ᠬᠤᠨ ᠤ ᠳᠠᠭᠤ-ᠣᠳᠬᠣᠨᠵᠢᠷᠭᠠᠯM.Otgonjargal - Hungiin duu _ М.Отгонжаргал - Хунгийн дуу ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠤᠨ ᠤ ᠳᠠᠭᠤ-ᠣᠳᠬᠣᠨᠵᠢᠷᠭᠠᠯM.Otgonjargal - Hungiin duu _ М.Отгонжаргал - Хунгийн дуу

ᠬᠤᠨ ᠤ ᠳᠠᠭᠤ-ᠣᠳᠬᠣᠨᠵᠢᠷᠭᠠᠯM.Otgonjargal - Hungiin duu _ М.Отгонжаргал - Хунгийн дуу

ᠠᠩᠭᠢᠯᠠᠯ:ᠳᠠᠭᠤᠤ ᠬᠥᠭᠵᠢᠮ
2023-11-18

409

ᠬᠤᠨ ᠤ ᠳᠠᠭᠤ 

   ᠦᠭᠡ ᠄  ᠭ᠋᠂ ᠵᠢᠭᠵᠢᠳᠰᠦ᠋ᠷᠦᠩ
   ᠠᠶ᠎ᠠ ᠄ ᠵ᠂ ᠬᠠᠩᠭᠠᠯ 
   ᠳᠠᠭᠤᠴᠢᠨ ᠄ ᠮ᠂ ᠣᠳᠬᠣᠨᠵᠢᠷᠭᠠᠯ
 
ᠪᠤᠴᠠᠬᠤ ᠬᠤᠨ ᠤ᠋ ᠳᠠᠭᠤᠨ ᠢᠶᠠᠷ ᠰᠡᠷᠡᠭᠰᠡᠨ 
ᠪᠤᠭᠤᠷᠤᠯ ᠨᠠᠮᠤᠷ ᠤ᠋ᠨ ᠴᠠᠭᠠᠨ ᠰᠥᠨᠢ ᠪᠡᠷ 
ᠠᠩᠬᠠᠨ ᠤ᠋ ᠴᠠᠰᠤᠨ ᠤ᠋ ᠰᠢᠷᠬᠡᠭ  ᠲᠦ᠍ ᠰᠢᠩᠭᠡᠭᠡᠳ
ᠰᠣᠷᠮᠤᠤᠰᠤ ᠳᠡᠭᠡᠷ᠎ᠡ ᠴᠢᠨᠢ ᠬᠠᠢᠯᠬᠤ ᠳᠥᠭᠥᠯ᠎ᠡ 
ᠬᠤᠨ ᠤ᠋ ᠳᠠᠭᠤ ᠬᠤᠨ ᠤ᠋ ᠳᠠᠭᠤ 
ᠬᠤᠨ ᠤ᠋ ᠰᠦᠷᠦᠭ ᠡᠷᠭᠢᠭᠡᠳ ᠢᠷᠡᠬᠦ ᠳ᠋ᠦ᠍ 
ᠴᠠᠰᠤᠨ ᠳᠣᠣᠷ᠎ᠠ ᠠ᠋ᠴᠠ ᠢᠷᠭᠤᠢ ᠲᠦᠷᠢᠨ᠎ᠡ 
ᠬᠠᠢᠷ᠎ᠠ ᠶ᠋ᠢᠨ ᠰᠡᠳᠭᠢᠯ ᠴᠢᠮ᠎ᠠ ᠶ᠋ᠢ ᠦᠭᠡᠢᠯᠡᠵᠦ 
ᠨᠠᠰᠤᠨ ᠲᠤᠷᠱᠢ ᠳ᠋ᠤ᠌ ᠪᠠᠨ ᠪᠣᠳᠣᠭᠰᠠᠭᠠᠷ ᠶᠠᠪᠤᠨ᠎ᠠ 
ᠬᠤᠨ ᠤ᠋ ᠳᠠᠭᠤ 

ᠳᠥᠯᠭᠡᠨ ᠨᠠᠭᠤᠷ ᠤ᠋ᠨ ᠴᠡᠩᠬᠡᠷ  ᠮᠠᠨᠳᠠᠯ ᠳ᠋ᠤ᠌ 
ᠢᠵᠢᠯᠢ ᠪᠡᠨ  ᠬᠠᠢᠭᠰᠠᠨ ᠬᠤᠨ ᠤ᠋ ᠳᠠᠭᠤᠨ  ᠡᠴᠡ
ᠣᠯᠠᠨ ᠠ᠋ᠴᠠ ᠣᠨᠴᠠᠭᠠᠢ ᠴᠢᠨᠦ ᠬᠠᠷᠠᠴᠠᠨ ᠳ᠋ᠤ᠌ 
ᠣᠩᠭᠣᠨ ᠵᠢᠷᠦᠬᠡ ᠪᠡᠨ ᠤᠶᠠᠷᠠᠭᠠᠵᠤ ᠶᠠᠪᠤᠨ᠎ᠠ 
ᠬᠤᠨ ᠤ᠋ ᠳᠠᠭᠤ 
ᠬᠤᠨ ᠤ᠋ ᠳᠠᠭᠤ 

   ᠦᠰᠦᠭ ᠠᠮᠢᠯᠠᠭᠤᠯᠤᠭᠴᠢ᠄ᠭᠠᠸᠠ 
   ᠦᠰᠦᠭ ᠬᠠᠲᠠᠭᠰᠠᠨ ᠨᠢ᠄ᠭᠠᠸᠠ
   ᠬᠢᠨᠠᠭᠴᠢ ᠪᠠᠭᠰᠢ᠄ᠢᠷᠡᠭᠡᠳᠦᠢ