ᠬᠥᠬᠡ ᠵᠤᠯᠠ – ᠪᠣᠷᠵᠢᠭᠢᠨ ᠸᠠᠩᠵᠠᠯ - < ᠬᠣᠶᠠᠷ ᠂ ᠲᠥᠷᠥᠯ ᠰᠠᠳᠤᠨ ᠤ ᠳᠠᠭᠤᠳᠠᠯᠭ᠎ᠠ ᠶᠢᠨ ᠪᠦᠯᠦᠭ 8 > Хөх зул – Боржигон Ванжал –" Хоёр ᠂ Төрөл садны дуудлагын бүлэг " 8
ᠬᠣᠶᠠᠷ ᠂ ᠲᠥᠷᠥᠯ ᠰᠠᠳᠤᠨ ᠤ ᠳᠠᠭᠤᠳᠠᠯᠭ᠎ᠠ ᠶᠢᠨ ᠪᠦᠯᠦᠭ – 8
ᠳᠣᠣᠷ᠎ᠠ ᠨᠢᠭᠡ ᠦᠶ᠎ᠡ ᠶ᠋ᠢᠨ ᠬᠡᠦᠬᠡᠳ ᠤᠨ ᠬᠤᠭᠤᠷᠤᠨᠳᠤᠬᠢ ᠳᠠᠭᠤᠳᠠᠯᠭ᠎ᠠ Доор нэг үеийн хүүхдийн хоорондох дуудлага
ᠠᠬ᠎ᠠ ᠳᠡᠭᠦᠦ ᠬᠣᠶᠠᠷ ᠤ᠋ᠨ ᠬᠡᠦᠬᠡᠳ ᠬᠣᠭᠣᠷᠣᠨᠳᠣ ᠪᠠᠨ ᠦᠶᠡᠯᠢᠳ ᠠᠬ᠎ᠠ ᠳᠡᠭᠦᠦ ( ᠡᠭᠡᠴᠢ ᠥᠬᠢᠨ ᠳᠡᠭᠦᠦ ) ᠭᠡᠵᠦ ᠳᠠᠭᠤᠳᠠᠯᠴᠠᠨᠠ᠃ ᠣᠪᠣᠭ ᠨᠢᠭᠡᠲᠡᠨ᠃
ᠪᠦᠯᠦ ᠠᠬ᠎ᠠ ᠳᠡᠭᠦᠦ
ᠡᠭᠡᠴᠢ᠂ ᠥᠬᠢᠨ ᠳᠡᠭᠦᠦ ᠬᠣᠶᠠᠷ ᠤ᠋ᠨ ᠬᠡᠦᠬᠡᠳ᠂ ᠬᠣᠭᠣᠷᠣᠨᠳᠣ ᠪᠠᠨ ᠪᠦᠯᠦ ᠠᠬ᠎ᠠ ᠳᠡᠭᠦᠦ ( ᠡᠭᠡᠴᠢ ᠥᠬᠢᠨ ᠳᠡᠭᠦᠦ ) ᠭᠡᠵᠦ ᠳᠠᠭᠤᠳᠠᠯᠴᠠᠨᠠ᠃ ᠪᠤᠰᠤᠳ ᠣᠪᠣᠭᠲᠠᠨ᠃
ᠨᠠᠭ᠎ᠠ ( ᠲᠠᠭᠠᠷ )
ᠠᠬ᠎ᠠ ᠥᠬᠢᠨ ᠳᠡᠭᠦᠦ ᠪᠤᠶᠤ ᠡᠰᠡᠬᠦᠯ᠎ᠡ ᠡᠭᠡᠴᠢ ᠂ ᠳᠡᠭᠦᠦ ᠬᠣᠶᠠᠷ ᠤ᠋ᠨ ᠬᠡᠦᠬᠡᠳ ᠬᠣᠭᠣᠷᠣᠨᠳᠣ ᠪᠠᠨ ᠨᠠᠭ᠎ᠠ ᠠᠬ᠎ᠠ ᠳᠡᠭᠦᠦ ᠭᠡᠵᠦ ᠳᠠᠭᠤᠳᠠᠯᠴᠠᠨᠠ᠃
