ᠬᠥᠬᠡ ᠵᠤᠯᠠ – ᠪᠣᠷᠵᠢᠭᠢᠨ ᠸᠠᠩᠵᠠᠯ - < ᠬᠣᠶᠠᠷ ᠂ ᠲᠥᠷᠥᠯ ᠰᠠᠳᠤᠨ ᠤ ᠳᠠᠭᠤᠳᠠᠯᠭ᠎ᠠ ᠶᠢᠨ ᠪᠦᠯᠦᠭ 4 > Хөх зул – Боржигон Ванжал –" Хоёр ᠂ Төрөл садны дуудлагын бүлэг " 4 ᠵᠠᠩ ᠦᠢᠯᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠥᠬᠡ ᠵᠤᠯᠠ – ᠪᠣᠷᠵᠢᠭᠢᠨ ᠸᠠᠩᠵᠠᠯ - < ᠬᠣᠶᠠᠷ ᠂ ᠲᠥᠷᠥᠯ ᠰᠠᠳᠤᠨ ᠤ ᠳᠠᠭᠤᠳᠠᠯᠭ᠎ᠠ ᠶᠢᠨ ᠪᠦᠯᠦᠭ 4 > Хөх зул – Боржигон Ванжал –" Хоёр ᠂ Төрөл садны дуудлагын бүлэг " 4

ᠬᠥᠬᠡ ᠵᠤᠯᠠ – ᠪᠣᠷᠵᠢᠭᠢᠨ ᠸᠠᠩᠵᠠᠯ - < ᠬᠣᠶᠠᠷ ᠂ ᠲᠥᠷᠥᠯ ᠰᠠᠳᠤᠨ ᠤ ᠳᠠᠭᠤᠳᠠᠯᠭ᠎ᠠ ᠶᠢᠨ ᠪᠦᠯᠦᠭ 4 > Хөх зул – Боржигон Ванжал –" Хоёр ᠂ Төрөл садны дуудлагын бүлэг " 4

