ᠬᠥᠬᠡ ᠵᠤᠯᠠ – ᠪᠣᠷᠵᠢᠭᠢᠨ ᠸᠠᠩᠵᠠᠯ - < ᠬᠣᠶᠠᠷ ᠂ ᠲᠥᠷᠥᠯ ᠰᠠᠳᠤᠨ ᠤ ᠳᠠᠭᠤᠳᠠᠯᠭ᠎ᠠ ᠶᠢᠨ ᠪᠦᠯᠦᠭ 6 > Хөх зул – Боржигон Ванжал –" Хоёр ᠂ Төрөл садны дуудлагын бүлэг " 6
ᠬᠣᠶᠠᠷ ᠂ ᠲᠥᠷᠥᠯ ᠰᠠᠳᠤᠨ ᠤ ᠳᠠᠭᠤᠳᠠᠯᠭ᠎ᠠ ᠶᠢᠨ ᠪᠦᠯᠦᠭ - 6
ᠡᠬᠡ ᠶᠢᠨ ᠲᠠᠯ᠎ᠠ ᠶᠢᠨ ᠲᠥᠷᠥᠯ ᠦᠨ ᠬᠤᠭᠤᠷᠤᠨᠳᠤᠬᠢ ᠳᠠᠭᠤᠳᠠᠯᠭ᠎ᠠ Эхийн талын төрлийн хоорондох дуудлага
ᠡᠬᠡ ᠲᠡᠢ ᠬᠦᠢ ᠨᠢᠭᠡᠲᠡᠢ ᠡᠷᠡᠭᠲᠡᠢ ᠬᠥᠮᠦᠨ ᠃ ᠨᠠᠭᠠᠴᠤ ᠭᠡᠳᠡᠭ ᠦᠭᠡ ᠮᠥᠨ ᠠᠪᠠᠭ᠎ᠠ ᠲᠠᠢ ᠠᠳᠠᠯᠢ ᠡᠬᠡ ᠶ᠋ᠢᠨ ᠲᠠᠯ᠎ᠠ ᠶ᠋ᠢᠨ ᠳᠡᠭᠡᠷ᠎ᠡ ᠨᠢᠭᠡ ᠦᠶ᠎ᠡ ᠶ᠋ᠢ ᠵᠢᠭᠠᠭᠰᠠᠨ ᠨᠡᠷᠡᠢᠳᠦᠯ ᠃ ᠡᠬᠡ ᠡᠴᠡ ᠠᠬ᠎ᠠ ᠶ᠋ᠢ ᠨᠢ ᠶᠡᠬᠡ ᠨᠠᠭᠠᠴᠤ ᠭᠡᠵᠦ ᠂ ᠡᠬᠡ ᠡᠴᠡ ᠳᠡᠭᠦᠦ ᠶ᠋ᠢ ᠨᠢ ᠪᠠᠭ᠎ᠠ ᠨᠠᠭᠠᠴᠤ ᠭᠡᠨ᠎ᠡ ᠃ ᠬᠡᠷᠪᠡ ᠬᠡᠳᠦ ᠬᠡᠳᠦᠨ ᠶᠡᠬᠡ ᠪᠤᠶᠤ ᠪᠠᠭ᠎ᠠ ᠨᠠᠭᠠᠴᠤ ᠪᠠᠢᠪᠠᠯ ᠂ ᠲᠡᠳᠡ ᠨᠠᠷ ᠤ᠋ᠨ ᠢᠯᠭᠠᠭ᠎ᠠ ᠶ᠋ᠢ ᠲᠣᠭ᠎ᠠ ᠪᠤᠶᠤ ᠶᠠᠮᠠᠷ ᠨᠢᠭᠡᠨ ᠣᠨᠴᠠᠯᠢᠭ ᠢ᠋ᠶ᠋ᠠᠷ ᠨᠢ ᠨᠡᠷᠡᠯᠡᠵᠦ ᠢᠯᠭᠠᠨ ᠳᠠᠭᠤᠳᠠᠨ᠎ᠠ ᠃
ᠨᠠᠭᠠᠴᠤ ᠪᠡᠷᠭᠡᠨ
ᠨᠠᠭᠠᠴᠤ ᠲᠠᠢ ᠬᠠᠤᠯᠢ ᠶᠣᠰᠣ ᠪᠠᠷ ᠬᠤᠷᠢᠮᠯᠠᠨ ᠰᠠᠭᠤᠭᠰᠠᠨ ᠬᠥᠮᠦᠨ ᠃ ᠡᠬᠡ ᠶ᠋ᠢᠨ ᠪᠡᠷᠭᠡᠨ ᠨᠢ ᠪᠣᠯᠤᠨ᠎ᠠ᠃
ᠨᠠᠭᠠᠴᠤ ᠠᠪᠤ
