ᠬᠥᠬᠡ ᠵᠤᠯᠠ – ᠪᠣᠷᠵᠢᠭᠢᠨ ᠸᠠᠩᠵᠠᠯ - < ᠬᠣᠶᠠᠷ ᠂ ᠲᠥᠷᠥᠯ ᠰᠠᠳᠤᠨ ᠤ ᠳᠠᠭᠤᠳᠠᠯᠭ᠎ᠠ ᠶᠢᠨ ᠪᠦᠯᠦᠭ 7 > Хөх зул – Боржигон Ванжал –" Хоёр ᠂ Төрөл садны дуудлагын бүлэг " 7
ᠬᠣᠶᠠᠷ ᠂ ᠲᠥᠷᠥᠯ ᠰᠠᠳᠤᠨ ᠤ ᠳᠠᠭᠤᠳᠠᠯᠭ᠎ᠠ ᠶᠢᠨ ᠪᠦᠯᠦᠭ - 7
ᠪᠡᠶ᠎ᠡ ᠡᠴᠡ ᠳᠣᠷᠣᠭᠰᠢᠬᠢ ᠭᠣᠣᠯ ᠤᠭᠰᠠᠭ᠎ᠠ ᠶ᠋ᠢᠨ ᠬᠤᠭᠤᠷᠤᠨᠳᠤᠬᠢ ᠳᠠᠭᠤᠳᠠᠯᠭ᠎ᠠ Биеэс дорогших гол угсаагийн хоорондох дуудлага
ᠥᠪᠡᠷ ᠢ᠋ ᠵᠢᠭᠠᠵᠤ ᠪᠣᠢ᠃
ᠪᠡᠷᠢ
ᠥᠪᠡᠷ ᠲᠦ᠍ ᠬᠠᠤᠯᠢ ᠶᠣᠰᠣ ᠪᠠᠷ ᠬᠤᠷᠢᠮᠯᠠᠨ ᠪᠠᠭᠤᠯᠭᠠᠭᠰᠠᠨ ᠪᠤᠰᠤᠳ ᠣᠪᠣᠭ ᠤ᠋ᠨ ᠡᠮᠡᠭᠲᠡᠢ᠃ ᠪᠡᠷᠢ ᠭᠡᠳᠡᠭ ᠦᠭᠡᠨ ᠳ᠋ᠦ᠍ ᠬᠣᠶᠠᠷ ᠵᠦᠢᠯ ᠦ᠋ᠨ ᠤᠳᠬ᠎ᠠ ᠲᠠᠢ᠃
① ᠥᠪᠡᠷ ᠲᠦ᠍ ᠬᠠᠤᠯᠢ ᠪᠠᠷ ᠪᠠᠲᠤᠯᠠᠵᠤ ᠬᠤᠷᠢᠮᠯᠠᠭᠰᠠᠨ ᠭᠡᠷᠭᠡᠢ᠃
