ᠮᠠᠨ ᠤ᠋ ᠬᠢᠳ ᠦᠭᠡ ᠪᠡᠨ ᠬᠡᠯᠡᠵᠦ ᠴᠢᠳᠠᠬᠤ ᠪᠠᠨ ᠪᠣᠯᠢᠵᠤ ᠦᠭᠡ ᠣᠢᠯᠠᠭᠠᠬᠤ ᠦᠭᠡᠢ ᠪᠣᠯᠵᠠᠢМанай хяд үгээ хэлж чадхаа болиж үг ойлгохгүй болжээ ᠲᠣᠷᠭᠠᠨ ᠵᠢᠯᠣᠭᠣ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠠᠨ ᠤ᠋ ᠬᠢᠳ ᠦᠭᠡ ᠪᠡᠨ ᠬᠡᠯᠡᠵᠦ ᠴᠢᠳᠠᠬᠤ ᠪᠠᠨ ᠪᠣᠯᠢᠵᠤ ᠦᠭᠡ ᠣᠢᠯᠠᠭᠠᠬᠤ ᠦᠭᠡᠢ ᠪᠣᠯᠵᠠᠢМанай хяд үгээ хэлж чадхаа болиж үг ойлгохгүй болжээ

ᠮᠠᠨ ᠤ᠋ ᠬᠢᠳ ᠦᠭᠡ ᠪᠡᠨ ᠬᠡᠯᠡᠵᠦ ᠴᠢᠳᠠᠬᠤ ᠪᠠᠨ ᠪᠣᠯᠢᠵᠤ ᠦᠭᠡ ᠣᠢᠯᠠᠭᠠᠬᠤ ᠦᠭᠡᠢ ᠪᠣᠯᠵᠠᠢМанай хяд үгээ хэлж чадхаа болиж үг ойлгохгүй болжээ

2023-11-22

681

   ᠵᠠ᠂ ᠥᠨᠥᠳᠥᠷ ᠴᠢᠨᠢ ᠬᠣᠷᠢᠨ ᠳᠣᠯᠣᠳᠠᠬᠢ ᠡᠳᠦᠷ᠂ ᠰᠠᠷᠠ ᠪᠤᠷᠬᠠᠨ ᠤ᠋ ᠬᠣᠷᠢᠨ ᠳᠣᠯᠣᠭᠠᠨ ᠬᠣᠨᠣᠭ ᠰᠠᠭᠤᠭᠰᠠᠨ ᠪᠢᠰᠢ᠂ ᠠᠷᠠᠳ ᠤ᠋ᠨ ᠳᠠᠭᠤᠤ ᠠ᠋ᠴᠠ ᠬᠡᠳᠦᠨ ᠰᠢᠨ᠎ᠡ ᠳᠠᠭᠤᠤ ᠰᠤᠷᠤᠯ᠎ᠠ᠃ ᠠ᠂ ᠦᠳᠡ ᠶ᠋ᠢᠨ ᠡᠮᠦᠨ᠎ᠡ ᠣᠳᠣ ᠡᠨᠡ ᠮᠠᠨ ᠤ᠋ ᠬᠢᠳ ᠨᠢᠭᠡ ᠰᠠᠢᠬᠠᠨ ᠶᠠᠷᠢᠶ᠎ᠠ ᠥᠷᠨᠢᠭᠦᠯᠭᠡ ᠪᠣᠯᠭᠠᠵᠤ ᠣᠴᠢᠭᠠᠳ ᠲᠡᠭᠡᠭᠡᠳ ᠬᠡᠳᠦᠨ ᠦᠭᠡ ᠶᠠᠷᠢᠭᠠᠳ ᠴᠢᠮᠡᠭᠡ ᠲᠠᠰᠤᠷᠠᠴᠢᠬᠠᠯ᠎ᠠ᠃ 
ᠵᠠ᠂ ᠲᠡᠭᠡᠭᠡᠳ《ᠠᠷᠤ ᠰᠢᠯᠢ ᠶ᠋ᠢᠨ ᠳᠣᠮᠣᠭ》 ᠭᠡᠳᠡᠭ ᠳᠠᠭᠤᠤ ᠶ᠋ᠢ ᠳᠠᠭᠤᠯᠠᠴᠢᠬᠠᠶ᠎ᠠ᠂ ᠡᠨᠡ ᠣᠳᠣ ᠶᠡᠬᠡ ᠰᠠᠢᠬᠠᠨ ᠳᠠᠭᠤᠤ ᠶᠤᠮ ᠠ᠋᠂ ᠦᠨᠡᠬᠡᠷ ᠰᠠᠢᠬᠠᠨ ᠳᠠᠭᠤᠤ ᠶᠤᠮ ᠠ᠋!
