ᠬᠥᠬᠡ ᠵᠤᠯᠠ – ᠪᠣᠷᠵᠢᠭᠢᠨ ᠸᠠᠩᠵᠠᠯ - < ᠨᠢᠭᠡ ᠂ ᠵᠣᠴᠢᠯᠭ᠎ᠠ ᠶᠢᠨ ᠪᠦᠯᠦᠭ > Хөх зул – Боржигон Ванжал –" Нэг ᠂ Зочлогын бүлэг" ᠵᠠᠩ ᠦᠢᠯᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠥᠬᠡ ᠵᠤᠯᠠ – ᠪᠣᠷᠵᠢᠭᠢᠨ ᠸᠠᠩᠵᠠᠯ - < ᠨᠢᠭᠡ ᠂ ᠵᠣᠴᠢᠯᠭ᠎ᠠ ᠶᠢᠨ ᠪᠦᠯᠦᠭ > Хөх зул – Боржигон Ванжал –" Нэг ᠂ Зочлогын бүлэг"

ᠬᠥᠬᠡ ᠵᠤᠯᠠ – ᠪᠣᠷᠵᠢᠭᠢᠨ ᠸᠠᠩᠵᠠᠯ - < ᠨᠢᠭᠡ ᠂ ᠵᠣᠴᠢᠯᠭ᠎ᠠ ᠶᠢᠨ ᠪᠦᠯᠦᠭ > Хөх зул – Боржигон Ванжал –" Нэг ᠂ Зочлогын бүлэг"

ᠠᠩᠭᠢᠯᠠᠯ:ᠵᠠᠩ ᠦᠢᠯᠡ
2023-11-16

326

ᠨᠢᠭᠡ ᠂ ᠵᠣᠴᠢᠯᠭ᠎ᠠ ᠶᠢᠨ ᠪᠦᠯᠦᠭ


ᠵᠣᠴᠢᠨ ᠤᠭᠲᠤᠬᠤ ᠶᠣᠰᠣᠨ  
       ᠡᠩ ᠦ᠋ᠨ ᠴᠠᠭ᠂ ᠨᠣᠬᠠᠢ ᠬᠣᠷᠭᠣᠭᠣᠬᠤ ᠲᠠᠢ ᠵᠡᠷᠭᠡ ᠭᠠᠳᠠᠭᠰᠢ ᠬᠠᠷᠠᠵᠤ ᠂ ᠬᠥᠮᠦᠨ ᠢᠷᠡᠬᠦ ᠦᠵᠡᠭᠳᠡᠪᠡᠯ ᠂ ᠨᠣᠬᠠᠢ ᠪᠣᠰᠬᠤ ᠠ᠋ᠴᠠ ᠡᠮᠦᠨ᠎ᠡ ᠪᠤᠶᠤ ᠵᠡᠷᠭᠡ ᠪᠡᠷ ᠭᠠᠷᠴᠤ ᠨᠣᠬᠠᠢ ᠪᠠᠨ ᠵᠠᠩᠲᠤᠨ ᠵᠣᠭᠰᠣᠭᠠᠵᠤ ᠂ ᠬᠥᠮᠦᠨ ᠢ᠋ ᠬᠠᠵᠠᠬᠤ ᠪᠤᠶᠤ ᠤᠨᠤᠭᠠᠨ ᠠ᠋ᠴᠠ ᠤᠨᠠᠭᠠᠬᠤ ᠶ᠋ᠢ ᠰᠡᠷᠭᠡᠢᠯᠡᠨ᠎ᠡ᠃ ᠢᠷᠡᠭᠰᠡᠨ ᠵᠣᠴᠢᠨ ᠶᠠᠪᠠᠭᠠᠨ ᠪᠣᠯ ᠨᠣᠬᠠᠢ ᠪᠠᠨ ᠰᠠᠢᠲᠤᠷ ᠬᠣᠷᠢᠵᠤ ᠂ ᠠᠬᠠᠮᠠᠳ ᠦᠶ᠎ᠡ ᠶ᠋ᠢᠨ ᠪᠣᠯ ᠰᠥᠬᠥᠷᠡᠵᠦ ᠠᠮᠤᠷ ᠠᠰᠠᠭᠤᠨ ᠂ ᠬᠣᠢᠨ᠎ᠠ ᠠ᠋ᠴᠠ ᠨᠢ ᠳᠠᠭᠠᠵᠤ ᠶᠠᠪᠤᠨ᠎ᠠ ᠃  ᠤᠨᠤᠭ᠎ᠠ ᠲᠠᠢ ᠬᠥᠮᠦᠨ ᠪᠣᠯ ᠂ ᠢᠯᠠᠩᠭᠤᠶ᠎ᠠ ᠡᠪᠦᠭᠡᠳ ᠬᠥᠭᠰᠢᠳ ( ᠬᠦᠨᠳᠦᠲᠦ ᠵᠣᠴᠢᠨ ᠪᠣᠯ ) ᠂ ᠱᠣᠩ ᠤ᠋ᠨ ᠴᠠᠭᠠᠨ᠎ᠠ ᠲᠣᠰᠣᠨ ᠭᠦᠶᠦᠵᠦ ᠂ ᠨᠣᠬᠠᠢ ᠪᠠᠨ ᠬᠣᠷᠢᠵᠤ ᠵᠠᠢᠯᠠᠭᠤᠯᠤᠭᠠᠳ ᠂ ᠨᠠᠮᠤᠭᠤ ᠳᠠᠷᠤᠤᠬᠠᠨ ᠰᠥᠬᠥᠷᠡᠵᠦ ᠠᠮᠤᠷ ᠠᠢᠯᠠᠳᠬᠠᠭᠠᠳ ᠴᠠᠭᠠᠰᠢ ᠣᠴᠢᠨ ᠤᠨᠤᠭᠠᠨ ᠤ᠋ ᠬᠢᠨᠢ ᠵᠢᠯᠣᠭᠣ ᠠ᠋ᠴᠠ ᠠᠪᠴᠤ ᠵᠣᠭᠰᠣᠭᠠᠨ ᠰᠤᠭᠤᠳᠠᠨ ᠪᠠᠭᠤᠯᠭᠠᠵᠤ ᠤᠨᠤᠭ᠎ᠠ ᠶ᠋ᠢ ᠨᠢ ᠱᠣᠩ ᠪᠤᠶᠤ ᠵᠡᠯ᠎ᠡ ᠡᠴᠡ ᠤᠶᠠᠵᠤ ᠬᠣᠢᠨ᠎ᠠ ᠠ᠋ᠴᠠ ᠨᠢ ᠰᠢᠳᠠᠷ ᠳᠠᠭᠠᠵᠤ ᠶᠠᠪᠤᠨ᠎ᠠ ᠃ ᠬᠡᠷᠪᠡ ᠬᠢᠵᠢᠶᠡᠯ ᠪᠤᠶᠤ ᠥᠪᠡᠷ ᠡᠴᠡ ᠠᠬ᠎ᠠ ᠬᠥᠮᠦᠨ ᠪᠣᠯ ᠠᠮᠤᠷ ᠡᠷᠢᠭᠡᠳ ᠮᠣᠷᠢ ᠶ᠋ᠢ ᠨᠢ ᠠᠪᠴᠤ ᠤᠶᠠᠵᠤ ᠦᠭᠨ᠎ᠡ ᠃ ᠥᠪᠡᠷ ᠡᠴᠡ ᠳᠡᠭᠦᠦ ᠂ ᠨᠡᠩ ᠵᠠᠯᠠᠭᠤᠴᠤᠳ ᠬᠡᠦᠬᠡᠳ ᠢ᠋ ᠪᠣᠯ ᠵᠥᠪᠬᠡᠨ ᠨᠣᠬᠠᠢ ᠪᠠᠨ ᠰᠠᠢᠨ ᠬᠠᠷᠠᠵᠤ ᠬᠣᠷᠢᠵᠤ ᠥᠭᠨ᠎ᠡ ᠃ 
ᠭᠡᠷ ᠲᠦ᠍ ᠪᠠᠭᠤᠯᠭᠠᠬᠤ ᠶᠣᠰᠣᠨ  
