ᠣᠷᠣᠢ ᠦᠭᠡᠢ ᠰᠦᠮ᠎ᠡ – ᠬᠣᠷᠢ᠂ ᠰᠡᠳᠬᠢᠯ ᠢ ᠪᠡᠶ᠎ᠡ ᠪᠡᠷ ᠢᠯᠡᠴᠢᠯᠡᠨ᠎ᠡ Оройгүй сүм – Хорь ᠂ Сэтгэлийг биеэр илчилнэ - Oroigui sum 20
ᠬᠣᠷᠢ ᠂ ᠰᠡᠳᠬᠢᠯ ᠢ ᠪᠡᠶ᠎ᠡ ᠪᠡᠷ ᠢᠯᠡᠴᠢᠯᠡᠨ᠎ᠡ
ᠰᠢᠷ᠎ᠠ ᠲᠣᠰᠣ ᠶ᠋ᠢ ᠰᠢᠷᠠᠵᠤ ᠪᠣᠯᠳᠠᠭ ᠦᠭᠡᠢ
ᠬᠠᠷ᠎ᠠ ᠤᠰᠤ ᠶ᠋ᠢ ᠥᠷᠦᠮᠡᠲᠦᠭᠦᠯᠵᠦ ᠪᠣᠯᠳᠠᠭ ᠦᠭᠡᠢ
ᠬᠠᠢᠷ ᠡᠯᠡᠰᠦ ᠶ᠋ᠢ ᠨᠦᠬᠡᠯᠡᠵᠦ ᠪᠣᠯᠳᠠᠭ ᠦᠭᠡᠢ
ᠪᠠᠭᠰᠢ ᠯᠠᠮᠠᠲᠠᠨ ᠭᠡᠨᠳᠡᠨᠪᠠᠯᠳᠠᠨ ᠵᠤᠵᠠᠭᠠᠨ ᠣᠯᠪᠣᠭ ᠳᠡᠭᠡᠷ᠎ᠡ ᠪᠡᠨ ᠵᠠᠪᠢᠯᠠᠨ ᠰᠠᠭᠤᠵᠤ ᠪᠠᠢᠯ᠎ᠠ᠃ ᠬᠣᠶᠠᠷ ᠬᠥᠯ ᠢ᠋ᠶ᠋ᠡᠨ ᠵᠥᠷᠢᠭᠦᠯᠦᠨ ᠵᠠᠪᠢᠯᠠᠬᠤ ᠳ᠋ᠠᠭᠠᠨ ᠲᠤᠰ ᠪᠦᠷᠢ ᠶ᠋ᠢᠨ ᠲᠠᠪᠠᠬᠠᠢ ᠶ᠋ᠢ ᠨᠢ ᠳᠡᠭᠡᠭᠰᠢ᠂ ᠥᠯᠮᠡᠢ ᠶ᠋ᠢ ᠨᠢ ᠤᠷᠤᠭᠤ ᠬᠠᠷᠠᠭᠤᠯᠤᠭᠰᠠᠨ ᠪᠠᠢᠬᠤ ᠤᠴᠢᠷ ᠲᠠᠢ ᠪᠥᠭᠡᠳ ᠲᠡᠭᠦᠨ ᠢ᠋ ᠠᠯᠮᠠᠰ ᠤᠨ ᠬᠡᠪ ᠮᠠᠶᠢᠭ ᠪᠤᠶᠤ ᠸᠠᠵᠷᠠᠫᠠᠷᠢᠶᠠᠩᠺᠠ ᠰᠠᠭᠤᠳᠠᠯ ᠭᠡᠨ᠎ᠡ᠃ ᠡᠢᠨᠬᠦ ᠶᠡᠬᠡᠮᠰᠦᠭ ᠢ᠋ᠶ᠋ᠡᠷ ᠵᠠᠪᠢᠯᠠᠨ ᠵᠠᠯᠠᠷᠠᠬᠤ ᠨᠢ ᠪᠤᠷᠬᠠᠳ᠂ ᠳᠡᠭᠡᠳᠦᠰ ᠦ᠋ᠨ ᠶᠣᠰᠣ ᠪᠢᠯᠡ᠃ ᠬᠣᠶᠠᠷ ᠮᠣᠳᠣᠷ ᠢ᠋ᠶ᠋ᠠᠨ ᠡᠯᠢᠭᠡᠨ ᠲᠤᠰᠢᠶ᠎ᠠ ᠳᠡᠭᠡᠭᠰᠢ ᠨᠢ ᠡᠷᠭᠦᠭᠡᠳ ᠡᠷᠡᠬᠡᠢ ᠬᠤᠷᠤᠭᠤ ᠶ᠋ᠢ ᠳᠣᠯᠣᠪᠣᠷ ᠬᠤᠷᠤᠭᠤ ᠲᠠᠢ ᠠᠭᠤᠯᠵᠠᠭᠤᠯᠤᠨ ᠪᠤᠰᠤᠳ ᠬᠤᠷᠤᠭᠤ ᠶ᠋ᠢ ᠲᠡᠨᠢᠢᠯᠭᠡᠨ ᠳᠠᠷᠮᠠᠴᠠᠺᠷᠠ ᠮᠤᠳᠷᠠ ᠪᠤᠶᠤ ᠡᠷᠳᠡᠮ ᠦ᠋ᠨ ᠬᠦᠷᠳᠦ ᠡᠷᠭᠢᠭᠦᠯᠦᠮᠦᠢ ᠭᠡᠰᠡᠨ ᠳᠣᠬᠢᠶ᠎ᠠ ᠶ᠋ᠢ ᠦᠵᠡᠭᠦᠯᠵᠡᠢ᠃ ᠶᠠᠭᠠᠬᠢᠭᠠᠳ ᠪᠠᠭᠰᠢ ᠯᠠᠮᠠ ᠥᠨᠥᠳᠥᠷ ᠡᠢᠨᠬᠦ ᠶᠣᠰᠣ ᠶᠠᠩᠪᠠ ᠶ᠋ᠢ ᠦᠵᠡᠭᠦᠯᠦᠨ ᠰᠠᠭᠤᠵᠤ ᠪᠠᠢᠭ᠎ᠠ ᠨᠢ ᠰᠠᠩᠵᠢ ᠳ᠋ᠤ᠌ ᠲᠣᠪ ᠲᠣᠳᠣᠷᠬᠠᠢ᠃ ᠪᠠᠭᠰᠢ ᠯᠠᠮᠠ ᠳᠣᠬᠢᠶᠠᠨ ᠤ᠋ ᠶᠣᠰᠣ ᠶ᠋ᠢ ᠱᠠᠪᠢ ᠳ᠋ᠠᠭᠠᠨ ᠵᠢᠭᠠᠵᠤ ᠡᠬᠢᠯᠡᠵᠡᠢ᠃ ᠪᠤᠷᠬᠠᠳ ᠶᠠᠩᠵᠤ ᠪᠦᠷᠢ ᠶ᠋ᠢᠨ ᠬᠡᠪ ᠲᠥᠷᠬᠥᠲᠡᠢ ᠪᠡᠷ ᠳᠦᠷᠰᠦᠯᠡᠭᠳᠡᠭᠰᠡᠨ ᠪᠠᠢᠳᠠᠭ ᠪᠥᠭᠡᠳ ᠳᠤᠷ᠎ᠠ ᠪᠦᠷᠢ ᠳ᠋ᠡᠭᠡᠨ ᠤᠳᠬ᠎ᠠ ᠤᠴᠢᠷ ᠲᠠᠢ ᠠᠵᠢ᠃ ᠪᠣᠰᠤᠭ᠎ᠠ ᠪᠤᠷᠬᠠᠨ ᠦᠯᠦ ᠶᠠᠯᠢᠭ ᠪᠥᠬᠦᠢᠰᠬᠢᠵᠦ᠂ ᠪᠠᠷᠠᠭᠤᠨ ᠭᠠᠷ ᠢ᠋ ᠤᠨᠵᠢᠭᠤᠯᠤᠨ ᠠᠯᠠᠭ᠎ᠠ ᠶ᠋ᠢ ᠣᠷᠣᠭᠰᠢ ᠬᠠᠷᠠᠭᠤᠯᠤᠨ ᠲᠡᠨᠢᠢᠯᠭᠡᠵᠦ᠂ ᠵᠡᠭᠦᠨ ᠭᠠᠷ ᠢ᠋ ᠳᠣᠭᠣᠭᠰᠢ ᠲᠣᠬᠣᠢ ᠪᠠᠷ ᠨᠤᠭᠤᠯᠤᠨ ᠠᠯᠠᠭ᠎ᠠ ᠶ᠋ᠢ ᠳᠡᠭᠡᠭᠰᠢ ᠨᠢ ᠳᠡᠷᠪᠡᠢᠯᠭᠡᠨ ᠶᠠᠮᠠᠷᠪᠠ ᠶᠠᠭᠤᠮ᠎ᠠ ᠲᠦᠯᠬᠢᠨ ᠵᠠᠢᠯᠠᠭᠤᠯᠬᠤ ᠮᠡᠲᠦ ᠪᠡᠷ ᠵᠣᠭᠰᠣᠵᠤ ᠪᠠᠢᠪᠠᠰᠤ ᠲᠡᠭᠦᠨ ᠢ᠋ ᠰᠠᠮᠠᠨᠫᠠᠳᠠ ᠭᠡᠵᠦ ᠰᠠᠩᠰᠺᠷᠢᠲ ᠢ᠋ᠶ᠋ᠠᠷ ᠨᠡᠷᠡᠯᠡᠨ᠎ᠡ᠃ ᠡᠭᠦᠨ ᠡᠴᠡ ᠪᠤᠷᠬᠠᠳ ᠤ᠋ᠨ ᠯᠠᠭᠱᠠᠨ ᠤ᠋ ᠬᠡᠪ ᠮᠠᠶᠢᠭ ᠤ᠋ᠨ ᠴᠠᠭᠠᠨ ᠲᠣᠯᠣᠭᠠᠢ ᠡᠬᠢᠯᠡᠨ᠎ᠡ᠃ ᠭᠤᠷᠪᠠᠨᠲᠠ ᠪᠥᠬᠥᠢᠭᠰᠡᠨ ᠪᠤᠶᠤ ᠲᠷᠢᠪᠬᠠᠩᠭᠠ ᠵᠣᠭᠰᠣᠯᠲᠠ ᠬᠢᠵᠦ ᠳᠠᠷᠠᠭ᠎ᠠ ᠨᠢ ᠣᠷᠣᠳᠠᠭ᠃ ᠲᠡᠷᠡ ᠪᠣᠯ ᠴᠡᠭᠡᠵᠢ᠂ ᠪᠠᠷᠠᠭᠤᠨ ᠵᠡᠭᠦᠨ ᠭᠠᠷ ᠴᠥᠮ ᠦᠯᠦ ᠮᠡᠳᠡᠭ ᠪᠥᠬᠡ ᠶ᠋ᠢᠨ ᠨᠤᠭᠤᠷᠠᠭᠰᠠᠨ ᠪᠠᠢᠳᠠᠯ ᠲᠠᠢ ᠪᠠᠢᠨ᠎ᠠ᠃ ᠡᠭᠦᠨ ᠢ᠋ ᠲᠦᠷᠦᠭᠦᠴᠢ ᠶ᠋ᠢᠨ ᠨᠣᠮᠯᠠᠯ ᠢ᠋ᠶ᠋ᠠᠷ ᠢ᠋ᠶ᠋ᠠᠨ ᠭᠡᠨᠳᠡᠨᠪᠠᠯᠳᠠᠨ ᠪᠠᠭᠰᠢ ᠨᠢ ᠰᠠᠩᠵᠢ ᠳ᠋ᠤ᠌ ᠪᠦᠷᠢᠨ ᠵᠢᠭᠠᠵᠤ᠂ ᠪᠡᠶ᠎ᠡ ᠪᠡᠷ ᠦᠵᠡᠭᠦᠯᠵᠦ ᠥᠭᠭᠦᠭᠰᠡᠨ ᠪᠢᠯᠡ᠃ ᠥᠨᠥᠳᠥᠷ ᠲᠡᠷᠡ ᠬᠢᠴᠢᠶᠡᠯ ᠦᠷᠭᠦᠯᠵᠢᠯᠡᠨ᠎ᠡ᠃ ᠤᠳᠬᠤᠨ ᠬᠡᠦᠬᠡᠨ ᠢ᠋ ᠭᠠᠵᠠᠷᠴᠢᠯᠠᠵᠤ ᠵᠠᠩᠴᠸ ᠬᠡᠢᠳ ᠣᠷᠣᠭᠰᠠᠨ ᠢ᠋ ᠨᠢ ᠬᠡᠨᠳᠡᠨ ᠯᠠᠮᠠ ᠠᠩᠬ᠎ᠠ ᠮᠡᠳᠡᠴᠢᠬᠡᠵᠡᠢ᠃ ᠲᠡᠭᠦᠨ ᠡᠴᠡ ᠪᠣᠯᠵᠤ ᠪᠠᠭᠰᠢ ᠯᠠᠮᠠ ᠭᠤᠷᠪᠠ ᠬᠣᠨᠣᠭ ᠳᠠᠷᠠᠭᠠᠯᠠᠨ ᠦᠯᠢᠭᠡᠷ ᠶᠠᠷᠢᠪᠠ᠃ ᠪᠦᠬᠦ ᠦᠯᠢᠭᠡᠷ ᠨᠢᠭᠡᠨ ᠤᠳᠬ᠎ᠠ ᠲᠠᠢ ᠪᠠᠢᠯ᠎ᠠ᠃ ᠭᠠᠭᠴᠠᠬᠦ ᠦᠢᠯᠡ ᠶᠠᠪᠤᠳᠠᠯ ᠨᠢ ᠥᠭᠡᠷ᠎ᠡ ᠥᠭᠡᠷ᠎ᠡ ᠶᠠᠭᠤᠮ᠎ᠠ᠃ ᠪᠤᠷᠬᠠᠨ ᠤ᠋ ᠨᠣᠮ ᠦᠵᠡᠬᠦ ᠪᠡᠷ ᠰᠢᠯᠤᠭᠤᠳᠠᠭᠰᠠᠨ ᠬᠥᠮᠦᠨ ᠵᠢᠷ ᠦ᠋ᠨ ᠬᠥᠮᠦᠨ ᠦ᠌ ᠠᠮᠢᠳᠤᠷᠠᠯ ᠠ᠋ᠴᠠ ᠬᠠᠭᠠᠴᠠᠨ ᠰᠠᠯᠬᠤ ᠤᠴᠢᠷ ᠲᠠᠢ ᠶ᠋ᠢ ᠲᠡᠳᠡᠭᠡᠷ ᠦᠯᠢᠭᠡᠷ ᠲᠦ᠍ ᠰᠡᠩᠬᠡᠷᠡᠲᠡᠯᠡ ᠨᠣᠮᠯᠠᠵᠠᠢ᠃ ᠪᠠᠭᠰᠢ ᠯᠠᠮᠠ ᠶ᠋ᠢᠨ ᠠᠷᠢᠭᠤᠨ ᠡᠭᠦᠷᠭᠡ ᠪᠣᠯ ᠱᠠᠪᠢ ᠨᠠᠷ ᠢ᠋ᠶ᠋ᠠᠨ ᠡᠯᠳᠡᠪ ᠠᠯᠳᠠᠰ ᠨᠢᠭᠦᠯ ᠡᠴᠡ ᠪᠣᠯᠭᠣᠮᠵᠢᠯᠠᠵᠤ᠂ ᠲᠡᠳᠡᠨ ᠦ᠌ ᠪᠡᠨ ᠬᠣᠵᠢᠮ ᠣᠢᠴᠢᠵᠤ ᠪᠣᠯᠵᠣᠰᠢ ᠦᠭᠡᠢ ᠨᠢᠭᠦᠯ ᠲᠠᠮᠤ ᠶ᠋ᠢᠨ ᠠᠮᠠ᠂ ᠡᠭᠦᠳᠡ ᠶ᠋ᠢ ᠤᠷᠢᠳᠴᠢᠯᠠᠨ ᠬᠠᠭᠠᠵᠤ᠂ ᠲᠣᠣᠷᠯᠠᠨ ᠪᠥᠭᠯᠡᠵᠦ ᠪᠠᠢᠬᠤ ᠶᠣᠰᠣᠲᠠᠢ ᠪᠢᠯᠡ᠃ ᠲᠡᠭᠡᠵᠦ ᠴᠢᠳᠠᠪᠠᠯ ᠰᠠᠶᠢ ᠪᠠᠭᠰᠢ ᠱᠠᠪᠢ ᠶ᠋ᠢᠨ ᠠᠷᠢᠭᠤᠨ ᠪᠠᠷᠢᠯᠳᠤᠯᠭ᠎ᠠ ᠪᠠᠨ ᠲᠣᠭᠲᠠᠨ᠎ᠠ᠃ ᠭᠡᠨᠳᠡᠨᠪᠠᠯᠳᠠᠨ ᠯᠠᠮᠠᠲᠠᠨ ᠰᠠᠢᠨ ᠱᠠᠪᠢ ᠲᠠᠢ ᠪᠠᠢᠬᠤ ᠶ᠋ᠢ ᠦᠷᠭᠦᠯᠵᠢ ᠬᠦᠰᠡᠳᠡᠭ ᠪᠣᠯᠪᠠᠴᠤ ᠲᠡᠷᠡ ᠪᠦᠷᠦᠢ ᠬᠦᠰᠡᠯ ᠬᠠᠨᠤᠭᠰᠠᠨ ᠶᠠᠪᠤᠳᠠᠯ ᠦᠭᠡᠢ ᠠᠵᠢ᠃ ᠡᠢᠮᠦ ᠳ᠋ᠦ᠍ ᠰᠢᠨ᠎ᠡ ᠱᠠᠪᠢ ᠰᠠᠩᠵᠢ ᠪᠠᠨ ᠮᠥᠨ ᠲᠡᠷᠡ ᠵᠠᠮ ᠢ᠋ᠶ᠋ᠠᠷ ᠣᠷᠣᠭᠤᠯᠴᠢᠬᠠᠬᠤ ᠦᠭᠡᠢ ᠶ᠋ᠢ ᠬᠢᠴᠢᠶᠡᠵᠡᠢ᠃
- ᠪᠤᠷᠬᠠᠳ ᠤ᠋ᠨ ᠰᠠᠭᠤᠬᠤ ᠶᠣᠰᠣᠨ ᠢ᠋ ᠡᠬᠢᠨ ᠡᠴᠡ ᠨᠢ ᠠᠪᠤᠭᠠᠳ ᠳᠠᠷᠠᠭ᠎ᠠ ᠳᠠᠷᠠᠭ᠎ᠠ ᠪᠠᠷ ᠦᠵᠡᠭᠦᠯ! ᠭᠡᠵᠦ ᠪᠠᠭᠰᠢ ᠯᠠᠮᠠ ᠶ᠋ᠢᠨ ᠲᠤᠰᠢᠶᠠᠭᠰᠠᠨ ᠶᠣᠰᠣᠭᠠᠷ ᠥᠴᠦᠬᠡᠨ ᠱᠠᠪᠢ ᠰᠠᠩᠵᠢ ᠸᠠᠵᠢᠷᠠᠫᠠᠷᠢᠶᠠᠩᠺ ᠠ᠋ᠴᠠ ᠡᠬᠢᠯᠡᠪᠡ᠃ ᠶᠠᠭᠠᠬᠢᠭᠠᠳ ᠴᠤ᠌ ᠶᠤᠮ ᠪᠠᠭᠰᠢ ᠨᠢ ᠰᠠᠨᠰᠺᠷᠢᠲ ᠢ᠋ᠶ᠋ᠠᠷ ᠭᠣᠣᠯᠳᠠᠭᠤ ᠵᠢᠭᠠᠵᠤ ᠪᠠᠢᠪᠠ᠃
- ᠵᠥᠪ᠃ ᠣᠳᠣ ᠠᠷᠳ᠋ᠾᠠᠫᠠᠷᠢᠶᠠᠩᠺᠠ ᠪᠠᠷ ᠰᠠᠭᠤ! ᠭᠡᠵᠦ ᠪᠠᠭᠰᠢ ᠲᠤᠰᠢᠶᠠᠪᠠ᠃
ᠵᠡᠭᠦᠨ ᠬᠥᠯ ᠢ᠋ ᠵᠠᠪᠢᠯᠠᠨ ᠪᠠᠷᠠᠭᠤᠨ ᠬᠥᠯ ᠢ᠋ ᠡᠪᠦᠳᠦᠭ ᠢ᠋ᠶ᠋ᠡᠷ ᠨᠢ ᠳᠣᠭᠣᠭᠰᠢ ᠨᠤᠭᠤᠯᠤᠨ ᠤᠨᠵᠢᠭᠤᠯᠵᠤ ᠲᠡᠭᠦᠨ ᠳᠡᠭᠡᠷ᠎ᠡ ᠪᠠᠷᠠᠭᠤᠨ ᠭᠠᠷ ᠤ᠋ᠨ ᠠᠯᠠᠭ᠎ᠠ ᠶ᠋ᠢ ᠳᠡᠭᠡᠭᠰᠢ ᠬᠠᠷᠠᠭᠤᠯᠤᠨ ᠲᠠᠯᠪᠢᠬᠤ ᠮᠠᠶᠢᠭ ᠢ᠋ᠶ᠋ᠠᠷ ᠰᠠᠭᠤᠵᠤ ᠦᠵᠡᠭᠦᠯᠬᠦ ᠳ᠋ᠦ᠍ ᠰᠠᠶᠢ ᠠᠷᠳ᠋ᠾᠠᠫᠠᠷᠢᠶᠠᠩᠺᠠ ᠰᠠᠭᠤᠳᠠᠯ ᠪᠣᠯᠤᠨ᠎ᠠ᠃ ᠡᠭᠦᠨ ᠢ᠋ ᠰᠠᠩᠵᠢ ᠮᠥᠨ ᠯᠡ ᠶᠣᠰᠣᠭᠠᠷ ᠨᠢ ᠬᠢᠯ᠎ᠡ᠃ ᠰᠠᠲ᠋ᠲ᠋ᠸᠫᠠᠷᠢᠶᠠᠩᠺᠠ ᠪᠠᠷ ᠰᠠᠭᠤᠬᠤ ᠶ᠋ᠢ ᠪᠠᠭᠰᠢ ᠯᠠᠮᠠ ᠱᠠᠭᠠᠷᠳᠠᠪᠠ᠃ ᠲᠡᠷᠡ ᠨᠢ ᠶᠡᠷᠦᠳᠡ ᠶ᠋ᠢᠨ ᠵᠠᠪᠢᠯᠠᠨ ᠰᠠᠭᠤᠬᠤ ᠶ᠋ᠢ ᠬᠡᠯᠡᠨ᠎ᠡ᠃
- ᠸᠠᠵᠢᠷᠠᠫᠠᠷᠢᠶᠠᠩᠺᠠ ᠪᠣᠯᠴᠢᠬᠠᠭᠠᠳ ᠪᠠᠢᠨ᠎ᠠ ᠳᠠ᠂ ᠨᠠᠭᠠᠳᠤᠬᠢ ᠴᠢᠨᠢ ᠭᠡᠵᠦ ᠪᠠᠭᠰᠢ ᠨᠢ ᠠᠭᠤᠷᠯᠠᠨ ᠲᠣᠯᠣᠭᠠᠢ ᠰᠡᠭᠰᠦᠷᠪᠡ᠃ ᠸᠠᠵᠢᠷᠠᠫᠠᠷᠢᠶᠠᠩᠺᠠ᠂ ᠰᠠᠲ᠋ᠲ᠋ᠸᠫᠠᠷᠢᠶᠠᠩᠺᠠ ᠬᠣᠶᠠᠷ ᠪᠠᠷᠤᠭ ᠢᠯᠭᠠᠬᠤ ᠶᠠᠭᠤᠮ᠎ᠠ ᠦᠭᠡᠢ ᠭᠠᠭᠴᠠᠬᠦ ᠰᠡᠭᠦᠯᠴᠢ ᠶ᠋ᠢᠨ ᠬᠢ ᠨᠢ ᠬᠣᠶᠠᠷ ᠬᠥᠯ ᠢ᠋ ᠳᠥᠩᠭᠡᠵᠢ ᠠᠪᠴᠠᠯᠳᠤᠬᠤ ᠲᠡᠳᠦᠢ ᠮᠥᠴᠢᠭᠬᠡᠨ ᠵᠠᠪᠢᠯᠠᠨ ᠰᠠᠭᠤᠬᠤ ᠶ᠋ᠢ ᠬᠡᠯᠡᠵᠦ ᠪᠠᠢᠭ᠎ᠠ ᠶᠤᠮ᠃ ᠰᠠᠩᠵᠢ ᠡᠭᠦᠨ ᠢ᠋ ᠮᠡᠳᠡᠬᠦ ᠪᠣᠯᠪᠠᠴᠤ ᠮᠣᠷᠢᠨ ᠳᠡᠭᠡᠷ᠎ᠡ ᠬᠠᠷ᠎ᠠ ᠪᠠᠭ᠎ᠠ ᠠ᠋ᠴᠠ ᠶᠠᠪᠤᠵᠤ ᠡᠪ ᠬᠠᠪᠤ ᠦᠭᠡᠢ ᠪᠣᠯᠤᠭᠰᠠᠨ ᠬᠥᠯ ᠨᠢ ᠮᠥᠴᠢᠭ ᠵᠠᠪᠢᠯᠠᠨ ᠰᠠᠭᠤᠬᠤ ᠳ᠋ᠤ᠌ ᠲᠡᠳᠦᠢ ᠯᠡ ᠠᠶᠠᠯᠢᠭ ᠪᠢᠰᠢ ᠪᠠᠢᠯ᠎ᠠ᠃ ᠪᠠᠭᠰᠢ ᠯᠠᠮᠠ ᠳᠤᠷ᠎ᠠ ᠦᠭᠡᠢᠴᠡᠵᠦ᠄