ᠠᠩᠭᠢᠯᠠᠯ:ᠵᠠᠩ ᠦᠢᠯᠡ
2023-11-22

300

ᠬᠣᠶᠠᠷ ᠂ ᠲᠥᠷᠥᠯ ᠰᠠᠳᠤᠨ ᠤ ᠳᠠᠭᠤᠳᠠᠯᠭ᠎ᠠ ᠶᠢᠨ ᠪᠦᠯᠦᠭ  – 4

ᠪᠡᠶ᠎ᠡ ᠡᠴᠡ ᠳᠤᠷᠤᠭᠰᠢ ᠦᠶ᠎ᠡ  Биеэс дорогш үе


ᠬᠦᠦ 
       ᠥᠪᠡᠷ ᠡᠴᠡ ᠲᠥᠷᠥᠭᠰᠡᠨ ᠬᠡᠦᠬᠡᠳ ᠦ᠋ᠨ ᠡᠷᠡᠭᠲᠡᠢ ᠶ᠋ᠢ ᠬᠦᠦ ᠭᠡᠵᠦ ᠡᠮᠡᠭᠲᠡᠢ ᠶ᠋ᠢ ᠨᠢ ᠥᠬᠢᠨ ᠭᠡᠨ᠎ᠡ᠃ 
ᠬᠦᠦ ᠪᠡᠷᠢ 
       ᠬᠦᠦ ᠳ᠋ᠦ᠍ ᠬᠠᠤᠯᠢ ᠶᠣᠰᠣ ᠪᠠᠷ ᠬᠤᠷᠢᠮᠯᠠᠵᠤ ᠠᠪᠤᠭᠰᠠᠨ ᠪᠤᠰᠤᠳ ᠣᠪᠣᠭ ᠤ᠋ᠨ ᠡᠮᠡᠭᠲᠡᠢ ᠶ᠋ᠢ ᠬᠦᠦ ᠪᠡᠷᠢ ᠭᠡᠨ᠎ᠡ᠃ 
ᠣᠴᠢ ᠬᠦᠦ  
       ᠪᠠᠰᠠ ᠣᠮᠪᠣᠯᠣ ᠭᠡᠳᠡᠭ᠃ ᠬᠦᠦ ᠶ᠋ᠢᠨ ᠬᠦᠦ ᠶ᠋ᠢ ᠣᠴᠢ ᠬᠦᠦ ᠭᠡᠨ᠎ᠡ᠃ ᠣᠴᠢ ᠭᠡᠳᠡᠭ ᠲᠦ᠍ ᠭᠠᠯ ᠬᠤᠯᠤᠮᠲᠠ ᠶ᠋ᠢ ᠰᠠᠬᠢᠨ ᠰᠡᠷᠭᠦᠭᠡᠬᠦ ᠦᠷ᠎ᠡ ᠭᠡᠰᠡᠨ ᠤᠳᠬ᠎ᠠ ᠲᠠᠢ᠃ ᠶᠣᠰᠣᠲᠠᠢ ᠮᠣᠩᠭᠣᠯ ᠳᠠᠭᠤᠳᠠᠯᠭ᠎ᠠ ᠰᠢᠦ᠃ 
ᠣᠴᠢ ᠪᠡᠷᠢ 
       ᠣᠴᠢ ᠬᠦᠦ ᠳ᠋ᠦ᠍ ᠬᠠᠤᠯᠢ ᠶᠣᠰᠣ ᠪᠠᠷ ᠬᠤᠷᠢᠮᠯᠠᠵᠤ ᠪᠠᠭᠤᠯᠭᠠᠭᠰᠠᠨ ᠪᠤᠰᠤᠳ ᠣᠪᠣᠭ ᠤ᠋ᠨ ᠡᠮᠡᠭᠲᠡᠢ ᠶ᠋ᠢ ᠣᠴᠢ ( ᠣᠮᠪᠣᠯᠣ ) ᠪᠡᠷᠢ ᠭᠡᠨ᠎ᠡ᠃ 
ᠵᠢᠴᠢ ᠬᠦᠦ 
       ᠪᠠᠰᠠ ᠳᠣᠮᠪᠣᠯᠣ ᠭᠡᠳᠡᠭ ᠣᠴᠢ ᠬᠦᠦ ᠶ᠋ᠢᠨ ᠬᠦᠦ ᠶ᠋ᠢ ᠵᠢᠴᠢ ( ᠳᠣᠮᠪᠣᠯᠣ ) ᠬᠦᠦ ᠭᠡᠨ᠎ᠡ᠃ 
ᠵᠢᠴᠢ ᠪᠡᠷᠢ 
       ᠵᠢᠴᠢ ᠬᠦᠦ ᠳ᠋ᠦ᠍ ᠬᠠᠤᠯᠢ ᠶᠣᠰᠣ ᠪᠠᠷ ᠬᠤᠷᠢᠮᠯᠠᠭᠰᠠᠨ ᠪᠤᠰᠤᠳ ᠣᠪᠣᠭ ᠤ᠋ᠨ ᠡᠮᠡᠭᠲᠡᠢ ᠶ᠋ᠢ ᠵᠢᠴᠢ ( ᠲᠣᠮᠪᠣᠯᠤ ) ᠪᠡᠷᠢ ᠭᠡᠨ᠎ᠡ᠃ 
ᠵᠢᠴᠢᠨᠴᠢᠷ ᠬᠦᠦ 
       ᠵᠢᠴᠢ ᠬᠦᠦ ᠶ᠋ᠢᠨ ᠬᠦᠦ ᠶ᠋ᠢ ᠵᠢᠴᠢᠨᠴᠢᠷ ᠬᠦᠦ ᠭᠡᠨ᠎ᠡ᠃ 
ᠵᠢᠴᠢᠨᠴᠢᠷ ᠪᠡᠷᠢ 
       ᠵᠢᠴᠢᠨᠴᠢᠷ ᠬᠦᠦ ᠳ᠋ᠦ᠍ ᠬᠠᠤᠯᠢ ᠶᠣᠰᠣ ᠪᠠᠷ ᠬᠤᠷᠢᠮᠯᠠᠨ ᠪᠠᠭᠤᠯᠭᠠᠭᠰᠠᠨ ᠪᠤᠰᠤᠳ ᠣᠪᠣᠭ ᠤ᠋ᠨ ᠡᠮᠡᠭᠲᠡᠢ ᠶ᠋ᠢ ᠵᠢᠴᠢᠨᠴᠢᠷ ᠪᠡᠷᠢ ᠭᠡᠨ᠎ᠡ᠃ 