       ᠡᠭᠦᠳᠡᠨ ᠳ᠋ᠦ᠍ ᠥᠭᠡᠷ᠎ᠡ ᠬᠥᠮᠦᠨ ᠪᠠᠢᠬᠤ ᠦᠭᠡᠢ ᠪᠣᠯ ᠨᠣᠬᠠᠢ ᠬᠣᠷᠢᠭᠰᠠᠨ ᠬᠥᠮᠦᠨ ᠡᠮᠦᠨ᠎ᠡ ᠨᠢ ᠭᠠᠷᠴᠤ ᠂ ᠮᠣᠩᠭᠣᠯ ᠭᠡᠷ ᠪᠣᠯ ᠵᠡᠭᠦᠨ ᠭᠠᠷ ᠢ᠋ᠶ᠋ᠠᠷ ᠢ᠋ᠶ᠋ᠠᠨ ᠡᠭᠦᠳᠡᠨ ᠦ᠌ ᠪᠠᠷᠠᠭᠤᠨ ᠵᠠᠬ᠎ᠠ ᠠ᠋ᠴᠠ ᠪᠠᠷᠢᠨ ᠡᠷᠭᠦᠵᠦ ᠪᠠᠷᠠᠭᠤᠨ ᠭᠠᠷ ᠢ᠋ᠶ᠋ᠠᠨ ᠳᠡᠭᠡᠭᠰᠢ ᠬᠠᠨᠳᠤᠭᠤᠯᠤᠨ ᠳᠡᠯᠭᠡᠨ ᠵᠠᠩᠭᠠᠵᠤ《ᠭᠡᠷ ᠲᠦ᠍ ᠪᠠᠭᠤ !》᠂《ᠳᠣᠲᠣᠭᠰᠢ ᠰᠠᠭᠠᠲᠠ!》᠂《ᠮᠣᠷᠢᠯᠠᠵᠤ ᠰᠠᠭᠠᠲᠠ !》᠂《ᠵᠠ! ᠰᠠᠭᠠᠲᠠᠶ᠎ᠠ !》ᠭᠡᠬᠦ ᠵᠡᠷᠭᠡ ᠪᠣᠯᠪᠠᠰᠤᠨ ᠦᠭᠡ ᠶ᠋ᠢ ᠵᠣᠴᠢᠨ ᠤ᠋ ᠪᠠᠨ ᠪᠠᠢᠳᠠᠯ ᠳ᠋ᠤ᠌ ᠲᠣᠬᠢᠷᠠᠭᠤᠯᠤᠨ ᠬᠡᠷᠡᠭᠯᠡᠵᠦ ᠳᠣᠲᠣᠭᠰᠢ ᠵᠠᠯᠠᠨ᠎ᠠ ᠃ ᠬᠡᠷᠪᠡ ᠂ ᠰᠢᠷᠣᠢ ᠲᠣᠭᠣᠰᠬᠠᠨ ᠪᠠᠢᠰᠢᠩ ᠪᠣᠯ ᠬᠠᠭᠠᠯᠭ᠎ᠠ ᠪᠠᠨ ᠨᠡᠭᠡᠭᠡᠴᠢᠭᠡᠳ ᠮᠥᠨ ᠭᠠᠷ ᠢ᠋ᠶ᠋ᠠᠨ ᠵᠠᠩᠭᠠᠨ ᠳᠡᠯᠭᠡᠵᠦ 《ᠪᠠᠢᠰᠢᠩ ᠳ᠋ᠤ᠌ ᠪᠠᠭᠤ ! 》 ᠭᠡᠬᠦ ᠮᠡᠲᠦ ᠪᠡᠷ ᠳᠡᠭᠡᠷᠡᠬᠢ ᠬᠦᠨᠳᠦᠳᠬᠡᠯ ᠦᠭᠡᠰ ᠢ᠋ ᠵᠣᠴᠢᠨ ᠤ᠋ ᠪᠠᠨ ᠡᠷᠬᠢᠮ ᠳᠡᠰ ᠢ᠋ ᠦᠵᠡᠨ  ᠠᠯᠢ ᠲᠣᠬᠢᠷᠠᠮᠵᠢᠲᠠᠢ ᠶ᠋ᠢ ᠨᠢ ᠰᠣᠩᠭᠣᠨ ᠬᠡᠷᠡᠭᠯᠡᠵᠦ ᠳᠣᠲᠣᠭᠰᠢ ᠵᠠᠯᠠᠨ᠎ᠠ᠃ 
ᠭᠡᠷ ᠲᠦ᠍ ᠰᠠᠭᠤᠯᠭᠠᠬᠤ ᠶᠣᠰᠣᠨ 
       ᠮᠣᠩᠭᠣᠯ ᠭᠡᠷ ᠦ᠋ᠨ ᠵᠠᠢ ᠶ᠋ᠢ ᠠᠰᠢᠭᠯᠠᠬᠤ ᠡᠷᠲᠡᠨ ᠦ᠌ ᠤᠯᠠᠮᠵᠢᠯᠠᠯ᠂ ᠨᠡᠢᠭᠡᠮ ᠦ᠋ᠨ ᠶᠠᠩᠵᠤ ᠪᠦᠷᠢ ᠶ᠋ᠢᠨ ᠬᠥᠭᠵᠢᠯ ᠦ᠋ᠨ ᠱᠠᠲᠤᠨ ᠳ᠋ᠤ᠌ ᠥᠭᠡᠷᠡᠴᠢᠯᠡᠭᠳᠡᠵᠦ ᠢᠷᠡᠭᠰᠡᠨ ᠴᠦ᠍ ᠵᠠᠩ ᠵᠠᠩᠰᠢᠯ ᠤ᠋ᠨ ᠭᠣᠣᠯ ᠭᠣᠣᠯ ᠰᠢᠨᠵᠢ ᠨᠦ᠍ᠭᠦᠳ ᠲᠤᠬᠠᠢ ᠶ᠋ᠢᠨ ᠦᠨᠳᠦᠰᠦᠲᠡᠨ ᠦ᠌ ᠥᠪᠡᠷᠮᠢᠴᠡ ᠣᠨᠴᠠᠯᠢᠭ ᠪᠣᠯᠤᠨ ᠤᠯᠠᠮᠵᠢᠯᠠᠯ ᠢ᠋ᠶ᠋ᠠᠷ ᠬᠣᠷᠢᠳᠤᠭᠠᠷ ᠵᠠᠭᠤᠨ ᠤ᠋ ᠳᠥᠴᠢᠭᠡᠳ ᠣᠨ ᠬᠦᠷᠲᠡᠯ᠎ᠡ ᠦᠷᠭᠦᠯᠵᠢᠯᠡᠭᠰᠡᠨ ᠪᠢᠯᠡ᠃ ᠭᠡᠰᠡᠨ ᠴᠦ᠍ ᠵᠠᠷᠢᠮ ᠵᠠᠩ ᠵᠠᠩᠰᠢᠯ ᠣᠨᠴᠠᠯᠢᠭ ᠨᠢ ᠥᠭᠡᠷᠡᠴᠢᠯᠡᠯᠲᠡ ᠲᠡᠢ ᠤᠶᠠᠯᠳᠤᠨ ᠰᠢᠨ᠎ᠡ ᠶᠣᠰᠣ ᠵᠠᠩᠰᠢᠯ ᠢ᠋ᠶ᠋ᠠᠷ ᠰᠣᠯᠢᠭᠳᠠᠨ ᠥᠭᠡᠷᠡᠴᠢᠯᠡᠭᠳᠡᠭᠰᠡᠨ ᠢ᠋ᠶ᠋ᠡᠷ ᠭᠡᠷ ᠦ᠋ᠨ ᠳᠣᠲᠣᠷᠠᠬᠢ ᠵᠠᠢ ᠲᠠᠯᠠᠪᠠᠢ ᠶ᠋ᠢ ᠰᠢᠨ᠎ᠡ ᠲᠣᠭᠲᠠᠭᠰᠠᠨ ᠵᠠᠩ ᠵᠠᠩᠰᠢᠯ ᠤ᠋ᠨ ᠳᠠᠭᠠᠤ ᠬᠤᠪᠢᠷᠠᠳᠠᠭ ᠪᠣᠯᠤᠭᠰᠠᠨ ᠢ᠋ ᠮᠠᠨ ᠤ᠋ ᠣᠷᠣᠨ ᠤ᠋ ᠨᠠᠰᠤ ᠪᠠᠷ ᠳᠠᠷᠠᠭᠠᠯᠠᠨ ᠰᠠᠭᠤᠬᠤ ᠵᠡᠷᠭᠡ ᠢᠯᠡᠷᠡᠯ ᠭᠡᠷᠡᠴᠢᠯᠡᠵᠦ ᠪᠠᠢᠨ᠎ᠠ᠃ 
       ᠠᠯᠢᠪᠠ ᠬᠦᠨᠳᠦᠲᠦ ᠵᠣᠴᠢᠨ ᠢ᠋ ᠭᠡᠷ ᠦ᠋ᠨ ᠪᠠᠷᠠᠭᠤᠨ ᠬᠣᠢᠮᠣᠷ ᠲᠤ᠌ ᠰᠠᠭᠤᠯᠭᠠᠨ᠎ᠠ᠃ ᠬᠡᠷᠪᠡ ᠶᠡᠬᠡ ᠳᠠᠷᠤᠭ᠎ᠠ ᠵᠢᠩᠰᠡᠲᠡᠨ ᠨᠠᠷ ᠶᠠᠪᠤᠵᠤ ᠪᠠᠢᠪᠠᠯ ᠳᠠᠷᠤᠭ᠎ᠠ ᠶ᠋ᠢᠨ ᠶᠡᠬᠡ ᠪᠠᠭ᠎ᠠ ᠪᠠᠷ ᠳᠠᠷᠠᠭᠠᠯᠠᠨ ᠰᠠᠭᠤᠯᠭᠠᠨ᠎ᠠ᠃ ᠲᠡᠢᠮᠦ ᠪᠢᠰᠢ ᠡᠩ ᠦ᠋ᠨ ᠬᠡᠳᠦᠨ ᠬᠥᠮᠦᠨ ᠶᠠᠪᠤᠵᠤ ᠪᠠᠢᠪᠠᠯ ᠨᠠᠰᠤᠨ ᠤ᠋ ᠶᠡᠬᠡ ᠪᠠᠭ᠎ᠠ ᠪᠤᠶᠤ ᠦᠶ᠎ᠡ ᠶ᠋ᠢᠨ ᠶᠡᠬᠡ ᠪᠠᠭ᠎ᠠ ᠪᠠᠷ ᠳᠡᠰ ᠳᠠᠷᠠᠭᠠᠯᠠᠨ ᠰᠠᠭᠤᠯᠭᠠᠨ᠎ᠠ᠃ 
       ᠡᠷᠡᠭᠲᠡᠢ ᠵᠠᠯᠠᠭᠤᠴᠤᠳ ᠪᠤᠶᠤ ᠬᠡᠦᠬᠡᠳ ᠢ ᠭᠡᠷ ᠦ᠋ᠨ ᠪᠠᠷᠠᠭᠤᠨ ᠲᠠᠯ᠎ᠠ ᠶ᠋ᠢᠨ ᠬᠥᠯ ᠳ᠋ᠦ᠍ ᠰᠠᠭᠤᠯᠭᠠᠨ᠎ᠠ ᠃ ᠡᠮᠡᠭᠲᠡᠢᠴᠦᠳ ᠢ ᠶᠡᠷᠦᠩᠬᠡᠢ ᠳ᠋ᠡᠭᠡᠨ ᠭᠡᠷ ᠦ᠋ᠨ ᠵᠡᠭᠦᠨ ᠬᠣᠢᠮᠣᠷ ᠪᠣᠯᠤᠨ ᠵᠡᠭᠦᠨ ᠲᠠᠯ᠎ᠠ ᠳ᠋ᠤ᠌ ᠰᠠᠭᠤᠯᠭᠠᠨ᠎ᠠ᠃ 
ᠮᠡᠨᠳᠦᠯᠡᠬᠦ ᠶᠣᠰᠣᠨ  
       ᠰᠠᠭᠤᠯᠭᠠᠵᠤ ᠪᠠᠷᠠᠭᠰᠠᠨ ᠤ᠋ ᠳᠠᠷᠠᠭ᠎ᠠ ᠠᠮᠤᠷ ᠠᠢᠯᠠᠳᠬᠠᠵᠤ  ᠬᠥᠬᠦᠦᠷ ᠰᠣᠯᠢᠯᠴᠠᠨ᠎ᠠ ᠃ ᠲᠡᠷᠡᠴᠢᠯᠡᠨ ᠪᠡᠶ᠎ᠡ ᠶ᠋ᠢᠨ ᠮᠡᠨᠳᠦ ᠄《ᠲᠠᠨ ᠤ᠋ ᠪᠡᠶ᠎ᠡ ᠯᠠᠭᠱᠠᠨ ᠲᠤᠩᠭᠠᠯᠠᠭ ᠤᠤ? 》᠂《 ᠲᠠᠨ ᠤ᠋ ᠪᠡᠶ᠎ᠡ ᠲᠡᠩᠬᠡᠭᠡ ᠰᠠᠢᠨ ? 》᠂ 《ᠲᠠᠨ ᠤ᠋ ᠪᠡᠶ᠎ᠡ ᠰᠠᠢᠨ ? 》᠂  《ᠲᠠ ᠰᠠᠢᠨ ? 》 ᠭᠡᠬᠦ ᠮᠡᠲᠦ ᠶ᠋ᠢᠨ ᠠᠮᠤᠷ ᠤ᠋ᠨ ᠦᠭᠡᠰ ᠢ᠋ ᠢᠷᠡᠭᠰᠡᠨ ᠵᠣᠴᠢᠨ ᠤ᠋ ᠶᠡᠬᠡᠰ ᠪᠠᠭᠠᠰ ᠲᠤ᠌ ᠲᠠᠭᠠᠷᠠᠭᠤᠯᠤᠨ ᠠᠯᠢ ᠵᠣᠬᠢᠰᠲᠠᠢ ᠶ᠋ᠢ ᠬᠡᠷᠡᠭᠯᠡᠵᠦ ᠮᠡᠨᠳᠦᠴᠢᠯᠡᠯ ᠬᠦᠷᠭᠡᠨ᠎ᠡ᠃        ᠤᠷᠢᠳ ᠢ᠋ᠶ᠋ᠠᠷ ᠭᠡᠷ ᠦ᠋ᠨ ᠮᠡᠨᠳᠦ ᠄《ᠲᠠᠨ ᠤ᠋ ᠭᠡᠷ ᠬᠣᠲᠠᠯᠠᠭᠠᠷ ᠪᠦᠷ ᠮᠡᠨᠳᠦ ᠤᠤ ?》᠂ 《 ᠲᠠᠨ ᠤ᠋ ᠭᠡᠷ ᠢ᠋ᠶ᠋ᠡᠷ ᠢ᠋ᠶ᠋ᠡᠨ ᠪᠦᠷ ᠰᠠᠢᠨ ? 》᠂  《ᠭᠡᠷ ᠲᠦ᠍ ᠴᠢᠨᠢ ᠪᠦᠷ ᠰᠠᠢᠨ ? 》ᠭᠡᠬᠦ ᠮᠡᠲᠦ ᠪᠡᠷ ᠢᠷᠡᠭᠰᠡᠨ ᠵᠣᠴᠢᠨ ᠳ᠋ᠤ᠌ ᠠᠯᠢ ᠵᠣᠬᠢᠰᠲᠠᠢ ᠪᠠᠷ ᠠᠮᠤᠷ ᠡᠷᠢᠨ᠎ᠡ᠃ 