- ᠪᠤᠶᠠᠨᠲᠤ ᠰᠠᠭᠤᠳᠠᠯ ᠢ᠋ᠶ᠋ᠠᠷ ᠰᠠᠭᠤᠵᠤ ᠰᠤᠷᠬᠤ ᠪᠤᠶᠠᠨ ᠳᠤᠲᠠᠭᠠᠳ ᠪᠠᠢᠨ᠎ᠠ ᠤᠤ? ᠡᠰᠡᠪᠡᠯ ᠨᠢᠭᠦᠯ ᠪᠤᠵᠠᠷ ᠬᠥᠯ ᠳ᠋ᠦ᠍ ᠴᠢᠨᠢ ᠣᠷᠣᠭ᠎ᠠ ᠤᠤ? ᠭᠡᠵᠦ ᠪᠠᠢᠴᠠᠭᠠᠪᠠ᠃
- ᠤᠭ ᠠ᠋ᠴᠠ ᠪᠠᠨ ᠶᠠᠰᠤ ᠨᠢ ᠵᠣᠬᠢᠴᠠᠭᠠ ᠦᠭᠡᠢ ᠶᠦᠮ ᠤᠤ ᠡᠪᠡᠳᠦᠭᠡᠳ ᠪᠠᠢᠨ᠎ᠠ ᠭᠡᠵᠦ ᠰᠠᠩᠵᠢ ᠬᠡᠯᠡᠭᠰᠡᠨ ᠳ᠋ᠦ᠍ ᠪᠠᠭᠰᠢ ᠨᠢ᠄
- ᠮᠥᠴᠢᠳ ᠵᠠᠪᠢᠯᠠᠬᠤ ᠲᠡᠳᠦᠢ ᠶ᠋ᠢᠨ ᠰᠠᠭᠤᠳᠠᠯ ᠢ᠋ᠶ᠋ᠠᠷ ᠰᠠᠭᠤᠵᠤ ᠴᠢᠳᠠᠬᠤ ᠦᠭᠡᠢ ᠪᠣᠯ ᠣᠯᠢᠭᠲᠠᠢ ᠯᠠᠮᠠ ᠪᠣᠯᠵᠤ ᠶᠠᠭᠠᠬᠢᠵᠤ ᠴᠢᠳᠠᠬᠤ ᠶᠤᠮ ᠪᠣᠢ? ᠪᠢᠰᠢᠯᠭᠠᠯ ᠬᠢᠵᠦ ᠰᠠᠷ᠎ᠠ᠂ ᠵᠢᠯ ᠢ᠋ᠶ᠋ᠡᠷ ᠰᠠᠭᠤᠬᠤ ᠶ᠋ᠢᠨ ᠴᠠᠭ ᠲᠤ᠌ ᠶᠠᠭᠠᠬᠢᠬᠤ ᠬᠥᠮᠦᠨ ᠪᠣᠢ? ᠤᠳᠠᠬᠤ ᠦᠭᠡᠢ ᠪᠢ ᠴᠢᠮ᠎ᠠ ᠳ᠋ᠤ᠌ ᠶᠣᠣ ᠶ᠋ᠢᠨ ᠤᠬᠠᠭᠠᠨ ᠵᠢᠭᠠᠨ᠎ᠠ᠃ ᠲᠡᠷᠡ ᠪᠣᠯ ᠡᠭᠦᠨ ᠦ᠌ ᠳᠡᠷᠭᠡᠳᠡ ᠦᠨᠡᠬᠡᠷ ᠶᠠᠰᠤ ᠶᠠᠩᠭᠢᠨᠠᠵᠤ᠂ ᠰᠢᠷᠪᠥᠰᠥ ᠰᠤᠨᠬᠤ ᠪᠠᠷ ᠪᠣᠯᠭᠠᠬᠤ ᠵᠦᠢᠯ᠃ ᠶᠣᠣ ᠶ᠋ᠢᠨ ᠤᠬᠠᠭᠠᠨ ᠰᠤᠷᠬᠤ ᠦᠭᠡᠢ ᠭᠡᠵᠦ ᠪᠠᠰᠠ ᠯᠠ ᠠᠭᠤᠷ ᠢ᠋ᠶ᠋ᠠᠨ ᠪᠠᠷᠢᠵᠤ ᠶᠠᠳᠠᠨ ᠥᠭᠦᠯᠡᠭᠰᠡᠨ ᠢ᠋ᠶ᠋ᠡᠨ ᠶᠠᠳᠠᠷᠠᠭᠰᠠᠨ ᠪᠣᠯᠤᠯᠲᠠᠢ ᠪᠠᠷᠠᠭᠤᠨ ᠬᠥᠯ ᠢ᠋ ᠡᠪᠦᠳᠦᠭ ᠢ᠋ᠶ᠋ᠡᠷ ᠨᠤᠭᠤᠯᠤᠨ ᠵᠡᠭᠦᠨ ᠬᠥᠯ ᠢ᠋ᠶ᠋ᠡᠨ ᠭᠠᠵᠠᠷ ᠲᠤᠯᠤᠨ ᠬᠠᠭᠠᠰ ᠨᠤᠭᠤᠯᠤᠨ ᠤᠨᠵᠢᠭᠤᠯᠵᠤ ᠪᠠᠷᠠᠭᠤᠨ ᠡᠪᠦᠳᠦᠭ ᠳᠡᠭᠡᠷ᠎ᠡ ᠪᠠᠷᠠᠭᠤᠨ ᠭᠠᠷ ᠤ᠋ᠨ ᠠᠯᠠᠭ᠎ᠠ ᠪᠠᠷ ᠳᠠᠷᠤᠵᠤ ᠵᠡᠭᠦᠨ ᠭᠠᠷ ᠢ᠋ᠶ᠋ᠠᠷ ᠵᠡᠭᠦᠨ ᠬᠥᠯ ᠦ᠋ᠨ ᠲᠤᠰᠢᠶ᠎ᠠ ᠭᠠᠵᠠᠷ ᠲᠤᠯᠵᠤ ᠰᠠᠭᠤᠯ᠎ᠠ᠃
- ᠣᠳᠣ ᠪᠢ ᠶᠠᠮᠠᠷ ᠰᠠᠭᠤᠳᠠᠯ ᠢ᠋ᠶ᠋ᠠᠷ ᠰᠠᠭᠤᠪᠠ? ᠭᠡᠵᠦ ᠪᠠᠭᠰᠢ ᠨᠢ ᠠᠰᠠᠭᠤᠪᠠ᠃ ᠰᠠᠩᠵᠢ ᠲᠡᠭᠦᠨ ᠢ᠋ ᠰᠠᠢᠨ ᠮᠡᠳᠡᠵᠦ ᠪᠠᠢᠭᠰᠠᠨ ᠲᠤᠯᠠ ᠲᠦᠭᠳᠡᠷᠡᠯ ᠦᠭᠡᠢ ᠪᠡᠷ᠄
- ᠮᠠᠬᠠᠷᠠᠵᠠᠯᠢᠩᠯᠠᠰᠠᠨᠠ ᠪᠤᠶᠤ ᠡᠵᠡᠨ ᠦ᠌ ᠠᠮᠤᠭᠤᠯᠠᠩᠲᠤ ᠰᠠᠭᠤᠳᠠᠯ ᠢ᠋ᠶ᠋ᠠᠷ ᠪᠠᠭᠰᠢᠲᠠᠨ ᠲᠠ ᠵᠠᠯᠠᠷᠠᠵᠤ ᠪᠠᠢᠨ᠎ᠠ ᠭᠡᠪᠡ᠃ ᠪᠠᠭᠰᠢ ᠯᠠᠮᠠ ᠲᠡᠭᠦᠨ ᠢ᠋ ᠰᠣᠨᠣᠰᠤᠭᠠᠳ ᠮᠠᠰᠢ ᠭᠠᠢᠬᠠᠵᠤ᠄
- ᠪᠢ ᠴᠢᠮ᠎ᠠ ᠳ᠋ᠤ᠌ ᠡᠭᠦᠨ ᠢ᠋ ᠵᠢᠭᠠᠭ᠎ᠠ ᠦᠭᠡᠢ ᠪᠠᠢᠲᠠᠯ᠎ᠠ ᠶᠠᠭᠠᠬᠢᠵᠤ ᠮᠡᠳᠡᠪᠡ? ᠭᠡᠵᠦ ᠠᠰᠠᠭᠤᠵᠠᠢ᠃
- ᠬᠥᠷᠥᠭ ᠳᠡᠭᠡᠷ᠎ᠡ ᠡᠴᠡ ᠰᠠᠨᠠᠮᠰᠠᠷ ᠦᠭᠡᠢ ᠦᠵᠡᠭᠡᠳ ᠯᠦᠨᠳᠡᠭᠵᠤᠨᠠᠢ ᠪᠠᠭᠰᠢᠲᠠᠨ ᠠ᠋ᠴᠠ ᠠᠰᠠᠭᠤᠵᠤ ᠲᠣᠭᠲᠠᠭᠠᠵᠤ ᠠᠪᠤᠭᠰᠠᠨ ᠶᠤᠮ ᠭᠡᠵᠦ ᠰᠠᠩᠵᠢ ᠬᠠᠷᠢᠭᠤᠯᠬᠤ ᠳ᠋ᠤ᠌ ᠭᠡᠨᠳᠡᠨᠪᠠᠯᠳᠠᠨ ᠬᠥᠮᠥᠰᠬᠡ ᠪᠡᠨ ᠵᠠᠩᠭᠢᠳᠴᠤ᠄
- ᠣᠯᠠᠨ ᠪᠠᠭᠰᠢ ᠲᠠᠢ ᠪᠠᠢᠬᠤ ᠬᠡᠴᠡᠭᠦᠦ᠃ ᠶᠠᠭᠤᠮ᠎ᠠ ᠶ᠋ᠢ ᠳᠡᠰ ᠳᠠᠷᠠᠭᠠᠯᠠᠯ ᠲᠠᠢ ᠵᠢᠭᠠᠵᠤ᠂ ᠨᠢᠭᠡ ᠬᠡᠪ ᠵᠠᠢᠭ ᠲᠤ᠌ ᠣᠷᠣᠭᠤᠯᠵᠤ ᠴᠢᠳᠠᠳᠠᠭ ᠦᠭᠡᠢ ᠶᠦᠮ᠃ ᠰᠢᠷ᠎ᠠ ᠶ᠋ᠢ ᠦᠵᠡᠵᠦ ᠰᠢᠷᠪᠠᠵᠤ᠂ ᠴᠠᠭᠠᠨ ᠢ᠋ ᠦᠵᠡᠵᠦ ᠴᠠᠷᠪᠠᠵᠤ ᠪᠠᠢᠬᠤ ᠮᠠᠭᠤᠬᠠᠢ᠃ ᠡᠢᠮᠦ ᠳ᠋ᠦ᠍ ᠴᠢ ᠣᠳᠣ ᠡᠨᠡᠬᠦ ᠮᠠᠬᠠᠷᠠᠵᠠᠯᠢᠩᠯᠠᠰᠠᠨᠠ ᠰᠠᠭᠤᠳᠠᠯ ᠢ᠋ᠶ᠋ᠠᠷ ᠥᠪᠡᠷ ᠢ᠋ᠶ᠋ᠡᠨ ᠰᠠᠭᠤᠵᠤ ᠰᠤᠷ᠂ ᠰᠠᠲ᠋ᠲ᠋ᠸᠫᠠᠷᠢᠶᠠᠩᠺᠠ ᠶ᠋ᠢᠨ ᠳᠠᠷᠠᠭᠠᠬᠢ ᠰᠠᠭᠤᠳᠠᠯ ᠰᠢᠦ᠃ ᠯᠠᠮᠠ ᠬᠥᠮᠦᠨ ᠡᠢᠮᠦ ᠪᠡᠷ ᠰᠠᠭᠤᠬᠤᠶ᠎ᠠ ᠬᠣᠪᠣᠷ᠃ ᠡᠨᠡ ᠪᠣᠯ ᠨᠣᠶᠠᠳ ᠶᠡᠬᠡᠰ ᠦ᠋ᠨ ᠰᠠᠭᠤᠳᠠᠯ᠃ ᠭᠡᠪᠡᠴᠦ ᠱᠠᠰᠢᠨ ᠤ᠋ ᠲᠦᠰᠢᠮᠡᠯ ᠡᠷᠳᠡᠨᠢ ᠡᠭᠦᠪᠡᠷ ᠰᠠᠭᠤᠵᠤ ᠪᠣᠯᠤᠮᠤᠢ ᠭᠡᠵᠦ ᠶᠠᠷᠢᠪᠠ᠃ ᠰᠠᠩᠵᠢ ᠤᠤᠯ ᠵᠢᠭᠠᠭᠰᠠᠨ ᠶᠣᠰᠣᠭᠠᠷ ᠨᠢ ᠬᠢᠵᠦ ᠦᠵᠡᠭᠦᠯᠪᠡ᠃ ᠪᠠᠭᠰᠢ ᠯᠠᠮᠠᠳᠠᠨ ᠲᠡᠭᠦᠨ ᠳ᠋ᠦ᠍ ᠰᠡᠳᠬᠢᠯ ᠥᠶᠥᠭ ᠪᠣᠯᠵᠤ ᠲᠣᠯᠣᠭᠠᠢ ᠪᠡᠨ ᠳᠣᠬᠢᠵᠤ ᠳᠦᠷᠢ ᠠᠮᠤᠰᠬᠢᠨ ᠰᠠᠭᠤᠭᠰᠠᠨ ᠢ᠋ᠶ᠋ᠠᠨ᠄
- ᠶᠣᠵᠣᠭᠣᠷ ᠤ᠋ᠨ ᠨᠢᠭᠤᠷ ᠬᠠᠷ᠎ᠠ ᠬᠥᠬᠡ᠂ ᠬᠣᠶᠠᠷ ᠳᠠᠪᠬᠤᠷ᠂ ᠪᠠᠷᠠᠭᠤᠨ ᠵᠡᠭᠦᠨ ᠨᠢ ᠨᠣᠭᠣᠭᠠᠨ᠂ ᠬᠠᠷ᠎ᠠ ᠮᠣᠳᠣᠷ ᠤ᠋ᠨ ᠠᠩᠬᠠᠨ ᠤ᠋ ᠬᠣᠶᠠᠷ ᠲᠤ᠌ ᠬᠢᠲᠤᠭ᠎ᠠ᠂ ᠭᠠᠪᠠᠯᠠ ᠳᠣᠣᠷᠠᠲᠤ ᠬᠣᠶᠠᠷ ᠲᠤ᠌ ᠢᠯᠳᠦ᠂ ᠭᠠᠪᠠᠯᠠ ᠡᠷᠬᠡ᠂ ᠪᠠᠷᠠᠭᠤᠨ ᠪᠣᠶᠢᠪᠣᠭ ᠢ᠋ᠶ᠋ᠠᠨ ᠬᠤᠮᠢᠵᠤ ᠵᠡᠭᠦᠨ ᠢ᠋ᠶ᠋ᠡᠨ ᠰᠤᠩᠭᠠᠭᠰᠠᠨ ᠁ ᠡᠨᠡ ᠶᠠᠭᠤᠨ ᠤ᠋ ᠬᠥᠷᠥᠭ ᠪᠣᠢ? ᠭᠡᠵᠦ ᠠᠰᠠᠭᠤᠪᠠ᠃ ᠲᠡᠭᠦᠨ ᠳ᠋ᠦ᠍ ᠴᠣᠴᠢᠮᠠᠷ ᠥᠭᠡᠷ᠎ᠡ ᠬᠠᠷᠢᠭᠤ ᠬᠡᠷᠡᠭᠲᠡᠢ᠃
ᠪᠠᠭᠰᠢ ᠯᠠᠮᠠ ᠨᠢ ᠶᠠᠭᠤᠮ᠎ᠠ ᠵᠢᠭᠠᠵᠤ ᠪᠠᠢᠭᠰᠠᠨ ᠢ᠋ᠶ᠋ᠠᠨ ᠭᠡᠨᠡᠳᠲᠡ ᠨᠣᠮ ᠰᠤᠳᠤᠷ ᠠ᠋ᠴᠠ ᠡᠰᠢ ᠲᠠᠲᠠᠵᠤ ᠰᠢᠯᠭᠠᠳᠠᠭ ᠵᠠᠩ ᠲᠠᠢ ᠤᠴᠢᠷ ᠰᠠᠩᠵᠢ ᠡᠨᠡ ᠠᠰᠠᠭᠤᠯᠲᠠ ᠳ᠋ᠤ᠌ ᠴᠣᠴᠢᠭᠰᠠᠨ ᠦᠭᠡᠢ᠂ 《ᠪᠢᠰᠢᠯᠭᠠᠬᠤ ᠴᠠᠭ ᠤ᠋ᠨ ᠢᠲᠡᠭᠡᠯ》ᠭᠡᠳᠡᠭ ᠪᠤᠷᠬᠠᠨ ᠤ᠋ ᠵᠢᠷᠤᠭ ᠤ᠋ᠨ ᠲᠤᠬᠠᠢ ᠠᠰᠠᠭᠤᠵᠤ ᠪᠠᠢᠭ᠎ᠠ ᠶ᠋ᠢ ᠣᠢᠯᠠᠭᠠᠵᠠᠢ᠃ ᠲᠡᠷᠡ ᠨᠢ ᠬᠣᠶᠠᠷ ᠳᠠᠪᠬᠤᠷ ᠲᠣᠯᠣᠭᠠᠢ ᠲᠠᠢ᠂ ᠳᠥᠷᠪᠡᠨ ᠭᠠᠷ ᠲᠠᠢ᠂ ᠪᠠᠷᠠᠭᠤᠨ ᠬᠥᠯ ᠢ᠋ᠶ᠋ᠡᠨ ᠡᠪᠦᠳᠦᠭ ᠢ᠋ᠶ᠋ᠡᠷ ᠨᠤᠭᠤᠯᠤᠰᠬᠢᠵᠤ ᠵᠡᠭᠦᠨ ᠢ᠋ᠶ᠋ᠡᠨ ᠰᠤᠩᠭᠠᠨ ᠵᠣᠭᠰᠣᠭᠰᠠᠨ ᠲᠡᠢᠮᠦ ᠪᠤᠷᠬᠠᠨ ᠠᠵᠢ᠃
- ᠪᠢᠰᠢᠯᠭᠠᠬᠤ ᠴᠠᠭ ᠤ᠋ᠨ ᠢᠲᠡᠭᠡᠯᠲᠦ ᠪᠤᠷᠬᠠᠨ ᠤ᠋ ᠳᠦᠷᠢ ᠪᠠᠢᠨ᠎ᠠ ᠭᠡᠵᠦ ᠰᠠᠩᠵᠢ ᠬᠠᠷᠢᠭᠤᠯᠬᠤ ᠳ᠋ᠤ᠌ ᠪᠠᠭᠰᠢ ᠨᠢ᠄
- ᠨᠣᠮ ᠢ᠋ ᠬᠣᠭᠣᠰᠣᠨ ᠴᠡᠭᠡᠵᠢᠯᠡᠬᠦ ᠪᠤᠰᠤ ᠨᠢᠳᠦ ᠪᠡᠷ ᠦᠵᠡᠵᠦ᠂ ᠭᠠᠷ ᠢ᠋ᠶ᠋ᠠᠷ ᠪᠠᠷᠢᠬᠤ ᠪᠠᠷ ᠪᠢᠰᠢᠯᠭᠠᠬᠤ ᠨᠢ ᠶᠡᠬᠡ ᠰᠠᠢᠨ ᠬᠡᠷᠡᠭ᠃ ᠲᠡᠭᠡᠪᠡᠯ ᠴᠢ ᠪᠠᠷᠠᠭᠤᠨ ᠪᠣᠢᠪᠣᠭ ᠢ᠋ᠶ᠋ᠠᠨ ᠬᠤᠮᠢᠵᠤ᠂ ᠵᠡᠭᠦᠨ ᠢ᠋ᠶ᠋ᠡᠨ ᠰᠤᠩᠭᠠᠭᠰᠠᠨ ᠵᠣᠭᠰᠣᠯᠲᠠ ᠶ᠋ᠢ ᠨᠠᠳᠠ ᠦᠵᠡᠭᠦᠯᠦᠭᠡᠳ ᠣᠷᠭᠢ ᠭᠡᠪᠡ᠃ ᠰᠠᠩᠵᠢ ᠲᠡᠷᠡ ᠳᠠᠷᠤᠢ ᠵᠡᠭᠦᠨ ᠬᠥᠯ ᠢ᠋ᠶ᠋ᠡᠨ ᠲᠡᠨᠢᠯᠭᠡᠨ᠂ ᠪᠠᠷᠠᠭᠤᠨ ᠢ᠋ᠶ᠋ᠠᠨ ᠡᠪᠦᠳᠦᠭ ᠢ᠋ᠶ᠋ᠡᠷ ᠬᠠᠭᠠᠰ ᠨᠤᠭᠤᠯᠤᠨ ᠬᠣᠶᠠᠷ ᠭᠠᠷ ᠢ᠋ᠶ᠋ᠠᠨ ᠳᠡᠭᠡᠭᠰᠢ ᠰᠠᠷᠪᠠᠢᠨ ᠵᠣᠭᠰᠣᠵᠤ ᠦᠵᠡᠭᠦᠯᠪᠡ᠃ ᠪᠠᠭᠰᠢ ᠨᠢ᠄
- ᠮᠥᠨ ᠳᠡ ᠮᠥᠨ! ᠡᠢᠮᠦ ᠵᠣᠭᠰᠣᠯᠲᠠ ᠶ᠋ᠢ ᠫᠠᠷᠠᠲᠢᠶᠠᠯᠢᠳ᠋ᠾᠠ ᠪᠤᠶᠤ ᠪᠠᠷᠠᠭᠤᠨ ᠢ᠋ᠶ᠋ᠠᠨ ᠪᠥᠬᠦᠢᠭᠰᠡᠨ ᠮᠠᠶᠢᠭ ᠭᠡᠳᠡᠭ ᠶᠦᠮ᠃ ᠣᠳᠣ ᠨᠠᠭᠠᠳᠤᠬᠢ ᠰᠢᠭ᠋ ᠢ᠋ᠶ᠋ᠡᠨ ᠵᠡᠭᠦᠨ ᠢ᠋ᠶ᠋ᠡᠨ ᠪᠥᠬᠥᠢᠨ ᠦᠵᠡᠭᠦᠯᠦᠰᠦᠭᠡᠢ! ᠬᠡᠪ᠃ ᠰᠠᠩᠵᠢ ᠪᠠᠷᠠᠭᠤᠨ ᠬᠥᠯ ᠢ᠋ ᠰᠤᠩᠭᠠᠨ ᠵᠢᠭᠢᠵᠦ᠂ ᠵᠡᠭᠦᠨ ᠢ᠋ ᠡᠪᠦᠳᠦᠭ ᠢ᠋ᠶ᠋ᠡᠷ ᠨᠢ ᠲᠠᠬᠢᠢᠯᠭᠠᠨ ᠵᠣᠭᠰᠣᠪᠠ᠃ ᠠᠷᠠᠢ ᠶᠠᠳᠠᠨ ᠲᠣᠭᠲᠠᠵᠤ ᠪᠠᠢᠯ᠎ᠠ᠃
- ᠵᠠ ᠡᠭᠦᠨ ᠢ᠋ ᠵᠡᠭᠦᠨ ᠢ᠋ᠶ᠋ᠡᠨ ᠪᠥᠬᠥᠢᠬᠦ ᠮᠠᠶᠢᠭ ᠪᠤᠶᠤ ᠠᠯᠢᠨᠳ᠋ᠾᠠ ᠵᠣᠭᠰᠣᠯᠭᠠ ᠭᠡᠳᠡᠭ ᠶᠦᠮ᠃ ᠣᠳᠣ ᠴᠢ ᠪᠠᠷᠠᠭᠤᠨ ᠬᠥᠯ ᠢ᠋ ᠡᠪᠦᠳᠦᠭ ᠢ᠋ᠶ᠋ᠡᠷ ᠨᠤᠭᠤᠯᠵᠤ᠂ ᠳᠡᠭᠡᠭᠰᠢ ᠨᠢ ᠠᠭᠠᠷᠴᠠᠭ ᠲᠤ᠌ ᠪᠠᠨ ᠨᠠᠭᠠᠯᠳᠤᠭᠤᠯᠵᠤ ᠵᠡᠭᠦᠨ ᠬᠥᠯ ᠢ᠋ ᠦᠯᠦ ᠮᠡᠳᠡᠭ ᠨᠤᠭᠤᠯᠠᠰᠬᠢᠨ ᠵᠣᠭᠰᠣ ᠬᠡᠪ᠃ ᠡᠭᠦᠨ ᠢ᠋ ᠰᠠᠩᠵᠢ ᠬᠢᠵᠦ ᠴᠢᠳᠠᠬᠤ ᠦᠭᠡᠢ ᠶᠡᠬᠡ ᠯᠡ ᠵᠦᠳᠡᠷᠡᠯ᠎ᠡ᠃ ᠤᠳᠠᠲᠠᠯ᠎ᠠ ᠳᠠᠬᠢᠨ ᠳᠠᠪᠲᠠᠨ ᠬᠢᠯᠭᠡᠭᠰᠡᠨ ᠦ᠌ ᠡᠴᠦᠰ ᠲᠦ᠍ ᠪᠠᠭᠰᠢ ᠯᠠᠮᠠ ᠰᠠᠶᠢ ᠵᠥᠪᠰᠢᠶᠡᠷᠡᠨ ᠰᠠᠢᠰᠢᠶᠠᠵᠤ᠄
- ᠪᠠᠷᠠᠭᠤᠨ ᠪᠣᠢᠪᠣᠭᠣ ᠪᠦᠷᠢᠨ ᠨᠤᠭᠤᠷᠠᠵᠤ ᠵᠡᠭᠦᠨ ᠪᠣᠢᠪᠣᠭᠣ ᠬᠠᠭᠠᠰ ᠨᠤᠭᠤᠷᠠᠭᠰᠠᠨ ᠪᠠᠢᠳᠠᠯ ᠢ᠋ᠶ᠋ᠠᠷ ᠵᠣᠭᠰᠣᠬᠤ ᠶ᠋ᠢ ᠠᠷᠳ᠋ᠾᠠᠫᠠᠷᠢᠶᠠᠩᠺᠠ ᠪᠤᠶᠤ ᠪᠥᠵᠢᠭᠯᠡᠬᠦ ᠮᠠᠶᠢᠭ ᠭᠡᠨ᠎ᠡ᠃ ᠰᠠᠢᠨ ᠲᠣᠭᠲᠠᠭᠠᠵᠤ ᠠᠪ!ᠣᠳᠣ ᠶᠠᠭ ᠲᠡᠷᠡ ᠠᠳᠠᠯᠢ ᠵᠡᠭᠦᠨ ᠲᠠᠯ᠎ᠠ ᠤᠷᠤᠭᠤ ᠶ᠋ᠢ ᠪᠡᠨ ᠤᠤᠯ ᠮᠠᠶᠢᠭ ᠢ᠋ ᠦᠵᠡᠭᠦᠯ! ᠭᠡᠪᠡ᠃ ᠵᠡᠭᠦᠨ ᠢ᠋ᠶ᠋ᠡᠨ ᠪᠥᠬᠥᠢᠭᠰᠡᠨ ᠠᠷᠳ᠋ᠾᠠᠫᠠᠷᠢᠶᠠᠩᠺᠠ ᠭᠡᠳᠡᠭ ᠨᠢ ᠪᠡᠶ᠎ᠡ ᠪᠡᠷ ᠦᠢᠯᠡᠳᠬᠦ ᠳ᠋ᠦ᠍ ᠤᠯᠠᠮ ᠴᠤ᠌ ᠲᠦᠪᠡᠭᠲᠡᠢ ᠪᠠᠢᠵᠠᠢ᠃
- ᠠᠷᠳ᠋ᠾᠠᠫᠠᠷᠢᠶᠠᠩᠺᠠ ᠠᠮᠠᠷᠬᠠᠨ᠃ ᠬᠠᠷᠢᠨ ᠠᠷᠳ᠋ᠾᠠᠫᠠᠷᠢᠶᠠᠩᠺᠠ ᠶ᠋ᠢ ᠬᠢᠬᠦ ᠳ᠋ᠦ᠍ ᠲᠦᠪᠡᠭᠲᠡᠢ ᠪᠠᠢᠳᠠᠭ ᠶᠤᠮ᠃ ᠭᠡᠪᠡᠴᠦ ᠵᠠᠯᠠᠭᠤ ᠬᠥᠮᠦᠨ ᠳᠤ ᠶᠠᠭᠤᠬᠠᠨ ᠪᠠᠢᠬᠤ ᠪᠣᠢ? ᠭᠡᠵᠦ ᠪᠠᠭᠰᠢ ᠯᠠᠮᠠ ᠠᠢᠯᠠᠳᠤᠯ᠎ᠠ᠃ ᠰᠠᠩᠵᠢ ᠬᠢᠴᠢᠶᠡᠨ ᠵᠢᠳᠬᠦᠭᠰᠡᠭᠡᠷ ᠪᠤᠷᠬᠠᠳ ᠤ᠋ᠨ ᠲᠡᠷᠡᠬᠦ ᠬᠡᠪ ᠮᠠᠶᠢᠭ᠂ ᠵᠠᠩᠭᠠᠭ᠎ᠠ ᠲᠣᠬᠢᠭᠠ ᠶ᠋ᠢ ᠪᠠᠭᠰᠢ ᠯᠠᠮᠠ ᠶ᠋ᠢᠨ ᠢ᠋ᠶ᠋ᠡᠨ ᠰᠠᠨᠠᠭᠠᠨ ᠳ᠋ᠤ᠌ ᠲᠠᠭᠠᠷᠠᠬᠤ ᠬᠦᠷᠲᠡᠯ᠎ᠡ ᠨᠢ ᠤᠢᠭ᠎ᠠ ᠦᠭᠡᠢ ᠬᠢᠵᠦ ᠪᠠᠢᠯ᠎ᠠ᠃ ᠪᠠᠭᠰᠢ ᠯᠠᠮᠠ ᠲᠡᠭᠦᠨ ᠳ᠋ᠦ᠍ ᠶᠡᠬᠡ ᠤᠷᠮᠠᠰᠢᠵᠤ᠄
- ᠪᠤᠷᠬᠠᠨ ᠤ᠋ ᠬᠠᠢᠷ᠎ᠠ ᠬᠦᠯᠢᠶᠡᠬᠦ ᠳ᠋ᠦ᠍ ᠬᠣᠯᠠ ᠦᠭᠡᠢ ᠪᠠᠢᠨ᠎ᠠ᠃ ᠡᠢᠮᠦ ᠬᠢᠴᠢᠶᠡᠯ ᠵᠢᠳᠬᠦᠯ ᠲᠡᠢ ᠱᠠᠪᠢ ᠯᠠ ᠪᠤᠷᠬᠠᠨ ᠳ᠋ᠤ᠌ ᠬᠡᠷᠡᠭᠲᠡᠢ ᠭᠡᠵᠦ ᠰᠠᠢᠰᠢᠶᠠᠭᠰᠠᠨ ᠢ᠋ᠶ᠋ᠠᠨ᠄
- ᠵᠠ ᠣᠳᠣ ᠬᠠᠮᠤᠭ ᠤ᠋ᠨ ᠲᠦᠪᠡᠭᠲᠡᠢ ᠠᠺᠠᠯᠠᠫᠠᠷᠢᠶᠠᠩᠺᠠ ᠵᠣᠭᠰᠣᠯᠭᠠ ᠶ᠋ᠢ ᠰᠤᠷᠤᠨ᠎ᠠ᠃ ᠬᠣᠶᠠᠷ ᠶᠠᠩᠵᠤ ᠪᠣᠢ᠃ ᠪᠠᠷᠠᠭᠤᠨ ᠪᠣᠢᠪᠠᠭᠠ ᠶ᠋ᠢ ᠡᠪᠦᠳᠦᠭ ᠢ᠋ᠶ᠋ᠡᠷ ᠬᠠᠭᠠᠰ ᠨᠤᠭᠤᠯᠤᠨ ᠵᠡᠭᠦᠨ ᠪᠣᠢᠪᠠᠭᠠ ᠶ᠋ᠢ ᠠᠷᠤ ᠲᠡᠰᠢ ᠨᠤᠭᠤᠯᠤᠨ ᠲᠠᠪᠠᠬᠠᠢ ᠶ᠋ᠢ ᠳᠡᠭᠡᠭᠰᠢ ᠬᠠᠷᠠᠭᠤᠯᠤᠨ ᠥᠰᠥᠭᠡᠢ ᠪᠡᠨ ᠥᠭᠡᠵᠡᠭ ᠲᠡᠢ ᠦᠯᠦ ᠮᠡᠳᠡᠭ ᠬᠦᠷᠭᠦᠰᠬᠢᠨ ᠵᠣᠭᠰᠣ᠃ ᠲᠡᠭᠡᠵᠦ ᠴᠢᠳᠠᠪᠠᠯ ᠠᠺᠠᠯᠠᠫᠠᠷᠢᠶᠠᠩᠺᠠ ᠮᠠᠶᠢᠭ ᠮᠥᠨ! ᠭᠡᠪᠡ᠃ ᠲᠡᠷᠡ ᠶᠣᠰᠣᠭᠠᠷ ᠵᠣᠭᠰᠣᠬᠤ ᠭᠡᠲᠡᠯ᠎ᠡ ᠴᠢᠳᠠᠬᠤ ᠦᠭᠡᠢ ᠪᠠᠢᠭᠰᠠᠨ ᠲᠤᠯᠠ ᠰᠠᠩᠵᠢ ᠶ᠋ᠢ ᠲᠦᠷ ᠠᠮᠤᠰᠬᠢᠬᠦ ᠶ᠋ᠢ ᠪᠠᠭᠰᠢ ᠨᠢ ᠵᠥᠪᠰᠢᠶᠡᠷᠡᠪᠡ᠃ ᠠᠺᠠᠯᠢᠨ ᠬᠡᠪ ᠮᠠᠶᠢᠭ ᠢ᠋ᠶ᠋ᠠᠷ ᠵᠣᠭᠰᠣᠬᠤ ᠨᠥᠭᠦᠭᠡ ᠨᠢᠭᠡ ᠬᠤᠪᠢᠯᠪᠤᠷᠢ ᠨᠢ ᠭᠠᠭᠴᠠᠬᠠᠨ ᠬᠥᠯ ᠢ᠋ᠶ᠋ᠡᠨ ᠥᠭᠡᠷᠡᠴᠢᠯᠡᠬᠦ ᠡᠴᠡ ᠥᠭᠡᠷ᠎ᠡ ᠵᠦᠢᠯ ᠦᠭᠡᠢ ᠪᠣᠯᠪᠠᠴᠤ ᠲᠡᠭᠦᠨ ᠢ᠋ ᠪᠡᠶ᠎ᠡ ᠪᠡᠷ ᠬᠢᠬᠦ ᠳ᠋ᠦ᠍ ᠲᠦᠪᠡᠭᠲᠡᠢ ᠠᠵᠢ᠃ ᠭᠠᠭᠴᠠᠬᠦ ᠵᠢᠷᠤᠭ ᠳᠡᠭᠡᠷ᠎ᠡ ᠲᠡᠢᠮᠦ ᠪᠡᠷ ᠳᠦᠷᠰᠦᠯᠡᠵᠦ ᠪᠣᠯᠬᠤ ᠶᠤᠮ᠃ ᠭᠡᠪᠡᠴᠦ ᠶᠣᠣ ᠶᠢᠨ ᠳᠠᠰᠬᠠᠯ ᠬᠢᠭᠰᠡᠭᠡᠷ ᠰᠣᠷᠣᠭᠰᠠᠨ ᠬᠥᠮᠥᠨ ᠳ᠋ᠦ᠍ ᠪᠣᠯ ᠡᠢᠮᠦᠷᠬᠡᠦ ᠬᠡᠪ ᠮᠠᠶᠢᠭ ᠢ᠋ᠶ᠋ᠠᠷ ᠰᠠᠭᠤᠬᠤ᠂ ᠵᠣᠭᠰᠣᠬᠤ ᠭᠡᠭᠴᠢ ᠰᠠᠨᠠᠭᠠᠨ ᠤ᠋ ᠳᠤᠷ᠎ᠠ ᠶ᠋ᠢᠨ ᠬᠡᠷᠡᠭ ᠪᠣᠯᠤᠨ᠎ᠠ᠃ ᠪᠤᠷᠬᠠᠳ ᠤ᠋ᠨ ᠬᠡᠪ ᠮᠠᠶᠢᠭ᠂ ᠵᠠᠩᠭᠠᠭ᠎ᠠ ᠳᠣᠬᠢᠶᠠᠨ ᠤ᠋ ᠬᠡᠯᠡ ᠨᠢ ᠬᠥᠮᠦᠨ ᠦ᠌ ᠵᠢᠷ ᠦᠨ ᠠᠮᠢᠳᠤᠷᠠᠯ ᠳ᠋ᠤ᠌ ᠲᠣᠬᠢᠶᠠᠯᠳᠤᠬᠤ ᠪᠠᠷ ᠦᠭᠡᠢ ᠲᠡᠢᠮᠦ ᠥᠪᠡᠷᠮᠢᠴᠡ ᠪᠠᠢᠬᠤ ᠶᠣᠰᠣᠲᠠᠢ ᠭᠡᠵᠦ ᠡᠷᠲᠡᠨ ᠡᠴᠡ ᠤᠯᠠᠮᠵᠢᠯᠠᠭᠳᠠᠨ ᠲᠣᠭᠲᠠᠵᠠᠢ᠃
