ᠣᠷᠣᠢ ᠦᠭᠡᠢ ᠰᠦᠮ᠎ᠡ – ᠠᠷᠪᠠ ᠶᠢᠰᠦ ᠂ ᠣᠯᠠᠨ ᠬᠠᠭᠠᠯᠭᠠᠲᠤ ᠰᠤᠪᠤᠷᠭ᠎ᠠ Оройгүй сүм – Арав ес ᠂ Олон хаалгат суварга - Oroigui sum 19 ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠣᠷᠣᠢ ᠦᠭᠡᠢ ᠰᠦᠮ᠎ᠡ – ᠠᠷᠪᠠ ᠶᠢᠰᠦ ᠂ ᠣᠯᠠᠨ ᠬᠠᠭᠠᠯᠭᠠᠲᠤ ᠰᠤᠪᠤᠷᠭ᠎ᠠ Оройгүй сүм – Арав ес ᠂ Олон хаалгат суварга - Oroigui sum 19

ᠣᠷᠣᠢ ᠦᠭᠡᠢ ᠰᠦᠮ᠎ᠡ – ᠠᠷᠪᠠ ᠶᠢᠰᠦ ᠂ ᠣᠯᠠᠨ ᠬᠠᠭᠠᠯᠭᠠᠲᠤ ᠰᠤᠪᠤᠷᠭ᠎ᠠ Оройгүй сүм – Арав ес ᠂ Олон хаалгат суварга - Oroigui sum 19

ᠠᠩᠭᠢᠯᠠᠯ:ᠲᠤᠭᠤᠵᠢ ᠷᠣᠮᠠᠨ
2023-11-15

821

ᠠᠷᠪᠠ ᠶᠢᠰᠦ ᠂ ᠣᠯᠠᠨ ᠬᠠᠭᠠᠯᠭᠠᠲᠤ ᠰᠤᠪᠤᠷᠭ᠎ᠠ


                     ᠭᠠᠵᠠᠷ ᠦᠨᠳᠦᠰᠦ ᠪᠡᠷ ᠪᠠᠶᠠᠨ 
                     ᠲᠩᠷᠢ ᠣᠳᠣ ᠪᠠᠷ ᠪᠠᠶᠠᠨ 
                     ᠳᠠᠯᠠᠢ ᠤᠰᠤ ᠪᠠᠷ ᠪᠠᠶᠠᠨ  

       ᠪᠤᠷᠬᠠᠨ ᠤ᠋ ᠱᠠᠪᠢ ᠶ᠋ᠢᠨ ᠪᠦᠷᠢᠨ ᠡᠮᠦᠰᠬᠡᠯ ᠲᠡᠢ ᠰᠠᠩᠵᠢ ᠭᠡᠰᠦᠯ ᠬᠤᠪᠴᠠᠰᠤᠨ ᠳ᠋ᠠᠭᠠᠨ ᠡᠭᠦᠷᠲᠦᠵᠦ ᠬᠠᠯᠠᠭᠤᠴᠠᠭᠰᠠᠭᠠᠷ ᠬᠠᠰᠢᠶᠠᠨ ᠤ᠋ ᠪᠠᠨ ᠭᠠᠳᠠᠭ᠎ᠠ ᠬᠦᠷᠴᠦ ᠢᠷᠡᠯ᠎ᠡ᠃ ᠳᠥᠷᠪᠡᠯᠵᠢᠨ ᠤᠯᠠᠭᠠᠨ ᠴᠡᠮᠪᠡ ᠪᠡᠷ ᠬᠢᠭᠰᠡᠨ ᠴᠠᠪᠢᠷ ᠤ᠋ᠨ ᠰᠠᠪᠠ ᠨᠢ ᠬᠣᠶᠠᠷ ᠲᠡᠰᠢ ᠳᠡᠯᠪᠡᠯᠵᠡᠵᠦ᠂ ᠳᠣᠯᠣᠭᠠᠨ ᠲᠣᠬᠣᠢ ᠣᠷᠬᠢᠮᠵᠢ ᠨᠢ ᠰᠡᠪᠰᠡᠯᠵᠡᠨ᠂ ᠰᠢᠷ᠎ᠠ ᠶᠠᠮᠪᠤᠤ ᠪᠠᠩᠵᠠᠯ ᠨᠢ ᠬᠥᠯ ᠳ᠋ᠦ᠍ ᠣᠷᠢᠶᠠᠴᠠᠯᠳᠤᠨ᠂ ᠱᠠᠨᠠᠮ ᠮᠠᠯᠠᠭᠠᠢ ᠨᠢ ᠳᠠᠩᠬᠠᠭᠠᠨᠠᠵᠤ ᠶᠡᠷᠦ ᠬᠤᠷᠳᠤᠨ ᠶᠠᠪᠤᠬᠤ ᠳ᠋ᠤ᠌ ᠲᠦᠪᠡᠭᠲᠡᠢ ᠪᠠᠢᠯ᠎ᠠ᠃  ᠰᠠᠩᠵᠢ ᠨᠤᠲᠤᠭ ᠤ᠋ᠨ ᠰᠣᠨᠢᠨ ᠢ᠋ ᠰᠣᠨᠣᠰᠬᠤ ᠪᠠᠷ ᠲᠡᠭᠡᠵᠦ ᠶᠡᠬᠡ ᠶᠠᠭᠠᠷᠠᠵᠠᠢ᠃  ᠲᠡᠭᠦᠨ ᠢ᠋ ᠠᠮᠢᠰᠬᠤᠭᠠᠳᠠᠵᠤ᠂ ᠬᠥᠯᠥᠰᠥ ᠳᠠᠭᠠᠭᠠᠪᠤᠷᠯᠠᠭᠤᠯᠤᠨ ᠣᠷᠣᠵᠤ ᠢᠷᠡᠬᠦ ᠳ᠋ᠦ᠍ ᠷᠤᠩᠬᠠᠨ ᠳ᠋ᠤᠨᠢ ᠪᠡᠷᠢᠮᠦᠭ ᠡᠮᠡᠭᠡᠨ᠂ ᠤᠳᠬᠤᠨ ᠬᠣᠶᠠᠷ ᠠᠯᠢ ᠬᠡᠳᠦᠢᠨᠡᠢ ᠲᠤᠬᠠᠯᠠᠵᠤ ᠠᠪᠤᠭᠠᠳ ᠳᠡᠪᠡᠩ ᠳᠡᠯᠡᠬᠡᠢ ᠶ᠋ᠢᠨ ᠶᠠᠭᠤᠮ᠎ᠠ ᠶᠠᠷᠢᠵᠤ᠂ ᠨᠠᠮᠬᠠᠨ ᠰᠢᠷᠡᠭᠡᠨ ᠳᠡᠭᠡᠷ᠎ᠡ ᠵᠠᠮᠫᠣᠷ ᠲᠠᠢ ᠵᠠᠮᠪᠠᠭ᠎ᠠ ᠶ᠋ᠢᠨ ᠭᠤᠷᠢᠯ ᠲᠠᠯᠪᠢᠴᠢᠬᠠᠭᠰᠠᠨ᠂ ᠵᠡᠰ ᠳᠣᠮᠪᠣ ᠲᠠᠢ ᠬᠠᠷ᠎ᠠ ᠴᠠᠢ ᠠ᠋ᠴᠠ ᠭᠤᠷᠢᠯ ᠳᠠᠷᠤᠭᠤᠯᠤᠨ ᠳᠠᠭᠤ ᠴᠢᠮᠡᠭᠡ ᠲᠡᠢ ᠰᠣᠷᠣᠨ ᠤᠤᠭᠤᠵᠠᠭᠠᠵᠤ ᠪᠠᠢᠯ᠎ᠠ᠃ 
       ᠴᠣᠭ ᠤᠯᠠᠢᠯᠭᠠᠬᠤ ᠮᠠᠫᠣᠷ ᠭᠡᠳᠡᠭ ᠰᠢᠪᠠᠷ ᠰᠠᠪᠠᠨ ᠳᠣᠲᠣᠷ᠎ᠠ ᠬᠠᠷ᠎ᠠ ᠮᠣᠳᠣᠨ ᠤ᠋ ᠴᠣᠭ ᠤᠯᠠᠯᠵᠠᠨ ᠪᠠᠢᠯ᠎ᠠ᠃ ᠲᠡᠭᠦᠨ ᠳᠡᠭᠡᠷ᠎ᠡ ᠭᠠᠤᠯᠢᠨ ᠬᠣᠭᠳᠢ ᠭᠡᠳᠡᠭ ᠳᠠᠩᠬᠤ ᠲᠠᠯᠪᠢᠭᠠᠰᠤᠲᠠᠢ ᠪᠠᠢᠪᠠ᠃ ᠣᠳᠬᠣᠨ ᠬᠡᠦᠬᠡᠨ ᠥᠨᠳᠡᠰᠬᠢᠵᠦ ᠰᠠᠩᠵᠢ ᠲᠠᠢ ᠮᠡᠨᠳᠦᠯᠡᠪᠡ᠃ 
       — ᠬᠡᠵᠢᠶ᠎ᠡ ᠪᠤᠴᠠᠭᠠᠳ ᠢᠷᠡᠴᠢᠬᠡᠭᠡ ᠪᠣᠢ? ᠭᠡᠵᠦ ᠰᠠᠩᠵᠢ ᠶᠠᠪᠤᠭᠤᠲᠠ ᠠᠰᠠᠭᠤᠬᠤ ᠳ᠋ᠤ᠌᠂
       — ᠰᠠᠶᠢᠬᠠᠨ ᠢᠷᠡᠵᠦ ᠭᠡᠨ᠎ᠡ᠃ ᠪᠠᠰᠠ ᠯᠠ ᠳᠠᠬᠢᠭᠠᠳ ᠯᠠ ᠡᠷᠭᠢᠯ ᠮᠥᠷᠭᠥᠯ ᠢ᠋ᠶ᠋ᠡᠷ ᠶᠠᠪᠤᠭ᠎ᠠ ᠭᠡᠨ᠎ᠡ᠃ ᠦᠭᠡᠢ ᠶᠡᠷᠦ ᠨᠢ ᠮᠥᠷᠭᠥᠯ ᠵᠠᠯᠪᠠᠷᠢᠯ ᠢ᠋ᠶ᠋ᠠᠷ ᠥᠴᠢᠨᠡᠨ ᠳᠠᠬᠢᠨ ᠬᠥᠯ ᠪᠣᠯᠬᠤ ᠬᠡᠷᠡᠭ ᠪᠠᠢᠨ᠎ᠠ ᠤᠤ? ᠭᠡᠵᠦ ᠤᠳᠬᠤᠨ ᠤ᠋ ᠡᠮᠦᠨ᠎ᠡ ᠡᠴᠡ ᠪᠡᠷᠢᠮᠦᠭ ᠡᠮᠡᠭᠡᠨ ᠬᠠᠷᠢᠭᠤᠯᠪᠠ᠃ 
       ᠰᠠᠩᠵᠢ ᠰᠣᠨᠣᠰᠤᠭᠰᠠᠨ ᠪᠣᠯᠪᠠᠴᠤ ᠰᠣᠨᠣᠰᠤᠭ᠎ᠠ ᠦᠭᠡᠢ ᠮᠡᠲᠦ ᠪᠡᠷ ᠰᠢᠭᠤᠳ ᠯᠠ ᠰᠢᠮᠠᠬᠠᠨ ᠤᠷᠤᠭᠤ ᠪᠠᠨ ᠣᠷᠣᠵᠤ᠂ ᠱᠠᠨᠠᠮ ᠮᠠᠯᠠᠭᠠᠢ᠂ ᠴᠠᠪᠢᠷ ᠲᠡᠷᠢᠭᠦᠲᠡᠨ ᠢ᠋ᠶ᠋ᠡᠨ ᠠᠪᠴᠤ᠂ ᠬᠤᠪᠴᠠᠰᠤ ᠪᠠᠨ ᠬᠥᠩᠭᠡᠯᠡᠭᠡᠳ ᠡᠷᠭᠢᠨ ᠭᠠᠷᠴᠤ ᠢᠷᠡᠪᠡ᠃ ᠨᠤᠲᠤᠭ ᠤ᠋ᠨ ᠰᠣᠨᠢᠨ ᠰᠣᠨᠣᠰᠬᠤ ᠶ᠋ᠢ ᠶᠠᠭᠠᠷᠠᠵᠠᠢ᠃
       — ᠬᠡᠷᠡᠭ ᠵᠣᠷᠢᠭ ᠶᠠᠭᠤᠲᠠᠢ ᠪᠣᠢ? ᠮᠠᠨ ᠤ᠋ ᠮᠠᠭᠤ ᠡᠵᠢ᠂ ᠠᠪᠤ᠂ ᠳᠡᠭᠦᠦ ᠨᠠᠷ ᠶᠠᠮᠠᠷ ᠰᠢᠦ ᠪᠠᠢᠨ᠎ᠠ ᠳᠠ ? ᠭᠡᠵᠦ ᠰᠠᠩᠵᠢ ᠰᠢᠯᠭᠠᠭᠠᠨ ᠠᠰᠠᠭᠤᠬᠤ ᠳ᠋ᠤ᠌ ᠤᠳᠬᠤᠨ᠄ 
