ᠦᠵᠦᠮᠦᠴᠢᠨ- ᠤᠷᠠᠨᠲᠣᠭᠤᠰҮзэмчин-Урантгос
ᠦᠵᠦᠮᠦᠴᠢᠨ
ᠦᠭᠡ᠄ ᠳ᠋ᠦᠩ ᠾᠧᠩ ᠢᠦᠢ
ᠠᠶ᠎ᠠ᠄ ᠬᠥᠭᠵᠢᠯᠲᠦ
ᠳᠠᠭᠤᠴᠢᠨ᠄ ᠤᠷᠠᠨᠲᠣᠭᠤᠰ
ᠲᠡᠮᠡᠭᠡᠨ ᠵᠢᠩ ᠦ᠋ᠨ ᠴᠤᠪᠤᠭ᠎ᠠ ᠰᠢᠭ᠋
ᠲᠡᠷᠲᠡᠭᠡᠬᠢ ᠠᠯᠤᠰ ᠤ᠋ᠨ ᠠᠭᠤᠯᠠᠰ ᠮᠢᠨᠢ
ᠡᠷᠳᠡᠨᠢᠲᠦ ᠰᠠᠢᠬᠠᠨ ᠨᠤᠲᠤᠭ ᠢ᠋ ᠮᠢᠨᠢ ᠤᠮᠳᠠᠯᠠᠭᠰᠠᠨ
ᠡᠬᠡ ᠶ᠋ᠢᠨ ᠰᠦ ᠰᠢᠭ ᠭᠣᠣᠯ ᠤ᠋ᠳ ᠮᠢᠨᠢ
ᠦᠵᠦᠮ ᠦ᠋ᠨ ᠠᠭᠤᠯᠠ ᠶ᠋ᠢᠨ ᠨᠡᠭᠦᠳᠡᠯᠴᠢᠳ
ᠥᠨᠢ ᠮᠥᠩᠬᠡ ᠶ᠋ᠢᠨ ᠳᠠᠭᠤᠤ ᠪᠠᠨ ᠳᠠᠭᠤᠯᠠᠵᠤ
ᠬᠥᠪᠥᠩ ᠡᠭᠦᠯᠡᠰ ᠰᠢᠭ ᠮᠣᠩᠭᠣᠯ ᠭᠡᠷ ᠦ᠋ᠳ ᠨᠢ
ᠬᠥᠬᠡᠮᠳᠦᠭ ᠨᠤᠲᠤᠭ ᠢ᠋ᠶ᠋ᠠᠨ ᠴᠢᠮᠡᠭᠰᠡᠭᠡᠷ ᠪᠠᠢᠨ᠎ᠠ
ᠠᠢ···· ᠠᠢ···· ᠠᠢ···· ᠬᠦ
ᠦᠵᠡᠰᠬᠦᠯᠡᠩᠲᠦ ᠰᠠᠢᠬᠠᠨ ᠦᠵᠦᠮᠦᠴᠢᠨ ᠮᠢᠨᠢ
ᠠᠢ···· ᠠᠢ···· ᠠᠢ···· ᠬᠦ
ᠥᠨᠢᠷ ᠲᠠᠩᠰᠤᠭ ᠦᠵᠦᠮᠦᠴᠢᠨ ᠮᠢᠨᠢ
ᠴᠡᠭᠡᠬᠡᠨ ᠤᠷᠤᠰᠬᠠᠯᠲᠤ ᠭᠣᠣᠯ ᠤ᠋ᠳ ᠨᠢ
ᠴᠡᠷᠪᠡᠭᠦᠨ ᠨᠤᠲᠤᠭ ᠢ᠋ᠶ᠋ᠠᠨ ᠡᠮᠵᠢᠶᠡᠷᠢᠯᠡᠭᠰᠡᠨ
ᠵᠢᠷᠭᠠᠯᠠᠩᠲᠤ ᠰᠠᠢᠬᠠᠨ ᠨᠤᠲᠤᠭ ᠤ᠋ᠨ ᠢ᠋ᠶ᠋ᠠᠨ ᠠᠯᠳᠠᠷ ᠢ᠋
ᠵᠢᠪᠬᠤᠭᠠᠲᠤ ᠪᠥᠬᠡᠴᠦᠳ ᠨᠢ ᠡᠷᠭᠦᠭᠰᠡᠨ
ᠠᠢ···· ᠠᠢ···· ᠠᠢ···· ᠬᠦ
ᠦᠵᠡᠰᠬᠦᠯᠡᠩᠲᠦ ᠰᠠᠢᠬᠠᠨ ᠦᠵᠦᠮᠦᠴᠢᠨ ᠮᠢᠨᠢ
ᠠᠢ···· ᠠᠢ···· ᠠᠢ···· ᠬᠦ
ᠥᠨᠢ ᠮᠥᠩᠬᠡ ᠶ᠋ᠢᠨ ᠦᠵᠦᠮᠦᠴᠢᠨ ᠮᠢᠨᠢ
ᠠᠢ···· ᠠᠢ···· ᠠᠢ···· ᠬᠦ
ᠴᠡᠯ ᠨᠣᠭᠣᠭᠠᠨ ᠦᠵᠦᠮᠦᠴᠢᠨ ᠮᠢᠨᠢ
ᠠᠢ···· ᠠᠢ···· ᠠᠢ···· ᠬᠦ
ᠴᠡᠮᠴᠡᠭᠡᠷ ᠬᠡᠭᠡᠨᠴᠢᠷ ᠦᠵᠦᠮᠦᠴᠢᠨ ᠮᠢᠨᠢ
ᠥᠨᠢ ᠮᠥᠩᠬᠡ ᠶ᠋ᠢᠨ ᠦᠵᠦᠮᠦᠴᠢᠨ ᠮᠢᠨᠢ
ᠦᠰᠦᠭ ᠠᠮᠢᠯᠠᠭᠤᠯᠤᠭᠰᠠᠨ᠄ ᠰᠣᠳᠣ
ᠦᠰᠦᠭ ᠬᠠᠲᠠᠭᠰᠠᠨ᠄ ᠰᠣᠳᠣ
ᠬᠢᠨᠠᠭᠴᠢ᠄ ᠢᠷᠡᠭᠡᠳᠦᠢ