ᠡᠬᠡ ᠶ᠋ᠢᠨ ᠡᠴᠢᠭᠡ ᠶ᠋ᠢ ᠬᠡᠯᠡᠨ᠎ᠡ᠃ ᠪᠠᠰᠠ ᠨᠠᠭ᠎ᠠ ᠠᠪᠤ ᠭᠡᠳᠡᠭ᠃ ᠡᠨᠡ ᠪᠣᠯ ᠨᠠᠭ᠎ᠠ ᠨᠢ 《ᠴᠦ᠍ 》ᠦᠭᠡᠢ ᠲᠡᠢᠮᠦ ᠡᠴᠡ ᠲᠠᠭᠠᠷᠠᠨ᠎ᠠ᠃ ᠨᠠᠬᠠ ᠶᠧ ᠶᠧ ᠭᠡᠵᠦ ᠳᠠᠭᠤᠳᠠᠵᠤ ᠪᠠᠢᠭ᠎ᠠ ᠪᠣᠯ ᠬᠠᠯᠭᠤᠤ ᠳᠠᠭᠤᠳᠠᠯᠭ᠎ᠠ ᠃ ᠤᠴᠢᠷ ᠨᠢ ᠨᠠᠭᠠᠴᠤ ᠭᠡᠳᠡᠭ ᠦᠭᠡ ᠂ ᠠᠪᠤ ᠭᠡᠰᠡᠨ ᠳᠡᠭᠡᠷ᠎ᠡ ᠨᠢᠭᠡ ᠦᠶ᠎ᠡ ᠶ᠋ᠢ ᠠᠬᠢᠨ ᠨᠢᠭᠡ ᠦᠶ᠎ᠡ ᠳᠡᠭᠡᠭᠰᠢᠯᠡᠭᠦᠯᠦᠭᠰᠡᠨ ᠳ᠋ᠦ᠍ ᠣᠷᠣᠰᠢᠨ᠎ᠠ᠃
ᠨᠠᠭᠠᠴᠤ ᠡᠬᠡ
ᠡᠬᠡ ᠶ᠋ᠢᠨ ᠡᠬᠡ ᠪᠣᠯᠤᠨ᠎ᠠ᠃ ᠪᠠᠰᠠ ᠨᠠᠭ᠎ᠠ ᠡᠵᠢ ᠭᠡᠳᠡᠭ ᠃ ᠤᠴᠢᠷ ᠶᠣᠰᠣ ᠨᠢ ᠨᠠᠭᠠᠴᠤ ᠠᠪᠤ ᠶ᠋ᠢᠨ ᠬᠢ ᠲᠡᠢ ᠠᠳᠠᠯᠢ ᠃
ᠨᠠᠭᠠᠴᠤ ᠡᠪᠦᠭᠡ
ᠡᠬᠡ ᠶ᠋ᠢᠨ ᠡᠪᠦᠭᠡ ᠨᠢ ᠪᠣᠯᠤᠨ᠎ᠠ ᠃ ᠥᠪᠡᠷ ᠲᠦ᠍ ᠨᠠᠭᠠᠴᠤ ᠡᠪᠦᠭᠡ ᠪᠣᠯᠤᠨ᠎ᠠ ᠃ ᠶᠣᠰᠣ ᠨᠢ ᠮᠥᠨ ᠨᠠᠭᠠᠴᠤ ᠭᠡᠳᠡᠭ ᠦᠭᠡ ᠨᠢᠭᠡ ᠦᠶ᠎ᠡ ᠶ᠋ᠢ ᠳᠡᠭᠡᠭᠰᠢᠯᠡᠭᠦᠯᠵᠡᠢ᠃
ᠨᠠᠭᠠᠴᠤ ᠡᠮᠡᠭᠡ
ᠡᠬᠡ ᠶ᠋ᠢᠨ ᠡᠮᠡᠭᠡ ᠡᠬᠡ ᠪᠣᠯᠤᠨ᠎ᠠ ᠃ ᠥᠪᠡᠷ ᠲᠦ᠍ ᠨᠠᠭᠠᠴᠤ ᠡᠮᠡᠭᠡ ᠪᠣᠯᠤᠨ᠎ᠠ ᠃ ᠶᠣᠰᠣ ᠨᠢ ᠮᠥᠨ ᠳᠡᠭᠡᠷᠡᠬᠢ ᠲᠡᠢ ᠠᠳᠠᠯᠢ᠃
ᠡᠭᠦᠨᠴᠢᠯᠡᠨ ᠴᠠᠭᠠᠰᠢ ᠨᠠᠭᠠᠴᠤ ᠡᠯᠦᠨᠴᠡ ᠡᠴᠡ ᠥᠨᠳᠥᠷ ᠡᠪᠦᠭᠡ ᠂ ᠳᠡᠭᠡᠳᠦᠰ ᠬᠦᠷᠲᠡᠯᠡᠬᠢ ᠶ᠋ᠢ ᠨᠠᠷᠢᠨ ᠲᠡᠮᠳᠡᠭᠯᠡᠬᠦ ᠦᠭᠡᠢ ᠴᠦ᠍ ᠤᠩᠰᠢᠭᠴᠢ ᠮᠢᠨᠢ ᠮᠡᠳᠡᠵᠦ ᠪᠣᠯᠬᠤ ᠶ᠋ᠢᠨ ᠤᠴᠢᠷ ᠨᠤᠷᠰᠢᠬᠤ ᠪᠠᠨ ᠪᠣᠯᠢᠶ᠎ᠠ ᠃
ᠨᠠᠭᠠᠴᠤ ᠡᠭᠡᠴᠢ
ᠡᠬᠡ ᠶ᠋ᠢᠨ ᠡᠭᠡᠴᠢ ᠪᠤᠶᠤ ᠥᠬᠢᠨ ᠳᠡᠭᠦᠦ ᠨᠢ ᠪᠣᠯᠤᠨ᠎ᠠ ᠃ ᠥᠪᠡᠷ ᠲᠦ᠍ ᠨᠠᠭᠠᠴᠤ ᠡᠭᠡᠴᠢ ᠪᠣᠯᠤᠨ᠎ᠠ᠃
ᠨᠠᠭᠠᠴᠤ ᠬᠦᠷᠭᠡᠨ ᠠᠬ᠎ᠠ
ᠨᠠᠭᠠᠴᠤ ᠡᠭᠡᠴᠢ ᠶ᠋ᠢᠨ ᠬᠦᠷᠭᠡᠨ ᠃ ᠡᠬᠡ ᠶ᠋ᠢᠨ ᠳᠡᠭᠦᠦ ᠬᠦᠷᠭᠡᠨ᠃