       — ᠡᠵᠢ᠂ ᠠᠪᠤ᠂ ᠳᠡᠭᠦᠦ ᠨᠠᠷ ᠴᠢᠨᠢ ᠰᠠᠢᠨ᠃ ᠵᠡᠭᠦᠨ ᠠᠭᠤᠯᠠᠨ ᠳ᠋ᠤ᠌᠂ ᠰᠢᠷ᠎ᠠ ᠳᠡᠪᠰᠡᠭ ᠲᠦ᠍  ᠪᠠᠢᠭ᠎ᠠ᠃ ᠴᠢᠮᠠᠶ᠋ᠢ ᠪᠤᠷᠬᠠᠨ ᠤ᠋ ᠣᠷᠣᠨ ᠳ᠋ᠤ᠌ ᠣᠴᠢᠵᠤ ᠱᠠᠪᠢᠯᠠᠨ ᠰᠠᠭᠤᠭᠰᠠᠨ ᠢ᠋ ᠰᠣᠨᠣᠰᠤᠭᠠᠳ ᠠᠮᠢᠳᠤ ᠶᠠᠪᠤᠵᠤ᠂ ᠦᠷ᠎ᠡ ᠲᠥᠷᠥᠭᠦᠯᠦᠭᠰᠡᠨ ᠦ᠌ ᠬᠡᠷᠡᠭ ᠪᠦᠲᠦᠯ᠎ᠡ ᠭᠡᠵᠡᠭᠡᠵᠦ ᠲᠤᠩ ᠶᠡᠬᠡ ᠪᠠᠶᠠᠷᠯᠠᠵᠠᠭᠠᠵᠤ  ᠪᠠᠢᠨ᠎ᠠ ᠪᠢᠯᠡ᠃ ᠲᠡᠭᠡᠭᠡᠳ ᠤᠯᠠᠮ ᠯᠠ ᠰᠠᠢᠨ ᠬᠢᠴᠢᠶᠡᠵᠦ ᠡᠷᠳᠡᠮ ᠲᠡᠢ ᠰᠠᠢᠨ ᠯᠠᠮ᠎ᠠ ᠪᠣᠯᠤᠭᠠᠳ ᠡᠷᠭᠢᠵᠦ ᠢᠷᠡᠭᠡᠷᠡᠢ ᠭᠡᠵᠦ ᠳᠠᠬᠢᠨ ᠳᠠᠬᠢᠨ ᠵᠠᠬᠢᠵᠤ ᠪᠠᠢᠨ᠎ᠠ  ᠯᠠᠢ ᠭᠡᠵᠦ ᠶᠠᠷᠢᠬᠤ ᠳ᠋ᠤ᠌ ᠰᠠᠩᠵᠢ ᠶ᠋ᠢᠨ ᠰᠡᠳᠬᠢᠯ ᠠᠭᠤᠵᠢᠷᠠᠵᠤ᠄ 
       — ᠤᠤᠬᠠᠢ᠂ ᠲᠡᠭᠡᠭᠡᠳ ᠁  ᠭᠡᠵᠦ ᠴᠠᠭᠠᠰᠢ ᠨᠢ ᠶᠠᠷᠢᠬᠤ ᠶ᠋ᠢ ᠱᠠᠭᠠᠷᠳᠠᠪᠠ᠃ ᠣᠳᠬᠣᠨ᠄ 
       — ᠬᠣᠯᠠ ᠭᠠᠵᠠᠷ ᠶᠠᠭᠤ ᠶ᠋ᠢ ᠪᠡᠨ ᠴᠤ᠌ ᠥᠭᠴᠦ ᠶᠠᠪᠤᠭᠤᠯᠬᠤ ᠶᠤᠮ ᠪᠢᠯᠡ ᠳᠠ ᠭᠡᠵᠦ ᠡᠵᠢ᠂ ᠠᠪᠤ ᠬᠣᠶᠠᠷ ᠴᠢᠨᠢ ᠶᠠᠷᠢᠵᠤ ᠶᠠᠷᠢᠵᠤ ᠪᠠᠢᠭᠠᠳ ᠬᠡᠳᠦᠨ ᠰᠤᠨᠤᠮ ᠬᠠᠳᠠᠭ᠂ ᠨᠢᠭᠡ ᠮᠥᠩᠭᠥᠨ ᠶᠤᠸᠠᠮᠪᠤᠤ ᠶᠠᠪᠤᠭᠤᠯᠤᠭᠰᠠᠨ᠃ ᠮᠠᠢ ᠡᠨᠡ ᠪᠠᠢᠨ᠎ᠠ! ᠭᠡᠵᠦ ᠬᠡᠯᠡᠭᠡᠳ ᠴᠢᠰᠴᠡᠦ ᠶ᠋ᠢᠨ ᠥᠭᠡᠳᠡᠰᠦᠨ ᠳ᠋ᠦ᠍ ᠪᠣᠭᠣᠴᠢᠬᠠᠭᠰᠠᠨ ᠶᠠᠭᠤᠮ᠎ᠠ ᠶ᠋ᠢ ᠰᠠᠩᠵᠢ ᠳ᠋ᠤ᠌ ᠥᠭᠭᠦᠯ᠎ᠡ᠃ 
       — ᠲᠡᠳᠡ ᠨᠠᠷ ᠨᠠᠳᠠ ᠶᠠᠭᠤᠮ᠎ᠠ ᠶᠠᠪᠤᠭᠤᠯᠵᠤ ᠶᠠᠭᠠᠬᠢᠬᠤ ᠨᠢ ᠪᠣᠢ ᠳᠠ?  ᠥᠪᠡᠷᠰᠡᠳ ᠢ᠋ᠶ᠋ᠡᠨ ᠶᠠᠳᠠᠵᠤ ᠪᠠᠢᠵᠤ! ᠭᠡᠵᠦ ᠰᠠᠩᠵᠢ ᠬᠡᠯᠡᠭᠡᠳ ᠡᠴᠢᠭᠡ ᠡᠬᠡ ᠡᠴᠡ ᠢᠷᠡᠭᠦᠯᠦᠭᠰᠡᠨ ᠶᠠᠭᠤᠮ᠎ᠠ ᠶ᠋ᠢ ᠬᠦᠨᠳᠦᠳᠬᠡᠨ ᠬᠣᠶᠠᠷ ᠭᠠᠷᠳᠠᠵᠤ ᠠᠪᠤᠯ᠎ᠠ᠃ 
       — ᠪᠢ ᠥᠪᠡᠷ ᠢ᠋ᠶ᠋ᠡᠨ ᠶᠠᠭᠠᠬᠢᠬᠤ ᠪᠣᠢ ᠳᠠ! ᠪᠤᠴᠠᠭᠠᠳ ᠯᠠ ᠢᠷᠡᠯ᠎ᠡ ᠭᠡᠳ ᠣᠳᠬᠣᠨ ᠳᠠᠭᠤ ᠦᠭᠡᠢ ᠪᠣᠯᠪᠠ᠃ 
       — ᠶᠠᠮᠠᠷ ᠬᠡᠷᠡᠭ ᠢ᠋ᠶ᠋ᠡᠷ? ᠭᠡᠵᠦ ᠰᠠᠩᠵᠢ ᠯᠠᠪᠯᠠᠬᠤ ᠳ᠋ᠤ᠌᠂ 
       — ᠦᠷ᠎ᠡ ᠶ᠋ᠢᠨ ᠬᠤᠲᠤᠭ ᠭᠣᠷᠢᠳᠠᠵᠤ ᠶᠠᠪᠤᠭ᠎ᠠ ᠭᠡᠨ᠎ᠡ᠃  ᠲᠡᠷᠡ ᠵᠢᠯ ᡀᠠᠰᠠ ᠵᠣᠣ ᠶ᠋ᠢᠨ ᠬᠠᠮᠤᠭ ᠯᠠ ᠨᠠᠨᠳᠢᠨ ᠰᠢᠲᠦᠭᠡᠨ ᠪᠦᠷᠦᠢ ᠳ᠋ᠦ᠍ ᠮᠥᠷᠭᠥᠭᠡᠳ ᠪᠤᠴᠠᠭᠰᠠᠨ᠃ ᠦᠷ᠎ᠡ ᠬᠡᠦᠬᠡᠳ ᠵᠠᠶᠠᠭᠠᠨ᠎ᠠ ᠯᠠ ᠭᠡᠵᠦ ᠢᠲᠡᠭᠡᠵᠦ᠂ ᠲᠡᠭᠡᠭᠡᠳ ᠪᠠᠰᠠ ᠯᠠ ᠪᠦᠲᠦᠳᠡᠭ ᠦᠭᠡᠢ ᠭᠡᠨ᠎ᠡ᠃ ᠯᠠᠮ᠎ᠠ ᠪᠠᠭᠰᠢ ᠨᠢ ᠳᠠᠬᠢᠵᠤ ᡀᠠᠰᠠ ᠵᠣᠣ ᠤᠲᠠᠢ ᠭᠦᠮᠪᠦᠮ ᠣᠷᠣᠵᠤ ᠢᠷ᠎ᠡ ᠭᠡᠵᠦ ᠬᠡᠯᠡᠭᠰᠡᠨ ᠶᠦᠮ ᠪᠠᠢᠬ᠎ᠠ᠃ ᠣᠯᠠᠨ ᠬᠠᠭᠠᠯᠭᠠᠲᠤ ᠰᠤᠪᠤᠷᠭᠠᠨ ᠳ᠋ᠤ᠌ ᠣᠴᠢᠵᠤ ᠮᠥᠷᠭᠥᠭᠡᠳ ᠢᠷ᠎ᠡ᠃ ᠲᠡᠭᠡᠪᠡᠯ ᠬᠡᠦᠬᠡᠳ ᠵᠠᠶᠠᠭᠠᠨ᠎ᠠ ᠭᠡᠰᠡᠨ ᠭᠡᠨ᠎ᠡ᠃ ᠵᠠ ᠲᠡᠷᠡ ᠴᠤ᠌ ᠶᠠᠭᠤ ᠯᠠ ᠪᠣᠯ ᠭᠡᠵᠦ ᠪᠡᠷᠢᠮᠦᠭ ᠡᠮᠡᠭᠡᠨ ᠬᠠᠷᠢᠭᠤ ᠬᠡᠯᠡᠬᠦ ᠳ᠋ᠦ᠍ ᠤᠳᠬᠤᠨ ᠤ᠋ ᠴᠢᠷᠠᠢ ᠤᠯᠠᠰᠬᠢᠯ᠎ᠡ᠃ 
       — ᠣᠯᠠᠨ ᠬᠠᠭᠠᠯᠭᠠᠲᠤ ᠰᠤᠪᠤᠷᠭ᠎ᠠ ᠭᠡᠵᠦ ᠬᠠᠮᠢᠭ᠎ᠠ ᠪᠠᠢᠳᠠᠭ ᠶᠤᠮ ᠪᠣᠯ ᠠ᠋ ? ᠭᠡᠮᠡᠨ ᠰᠠᠩᠵᠢ ᠭᠠᠢᠬᠠᠪᠠ᠃ ᠲᠡᠷᠡ ᠮᠡᠳᠡᠬᠦ ᠦᠭᠡᠢ ᠪᠠᠢᠳᠠᠭ ᠨᠢ ᠠᠷᠭ᠎ᠠ ᠦᠭᠡᠢ᠃ 
       — ᠶᠠᠭᠠᠬᠢᠭᠠᠪᠠ ᠳᠠ᠃ ᠰᠠᠬᠢᠶ᠎ᠠ ᠶ᠋ᠢᠨ ᠬᠡᠢᠳ ᠣᠷᠣᠬᠤ ᠵᠠᠮ ᠳ᠋ᠤ᠌ ᠵᠠᠩᠴᠸ ᠬᠡᠢᠳ ᠲᠦ᠍ ᠴᠤᠳᠦᠩᠭᠣᠮᠠᠨ ᠭᠡᠳᠡᠭ ᠥᠨᠳᠥᠷ ᠰᠤᠪᠤᠷᠭ᠎ᠠ ᠪᠠᠢᠳᠠᠭ᠃ ᠲᠡᠭᠦᠨ ᠢ᠋ ᠯᠡ ᠣᠯᠠᠨ ᠬᠠᠭᠠᠯᠭᠠᠲᠤ ᠰᠤᠪᠤᠷᠭ᠎ᠠ ᠭᠡᠳᠡᠭ ᠶᠦᠮ ᠪᠠᠢᠬᠤ ᠴᠢᠪ ᠯᠡ ᠭᠡᠵᠦ ᠪᠡᠷᠢᠮᠦᠭ ᠡᠮᠡᠭᠡᠨ ᠲᠣᠭᠣᠮᠰᠠᠷ ᠦᠭᠡᠢ ᠶᠠᠷᠢᠪᠠ᠃ ᠪᠡᠷᠢᠮᠦᠭ ᠡᠮᠡᠭᠡᠨ ᠪᠠᠭ᠎ᠠ ᠵᠠᠯᠠᠭᠤ ᠳ᠋ᠠᠭᠠᠨ ᠮᠥᠨ ᠯᠡ ᠡᠨᠡᠬᠦ ᠣᠳᠬᠣᠨ ᠤ᠋ ᠠᠳᠠᠯᠢ ᠲᠥᠪᠡᠳ ᠦ᠋ᠨ ᠣᠯᠠᠨ ᠬᠣᠲᠠ ᠶ᠋ᠢ ᠬᠡᠰᠦᠭᠦᠴᠢᠯᠡᠨ ᠮᠥᠷᠭᠥᠯ ᠬᠢᠵᠦ᠂ ᠳᠤᠬᠤ ᠪᠠᠨ ᠴᠣᠭᠣᠷᠠᠲᠠᠯ᠎ᠠ ᠪᠤᠷᠬᠠᠨ ᠳ᠋ᠤ᠌ ᠮᠥᠷᠭᠥᠵᠦ᠂ ᠤᠯᠠ ᠪᠠᠨ ᠡᠯᠡᠭᠳᠡᠲᠡᠯ᠎ᠡ ᠭᠣᠷᠢᠶ᠎ᠠ ᠬᠢᠭᠰᠡᠨ ᠪᠣᠯᠬᠣᠷ ᠬᠠᠮᠢᠭ᠎ᠠ ᠶᠠᠭᠤ ᠪᠠᠢᠳᠠᠭ ᠢ᠋ ᠠᠨᠳᠤᠬᠤ ᠦᠭᠡᠢ ᠮᠡᠳᠡᠳᠡᠭ ᠪᠠᠢᠵᠠᠢ᠃ ᠲᠡᠷᠡ ᠪᠦᠬᠦᠨ ᠡᠴᠡ ᠶᠠᠮᠠᠷ ᠦᠷ᠎ᠡ ᠠᠰᠢᠭ ᠭᠠᠷᠤᠭᠰᠠᠨ ᠢ᠋ ᠴᠤ᠌ ᠰᠠᠢᠨ ᠮᠡᠳᠡᠵᠦ ᠪᠠᠢᠭ᠎ᠠ ᠠᠵᠢ᠃ 
       — ᠭᠠᠭᠴᠠᠭᠠᠷ ᠢ᠋ᠶ᠋ᠠᠨ ᠢᠷᠡᠪᠡ ᠤᠤ? ᠥᠭᠡᠷ᠎ᠡ ᠬᠥᠮᠦᠨ ᠲᠡᠢ ᠬᠠᠮᠲᠤᠷᠠᠭᠰᠠᠨ ᠤᠤ? ᠭᠡᠵᠦ ᠰᠠᠩᠵᠢ ᠤᠳᠬᠤᠨ ᠠ᠋ᠴᠠ ᠠᠰᠠᠭᠤᠪᠠ᠃
