ᠬᠥᠬᠡ ᠵᠤᠯᠠ – ᠪᠣᠷᠵᠢᠭᠢᠨ ᠸᠠᠩᠵᠠᠯ - < ᠬᠣᠶᠠᠷ ᠂ ᠲᠥᠷᠥᠯ ᠰᠠᠳᠤᠨ ᠤ ᠳᠠᠭᠤᠳᠠᠯᠭ᠎ᠠ ᠶᠢᠨ ᠪᠦᠯᠦᠭ 2 > Хөх зул – Боржигон Ванжал –" Хоёр ᠂ Төрөл садны дуудлагын бүлэг " 2 ᠵᠠᠩ ᠦᠢᠯᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠥᠬᠡ ᠵᠤᠯᠠ – ᠪᠣᠷᠵᠢᠭᠢᠨ ᠸᠠᠩᠵᠠᠯ - < ᠬᠣᠶᠠᠷ ᠂ ᠲᠥᠷᠥᠯ ᠰᠠᠳᠤᠨ ᠤ ᠳᠠᠭᠤᠳᠠᠯᠭ᠎ᠠ ᠶᠢᠨ ᠪᠦᠯᠦᠭ 2 > Хөх зул – Боржигон Ванжал –" Хоёр ᠂ Төрөл садны дуудлагын бүлэг " 2

ᠬᠥᠬᠡ ᠵᠤᠯᠠ – ᠪᠣᠷᠵᠢᠭᠢᠨ ᠸᠠᠩᠵᠠᠯ - < ᠬᠣᠶᠠᠷ ᠂ ᠲᠥᠷᠥᠯ ᠰᠠᠳᠤᠨ ᠤ ᠳᠠᠭᠤᠳᠠᠯᠭ᠎ᠠ ᠶᠢᠨ ᠪᠦᠯᠦᠭ 2 > Хөх зул – Боржигон Ванжал –" Хоёр ᠂ Төрөл садны дуудлагын бүлэг " 2

ᠠᠩᠭᠢᠯᠠᠯ:ᠵᠠᠩ ᠦᠢᠯᠡ
2023-11-20

417

ᠬᠣᠶᠠᠷ ᠂ ᠲᠥᠷᠥᠯ ᠰᠠᠳᠤᠨ ᠤ ᠳᠠᠭᠤᠳᠠᠯᠭ᠎ᠠ ᠶᠢᠨ ᠪᠦᠯᠦᠭ – 2

ᠡᠴᠢᠭᠡ ᠶᠢᠨ ᠲᠠᠯ᠎ᠠ ᠶᠢᠨ ᠲᠥᠷᠥᠯ ᠦᠨ ᠬᠤᠭᠤᠷᠤᠨᠳᠠᠬᠢ ᠳᠠᠭᠤᠳᠠᠯᠭ᠎ᠠ

Эцгийн талын төрлийн хоорондох дуудлага


ᠡᠴᠢᠭᠡ 
       ① ᠥᠪᠡᠷ ᠢ᠋ ᠡᠭᠦᠳᠦᠭᠰᠡᠨ ᠡᠷᠡᠭᠲᠡᠢ ᠬᠥᠮᠦᠨ ᠃ ᠠᠪᠤ ᠂ ᠡᠴᠢᠭᠡ ᠡᠬᠡ ᠭᠡᠳᠡᠭ ᠦᠭᠡ ᠶ᠋ᠢᠨ ᠡᠴᠢᠭᠡ ᠪᠣᠯᠤᠨ᠎ᠠ ᠃ 