- ᠬᠡᠴᠡᠭᠦᠦ ᠶ᠋ᠢ ᠨᠢ ᠡᠬᠢᠯᠡᠭᠡᠳ ᠰᠤᠷᠴᠢᠬᠠᠪᠠᠯ ᠬᠥᠩᠭᠡᠨ ᠢ᠋ ᠶᠠᠭᠠᠬᠢᠵᠤ ᠴᠦ᠍ ᠪᠠᠢᠭᠰᠠᠨ ᠴᠢᠳᠠᠳᠠᠭ ᠪᠣᠯᠣᠨ᠎ᠠ ᠭᠡᠵᠦ ᠯᠠᠮᠠ ᠪᠠᠭᠰᠢ ᠨᠢ ᠰᠤᠷᠭᠠᠮᠵᠢᠯᠠᠬᠤ ᠳ᠋ᠤ᠌ ᠰᠠᠩᠵᠢ《ᠨᠡᠭᠡᠷᠡᠨ ᠦᠨᠡᠨ ᠦᠭᠡ ᠳᠡ᠃ ᠡᠬᠢᠯᠡᠭᠡᠳ ᠬᠡᠴᠡᠭᠦᠦ ᠡᠴᠡ ᠨᠢ ᠯᠡ ᠪᠠᠷᠢᠵᠤ ᠠᠪᠤᠪᠠᠯ ᠲᠠᠭᠠᠷᠠᠨ᠎ᠠ》 ᠭᠡᠵᠦ ᠪᠣᠳᠣᠯ᠎ᠠ᠃ ᠪᠠᠭᠰᠢ ᠯᠠᠮᠠ᠄
- ᠬᠣᠶᠠᠷ ᠭᠠᠷ ᠤ᠋ᠨ ᠠᠷᠪᠠᠨ ᠬᠤᠷᠤᠭᠤ ᠶ᠋ᠢ ᠬᠣᠣᠰᠯᠠᠭᠤᠯᠤᠨ ᠦᠵᠡᠭᠦᠯᠬᠦ ᠵᠠᠩᠭᠠᠭ᠎ᠠ ᠳᠣᠬᠢᠶ᠎ᠠ ᠠᠷᠪᠠᠨ ᠬᠡᠳᠦᠨ ᠶᠠᠩᠵᠤ ᠪᠣᠢ᠃ ᠲᠡᠭᠦᠨ ᠢ᠋ ᠴᠢ ᠪᠣᠯ ᠠᠮᠠᠷᠬᠠᠨ ᠬᠢᠵᠦ ᠴᠢᠳᠠᠬᠤ ᠤᠴᠢᠷ ᠪᠢ ᠵᠥᠪᠬᠡᠨ ᠬᠡᠯᠡᠬᠦ᠂ ᠦᠵᠡᠭᠦᠯᠬᠦ ᠲᠡᠳᠦᠢ ᠪᠡᠷ ᠬᠢᠴᠢᠶᠡᠯ ᠢ᠋ᠶ᠋ᠡᠨ ᠳᠠᠭᠤᠰᠬᠠᠪᠤᠷᠢ ᠪᠣᠯᠭᠠᠨ᠎ᠠ ᠭᠡᠪᠡ᠃
ᠰᠠᠩᠵᠢ ᠲᠡᠢᠨ ᠬᠦ᠌ ᠪᠤᠷᠬᠠᠳ ᠤ᠋ᠨ ᠬᠡᠪ ᠮᠠᠶᠢᠭ᠂ ᠰᠠᠭᠤᠬᠤ᠂ ᠵᠣᠭᠰᠣᠬᠤ ᠶ᠋ᠢᠨ ᠶᠣᠰᠣ᠂ ᠳᠣᠬᠢᠶ᠎ᠠ ᠵᠠᠩᠭᠠᠭ᠎ᠠ ᠶᠢᠨ ᠤᠴᠢᠷ ᠢ᠋ ᠵᠢᠭᠠᠯᠭᠠᠨ ᠥᠪᠡᠷ ᠦ᠋ᠨ ᠪᠡᠶ᠎ᠡ ᠪᠡᠷ ᠦᠢᠯᠡᠳᠦᠨ ᠰᠤᠷᠬᠤ ᠶ᠋ᠢᠨ ᠬᠠᠮᠲᠤ ᠪᠠᠭᠰᠢ ᠯᠠᠮᠠ ᠶ᠋ᠢᠨ ᠢᠶᠠᠨ ᠪᠦᠲᠦᠭᠡᠯ ᠦ᠋ᠨ ᠥᠷᠥᠭᠡᠨ ᠳ᠋ᠦ᠍ ᠡᠯᠭᠦᠭᠡᠰᠦᠲᠡᠢ ᠪᠠᠢᠳᠠᠭ ᠭᠥᠷᠦᠭ ᠨᠦ᠍ᠭᠦᠳ᠂ ᠪᠠᠷᠢᠮᠠᠯ᠂ ᠱᠤᠭᠤᠮᠠᠯ ᠤ᠋ᠳ ᠠ᠋ᠴᠠ ᠦᠯᠢᠭᠡᠷ ᠠᠪᠴᠤ ᠨᠡᠯᠢᠶᠡᠳ ᠰᠠᠢᠨ ᠲᠥᠰᠦᠭᠡᠯᠡᠯ ᠲᠡᠢ ᠪᠣᠯᠵᠠᠢ᠃ ᠭᠡᠪᠡᠴᠦ ᠪᠠᠭᠰᠢ ᠯᠠᠮᠠ ᠭᠡᠨᠳᠡᠨᠪᠠᠯᠳᠠᠨ ᠬᠢᠷᠢ ᠪᠠᠷᠤᠭ ᠤ᠋ᠨ ᠶᠠᠭᠤᠮ᠎ᠠ ᠶ᠋ᠢ ᠲᠣᠭᠣᠵᠤ ᠰᠡᠳᠬᠢᠯ ᠨᠢ ᠬᠠᠨᠳᠠᠭ ᠦᠭᠡᠢ ᠲᠤᠯᠠ ᠰᠠᠩᠵᠢ ᠶ᠋ᠢᠨ ᠬᠢᠴᠢᠶᠡᠯ ᠵᠢᠳᠬᠦᠯ ᠢ᠋ ᠲᠡᠳᠦᠢ ᠯᠡ ᠰᠠᠢᠰᠢᠶᠠᠬᠤ ᠠ᠋ᠴᠠ ᠪᠠᠨ ᠤᠷᠢᠳ ᠢ᠋ᠶ᠋ᠠᠷ ᠥᠭᠡᠯᠡᠬᠦ ᠶ᠋ᠢ ᠯᠠ ᠡᠷᠡᠮᠡᠯᠵᠡᠨ᠎ᠡ᠃ ᠲᠡᠷᠡ ᠨᠢ ᠴᠤ᠌ ᠰᠠᠩᠵᠢ ᠳ᠋ᠤ᠌ ᠬᠡᠷᠡᠭ ᠪᠣᠯᠵᠤ ᠪᠠᠢᠯ᠎ᠠ᠃ ᠪᠠᠭᠰᠢ ᠯᠠᠮᠠ ᠴᠠᠭ ᠦᠷᠭᠦᠯᠵᠢ᠄
- ᠮᠤᠩᠬᠠᠭ ᠱᠠᠪᠢ ᠶᠢᠨ ᠪᠠᠭᠰᠢ ᠵᠣᠪᠠᠭᠤᠷᠢ ᠭᠡᠭᠴᠢ ᠪᠡᠷ ᠪᠢ ᠴᠣ ᠵᠣᠪᠠᠬᠤ ᠨᠢ ᠠ᠋! ᠨᠠᠭᠠᠳᠤᠬᠢ ᠴᠢᠨᠢ ᠸᠠᠵᠢᠷᠠᠬᠢᠮᠺᠠᠷᠠᠮᠤᠲᠤᠷ ᠪᠢᠰᠢ ᠬᠠᠷᠢᠨ ᠫᠷᠠᠵᠢᠨᠠᠯᠢᠩᠭᠠᠨᠠᠪᠬᠢᠨᠢᠶᠠᠮᠤᠲᠤᠷ ᠪᠣᠯᠤᠨ ᠬᠤᠪᠢᠷᠠᠪᠠ᠃ ᠲᠡᠪᠡᠷᠢᠬᠦ ᠶ᠋ᠢ ᠦᠵᠡᠭᠦᠯᠦᠭᠰᠡᠨ ᠳᠣᠬᠢᠶ᠎ᠠ᠃ ᠡᠭᠦᠨ ᠢ᠋ ᠠᠷᠢᠭᠤᠨ ᠪᠤᠷᠬᠠᠳ ᠦᠯᠦ ᠬᠢᠮᠣᠢ᠃ ᠭᠠᠭᠴᠠ ᠬᠦ᠌ ᠬᠢᠯᠢᠩᠲᠦ ᠠᠢᠮᠠᠭ ᠤ᠋ᠨ ᠪᠤᠷᠬᠠᠳ ᠱᠠᠰᠢᠨ ᠢ᠋ ᠬᠠᠮᠠᠭᠠᠯᠠᠬᠤ ᠳ᠋ᠤ᠌ ᠳᠣᠬᠢᠶ᠎ᠠ ᠪᠤᠯᠭᠠᠨ ᠬᠢᠨ᠎ᠡ᠃ ᠨᠢᠭᠦᠯᠲᠦ ᠡᠮᠡᠰ ᠢ᠋ ᠲᠡᠪᠡᠷᠢᠨ ᠠᠪᠴᠤ ᠠᠷᠢᠭᠤᠨ ᠶᠠᠪᠤᠳᠠᠯᠲᠠᠨ ᠳ᠋ᠤ᠌ ᠬᠣᠣᠷ ᠦᠭᠡᠢ ᠪᠣᠯᠭᠠᠵᠤ ᠪᠠᠢᠭ᠎ᠠ ᠶ᠋ᠢᠨ ᠳᠣᠬᠢᠶ᠎ᠠ ᠶᠤᠮ᠃ ᠲᠡᠷᠡ ᠵᠡᠭᠦᠨ ᠬᠠᠨᠠᠨ ᠳ᠋ᠤ᠌ ᠪᠠᠢᠭ᠎ᠠ ᠶ᠋ᠢ ᠬᠠᠷ᠎ᠠ᠃ ᠮᠠᠬᠠᠰᠤᠸᠠᠷ ᠡᠷᠢᠬᠡ ᠬᠤᠷᠢᠶᠠᠬᠤ ᠪᠠᠢᠳᠠᠯ ᠢ᠋ᠶ᠋ᠠᠷ ᠪᠡᠶ᠎ᠡ ᠶ᠋ᠢᠨ ᠥᠩᠭᠡ ᠤᠯᠠᠭᠠᠨ᠂ ᠡᠬᠡ ᠤᠮᠠᠳᠢᠸᠢᠢ ᠤ᠋ᠨ ᠤᠯᠠᠭᠠᠨ ᠲᠠᠢ ᠤᠴᠠᠷᠠᠭᠰᠠᠨ᠂ ᠱᠠᠮᠫᠤᠷᠠᠯᠸᠠᠩᠵᠢᠳ ᠪᠤᠶᠤ ᠪᠤᠰᠤᠳ ᠤᠨ ᠬᠤᠪᠢᠯᠤᠭᠰᠠᠨ ᠳ᠋ᠤ᠌ ᠪᠡᠶᠡᠰᠤᠭᠴᠢ ᠲᠩᠷᠢ ᠶ᠋ᠢᠨ ᠣᠷᠣᠨ ᠢ᠋ᠶ᠋ᠠᠨ ᠣᠷᠣᠰᠢᠳᠠᠭ ᠢ᠋ᠶ᠋ᠠᠷ ᠳᠦᠷᠰᠦᠯᠡᠭᠰᠡᠨ ᠪᠠᠢᠭ᠎ᠠ ᠪᠢᠵᠡ!