ᠭᠤᠴᠢ ᠬᠦᠦ    
       ᠵᠢᠴᠢᠨᠴᠢᠷ ᠡᠴᠡ ᠲᠥᠷᠥᠭᠰᠡᠨ ᠬᠦᠦ ᠶ᠋ᠢ ᠭᠤᠴᠢ ᠬᠦᠦ ᠭᠡᠨ᠎ᠡ᠃ 
ᠭᠤᠴᠢ ᠪᠡᠷᠢ 
       ᠭᠤᠴᠢ ᠬᠦᠦ ᠳ᠋ᠦ᠍ ᠬᠠᠤᠯᠢ ᠶᠣᠰᠣ ᠪᠠᠷ ᠬᠤᠷᠢᠮᠯᠠᠵᠤ ᠪᠠᠭᠤᠯᠭᠠᠭᠰᠠᠨ ᠪᠤᠰᠤᠳ ᠣᠪᠣᠭ ᠤ᠋ᠨ ᠡᠮᠡᠭᠲᠡᠢ ᠶ᠋ᠢ ᠭᠤᠴᠢ ᠪᠡᠷᠢ ᠭᠡᠨ᠎ᠡ᠃ 
ᠭᠤᠴᠢᠨᠴᠢᠷ ᠬᠦᠦ  
       ᠭᠤᠴᠢ ᠬᠦᠦ ᠪᠡᠷᠢ ᠡᠴᠡ ᠲᠥᠷᠥᠭᠰᠡᠨ ᠬᠦᠦ ᠶ᠋ᠢ ᠭᠤᠴᠢᠨᠴᠢᠷ ᠬᠦᠦ ᠭᠡᠨ᠎ᠡ᠃ 
ᠭᠤᠴᠢᠨᠴᠢᠷ ᠪᠡᠷᠢ 
       ᠭᠤᠴᠢᠨᠴᠢᠷ ᠬᠦᠦ ᠳ᠋ᠦ᠍ ᠬᠠᠤᠯᠢ ᠶᠣᠰᠣ ᠪᠠᠷ ᠬᠤᠷᠢᠮᠯᠠᠵᠤ ᠪᠠᠭᠤᠯᠭᠠᠭᠰᠠᠨ ᠪᠤᠰᠤᠳ ᠣᠪᠣᠭ ᠤ᠋ᠨ ᠡᠮᠡᠭᠲᠡᠢ ᠶ᠋ᠢ ᠭᠤᠴᠢᠨᠴᠢᠷ ᠪᠡᠷᠢ ᠭᠡᠨ᠎ᠡ᠃ 
ᠵᠢᠭᠦ ᠬᠦᠦ   
       ᠭᠤᠴᠢᠨᠴᠢᠷ ᠬᠦᠦ ᠪᠡᠷᠢ ᠡᠴᠡ ᠲᠥᠷᠥᠭᠰᠡᠨ ᠬᠦᠦ ᠶ᠋ᠢ ᠵᠢᠭᠦ ᠬᠦᠦ ᠭᠡᠨ᠎ᠡ᠃ 
ᠵᠢᠭᠦ ᠪᠡᠷᠢ   
       ᠵᠢᠭᠦ ᠬᠦᠦ ᠳ᠋ᠦ᠍ ᠬᠠᠤᠯᠢ ᠶᠣᠰᠣ ᠪᠠᠷ ᠬᠤᠷᠢᠮᠯᠠᠵᠤ ᠪᠠᠭᠤᠯᠭᠠᠭᠰᠠᠨ ᠪᠤᠰᠤᠳ ᠣᠪᠣᠭ ᠤ᠋ᠨ ᠡᠮᠡᠭᠲᠡᠢ ᠶ᠋ᠢ ᠵᠢᠭᠦ ᠪᠡᠷᠢ ᠭᠡᠨ᠎ᠡ᠃ 
ᠵᠢᠯᠢᠢᠬᠦᠢ ᠬᠦᠦ  
       ᠵᠢᠭᠦ ᠬᠦᠦ ᠡᠴᠡ ᠲᠥᠷᠥᠭᠰᠡᠨ ᠬᠦᠦ ᠶ᠋ᠢ ᠵᠢᠯᠢᠢᠬᠦᠢ ᠬᠦᠦ ᠭᠡᠨ᠎ᠡ᠃ 
ᠵᠢᠯᠢᠢᠬᠦᠢ ᠪᠡᠷᠢ  
       ᠵᠢᠯᠢᠢᠬᠦᠢ ᠬᠦᠦ ᠳ᠋ᠦ᠍ ᠬᠠᠤᠯᠢ ᠶᠣᠰᠣ ᠪᠠᠷ ᠬᠤᠷᠢᠮᠯᠠᠵᠤ ᠪᠠᠭᠤᠯᠭᠠᠭᠰᠠᠨ ᠪᠤᠰᠤᠳ ᠣᠪᠣᠭ ᠤ᠋ᠨ ᠡᠮᠡᠭᠲᠡᠢ ᠶ᠋ᠢ ᠵᠢᠯᠢᠢᠬᠦᠢ ᠪᠡᠷᠢ ᠭᠡᠨ᠎ᠡ᠃ 
ᠲᠡᠯᠢᠢᠬᠦᠢ ᠬᠦᠦ  
       ᠵᠢᠯᠢᠢᠬᠦᠢ ᠬᠦᠦ ᠠᠴᠠ ᠲᠥᠷᠥᠭᠰᠡᠨ ᠬᠦᠦ ᠶ᠋ᠢ ᠲᠡᠯᠢᠢᠬᠦᠢ ᠬᠦᠦ ᠭᠡᠨ᠎ᠡ᠃ 
ᠲᠡᠯᠢᠢᠬᠦᠢ ᠪᠡᠷᠢ   
       ᠲᠡᠯᠢᠢᠬᠦᠢ ᠬᠦᠦ ᠳ᠋ᠦ᠍ ᠬᠠᠤᠯᠢ ᠶᠣᠰᠣ ᠪᠠᠷ ᠬᠤᠷᠢᠮᠯᠠᠵᠤ ᠪᠠᠭᠤᠯᠭᠠᠭᠰᠠᠨ ᠪᠤᠰᠤᠳ ᠣᠪᠣᠭ ᠤ᠋ᠨ ᠡᠮᠡᠭᠲᠡᠢ ᠶ᠋ᠢ ᠲᠡᠯᠢᠢᠬᠦᠢ ᠪᠡᠷᠢ ᠭᠡᠨ᠎ᠡ᠃