       ② ᠬᠠᠳᠠᠮ ᠡᠴᠢᠭᠡ : ᠡᠷ᠎ᠡ ᠡᠮ᠎ᠡ ᠬᠣᠶᠠᠷ ᠤ᠋ᠨ ᠂ ᠡᠷ᠎ᠡ ᠶ᠋ᠢᠨ ᠡᠴᠢᠭᠡ ᠡᠮ᠎ᠡ ᠳ᠋ᠦ᠍ ᠂ ᠡᠮ᠎ᠡ ᠶ᠋ᠢᠨ ᠡᠴᠢᠭᠡ ᠡᠷ᠎ᠡ ᠳ᠋ᠦ᠍ ᠴᠥᠮ ᠬᠠᠷᠢᠯᠴᠠᠨ ᠬᠠᠳᠠᠮ ᠡᠴᠢᠭᠡ ᠪᠣᠯᠤᠨ᠎ᠠ᠃ 
       ᠡᠨᠡ ᠬᠦ᠌ ᠶᠠᠰᠤ ᠮᠢᠬᠠᠨ ᠤ᠋ ᠲᠥᠷᠥᠯ ᠰᠠᠳᠤᠨ ᠠ᠋ᠴᠠ ᠭᠠᠳᠠᠨ᠎ᠠ ᠪᠠᠰᠠ ᠡᠳᠦᠢ ᠲᠡᠳᠦᠢ ᠰᠦᠯᠪᠡᠭᠡ ᠪᠣᠯᠬᠤ ᠡᠴᠢᠭᠡᠰ ᠦ᠋ᠨ ᠳᠠᠭᠤᠳᠠᠯᠭ᠎ᠠ ᠪᠣᠢ ᠃ ᠲᠤᠬᠠᠢᠯᠠᠪᠠᠯ :
       ③ ᠬᠣᠢᠲᠤ ᠡᠴᠢᠭᠡ : ᠡᠴᠢᠭᠡ ᠶ᠋ᠢᠨ ᠳᠠᠷᠠᠭ᠎ᠠ ᠂ ᠡᠬᠡ ᠶ᠋ᠢᠨ ᠬᠠᠤᠯᠢ ᠶᠣᠰᠣ ᠪᠠᠷ ᠬᠣᠶᠠᠳᠠᠬᠢ ᠪᠤᠶᠤ ᠬᠡᠳᠦᠳᠦᠭᠡᠷ ᠤᠷᠤᠭᠯᠠᠭᠰᠠᠨ ᠨᠥᠬᠥᠷ᠃ 
       ④ ᠡᠷᠭᠦᠯᠲᠡ ᠡᠴᠢᠭᠡ : ᠪᠠᠰᠠ ᠲᠡᠵᠢᠭᠡᠭᠰᠡᠨ ᠡᠴᠢᠭᠡ ᠭᠡᠳᠡᠭ᠃ ᠪᠡᠶ᠎ᠡ ᠶ᠋ᠢ ᠭᠡᠷ ᠲᠡᠭᠡᠨ ᠡᠷᠭᠦᠨ ᠠᠪᠴᠤ ᠦᠷᠡᠴᠢᠯᠡᠭᠡᠳ ᠥᠪᠡᠷ ᠦ᠋ᠨ ᠬᠦᠦ ᠥᠬᠢᠨ ᠢ᠋ᠶ᠋ᠡᠨ ᠪᠣᠯᠭᠠᠭᠰᠠᠨ ᠡᠷᠡᠭᠲᠡᠢ ᠶ᠋ᠢ ᠡᠷᠭᠦᠯᠲᠡ ᠡᠴᠢᠭᠡ ᠭᠡᠬᠦ ᠪᠤᠶᠤ ᠲᠡᠵᠢᠭᠡᠭᠰᠡᠨ ᠡᠴᠢᠭᠡ ᠭᠡᠨ᠎ᠡ᠃ 
       ⑤ ᠬᠥᠬᠥᠯᠲᠦ ᠡᠴᠢᠭᠡ : ᠡᠬᠡ ᠶ᠋ᠢᠨ ᠲᠠᠢᠯᠪᠤᠷᠢ ᠳ᠋ᠠᠬᠢ ᠬᠥᠬᠥᠯᠲᠦ ᠡᠬᠡ ᠳ᠋ᠦ᠍ ᠦᠵᠡ᠃ 
       ⑥ ᠮᠥᠷᠭᠥᠭᠦᠯᠦᠭᠰᠡᠨ ᠡᠴᠢᠭᠡ : ᠥᠬᠢᠨ ᠤᠷᠤᠭᠯᠠᠵᠤ ᠦᠰᠦ ᠬᠠᠭᠠᠯᠤᠨ ᠭᠡᠵᠢᠭᠡ ᠡᠪᠬᠡᠬᠦ ᠦᠶ᠎ᠡ ᠬᠠᠷ᠎ᠠ ᠴᠠᠭᠠᠨ ᠦᠷ᠎ᠡ ᠲᠡᠭᠰᠢ ᠬᠦᠦ ᠬᠡᠦᠬᠡᠨ ᠪᠦᠷᠢᠨ ᠢᠪᠡᠭᠡᠯ ᠵᠢᠯᠲᠡᠢ ᠡᠮᠡᠭᠲᠡᠢ ᠶ᠋ᠢ ᠵᠠᠯᠠᠵᠤ ᠦᠰᠦ ᠪᠡᠨ ᠬᠠᠭᠠᠯᠤᠭᠤᠯᠤᠭᠠᠳ ᠡᠬᠡ ᠲᠠᠨᠢᠳᠠᠭ ( ᠪᠣᠯᠭᠠᠳᠠᠭ )᠃ ᠡᠭᠦᠨ ᠢ᠋ ᠮᠥᠷᠭᠥᠭᠦᠯᠦᠭᠰᠡᠨ ᠡᠬᠡ ᠭᠡᠳᠡᠭ ᠃ ᠡᠨᠡ ᠡᠮᠡᠭᠲᠡᠢ ᠶ᠋ᠢᠨ ᠡᠷᠡᠭᠲᠡᠢ ᠶ᠋ᠢ ᠮᠥᠷᠭᠥᠭᠦᠯᠦᠭᠰᠡᠨ ᠡᠴᠢᠭᠡ ᠭᠡᠨ᠎ᠡ᠃ 
       ⑦ ᠬᠠᠭᠤᠷᠠᠢ ᠡᠴᠢᠭᠡ : ᠪᠠᠰᠠ ᠰᠢᠷᠭᠤᠭᠤᠯᠤᠭᠰᠠᠨ ᠡᠴᠢᠭᠡ ᠭᠡᠵᠦ ᠬᠡᠯᠡᠳᠡᠭ ᠭᠠᠵᠠᠷ ᠪᠣᠢ ᠃ ᠶᠠᠮᠠᠷ ᠨᠢᠭᠡᠨ ᠰᠢᠯᠲᠠᠭᠠᠨ ᠢ᠋ᠶ᠋ᠠᠷ ᠬᠡᠦᠬᠡᠳ ᠲᠣᠭᠲᠠᠬᠤ ᠦᠭᠡᠢ ᠡᠴᠡ ᠣᠯᠠᠨ ᠬᠡᠦᠬᠡᠳ ᠲᠡᠢ ᠬᠥᠮᠦᠨ ᠦ᠌ ᠬᠣᠷᠮᠣᠢ ᠳᠣᠣᠭᠤᠷ ᠰᠢᠷᠭᠤᠭᠤᠯᠬᠤ ᠂ ᠲᠦᠰᠢᠵᠦ ᠲᠤᠯᠬᠤ ᠬᠥᠮᠦᠨ ᠦᠭᠡᠢ ᠬᠥᠷᠥᠩᠭᠡ ᠦᠭᠡᠢ ᠥᠨᠥᠴᠢᠳ ᠪᠤᠶᠤ ᠶᠠᠳᠠᠭᠤᠴᠤᠳ ᠂ ᠬᠠᠯᠠᠭᠤᠨ ᠡᠯᠢᠭᠡᠳᠡᠨ ᠢ᠋ ᠣᠯᠵᠤ ᠲᠦᠰᠢᠬᠦ ᠵᠣᠷᠢᠭᠰᠠᠨ ᠬᠦᠰᠡᠯ ᠢ ᠪᠡᠶᠡᠯᠡᠭᠦᠯᠬᠦ ᠶ᠋ᠢᠨ ᠲᠥᠯᠥᠭᠡ ᠪᠠᠶᠠᠨ ᠨᠣᠶᠠᠨ ᠬᠥᠮᠦᠨ ᠢ᠋ ᠲᠦᠰᠢᠬᠦ ᠵᠡᠷᠭᠡ ᠪᠤᠰᠤᠳ ᠣᠪᠣᠭ ᠤᠭᠰᠠᠭᠠᠨ ᠤ᠋ ᠬᠥᠮᠦᠨ ᠳ᠋ᠦ᠍ ᠬᠠᠳᠠᠭ ᠲᠠᠯᠪᠢᠨ ᠮᠥᠷᠭᠥᠵᠦ ᠡᠴᠢᠭᠡ ᠪᠣᠯᠭᠠᠭᠰᠠᠨ ᠢ᠋ ᠬᠠᠭᠤᠷᠠᠢ ᠡᠴᠢᠭᠡ ᠭᠡᠨ᠎ᠡ ᠃ ᠬᠠᠭᠤᠷᠠᠢ ᠡᠴᠢᠭᠡ ᠶ᠋ᠢᠨ ᠪᠦᠰᠡᠭᠦᠢ ᠶ᠋ᠢ ᠬᠠᠭᠤᠷᠠᠢ ᠡᠬᠡ ᠭᠡᠨ᠎ᠡ᠃ 

ᠡᠬᠡ     
       ① ᠥᠪᠡᠷ ᠢ᠋ ᠡᠭᠦᠳᠦᠭᠰᠡᠨ ᠡᠮᠡᠭᠲᠡᠢ ᠬᠥᠮᠦᠨ᠃ ᠡᠵᠢ᠂ ᠮᠥᠮᠥ᠂ ᠡᠮᠧ  ( ᠡᠬᠡ ᠭᠡᠰᠡᠨ ᠮᠠᠨᠵᠤ ᠦᠭᠡ )᠂ ᠡᠴᠢᠭᠡ ᠡᠬᠡ ᠭᠡᠳᠡᠭ ᠦᠭᠡ ᠶ᠋ᠢᠨ ᠡᠬᠡ ᠃ 