ᠨᠠᠭ᠎ᠠ ᠭᠡᠳᠡᠭ ᠦᠭᠡ ᠡᠷᠲᠡᠨ ᠳ᠋ᠡᠭᠡᠨ ᠠᠬ᠎ᠠ ( ᠨᠠᠰᠤ ᠪᠠᠷ ᠶᠡᠬᠡ ᠬᠦᠦ ) ᠂ ᠠᠭ᠎ᠠ ( ᠨᠠᠰᠤ ᠪᠠᠷ ᠶᠡᠬᠡ ᠥᠬᠢᠨ ) ᠂ ᠨᠠᠭ᠎ᠠ ᠠᠬ᠎ᠠ ᠂ ( ᠥᠬᠢᠨ ᠳᠡᠭᠦᠦ ᠪᠤᠶᠤ ᠡᠭᠡᠴᠢ ᠬᠦᠦ ᠳᠡᠭᠦᠦ ᠬᠣᠶᠠᠷ ᠤ᠋ᠨ ᠬᠡᠦᠬᠡᠳ ᠬᠠᠷᠢᠯᠴᠠᠨ ᠳᠠᠭᠤᠳᠠᠯᠴᠠᠬᠤ ᠳᠠᠭᠤᠳᠠᠯᠭ᠎ᠠ ) ᠭᠤᠷᠪᠠ ᠪᠦᠷ ᠨᠢᠭᠡ ᠦᠶ᠎ᠡ ᠶ᠋ᠢᠨ ᠬᠡᠦᠬᠡᠳ ᠬᠣᠭᠣᠷᠣᠨᠳᠣ ᠪᠠᠨ ᠳᠠᠭᠤᠳᠠᠯᠴᠠᠭᠰᠠᠨ ᠢᠵᠢᠯᠢ ᠦᠶ᠎ᠡ ᠪᠡᠨ ᠦᠵᠡᠭᠦᠯᠦᠭᠰᠡᠨ ᠳᠠᠭᠤᠳᠠᠯᠭ᠎ᠠ ᠪᠠᠢᠯ᠎ᠠ᠃
ᠬᠣᠵᠢᠮ ᠡᠨᠡ ᠦᠭᠡ ᠨᠢ ᠨᠠᠭᠠᠴᠤ ᠭᠡᠳᠡᠭ ᠦᠭᠡ ᠲᠡᠢ ᠬᠤᠳᠬᠤᠯᠳᠤᠭᠤᠯᠤᠨ ᠶᠠᠪᠤᠭᠠᠨ ᠳ᠋ᠠᠭᠠᠨ ᠨᠠᠭᠠᠴᠤ ᠭᠡᠳᠡᠭ ᠦᠭᠡ ᠶ᠋ᠢ ᠣᠷᠣᠯᠠᠵᠤ ᠨᠠᠭ᠎ᠠ ᠠᠪᠤ ᠂ ᠨᠠᠭ᠎ᠠ ᠡᠵᠢ ᠭᠡᠵᠦ ᠳᠠᠭᠤᠳᠠᠭᠰᠠᠭᠠᠷ ᠪᠠᠢᠭᠠᠳ ᠤᠤᠯ ᠤᠳᠬ᠎ᠠ ( ᠨᠠᠭᠠᠴᠤ ) ᠶ᠋ᠢ ᠨᠢ ᠨᠢᠭᠡᠨᠲᠡ ᠠᠯᠳᠠᠭᠤᠯᠴᠢᠬᠠᠵᠠᠢ᠃ ᠮᠣᠩᠭᠣᠯ ᠳᠠᠭᠤᠳᠠᠯᠭ᠎ᠠ ᠪᠠᠷ ᠶᠣᠰᠣᠴᠢᠯᠠᠨ ᠳᠠᠭᠤᠳᠠᠪᠠᠯ ᠨᠠᠭᠠᠴᠤ᠂ ᠨᠠᠭ᠎ᠠ ᠡᠨᠡ ᠬᠣᠶᠠᠷ ᠦᠭᠡ ᠶ᠋ᠢᠨ ᠢᠯᠭᠠᠭ᠎ᠠ ᠶ᠋ᠢ ᠮᠡᠳᠡᠵᠦ ᠪᠣᠯᠤᠨ᠎ᠠ᠃ ᠮᠣᠩᠭᠣᠯ ᠤ᠋ᠨ ᠲᠥᠷᠥᠯ ᠤᠭᠰᠠᠭ᠎ᠠ ᠶ᠋ᠢᠨ ᠳᠠᠭᠤᠳᠠᠯᠭ᠎ᠠ ᠳ᠋ᠤ᠌ 《ᠠᠪᠠᠭ᠎ᠠ᠂ ᠨᠠᠭᠠᠴᠤ 》ᠭᠡᠳᠡᠭ ᠬᠣᠶᠠᠷ ᠦᠭᠡ ᠡᠷᠬᠡᠪᠰᠢ ᠳᠡᠭᠡᠷ᠎ᠡ ᠨᠢᠭᠡ ᠦᠶ᠎ᠡ ᠶ᠋ᠢ ᠵᠢᠭᠠᠳᠠᠭ᠃ ᠵᠢᠱ᠌ᠢᠶᠡᠯᠡᠪᠡᠯ : ᠡᠬᠡ ᠶ᠋ᠢᠨ ᠠᠬ᠎ᠠ᠂ ᠪᠡᠷᠭᠡᠨ ᠪᠤᠶᠤ ᠳᠡᠭᠦᠦ᠂ ᠳᠡᠭᠦᠦ ᠪᠡᠷᠢ ᠪᠦᠷ ᠥᠪᠡᠷ ᠲᠦ᠍ ᠨᠠᠭᠠᠴᠤ ᠠᠬ᠎ᠠ᠂ ᠨᠠᠭᠠᠴᠤ ᠪᠡᠷᠭᠡᠨ ᠳᠠᠭᠤᠳᠠᠭᠳᠠᠨ᠎ᠠ᠃ ᠲᠡᠷᠡᠴᠢᠯᠡᠨ ᠡᠬᠡ ᠶ᠋ᠢᠨ ᠡᠴᠢᠭᠡ ᠡᠬᠡ ᠥᠪᠡᠷ ᠲᠦ᠍ ᠨᠠᠭᠠᠴᠤ ᠡᠴᠢᠭᠡ᠂ ᠨᠠᠭᠠᠴᠤ ᠡᠬᠡ ᠭᠡᠵᠦ ᠳᠠᠭᠤᠳᠠᠭᠳᠠᠨ᠎ᠠ᠃ ᠡᠨᠡ ᠨᠢ ᠨᠠᠭᠠᠴᠤ ᠭᠡᠳᠡᠭ ᠦᠭᠡ ᠶ᠋ᠢᠨ ᠳᠡᠭᠡᠷ᠎ᠡ ᠨᠢᠭᠡ ᠦᠶ᠎ᠡ ᠶ᠋ᠢ ᠵᠢᠭᠠᠵᠤ ᠪᠣᠢ ᠶ᠋ᠢ ᠲᠣᠳᠣ ᠵᠢᠭᠠᠵᠠᠢ᠃ ᠭᠡᠲᠡᠯ᠎ᠡ ᠨᠠᠭ᠎ᠠ ᠭᠡᠳᠡᠭ ᠦᠭᠡ᠂ ᠳᠡᠭᠡᠷ᠎ᠡ ᠨᠢᠭᠡ ᠦᠶ᠎ᠡ ᠶ᠋ᠢ ᠵᠢᠭᠠᠵᠤ ᠴᠢᠳᠠᠬᠤ ᠦᠭᠡᠢ ᠪᠠᠢᠳᠠᠭ᠃ ᠡᠨᠡ ᠨᠢ ᠳᠠᠷᠤᠢ ᠡᠨᠡ ᠬᠣᠶᠠᠷ ᠦᠭᠡ ᠨᠢᠭᠡ ᠪᠢᠰᠢ ᠪᠠᠢᠭᠰᠠᠨ ᠤ᠋ ᠭᠡᠷᠡᠴᠢ ᠪᠣᠯᠠᠢ᠃ ᠬᠠᠷᠠᠮᠰᠠᠯᠲᠠᠢ ᠨᠢ ᠥᠨᠥᠳᠥᠷ ᠨᠠᠭ᠎ᠠ ᠤᠤᠯ ᠤᠳᠬ᠎ᠠ ᠪᠠᠨ ᠠᠯᠳᠠᠵᠠᠢ᠃ ᠭᠡᠲᠡᠯ᠎ᠡ ᠡᠨᠡ ᠳᠠᠭᠤᠳᠠᠯᠭ᠎ᠠ ᠶᠡᠬᠡ ᠣᠨᠣᠪᠴᠢᠲᠠᠢ ᠪᠠᠢᠳᠠᠭ᠃ ᠨᠠᠭ᠎ᠠ ᠶ᠋ᠢᠨ ᠨᠠ ᠨᠢ ᠨᠠᠭᠠᠴᠤ ᠶ᠋ᠢᠨ ᠨᠠ ᠪᠠᠢᠵᠤ᠂ ᠭᠠ ᠨᠢ ᠠᠭ᠎ᠠ ᠪᠤᠶᠤ ᠠᠪᠠᠭ᠎ᠠ ᠡᠭᠡᠴᠢ ᠶ᠋ᠢᠨ ᠭᠠ ᠪᠠᠢᠵᠤ᠂ ᠲᠤᠰ ᠦᠭᠡ ᠂ ᠡᠨᠡ ᠬᠣᠶᠠᠷ ᠦᠭᠡ ᠠᠴᠠ ᠲᠣᠪᠴᠢᠯᠠᠭᠳᠠᠨ ᠪᠦᠲᠦᠭᠰᠡᠨ᠂ ᠲᠤᠩ ᠣᠨᠣᠪᠴᠢᠲᠠᠢ ᠦᠭᠡ ᠪᠠᠢᠭᠰᠠᠨ ᠠᠵᠢ᠃
ᠲᠠᠭᠠᠷ ᠭᠡᠳᠡᠭ ᠦᠭᠡ ᠨᠢ ᠳᠠᠭᠤᠷᠴᠤᠳ ᠤ᠋ᠨ ᠬᠦ ᠵᠢᠦ ᠠᠬ᠎ᠠ ᠳᠡᠭᠦᠦ ᠪᠡᠨ ᠬᠠᠷᠢᠯᠴᠠᠨ ᠳᠠᠭᠤᠳᠠᠬᠤ ᠳᠠᠭᠤᠳᠠᠯᠴᠠᠯᠭᠠ᠃ ᠮᠥᠨ ᠲᠡᠷᠡ ᠬᠠᠪᠢ ᠶ᠋ᠢᠨ ᠵᠠᠷᠢᠮ ᠮᠣᠩᠭᠣᠯᠴᠤᠳ ᠪᠠᠰᠠ ᠢᠩᠭᠢᠵᠦ ᠳᠠᠭᠤᠳᠠᠯᠴᠠᠳᠠᠭ᠃ ᠭᠡᠪᠡᠴᠦ ᠡᠨᠡ ᠨᠢ ᠬᠡᠪᠴᠢᠶ᠎ᠡ ᠨᠢ ᠲᠤᠩ ᠪᠠᠭ᠎ᠠ᠃
ᠪᠦᠯᠦ ᠭᠡᠳᠡᠭ ᠦᠭᠡ ᠨᠢ ᠤᠤᠯ ᠨᠢ ᠡᠭᠡᠴᠢ᠂ ᠥᠬᠢᠨ ᠳᠡᠭᠦᠦ ᠬᠣᠶᠠᠷ ᠤ᠋ᠨ ᠬᠡᠦᠬᠡᠳ ᠬᠣᠭᠣᠷᠣᠨᠳᠣ ᠪᠠᠨ ᠬᠠᠷᠢᠯᠴᠠᠨ ᠳᠠᠭᠤᠳᠠᠯᠴᠠᠳᠠᠭ ᠳᠠᠭᠤᠳᠠᠯᠭ᠎ᠠ ᠪᠠᠢᠯ᠎ᠠ᠃ ᠮᠠᠨ ᠤ᠋ ᠮᠣᠩᠭᠣᠯᠴᠤᠳ ᠣᠳᠣ ᠤᠯᠠᠮ ᠳᠥᠭᠥᠮ ᠳᠥᠲᠡᠯᠡᠬᠦ ᠶ᠋ᠢ ᠪᠣᠳᠣᠭᠠᠳ ᠨᠠᠭ᠎ᠠ ᠪᠠᠨ ᠲᠠᠭ ᠬᠡᠷᠡᠭᠯᠡᠬᠦ ᠦᠭᠡᠢ ᠪᠥᠭᠡᠳ ᠪᠦᠷ ᠵᠢᠭᠡ ᠶ᠋ᠢᠨ ᠬᠢᠨᠢ ᠲᠠᠯ᠎ᠠ ᠠ᠋ᠴᠠ ( ᠠᠬ᠎ᠠ ᠳᠡᠭᠦᠦ ᠶ᠋ᠢᠨ ᠬᠡᠦᠬᠡᠳ ᠠᠪᠠᠭ᠎ᠠ ᠡᠭᠡᠴᠢ ᠶ᠋ᠢᠨ ᠬᠡᠦᠬᠡᠳ ᠢ᠋ᠶ᠋ᠡᠨ ᠬᠡᠷᠬᠢᠨ ᠳᠠᠭᠤᠳᠠᠬᠤ ᠶ᠋ᠢ ᠨᠠᠷᠢᠨ ᠪᠣᠳᠣᠯᠬᠢᠯᠠᠬᠤ ) ᠦᠭᠡᠢ ᠪᠣᠳᠣᠯᠬᠢᠯᠠᠨ ᠪᠦᠷ ᠯᠡ ᠪᠦᠯᠦ ᠭᠡᠵᠦ ᠳᠠᠭᠤᠳᠠᠭᠠᠳ ᠪᠠᠢᠬᠤ ᠨᠢ ᠣᠯᠠᠨ ᠪᠣᠯᠤᠯ᠎ᠠ ᠃ ᠭᠡᠪᠡᠴᠦ ᠢᠩᠭᠢᠵᠦ ᠳᠠᠭᠤᠳᠠᠬᠤ ᠨᠢ ᠣᠨᠣᠪᠴᠢ ᠮᠠᠭᠤᠲᠠᠢ ᠶ᠋ᠢ ᠪᠢᠳᠡ ᠮᠡᠳᠡᠯ᠎ᠡ ᠃ ᠲᠡᠢᠨ ᠬᠦ᠌ ᠪᠢᠳᠡ᠂ ᠠᠯᠤᠰ ᠠ᠋ᠴᠠ ᠡᠷᠢᠬᠦ ᠪᠡᠷ ᠠᠪᠳᠠᠷ᠎ᠠ ᠠᠴᠠ ᠪᠠᠨ ᠡᠷᠢ ᠭᠡᠭᠴᠢ ᠲᠠᠭᠠᠷ ᠢ ᠴᠦ᠍ ᠵᠢᠭᠡᠯᠡᠬᠦ ᠦᠭᠡᠢ ᠮᠥᠨ ᠤᠤᠯ ᠤ᠋ᠨ ᠨᠠᠭ᠎ᠠ ᠪᠠᠷ ᠢ᠋ᠶ᠋ᠠᠨ ᠲᠣᠭᠲᠠᠭᠠᠴᠢᠬᠠᠶᠠ᠃
ᠨᠠᠭᠠᠨᠴᠢᠷ (ᠨᠠᠭ᠎ᠠ ᠶ᠋ᠢᠨ ᠬᠡᠦᠬᠡᠳ)
ᠪᠡᠶ᠎ᠡ ᠪᠠ ᠡᠭᠡᠴᠢ ( ᠥᠬᠢᠨ ᠳᠡᠭᠦᠦ ) ᠬᠣᠶᠠᠷ ᠠ᠋ᠴᠠ ᠭᠠᠷᠤᠭᠰᠠᠨ ᠬᠣᠶᠠᠳᠤᠭᠠᠷ ᠦᠶ᠎ᠡ ᠶ᠋ᠢᠨ ᠬᠡᠦᠬᠡᠳ᠂ ᠮᠥᠨ ᠨᠠᠭ᠎ᠠ ᠠᠬ᠎ᠠ ᠳᠡᠭᠦᠦ ᠶ᠋ᠢᠨ ᠬᠡᠦᠬᠡᠳ ᠬᠣᠭᠣᠷᠣᠨᠳᠣ ᠪᠠᠨ ᠨᠠᠭᠠᠴᠢᠷ ᠠᠬ᠎ᠠ ᠳᠡᠭᠦᠦᠰ ᠪᠣᠯᠤᠨ᠎ᠠ᠃
ᠪᠦᠯᠦᠨᠴᠢᠷ
ᠪᠡᠶ᠎ᠡ᠂ ᠪᠦᠯᠦ ᠶ᠋ᠢᠨ ᠬᠡᠦᠬᠡᠳ ᠢ᠋ ᠪᠦᠯᠦᠨᠴᠢᠷ ᠭᠡᠵᠦ ᠳᠠᠭᠤᠳᠠᠬᠤ ᠪᠠ ᠪᠦᠯᠦ ᠠᠬ᠎ᠠ ᠳᠡᠭᠦᠦᠰ ᠬᠣᠭᠣᠷᠣᠨᠳᠣ ᠪᠠᠨ ᠪᠦᠯᠦᠨᠴᠢᠷ ᠠᠬ᠎ᠠ ᠳᠡᠭᠦᠦ ᠪᠣᠯᠤᠨ᠎ᠠ᠃