② ᠥᠪᠡᠷ ᠡᠴᠡ ᠳᠣᠷᠣᠭᠰᠢᠬᠢ ᠦᠶ᠎ᠡ ᠨᠢᠭᠡᠪᠦᠷᠢ ᠶ᠋ᠢᠨ ᠬᠠᠤᠯᠢ ᠪᠠᠷ ᠬᠤᠷᠢᠮᠯᠠᠵᠤ ᠪᠠᠭᠤᠯᠭᠠᠭᠰᠠᠨ ᠪᠤᠰᠤᠳ ᠣᠪᠣᠭ ᠤ᠋ᠨ ᠥᠬᠢᠳ ᠲᠦ᠍ ᠬᠣᠯᠪᠣᠭᠳᠠᠭᠰᠠᠨ ᠨᠡᠢᠲᠡ ᠳᠤᠮᠳᠠ ᠶ᠋ᠢᠨ ᠨᠢᠭᠡᠨ ᠳᠠᠭᠤᠳᠠᠯᠭ᠎ᠠ ᠃ ᠵᠢᠱ᠌ᠢᠶᠡᠯᠡᠪᠡᠯ : ᠪᠡᠷᠢ ᠂ ᠳᠡᠭᠦᠦ ᠪᠡᠷᠢ ᠂ ᠬᠦᠦ ᠪᠡᠷᠢ ᠁ ᠴᠢᠨᠠᠭᠰᠢᠯᠠᠨ ᠵᠢᠯᠢᠢᠬᠦᠢ ᠪᠡᠷᠢ ᠂ ᠲᠡᠯᠢᠢᠬᠦᠢ ᠪᠡᠷᠢ ᠭᠡᠬᠦ ᠮᠡᠲᠦ᠃ ᠪᠠᠰᠠ ᠡᠮᠡᠭᠲᠡᠢ ᠂ ᠪᠦᠰᠡᠭᠦᠢ ᠂ ᠭᠡᠷᠭᠡᠢ ᠂ ᠡᠬᠡᠨᠡᠷ ( ᠤᠷᠢᠳᠤ ᠬᠠᠭᠠᠳ ᠤ᠋ᠨ ᠰᠤᠯᠠ ᠠ᠋ᠴᠠ ᠬᠦᠦ ᠨᠢ ᠭᠡᠷᠭᠡᠢ ᠪᠣᠯᠭᠠᠨ ᠠᠪᠤᠭᠰᠠᠨ ᠢ᠋ ᠰᠠᠢ ᠡᠬᠡᠨᠡᠷ ᠭᠡᠳᠡᠭ ) ᠃
ᠳᠡᠭᠦᠦ
ᠡᠬᠡ ᠨᠢᠭᠡᠲᠡᠢ ᠪᠤᠶᠤ ᠨᠡᠢᠭᠡᠮ ᠳᠡᠭᠡᠷᠡᠬᠢ ᠪᠡᠶ᠎ᠡ ᠡᠴᠡ ᠨᠠᠰᠤ ᠪᠠᠷ ᠪᠠᠭ᠎ᠠ ᠡᠷᠡᠭᠲᠡᠢ ᠶ᠋ᠢ ᠳᠡᠭᠦᠦ ᠭᠡᠨ᠎ᠡ᠃
ᠲᠥᠷᠥᠭᠰᠡᠨ ᠳᠡᠭᠦᠦ
ᠡᠴᠢᠭᠡ ᠡᠬᠡ ᠨᠢᠭᠡᠲᠡᠢ ᠪᠤᠶᠤ ᠡᠴᠢᠭᠡ ᠨᠢᠭᠡᠲᠡᠢ ᠡᠬᠡ ᠥᠭᠡᠷ᠎ᠡ ᠲᠡᠢ ᠥᠪᠡᠷ ᠡᠴᠡ ᠨᠠᠰᠤ ᠪᠠᠷ ᠪᠠᠭ᠎ᠠ ᠡᠷᠡᠭᠲᠡᠢ ᠶ᠋ᠢ ᠲᠥᠷᠥᠭᠰᠡᠨ ᠳᠡᠭᠦᠦ ᠭᠡᠨ᠎ᠡ ᠃ ᠳᠡᠭᠦᠦ ᠣᠯᠠᠨ ᠪᠣᠯ ᠲᠣᠭ᠎ᠠ ᠪᠤᠶᠤ ᠪᠡᠶ᠎ᠡ ᠪᠠᠢᠳᠠᠯ ᠥᠩᠭᠡ ᠵᠢᠰᠦ ᠵᠠᠩ ᠠᠭᠠᠯᠢ ᠪᠠᠷ ᠨᠢ ᠨᠡᠷᠡᠯᠡᠵᠦ ᠢᠯᠭᠠᠨ᠎ᠠ᠃