       ② ᠬᠠᠳᠠᠮ ᠡᠬᠡ ᠂ ᠡᠷ᠎ᠡ ᠡᠮ᠎ᠡ ᠬᠣᠶᠠᠷ ᠤ᠋ᠨ ᠂ ᠡᠷ᠎ᠡ ᠶ᠋ᠢᠨ ᠡᠬᠡ ᠡᠮ᠎ᠡ ᠳ᠋ᠦ᠍ ᠂ ᠡᠮ᠎ᠡ ᠶ᠋ᠢᠨ ᠡᠬᠡ ᠡᠷ᠎ᠡ ᠳ᠋ᠦ᠍ ᠴᠥᠮ ᠬᠠᠷᠢᠯᠴᠠᠨ ᠬᠠᠳᠠᠮ ᠡᠬᠡ ᠪᠣᠯᠤᠨ᠎ᠠ ᠃  
       ᠡᠨᠡ ᠬᠦ᠌ ᠶᠠᠰᠤ ᠮᠢᠬᠠᠨ ᠤ᠋ ᠲᠥᠷᠥᠯ ᠰᠠᠳᠤᠨ ᠠ᠋ᠴᠠ ᠭᠠᠳᠠᠨ᠎ᠠ ᠪᠠᠰᠠ ᠰᠦᠯᠪᠡᠭᠡ ᠪᠣᠯᠬᠤ ᠡᠬᠡ ᠶ᠋ᠢᠨ ᠳᠠᠭᠤᠳᠠᠯᠭ᠎ᠠ ᠣᠯᠠᠨ ᠪᠣᠢ ᠃ ᠲᠤᠬᠠᠢᠯᠠᠪᠠᠯ :
       ③ ᠬᠣᠢᠲᠤ ᠡᠬᠡ : ᠡᠬᠡ ᠶ᠋ᠢᠨ ᠳᠠᠷᠠᠭ᠎ᠠ ᠡᠴᠢᠭᠡ ᠶ᠋ᠢᠨ ᠬᠠᠤᠯᠢ ᠶᠣᠰᠣ ᠪᠠᠷ ᠬᠣᠶᠠᠳᠠᠬᠢ ᠪᠤᠶᠤ ᠬᠡᠲᠦᠲᠡᠬᠢ ᠤᠷᠤᠭᠯᠠᠭᠰᠠᠨ ᠨᠥᠬᠥᠷ᠃ 
       ④ ᠡᠷᠭᠦᠯᠲᠡ ᠡᠬᠡ : ᠪᠠᠰᠠ ᠲᠡᠵᠢᠭᠡᠭᠰᠡᠨ ᠡᠬᠡ ᠭᠡᠳᠡᠭ ᠃ ᠪᠡᠶ᠎ᠡ ᠶ᠋ᠢ ᠭᠡᠷ ᠲᠡᠭᠡᠨ ᠡᠷᠭᠦᠨ ᠠᠪᠴᠤ ᠦᠷᠡᠴᠢᠯᠡᠭᠡᠳ ᠥᠪᠡᠷ ᠦ᠋ᠨ  ᠬᠦᠦ ᠥᠬᠢᠨ ᠢ᠋ᠶ᠋ᠡᠨ ᠪᠣᠯᠭᠠᠭᠰᠠᠨ ᠡᠮᠡᠭᠲᠡᠢ ᠶ᠋ᠢ ᠡᠷᠭᠦᠯᠲᠡ ᠡᠬᠡ ᠪᠤᠶᠤ ᠲᠡᠵᠢᠭᠡᠭᠰᠡᠨ ᠡᠬᠡ ᠭᠡᠨ᠎ᠡ ᠃ 
       ⑤ ᠬᠥᠬᠥᠯᠲᠦ ᠡᠬᠡ : ᠨᠢᠯᠬ᠎ᠠ ᠦᠶ᠎ᠡ ᠂ ᠡᠬᠡ ᠶ᠋ᠢᠨ ᠰᠦ ᠳᠤᠲᠠᠭᠳᠠᠭᠰᠠᠨ ᠠ᠋ᠴᠠ ᠪᠤᠶᠤ ᠡᠰᠡᠬᠦᠯ᠎ᠡ ᠶᠠᠮᠠᠷ ᠨᠢᠭᠡᠨ ᠰᠢᠯᠲᠠᠭᠠᠨ ᠠ᠋ᠴᠠ ᠪᠤᠰᠤᠳ ᠤ᠋ᠨ ᠪᠦᠰᠡᠭᠦᠢ ᠶ᠋ᠢ ᠵᠠᠯᠠᠵᠤ ᠬᠥᠬᠥᠭᠦᠯᠵᠦ ᠥᠰᠬᠡᠭᠰᠡᠨ ᠲᠡᠷᠡ ᠡᠬᠡᠨᠡᠷ ᠢ᠋ ᠬᠥᠬᠥᠯᠲᠦ ᠡᠬᠡ ᠭᠡᠨ᠎ᠡ ᠃ ᠬᠥᠬᠥᠯᠲᠦ ᠡᠬᠡ ᠶ᠋ᠢᠨ ᠡᠷ᠎ᠡ ᠶ᠋ᠢ ᠬᠥᠬᠥᠯᠲᠦ ᠡᠴᠢᠭᠡ ᠭᠡᠨ᠎ᠡ ᠃