       — ᠥᠨᠥᠬᠢ ᠪᠦᠬᠡᠮᠠᠩᠯᠠᠢ ᠪᠢᠳᠡ ᠬᠣᠶᠠᠷ ᠡᠨᠳᠡ ᠡᠴᠡ ᠪᠤᠴᠠᠬᠤ ᠳ᠋ᠠᠭᠠᠨ ᠳᠡᠷ᠎ᠡ ᠨᠡᠢᠯᠡᠭᠦᠯᠵᠦ ᠡᠷᠦᠬᠡ ᠭᠡᠷ ᠪᠣᠯᠤᠭᠰᠠᠨ ᠶᠤᠮ᠃ ᠨᠤᠲᠤᠭ ᠲᠤ᠌ ᠪᠠᠨ ᠣᠴᠢᠭᠠᠳ ᠭᠡᠷ ᠣᠷᠣᠨ ᠢ᠋ᠶ᠋ᠠᠨ ᠲᠣᠬᠢᠵᠢᠭᠤᠯᠵᠤ ᠲᠡᠷᠡᠦᠬᠡᠨ ᠳ᠋ᠡᠭᠡᠨ ᠠᠶᠠᠲᠠᠢᠬᠠᠨ ᠯᠠ ᠠᠮᠢᠳᠤᠷᠠᠵᠤ ᠪᠠᠢᠯ᠎ᠠ᠃ ᠦᠷ᠎ᠡ ᠲᠡᠢ ᠪᠣᠯᠬᠤ ᠶ᠋ᠢᠨ ᠬᠦᠰᠡᠯᠡᠩ ᠪᠣᠯᠵᠤ ᠵᠢᠯ ᠭᠠᠷᠤᠢ ᠬᠦᠯᠢᠶᠡᠯ᠎ᠡ᠃ ᠬᠡᠦᠬᠡᠳ ᠣᠯᠳᠠᠭᠰᠠᠨ ᠦᠭᠡᠢ᠃ ᠳᠠᠬᠢᠭᠠᠳ ᠯᠠ ᠯᠠᠮ᠎ᠠ ᠪᠠᠭᠰᠢ ᠠ᠋ᠴᠠ ᠨᠣᠮ ᠨᠡᠭᠡᠭᠡᠯᠭᠡᠵᠦ᠂ ᠱᠣ ᠣᠷᠭᠢᠭᠤᠯᠵᠤ ᠦᠵᠡᠯ᠎ᠡ᠃ ᠤᠲᠠᠢ᠂ ᡀᠠᠰᠠ ᠣᠷᠣᠵᠤ ᠣᠯᠠᠨ ᠬᠠᠭᠠᠯᠭᠠᠲᠤ ᠰᠤᠪᠤᠷᠭᠠᠨ ᠳ᠋ᠤ᠌ ᠮᠥᠷᠭᠥᠵᠦ ᠲᠡᠭᠦᠨ ᠡᠴᠡ ᠥᠴᠦᠬᠡᠨ ᠦᠷᠦᠳᠡᠰᠦ ᠴᠤ᠌ ᠶᠤᠮ ᠤᠤ ᠬᠡᠯᠲᠡᠷᠬᠡᠢ ᠣᠯᠵᠤ ᠠᠪ ᠭᠡᠵᠦ ᠯᠠᠮ᠎ᠠ ᠪᠠᠭᠰᠢ ᠠᠢᠯᠠᠳᠤᠭᠰᠠᠨ᠃ ᠲᠡᠷᠡ ᠶᠣᠰᠣᠭᠠᠷ ᠯᠠ ᠪᠦᠬᠡᠮᠠᠩᠯᠠᠢ ᠪᠢᠳᠡ ᠬᠣᠶᠠᠷ ᠳᠠᠬᠢᠨ ᠨᠠᠭᠠᠰᠢ ᠪᠠᠨ ᠭᠠᠷᠤᠭᠰᠠᠨ ᠶᠤᠮ᠃ ᠠᠶᠠᠨ ᠵᠠᠮ ᠥᠯᠵᠡᠢ ᠲᠡᠢ ᠰᠠᠢᠬᠠᠨ ᠪᠠᠢᠯ᠎ᠠ᠃ ᠤᠤᠰᠢ ᠶ᠋ᠢᠨ ᠳᠠᠪᠠᠭᠠᠨ ᠳ᠋ᠤ᠌ ᠭᠠᠵᠠᠷ ᠤ᠋ᠨ ᠰᠦᠷ ᠲᠦ᠍ ᠳᠠᠷᠤᠭᠳᠠᠵᠤ᠂ ᠬᠠᠮᠠᠷ ᠠ᠋ᠴᠠ ᠴᠢᠰᠤ ᠭᠠᠷᠴᠤ ᠵᠢᠭᠠᠬᠠᠨ ᠶᠠᠳᠠᠷᠠᠭᠰᠠᠨ ᠁ ᠭᠡᠵᠦ ᠤᠳᠬᠤᠨ ᠢ᠋ ᠶᠠᠷᠢᠵᠤ ᠪᠠᠢᠲᠠᠯ᠎ᠠ ᠪᠡᠷᠢᠮᠦᠭ ᠡᠮᠡᠭᠡᠨ ᠦᠭᠡ ᠶ᠋ᠢ ᠨᠢ ᠲᠠᠰᠤᠯᠠᠭᠠᠳ᠄
       — ᠬᠡ᠂ ᠭᠠᠵᠠᠷ ᠤ᠋ᠨ ᠰᠦᠷ ᠲᠦ᠍ ᠳᠠᠷᠤᠭᠳᠠᠬᠤ ᠶ᠋ᠢ ᠮᠡᠳᠡᠭᠰᠡᠭᠡᠷ ᠪᠠᠢᠵᠤ᠂ ᠰᠠᠢᠨ ᠪᠡᠯᠡᠳᠬᠡᠬᠦ ᠦᠭᠡᠢ ᠳᠡ᠃ ᠤᠤᠰᠢ ᠶ᠋ᠢᠨ ᠳᠠᠪᠠᠭᠠᠨ ᠤ᠋ ᠴᠠᠭᠠᠨ᠎ᠠ ᠳᠣᠯᠣᠭ᠎ᠠ ᠬᠣᠨᠣᠭ ᠲᠤᠬᠠᠯᠠᠵᠤ᠂ ᠮᠢᠬᠠᠨ ᠤ᠋ ᠲᠥᠷᠥᠯ ᠦ᠋ᠨ ᠶᠠᠭᠤᠮ ᠠᠠᠮᠰᠠᠯ ᠦᠭᠡᠢ ᠪᠠᠢᠵᠤ ᠪᠡᠯᠡᠳᠬᠡᠬᠦ ᠦᠭᠡᠢ ᠪᠣᠯ ᠭᠠᠵᠠᠷ ᠤ᠋ᠨ ᠰᠦᠷ ᠲᠦ᠍ ᠳᠠᠷᠤᠭᠳᠠᠵᠤ᠂ ᠠᠶᠠᠭᠦᠢᠳᠡᠪᠡᠯ ᠦᠬᠦᠵᠦ ᠴᠤ᠌ ᠮᠡᠳᠡᠨ᠎ᠡ᠃ ᠪᠣᠯᠴᠢᠮ ᠦᠭᠡᠢ ᠶᠠᠭᠤᠮ᠎ᠠ ᠬᠢᠵᠦ ᠳᠡ! ᠭᠡᠪᠡ᠃  ᠰᠠᠩᠵᠢ᠄
       — ᠲᠡᠭᠡᠭᠡᠳ ᠪᠦᠬᠡᠮᠠᠩᠯᠠᠢ ᠭᠤᠸᠠᠢ ᠬᠠᠮᠢᠭ᠎ᠠ ᠣᠴᠢᠭᠰᠠᠨ ᠬᠡᠷᠡᠭ ᠪᠣᠢ? ᠭᠡᠵᠦ ᠭᠠᠢᠬᠠᠨ ᠠᠰᠠᠭᠤᠯ᠎ᠠ᠃
       — ᠪᠦᠬᠡᠮᠠᠩᠯᠠᠢ ᠤᠤ? ᠁ ᠭᠡᠰᠡᠨ ᠢ᠋ᠶ᠋ᠡᠨ ᠤᠳᠬᠤᠨ ᠤ᠋ ᠰᠡᠳᠬᠢᠯ ᠨᠢ ᠬᠢᠮᠤᠷᠠᠯᠳᠤᠵᠤ ᠳᠠᠭᠤ ᠦᠭᠡᠢ ᠬᠡᠰᠡᠭ ᠰᠠᠭᠤᠭᠠᠳ᠄
