ᠬᠥᠬᠡ ᠵᠤᠯᠠ – ᠪᠣᠷᠵᠢᠭᠢᠨ ᠸᠠᠩᠵᠠᠯ - < ᠬᠣᠶᠠᠷ ᠂ ᠲᠥᠷᠥᠯ ᠰᠠᠳᠤᠨ ᠤ ᠳᠠᠭᠤᠳᠠᠯᠭ᠎ᠠ ᠶᠢᠨ ᠪᠦᠯᠦᠭ 5 > Хөх зул – Боржигон Ванжал –" Хоёр ᠂ Төрөл садны дуудлагын бүлэг " 5
ᠬᠣᠶᠠᠷ ᠂ ᠲᠥᠷᠥᠯ ᠰᠠᠳᠤᠨ ᠤ ᠳᠠᠭᠤᠳᠠᠯᠭ᠎ᠠ ᠶᠢᠨ ᠪᠦᠯᠦᠭ – 5
ᠪᠡᠶ᠎ᠡ ᠡᠴᠡ ᠬᠥᠨᠳᠡᠯᠡᠨ ᠦᠶ᠎ᠡ Биеэс хөндлөн үе
ᠪᠡᠶ᠎ᠡ
ᠥᠪᠡᠷ ᠢ᠋ ᠵᠢᠭᠠᠵᠤ ᠪᠣᠢ᠃ ᠥᠪᠡᠷ ᠭᠡᠭᠴᠢ ᠮᠣᠩᠭᠣᠯ ᠤ᠋ᠨ ᠦᠶ᠎ᠡ ᠳᠠᠭᠤᠳᠠᠯᠭ᠎ᠠ – ᠳᠡᠭᠡᠭᠰᠢ ᠳᠣᠷᠣᠭᠰᠢ 19 ᠦᠶ᠎ᠡ ᠶ᠋ᠢᠨ ᠲᠥᠪ ᠳᠤᠮᠳᠠᠬᠢ ᠦᠶ᠎ᠡ ᠳ᠋ᠦ᠍ ᠣᠨᠣᠭᠳᠠᠬᠤ ᠬᠥᠮᠦᠨ ᠢ᠋ ᠬᠡᠯᠡᠵᠦ ᠪᠣᠢ᠃
ᠠᠬ᠎ᠠ
ᠨᠢᠭᠡ ᠡᠬᠡ ᠡᠴᠡ ᠲᠥᠷᠥᠭᠰᠡᠨ(ᠡᠰᠡᠬᠦᠯ᠎ᠡ ᠡᠴᠢᠭᠡ ᠨᠢᠭᠡᠲᠡᠢ ᠡᠬᠡ ᠥᠭᠡᠷ᠎ᠡ ᠪᠤᠶᠤ ᠡᠬᠡ ᠨᠢᠭᠡᠲᠡᠢ ᠡᠴᠢᠭᠡ ᠥᠭᠡᠷ᠎ᠡ )ᠪᠥᠭᠡᠳ ᠪᠡᠶ᠎ᠡ ᠡᠴᠡ ᠨᠠᠰᠤ ᠪᠠᠷ ᠶᠡᠬᠡ ᠡᠷᠡᠭᠲᠡᠢ ᠶ᠋ᠢ ᠠᠬ᠎ᠠ ᠭᠡᠳᠡᠭ᠃
ᠲᠥᠷᠥᠭᠰᠡᠨ ᠠᠬ᠎ᠠ
ᠡᠷᠬᠡᠪᠰᠢ ᠨᠢᠭᠡ ᠡᠴᠢᠭᠡ ᠡᠬᠡ ᠡᠴᠡ ᠲᠥᠷᠥᠭᠰᠡᠨ ᠠᠬ᠎ᠠ ᠳᠡᠭᠦᠦ ᠪᠥᠭᠡᠳ ᠨᠠᠰᠤ ᠪᠠᠷ ᠶᠡᠬᠡ ᠡᠷᠡᠭᠲᠡᠢ ᠶ᠋ᠢ ᠲᠥᠷᠥᠭᠰᠡᠨ ᠠᠬ᠎ᠠ ᠭᠡᠨ᠎ᠡ᠃