       ⑥ ᠮᠥᠷᠭᠥᠭᠦᠯᠦᠭᠰᠡᠨ ᠡᠬᠡ : ᠥᠬᠢᠨ ᠤᠷᠤᠭᠯᠠᠵᠤ ᠦᠰᠦ ᠬᠠᠭᠠᠯᠤᠨ ᠭᠡᠵᠢᠭᠡ ᠡᠪᠬᠡᠬᠦ ᠦᠶ᠎ᠡ ᠂ ᠬᠠᠷ᠎ᠠ ᠴᠠᠭᠠᠨ ᠦᠷ᠎ᠡ ᠲᠡᠭᠰᠢ  ᠬᠦᠦ ᠥᠬᠢᠨ ᠪᠦᠷᠢᠨ ᠢᠪᠡᠭᠡᠯ ᠵᠢᠯᠲᠡᠢ ᠡᠮᠡᠭᠲᠡᠢ ᠶ᠋ᠢ ᠵᠠᠯᠠᠵᠤ ᠦᠰᠦ ᠪᠡᠨ ᠬᠠᠭᠠᠯᠤᠭᠤᠯᠤᠭᠠᠳ ᠡᠬᠡ ᠲᠠᠨᠢᠳᠠᠭ(ᠪᠣᠯᠭᠠᠳᠠᠭ )᠃ ᠡᠨᠡ ᠡᠮᠡᠭᠲᠡᠢ ᠶ᠋ᠢ ᠮᠥᠷᠭᠥᠭᠦᠯᠦᠭᠰᠡᠨ ᠡᠬᠡ ᠭᠡᠳᠡᠭ᠃ ᠬᠠᠭᠤᠷᠠᠢ ᠡᠬᠡ ᠶ᠋ᠢᠨ ᠲᠠᠢᠯᠪᠤᠷᠢ ᠶ᠋ᠢ ᠡᠴᠢᠭᠡ ᠶ᠋ᠢᠨ ᠲᠠᠢᠯᠪᠤᠷᠢ ᠳ᠋ᠠᠬᠢ ᠬᠠᠭᠤᠷᠠᠢ ᠡᠴᠢᠭᠡ ᠳ᠋ᠦ᠍ ᠦᠵᠡ᠃ 

ᠡᠪᠦᠭᠡ    
       ① ᠡᠴᠢᠭᠡ ᠶ᠋ᠢᠨ ᠡᠴᠢᠭᠡ ᠪᠣᠯᠠᠢ ᠃ 
       ② ᠬᠠᠳᠠᠮ ᠡᠪᠦᠭᠡ : ᠬᠠᠳᠠᠮ ᠡᠴᠢᠭᠡ ᠶ᠋ᠢᠨ ᠢ᠋ᠶ᠋ᠡᠨ ᠡᠴᠢᠭᠡ ᠶ᠋ᠢ ᠡᠷ᠎ᠡ ᠡᠮ᠎ᠡ ᠬᠣᠶᠠᠷ ᠬᠠᠷᠢᠯᠴᠠᠨ ᠪᠦᠷ ᠬᠠᠳᠠᠮ ᠡᠪᠦᠭᠡ ᠭᠡᠨ᠎ᠡ ᠃  
       ᠡᠨᠡ ᠬᠦ᠌ ᠶᠠᠰᠤ ᠮᠢᠬᠠᠨ ᠤ᠋ ᠬᠡᠯᠬᠢᠶ᠎ᠡ ᠡᠴᠡ ᠭᠠᠳᠠᠨ᠎ᠠ ᠪᠠᠰᠠ ᠡᠳᠦᠢ ᠲᠡᠳᠦᠢ ᠰᠦᠯᠪᠡᠭᠡ ᠪᠣᠯᠬᠤ ᠳᠠᠭᠤᠳᠠᠯᠭ᠎ᠠ ᠪᠣᠢ ᠃ 
       ᠬᠣᠢᠲᠤ ᠡᠪᠦᠭᠡ : ᠡᠪᠦᠭᠡ ᠶ᠋ᠢᠨ ᠳᠠᠷᠠᠭ᠎ᠠ ᠡᠮᠡᠭᠡ ᠲᠡᠢ ᠬᠠᠤᠯᠢ ᠶᠣᠰᠣ ᠪᠠᠷ ᠤᠷᠤᠭᠯᠠᠨ ᠰᠠᠭᠤᠭᠰᠠᠨ ᠬᠣᠶᠠᠳᠠᠬᠢ ᠪᠤᠶᠤ ᠬᠡᠳᠦᠳᠡᠬᠢ ᠨᠥᠬᠥᠷ᠃ 
