠ)
ᠦᠰᠦᠭ ᠠᠮᠢᠯᠠᠭᠤᠯᠤᠭᠴᠢ᠄ ᠳ᠂ ᠣᠶᠤᠨᠪᠢᠯᠢᠭ᠌
ᠬᠢᠨᠠᠭᠴᠢ᠄ ᠣᠳᠬᠠᠨᠰᠣ᠎ᠠ᠂ ᠰᠡᠬᠡᠭᠡᠷᠡᠯ᠂ ᠭᠠᠷᠮ᠎ᠠ
ᠢᠷᠡᠯᠲᠡ᠄ ᠸᠢᠴᠠᠲ ᠬᠣᠯᠪᠣᠭ᠎ᠠ
