ᠶᠡᠬᠡᠮᠰᠦᠭ ᠪᠠᠷᠳᠠᠮ-ᠡ᠊ ∙ ᠴᠢᠯᠠᠭᠤᠨᠴᠢᠮᠡᠭChuluunchimeg Ihemseg bardam Чулуунчимэг Ихэмсэг бардам
ᠶᠡᠬᠡᠮᠰᠦᠭ ᠪᠠᠷᠳᠠᠮ
ᠦᠭᠡ : ᠶᠠ᠂ ᠣᠳᠬᠣᠨᠪᠠᠶᠠᠷ
ᠠᠶ᠎ᠠ : ᠠ ᠂ ᠮᠦᠩᠭᠦᠨᠱᠠᠭᠠᠢ
ᠳᠠᠭᠤᠴᠢᠨ᠄ ᠡ ᠂ ᠴᠢᠯᠠᠭᠤᠨᠴᠢᠮᠡᠭ
ᠢᠨᠢᠶᠡᠮᠰᠦᠭᠯᠡᠯ ᠳ᠋ᠦ᠍ ᠮᠢᠨᠢ ᠬᠠᠭᠤᠷᠲᠠᠪᠠ ᠠ᠋᠃
ᠬᠠᠭᠤᠷᠮᠠᠴᠢ ᠪᠠᠢᠵᠤ ᠮᠡᠳᠡᠨ᠎ᠡ ᠰᠢᠦ
ᠡᠷᠡᠭᠡᠯᠵᠡᠬᠦ ᠬᠡᠷᠡᠭ ᠦᠭᠡᠢ ᠰᠡᠳᠬᠢᠯ ᠮᠢᠨᠢ ᠦᠨ᠎ᠡ ᠲᠡᠢ
ᠾᠧᠢ ᠵᠠᠯᠠᠭᠤ ᠮᠢᠨᠢ ᠪᠢᠲᠡᠭᠡᠢ ᠭᠤᠨᠢᠭᠯᠠ
ᠬᠡᠲᠦᠷᠬᠡᠢ ᠪᠠᠷᠳᠠᠮ ᠯᠠ ᠳᠠ ᠨᠠᠮ᠎ᠠ ᠶ᠋ᠢ ᠣᠢᠯᠭᠠᠭᠠᠷᠠᠢ
ᠢᠷᠮᠡᠬᠦ ᠳ᠋ᠦ᠍ ᠮᠢᠨᠢ ᠬᠠᠭᠤᠷᠲᠠᠪᠠ ᠠ᠋
ᠬᠠᠭᠤᠷᠮᠠᠴᠢ ᠪᠠᠢᠵᠤ ᠮᠡᠳᠡᠨ᠎ᠡ ᠰᠢᠦ
ᠡᠷᠡᠭᠡᠯᠵᠡᠬᠦ ᠬᠡᠷᠡᠭ ᠦᠬᠡᠷ ᠢᠲᠡᠭᠡᠯ ᠮᠢᠨᠢ ᠦᠨ᠎ᠡ ᠲᠡᠢ
ᠾᠧᠢ ᠵᠠᠯᠠᠭᠤ ᠮᠢᠨᠢ ᠪᠢᠲᠡᠭᠡᠢ ᠤᠢᠳᠬᠠᠷᠯᠠ
ᠬᠡᠲᠦᠷᠬᠡᠢ ᠶᠡᠬᠡᠮᠰᠦᠭ ᠯᠡ ᠳᠡ ᠨᠠᠮ᠎ᠠ ᠶ᠋ᠢ ᠣᠢᠯᠭᠠᠭᠠᠷᠠᠢ
ᠥᠪᠡᠷ ᠦ᠋ᠨ ᠪᠦᠲᠦᠭᠡᠭᠰᠡᠨ ᠭᠣᠶᠣᠮᠰᠣᠭ ᠶᠢᠷᠲᠢᠨᠴᠦ ᠳ᠋ᠦ᠍ ᠪᠡᠨ