ᠭᠡᠵᠦ ᠠᠰᠠᠭᠤᠭᠠᠳ ᠵᠡᠭᠦᠨ ᠬᠠᠨᠠᠨ ᠵᠦᠭ ᠵᠢᠭᠠᠪᠠ᠃ ᠲᠡᠨᠳᠡ ᠮᠠᠬᠠᠰᠤᠸᠠᠷ ᠤ᠋ᠨ ᠤᠯᠠᠭᠠᠨ ᠳᠦᠷᠢ ᠮᠥᠨ ᠥᠪᠡᠷ ᠲᠠᠢ ᠠᠳᠠᠯᠢ ᠤᠯᠠᠭᠠᠨ ᠥᠩᠭᠡᠲᠦ ᠤᠮᠠᠳᠢᠸᠢᠢ ᠭᠡᠳᠡᠭ ᠡᠮ᠎ᠡ ᠶᠢ ᠲᠡᠪᠡᠷᠢᠭᠰᠡᠨ ᠪᠠᠢᠳᠠᠯ ᠢᠶᠠᠷ ᠵᠢᠷᠤᠭᠰᠠᠨ ᠨᠢ ᠰᠠᠩᠵᠢ ᠶ᠋ᠢᠨ ᠨᠢᠳᠦᠨ᠎ᠡ ᠳᠤᠰᠤᠯ᠎ᠠ᠃ ᠮᠣᠳᠣᠷ ᠢ᠋ ᠨᠢ ᠤᠮᠠᠳᠢᠸᠢᠢ ᠶᠢᠨ ᠪᠦᠰᠡᠯᠡᠬᠡᠢ ᠪᠡᠷ ᠲᠡᠪᠡᠷᠢᠬᠦ ᠮᠡᠲᠦ ᠪᠡᠷ ᠣᠷᠢᠶᠠᠭᠰᠠᠨ ᠢ᠋ᠶ᠋ᠠᠷ ᠵᠢᠷᠤᠵᠠᠢ᠃
- ᠡᠮᠡᠰ ᠯᠤᠭ᠎ᠠ ᠤᠴᠠᠷᠠᠨ ᠲᠡᠪᠡᠷᠢᠭᠰᠡᠨ ᠦ᠌ ᠳᠣᠬᠢᠶ᠎ᠠ ᠶ᠋ᠢ ᠴᠢ ᠬᠠᠮᠢᠭ᠎ᠠ ᠠ᠋ᠴᠠ ᠰᠤᠷᠤᠭᠰᠠᠨ ᠪᠣᠢ? ᠪᠢ ᠲᠡᠭᠦᠨ ᠢ ᠵᠢᠭᠠᠭ᠎ᠠ ᠦᠭᠡᠢ ᠪᠠᠶᠢᠬᠤ ᠳ᠋ᠤ᠌! ᠭᠡᠵᠦ ᠪᠠᠭᠰᠢ ᠨᠢ ᠳᠠᠬᠢᠨ ᠠᠰᠠᠭᠤᠯ᠎ᠠ᠃ ᠰᠠᠩᠵᠢ ᠢᠴᠢᠩᠭᠦᠷᠡᠨ ᠠᠶᠤᠵᠤ᠄
- ᠪᠠᠭᠰᠢᠲᠠᠨ ᠥᠷᠥᠰᠢᠶᠡ! ᠪᠢ ᠬᠡᠨ ᠢ᠋ᠶ᠋ᠡᠷ ᠴᠤ᠌ ᠵᠢᠭᠠᠯᠭᠠᠭᠰᠠᠨ ᠦᠭᠡᠢ ᠪᠢᠯᠡ᠃ ᠭᠠᠭᠴᠠᠬᠦ ᠲᠠᠨ ᠤ ᠵᠢᠭᠠᠭᠰᠠᠨ ᠢ᠋ ᠳᠠᠭᠤᠷᠢᠶᠠᠨ ᠦᠢᠯᠡᠳᠬᠦ ᠭᠡᠲᠡᠯ᠎ᠡ ᠡᠢᠮᠦ ᠶᠠᠭᠤᠮ᠎ᠠ ᠪᠣᠯᠤᠯ᠎ᠠ᠃ ᠪᠠᠭᠰᠢᠲᠠᠨ ᠥᠷᠥᠰᠢᠶᠡ! ᠬᠡᠪᠡ᠃
- ᠥᠷᠥᠰᠢᠶᠡᠬᠦ ᠡᠴᠡ ᠤᠷᠢᠳᠠᠪᠡᠷ ᠰᠤᠷᠭᠠᠬᠤ ᠤᠴᠢᠷᠲᠠᠢ᠃ ᠪᠤᠷᠬᠠᠨ ᠤ᠋ ᠶᠣᠰᠣ ᠨᠠᠷᠢᠨ᠃ ᠡᠢᠮᠦ ᠳᠦ ᠥᠴᠥᠬᠡᠨ ᠲᠡᠳᠦᠢ ᠠᠩᠵᠠᠭᠠᠷᠭᠠ ᠦᠭᠡᠢ ᠱᠠᠪᠢ ᠪᠣᠯ ᠶᠠᠭᠤᠨ ᠳ᠋ᠤ᠌ ᠴᠤ᠌ ᠬᠦᠷᠴᠦ ᠪᠣᠯᠤᠨ᠎ᠠ᠃ ᠠᠶᠤᠰᠢ ᠲᠠᠮᠤ ᠳᠤ ᠣᠷᠣᠬᠤ ᠪᠠᠷ ᠨᠢᠭᠦᠯ᠂ ᠠᠯᠳᠠᠰ ᠢ᠋ ᠨᠢᠭᠡᠨ ᠭᠱᠠᠨ᠎ᠠ ᠨᠢᠳᠦ ᠢᠷᠮᠡᠬᠦ ᠵᠠᠭᠤᠷ᠎ᠠ ᠬᠢᠵᠦ ᠮᠡᠳᠡᠨ᠎ᠡ᠃ ᠡᠢᠮᠦ ᠤᠴᠢᠷ ᠲᠤ᠌ ᠴᠢ ᠮᠢᠨᠦ ᠦᠭᠡ ᠶ᠋ᠢ ᠦᠭᠡᠨ ᠳ᠋ᠦ᠍ ᠲᠣᠭᠠᠴᠠᠵᠤ ᠠᠩᠬᠠᠷᠤᠯ ᠲᠠᠢ ᠰᠣᠨᠣᠰᠬᠤ ᠤᠴᠢᠷᠲᠠᠢ᠃ ᠪᠣᠯᠭᠣᠮᠵᠢ ᠦᠭᠡᠢ ᠡᠴᠡ ᠶᠡᠬᠡ ᠠᠶᠤᠯ ᠳ᠋ᠤ᠌ ᠣᠷᠣᠵᠤ ᠪᠣᠯᠤᠨ᠎ᠠ ᠭᠡᠵᠦ ᠭᠡᠨᠳᠡᠨᠪᠠᠯᠳᠠᠨ ᠯᠠᠮᠠᠲᠠᠨ ᠰᠤᠷᠭᠠᠨ ᠠᠢᠯᠠᠳᠤᠪᠠ᠃ ᠲᠡᠷᠡ ᠶᠡᠬᠡ ᠯᠡ ᠰᠡᠵᠢᠭᠯᠡᠭᠰᠡᠨ ᠰᠢᠨᠵᠢᠲᠡᠢ ᠪᠠᠢᠯ᠎ᠠ᠃ ᠲᠡᠢᠨ ᠬᠦ᠌ ᠪᠤᠷᠬᠠᠳ ᠤ᠋ᠨ ᠵᠠᠪᠢᠯᠠᠬᠤ᠂ ᠵᠣᠭᠰᠣᠬᠤ᠂ ᠵᠠᠩᠭᠠᠬᠤ ᠬᠡᠪ ᠮᠠᠶᠢᠭ ᠢ᠋ ᠶᠡᠬᠡᠩᠬᠢ ᠶ᠋ᠢ ᠵᠢᠭᠠᠵᠤ ᠥᠭᠭᠦᠭᠰᠡᠨ ᠳ᠋ᠡᠭᠡᠨ ᠯᠠᠮᠠ ᠪᠠᠭᠰᠢ ᠨᠢ ᠰᠡᠳᠬᠢᠯ ᠴᠠᠳᠴᠤ᠄
- ᠵᠠ ᠥᠨᠥᠳᠥᠷ ᠲᠦ᠍ ᠪᠡᠨ ᠢᠩᠭᠡᠰᠬᠡᠭᠡᠳ ᠪᠣᠯᠤᠨ᠎ᠠ ᠭᠡᠲᠡᠯ᠎ᠡ ᠭᠠᠳᠠᠭ᠎ᠠ ᠬᠠᠰᠢᠶᠠᠨ ᠤ᠋ ᠣᠯᠤᠰᠤᠨ ᠠ᠋ᠴᠠ ᠬᠡᠨ ᠨᠢᠭᠡ ᠬᠦᠮᠦᠨ ᠲᠠᠲᠠᠭᠰᠠᠨ ᠲᠤᠯᠠ ᠯᠠᠮᠠ ᠶ᠋ᠢᠨ ᠭᠡᠷ ᠲᠡᠬᠢ ᠵᠢᠵᠢᠭᠬᠡᠨ ᠬᠣᠩᠬᠣᠨ ᠤ᠋ ᠬᠡᠯᠡ ᠲᠠᠲᠠᠭᠳᠠᠵᠤ ᠵᠢᠩᠭᠢᠨᠡᠨ ᠳᠤᠤᠭᠠᠷᠤᠪᠠ᠃
- ᠬᠥᠮᠦᠨ ᠢᠷᠡᠬᠦ ᠰᠢᠭ ᠪᠣᠯᠤᠯ᠎ᠠ᠃ ᠣᠴᠢᠭᠠᠳ ᠬᠡᠨ ᠪᠣᠯᠬᠤ ᠶ᠋ᠢ ᠮᠡᠳᠡᠭᠡᠳ ᠢᠷ᠎ᠡ᠃ ᠬᠠᠮᠢᠶ᠎ᠠ ᠦᠭᠡᠢ ᠨᠡᠭᠡᠭᠡᠭᠦᠵᠡᠢ! ᠭᠡᠵᠦ ᠪᠠᠭᠰᠢ ᠨᠢ ᠰᠠᠩᠵᠢ ᠳ᠋ᠤ᠌ ᠳᠤᠰᠢᠶᠠᠯ᠎ᠠ᠃ ᠰᠠᠩᠵᠢ ᠭᠦᠶᠦᠨ ᠭᠠᠷᠴᠤ ᠬᠠᠭᠠᠯᠭᠠᠨ ᠳᠡᠭᠡᠷ᠎ᠡ ᠣᠴᠢᠭᠠᠳ ᠣᠨᠢᠰᠣ ᠶ᠋ᠢ ᠲᠠᠢᠯᠤᠯ ᠦᠭᠡᠢ ᠪᠡᠷ᠄
- ᠬᠡᠨ ᠪᠣᠢ? ᠭᠡᠵᠦ ᠠᠰᠠᠭᠤᠬᠤ ᠳ᠋ᠤ᠌᠄
- ᠪᠢ ᠴᠣᠭᠰᠣᠩ ᠪᠣᠳᠢᠫᠠ ᠪᠠᠢᠨ᠎ᠠ᠂ ᠴᠢᠮᠠᠶ᠋ᠢ ᠰᠤᠷᠠᠭᠯᠠᠵᠤ ᠢᠷᠡᠯ᠎ᠡ᠃ ᠴᠢ ᠰᠠᠩᠵᠢ ᠮᠥᠨ ᠪᠢᠵᠠ ᠳᠠ? ᠭᠡᠬᠦ ᠳ᠋ᠦ᠍ ᠰᠠᠩᠵᠢ᠄
- ᠲᠡᠢᠮᠦ᠃ ᠶᠠᠭᠤ ᠭᠡᠵᠦ ᠨᠠᠮᠠᠶ᠋ᠢ ᠰᠤᠷᠠᠭᠯᠠᠭᠠ ᠪᠣᠢ?