       ④ ᠡᠷᠭᠦᠯᠲᠡ ᠡᠪᠦᠭᠡ : ᠡᠴᠢᠭᠡ ᠶ᠋ᠢᠨ ᠡᠷᠭᠦᠯᠲᠡ ᠡᠴᠢᠭᠡ ᠶ᠋ᠢ ᠡᠷᠭᠦᠯᠲᠡ ᠡᠪᠦᠭᠡ ᠭᠡᠨ᠎ᠡ ᠃ 
       ⑤ ᠬᠥᠬᠥᠯᠲᠦ ᠡᠪᠦᠭᠡ : ᠡᠴᠢᠭᠡ ᠶ᠋ᠢᠨ ᠬᠥᠬᠥᠯᠲᠦ ᠡᠬᠡ ᠶ᠋ᠢᠨ ᠡᠷᠡᠭᠲᠡᠢ ᠶ᠋ᠢ ᠬᠥᠬᠥᠯᠲᠦ ᠡᠪᠦᠭᠡ ᠭᠡᠨ᠎ᠡ ᠃ 
       ⑥ ᠮᠥᠷᠭᠥᠭᠦᠯᠦᠭᠰᠡᠨ ᠡᠪᠦᠭᠡ ᠄ ᠡᠴᠢᠭᠡ ᠡᠬᠡ ᠶ᠋ᠢᠨ ᠮᠥᠷᠭᠥᠭᠦᠯᠦᠭᠰᠡᠨ ᠡᠬᠡ ᠶ᠋ᠢᠨ ᠡᠷᠡᠭᠲᠡᠢ ᠶ᠋ᠢ ᠮᠥᠷᠭᠥᠭᠦᠯᠦᠭᠰᠡᠨ ᠡᠪᠦᠭᠡ ᠭᠡᠨ᠎ᠡ ᠃ 
       ⑦  ᠬᠠᠭᠤᠷᠠᠢ ᠡᠪᠦᠭᠡ : ᠡᠴᠢᠭᠡ ᠡᠬᠡ ᠶ᠋ᠢᠨ ᠬᠠᠭᠤᠷᠠᠢ ᠡᠴᠢᠭᠡ ᠶ᠋ᠢ ᠬᠠᠭᠤᠷᠠᠢ ᠡᠪᠦᠭᠡ ᠭᠡᠨ᠎ᠡ᠃ 

ᠡᠮᠡᠭᠡ     
       ① ᠡᠴᠢᠭᠡ ᠶ᠋ᠢᠨ ᠡᠬᠡ ᠶ᠋ᠢ ᠡᠮᠡᠭᠡ ᠭᠡᠨ᠎ᠡ ᠃ 
       ② ᠬᠠᠳᠠᠮ ᠡᠮᠡᠭᠡ : ᠡᠷ᠎ᠡ ᠡᠮ ᠬᠣᠶᠠᠷ ᠬᠠᠳᠠᠮ ᠡᠴᠢᠭᠡ ᠡᠬᠡ ᠶ᠋ᠢᠨ ᠢ᠋ᠶ᠋ᠡᠨ ᠡᠬᠡ ᠶ᠋ᠢ ᠬᠠᠷᠢᠯᠴᠠᠨ ᠪᠦᠷ ᠬᠠᠳᠠᠮ ᠡᠮᠡᠭᠡ ᠭᠡᠨ᠎ᠡ ᠃ 
       ᠡᠨᠡ ᠬᠦ᠌ ᠶᠠᠰᠤ ᠴᠢᠰᠤᠨ ᠤ᠋ ᠲᠥᠷᠥᠯ ᠰᠠᠳᠤᠨ ᠠ᠋ᠴᠠ ᠭᠠᠳᠠᠨ᠎ᠠ ᠪᠠᠰᠠ ᠡᠳᠦᠢ ᠲᠡᠳᠦᠢ ᠰᠦᠯᠪᠡᠭᠡ ᠪᠣᠯᠬᠤ ᠡᠮᠡᠭᠡ ᠶ᠋ᠢᠨ ᠳᠠᠭᠤᠳᠠᠯᠭ᠎ᠠ ᠪᠣᠢ᠃ 
       ③ ᠬᠣᠢᠲᠤ ᠡᠮᠡᠭᠡ : ᠡᠴᠢᠭᠡ ᠶ᠋ᠢᠨ ᠬᠣᠢᠲᠤ ᠡᠬᠡ ᠶ᠋ᠢ ᠬᠣᠢᠲᠤ ᠡᠮᠡᠭᠡ ᠭᠡᠨ᠎ᠡ ᠃ 
       ④ ᠬᠥᠬᠥᠯᠲᠦ ᠡᠮᠡᠭᠡ : ᠡᠴᠢᠭᠡ ᠶ᠋ᠢ ᠬᠥᠬᠥᠭᠦᠯᠵᠦ ᠥᠰᠬᠡᠭᠰᠡᠨ ᠡᠬᠡ ᠶ᠋ᠢ ᠬᠥᠬᠥᠯᠲᠦ ᠡᠮᠡᠭᠡ ᠭᠡᠨ᠎ᠡ ᠃ 
