ᠠᠯᠤᠰ ᠤ᠋ᠨ ᠠᠮᠠᠷᠠᠭ- ᠲ᠂ ᠠᠯᠲᠠᠨᠴᠡᠴᠡᠭАлсын амраг-Т,Алданцэцэг ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠠᠯᠤᠰ ᠤ᠋ᠨ ᠠᠮᠠᠷᠠᠭ- ᠲ᠂ ᠠᠯᠲᠠᠨᠴᠡᠴᠡᠭАлсын амраг-Т,Алданцэцэг

ᠠᠯᠤᠰ ᠤ᠋ᠨ ᠠᠮᠠᠷᠠᠭ- ᠲ᠂ ᠠᠯᠲᠠᠨᠴᠡᠴᠡᠭАлсын амраг-Т,Алданцэцэг

ᠠᠩᠭᠢᠯᠠᠯ:ᠳᠠᠭᠤᠤ ᠬᠥᠭᠵᠢᠮ
2023-11-21

420

ᠠᠯᠤᠰ ᠤ᠋ᠨ ᠠᠮᠠᠷᠠᠭ

   ᠦᠭᠡ᠄ ᠮ᠂ ᠳᠤᠷᠠᠯᠠᠯ 
   ᠠᠶ᠎ᠠ᠄ ᠪᠤᠶᠠᠨᠬᠡᠰᠢᠭ 
   ᠳᠠᠭᠤᠴᠢᠨ᠄ ᠲ᠂ ᠠᠯᠲᠠᠨᠴᠡᠴᠡᠭ 
ᠠᠶᠠᠨ ᠤ᠋ ᠰᠢᠪᠠᠭᠤᠳ 
ᠨᠠᠭᠤᠷ ᠲᠤ ᠪᠠᠨ ᠪᠠᠭᠤᠭᠠᠳ ᠪᠠᠢᠨ᠎ᠠ 
ᠠᠩᠭᠢᠷ ᠬᠠᠢᠷ᠎ᠠ ᠶ᠋ᠢᠨ ᠵᠢᠷᠭᠠᠯ ᠶᠤᠮ ᠤᠤ ᠳᠠ 
ᠠᠯᠠᠭᠠᠨ ᠤ᠋ ᠴᠢᠨᠢ ᠢᠯᠴᠢ ᠬᠠᠴᠠᠷ ᠲᠥᠭᠡᠨᠡᠭᠡᠳ ᠪᠠᠢᠨ᠎ᠠ 
ᠠᠯᠤᠰ ᠬᠣᠯᠠ ᠶ᠋ᠢᠨ ᠳᠤᠷᠠᠰᠤᠮᠵᠢ ᠶᠤᠮ ᠤᠤ ᠳᠠ 
ᠳᠤᠷᠠᠯᠠᠯ ᠤ᠋ᠨ ᠬᠠᠷ᠎ᠠ ᠬᠦᠦ ᠴᠢᠮ᠎ᠠ ᠶ᠋ᠢ ᠪᠡᠨ ᠪᠢ 
ᠲᠤᠤᠯᠢᠮ᠎ᠠ ᠬᠣᠯᠠ ᠠ᠋ᠴᠠ ᠰᠠᠨᠠᠭ᠎ᠠ ᠤᠤ ᠳᠠ 
ᠳᠤᠷᠠᠯᠠᠯ ᠤ᠋ᠨ ᠬᠠᠷ᠎ᠠ ᠬᠦᠦ ᠴᠢᠮ᠎ᠠ ᠶ᠋ᠢ ᠪᠡᠨ ᠪᠢ 
ᠲᠤᠤᠯᠢᠮ᠎ᠠ ᠬᠣᠯᠠ ᠠ᠋ᠴᠠ ᠰᠠᠨᠠᠭ᠎ᠠ ᠤᠤ ᠳᠠ 

ᠵᠡᠷᠭᠡᠯᠭᠡ ᠰᠡᠮᠡᠯᠵᠦ ᠠᠳᠤᠭᠤᠳ ᠨᠢ ᠦᠦᠷᠰᠡᠭᠡᠳ ᠪᠠᠢᠨ᠎ᠠ
ᠴᠡᠯᠡᠭᠡᠷ ᠲᠠᠯ᠎ᠠ ᠶ᠋ᠢᠨ ᠠᠨᠢᠷ ᠶᠤᠮ ᠤᠤ ᠳᠠ
ᠴᠡᠯᠮᠡᠭᠦᠨ ᠰᠥᠨᠢ ᠶ᠋ᠢᠨ ᠨᠣᠢᠷ ᠬᠤᠯᠵᠢᠭᠠᠳ ᠪᠠᠢᠨ᠎ᠠ
ᠽᠠᠨᠳᠠᠨ ᠬᠣᠩᠭᠣᠷ ᠴᠢ ᠶᠦᠮ ᠤᠤ ᠳᠠ
ᠵᠢᠷᠦᠬᠡᠨ ᠦ᠌ ᠠᠮᠠᠷᠠᠭ ᠴᠢᠮ᠎ᠠ ᠶ᠋ᠢ ᠪᠡᠨ ᠪᠢ
ᠴᠡᠷᠪᠡᠭᠦᠦ ᠬᠣᠯᠠ ᠠ᠋ᠴᠠ ᠦᠭᠡᠢᠯᠡᠭᠡ ᠤᠤ ᠳᠠ
ᠵᠢᠷᠦᠬᠡᠨ ᠦ᠌ ᠠᠮᠠᠷᠠᠭ ᠴᠢᠮ᠎ᠠ ᠶ᠋ᠢ ᠪᠡᠨ ᠪᠢ
ᠴᠡᠷᠪᠡᠭᠦᠦ ᠬᠣᠯᠠ ᠠ᠋ᠴᠠ ᠦᠭᠡᠢᠯᠡᠭᠡ ᠤᠤ ᠳᠠ