ᠡᠩᠭᠡᠷ ᠦ᠋ᠨ ᠭᠠᠭᠴᠠ ᠰᠠᠯᠠᠭᠠᠨ ᠤ᠋ ᠦᠷᠢᠯ ᠮᠣᠢᠯ ᠨᠢ ᠨᠢᠯᠪᠤᠰᠤᠷᠠᠩᠬᠠᠨ᠂
ᠡᠯᠭᠦᠭᠦᠷ ᠮᠥᠩᠭᠥᠨ ᠲᠣᠪᠴᠢᠨ ᠤ᠋ ᠤᠶᠠᠨ ᠰᠠᠨᠵᠢ ᠨᠢ ᠳᠥᠯᠥᠷᠡᠭᠡ ᠤᠤ᠂
ᠡᠮᠡᠭᠡᠯ ᠦ᠋ᠨ ᠬᠣᠶᠠᠷ ᠪᠥᠭᠥᠷᠭᠡᠨ ᠳᠡᠭᠡᠷ᠎ᠡ ᠣᠳᠣᠨ ᠤ᠋ ᠭᠡᠭᠡ ᠰᠦᠮᠡᠢᠩᠬᠡᠨ᠂
ᠡᠷᠭᠢᠭᠦᠯᠭᠡ ᠭᠠᠩ ᠳᠥᠷᠦᠭᠡᠨ ᠦ᠌ ᠬᠢᠨᠢ ᠲᠡᠮᠦᠷ ᠲᠠᠪᠠᠭ ᠨᠢ ᠡᠯᠡᠭᠳᠡᠭᠡ ᠤᠤ᠂
ᠠᠢ ᠬᠥᠭᠡᠷᠦᠬᠦᠢ ᠠᠪᠤ ᠮᠢᠨᠢ ᠠᠮᠢᠳᠤᠷᠠᠯ ᠤ᠋ᠨ ᠨᠣᠶᠠᠨ ᠨᠢᠷᠤᠭᠤ ᠮᠢᠨᠢ᠂
ᠠᠭᠯᠠᠭᠬᠠᠨ ᠭᠣᠪᠢ ᠳ᠋ᠤ᠌ ᠪᠠᠨ ᠬᠠᠢᠷᠠᠲᠠᠢ ᠶᠠᠪᠤᠭᠰᠠᠨ ᠠᠷᠤ ᠰᠢᠯᠢ ᠶ᠋ᠢᠨ ᠳᠣᠮᠣᠭ ᠮᠢᠨᠢ ᠳᠡ᠃
ᠬᠠᠮᠲᠤᠷᠠᠯ ᠤ᠋ᠨ ᠬᠥᠬᠡ ᠮᠠᠢᠬᠠᠨ ᠤ᠋ ᠥᠷᠭᠡᠨ ᠵᠠᠢᠴᠠ ᠨᠢ ᠳᠡᠷᠪᠡᠩᠬᠡᠨ᠂
ᠬᠠᠩᠭᠠᠢ ᠶ᠋ᠢᠨ ᠰᠢᠷᠭᠠᠯ ᠨᠠᠮᠤᠷ ᠤ᠋ᠨ ᠳᠤᠷᠳᠤᠩ ᠪᠦᠰᠡ ᠨᠢ ᠰᠠᠭᠠᠷᠠᠭ᠎ᠠ ᠤᠤ᠂
ᠬᠠᠨ ᠠᠭᠤᠯᠠ ᠶ᠋ᠢᠨ ᠪᠤᠷᠭᠠᠰᠤᠨ ᠤ᠋ ᠰᠢᠷᠭᠠᠯ ᠨᠠᠮᠠᠭ᠎ᠠ ᠨᠢ ᠱᠤᠤᠭᠢᠩᠬᠠᠨ᠂
ᠬᠠᠪᠠᠭᠠᠰᠤ ᠲᠠᠢ ᠪᠣᠷᠣ ᠲᠡᠷᠯᠢᠭ ᠦ᠋ᠨ ᠬᠢᠨᠢ ᠡᠩᠭᠡᠷ ᠲᠣᠬᠣᠢ ᠨᠢ ᠡᠯᠡᠭᠳᠡᠭᠡ ᠤᠤ᠂
ᠠᠢ ᠬᠥᠭᠡᠷᠦᠬᠦᠢ ᠠᠪᠤ ᠮᠢᠨᠢ ᠠᠮᠢᠳᠤᠷᠠᠯ ᠤ᠋ᠨ ᠨᠣᠶᠠᠨ ᠨᠢᠷᠤᠭᠤ ᠮᠢᠨᠢ
ᠠᠭᠯᠠᠭᠬᠠᠨ ᠭᠣᠪᠢ ᠳ᠋ᠤ᠌ ᠪᠠᠨ ᠬᠠᠢᠷᠠᠲᠠᠢ ᠶᠠᠪᠤᠭᠰᠠᠨ ᠠᠷᠤ ᠰᠢᠯᠢ ᠶ᠋ᠢᠨ ᠳᠣᠮᠣᠭ ᠮᠢᠨᠢ ᠳᠡ᠃
ᠵᠠ᠂ ᠬᠥᠭᠡᠷᠦᠬᠦᠢ!
ᠠᠷᠠᠳ ᠤ᠋ᠨ ᠳᠠᠭᠤᠤ ᠭᠡᠵᠦ ᠰᠠᠢᠬᠠᠨ ᠶᠤᠮ ᠠ᠋᠂《ᠠᠷᠤ ᠰᠢᠯᠢ ᠶ᠋ᠢᠨ ᠳᠣᠮᠣᠭ》 ᠭᠡᠳᠡᠭ ᠴᠢᠨᠢ ᠪᠣᠯ ᠣᠳᠣ ᠮᠠᠰᠢ ᠰᠠᠢᠬᠠᠨ ᠵᠣᠬᠢᠶᠠᠭᠰᠠᠨ ᠳᠠᠭᠤᠤ᠂ ᠥᠨᠥ ᠪᠣᠯᠲᠠᠯ᠎ᠠ ᠮᠠᠨ ᠤ᠋ ᠥᠪᠥᠷ ᠮᠣᠩᠭᠣᠯᠴᠤᠳ ᠡᠨᠡ《ᠠᠷᠤ ᠰᠢᠯᠢ ᠶ᠋ᠢᠨ ᠳᠣᠮᠣᠭ》 ᠢ᠋ ᠲᠡᠭᠡᠭᠡᠳ ᠶᠠᠭᠠᠬᠢᠭᠠᠳ ᠶᠡᠬᠡ ᠥᠷᠭᠡᠨ ᠳᠡᠯᠭᠡᠷᠡᠩᠭᠦᠢ ᠪᠡᠷ ᠳᠠᠭᠤᠯᠠᠳᠠᠭ ᠦᠭᠡᠢ ᠶᠦᠮ ᠪᠣᠢ⁈ ᠭᠡᠪᠡᠯ ᠮᠢᠨᠦ ᠨᠢᠭᠡ ᠪᠣᠳᠣᠬᠤ ᠪᠠᠷ ᠪᠣᠯᠪᠠᠯ ᠠ᠋᠂ ᠮᠠᠨ ᠤ᠋ ᠬᠢᠳ ᠦᠭᠡ ᠪᠡᠨ ᠬᠡᠯᠡᠵᠦ ᠴᠢᠳᠠᠬᠤ ᠪᠠᠨ ᠪᠣᠯᠢᠭᠰᠠᠨ ᠪᠠᠢᠨ᠎ᠠ᠃ ᠡᠨᠡ《ᠠᠷᠤ ᠰᠢᠯᠢ ᠶ᠋ᠢᠨ ᠳᠣᠮᠣᠭ》 ᠭᠡᠳᠡᠭ ᠳᠡᠭᠡᠷ᠎ᠡ ᠪᠣᠯᠪᠠᠯ ᠡᠨᠡ ᠮᠠᠷᠲᠠᠭᠳᠠᠬᠤ ᠪᠠᠨ ᠰᠢᠬᠠᠭᠰᠠᠨ᠂ ᠮᠠᠷᠲᠠᠵᠤ ᠪᠠᠢᠭ᠎ᠠ ᠮᠠᠨ ᠤ᠋ ᠮᠣᠩᠭᠣᠯ ᠦᠭᠡ ᠶ᠋ᠢ ᠪᠣᠯ ᠡᠨᠡ ᠳᠣᠲᠣᠷ᠎ᠠ ᠬᠠᠴᠢᠨ ᠰᠡᠴᠡᠨ ᠰᠠᠢᠬᠠᠨ ᠬᠡᠷᠡᠭᠯᠡᠵᠡᠢ᠃
ᠡᠨᠡ ᠦᠭᠡ ᠶ᠋ᠢ ᠨᠢ ᠪᠣᠯᠪᠠᠯ ᠵᠠᠷᠢᠮ ᠮᠠᠨ ᠤ᠋ ᠳᠠᠭᠤᠴᠢᠳ ᠪᠣᠯᠪᠠᠯ ᠣᠢᠯᠠᠭᠠᠬᠤ ᠦᠭᠡᠢ ᠪᠠᠢᠭ᠎ᠠ᠂ ᠣᠢᠯᠠᠭᠠᠬᠤ ᠦᠭᠡᠢ ᠪᠠᠢᠨ᠎ᠠ᠃ ᠲᠡᠭᠡᠭᠡᠳ ᠲᠡᠷᠡ ᠦᠭᠡ ᠶ᠋ᠢ ᠨᠢ ᠣᠢᠯᠠᠭᠠᠬᠤ ᠦᠭᠡᠢ ᠤᠴᠢᠷ ᠠ᠋ᠴᠠ ᠰᠡᠳᠬᠢᠯ ᠦ᠋ᠨ ᠥᠩᠭᠡ ᠨᠢ ᠲᠡᠷᠡ ᠦᠭᠡᠨ ᠳᠣᠲᠣᠷ᠎ᠠ ᠰᠢᠩᠭᠡᠭᠰᠡᠨ ᠰᠡᠳᠬᠢᠯ ᠦ᠋ᠨ ᠥᠩᠭᠡ ᠶ᠋ᠢ ᠨᠢ ᠪᠣᠯ ᠣᠯᠵᠤ ᠮᠡᠳᠡᠷᠡᠬᠦ ᠦᠭᠡᠢ ᠪᠠᠢᠨ᠎ᠠ ᠰᠢᠦ᠂ ᠠ᠂ ᠣᠯᠵᠤ ᠮᠡᠳᠡᠷᠡᠬᠦ ᠦᠭᠡᠢ ᠪᠠᠢᠨ᠎ᠠ᠃ ᠵᠢᠱ᠌ᠢᠶᠡᠯᠡᠪᠡᠯ᠄ ᠲᠡᠷᠡ《ᠡᠯᠭᠦᠭᠦᠷ ᠮᠥᠩᠭᠥᠨ ᠲᠣᠪᠴᠢᠨ ᠤ᠋ ᠤᠶᠠᠨ ᠰᠠᠨᠵᠢ ᠨᠢ ᠳᠥᠯᠥᠷᠡᠭᠡ ᠤᠤ》 ᠭᠡᠵᠦ᠂《ᠤᠶᠠᠨ ᠰᠠᠨᠵᠢ》 ᠭᠡᠵᠦ ᠶᠠᠭᠤ ᠶ᠋ᠢ ᠬᠡᠯᠡᠵᠦ ᠪᠠᠢᠨ᠎ᠠ⁈ ᠲᠡᠷᠡ ᠮᠥᠩᠭᠥᠨ ᠲᠣᠪᠴᠢᠨ ᠤ᠋ ᠴᠢᠨᠢ ᠳᠣᠣᠷ᠎ᠠ ᠨᠢ ᠣᠳᠣ ᠪᠠᠷᠢᠵᠤ ᠣᠶᠣᠳᠠᠭ ᠵᠢᠭᠠᠬᠠᠨ ᠭᠠᠷᠠᠬ᠎ᠠ ᠪᠠᠢᠳᠠᠭ ᠰᠢᠦ᠂ ᠡᠨᠡ《ᠳᠥᠯᠥᠷᠡᠨ᠎ᠡ》 ᠭᠡᠳᠡᠭ ᠴᠢᠨᠢ ᠵᠠᠪᠠᠯ ᠲᠡᠢᠮᠦ ᠲᠡᠮᠦᠷ ᠮᠥᠩᠭᠥ ᠲᠡᠢᠮᠦ ᠶᠠᠭᠤᠮ᠎ᠠ ᠪᠠᠷ ᠬᠢᠭᠰᠡᠨ᠂ ᠲᠡᠷᠡ ᠳᠤᠭᠤᠢ ᠭᠠᠷᠠᠬᠠᠨ ᠤ᠋ ᠠᠮᠠ ᠨᠢ ᠢᠩᠭᠢᠭᠡᠳ ᠲᠠᠯᠪᠢᠭᠳᠠᠭᠠᠳ ᠨᠡᠭᠡᠭᠡᠭᠳᠡᠭᠡᠳ ᠳᠥᠯᠥᠷᠡᠬᠦ ᠶ᠋ᠢ ᠪᠣᠯ《ᠳᠥᠯᠥᠷᠡᠨ᠎ᠡ》 ᠭᠡᠵᠦ ᠬᠡᠯᠡᠨ᠎ᠡ ᠰᠢᠳᠡ! ᠲᠡᠭᠡᠬᠦᠯᠡᠷ ᠡᠨᠡ ᠦᠭᠡ ᠶ᠋ᠢ ᠨᠢ ᠣᠢᠯᠠᠭᠠᠬᠤ ᠦᠭᠡᠢ ᠪᠣᠯᠬᠤᠯᠠᠷ ᠡᠨᠡ ᠶᠠᠮᠠᠷ ᠤᠳᠬ᠎ᠠ ᠲᠠᠢ ᠳᠠᠭᠤᠯᠠᠵᠤ ᠪᠠᠢᠬᠤ ᠶ᠋ᠢ ᠨᠢ ᠭᠡᠳᠡᠭ ᠢ᠋ ᠮᠡᠳᠡᠬᠦ ᠦᠭᠡᠢ᠂ ᠲᠡᠭᠡᠭᠡᠳ ᠶᠠᠭᠠᠬᠢᠬᠤ ᠪᠣᠢ ᠳᠠ ᠭᠡᠪᠡᠯ ᠡᠨᠡ ᠳᠠᠭᠤᠤ ᠪᠣᠯᠪᠠᠯ ᠲᠠᠷᠬᠠᠵᠤ ᠴᠢᠳᠠᠭᠰᠠᠨ ᠦᠭᠡᠢ ᠪᠠᠢᠨ᠎ᠠ᠃