ᠥᠷᠥᠭᠡᠯ ᠢ᠋ ᠪᠠᠭᠲᠠᠭᠠᠬᠤ ᠰᠢᠯᠭᠠᠭᠤᠷ ᠥᠨᠳᠥᠷ ᠯᠡ ᠳᠡ
ᠠᠭᠤᠴᠢᠯᠠᠭᠠᠷᠠᠢ ᠵᠠᠯᠠᠭᠤ ᠮᠢᠨᠢ ᠰᠢᠷᠳᠡᠭᠡᠳ ᠶᠠᠭᠠᠬᠢᠬᠤ ᠪᠣᠢ
ᠤᠬᠠᠭᠠᠨ ᠴᠢᠨᠢ ᠬᠦᠷᠬᠦ ᠶᠦ᠍ᠮ ᠪᠣᠯᠪᠠ ᠤᠤ
ᠪᠢ ᠬᠡᠲᠦᠷᠬᠡᠢ ᠪᠠᠷᠳᠠᠮ ᠯᠠ ᠳᠠ ᠠᠭᠤᠴᠢᠯᠠᠭᠠᠷᠠᠢ
ᠰᠡᠭᠡᠲᠡᠭᠡᠨᠡᠯ ᠳ᠋ᠦ᠍ ᠮᠢᠨᠢ ᠬᠠᠭᠤᠷᠲᠠᠪᠠ ᠠ᠋
ᠬᠠᠭᠤᠷᠮᠠᠴᠢ ᠪᠠᠢᠵᠤ ᠮᠡᠳᠡᠨ᠎ᠡ ᠰᠢᠦ
ᠰᠡᠳᠬᠢᠬᠦ ᠬᠡᠷᠡᠭ ᠦᠭᠡᠢ ᠪᠣᠳᠣᠯ ᠮᠢᠨᠢ ᠦᠨ᠎ᠡ ᠲᠡᠢ
ᠾᠧᠢ ᠵᠠᠯᠠᠭᠤ ᠮᠢᠨᠢ ᠪᠢᠲᠡᠭᠡᠢ ᠬᠢᠴᠢᠶᠡ
ᠬᠡᠲᠦᠷᠬᠡᠢ ᠢᠯᠳᠠᠮ ᠯᠠ ᠳᠠ ᠨᠠᠮ᠎ᠠ ᠶ᠋ᠢ ᠣᠢᠯᠭᠠᠭᠠᠷᠠᠢ
ᠥᠪᠡᠷ ᠦ᠋ᠨ ᠪᠦᠲᠦᠭᠡᠭᠰᠡᠨ ᠭᠣᠶᠣᠮᠰᠣᠭ ᠶᠢᠷᠲᠢᠨᠴᠦ ᠳ᠋ᠦ᠍ ᠪᠡᠨ
ᠥᠷᠥᠭᠡᠯ ᠢ᠋ ᠪᠠᠭᠲᠠᠭᠠᠬᠤ ᠰᠢᠯᠭᠠᠭᠤᠷ ᠥᠨᠳᠥᠷ ᠯᠡ ᠳᠡ
ᠠᠭᠤᠴᠢᠯᠠᠭᠠᠷᠠᠢ ᠵᠠᠯᠠᠭᠤ ᠮᠢᠨᠢ ᠰᠢᠷᠳᠡᠭᠡᠳ ᠶᠠᠭᠠᠬᠢᠬᠤ ᠪᠣᠢ
ᠤᠬᠠᠭᠠᠨ ᠴᠢᠨᠢ ᠬᠦᠷᠬᠦ ᠶᠦ᠍ᠮ ᠪᠣᠯᠪᠠ ᠤᠤ
ᠪᠢ ᠬᠡᠲᠦᠷᠬᠡᠢ ᠪᠠᠷᠳᠠᠮ ᠯᠠ ᠳᠠ ᠠᠭᠤᠴᠢᠯᠠᠭᠠᠷᠠᠢ
ᠬᠠᠷᠠᠴᠠᠨ ᠳ᠋ᠤ᠌ ᠮᠢᠨᠢ ᠬᠠᠭᠤᠷᠲᠠᠪᠠ ᠠ᠋
ᠬᠠᠭᠤᠷᠮᠠᠴᠢ ᠪᠠᠢᠵᠤ ᠮᠡᠳᠡᠨ᠎ᠡ ᠰᠢᠦ
