ᠬᠥᠬᠡ ᠵᠤᠯᠠ – ᠪᠣᠷᠵᠢᠭᠢᠨ ᠸᠠᠩᠵᠠᠯ - < ᠬᠣᠶᠠᠷ ᠂ ᠲᠥᠷᠥᠯ ᠰᠠᠳᠤᠨ ᠤ ᠳᠠᠭᠤᠳᠠᠯᠭ᠎ᠠ ᠶᠢᠨ ᠪᠦᠯᠦᠭ 1 > Хөх зул – Боржигон Ванжал –" Хоёр ᠂ Төрөл садны дуудлагын бүлэг " 1 ᠵᠠᠩ ᠦᠢᠯᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠥᠬᠡ ᠵᠤᠯᠠ – ᠪᠣᠷᠵᠢᠭᠢᠨ ᠸᠠᠩᠵᠠᠯ - < ᠬᠣᠶᠠᠷ ᠂ ᠲᠥᠷᠥᠯ ᠰᠠᠳᠤᠨ ᠤ ᠳᠠᠭᠤᠳᠠᠯᠭ᠎ᠠ ᠶᠢᠨ ᠪᠦᠯᠦᠭ 1 > Хөх зул – Боржигон Ванжал –" Хоёр ᠂ Төрөл садны дуудлагын бүлэг " 1

ᠬᠥᠬᠡ ᠵᠤᠯᠠ – ᠪᠣᠷᠵᠢᠭᠢᠨ ᠸᠠᠩᠵᠠᠯ - < ᠬᠣᠶᠠᠷ ᠂ ᠲᠥᠷᠥᠯ ᠰᠠᠳᠤᠨ ᠤ ᠳᠠᠭᠤᠳᠠᠯᠭ᠎ᠠ ᠶᠢᠨ ᠪᠦᠯᠦᠭ 1 > Хөх зул – Боржигон Ванжал –" Хоёр ᠂ Төрөл садны дуудлагын бүлэг " 1

ᠠᠩᠭᠢᠯᠠᠯ:ᠵᠠᠩ ᠦᠢᠯᠡ
2023-11-19

445

ᠬᠣᠶᠠᠷ ᠂ ᠲᠥᠷᠥᠯ ᠰᠠᠳᠤᠨ ᠤ ᠳᠠᠭᠤᠳᠠᠯᠭ᠎ᠠ ᠶᠢᠨ ᠪᠦᠯᠦᠭ

1. ᠲᠥᠷᠥᠯ ᠂ ᠰᠠᠳᠤᠨ ᠂ ᠰᠦᠯᠪᠡᠭᠡ ᠶ᠋ᠢᠨ ᠬᠤᠪᠢᠶᠠᠷᠢ


ᠲᠥᠷᠥᠯ   ᠡᠴᠢᠭᠡ ᠶ᠋ᠢᠨ ᠰᠢᠰᠲ᠋ᠧᠮ ᠦ᠋ᠨ ᠨᠢᠭᠡ ᠣᠪᠣᠭ ᠤᠭᠰᠠᠭᠠᠨ ᠤ᠋ 
          ᠶᠠᠰᠤᠨ ᠲᠥᠷᠥᠯ ᠦ᠋ᠨ ᠬᠢᠨ ᠪᠣᠯᠤᠨ᠎ᠠ᠃  

ᠰᠠᠳᠤᠨ    ᠡᠬᠡ ᠶ᠋ᠢᠨ ᠰᠢᠰᠲ᠋ᠧᠮ ᠦ᠋ᠨ ᠨᠠᠭᠠᠴᠤ ᠨᠠᠷ ᠪᠣᠯᠤᠨ 
          ᠠᠪᠠᠭ᠎ᠠ ᠡᠭᠡᠴᠢ ᠨᠠᠷ ᠬᠦᠷᠭᠡᠳ ᠪᠠ ᠲᠡᠳᠡᠨ ᠦ᠌ ᠬᠡᠦᠬᠡᠳ ᠪᠠᠭᠲᠠᠨ᠎ᠠ᠃ 
          ᠬᠥᠮᠦᠨ ᠦ᠌ ᠪᠡᠶ᠎ᠡ ᠪᠦᠲᠦᠴᠡ ᠳ᠋ᠦ᠍ ᠡᠬᠡ ᠡᠴᠡ ᠭᠠᠭᠴᠠ ᠴᠢᠰᠤᠨ ᠨᠡᠮᠡᠷᠢᠯᠡᠵᠦ᠂ 
          ᠴᠢᠰᠤ ᠂ ᠮᠢᠬ᠎ᠠ ᠶ᠋ᠢ ᠪᠦᠲᠦᠭᠡᠳᠡᠭ ᠡᠴᠡ 
          ᠡᠬᠡ ᠶ᠋ᠢᠨ ᠲᠠᠯ᠎ᠠ ᠶ᠋ᠢ ᠪᠠᠰᠠ ᠴᠢᠰᠤᠨ ᠲᠥᠷᠥᠯ ᠭᠡᠳᠡᠭ᠃  

ᠰᠦᠯᠪᠡᠭᠡ   ᠬᠣᠯᠠ ᠶ᠋ᠢᠨ ᠰᠠᠳᠤᠨ᠃ ᠳᠠᠮ ᠰᠠᠳᠤᠨ ᠴᠦ᠍ ᠭᠡᠳᠡᠭ᠃ 
          ᠡᠴᠢᠭᠡ ᠡᠬᠡ ᠶ᠋ᠢᠨ ᠲᠥᠷᠥᠯ ᠰᠠᠳᠤᠨ ᠠ᠋ᠴᠠ ᠠᠷᠠᠢ ᠵᠠᠢᠳᠠᠭᠤ 
          ᠥᠭᠡᠷ᠎ᠡ ᠣᠪᠣᠭ ᠤ᠋ᠨ ᠣᠢᠷ᠎ᠠ ᠬᠠᠮᠢᠶᠠᠲᠠᠨ ᠪᠣᠯᠤᠨ᠎ᠠ᠃ 
          ᠵᠢᠱ᠌ᠢᠶᠡᠯᠡᠪᠡᠯ : ᠠᠪᠠᠭ᠎ᠠ ᠡᠭᠡᠴᠢ ᠪᠠ ᠨᠠᠭᠠᠴᠤ ᠶ᠋ᠢᠨ ᠭᠡᠷ ᠲᠦ᠍ 
                       ᠬᠣᠯᠪᠣᠭᠳᠠᠬᠤ ᠳᠠᠮ ᠰᠠᠲᠤ᠃