ᠳᠡᠭᠦᠦ ᠪᠡᠷᠢ
ᠡᠬᠡ ᠨᠢᠭᠡᠲᠡᠢ ᠳᠡᠭᠦᠦ ᠶ᠋ᠢᠨ ᠬᠤᠷᠢᠮᠯᠠᠨ ᠪᠠᠭᠤᠯᠭᠠᠭᠰᠠᠨ ᠪᠤᠰᠤᠳ ᠣᠪᠣᠭ ᠤ᠋ᠨ ᠡᠮᠡᠭᠲᠡᠢ᠃ ᠣᠯᠠᠨ ᠳᠡᠭᠦᠦ ᠪᠡᠷᠢ ᠲᠡᠢ ᠪᠣᠯ ᠮᠥᠨ ᠲᠣᠭ᠎ᠠ ᠪᠤᠶᠤ ᠪᠡᠶ᠎ᠡ ᠭᠠᠯᠪᠢᠷ ᠵᠢᠰᠦ ᠴᠢᠷᠠᠢ ᠂ ᠵᠠᠩ ᠠᠪᠤᠷᠢ ᠵᠡᠷᠭᠡ ᠪᠡᠷ ᠨᠢ ᠨᠡᠷᠡᠯᠡᠨ ᠳᠠᠭᠤᠳᠠᠨ᠎ᠠ᠃
ᠦᠶᠡᠯᠢᠳ ᠠᠬ᠎ᠠ ᠳᠡᠭᠦᠦ
ᠡᠪᠦᠭᠡ ᠨᠢᠭᠡᠲᠡᠢ ᠠᠬ᠎ᠠ ᠳᠡᠭᠦᠦ ᠠᠬ᠎ᠠ ᠳᠡᠭᠦᠦ ᠬᠣᠶᠠᠷ ᠤ᠋ᠨ ᠬᠡᠦᠬᠡᠳ ᠬᠣᠭᠣᠷᠣᠨᠳᠣ ᠪᠠᠨ ᠦᠶᠡᠯᠢᠳ ᠠᠬ᠎ᠠ ᠳᠡᠭᠦᠦ ᠪᠣᠯᠤᠯᠴᠠᠨ᠎ᠠ ᠃ ᠠᠬ᠎ᠠ ᠳᠡᠭᠦᠦ ᠪᠣᠯᠤᠯᠴᠠᠬᠤ ᠪᠠᠨ ᠨᠠᠰᠤᠨ ᠤ᠋ ᠶᠡᠬᠡ ᠪᠠᠭ᠎ᠠ ᠪᠠᠷ ᠲᠣᠭᠲᠠᠭᠠᠨ᠎ᠠ᠃
ᠦᠶᠡᠯᠢᠳ ᠪᠡᠷᠢᠶᠡᠳ
ᠦᠶᠡᠯᠢᠳ ᠬᠡᠦᠬᠡᠳ ᠲᠦ᠍ ᠬᠠᠤᠯᠢ ᠶᠣᠰᠣ ᠪᠠᠷ ᠬᠤᠷᠢᠮᠯᠠᠭᠰᠠᠨ ᠪᠤᠰᠤᠳ ᠣᠪᠣᠭ ᠤ᠋ᠨ ᠡᠮᠡᠭᠲᠡᠢ᠃ ᠠᠪᠢᠰᠤᠨ ᠠᠵᠢᠨ ᠪᠣᠯᠤᠯᠴᠠᠬᠤ ᠪᠠᠨ ᠨᠠᠰᠤ ᠪᠠᠷ ᠲᠣᠭᠲᠠᠭᠠᠬᠤ ᠪᠢᠰᠢ᠂ ᠬᠠᠷᠢᠨ ᠡᠷ᠎ᠡ ᠪᠡᠨ ᠳᠠᠭᠠᠵᠤ ᠦᠶ᠎ᠡ ᠪᠡᠷ ᠲᠣᠭᠲᠠᠭᠠᠨ᠎ᠠ᠃ ᠵᠢᠱ᠌ᠢᠶᠡᠯᠡᠪᠡᠯ : ᠪᠡᠷᠢ ᠶ᠋ᠢᠨ ᠨᠠᠰᠤ ᠬᠡᠳᠦ ᠶᠡᠬᠡ ᠪᠠᠢᠭᠰᠠᠨ ᠴᠤ᠌ ᠡᠷ᠎ᠡ ᠶ᠋ᠢ ᠳᠠᠭᠠᠵᠤ ᠨᠠᠰᠤ ᠪᠠᠭ᠎ᠠ ᠶ᠋ᠢ ᠴᠦ᠍ ᠠᠬ᠎ᠠ ᠭᠡᠵᠦ ᠳᠠᠭᠤᠳᠠᠨ᠎ᠠ᠃ ᠪᠡᠷᠭᠡᠨ ᠭᠡᠵᠦ ᠳᠠᠭᠤᠳᠠᠬᠤ ᠨᠢ᠂ ᠲᠡᠷᠡ ᠮᠥᠨ ᠡᠷ᠎ᠡ ᠶ᠋ᠢᠨ ᠦᠶ᠎ᠡ ᠶ᠋ᠢ ᠳᠠᠭᠠᠵᠤ ᠨᠠᠰᠤ ᠪᠠᠭ᠎ᠠ ᠴᠤ᠌ ᠪᠡᠷᠭᠡᠨ ᠭᠡᠵᠦ ᠳᠠᠭᠤᠳᠠᠨ᠎ᠠ᠃
ᠬᠠᠶᠠᠯᠢᠳ ᠠᠬ᠎ᠠ ᠳᠡᠭᠦᠦ
ᠡᠯᠦᠨᠴᠡ ᠨᠢᠭᠡᠲᠡᠢ ᠠᠬ᠎ᠠ ᠳᠡᠭᠦᠦ᠃ ᠦᠶᠡᠯᠢᠳ ᠠᠬ᠎ᠠ ᠳᠡᠭᠦᠦ ᠶ᠋ᠢᠨ ᠬᠡᠦᠬᠡᠳ ᠬᠣᠭᠣᠷᠣᠨᠳᠣ ᠪᠠᠨ ᠬᠠᠶᠠᠯᠢᠳ ᠠᠬ᠎ᠠ ᠳᠡᠭᠦᠦ ᠪᠣᠯᠤᠯᠴᠠᠨ᠎ᠠ᠃ ᠠᠬ᠎ᠠ ᠳᠡᠭᠦᠦ ᠪᠣᠯᠤᠯᠴᠠᠬᠤ ᠪᠠᠨ ᠨᠠᠰᠤᠨ ᠤ᠋ ᠶᠡᠬᠡ ᠪᠠᠭ᠎ᠠ ᠪᠠᠷ ᠲᠣᠭᠲᠠᠭᠠᠨ᠎ᠠ᠃
ᠬᠠᠶᠠᠯᠢᠳ ᠪᠡᠷᠢᠶᠡᠳ
ᠬᠠᠶᠠᠯᠢᠳ ᠬᠥᠪᠡᠭᠦᠳ ᠲᠦ᠍ ᠬᠠᠤᠯᠢ ᠶᠣᠰᠣ ᠪᠠᠷ ᠬᠤᠷᠢᠮᠯᠠᠭᠰᠠᠨ ᠪᠤᠰᠤᠳ ᠣᠪᠣᠭ ᠤ᠋ᠨ ᠡᠮᠡᠭᠲᠡᠢᠴᠦᠳ᠃ ᠠᠪᠢᠰᠤᠨ ᠠᠵᠢᠨ ᠪᠣᠯᠤᠯᠴᠠᠬᠤ ᠪᠠᠨ ᠡᠷ᠎ᠡ ᠪᠡᠨ ᠳᠠᠭᠠᠵᠤ ᠦᠶ᠎ᠡ ᠪᠡᠷ ᠲᠣᠭᠲᠠᠭᠠᠨ᠎ᠠ᠃