ᠬᠠᠢᠬᠤᠷᠬᠤ ᠬᠡᠷᠡᠭ ᠦᠭᠡᠢ ᠪᠣᠳᠣᠯ ᠮᠢᠨᠢ ᠦᠨ᠎ᠡ ᠲᠡᠢ
ᠾᠧᠢ ᠵᠠᠯᠠᠭᠤ ᠮᠢᠨᠢ ᠪᠢᠲᠡᠭᠡᠢ ᠢᠴᠢ ᠠ᠋
ᠬᠡᠲᠦᠷᠬᠡᠢ ᠢᠨᠠᠭᠬᠠᠨ ᠯᠠ ᠳᠠ ᠨᠠᠮ᠎ᠠ ᠶ᠋ᠢ ᠣᠢᠯᠭᠠᠭᠠᠷᠠᠢ
ᠥᠪᠡᠷ ᠦ᠋ᠨ ᠪᠦᠲᠦᠭᠡᠭᠰᠡᠨ ᠭᠣᠶᠣᠮᠰᠣᠭ ᠶᠢᠷᠲᠢᠨᠴᠦ ᠳ᠋ᠦ᠍ ᠪᠡᠨ
ᠥᠷᠥᠭᠡᠯ ᠢ᠋ ᠪᠠᠭᠲᠠᠭᠠᠬᠤ ᠰᠢᠯᠭᠠᠭᠤᠷ ᠥᠨᠳᠥᠷ ᠯᠡ ᠳᠡ
ᠠᠭᠤᠴᠢᠯᠠᠭᠠᠷᠠᠢ ᠵᠠᠯᠠᠭᠤ ᠮᠢᠨᠢ ᠰᠢᠷᠳᠡᠭᠡᠳ ᠶᠠᠭᠠᠬᠢᠬᠤ ᠪᠣᠢ
ᠤᠬᠠᠭᠠᠨ ᠴᠢᠨᠢ ᠬᠦᠷᠬᠦ ᠶᠦ᠍ᠮ ᠪᠣᠯᠪᠠ ᠤᠤ
ᠪᠢ ᠬᠡᠲᠦᠷᠬᠡᠢ ᠪᠠᠷᠳᠠᠮ ᠯᠠ ᠳᠠ ᠠᠭᠤᠴᠢᠯᠠᠭᠠᠷᠠᠢ
ᠥᠪᠡᠷ ᠦ᠋ᠨ ᠪᠦᠲᠦᠭᠡᠭᠰᠡᠨ ᠭᠣᠶᠣᠮᠰᠣᠭ ᠶᠢᠷᠲᠢᠨᠴᠦ ᠳ᠋ᠦ᠍ ᠪᠡᠨ
ᠥᠷᠥᠭᠡᠯ ᠢ᠋ ᠪᠠᠭᠲᠠᠭᠠᠬᠤ ᠰᠢᠯᠭᠠᠭᠤᠷ ᠥᠨᠳᠥᠷ ᠯᠡ ᠳᠡ
ᠠᠭᠤᠴᠢᠯᠠᠭᠠᠷᠠᠢ ᠵᠠᠯᠠᠭᠤ ᠮᠢᠨᠢ ᠰᠢᠷᠳᠡᠭᠡᠳ ᠶᠠᠭᠠᠬᠢᠬᠤ ᠪᠣᠢ
ᠤᠬᠠᠭᠠᠨ ᠴᠢᠨᠢ ᠬᠦᠷᠬᠦ ᠶᠦ᠍ᠮ ᠪᠣᠯᠪᠠ ᠤᠤ
ᠪᠢ ᠬᠡᠲᠦᠷᠬᠡᠢ ᠶᠡᠬᠡᠮᠰᠦᠭ ᠯᠡ ᠳᠡ ᠠᠭᠤᠴᠢᠯᠠᠭᠠᠷᠠᠢ
ᠠᠭᠤᠴᠢᠯᠠᠭᠠᠷᠠᠢ
ᠦᠰᠦᠭ ᠠᠮᠢᠯᠠᠭᠤᠯᠤᠭᠴᠢ᠄ ᠭᠠᠸᠠ
ᠦᠰᠦᠭ ᠬᠠᠲᠠᠭᠰᠠᠨ ᠨᠢ᠄ ᠭᠠᠸᠠ
ᠦᠰᠦᠭ ᠬᠢᠨᠠᠭᠰᠠᠨ ᠨᠢ᠄ ᠢᠷᠡᠭᠡᠳᠦᠢ