ᠡᠨᠡ ᠬᠦ᠌ ᠭᠣᠣᠯ ᠲᠥᠷᠥᠯ ᠦ᠋ᠨ ᠠᠬ᠎ᠠ ᠳᠡᠭᠦᠦ ᠡᠴᠡ ᠭᠠᠳᠠᠨ᠎ᠠ ᠪᠠᠰᠠ ᠡᠳᠦᠢ ᠲᠡᠳᠦᠢ ᠠᠬ᠎ᠠ ᠳᠡᠭᠦᠦ ᠪᠣᠢ᠃
ᠬᠠᠳᠠᠮ ᠠᠬ᠎ᠠ ᠄ ᠭᠡᠷᠭᠡᠢ ᠶ᠋ᠢᠨ ᠠᠬ᠎ᠠ ᠃
ᠵᠢᠷᠤᠮ ᠤ᠋ᠨ ᠠᠬ᠎ᠠ – ᠴᠢᠰᠤ ᠪᠠᠨ ᠤᠤᠭᠤᠵᠤ ᠠᠳᠠᠭᠠᠢᠯᠠᠭᠰᠠᠨ ᠥᠭᠡᠷ᠎ᠡ ᠣᠪᠣᠭ ᠤ᠋ᠨ ᠠᠨᠳᠠ ᠃
ᠡᠩ ᠦ᠋ᠨ ᠠᠬ᠎ᠠ – ᠠᠢᠯ ᠠᠢᠮᠠᠭ᠂ ᠲᠠᠨᠢᠯ ᠳᠠᠰᠤᠯ ᠪᠣᠯᠤᠭᠰᠠᠨ ᠨᠡᠢᠭᠡᠮ ᠳᠡᠭᠡᠷᠡᠬᠢ ᠨᠠᠰᠤ ᠪᠠᠷ ᠶᠡᠬᠡ ᠡᠷᠡᠭᠲᠡᠢ᠃
ᠪᠡᠷᠭᠡᠨ(ᠪᠡᠷᠭᠡᠢ)
ᠠᠬ᠎ᠠ ᠶ᠋ᠢᠨ ᠪᠦᠰᠡᠭᠦᠢ ᠂ ᠪᠡᠷᠭᠡᠨ ᠭᠡᠳᠡᠭ ᠦᠭᠡᠨ ᠳ᠋ᠦ᠍᠂ ① ᠠᠬ᠎ᠠ ᠶ᠋ᠢᠨ ᠪᠦᠰᠡᠭᠦᠢ ᠭᠡᠰᠡᠨ ᠭᠣᠣᠯ ᠤᠳᠬ᠎ᠠ ᠲᠠᠢ ᠃ ② ᠪᠡᠶ᠎ᠡ ᠦᠶ᠎ᠡ ᠡᠴᠡ ᠳᠡᠭᠡᠭᠰᠢᠬᠢ ᠣᠯᠠᠨ ᠦᠶ᠎ᠡ ᠶ᠋ᠢᠨ ᠪᠤᠰᠤᠳ ᠣᠪᠣᠭ ᠠ᠋ᠴᠠ ᠪᠠᠭᠤᠯᠭᠠᠨ ᠠᠪᠤᠭᠰᠠᠨ ᠬᠥᠨᠳᠡᠯᠡᠨ ᠦᠶ᠎ᠡ ᠶ᠋ᠢᠨ ᠡᠮᠡᠭᠲᠡᠢᠴᠦᠳ ᠦ᠋ᠨ ᠨᠡᠢᠲᠡ ᠳᠤᠮᠳᠠ ᠶ᠋ᠢᠨ ᠳᠠᠭᠤᠳᠠᠯᠭ᠎ᠠ ᠪᠣᠯᠤᠭᠰᠠᠨ ᠪᠠᠰᠠ ᠨᠢᠭᠡ ᠤᠳᠬ᠎ᠠ ᠪᠣᠢ᠃ ᠵᠢᠱ᠌ᠢᠶᠡᠯᠡᠪᠡᠯ : ᠪᠡᠷᠭᠡᠨ᠂ ᠠᠪᠠᠭ᠎ᠠ ᠪᠡᠷᠭᠡᠨ᠂ ᠠᠪᠠᠭ᠎ᠠ ᠪᠡᠷᠭᠡᠨ ᠡᠬᠡ ( ᠳᠥᠭᠥᠮᠴᠢᠯᠡᠭᠡᠳ ᠠᠪᠠᠭ᠎ᠠ ᠡᠬᠡ ᠭᠡᠵᠦ ᠳᠠᠭᠤᠳᠠᠳᠠᠭ ᠃ ᠡᠮᠡᠭᠡ ᠲᠡᠢ ᠠᠪᠢᠰᠤᠨ ᠠᠵᠢᠨ ᠪᠣᠯᠬᠤ ) ᠭᠡᠬᠦ ᠮᠡᠲᠦ᠃
ᠠᠪᠠᠭ᠎ᠠ