       ⑤ ᠮᠥᠷᠭᠥᠭᠦᠯᠦᠭᠰᠡᠨ ᠡᠮᠡᠭᠡ : ᠡᠴᠢᠭᠡ ᠡᠬᠡ ᠶ᠋ᠢᠨ ᠮᠥᠷᠭᠥᠭᠦᠯᠦᠭᠰᠡᠨ ᠡᠬᠡ ᠶ᠋ᠢ ᠬᠡᠯᠡᠨ᠎ᠡ ᠃ 
       ⑥ ᠡᠷᠭᠦᠯᠲᠡ ᠡᠮᠡᠭᠡ : ᠡᠴᠢᠭᠡ ᠶ᠋ᠢᠨ ᠡᠷᠭᠦᠯᠲᠡ ᠡᠬᠡ ᠶ᠋ᠢ ᠡᠷᠭᠦᠯᠲᠡ ᠡᠮᠡᠭᠡ ᠭᠡᠨ᠎ᠡ ᠃ 
       ⑦ ᠬᠠᠭᠤᠷᠠᠢ ᠡᠮᠡᠭᠡ : ᠡᠴᠢᠭᠡ ᠡᠬᠡ ᠶ᠋ᠢᠨ ᠬᠠᠭᠤᠷᠠᠢ ᠡᠴᠢᠭᠡ ᠶ᠋ᠢᠨ ᠡᠬᠡᠨᠡᠷ ᠢ᠋ ᠬᠠᠭᠤᠷᠠᠢ ᠡᠮᠡᠭᠡ ᠭᠡᠨ᠎ᠡ ᠃ 

ᠡᠯᠦᠨᠴᠡ ᠡᠪᠦᠭᠡ    
       ᠡᠴᠢᠭᠡ ᠶ᠋ᠢᠨ ᠡᠪᠦᠭᠡ ᠶ᠋ᠢ ᠡᠯᠦᠨᠴᠡ ᠡᠪᠦᠭᠡ ᠭᠡᠨ᠎ᠡ ᠃ ᠣᠢᠷ᠎ᠠ ᠦᠶ᠎ᠡ ᠡᠴᠡ ᠬᠥᠮᠦᠰ ᠡᠯᠳᠴᠡ ᠪᠡᠨ ᠦᠵᠡᠬᠦ ᠨᠢ ᠬᠣᠪᠣᠷᠳᠠᠭᠰᠠᠨ ᠢ᠋ᠶ᠋ᠠᠷ ᠡᠯᠳᠴᠡ ᠡᠴᠡ ᠳᠡᠭᠡᠭᠰᠢᠬᠢ ᠦᠶ᠎ᠡ ᠳᠠᠭᠤᠳᠠᠯᠭ᠎ᠠ (ᠬᠠᠳᠠᠮ ᠡᠯᠦᠨᠴᠡ ᠡᠪᠦᠭᠡ ᠂ ᠬᠣᠢᠲᠤ ᠡᠯᠦᠨᠴᠡ  ᠡᠪᠦᠭᠡ ᠂ ᠡᠷᠭᠦᠯᠲᠡ ᠡᠯᠦᠨᠴᠡ ᠡᠪᠦᠭᠡ ᠵᠡᠷᠭᠡ )ᠨᠢ ᠴᠦ᠍ ᠴᠥᠭᠡᠨ ᠳᠤᠷᠠᠳᠤᠭᠳᠠᠬᠤ ᠪᠣᠯᠵᠠᠢ ᠃ ᠭᠡᠪᠡᠴᠦ ᠡᠨᠡ ᠬᠦ᠌ ᠦᠶ᠎ᠡ ᠳᠠᠭᠤᠳᠠᠯᠭ᠎ᠠ ᠨᠢ ᠨᠢᠭᠡᠨᠲᠡ ᠥᠨᠳᠥᠷ ᠡᠪᠦᠭᠡ ᠬᠦᠷᠲᠡᠯ᠎ᠡ ᠲᠣᠭᠲᠠᠵᠤ ᠬᠡᠪᠰᠢᠵᠡᠢ ᠃ ᠡᠭᠦᠨ ᠢ᠋ ᠮᠡᠳᠡᠭᠰᠡᠨ ᠰᠠᠭᠤᠷᠢ ᠳᠡᠭᠡᠷ᠎ᠡ ᠳᠣᠷᠣᠭᠰᠢ ᠪᠢᠳᠡ ᠲᠡᠷᠡ ᠪᠦᠬᠦᠨ ᠢ᠋ ᠪᠢᠴᠢᠬᠦ ᠦᠭᠡᠢ ᠃ ᠭᠠᠭᠴᠠ ᠬᠦ᠌ ᠶᠠᠰᠤ ᠮᠢᠬᠠᠨ ᠤ᠋ ᠲᠥᠷᠥᠯ ᠢ᠋ᠶ᠋ᠡᠨ ᠭᠣᠣᠯ ᠪᠣᠯᠭᠠᠵᠤ ᠂ ᠡᠪᠦᠭᠡ  ᠳᠡᠭᠡᠳᠦᠰ ᠬᠦᠷᠲᠡᠯ᠎ᠡ ᠲᠠᠨᠢᠯᠴᠠᠭᠤᠯᠤᠶ᠎ᠠ᠃ 