       — ᠤᠤᠰᠢ ᠶ᠋ᠢᠨ ᠳᠠᠪᠠᠭ᠎ᠠ ᠳᠠᠪᠠᠭᠠᠳ ᠨᠠᠭᠠᠰᠢ ᠪᠠᠨ ᠶᠠᠪᠤᠵᠤ  ᠪᠠᠢᠲᠠᠯ᠎ᠠ ᠳᠡᠭᠡᠷᠡᠮᠴᠢᠨ ᠨᠦ᠍ᠭᠦᠳ ᠲᠡᠢ ᠲᠠᠭᠠᠷᠠᠯᠳᠤᠭᠠᠳ ᠮᠠᠨ ᠤ᠋ ᠲᠡᠷᠡ ᠭᠠᠯ ᠤ᠋ᠨ ᠬᠢᠨ ᠶᠠᠭᠤ ᠴᠤ᠌ ᠦᠭᠡᠢ ᠪᠣᠯᠲᠠᠯ᠎ᠠ ᠪᠠᠨ ᠲᠣᠨᠣᠭᠤᠯᠤᠭᠰᠠᠨ᠃ ᠪᠦᠬᠡᠮᠠᠩᠯᠠᠢ ᠪᠢᠳᠡ ᠬᠣᠶᠠᠷ ᠠ᠋ᠴᠠ ᠭᠠᠳᠠᠨ᠎ᠠ ᠴᠠᠭᠠᠨ ᠭᠣᠣᠯ ᠤ᠋ᠨ ᠬᠡᠳᠦᠨ ᠮᠥᠷᠭᠥᠯᠴᠢᠨ ᠬᠠᠮᠲᠤ ᠶᠠᠪᠤᠵᠠᠭᠠᠵᠤ ᠪᠠᠢᠭᠰᠠᠨ ᠶᠤᠮ᠃  ᠳᠡᠭᠡᠷᠡᠮᠴᠢᠨ ᠨᠦ᠍ᠭᠦᠳ ᠪᠢᠳᠡᠨ ᠦ᠌ ᠠᠯᠢ ᠣᠯᠢᠭᠲᠠᠢ ᠶ᠋ᠢ ᠮᠤᠯᠵᠠᠯᠠᠵᠤ ᠠᠪᠤᠭᠠᠳ ᠬᠣᠶᠠᠷ ᠭᠤᠷᠪᠠᠨ ᠬᠥᠮᠦᠨ ᠢ᠋ᠶ᠋ᠡᠨ ᠠᠯᠠᠭᠤᠯᠵᠤ᠂ ᠣᠷᠣᠨ ᠳ᠋ᠤ᠌ ᠨᠢ  ᠪᠦᠬᠡᠮᠠᠩᠯᠠᠢ ᠶ᠋ᠢ ᠴᠠᠭᠠᠨᠭᠣᠣᠯ ᠤ᠋ᠨ ᠬᠢᠨ ᠦ᠌ ᠭᠠᠯ ᠤ᠋ᠨ ᠠᠬᠠᠯᠠᠭᠴᠢ ᠳᠠᠷᠤᠮᠵᠠᠭᠳᠠ ᠭᠤᠸᠠᠢ ᠶ᠋ᠢᠨ ᠬᠠᠮᠲᠤ ᠪᠠᠷ ᠣᠯᠵᠠᠯᠠᠵᠤ ᠠᠪᠤᠭᠠᠳ ᠠᠭᠤᠯᠠ ᠳᠠᠮᠵᠢᠨ ᠠᠯᠠᠭ᠎ᠠ ᠪᠣᠯᠤᠭᠰᠠᠨ᠃ ᠪᠢᠳᠡ ᠬᠡᠳᠦ ᠶᠠᠳᠠᠭᠤ ᠳᠣᠷᠣᠢ ᠡᠮᠡᠭᠲᠡᠢᠴᠦᠳ᠂ ᠬᠡᠦᠬᠡᠳ ᠦ᠋ᠳ ᠵᠠᠮ ᠮᠥᠷ ᠢ᠋ᠶ᠋ᠡᠷ ᠢ᠋ᠶ᠋ᠡᠨ ᠬᠡᠯᠲᠦᠷᠢᠨ ᠶᠠᠪᠤᠭᠰᠠᠭᠠᠷ ᠠᠷᠠᠢ ᠭᠡᠵᠦ ᡀᠠᠰᠠ ᠵᠣᠣ ᠳ᠋ᠤ᠌ ᠣᠷᠣᠵᠤ ᠢᠷᠡᠯ᠎ᠡ᠃  ᠪᠦᠬᠡᠮᠠᠩᠯᠠᠢ ᠲᠡᠷᠡ ᠬᠣᠶᠠᠷ ᠢ᠋ ᠰᠤᠯᠠᠯᠠᠭᠳᠠᠭᠠᠳ ᠬᠣᠢᠨ᠎ᠠ ᠠ᠋ᠴᠠ ᠭᠦᠢᠴᠡᠵᠦ ᠢᠷᠡᠬᠦ ᠪᠠᠢᠬᠤ ᠭᠡᠵᠦ ᠭᠣᠷᠢᠳᠠᠭᠰᠠᠭᠠᠷ ᠪᠠᠢᠯ᠎ᠠ᠃ ᠭᠡᠲᠡᠯ᠎ᠡ ᠢᠷᠡᠭᠰᠡᠨ ᠦᠭᠡᠢ᠃ ᠣᠳᠣ ᠲᠡᠳᠡ ᠬᠠᠮᠢᠭ᠎ᠠ ᠵᠣᠪᠠᠵᠤ ᠶᠠᠪᠤᠳᠠᠭ ᠪᠣᠯ ᠁ ᠭᠡᠵᠦ ᠣᠳᠬᠣᠨ ᠬᠡᠯᠡᠭᠡᠳ ᠮᠡᠭᠰᠢᠨ ᠤᠬᠢᠯᠠᠪᠠ᠃
       — ᠤᠬᠢᠯᠠᠭᠠᠳ ᠶᠠᠭᠠᠬᠢᠬᠤ ᠪᠣᠢ? ᠣᠪᠰᠣᠭ᠎ᠠ ᠲᠠᠢ ᠡᠷ᠎ᠡ ᠪᠣᠯ ᠬᠦᠷᠦᠭᠡᠳ ᠯᠡ ᠢᠷᠡᠨ᠎ᠡ ᠭᠡᠵᠦ ᠪᠡᠷᠢᠮᠦᠭ ᠡᠮᠡᠭᠡᠨ ᠣᠳᠬᠣᠨ ᠤ᠋ ᠮᠥᠷᠥ ᠶ᠋ᠢ ᠢᠯᠪᠢᠨ ᠲᠠᠢᠳᠬᠤᠷᠠᠭᠤᠯᠬᠤ ᠭᠡᠵᠦ ᠣᠷᠣᠯᠳᠣᠪᠠ᠃ ᠤᠳᠬᠤᠨ ᠤᠳᠠᠲᠠᠯ᠎ᠠ ᠲᠠᠢᠳᠬᠤᠷᠠᠭᠰᠠᠨ ᠦᠭᠡᠢ᠃
       — ᠪᠤᠷᠬᠠᠨ ᠤ᠋ ᠣᠷᠣᠨ ᠭᠡᠵᠦ ᠪᠠᠢᠬᠤ᠃ ᠲᠡᠭᠡᠭᠡᠳ ᠮᠥᠷᠭᠥᠯᠴᠢᠨ ᠶᠠᠳᠠᠭᠤᠰ ᠢ᠋ ᠵᠦᠭᠡᠷ ᠥᠩᠭᠡᠷᠡᠭᠦᠯᠬᠦ ᠦᠭᠡᠢ ᠲᠣᠨᠣᠵᠤ ᠳᠡᠭᠡᠷᠡᠮᠳᠡᠵᠦ ᠦᠷᠭᠦᠯᠵᠢ ᠨᠢᠭᠦᠯ ᠬᠢᠵᠦ ᠪᠠᠢᠬᠤ ᠶᠤᠮ᠂ ᠡᠨᠡ ᠲᠥᠪᠡᠳ ᠦ᠋ᠳ᠃ ᠥᠭᠡᠳᠡᠯᠡᠬᠦ ᠦᠭᠡᠢ ᠤᠯᠤᠰ ᠪᠠᠢᠬᠤ ᠠ᠂ ᠵᠠᠢᠯᠠᠭᠤᠯ! ᠭᠡᠵᠦ ᠪᠡᠷᠢᠮᠦᠭ ᠡᠮᠡᠭᠡᠨ ᠰᠡᠳᠬᠢᠯ ᠭᠠᠩᠰᠠᠷᠠᠨ ᠥᠭᠦᠯᠡᠵᠦ᠂ ᠰᠡᠭᠦᠷᠡᠰᠦ ᠠᠯᠳᠠᠪᠠ᠃
       — ᠡᠷᠬᠡᠪᠰᠢ ᠨᠢᠭᠡ ᠠᠷᠭ᠎ᠠ ᠣᠯᠵᠤ ᠳᠡᠭᠡᠷᠡᠮᠴᠢᠨ ᠦ᠌ ᠭᠠᠷ ᠠ᠋ᠴᠠ ᠰᠠᠯᠤᠭᠠᠳ ᠢᠷᠡᠬᠦ ᠪᠠᠢᠬ᠎ᠠ ᠠ᠋᠂ ᠪᠦᠬᠡᠮᠠᠩᠯᠠᠢ ᠭᠤᠸᠠᠢ! ᠭᠡᠵᠦ ᠰᠠᠩᠵᠢ ᠲᠡᠳᠡᠨ ᠢ᠋ ᠲᠠᠢᠪᠤᠰᠢᠷᠠᠭᠤᠯᠬᠤ ᠶ᠋ᠢ ᠣᠷᠣᠯᠳᠣᠯ᠎ᠠ᠃ 
      《ᠳᠠᠬᠢᠭᠠᠳ ᠯᠠ ᠦᠷ᠎ᠡ ᠶ᠋ᠢᠨ ᠬᠤᠲᠤᠭ ᠣᠯᠬᠤ ᠶ᠋ᠢᠨ ᠮᠥᠷᠥᠭᠡᠳᠦᠯ ᠪᠣᠯᠵᠤ ᠡᠨᠡ ᠤᠷᠲᠤ ᠬᠡᠴᠡᠭᠦᠦ ᠵᠠᠮ ᠢ᠋ ᠲᠤᠭᠤᠯᠤᠨ ᠬᠦᠷᠴᠦ ᠢᠷᠡᠵᠡᠢ᠃ ᠣᠳᠣ ᠲᠡᠭᠡᠭᠡᠳ ᠣᠯᠠᠨ ᠬᠠᠭᠠᠯᠭᠠᠲᠤ ᠴᠤᠳᠦᠩᠭᠣᠮᠠᠨ ᠰᠤᠪᠤᠷᠭᠠᠨ ᠳ᠋ᠤ᠌ ᠮᠥᠷᠭᠥᠭᠡᠳ ᠨᠡᠮᠡᠷᠢ ᠪᠣᠯᠬᠤ ᠶᠠᠭᠤᠮ᠎ᠠ ᠪᠣᠯᠪᠠ ᠤᠤ ᠳᠠ! ᠮᠥᠨ ᠴᠤ᠌ ᠬᠡᠴᠡᠭᠦᠦ ᠶᠦᠮ ᠠ᠋ ᠳᠠ》 ᠭᠡᠵᠦ ᠰᠠᠩᠵᠢ ᠭᠡᠰᠦᠯ ᠲᠡᠭᠦᠨ ᠤ ᠲᠤᠬᠠᠢ ᠪᠣᠳᠣᠵᠤ ᠪᠠᠢᠲᠠᠯ᠎ᠠ ᠳᠠᠭᠠᠵᠤ ᠮᠡᠳᠡᠭᠰᠡᠨ ᠶᠦᠮ ᠰᠢᠭ ᠰᠠᠨᠠᠭ᠎ᠠ ᠶ᠋ᠢ ᠨᠢ ᠪᠡᠷᠢᠮᠦᠭ ᠡᠮᠡᠭᠡᠨ ᠡᠯᠭᠦᠨ ᠠᠪᠤᠭᠠᠳ᠄
       — ᠣᠯᠠᠨ ᠭᠠᠵᠠᠷ ᠲᠡᠨᠦᠵᠦ ᠡᠯᠳᠡᠪ ᠳᠡᠭᠡᠳᠦ ᠶ᠋ᠢᠨ ᠶᠠᠭᠤᠮᠠᠨ ᠳ᠋ᠤ᠌ ᠮᠥᠷᠭᠥᠯ ᠵᠠᠯᠪᠠᠷᠢᠵᠤ ᠵᠣᠪᠠᠵᠤ ᠶᠠᠪᠤᠭᠰᠠᠨ ᠳᠤ ᠣᠷᠣᠪᠠᠯ ᠨᠤᠲᠤᠭ ᠲᠤ᠌ ᠪᠠᠨ ᠷᠠᠰᠢᠶᠠᠨ ᠤᠤᠭᠤᠵᠤ ᠬᠡᠳᠦᠨ ᠵᠢᠯ ᠪᠡᠶ᠎ᠡ ᠪᠡᠨ ᠰᠤᠪᠢᠯᠠᠭᠰᠠᠨ ᠨᠢ ᠳᠡᠭᠡᠷ᠎ᠡ ᠦᠭᠡᠢ ᠤᠤ ᠳᠠ ? ᠪᠡᠶ᠎ᠡ ᠶ᠋ᠢᠨ ᠲᠠᠮᠢᠷ ᠲᠡᠩᠬᠡᠭᠡ ᠰᠠᠢᠵᠢᠷᠠᠪᠠᠯ ᠵᠠᠯᠠᠭᠤ ᠬᠥᠮᠦᠨ ᠠᠶᠠᠨᠳᠠᠭᠠᠨ ᠯᠠ ᠦᠷ᠎ᠡ ᠶ᠋ᠢᠨ ᠬᠤᠲᠤᠭ ᠣᠯᠤᠨ᠎ᠠ ᠰᠢᠦ ᠳᠡ᠃ ᠤᠰᠤᠲᠤ ᠴᠠᠴᠤᠷᠠᠩᠭ᠎ᠠ ᠶ᠋ᠢᠨ ᠡᠬᠢᠨ ᠳ᠋ᠦ᠍ ᠬᠦᠷᠲᠡᠯ᠎ᠡ ᠰᠠᠢᠬᠠᠨ ᠬᠦᠢᠲᠡᠨ ᠷᠠᠰᠢᠶᠠᠨ ᠪᠠᠢᠳᠠᠭ ᠶᠤᠮ ᠴᠢᠨᠢ! ᠭᠡᠵᠦ ᠶᠠᠷᠢᠪᠠ᠃  ᠰᠠᠩᠵᠢ ᠪᠠᠰᠠ ᠯᠠ ᠡᠨᠡ ᠦᠭᠡ ᠶ᠋ᠢ ᠪᠣᠳᠣᠵᠤ ᠪᠠᠢᠭᠰᠠᠨ ᠲᠤᠯᠠ ᠰᠠᠨᠠᠯ ᠨᠡᠢᠯᠡᠵᠡᠢ᠃