       ᠳᠠᠷᠠᠭ᠎ᠠ ᠨᠢ ᠤᠯᠠᠷᠢᠯ ᠤ᠋ᠨ ᠮᠡᠨᠳᠦ :  《ᠮᠠᠯ ᠮᠡᠨᠳᠦ ᠬᠠᠪᠤᠷᠵᠢᠵᠤ  ᠪᠠᠢᠨ᠎ᠠ ᠤᠤ ? 》᠂ 《ᠭᠠᠮᠰᠢᠭ ᠵᠤᠳ ᠦᠭᠡᠢ ᠬᠠᠪᠤᠷᠵᠢᠵᠤ ᠪᠠᠢᠨ᠎ᠠ ᠤᠤ ?》᠂ 《ᠪᠣᠷᠣᠭᠠᠨ ᠨᠣᠭᠣᠭ᠎ᠠ ᠲᠠᠢ ᠵᠤᠨᠵᠢᠵᠤ ᠪᠠᠢᠨ᠎ᠠ ᠤᠤ ? 》᠂《ᠥᠨᠢᠷ ᠥᠳᠬᠡᠨ ᠲᠥᠯ ᠲᠡᠢ ᠵᠤᠨᠵᠢᠵᠤ  ᠪᠠᠢᠨ᠎ᠠ ᠤᠤ ? 》᠂ 《ᠲᠠᠷᠭᠤᠨ ᠲᠠᠪᠠᠲᠠᠢ ᠨᠠᠮᠤᠷᠵᠢᠵᠤ  ᠪᠠᠢᠨ᠎ᠠ ᠤᠤ ?  》᠂ 《 ᠲᠠᠷᠠᠭ ᠠᠢᠷᠠᠭ ᠡᠯᠪᠡᠭ ᠨᠠᠮᠤᠷᠵᠢᠵᠤ ᠪᠠᠢᠨ᠎ᠠ ᠤᠤ ?》᠂ 《ᠮᠠᠯ ᠲᠠᠷᠭᠤ ᠲᠠᠢ ᠡᠪᠦᠯᠵᠢᠵᠦ ᠪᠠᠢᠨ᠎ᠠ ᠤᠤ ?》᠂ 《 ᠴᠠᠰᠤ ᠵᠤᠳ ᠦᠭᠡᠢ ᠡᠪᠦᠯᠵᠢᠵᠦ ᠪᠠᠢᠨ᠎ᠠ ᠤᠤ ? 》ᠭᠡᠬᠦ ᠮᠡᠲᠦ᠃ 
       ᠳᠠᠷᠠᠭ᠎ᠠ ᠨᠢ ᠮᠠᠯ ᠠᠵᠤ ᠠᠬᠤᠢ ᠶ᠋ᠢᠨ ᠮᠡᠨᠳᠦ ᠠᠰᠠᠭᠤᠳᠠᠭ ᠴᠤ᠌ ᠪᠣᠢ᠃  《ᠮᠠᠯ ᠰᠦᠷᠦᠭ ᠮᠡᠨᠳᠦ ?》᠂ 《ᠥᠨᠢᠷ ᠲᠥᠯ ᠲᠣᠰᠤᠯ᠎ᠠ ?》᠂ 《 ᠮᠠᠯ ᠤ᠋ᠨ ᠣᠨᠳᠣᠷᠣᠯᠲᠠ ᠰᠠᠢᠨ ?》᠂ 《ᠮᠠᠯ ᠤ᠋ᠨ ᠴᠠᠢᠷᠠᠯᠲᠠ ᠰᠠᠢᠨ ?》᠂ 《ᠮᠠᠯ ᠤ᠋ᠨ ᠲᠠᠷᠭᠤ ᠰᠠᠢᠨ ? 》ᠭᠡᠬᠦ ᠮᠡᠲᠦ᠃  
       ᠳᠠᠷᠠᠭ᠎ᠠ ᠨᠢ ᠰᠣᠨᠢᠨ ᠰᠣᠨᠣᠰᠬᠠᠯ :《ᠵᠠ ! ᠰᠣᠨᠢᠨ ᠶᠠᠭᠤ ᠲᠠᠢ ? 》᠂ 《ᠬᠥᠮᠦᠨ ᠬᠠᠷ᠎ᠠ ᠶᠠᠪᠤᠵᠤ  ᠪᠠᠢᠨ᠎ᠠ ᠤᠤ ?》᠂  《ᠴᠢᠬᠢᠨ ᠳ᠋ᠦ᠍ ᠴᠢᠮᠡᠭ ᠪᠣᠯᠤᠮᠠᠷ ᠴᠡᠭᠡᠵᠢᠨ ᠳ᠋ᠦ᠍ ᠭᠡᠭᠡ ᠳᠤᠰᠤᠮᠠᠷ ᠴᠢᠨᠦ ᠬᠡᠯᠡᠬᠦ ᠡᠴᠡ᠂  ᠮᠢᠨᠦ ᠰᠣᠨᠣᠰᠬᠤ ᠠ᠋ᠴᠠ ᠰᠣᠨᠢᠨ ᠰᠣᠨᠣᠰᠬᠠᠯ ᠶᠠᠭᠤ ᠲᠠᠢ ? 》ᠭᠡᠬᠦ ᠮᠡᠲᠦ ᠬᠠᠷᠢᠯᠴᠠᠨ ᠠᠰᠠᠭᠤᠯᠴᠠᠨ᠎ᠠ᠃