ᠡᠴᠢᠭᠡ ᠯᠦ᠍ᠭᠡ ᠬᠡᠪᠡᠯᠢ ᠨᠢᠭᠡᠲᠡᠨ ᠬᠡᠬᠡᠢ ᠭᠠᠭᠴᠠᠳᠠᠨ ᠠᠬ᠎ᠠ ᠳᠡᠭᠦᠦ ᠪᠣᠯᠠᠢ᠃ ᠠᠪᠠᠭ᠎ᠠ ᠭᠡᠳᠡᠭ ᠦᠭᠡᠨ ᠳ᠋ᠦ᠍ ᠂ ① ᠡᠴᠢᠭᠡ ᠲᠡᠢ ᠨᠢᠭᠡ ᠡᠬᠡ ᠡᠴᠡ ᠲᠥᠷᠥᠭᠰᠡᠨ ᠠᠬ᠎ᠠ ᠳᠡᠭᠦᠦ ᠦᠶ᠎ᠡ ᠶ᠋ᠢᠨ ᠬᠢᠨ ᠭᠡᠰᠡᠨ ᠭᠣᠣᠯ ᠤᠳᠬ᠎ᠠ ᠲᠠᠢ ᠃ ② ᠠᠪᠠᠭ᠎ᠠ ᠭᠡᠰᠡᠨ ᠦᠭᠡ ᠡᠴᠢᠭᠡ ᠶ᠋ᠢᠨ ᠲᠠᠯ᠎ᠠ ᠶ᠋ᠢᠨ ᠳᠡᠭᠡᠷ᠎ᠡ ᠨᠢᠭᠡ ᠦᠶ᠎ᠡ ᠶ᠋ᠢ ᠵᠢᠭᠠᠭᠰᠠᠨ ᠥᠪᠡᠷᠮᠢᠴᠡ ᠤᠳᠬ᠎ᠠ ᠲᠠᠢ ᠦᠭᠡ᠃ ᠵᠢᠱ᠌ᠢᠶᠡᠯᠡᠪᠡᠯ : ᠶᠡᠬᠡ ᠠᠪᠠᠭ᠎ᠠ ᠂ ᠶᠡᠬᠡ ᠠᠪᠠᠭ᠎ᠠ ᠪᠡᠷᠭᠡᠨ ᠲᠡᠢ ᠢᠷᠡᠯ᠎ᠡ ᠭᠡᠪᠡᠯ ᠡᠴᠢᠭᠡ ᠶ᠋ᠢᠨ ᠠᠬ᠎ᠠ ᠪᠦᠰᠡᠭᠦᠢ ᠲᠡᠢ ᠪᠡᠨ ᠬᠠᠮᠲᠤ ᠢᠷᠡᠵᠦ ᠭᠡᠵᠦ ᠣᠢᠯᠠᠭᠠᠬᠤ ᠃ ᠪᠠᠭ᠎ᠠ ᠠᠪᠠᠭ᠎ᠠ ᠡᠴᠢᠭᠡ ᠢᠷᠡᠯ᠎ᠡ ᠭᠡᠪᠡᠯ ᠂ ᠡᠪᠦᠭᠡ ᠶ᠋ᠢᠨ ᠳᠡᠭᠦᠦ ᠢᠷᠡᠵᠦ ᠪᠠᠢᠨ᠎ᠠ ᠭᠡᠵᠦ ᠮᠡᠳᠡᠬᠦ ᠶ᠋ᠢ ᠰᠢᠨᠵᠢᠮᠦ ᠃ ᠡᠭᠦᠨ᠎ᠡ ᠠᠪᠠᠭ᠎ᠠ ᠭᠡᠳᠡᠭ᠂ ᠳᠡᠭᠡᠷ᠎ᠡ ᠨᠢᠭᠡ ᠦᠶ᠎ᠡ ᠵᠢᠭᠠᠭᠰᠠᠨ ᠦᠭᠡᠨ ᠳ᠋ᠦ᠍ ᠡᠴᠢᠭᠡ ᠭᠡᠳᠡᠭ ᠮᠥᠨ ᠬᠦ᠌ ᠳᠡᠭᠡᠷ᠎ᠡ ᠨᠢᠭᠡ ᠦᠶ᠎ᠡ ᠶ᠋ᠢ ᠵᠢᠭᠠᠭᠰᠠᠨ ᠦᠭᠡ ᠶ᠋ᠢ ᠨᠡᠮᠡᠵᠦ ᠳᠡᠭᠡᠷ᠎ᠡ ᠬᠣᠶᠠᠷ ᠦᠶ᠎ᠡ ᠶ᠋ᠢᠨ ᠬᠥᠮᠦᠨ ᠬᠥᠨᠳᠡᠯᠡᠨ ᠬᠠᠷᠢᠴᠠᠭ᠎ᠠ ᠶ᠋ᠢᠨ ᠳᠠᠭᠤᠳᠠᠯᠭ᠎ᠠ ᠶ᠋ᠢ ᠪᠦᠲᠦᠭᠡᠭᠰᠡᠨ ᠶᠦᠮ ᠃ ᠡᠢᠨ ᠬᠦ᠌ ᠠᠪᠠᠭ᠎ᠠ ᠭᠡᠳᠡᠭ ᠦᠭᠡ ᠲᠡᠢ ᠬᠣᠯᠪᠣᠭ᠎ᠠ ᠦᠭᠡ ᠪᠦᠲᠦᠭᠡᠭᠰᠡᠨ ᠡᠴᠢᠭᠡ ᠡᠴᠡ ᠳᠡᠭᠡᠭᠰᠢᠬᠢ ᠦᠶ᠎ᠡ ᠨᠢᠭᠡ ᠪᠦᠷᠢ ᠶ᠋ᠢᠨ ᠨᠡᠷ᠎ᠡ ᠂ ᠪᠦᠷ ᠨᠢᠭᠡ ᠦᠶ᠎ᠡ ᠠᠬᠢᠵᠤ ᠳᠠᠭᠤᠳᠠᠭᠳᠠᠨ᠎ᠠ ᠃ ᠵᠢᠱ᠌ᠢᠶᠡᠯᠡᠪᠡᠯ : ᠠᠪᠠᠭ᠎ᠠ ᠡᠪᠦᠭᠡ ( ᠡᠯᠦᠨᠴᠡ ᠶ᠋ᠢᠨ ᠠᠬ᠎ᠠ ᠪᠤᠶᠤ ᠳᠡᠭᠦᠦ ) ᠂ ᠠᠪᠠᠭ᠎ᠠ ᠡᠯᠦᠨᠴᠡ( ᠬᠤᠯᠤᠨᠴᠠ ᠶ᠋ᠢᠨ ᠠᠬ᠎ᠠ ᠪᠤᠶᠤ ᠳᠡᠭᠦᠦ) ᠭᠡᠬᠦ ᠮᠡᠲᠦ ᠃ ③ ᠶᠡᠬᠡ ᠡᠠᠪᠠᠭᠠ ᠄ ᠡᠴᠢᠭᠡ ᠲᠡᠢ ᠨᠢᠭᠡ ᠡᠬᠡ ᠡᠴᠡ ᠲᠥᠷᠥᠭᠰᠡᠨ ᠪᠥᠭᠡᠳ ᠡᠴᠢᠭᠡ ᠡᠴᠡ ᠨᠠᠰᠤ ᠪᠠᠷ ᠶᠡᠬᠡ ᠶ᠋ᠢ ᠨᠢ ᠶᠡᠬᠡ ᠠᠪᠠᠭ᠎ᠠ ᠭᠡᠵᠦ ᠳᠠᠭᠤᠳᠠᠨ᠎ᠠ ᠃ ᠪᠠᠭ᠎ᠠ ᠠᠪᠠᠭ᠎ᠠ ᠄ ᠡᠴᠢᠭᠡ ᠲᠡᠢ ᠡᠬᠡ ᠨᠢᠭᠡᠲᠡᠢ ᠪᠥᠭᠡᠳ ᠡᠴᠢᠭᠡ ᠡᠴᠡ ᠨᠠᠰᠤ ᠪᠠᠷ ᠪᠠᠭ᠎ᠠ ᠶ᠋ᠢ ᠨᠢ ᠪᠠᠭ᠎ᠠ ᠠᠪᠠᠭ᠎ᠠ ᠭᠡᠨ᠎ᠡ ᠃ ᠬᠡᠷᠪᠡ ᠬᠡᠳᠦ ᠬᠡᠳᠦᠨ ᠶᠡᠬᠡ ᠪᠤᠶᠤ ᠪᠠᠭ᠎ᠠ ᠠᠪᠠᠭ᠎ᠠ ᠲᠠᠢ ᠪᠣᠯ ᠲᠡᠳᠡ ᠨᠠᠷ ᠢ᠋ ᠬᠣᠭᠣᠷᠣᠨᠳᠣ ᠨᠢ ᠲᠣᠭ᠎ᠠ ᠪᠠᠷ ᠪᠤᠶᠤ ᠪᠡᠶ᠎ᠡ ᠪᠠᠢᠳᠠᠯ ᠂ ᠵᠢᠰᠦ ᠥᠩᠭᠡ ᠂ ᠵᠠᠩ ᠠᠭᠠᠯᠢ ᠵᠡᠷᠭᠡ ᠁ ᠪᠡᠷ ᠨᠢ ᠨᠡᠷᠡᠯᠡᠨ ᠢᠯᠭᠠᠵᠤ ᠳᠠᠭᠤᠳᠠᠳᠠᠭ ᠃ ᠵᠢᠱ᠌ᠢᠶᠡᠯᠡᠪᠡᠯ : ᠭᠤᠷᠪᠠᠳᠤᠭᠠᠷ ᠪᠠᠭ᠎ᠠ ᠠᠪᠠᠭ᠎ᠠ ᠃ ᠥᠨᠳᠥᠷ ᠠᠪᠠᠭ᠎ᠠ ᠂ ᠰᠢᠷᠠᠮᠠᠨ ᠠᠪᠠᠭ᠎ᠠ ᠂ ᠨᠣᠮᠣᠬᠠᠨ ᠠᠪᠠᠭ᠎ᠠ ᠭᠡᠬᠦ ᠮᠡᠲᠦ᠃