ᠡᠯᠦᠨᠴᠡ ᠡᠮᠡᠭᠡ    ᠡᠴᠢᠭᠡ ᠶ᠋ᠢᠨ ᠡᠮᠡᠭᠡ ᠶ᠋ᠢ ᠡᠯᠦᠨᠴᠡ ᠡᠮᠡᠭᠡ ᠭᠡᠨ᠎ᠡ ᠃ 
ᠬᠤᠯᠤᠨᠴᠠ ᠡᠪᠦᠭᠡ   ᠡᠪᠦᠭᠡ ᠶ᠋ᠢᠨ ᠡᠪᠦᠭᠡ ᠶ᠋ᠢ ᠬᠤᠯᠤᠨᠴᠠ ᠡᠪᠦᠭᠡ ᠭᠡᠨ᠎ᠡ ᠃ 
ᠬᠤᠯᠤᠨᠴᠠ ᠡᠮᠡᠭᠡ   ᠡᠪᠦᠭᠡ ᠶ᠋ᠢᠨ ᠡᠮᠡᠭᠡ ᠶ᠋ᠢ ᠬᠤᠯᠤᠨᠴᠠ ᠡᠮᠡᠭᠡ ᠭᠡᠨ᠎ᠡ ᠃ 
ᠡᠯᠦᠨ ᠡᠪᠦᠭᠡ     ᠡᠯᠦᠨᠴᠡ ᠡᠪᠦᠭᠡ ᠶ᠋ᠢᠨ ᠡᠪᠦᠭᠡ ᠶ᠋ᠢ ᠡᠯᠦᠨ ᠡᠪᠦᠭᠡ ᠭᠡᠨ᠎ᠡ ᠃ 
ᠡᠯᠦᠨ ᠡᠮᠡᠭᠡ    ᠡᠯᠦᠨᠴᠡ ᠡᠪᠦᠭᠡ ᠶ᠋ᠢᠨ ᠡᠮᠡᠭᠡ ᠶ᠋ᠢ ᠡᠯᠦᠨ ᠡᠮᠡᠭᠡ ᠭᠡᠨ᠎ᠡ ᠃ 
ᠬᠤᠯᠤᠨ ᠡᠪᠦᠭᠡ    ᠬᠤᠯᠤᠨᠴᠠ ᠡᠪᠦᠭᠡ ᠶ᠋ᠢᠨ ᠡᠪᠦᠭᠡ ᠶ᠋ᠢ ᠬᠤᠯᠤᠨ ᠡᠪᠦᠭᠡ ᠭᠡᠨ᠎ᠡ ᠃ 
ᠬᠤᠯᠤᠨ ᠡᠮᠡᠭᠡ     ᠬᠤᠯᠤᠨᠴᠠ ᠡᠪᠦᠭᠡ ᠶ᠋ᠢᠨ ᠡᠮᠡᠭᠡ ᠶ᠋ᠢ ᠬᠤᠯᠤᠨ ᠡᠮᠡᠭᠡ ᠭᠡᠨ᠎ᠡ ᠃ 
ᠬᠣᠯᠪᠣᠭ᠎ᠠ ᠡᠪᠦᠭᠡ  ᠡᠯᠦᠨ ᠡᠪᠦᠭᠡ ᠶ᠋ᠢᠨ ᠡᠪᠦᠭᠡ ᠶ᠋ᠢ ᠬᠡᠯᠡᠨ᠎ᠡ ᠃ 
ᠬᠣᠯᠪᠣᠭ᠎ᠠ ᠡᠮᠡᠭᠡ   ᠡᠯᠦᠨ ᠡᠪᠦᠭᠡ ᠶ᠋ᠢᠨ ᠡᠮᠡᠭᠡ ᠶ᠋ᠢ ᠬᠡᠯᠡᠨ᠎ᠡ ᠃ 
ᠥᠨᠳᠥᠷ ᠡᠪᠦᠭᠡ    ᠬᠤᠯᠤᠨ ᠡᠪᠦᠭᠡ ᠶ᠋ᠢᠨ ᠡᠪᠦᠭᠡ ᠶ᠋ᠢ ᠬᠡᠯᠡᠨ᠎ᠡ ᠃ 
ᠥᠨᠳᠥᠷ ᠡᠮᠡᠭᠡ    ᠬᠤᠯᠤᠨ ᠡᠪᠦᠭᠡ ᠶ᠋ᠢᠨ ᠡᠮᠡᠭᠡ ᠶ᠋ᠢ ᠬᠡᠯᠡᠨ᠎ᠡ ᠃ 
ᠡᠪᠦᠭᠡ ᠳᠡᠭᠡᠳᠦᠰ   ᠶᠠᠰᠤ ᠮᠢᠬᠠᠨ ᠤ᠋ ᠲᠥᠷᠥᠯ ᠤᠭᠰᠠᠭ᠎ᠠ ᠶ᠋ᠢ ᠡᠭᠦᠰᠬᠡᠭᠰᠡᠨ 
                   ᠬᠠᠮᠤᠭ ᠳᠡᠭᠡᠳᠦ ᠦᠶ᠎ᠡ ᠶ᠋ᠢᠨ ᠬᠢᠨ ᠢ᠋ ᠬᠡᠯᠡᠨ᠎ᠡ᠃