ᠴᠠᠢᠯᠠᠬᠤ ᠂ ᠰᠥᠩᠨᠡᠬᠦ ᠂ ᠪᠤᠳᠠᠭᠠᠯᠠᠬᠤ ᠶᠣᠰᠣᠨ  
       ᠳᠡᠭᠡᠷᠡᠬᠢ ᠮᠡᠲᠦ ᠮᠡᠨᠳᠦᠴᠢᠯᠡᠵᠦ ᠪᠠᠢᠬᠤ ᠶ᠋ᠢᠨ ᠠᠩ ᠳ᠋ᠤ᠌ ᠴᠠᠢ ᠬᠡᠳᠦᠢᠨ ᠣᠷᠣᠵᠤ ᠠᠶᠠᠭᠠᠯᠠᠭᠰᠠᠨ ᠪᠠᠢᠳᠠᠭ᠃ ᠥᠷᠥᠮ᠎ᠡ ᠂ ᠠᠭᠠᠷᠤᠤᠯ ᠂ ᠪᠣᠯᠭᠣᠭᠰᠠᠨ ᠪᠤᠳᠠᠭ᠎ᠠ᠂ ᠮᠢᠬ᠎ᠠ ᠶ᠋ᠢ ᠪᠠᠢᠬᠤ ᠪᠠᠷ ᠢ᠋ᠶ᠋ᠠᠨ ᠭᠠᠷᠭᠠᠵᠤ ᠰᠢᠷᠡᠬᠡᠨ᠎ᠡ ᠦᠷᠦᠭᠰᠡᠨ ᠪᠠᠢᠳᠠᠭ᠃ ᠢᠩᠭᠢᠵᠦ ᠵᠢᠭᠠᠯ ᠤᠳᠠᠭᠰᠠᠨ ᠤ᠋ ᠳᠠᠷᠠᠭ᠎ᠠ ᠪᠣᠳᠣᠩ ᠲᠠᠢ ᠰᠠᠭᠠᠯᠢ ᠶ᠋ᠢᠨ ᠠᠷᠢᠬᠢ ᠭᠠᠷᠭᠠᠵᠤ ᠬᠡᠮᠨᠡᠬᠦ ᠪᠤᠶᠤ ᠴᠡᠭᠡ ᠭᠠᠷᠭᠠᠨ ᠪᠠᠷᠢᠭᠰᠠᠨ ᠪᠠᠢᠳᠠᠭ᠃ ᠡᠭᠦᠨ ᠦ᠌ ᠳᠠᠷᠠᠭ᠎ᠠ ᠢᠷᠡᠭᠰᠡᠨ ᠵᠣᠴᠢᠨ ᠤ᠋ ᠬᠦᠨᠳᠦ ᠬᠥᠩᠭᠡᠨ ᠬᠦᠨᠳᠦᠯᠡᠪᠡᠰᠦ ᠵᠦᠢᠲᠡᠢ ᠡᠰᠡ ᠶ᠋ᠢ ᠦᠵᠡᠵᠦ ᠂ ᠤᠭᠤᠴᠠ ᠪᠠᠵᠠᠭᠠᠬᠤ ᠬᠣᠭᠣᠯᠠ ᠬᠢᠬᠦ ᠵᠡᠷᠭᠡ ᠪᠡᠨ ᠲᠣᠭᠲᠠᠭᠠᠨ ᠳᠠᠢᠯᠠᠯᠭ᠎ᠠ ᠬᠢᠨ᠎ᠡ᠃ 
ᠦᠳᠡᠯᠲᠡ ᠶ᠋ᠢᠨ ᠶᠣᠰᠣᠨ  
       ᠢᠷᠡᠭᠰᠡᠨ ᠵᠣᠴᠢᠨ ᠤᠴᠢᠷ ᠶᠠᠪᠤᠳᠠᠯ ᠢ᠋ᠶ᠋ᠠᠨ ᠪᠠᠷᠠᠭᠠᠳ ᠭᠠᠷᠬᠤ ᠶ᠋ᠢᠨ ᠦᠶ᠎ᠡ ᠭᠡᠷ ᠦ᠋ᠨ ᠡᠵᠡᠨ ᠤᠷᠢᠳ ᠢ᠋ᠶ᠋ᠠᠷ ᠭᠠᠷᠴᠤ ᠨᠣᠬᠠᠢ ᠬᠣᠷᠢᠵᠤ ᠠᠬᠠᠮᠠᠳ ᠬᠥᠮᠦᠨ ᠢ᠋ ᠪᠣᠯ ᠮᠣᠷᠢ ᠶ᠋ᠢ ᠨᠢ ᠠᠪᠴᠤ ᠣᠯᠣᠩ ᠡᠮᠡᠭᠡᠯ ᠢ᠋ ᠨᠢ ᠵᠠᠰᠠᠵᠤ᠂ ᠰᠤᠭᠤᠳᠠᠨ ᠮᠣᠷᠳᠠᠭᠤᠯᠳᠠᠭ᠃ ᠡᠩ ᠦ᠋ᠨ ᠬᠥᠮᠦᠨ ᠳ᠋ᠦ᠍ ᠨᠣᠬᠠᠢ ᠪᠠᠨ ᠰᠠᠢᠲᠤᠷ ᠬᠣᠷᠢᠵᠤ ᠥᠭᠳᠡᠭ᠃ ᠢᠷᠡᠭᠰᠡᠨ ᠵᠣᠴᠢᠨ ᠰᠠᠯᠬᠤ ᠳ᠋ᠠᠭᠠᠨ ᠄ 《 ᠲᠠ ᠨᠠᠷ ᠰᠠᠢᠨ ᠰᠠᠭᠤᠵᠤ ᠪᠠᠢᠭᠠᠷᠠᠢ !》ᠭᠡᠵᠦ ᠲᠠᠯᠠᠷᠬᠠᠯ ᠬᠡᠯᠡᠵᠦ ᠭᠠᠷᠤᠨ᠎ᠠ᠃ ᠬᠣᠴᠣᠷᠬᠤ ᠬᠥᠮᠦᠰ 《ᠵᠠ ! ᠲᠠ ᠰᠠᠢᠨ ᠶᠠᠪᠤ ᠳᠠ !》᠂ 《ᠵᠠ ᠂  ᠲᠠ ᠵᠠᠮ ᠳ᠋ᠠᠭᠠᠨ ᠰᠠᠢᠨ ᠰᠠᠢᠬᠠᠨ ᠶᠠᠪᠤ  ᠳᠠ ! 》ᠭᠡᠵᠦ ᠬᠠᠷᠢᠭᠤ ᠬᠡᠯᠡᠵᠦ ᠮᠣᠷᠳᠠᠭᠤᠯᠳᠠᠭ᠃ 
       ᠬᠡᠷᠪᠡ ᠢᠷᠡᠭᠰᠡᠨ ᠵᠣᠴᠢᠳ ᠡᠷᠭᠢᠯᠲᠡ ᠪᠡᠯᠡᠭ ᠲᠡᠢ ᠢᠷᠡᠭᠰᠡᠨ ᠪᠣᠯ ᠪᠡᠯᠡᠭ ᠦ᠋ᠨ ᠬᠠᠷᠢᠭᠤ ᠥᠭᠬᠦ  ( ᠬᠣᠯᠠ ᠶ᠋ᠢᠨ ᠵᠣᠴᠢᠨ ᠬᠠᠷᠢᠭᠤ ᠣᠴᠢᠵᠤ ᠳᠡᠢᠯᠬᠦ ᠦᠭᠡᠢ ᠪᠠᠢᠳᠠᠯ ᠲᠠᠢ ᠦᠶ᠎ᠡ ) ᠪᠠ ᠡᠩ ᠦ᠋ᠨ ᠪᠠᠢᠳᠠᠯ ᠳ᠋ᠤ᠌ ᠰᠠᠪᠠ ᠬᠣᠭᠣᠰᠣᠨ ᠶᠠᠪᠤᠭᠤᠯᠬᠤ ᠦᠭᠡᠢ ᠂ ᠡᠷᠬᠡᠪᠰᠢ ᠨᠢᠭᠡᠨ ᠲᠣᠬᠢᠷᠠᠭᠰᠠᠨ ᠪᠠᠭ᠎ᠠ ᠶᠠᠭᠤᠮ᠎ᠠ ᠰᠠᠪᠠᠨ ᠳ᠋ᠤᠨᠢ ᠬᠢᠵᠦ ᠶᠠᠪᠤᠭᠤᠯᠳᠠᠭ ᠃ ᠶᠠᠭ ᠥᠭᠬᠦ ᠶᠠᠭᠤᠮ᠎ᠠ ᠦᠭᠡᠢ ᠪᠣᠯ ᠪᠣᠯᠭᠣᠭᠰᠠᠨ ᠪᠤᠳᠠᠭ᠎ᠠ ᠠ᠋ᠴᠠ ᠪᠠᠨ ᠠᠳᠬᠤ ᠂ ᠴᠢᠮᠬᠢ ᠪᠡᠷ ᠬᠢᠵᠦ ᠪᠤᠴᠠᠭᠠᠨ᠎ᠠ ᠃ ᠰᠠᠪᠠ ᠬᠣᠭᠣᠰᠣᠨ ᠪᠤᠴᠠᠭᠠᠳᠠᠭ ᠦᠭᠡᠢ ᠃