ᠠᠪᠠᠭ᠎ᠠ ᠪᠡᠷᠭᠡᠨ
ᠠᠪᠠᠭ᠎ᠠ ᠶ᠋ᠢᠨ ᠪᠦᠰᠡᠭᠦᠢ᠃ ᠡᠬᠡ ᠲᠡᠢ ᠠᠪᠢᠰᠤᠨ ᠠᠵᠢᠨ ᠪᠣᠯᠤᠨ᠎ᠠ᠃
ᠠᠪᠠᠭ᠎ᠠ ᠡᠭᠡᠴᠢ
ᠡᠴᠢᠭᠡ ᠲᠡᠢ ᠡᠬᠡ ᠨᠢᠭᠡᠲᠦ ᠥᠬᠢᠳ ᠢ᠋ ᠠᠪᠠᠭ᠎ᠠ ᠡᠭᠡᠴᠢ ᠭᠡᠨ᠎ᠡ ᠃ ᠡᠴᠢᠭᠡ ᠡᠴᠡ ᠨᠠᠰᠤ ᠪᠠᠷ ᠶᠡᠬᠡ ᠶ᠋ᠢ ᠨᠢ ᠶᠡᠬᠡ ᠠᠪᠠᠭ᠎ᠠ ᠡᠭᠡᠴᠢ ᠭᠡᠵᠦ ᠂ ᠨᠠᠰᠤ ᠪᠠᠷ ᠪᠠᠭ᠎ᠠ ᠶ᠋ᠢ ᠨᠢ ᠪᠠᠭ᠎ᠠ ᠠᠪᠠᠭ᠎ᠠ ᠡᠭᠡᠴᠢ(ᠶᠠᠰᠤᠨ ᠲᠥᠷᠥᠯ ) ᠭᠡᠳᠡᠭ ᠃ ᠬᠡᠷᠪᠡ ᠶᠡᠬᠡ ᠪᠤᠶᠤ ᠪᠠᠭ᠎ᠠ ᠠᠪᠠᠭ᠎ᠠ ᠡᠭᠡᠴᠢ ᠣᠯᠠᠨ ᠪᠠᠢᠪᠠᠯ ᠲᠡᠳᠡ ᠨᠠᠷ ᠢ᠋ ᠲᠣᠭ᠎ᠠ ᠪᠠᠷ ᠪᠤᠶᠤ ᠡᠰᠡᠬᠦᠯ᠎ᠡ ᠪᠡᠶ᠎ᠡ ᠭᠠᠯᠪᠢᠷ ᠂ ᠥᠩᠭᠡ ᠵᠢᠰᠦ ᠂ ᠵᠠᠩ ᠠᠪᠤᠷᠢ ᠵᠡᠷᠭᠡ ᠪᠡᠷ ᠨᠡᠷᠡᠯᠡᠵᠦ ᠳᠠᠭᠤᠳᠠᠨ ᠢᠯᠭᠠᠨ᠎ᠠ ᠃ ᠪᠠᠰᠠ ᠠᠪᠠᠭᠠᠢᠯᠠᠵᠤ ᠨᠡᠷ᠎ᠡ ᠥᠭᠴᠦ ᠳᠠᠭᠤᠳᠠᠳᠠᠭ ᠭᠠᠵᠠᠷ ᠴᠤ᠌ ᠪᠣᠢ ᠃ ᠠᠯᠠᠱᠠ ᠪᠣᠯ ᠠᠪᠠᠭᠠᠢᠯᠠᠳᠠᠭ᠃
ᠠᠪᠠᠭ᠎ᠠ ᠬᠦᠷᠭᠡᠨ ᠠᠬ᠎ᠠ
ᠠᠪᠠᠭ᠎ᠠ ᠡᠭᠡᠴᠢ ᠲᠡᠢ ᠬᠠᠤᠯᠢ ᠶᠣᠰᠣ ᠪᠠᠷ ᠬᠤᠷᠢᠮᠯᠠᠭᠰᠠᠨ ᠡᠷᠡᠭᠲᠡᠢ ᠬᠥᠮᠦᠨ᠃ ᠠᠪᠤ ᠶ᠋ᠢᠨ ᠦᠶ᠎ᠡ ᠶ᠋ᠢᠨ ᠬᠥᠮᠦᠨ᠃
ᠠᠪᠠᠭ᠎ᠠ ᠡᠴᠢᠭᠡ