- ᠯᠠᠨᠴᠢᠰᠠ ᠶᠢᠨ ᠭᠠᠵᠠᠷ᠎ᠠ ᠨᠢᠭᠡᠨ ᠮᠣᠩᠭᠣᠯ ᠬᠥᠮᠦᠨ ᠪᠠᠷᠢᠭᠳᠠᠭᠠᠳ ᠪᠠᠢᠭ᠎ᠠ ᠭᠡᠨ᠎ᠡ᠃ ᠲᠡᠷᠡ ᠶ᠋ᠢ ᠠᠰᠠᠭᠤᠵᠤ ᠪᠠᠢᠴᠠᠭᠠᠬᠤ ᠳ᠋ᠤ᠌ ᠴᠢᠮᠠᠶ᠋ᠢ ᠬᠡᠯᠡᠮᠦᠷᠴᠢ ᠪᠡᠷ ᠠᠪᠠᠴᠢᠬᠤ ᠭᠡᠵᠦ ᠳᠠᠭᠤᠳᠠᠭᠤᠯᠤᠭᠰᠠᠨ ᠶᠤᠮ᠃ ᠲᠡᠷᠡ ᠬᠥᠮᠦᠨ ᠴᠢᠨᠦ ᠨᠡᠷ᠎ᠡ ᠶ᠋ᠢ ᠬᠡᠯᠡᠭᠰᠡᠨ ᠭᠡᠨ᠎ᠡ᠃
- ᠮᠢᠨᠦ ᠨᠡᠷ᠎ᠡ ᠲᠡᠢ ᠢᠵᠢᠯ ᠨᠠᠷᠠᠳᠠᠨ ᠮᠠᠨ ᠤ᠋ ᠨᠤᠲᠤᠭ ᠲᠤ᠌ ᠬᠡᠳᠦᠨ ᠠᠷᠪᠠ ᠪᠠᠷ ᠢᠶᠠᠨ ᠪᠣᠢ ᠰᠢᠦ ᠳ᠋ᠡ᠃
- ᠴᠢᠮᠠᠶ᠋ᠢ ᠶᠠᠭ ᠵᠢᠰᠦ ᠪᠡᠷ ᠨᠢ ᠲᠠᠨᠢᠨ᠎ᠠ᠃ ᠨᠢᠭᠡ ᠨᠤᠲᠤᠭ ᠤ᠋ᠨ ᠬᠡᠦᠬᠡᠳ! ᠭᠡᠵᠦ ᠲᠡᠷᠡ ᠬᠦᠮᠦᠨ ᠬᠡᠯᠡᠭᠦᠯᠦᠭᠰᠡᠨ ᠭᠡᠨ᠎ᠡ᠃ ᠲᠡᠭᠡᠬᠦ ᠪᠡᠷ ᠣᠳᠣ ᠬᠣᠶᠠᠭᠤᠯᠠ ᠪᠠᠨ ᠯᠠᠨᠴᠢᠰᠠ ᠶ᠋ᠢᠨ ᠭᠠᠵᠠᠷ ᠣᠴᠢᠶ᠎ᠠ᠃
- ᠵᠠ ᠲᠡᠭᠡᠪᠡᠯ ᠪᠢ ᠪᠠᠭᠰᠢᠲᠠᠨ ᠳ᠋ᠤ᠌ ᠣᠴᠢᠵᠤ ᠭᠤᠶᠤᠭᠠᠳ ᠢᠷᠡᠶ᠎ᠡ᠃ ᠴᠢ ᠬᠠᠭᠠᠯᠭᠠᠨ ᠳᠡᠭᠡᠷ᠎ᠡ ᠪᠠᠢᠵᠤ ᠪᠠᠢ!ᠪᠢ ᠣᠳᠣᠬᠠᠨ ᠡᠷᠭᠢᠭᠡᠳ ᠢᠷᠡᠶ᠎ᠡ᠃ᠢᠩᠭᠢᠵᠦ ᠲᠡᠷᠡ ᠬᠣᠶᠠᠷ ᠶᠠᠷᠢᠯᠴᠠᠭᠠᠳ ᠰᠠᠩᠵᠢ ᠡᠷᠭᠢᠵᠦ ᠭᠦᠶᠦᠪᠡ᠃ ᠪᠠᠭᠰᠢ ᠯᠠᠮᠠ ᠳ᠋ᠠᠭᠠᠨ ᠤᠴᠢᠷ ᠢ᠋ ᠬᠡᠯᠡᠵᠦ ᠯᠠᠨᠴᠢᠰᠠ ᠶᠢᠨ ᠭᠠᠵᠠᠷ ᠣᠴᠢᠬᠤ ᠵᠥᠪᠰᠢᠶᠡᠷᠡᠯ ᠭᠤᠶᠤᠭᠰᠠᠨ ᠰᠠᠩᠵᠢ ᠶ᠋ᠢᠨ ᠦᠭᠡᠨ ᠳᠦ ᠭᠡᠨᠳᠡᠨᠪᠠᠯᠳᠠᠨ ᠢᠲᠡᠭᠡᠭᠰᠡᠨ ᠦᠭᠡᠢ᠄
- ᠯᠠᠨᠴᠢᠰᠠ ᠶᠢᠨ ᠪᠣᠱᠣᠭ᠎ᠠ ᠪᠠᠷ ᠡᠭᠡᠯ ᠶᠠᠳᠠᠭᠤᠰ ᠠᠯᠬᠤᠨ ᠣᠷᠣᠪᠠᠯ ᠰᠢᠭᠤᠳ ᠪᠠᠷᠢᠵᠤ ᠠᠪᠤᠭᠠᠳ ᠠᠷᠪᠠᠨ ᠳᠥᠷᠪᠡ ᠲᠠᠰᠢᠭᠤᠷᠳᠠᠵᠤ ᠵᠠᠯᠬᠠᠭᠠᠭᠠᠳ ᠳᠠᠷᠠᠭ᠎ᠠ ᠨᠢ ᠬᠡᠷᠡᠭ ᠵᠣᠷᠢᠭ ᠢ᠋ ᠠᠰᠠᠭᠤᠳᠠᠭ ᠶᠣᠰᠣᠲᠠᠢ ᠶᠤᠮ᠃ ᠴᠢᠮ᠎ᠠ ᠰᠢᠭ᠋ ᠬᠥᠮᠥᠨ ᠳᠦ ᠲᠡᠭᠦᠪᠡᠷ ᠣᠷᠣᠬᠤ ᠬᠡᠷᠡᠭ ᠪᠠᠢᠬᠤ ᠦᠭᠡᠢ ᠭᠡᠪᠡ᠃
- ᠴᠣᠭᠰᠤᠩ ᠪᠣᠳᠢᠫᠠ ᠢᠷᠡᠭᠡᠳ ᠲᠡᠭᠡᠵᠦ ᠬᠡᠯᠡᠯ᠎ᠡ᠃ ᠲᠡᠷᠡ ᠯᠠᠪ ᠦᠨᠡᠨ ᠪᠠᠢᠬᠤ᠃ ᠪᠢ ᠨᠢᠭᠡ ᠬᠡᠷᠡᠭᠲᠡᠨ ᠳ᠋ᠦ᠍ ᠬᠡᠯᠡᠮᠦᠷᠴᠢᠯᠡᠬᠦ ᠶᠦᠮ ᠭᠡᠨ᠎ᠡ᠃ ᠮᠠᠨ ᠤ᠋ ᠨᠤᠲᠤᠭ ᠤ᠋ᠨ ᠬᠥᠮᠦᠨ ᠭᠡᠨ᠎ᠡ᠃ ᠣᠴᠢᠬᠤ ᠦᠭᠡᠢ ᠪᠠᠢᠬᠤ ᠮᠠᠭᠤᠬᠠᠢ ᠪᠢᠵᠡ ᠭᠡᠬᠦ ᠮᠡᠲᠦ ᠪᠡᠷ ᠰᠠᠩᠵᠢ ᠪᠠᠭᠰᠢ ᠶ᠋ᠢ ᠪᠡᠨ ᠢᠳᠬᠠᠵᠤ ᠰᠡᠭᠦᠯ ᠳ᠋ᠦ᠍ ᠨᠢ ᠴᠣᠭᠰᠤᠩ ᠪᠣᠳᠢᠫᠠ ᠲᠠᠢ ᠬᠠᠮᠲᠤᠷᠠᠵᠤ ᠭᠤᠶᠤᠭᠰᠠᠭᠠᠷ ᠠᠷᠠᠢ ᠭᠡᠵᠦ ᠵᠥᠪᠰᠢᠶᠡᠷᠡᠭᠦᠯᠪᠡ᠃
ᠴᠣᠭᠰᠤᠩ ᠬᠣᠶᠠᠭᠤᠯᠠ ᠪᠠᠨ ᠯᠠᠨᠴᠢᠰᠠ ᠶᠢᠨ ᠭᠠᠵᠠᠷ ᠣᠴᠢᠬᠤ ᠳ᠋ᠤ᠌ ᠱᠣᠷᠣᠩ ᠠ᠋ᠴᠠ ᠮᠥᠨᠥᠬᠡᠨ ᠬᠣᠷᠢᠭᠳᠠᠯ ᠢ᠋ ᠪᠠᠢᠴᠠᠭᠠᠬᠤ ᠪᠠᠷ ᠭᠠᠷᠭᠠᠵᠤ ᠢᠷᠡᠬᠦ ᠳ᠋ᠦ᠍ ᠨᠢ ᠰᠠᠩᠵᠢ ᠠᠵᠢᠨ ᠬᠠᠷᠠᠪᠠᠯ ᠪᠦᠬᠡᠮᠠᠩᠯᠠᠢ ᠪᠠᠢᠯ᠎ᠠ᠃《ᠠᠰᠢᠭᠦᠢ ᠪᠦᠬᠡᠮᠠᠩᠯᠠᠢ ᠭᠤᠸᠠᠢ ᠠᠮᠢᠳᠤ ᠮᠡᠨᠳᠦ ᠪᠠᠢᠭ᠎ᠠ ᠠᠵᠢ᠃ ᠶᠠᠭᠠᠬᠢᠭᠠᠳ ᠱᠣᠷᠣᠩ ᠳ᠋ᠤ᠌ ᠣᠷᠣᠴᠢᠬᠠᠭᠰᠠᠨ ᠶᠤᠮ ᠪᠣᠯ ᠳᠠ? ᠬᠥᠭᠡᠷᠦᠬᠦᠢ ᠣᠳᠬᠤᠨ ᠡᠭᠡᠴᠢ ᠶ᠋ᠢᠨ ᠰᠡᠳᠬᠢᠯ ᠢ᠋ ᠨᠢ ᠣᠩᠭᠣᠢᠯᠭᠠᠬᠤ ᠶᠤᠮ ᠪᠠᠢᠨ᠎ᠠ ᠳᠠ᠃ ᠱᠣᠷᠣᠩ ᠠ᠋ᠴᠠ ᠠᠷᠭᠠᠯᠠᠵᠤ ᠭᠠᠷᠭᠠᠪᠠᠯ ᠯᠠ ᠪᠣᠯᠤᠭ᠎ᠠ ᠪᠢᠵᠡ》 ᠭᠡᠵᠦ ᠰᠠᠩᠵᠢ ᠪᠣᠳᠣᠯ᠎ᠠ᠃
