ᠬᠥᠬᠡ ᠵᠤᠯᠠ – ᠪᠣᠷᠵᠢᠭᠢᠨ ᠸᠠᠩᠵᠠᠯ - < ᠬᠣᠶᠠᠷ ᠂ ᠲᠥᠷᠥᠯ ᠰᠠᠳᠤᠨ ᠤ ᠳᠠᠭᠤᠳᠠᠯᠭ᠎ᠠ ᠶᠢᠨ ᠪᠦᠯᠦᠭ 3 > Хөх зул – Боржигон Ванжал –" Хоёр ᠂ Төрөл садны дуудлагын бүлэг " 3 ᠵᠠᠩ ᠦᠢᠯᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠥᠬᠡ ᠵᠤᠯᠠ – ᠪᠣᠷᠵᠢᠭᠢᠨ ᠸᠠᠩᠵᠠᠯ - < ᠬᠣᠶᠠᠷ ᠂ ᠲᠥᠷᠥᠯ ᠰᠠᠳᠤᠨ ᠤ ᠳᠠᠭᠤᠳᠠᠯᠭ᠎ᠠ ᠶᠢᠨ ᠪᠦᠯᠦᠭ 3 > Хөх зул – Боржигон Ванжал –" Хоёр ᠂ Төрөл садны дуудлагын бүлэг " 3

ᠬᠥᠬᠡ ᠵᠤᠯᠠ – ᠪᠣᠷᠵᠢᠭᠢᠨ ᠸᠠᠩᠵᠠᠯ - < ᠬᠣᠶᠠᠷ ᠂ ᠲᠥᠷᠥᠯ ᠰᠠᠳᠤᠨ ᠤ ᠳᠠᠭᠤᠳᠠᠯᠭ᠎ᠠ ᠶᠢᠨ ᠪᠦᠯᠦᠭ 3 > Хөх зул – Боржигон Ванжал –" Хоёр ᠂ Төрөл садны дуудлагын бүлэг " 3

ᠠᠩᠭᠢᠯᠠᠯ:ᠵᠠᠩ ᠦᠢᠯᠡ
2023-11-21

282

ᠬᠣᠶᠠᠷ ᠂ ᠲᠥᠷᠥᠯ ᠰᠠᠳᠤᠨ ᠤ ᠳᠠᠭᠤᠳᠠᠯᠭ᠎ᠠ ᠶᠢᠨ ᠪᠦᠯᠦᠭ –3

ᠪᠡᠶ᠎ᠡ ᠶᠢᠨ ᠢᠵᠢᠯᠢ ᠦᠶ᠎ᠡ Биеийн ижил үе


ᠠᠬ᠎ᠠ  
       ᠥᠪᠡᠷ ᠲᠡᠢ ᠨᠢᠭᠡ ᠡᠬᠡᠲᠦ ᠂ ᠨᠠᠰᠤ ᠪᠠᠷ ᠶᠡᠬᠡ ᠶ᠋ᠢ ᠠᠬ᠎ᠠ ᠭᠡᠨ᠎ᠡ᠃ ᠪᠡᠶ᠎ᠡ ᠶ᠋ᠢᠨ ᠢᠵᠢᠯᠢ ᠦᠶ᠎ᠡ᠃ 
ᠪᠡᠷᠭᠡᠨ  
       ᠠᠬ᠎ᠠ ᠳ᠋ᠤ᠌ ᠪᠠᠭᠤᠯᠭᠠᠵᠤ ᠠᠪᠤᠭᠰᠠᠨ ᠪᠤᠰᠤᠳ ᠣᠪᠣᠭ ᠤ᠋ᠨ ᠡᠮᠡᠭᠲᠡᠢ ᠶ᠋ᠢ ᠪᠡᠷᠭᠡᠨ ᠭᠡᠨ᠎ᠡ ᠃ ᠪᠡᠷᠭᠡᠨ ᠭᠡᠳᠡᠭ ᠦᠭᠡᠨ ᠳ᠋ᠦ᠍ ᠠᠬ᠎ᠠ ᠳ᠋ᠤ᠌ ᠪᠠᠭᠤᠯᠭᠠᠭᠰᠠᠨ ᠡᠮᠡᠭᠲᠡᠢ ᠭᠡᠰᠡᠨ ᠭᠣᠣᠯ ᠤᠳᠬ᠎ᠠ ᠪᠠᠢᠬᠤ ᠠ᠋ᠴᠠ ᠭᠠᠳᠠᠨ᠎ᠠ ᠪᠠᠰᠠ ᠠᠬ᠎ᠠ ᠠ᠋ᠴᠠ ᠳᠡᠭᠡᠭᠰᠢᠬᠢ ᠣᠯᠠᠨ ᠦᠶ᠎ᠡ ᠶ᠋ᠢᠨ ᠬᠠᠤᠯᠢ ᠶᠣᠰᠣᠭᠠᠷ ᠬᠤᠷᠢᠮᠯᠠᠵᠤ ᠠᠪᠴᠢᠷᠠᠭᠰᠠᠨ ᠥᠭᠡᠷ᠎ᠡ ᠣᠪᠣᠭ ᠤ᠋ᠨ ᠥᠬᠢᠳ ᠢ᠋ ᠵᠢᠭᠠᠭᠰᠠᠨ ᠪᠠᠰᠠ ᠨᠢᠭᠡ ᠤᠳᠬ᠎ᠠ ᠪᠣᠢ᠃
ᠵᠢᠱ᠌ᠢᠶᠡᠯᠡᠪᠡᠯ : ᠪᠡᠷᠭᠡᠨ᠂ ᠠᠪᠠᠭ᠎ᠠ ᠪᠡᠷᠭᠡᠨ ᠭᠡᠬᠦ ᠮᠡᠲᠦᠴᠢᠯᠡᠨ ᠴᠠᠭᠠᠰᠢ ᠳᠠᠭᠤᠳᠠᠨ᠎ᠠ᠃ 
ᠪᠡᠶ᠎ᠡ    
       ᠥᠪᠡᠷ ᠢ᠋ ᠵᠢᠭᠠᠵᠤ ᠪᠣᠢ ᠃ ᠳᠡᠭᠡᠭᠰᠢ ᠳᠣᠷᠣᠭᠰᠢ 19 ᠦᠶ᠎ᠡ ᠶ᠋ᠢᠨ ᠲᠡᠭ ᠳᠤᠮᠳᠠᠬᠢ ᠨᠢᠭᠡᠲᠡᠭᠴᠢ ᠦᠶ᠎ᠡ᠃ 
ᠪᠡᠷᠢ    
       ᠥᠪᠡᠷ ᠲᠦ᠍ ᠬᠠᠤᠯᠢ ᠶᠣᠰᠣ ᠪᠠᠷ ᠬᠤᠷᠢᠮᠯᠠᠭᠰᠠᠨ ᠪᠤᠰᠤᠳ ᠣᠪᠣᠭ ᠤ᠋ᠨ ᠡᠮᠡᠭᠲᠡᠢ ᠶ᠋ᠢ ᠪᠡᠷᠢ ᠭᠡᠨ᠎ᠡ᠃ ᠪᠡᠷᠢ ᠭᠡᠳᠡᠭ ᠦᠭᠡᠨ ᠳ᠋ᠦ᠍ ᠥᠪᠡᠷ ᠲᠡᠢ ᠬᠤᠷᠢᠮᠯᠠᠭᠰᠠᠨ ᠡᠮᠡᠭᠲᠡᠢ ᠭᠡᠰᠡᠨ ᠭᠣᠣᠯ ᠤᠳᠬ᠎ᠠ ᠪᠠᠢᠬᠤ ᠠ᠋ᠴᠠ ᠭᠠᠳᠠᠨ᠎ᠠ ᠪᠠᠰᠠ ᠥᠪᠡᠷ ᠡᠴᠡ ᠳᠣᠷᠣᠭᠰᠢ ᠣᠯᠠᠨ ᠦᠶ᠎ᠡ ᠪᠦᠷᠢ ᠶ᠋ᠢᠨ ᠬᠠᠤᠯᠢ ᠶᠣᠰᠣ ᠪᠠᠷ ᠬᠤᠷᠢᠮᠯᠠᠵᠤ ᠠᠪᠴᠢᠷᠠᠭᠰᠠᠨ ᠥᠭᠡᠷ᠎ᠡ ᠣᠪᠣᠭ ᠤ᠋ᠨ ᠥᠬᠢᠳ ᠢ᠋ ᠨᠡᠢᠲᠡ  ᠳ᠋ᠦ᠍ᠨᠢ ᠵᠢᠭᠠᠭᠰᠠᠨ ᠪᠠᠰᠠ ᠨᠢᠭᠡ ᠤᠳᠬ᠎ᠠ ᠪᠣᠢ᠃ 
ᠵᠢᠱ᠌ᠢᠶᠡᠯᠡᠪᠡᠯ : ᠪᠡᠷᠢ᠂ ᠳᠡᠭᠦᠦ ᠪᠡᠷᠢ᠂ ᠬᠦᠦ ᠪᠡᠷᠢ᠂ ᠵᠢᠯᠢᠢᠬᠦᠢ ᠪᠡᠷᠢ᠂ ᠲᠡᠯᠢᠢᠬᠦᠢ ᠪᠡᠷᠢ ᠭᠡᠬᠦ ᠮᠡᠲᠦ᠃  
ᠳᠡᠭᠦᠦ   
       ᠥᠪᠡᠷ ᠲᠡᠢ ᠨᠢᠭᠡ ᠡᠬᠡᠲᠦ᠂ ᠨᠠᠰᠤ ᠪᠠᠷ ᠪᠠᠭ᠎ᠠ ᠶ᠋ᠢ ᠳᠡᠭᠦᠦ ᠭᠡᠨ᠎ᠡ᠃ ᠪᠡᠶ᠎ᠡ ᠶ᠋ᠢᠨ ᠢᠵᠢᠯᠢ ᠦᠶ᠎ᠡ ᠳ᠋ᠦ᠍ ᠪᠠᠭᠲᠠᠨ᠎ᠠ᠃ 
ᠳᠡᠭᠦᠦ ᠪᠡᠷᠢ 
       ᠳᠡᠭᠦᠦ ᠳ᠋ᠦ᠍ ᠪᠠᠭᠤᠯᠭᠠᠵᠤ ᠠᠪᠤᠭᠰᠠᠨ ᠪᠤᠰᠤᠳ ᠣᠪᠣᠭ ᠤ᠋ᠨ ᠡᠮᠡᠭᠲᠡᠢ᠃