ᠡᠪᠦᠭᠡ ᠶ᠋ᠢᠨ ᠲᠥᠷᠥᠭᠰᠡᠨ ᠠᠬ᠎ᠠ ᠳᠡᠭᠦᠦ ᠪᠣᠯᠬᠤ ᠡᠴᠢᠭᠡ ᠶ᠋ᠢᠨ ᠲᠥᠷᠥᠯ ᠦ᠋ᠨ ᠠᠬᠠᠮᠠᠳ ᠃ ᠬᠡᠳᠦ ᠬᠡᠳᠦᠨ ᠠᠪᠠᠭ᠎ᠠ ᠡᠴᠢᠭᠡ ᠪᠠᠢᠬᠤ ᠪᠠ ᠲᠡᠭᠦᠨ ᠢ ᠢᠯᠭᠠᠨ ᠳᠠᠭᠤᠳᠠᠬᠤ ᠳᠠᠭᠤᠳᠠᠯᠭ᠎ᠠ ᠵᠡᠷᠭᠡ ᠨᠢ ᠴᠥᠮ ᠠᠪᠠᠭ᠎ᠠ ᠶ᠋ᠢᠨ ᠲᠠᠢᠯᠪᠤᠷᠢ ᠲᠠᠢ ᠠᠳᠠᠯᠢ ᠃ ᠭᠠᠭᠴᠠ ᠬᠦ᠌ ᠳᠡᠭᠡᠷ᠎ᠡ 1 ᠦᠶ᠎ᠡ ᠪᠣᠯᠬᠤ ᠲᠡᠳᠦᠢ ᠢᠯᠭᠠᠭ᠎ᠠ ᠪᠣᠢ᠃
ᠠᠪᠠᠭ᠎ᠠ ᠡᠬᠡ
ᠠᠪᠠᠭ᠎ᠠ ᠡᠴᠢᠭᠡ ᠶ᠋ᠢᠨ ᠭᠡᠷᠭᠡᠢ ᠃ ᠡᠮᠡᠭᠡ ᠲᠡᠢ ᠨᠢᠭᠡᠨ ᠦᠶ᠎ᠡ ᠶ᠋ᠢᠨ ᠠᠪᠢᠰᠤᠨ ᠠᠵᠢᠨ ᠪᠣᠯᠤᠨ᠎ᠠ᠃
ᠠᠪᠠᠭ᠎ᠠ ᠡᠪᠦᠭᠡ
ᠡᠯᠦᠨᠴᠡ ᠡᠪᠦᠭᠡ ᠶ᠋ᠢᠨ ᠲᠥᠷᠥᠭᠰᠡᠨ ᠠᠬ᠎ᠠ ᠲᠡᠭᠦᠦᠰ ᠪᠣᠯᠤᠨ᠎ᠠ᠃ ᠡᠯ᠎ᠡ ᠲᠠᠢᠯᠪᠤᠷᠢ᠂ ᠳᠠᠭᠤᠳᠠᠯᠭ᠎ᠠ ᠠᠪᠠᠭ᠎ᠠ ᠶ᠋ᠢᠨ ᠲᠠᠢᠯᠪᠤᠷᠢ ᠲᠠᠢ ᠠᠳᠠᠯᠢ ᠭᠠᠭᠴᠠ ᠬᠦ᠌ ᠠᠪᠠᠭ᠎ᠠ ᠠ᠋ᠴᠠ 2 ᠦᠶ᠎ᠡ ᠳᠡᠭᠡᠷ᠎ᠡ ᠪᠣᠯᠬᠤ ᠢᠯᠭᠠᠲᠠᠢ᠃
ᠠᠪᠠᠭ᠎ᠠ ᠡᠮᠡᠭᠡ
ᠠᠪᠠᠭ᠎ᠠ ᠡᠪᠦᠭᠡ ᠶ᠋ᠢᠨ ᠭᠡᠷᠭᠡᠢ᠃ ᠡᠯᠦᠨᠴᠡ ᠡᠮᠡᠭᠡ ᠲᠡᠢ ᠨᠢᠭᠡᠨ ᠦᠶ᠎ᠡ ᠶ᠋ᠢᠨ ᠠᠪᠢᠰᠤᠨ ᠠᠵᠢᠨ ᠪᠣᠯᠤᠨ᠎ᠠ᠃
ᠠᠪᠠᠭ᠎ᠠ ᠡᠯᠦᠨᠴᠡ ᠡᠪᠦᠭᠡ
ᠬᠤᠯᠤᠨᠴᠠ ᠡᠪᠦᠭᠡ ᠶ᠋ᠢᠨ ᠲᠥᠷᠥᠭᠰᠡᠨ ᠠᠬ᠎ᠠ ᠲᠡᠭᠦᠦᠰ ᠪᠣᠯᠤᠨ᠎ᠠ ᠃ ᠡᠯ᠎ᠡ ᠲᠠᠢᠯᠪᠤᠷᠢ ᠳᠠᠭᠤᠳᠠᠯᠭ᠎ᠠ ᠶ᠋ᠢ ᠠᠪᠠᠭ᠎ᠠ ᠶ᠋ᠢᠨ ᠲᠠᠢᠯᠪᠤᠷᠢ ᠳ᠋ᠤ᠌ ᠦᠵᠡ ᠃ ᠭᠡᠬᠦ ᠳ᠋ᠡᠭᠡᠨ ᠡᠨᠡ ᠪᠣᠯ ᠠᠪᠠᠭ᠎ᠠ ᠠ᠋ᠴᠠ 3 ᠦᠶ᠎ᠡ ᠳᠡᠭᠡᠷ᠎ᠡ ᠪᠠᠢᠭ᠎ᠠ ᠶ᠋ᠢ ᠪᠣᠳᠣᠵᠤ ᠳᠠᠭᠠᠷᠠᠭᠤᠯ᠃