ᠦᠶ᠎ᠡ ᠠᠬ᠎ᠠ ᠳᠡᠭᠦᠦ
ᠬᠤᠯᠤᠨᠴᠠ ᠨᠢᠭᠡᠲᠡᠢ ᠠᠬ᠎ᠠ ᠳᠡᠭᠦᠦ ᠃ ᠬᠠᠶᠠᠯᠢᠳ ᠠᠬ᠎ᠠ ᠳᠡᠭᠦᠦ ᠶ᠋ᠢᠨ ᠬᠡᠦᠬᠡᠳ ᠬᠣᠭᠣᠷᠣᠨᠳᠣ ᠪᠠᠨ ᠦᠶ᠎ᠡ ᠠᠬ᠎ᠠ ᠳᠡᠭᠦᠣᠰ ᠪᠣᠯᠤᠯᠴᠠᠨ᠎ᠠ᠃
ᠦᠶ᠎ᠡ ᠪᠡᠷᠢᠶᠡᠳ
ᠦᠶ᠎ᠡ ᠬᠥᠪᠡᠭᠦᠨ ᠳ᠋ᠦ᠍ ᠬᠠᠤᠯᠢ ᠶᠣᠰᠣ ᠪᠠᠷ ᠬᠤᠷᠢᠮᠯᠠᠭᠰᠠᠨ ᠪᠤᠰᠤᠳ ᠣᠪᠣᠭ ᠤ᠋ᠨ ᠡᠮᠡᠭᠲᠡᠢ᠃ ᠠᠪᠢᠰᠤᠨ ᠠᠵᠢᠨ ᠢ᠋ᠶ᠋ᠠᠨ ᠲᠣᠭᠲᠠᠭᠠᠬᠤ ᠨᠢ ᠬᠠᠶᠠᠯᠢᠳ ᠪᠡᠷᠢ ᠲᠡᠢ ᠠᠳᠠᠯᠢ ᠶᠣᠰᠣ᠃
ᠬᠠᠶᠠ ᠠᠬ᠎ᠠ ᠳᠡᠭᠦᠦ
ᠡᠯᠦᠨ ᠡᠪᠦᠭᠡ ᠨᠢᠭᠡᠲᠡᠢ ᠠᠬ᠎ᠠ ᠳᠡᠭᠦᠦ᠃ ᠦᠶ᠎ᠡ ᠠᠬ᠎ᠠ ᠳᠡᠭᠦᠦ ᠶ᠋ᠢᠨ ᠬᠡᠦᠬᠡᠳ ᠬᠣᠭᠣᠷᠣᠨᠳᠣ ᠪᠠᠨ ᠬᠠᠶᠠ ᠠᠬ᠎ᠠ ᠳᠡᠭᠦᠦ ᠪᠣᠯᠤᠯᠴᠠᠨ᠎ᠠ᠃
ᠬᠠᠷ᠎ᠠ ᠪᠡᠷᠢᠶᠡᠳ
ᠬᠠᠷ᠎ᠠ ᠬᠥᠪᠡᠭᠦᠳ ᠲᠦ᠍ ᠬᠠᠤᠯᠢ ᠶᠣᠰᠣ ᠪᠠᠷ ᠬᠤᠷᠢᠮᠯᠠᠭᠰᠠᠨ ᠪᠤᠰᠤᠳ ᠣᠪᠣᠭ ᠤ᠋ᠨ ᠡᠮᠡᠭᠲᠡᠢ᠃ ᠠᠪᠢᠰᠤᠨ ᠠᠵᠢᠨ ᠪᠣᠯᠤᠯᠴᠠᠬᠤ ᠪᠠᠨ ᠮᠥᠨ ᠬᠠᠶᠠᠯᠢᠳ ᠪᠡᠷᠢ ᠶ᠋ᠢᠨ ᠶᠣᠰᠣ ᠲᠠᠢ ᠠᠳᠠᠯᠢ᠃