ᠠᠴᠢ
ᠠᠬ᠎ᠠ ᠪᠤᠶᠤ ᠳᠡᠭᠦᠦ ᠶ᠋ᠢᠨ ᠬᠡᠦᠬᠡᠳ᠂ ᠥᠪᠡᠷ ᠲᠦ᠍ ᠠᠴᠢ ᠬᠦᠦ ᠪᠣᠯᠤᠨ᠎ᠠ᠃ ᠡᠨᠡ ᠦᠭᠡ ᠶ᠋ᠢᠨ ᠤᠤᠯ ᠤᠳᠬ᠎ᠠ ᠪᠣᠯ ᠤᠳᠤᠮ ᠤᠭᠰᠠᠭ᠎ᠠ ᠳ᠋ᠤ᠌ ᠠᠴᠠ ᠰᠠᠯᠠᠭ᠎ᠠ ᠦᠶ᠎ᠡ ᠭᠠᠷᠤᠯ᠎ᠠ ᠭᠡᠰᠡᠨ ᠤᠳᠬ᠎ᠠ ᠲᠠᠢ ᠁
ᠠᠴᠢ ᠪᠡᠷᠢ
ᠠᠴᠢ ᠬᠦᠦ ᠳ᠋ᠦ᠍ ᠬᠠᠤᠯᠢ ᠶᠣᠰᠣ ᠪᠠᠷ ᠪᠠᠭᠤᠯᠭᠠᠭᠰᠠᠨ ᠥᠭᠡᠷ᠎ᠡ ᠣᠪᠣᠭ ᠤ᠋ᠨ ᠡᠮᠡᠭᠲᠡᠢ᠃
ᠠᠴᠢᠨᠴᠢᠷ
ᠠᠴᠢ ᠬᠦᠦ ᠶ᠋ᠢᠨ ᠬᠦᠦ ᠃ ᠥᠪᠡᠷ ᠦ᠋ᠨ ᠠᠬ᠎ᠠ ᠶ᠋ᠢᠨ ᠣᠴᠢ ᠬᠦᠦ ᠪᠣᠯᠤᠨ᠎ᠠ᠃
ᠠᠴᠢᠨᠴᠢᠷ ᠪᠡᠷᠢ
ᠠᠴᠢᠴᠢᠷ ᠬᠦᠦ ᠶ᠋ᠢᠨ ᠬᠠᠤᠯᠢ ᠶᠣᠰᠣ ᠪᠠᠷ ᠬᠤᠷᠢᠮᠯᠠᠭᠰᠠᠨ ᠪᠡᠷᠢ᠃
ᠵᠢᠭᠡ
ᠡᠭᠡᠴᠢ ᠪᠠ ᠥᠬᠢᠨ ᠳᠡᠭᠦᠦ ᠶ᠋ᠢᠨ ᠬᠡᠦᠬᠡᠳ ᠥᠪᠡᠷ ᠲᠦ᠍ ᠵᠢᠭᠡ ᠪᠣᠯᠤᠨ᠎ᠠ᠃
ᠵᠢᠭᠡ ᠪᠡᠷᠢ
ᠵᠢᠭᠡ ᠬᠦᠦ ᠳ᠋ᠦ᠍ ᠬᠠᠤᠯᠢ ᠶᠣᠰᠣ ᠪᠠᠷ ᠪᠠᠭᠤᠯᠭᠠᠭᠰᠠᠨ ᠪᠡᠷᠢ᠃
ᠵᠢᠭᠡᠨᠴᠢᠷ
ᠵᠢᠭᠡ ᠬᠦᠦ ᠶ᠋ᠢᠨ ᠬᠡᠦᠬᠡᠳ᠃ ᠥᠪᠡᠷ ᠦ᠋ᠨ ᠡᠭᠡᠴᠢ ᠪᠤᠶᠤ ᠥᠬᠢᠨ ᠳᠡᠭᠦᠦ ᠶ᠋ᠢᠨ ᠣᠴᠢ ( ᠣᠮᠪᠣᠯᠣ ) ᠬᠦᠦ ᠪᠣᠯᠤᠨ᠎ᠠ᠃