ᠠᠪᠠᠭ᠎ᠠ ᠡᠯᠦᠨᠴᠡ ᠡᠮᠡᠭᠡ
ᠠᠪᠠᠭ᠎ᠠ ᠡᠯᠦᠨᠴᠡ ᠡᠪᠦᠭᠡ ᠶ᠋ᠢᠨ ᠭᠡᠷᠭᠡᠢ ᠃ ᠬᠤᠯᠤᠨᠴᠠ ᠡᠮᠡᠭᠡ ᠶ᠋ᠢᠨ ᠨᠢᠭᠡᠨ ᠦᠶ᠎ᠡ ᠶ᠋ᠢᠨ ᠠᠪᠢᠰᠤᠨ ᠠᠵᠢᠨ ᠪᠣᠯᠤᠨ᠎ᠠ᠃
ᠠᠪᠠᠭ᠎ᠠ ᠬᠤᠯᠤᠨᠴᠠ ᠡᠪᠦᠭᠡ
ᠡᠯᠦᠨ ᠡᠪᠦᠭᠡ ᠶ᠋ᠢᠨ ᠲᠥᠷᠥᠭᠰᠡᠨ ᠠᠬ᠎ᠠ ᠳᠡᠭᠦᠦᠰ ᠪᠣᠯᠤᠨ᠎ᠠ᠃ ᠡᠯ᠎ᠡ ᠲᠠᠢᠯᠪᠤᠷᠢ ᠪᠠ ᠳᠠᠭᠤᠳᠠᠯᠭ᠎ᠠ ᠶ᠋ᠢᠨ ᠤᠬᠠᠭᠳᠠᠬᠤᠨ ᠠᠪᠠᠭ᠎ᠠ ᠶ᠋ᠢᠨ ᠲᠠᠢᠯᠪᠤᠷᠢ ᠲᠠᠢ ᠠᠳᠠᠯᠢ ᠠᠪᠠᠭ᠎ᠠ ᠠ᠋ᠴᠠ 4 ᠦᠶ᠎ᠡ ᠳᠡᠭᠡᠷ᠎ᠡ ᠪᠣᠢ᠃
ᠠᠪᠠᠭ᠎ᠠ ᠬᠤᠯᠤᠨᠴᠠ ᠡᠮᠡᠭᠡ
ᠠᠪᠠᠭ᠎ᠠ ᠬᠤᠯᠤᠨᠴᠠ ᠡᠪᠦᠭᠡ ᠶ᠋ᠢᠨ ᠭᠡᠷᠭᠡᠢ᠃ ᠡᠯᠦᠨ ᠡᠮᠡᠭᠡ ᠶ᠋ᠢᠨ ᠨᠢᠭᠡᠨ ᠦᠶ᠎ᠡ ᠶ᠋ᠢᠨ ᠠᠪᠢᠰᠤᠨ ᠠᠵᠢᠨ ᠪᠣᠯᠤᠨ᠎ᠠ᠃
ᠠᠪᠠᠭ᠎ᠠ ᠡᠯᠦᠨ ᠡᠪᠦᠭᠡ
ᠬᠤᠯᠤᠨ ᠡᠪᠦᠭᠡ ᠶ᠋ᠢᠨ ᠲᠥᠷᠥᠭᠰᠡᠨ ᠠᠬ᠎ᠠ ᠳᠡᠭᠦᠦᠰ ᠪᠣᠯᠤᠨ᠎ᠠ᠃ ᠲᠠᠢᠯᠪᠤᠷᠢ ᠶ᠋ᠢ ᠠᠪᠠᠭ᠎ᠠ ᠳ᠋ᠤ᠌ ᠦᠵᠡ᠂ ᠭᠡᠬᠦ ᠳ᠋ᠡᠭᠡᠨ ᠠᠪᠠᠭ᠎ᠠ ᠠ᠋ᠴᠠ 5 ᠦᠶ᠎ᠡ ᠳᠡᠭᠡᠷ᠎ᠡ ᠪᠣᠢ᠃
ᠠᠪᠠᠭ᠎ᠠ ᠡᠯᠦᠨ ᠡᠮᠡᠭᠡ
ᠡᠮᠡᠭᠡ ᠠᠪᠠᠭ᠎ᠠ ᠡᠯᠦᠨ ᠡᠪᠦᠭᠡ ᠶ᠋ᠢᠨ ᠭᠡᠷᠭᠡᠢ᠃ ᠬᠤᠯᠤᠨ ᠡᠮᠡᠭᠡ ᠶ᠋ᠢᠨ ᠨᠢᠭᠡᠨ ᠦᠶ᠎ᠡ ᠶ᠋ᠢᠨ ᠠᠪᠢᠰᠤᠨ ᠠᠵᠢᠨ ᠪᠣᠯᠤᠨ᠎ᠠ᠃
