ᠬᠦᠰᠡᠯ ᠦ᠋ᠨ ᠵᠠᠮ- ᠲᠩᠷᠢХүслийн зам-Тэнгэр
ᠬᠦᠰᠡᠯ ᠦ᠋ᠨ ᠵᠠᠮ
ᠦᠭᠡ ᠠᠶ᠎ᠠ᠄ ᠲᠩᠷᠢ
ᠳᠠᠭᠤᠴᠢᠨ᠄ ᠲᠩᠷᠢ
ᠶᠢᠷᠲᠢᠨᠴᠦ ᠶ᠋ᠢᠨ ᠵᠠᠮ ᠮᠤᠷᠤᠢ ᠰᠠᠷᠤᠢ
ᠶᠢᠷᠲᠢᠨᠴᠦ ᠶ᠋ᠢᠨ ᠶᠠᠪᠤᠳᠠᠯ ᠡᠷᠭᠢᠭᠡᠨ ᠲᠡᠢ ᠤᠷᠪᠠᠭᠠᠨ ᠲᠠᠢ
ᠶᠢᠷᠲᠢᠨᠴᠦ ᠶ᠋ᠢᠨ ᠬᠥᠮᠦᠰ ᠠᠮᠢᠳᠤᠷᠠᠬᠤ ᠪᠠᠨ ᠪᠣᠳᠣᠵᠤ
ᠠᠳᠠᠯᠢ ᠪᠤᠰᠤ ᠵᠠᠮ ᠢ᠋ᠶ᠋ᠠᠷ ᠶᠠᠭᠠᠷᠠᠤ ᠰᠠᠨᠳᠤᠷᠤᠤ
ᠬᠡᠬᠦᠳᠡᠭ ᠴᠡᠭᠡᠵᠢᠨ ᠳ᠋ᠦ᠍ ᠠᠯᠤᠰ ᠢ᠋ ᠪᠠᠷᠠᠯᠠᠵᠤ
ᠬᠥᠮᠦᠨ ᠲᠥᠷᠥᠯᠬᠢᠲᠡᠨ ᠦ᠌ ᠠᠢᠵᠠᠮ ᠢ᠋ ᠳᠠᠭᠠᠵᠤ
ᠬᠣᠯᠠ ᠶ᠋ᠢᠨ ᠵᠠᠮ ᠢ᠋ᠶ᠋ᠠᠷ ᠡᠷᠢᠭᠰᠡᠭᠡᠷ ᠡᠷᠢᠭᠰᠡᠭᠡᠷ
ᠬᠥᠭᠡᠷᠦᠬᠦᠢ ᠪᠡᠶ᠎ᠡ ᠮᠢᠨᠢ ᠭᠤᠴᠢ ᠭᠠᠷᠤᠯ᠎ᠠ
ᠬᠣᠯᠠ ᠶ᠋ᠢᠨ ᠵᠠᠮ ᠢ᠋ᠶ᠋ᠠᠷ ᠡᠷᠢᠭᠰᠡᠭᠡᠷ ᠡᠷᠢᠭᠰᠡᠭᠡᠷ
ᠬᠥᠭᠡᠷᠦᠬᠦᠢ ᠪᠡᠶ᠎ᠡ ᠮᠢᠨᠢ ᠭᠤᠴᠢ ᠭᠠᠷᠤᠯ᠎ᠠ
ᠰᠠᠷᠠᠨ ᠭᠡᠷᠡᠯ ᠳ᠋ᠦ᠍ ᠰᠠᠨᠠᠭ᠎ᠠ ᠪᠠᠨ ᠬᠠᠭᠤᠷᠴᠤ
ᠰᠠᠷᠠᠭᠤᠯ ᠰᠠᠢᠬᠠᠨ ᠵᠠᠮ ᠢ᠋ ᠵᠡᠭᠦᠳᠦᠯᠡᠯ᠎ᠡ
ᠨᠠᠷᠠᠨ ᠤ᠋ ᠰᠡᠭᠦᠳᠡᠷ ᠪᠡᠶ᠎ᠡ ᠶ᠋ᠢ ᠮᠢᠨᠢ ᠬᠠᠯᠬᠠᠯᠠᠵᠤ
ᠨᠢᠯᠪᠤᠰᠤᠨ ᠵᠠᠮ ᠨᠢᠭᠤᠷ ᠳᠡᠭᠡᠷ᠎ᠡ ᠠᠢᠰᠤᠢ
ᠲᠦᠮᠡᠨ ᠵᠢᠩ ᠦ᠋ᠨ ᠬᠦᠨᠳᠦ ᠪᠡᠨ ᠡᠷᠭᠦᠵᠦ
ᠲᠡᠷᠲᠡᠭᠡ ᠵᠠᠮ ᠢ᠋ ᠪᠠᠷᠠᠯᠠᠵᠤ
ᠲᠥᠷᠥᠯᠬᠢ ᠪᠠᠭ᠎ᠠ ᠠ᠋ᠴᠠ ᠪᠠᠨ ᠰᠠᠨᠠᠨ ᠮᠥᠷᠥᠭᠡᠳᠦᠭᠰᠡᠨ
ᠬᠦᠰᠡᠯ ᠦ᠋ᠨ ᠵᠠᠮ ᠮᠢᠨᠢ ᠬᠠᠮᠢᠭ᠎ᠠ ᠪᠠᠢᠨ᠎ᠠ
ᠲᠥᠷᠥᠯᠬᠢ ᠪᠠᠭ᠎ᠠ ᠠ᠋ᠴᠠ ᠪᠠᠨ ᠰᠠᠨᠠᠨ ᠮᠥᠷᠥᠭᠡᠳᠦᠭᠰᠡᠨ
ᠬᠦᠰᠡᠯ ᠦ᠋ᠨ ᠵᠠᠮ ᠮᠢᠨᠢ ᠬᠠᠮᠢᠭ᠎ᠠ ᠪᠠᠢᠨ᠎ᠠ
ᠦ ᠁ ᠦ ᠁
ᠦᠰᠦᠭ ᠠᠮᠢᠯᠠᠭᠤᠯᠤᠭᠰᠠᠨ ᠨᠢ᠄ ᠣᠳᠣᠨᠭᠡᠷᠡᠯ
ᠦᠰᠦᠭ ᠬᠠᠲᠠᠭᠰᠠᠨ ᠨᠢ᠄ ᠮᠣᠳᠣᠲᠤ ᠬᠠᠪᠤᠷᠵᠢᠶ᠎ᠠ
ᠬᠢᠨᠠᠭᠴᠢ ᠪᠠᠭᠰᠢ᠄ ᠢᠷᠡᠭᠡᠳᠦᠢ