ᠬᠤᠷ᠎ᠠ ᠶ᠋ᠢᠨ ᠳᠤᠰᠤᠯ ᠳᠡᠭᠡᠪᠦᠷ ᠲᠣᠪᠰᠢᠭᠠᠳ ᠪᠠᠢᠨ᠎ᠠ
ᠬᠣᠩᠭᠣᠷ ᠰᠡᠳᠬᠢᠯ ᠦ᠋ᠨ ᠤᠶᠠᠩᠭ᠎ᠠ ᠶᠤᠮ ᠤᠤ ᠳᠠ
ᠬᠣᠨᠣᠭ ᠤ᠋ᠨ ᠵᠡᠭᠦᠳᠦᠨ ᠳ᠋ᠦ᠍ ᠴᠢ ᠮᠢᠨᠢ ᠢᠷᠡᠭᠡᠳ ᠪᠠᠢᠨ᠎ᠠ
ᠬᠠᠢᠷ᠎ᠠ ᠶ᠋ᠢᠨ ᠴᠠᠭᠠᠨ ᠢᠲᠡᠭᠡᠯ ᠶᠦᠮ ᠤᠤ ᠳᠠ
ᠳᠡᠩᠳᠡᠭᠦᠦ ᠠᠮᠠᠷᠠᠭ ᠴᠢᠮ᠎ᠠ ᠶ᠋ᠢ ᠪᠡᠨ ᠪᠢ
ᠳᠠᠩᠴᠤ ᠶᠡᠬᠡ ᠪᠡᠷ ᠬᠦᠯᠢᠶᠡᠭᠡ ᠤᠤ ᠳᠠ
ᠳᠠᠯᠠᠨ ᠬᠠᠢᠷᠬᠠᠨ ᠢ᠋ ᠳᠠᠪᠠᠵᠤ ᠨᠢᠰᠦᠭᠡᠳ
ᠳᠠᠰᠤᠭᠰᠠᠨ ᠴᠢᠮ᠎ᠠ ᠳ᠋ᠤ᠌ ᠪᠠᠨ ᠣᠴᠢᠬᠤ ᠶᠤᠮ ᠰᠠᠨ
ᠳᠡᠩᠳᠡᠭᠦᠦ ᠠᠮᠠᠷᠠᠭ ᠴᠢᠮ᠎ᠠ ᠶ᠋ᠢ ᠪᠡᠨ ᠪᠢ
ᠳᠠᠩᠴᠤ ᠶᠡᠬᠡ ᠪᠡᠷ ᠬᠦᠯᠢᠶᠡᠭᠡ ᠤᠤ ᠳᠠ
ᠳᠠᠯᠠᠨ ᠬᠠᠢᠷᠬᠠᠨ ᠢ᠋ ᠳᠠᠪᠠᠵᠤ ᠨᠢᠰᠦᠭᠡᠳ
ᠳᠠᠰᠤᠭᠰᠠᠨ ᠴᠢᠮ᠎ᠠ ᠳ᠋ᠤ᠌ ᠪᠠᠨ ᠣᠴᠢᠬᠤ ᠶᠤᠮ ᠰᠠᠨ
ᠳᠠᠰᠤᠭᠰᠠᠨ ᠴᠢᠮ᠎ᠠ ᠳ᠋ᠤ᠌ ᠪᠠᠨ ᠣᠴᠢᠬᠤ ᠶᠤᠮ ᠰᠠᠨ᠃

   ᠦᠰᠦᠭ ᠠᠮᠢᠯᠠᠭᠤᠯᠤᠭᠴᠢ᠄ ᠰ᠂ ᠲᠦᠮᠡᠡᠴᠡᠴᠡᠭ
   ᠦᠰᠦᠭ ᠬᠠᠳᠠᠭᠴᠢ᠄ ᠰ᠂ ᠲᠦᠮᠡᠡᠴᠡᠴᠡᠭ
   ᠬᠢᠨᠠᠭᠴᠢ ᠪᠠᠭᠰᠢ᠄ ᠠ᠊᠂ ᠰᠠᠷᠠᠨᠭᠡᠷᠡᠯ ᠢᠷᠡᠭᠡᠳᠦᠢ