ᠦᠶᠡᠨᠴᠢᠷ ᠠᠬ᠎ᠠ ᠳᠡᠭᠦᠦ
ᠬᠤᠯᠤᠨ ᠡᠪᠦᠭᠡ ᠨᠢᠭᠡᠲᠡᠢ ᠠᠬ᠎ᠠ ᠳᠡᠭᠦᠦ᠃ ᠬᠠᠶᠠ ᠠᠬ᠎ᠠ ᠳᠡᠭᠦᠦ ᠶ᠋ᠢᠨ ᠬᠡᠦᠬᠡᠳ ᠬᠣᠭᠣᠷᠣᠨᠳᠣ ᠪᠠᠨ ᠦᠶᠡᠨᠴᠢᠷ ᠠᠬ᠎ᠠ ᠳᠡᠭᠦᠦ ᠪᠣᠯᠤᠯᠴᠠᠨ᠎ᠠ᠃
ᠦᠶᠡᠨᠴᠢᠷ ᠪᠡᠷᠢᠶᠡᠳ
ᠦᠶᠡᠨᠴᠢᠷ ᠬᠥᠪᠡᠭᠦᠳ ᠲᠦ᠍ ᠬᠠᠤᠯᠢ ᠶᠣᠰᠣ ᠪᠠᠷ ᠬᠤᠷᠢᠮᠯᠠᠭᠰᠠᠨ ᠪᠤᠰᠤᠳ ᠣᠪᠣᠭ ᠤ᠋ᠨ ᠡᠮᠡᠭᠲᠡᠢ᠃ ᠠᠪᠢᠰᠤᠨ ᠠᠵᠢᠨ ᠢ᠋ᠶ᠋ᠠᠨ ᠲᠣᠭᠲᠠᠭᠠᠬᠤ ᠨᠢ ᠮᠥᠨ ᠡᠷᠡᠭᠲᠡᠢ ᠪᠡᠨ ᠳᠠᠭᠠᠵᠤ ᠲᠣᠭᠲᠠᠭᠠᠨ᠎ᠠ᠃
ᠬᠠᠶᠠᠨᠴᠢᠷ ᠠᠬ᠎ᠠ ᠳᠡᠭᠦᠦ
ᠬᠣᠯᠪᠣᠭ᠎ᠠ ᠡᠪᠦᠭᠡ ᠨᠢᠭᠡᠲᠡᠢ ᠠᠬ᠎ᠠ ᠳᠡᠭᠦᠦ᠃ ᠦᠶᠡᠨᠴᠢᠷ ᠠᠬ᠎ᠠ ᠳᠡᠭᠦᠦ ᠶ᠋ᠢᠨ ᠬᠡᠦᠬᠡᠳ ᠬᠣᠭᠣᠷᠣᠨᠳᠣ ᠪᠠᠨ ᠬᠠᠶᠠᠨᠴᠢᠷ ᠠᠬ᠎ᠠ ᠳᠡᠭᠦᠦ ᠪᠣᠯᠤᠯᠴᠠᠨ᠎ᠠ᠃
ᠬᠠᠶᠠᠨᠴᠢᠷ ᠪᠡᠷᠢᠶᠡᠳ
ᠬᠠᠶᠠᠨᠴᠢᠷ ᠬᠥᠪᠡᠭᠦᠳ ᠲᠦ᠍ ᠬᠠᠤᠯᠢ ᠶᠣᠰᠣ ᠪᠠᠷ ᠬᠤᠷᠢᠮᠯᠠᠭᠰᠠᠨ ᠪᠤᠰᠤᠳ ᠣᠪᠣᠭ ᠤ᠋ᠨ ᠡᠮᠡᠭᠲᠡᠢ᠃ ᠠᠪᠢᠰᠤᠨ ᠠᠵᠢᠨ ᠢ᠋ᠶ᠋ᠠᠨ ᠲᠣᠭᠲᠠᠭᠠᠬᠤ ᠨᠢ ᠬᠠᠶᠠᠯᠢᠳ ᠪᠡᠷᠢ ᠲᠡᠢ ᠠᠳᠠᠯᠢ ᠲᠣᠭᠲᠠᠭᠠᠨ᠎ᠠ᠃
ᠲᠥᠷᠥᠯ ᠦ᠋ᠨ ᠠᠬ᠎ᠠ ᠳᠡᠭᠦᠦ
ᠥᠨᠳᠥᠷ ᠡᠪᠦᠭᠡ ᠨᠢᠭᠡᠲᠡᠢ ᠠᠬ᠎ᠠ ᠳᠡᠭᠦᠦ᠃ ᠬᠠᠶᠠᠨᠴᠢᠷ ᠠᠬ᠎ᠠ ᠳᠡᠭᠦᠦ ᠶ᠋ᠢᠨ ᠬᠡᠦᠬᠡᠳ ᠬᠣᠭᠣᠷᠣᠨᠳᠣ ᠪᠠᠨ ᠲᠥᠷᠥᠯ ᠦ᠋ᠨ ᠠᠬ᠎ᠠ ᠳᠡᠭᠦᠦ ᠪᠣᠯᠤᠯᠴᠠᠨ᠎ᠠ᠃
ᠲᠥᠷᠥᠯ ᠦ᠋ᠨ ᠪᠡᠷᠢᠶᠡᠳ
ᠲᠥᠷᠥᠯ ᠦ᠋ᠨ ᠬᠥᠪᠡᠭᠦᠳ ᠲᠦ᠍ ᠬᠠᠤᠯᠢ ᠶᠣᠰᠣ ᠪᠠᠷ ᠬᠤᠷᠢᠮᠯᠠᠭᠰᠠᠨ ᠪᠤᠰᠤᠳ ᠣᠪᠣᠭ ᠤ᠋ᠨ ᠡᠮᠡᠭᠲᠡᠢ᠃ ᠠᠪᠢᠰᠤᠨ ᠠᠵᠢᠨ ᠪᠣᠯᠤᠯᠴᠠᠬᠤ ᠨᠢ ᠮᠥᠨ ᠬᠠᠶᠠᠯᠢᠳ ᠪᠡᠷᠢ ᠶ᠋ᠢᠨ ᠶᠣᠰᠣ ᠲᠠᠢ ᠠᠳᠠᠯᠢ᠃
ᠠᠢᠮᠠᠭ ᠤ᠋ᠨ ᠠᠬ᠎ᠠ ᠳᠡᠭᠦᠦ
ᠤᠭ ᠳᠡᠭᠡᠳᠦᠰ ᠨᠢᠭᠡᠲᠡᠢ ᠠᠬ᠎ᠠ ᠳᠡᠭᠦᠦᠰ᠃ ᠲᠥᠷᠥᠯ ᠦ᠋ᠨ ᠠᠬ᠎ᠠ ᠳᠡᠭᠦᠦ ᠨᠠᠷ ᠤ᠋ᠨ ᠬᠡᠦᠬᠡᠳ ᠬᠣᠭᠣᠷᠣᠨᠳᠣ ᠪᠠᠨ ᠠᠢᠮᠠᠭ ᠤ᠋ᠨ ᠠᠬ᠎ᠠ ᠳᠡᠭᠦᠦ ᠪᠣᠯᠤᠯᠴᠠᠨ᠎ᠠ᠃
ᠠᠢᠮᠠᠭ ᠤ᠋ᠨ ᠪᠡᠷᠢᠶᠡᠳ
ᠠᠢᠮᠠᠭ ᠤ᠋ᠨ ᠬᠥᠪᠡᠭᠦᠳ ᠲᠦ᠍ ᠬᠠᠤᠯᠢ ᠶᠣᠰᠣ ᠪᠠᠷ ᠬᠤᠷᠢᠮᠯᠠᠭᠰᠠᠨ ᠪᠤᠰᠤᠳ ᠣᠪᠣᠭ ᠤ᠋ᠨ ᠡᠮᠡᠭᠲᠡᠢ᠃ ᠬᠣᠯᠠ ᠲᠥᠷᠥᠯ ᠦ᠋ᠨ ᠪᠡᠷᠢᠶᠡᠳ ᠪᠣᠯᠤᠨ᠎ᠠ᠃