ᠠᠪᠠᠭ᠎ᠠ ᠬᠤᠯᠤᠨ ᠡᠪᠦᠭᠡ
ᠬᠣᠯᠪᠣᠭ᠎ᠠ ᠡᠪᠦᠭᠡ ᠶ᠋ᠢᠨ ᠲᠥᠷᠥᠭᠰᠡᠨ ᠠᠬ᠎ᠠ ᠳᠡᠭᠦᠦᠰ ᠪᠣᠯᠤᠨ᠎ᠠ᠃ ᠲᠠᠢᠯᠪᠤᠷᠢ ᠶ᠋ᠢᠨ ᠦᠨᠳᠦᠰᠦᠨ ᠤᠳᠬ᠎ᠠ ᠶ᠋ᠢ ᠠᠪᠠᠭ᠎ᠠ ᠳ᠋ᠤ᠌ ᠦᠵᠡ᠃ ᠠᠪᠠᠭ᠎ᠠ ᠠ᠋ᠴᠠ 6 ᠦᠶ᠎ᠡ ᠳᠡᠭᠡᠷ᠎ᠡ ᠪᠣᠯᠤᠨ᠎ᠠ᠃
ᠠᠪᠠᠭ᠎ᠠ ᠬᠤᠯᠤᠨ ᠡᠮᠡᠭᠡ
ᠠᠪᠠᠭ᠎ᠠ ᠬᠤᠯᠤᠨ ᠡᠪᠦᠭᠡ ᠶ᠋ᠢᠨ ᠭᠡᠷᠭᠡᠢ᠃ ᠬᠣᠯᠪᠣᠭ᠎ᠠ ᠡᠮᠡᠭᠡ ᠲᠡᠢ ᠨᠢᠭᠡᠨ ᠦᠶ᠎ᠡ ᠶ᠋ᠢᠨ ᠠᠪᠢᠰᠤᠨ ᠠᠵᠢᠨ ᠪᠣᠯᠤᠨ᠎ᠠ᠃
ᠠᠪᠠᠭ᠎ᠠ ᠬᠣᠯᠪᠣᠭ᠎ᠠ ᠡᠪᠦᠭᠡ
ᠥᠨᠳᠥᠷ ᠡᠪᠦᠭᠡ ᠶ᠋ᠢᠨ ᠲᠥᠷᠥᠭᠰᠡᠨ ᠠᠬ᠎ᠠ ᠳᠡᠭᠦᠦᠰ ᠪᠣᠯᠤᠨ᠎ᠠ᠃ ᠲᠠᠢᠯᠪᠤᠷᠢ ᠶ᠋ᠢ ᠠᠪᠠᠭ᠎ᠠ ᠳ᠋ᠤ᠌ ᠦᠵᠡ᠃ ᠠᠪᠠᠭ᠎ᠠ ᠡᠴᠡ 7 ᠦᠶ᠎ᠡ ᠳᠡᠭᠡᠷ᠎ᠡ ᠪᠣᠢ᠃
ᠠᠪᠠᠭ᠎ᠠ ᠬᠣᠯᠪᠣᠭ᠎ᠠ ᠡᠮᠡᠭᠡ
ᠠᠪᠠᠭ᠎ᠠ ᠬᠣᠯᠪᠣᠭ᠎ᠠ ᠡᠪᠦᠭᠡ ᠶ᠋ᠢᠨ ᠭᠡᠷᠭᠡᠢ᠃ ᠥᠨᠳᠥᠷ ᠡᠮᠡᠭᠡ ᠲᠡᠢ ᠨᠢᠭᠡᠨ ᠦᠶ᠎ᠡ ᠶ᠋ᠢᠨ ᠠᠪᠢᠰᠤᠨ ᠠᠵᠢᠨ᠃
ᠠᠪᠠᠭ᠎ᠠ ᠥᠨᠳᠥᠷ ᠡᠪᠦᠭᠡ
ᠤᠭ ᠳᠡᠭᠡᠳᠦᠰ ᠲᠡᠢ ᠲᠥᠷᠥᠭᠰᠡᠨ ᠠᠬ᠎ᠠ ᠳᠡᠭᠦᠦ ᠪᠣᠯᠤᠯᠴᠠᠨ᠎ᠠ᠃ ᠠᠪᠠᠭ᠎ᠠ ᠠ᠋ᠴᠠ ᠳᠡᠭᠡᠷ᠎ᠡ 8 ᠦᠶ᠎ᠡ ᠪᠣᠯᠤᠨ᠎ᠠ᠃
ᠠᠪᠠᠭ᠎ᠠ ᠥᠨᠳᠥᠷ ᠡᠮᠡᠭᠡ
ᠠᠪᠠᠭ᠎ᠠ ᠥᠨᠳᠥᠷ ᠡᠪᠦᠭᠡ ᠶ᠋ᠢᠨ ᠭᠡᠷᠭᠡᠢ᠃ ᠠᠪᠠᠭ᠎ᠠ ᠠ᠋ᠴᠠ ᠳᠡᠭᠡᠭᠰᠢ 8 ᠦᠶ᠎ᠡ ᠪᠣᠯᠤᠨ᠎ᠠ᠃