ᠦᠨᠡᠨ ᠳ᠋ᠦ᠍ ᠪᠡᠨ ᠪᠣᠯ ᠡᠨᠡ ᠮᠠᠰᠢ ᠰᠠᠢᠬᠠᠨ ᠳᠠᠭᠤᠤ ᠶᠤᠮ ᠠ᠋᠂ ᠮᠠᠨ ᠤ᠋ ᠰᠢᠨ᠎ᠡ ᠵᠣᠬᠢᠶᠠᠮᠠᠯ ᠳᠠᠭᠤᠤ ᠳᠣᠲᠣᠷ᠎ᠠ ᠪᠣᠯ ᠮᠢᠨᠦ ᠦᠵᠡᠬᠦ ᠪᠡᠷ ᠪᠣᠯ ᠡᠨᠡ ᠪᠣᠯ ᠣᠳᠣ ᠡᠨᠡ ᠮᠣᠩᠭᠣᠯ ᠬᠥᠮᠦᠨ ᠦ᠌ ᠠᠮᠢᠳᠤᠷᠠᠯ ᠤ᠋ᠨ ᠡᠨᠡ ᠠᠪᠤ ᠬᠥᠮᠦᠨ ᠦ᠌ ᠬᠥᠭᠡᠷᠦᠬᠦᠢ ᠡᠨᠡ ᠨᠢᠭᠡ ᠠᠳᠤᠭᠤ ᠮᠠᠯ ᠳ᠋ᠤ᠌ ᠪᠠᠨ ᠬᠠᠢᠷᠠᠲᠠᠢ ᠶᠠᠪᠤᠭᠰᠠᠨ᠂ ᠠ ᠲᠡᠢᠮᠦ᠂ ᠬᠠᠪᠠᠭᠠᠰᠤᠲᠠᠢ ᠪᠣᠷᠣ ᠲᠡᠷᠯᠢᠭ ᠦ᠋ᠨ ᠬᠢᠨᠢ ᠡᠩᠭᠡᠷ ᠲᠣᠬᠣᠢ ᠨᠢ ᠰᠡᠮᠡᠷᠡᠭᠰᠡᠨ᠂ ᠡᠢᠮᠦ ᠨᠢᠭᠡ ᠡᠪᠦᠭᠡᠨ ᠨᠠᠰᠤᠲᠠᠢ ᠬᠥᠮᠦᠨ ᠲᠡᠢᠮᠦ ᠠ᠋⁈ ᠢᠩᠭᠢᠭᠡᠳ ᠪᠣᠯ ᠮᠠᠯᠴᠢᠨ ᠬᠥᠮᠦᠨ ᠦ᠌ ᠡᠢᠮᠦ ᠨᠢᠭᠡ ᠳᠠᠭᠤᠯᠠᠭᠰᠠᠨ ᠰᠡᠳᠬᠢᠯ ᠦ᠋ᠨ ᠥᠩᠭᠡ ᠶ᠋ᠢ ᠨᠢ ᠪᠣᠯ ᠦᠨᠡᠬᠡᠷ ᠬᠠᠷᠠᠭᠳᠠᠲᠠᠯ᠎ᠠ ᠭᠠᠷᠭᠠᠵᠤ ᠴᠢᠳᠠᠵᠠᠢ ᠭᠡᠵᠦ ᠪᠢ ᠪᠣᠳᠣᠳᠠᠭ ᠶᠤᠮ᠃
ᠡᠨᠡ ᠰᠠᠢᠬᠠᠨ ᠳᠠᠭᠤᠤ!

   ᠦᠰᠦᠭ ᠠᠮᠢᠯᠠᠭᠤᠯᠤᠭᠴᠢ᠄ ᠮᠥᠩᠬᠡ ᠭᠠᠯ
   ᠦᠰᠦᠭ ᠬᠠᠳᠠᠭᠴᠢ᠄ ᠮᠥᠩᠬᠡ ᠭᠠᠯ
   ᠬᠢᠨᠠᠭᠴᠢ᠄ ᠢᠷᠡᠭᠡᠳᠦᠢ᠂ ᠨᠠᠷᠠᠨᠮᠠᠨᠳᠠ᠂ ᠰᠣᠶᠣᠯ᠂ ᠭᠠᠷᠮ᠎ᠠ᠂ ᠮᠠᠨᠳᠠᠷᠠᠸ᠎ᠠ