       — ᠲᠠᠨᠲ᠋ᠤᠨ ᠵᠠᠯᠪᠤᠤ ᠭᠡᠵᠦ ᠨᠢᠭᠡ ᠬᠠᠭᠠᠨ ᠡᠬᠡ ᠶ᠋ᠢᠨ ᠢ᠋ᠶ᠋ᠡᠨ ᠭᠡᠳᠡᠰᠦᠨ ᠳ᠋ᠦ᠍ ᠵᠢᠷᠠᠨ ᠵᠢᠯ ᠪᠠᠢᠭᠠᠳ ᠳᠠᠷᠠᠭ᠎ᠠ ᠨᠢ ᠲᠥᠷᠥᠭᠰᠡᠨ ᠶᠦᠮ ᠭᠡᠳᠡᠭ᠃ ᠲᠡᠷᠡ ᠨᠢᠭᠡᠨᠲᠡ ᠵᠢᠷᠠᠨ ᠵᠢᠯ ᠡᠬᠡ ᠶ᠋ᠢᠨ ᠭᠡᠳᠡᠰᠦᠨ ᠳ᠋ᠦ᠍ ᠪᠠᠢᠭᠰᠠᠨ ᠪᠣᠯᠬᠣᠷ ᠪᠤᠭᠤᠷᠤᠯ ᠦᠰᠦ ᠲᠡᠢ ᠲᠥᠷᠥᠭᠰᠡᠨ ᠶᠦᠮ ᠭᠡᠨ᠎ᠡ ᠯᠠᠢ᠃ ᠲᠡᠭᠡᠲᠡᠯ᠎ᠡ ᠤᠳᠠᠭᠠᠨ ᠲᠡᠭᠡᠭᠡᠭᠰᠡᠨ ᠡᠬᠡ ᠶ᠋ᠢᠨ ᠢ᠋ᠶ᠋ᠡᠨ ᠠᠴᠢ ᠶ᠋ᠢ ᠬᠠᠷᠢᠭᠤᠯᠬᠤ ᠭᠡᠵᠦ ᠲᠠᠨᠲ᠋ᠤᠨ ᠵᠠᠯᠪᠤᠤ ᠣᠯᠠᠨ ᠲᠣᠭᠠᠨ ᠤ᠋ ᠭᠦᠦᠷ᠂ ᠰᠤᠪᠤᠷᠭ᠎ᠠ ᠪᠠᠷᠢᠭᠤᠯᠤᠭᠰᠠᠨ ᠶᠤᠮ ᠪᠠᠢᠨ᠎ᠠ ᠪᠢᠯᠡ᠃ ᠲᠡᠭᠡᠬᠦ ᠪᠡᠷ ᠦᠷ᠎ᠡ ᠬᠡᠦᠬᠡᠳ ᠲᠡᠢ ᠪᠣᠯᠬᠤ ᠴᠤ᠌ ᠵᠠᠶᠠᠭ᠎ᠠ ᠨᠢ ᠪᠦᠷᠢᠳᠪᠡᠯ ᠬᠡᠵᠢᠶ᠎ᠡ ᠴᠤ᠌ ᠪᠣᠯᠵᠣᠰᠢ ᠦᠭᠡᠢ ᠶᠦᠮ ᠳᠡ ᠭᠡᠵᠦ ᠰᠠᠩᠵᠢ ᠤᠷᠢᠳᠤ ᠪᠠᠭᠰᠢ ᠶ᠋ᠢᠨ ᠢ᠋ᠶ᠋ᠡᠨ ᠶᠠᠷᠢᠵᠤ ᠪᠠᠢᠭᠰᠠᠨ ᠨᠢᠭᠡᠨ ᠳᠣᠮᠣᠭ ᠮᠡᠲᠦ ᠶᠠᠭᠤᠮ᠎ᠠ ᠶ᠋ᠢ ᠬᠡᠯᠡᠪᠡ᠃ ᠪᠡᠷᠢᠮᠦᠭ ᠲᠡᠭᠦᠨ ᠳ᠋ᠦ᠍ ᠳᠤᠷ᠎ᠠ ᠦᠭᠡᠢ ᠨᠢ ᠬᠦᠷᠦᠭᠰᠡᠨ ᠪᠣᠯᠤᠯᠲᠠᠢ:
       — ᠬᠡ ᠴᠠᠰ! ᠬᠡᠵᠢᠶ᠎ᠡ ᠵᠢᠷᠠᠨ ᠵᠢᠯ ᠦ᠋ᠨ ᠳᠠᠷᠠᠭ᠎ᠠ ᠦᠷ᠎ᠡ ᠲᠡᠢ ᠪᠣᠯᠤᠨ᠎ᠠ᠂ ᠲᠡᠷᠡ ᠮᠠᠨᠢ ᠪᠤᠭᠤᠷᠤᠯ ᠡᠪᠦᠭᠡᠨ ᠲᠥᠷᠥᠨ᠎ᠡ ᠭᠡᠳ ᠪᠠᠯᠠᠢᠷᠠᠨ ᠬᠦᠯᠢᠶᠡᠵᠦ ᠰᠠᠭᠤᠬᠤ ᠶᠤᠮ ᠪᠣᠢ? ᠳᠡᠮᠡᠢ ᠬᠡᠷᠡᠭ᠃ ᠳᠡᠷᠡᠨ ᠲᠤᠬᠠᠢ ᠪᠤᠤ ᠪᠣᠳᠣ᠃ ᠬᠠᠷᠢᠨ ᠨᠢᠭᠡᠨᠲᠡ ᠢᠷᠡᠭᠰᠡᠨ ᠶᠦᠮ ᠶᠠᠭᠠᠬᠢᠶ᠎ᠠ ᠭᠡᠬᠦ ᠪᠣᠢ᠂ ᠲᠡᠷᠡ ᠣᠯᠠᠨ ᠬᠠᠭᠠᠯᠭᠠᠲᠤ ᠰᠤᠪᠤᠷᠭᠠᠨ ᠳ᠋ᠠᠭᠠᠨ ᠣᠴᠢᠵᠤ ᠮᠥᠷᠭᠥᠭᠡᠳ ᠪᠤᠴᠠ᠃ ᠳᠠᠬᠢᠨ ᠬᠡᠨ ᠦ᠌ ᠴᠤ᠌ ᠦᠭᠡᠨ ᠳ᠋ᠦ᠍ ᠲᠣᠯᠣᠭᠠᠢ ᠶ᠋ᠢ ᠪᠡᠨ ᠪᠢᠲᠡᠭᠡᠢ ᠮᠡᠳᠡᠭᠦᠯᠵᠦ ᠪᠠᠢ! ᠦᠷ᠎ᠡ ᠲᠡᠢ ᠪᠣᠯᠤᠨ᠎ᠠ ᠭᠡᠳᠡᠭ ᠯᠠᠮᠠ ᠶ᠋ᠢᠨ ᠬᠡᠷᠡᠭ ᠪᠢᠰᠢ ᠭᠡᠵᠦ ᠱᠠᠭᠠᠷᠳᠠᠯ᠎ᠠ᠃ ᠪᠡᠷᠢᠮᠦᠭ ᠡᠮᠡᠭᠡᠨ ᠬᠤᠷᠴᠠ ᠭᠠᠰᠢᠭᠤᠨ ᠦᠭᠡ ᠲᠡᠢ ᠪᠣᠯᠪᠠᠴᠤ ᠬᠠᠯᠠ ᠦᠵᠡᠵᠦ᠂ ᠬᠠᠯᠠᠭᠤᠨ ᠴᠢᠯᠠᠭᠤ ᠳᠣᠯᠢᠶᠠᠭᠰᠠᠨ ᠪᠣᠯᠬᠣᠷ ᠬᠠᠷ᠎ᠠ ᠤᠬᠠᠭᠠᠨ ᠲᠠᠢ ᠭᠡᠳᠡᠭ ᠢ᠋ ᠰᠠᠩᠵᠢ ᠢᠲᠡᠭᠡᠵᠦ ᠪᠠᠢᠯ᠎ᠠ᠃ ᠰᠠᠩᠵᠢ ᠶ᠋ᠢᠨ ᠠᠮᠢ ᠶ᠋ᠢ ᠵᠣᠷ ᠮᠡᠳᠡᠳᠡᠭ ᠯᠠᠮᠠ ᠪᠠᠭᠰᠢ ᠨᠠᠷ ᠨᠢ ᠪᠢᠰᠢ ᠬᠠᠷᠢᠨ ᠵᠣᠪᠠᠯᠠᠩ ᠦᠵᠡᠭᠰᠡᠨ ᠡᠨᠡ ᠴᠢᠪᠠᠭᠠᠨᠴᠠ ᠯᠠ ᠠᠪᠤᠷᠠᠭᠰᠠᠨ ᠢ᠋ ᠶᠠᠭᠠᠬᠢᠵᠤ ᠮᠠᠷᠲᠠᠬᠤ ᠪᠢᠯᠡ᠃ 《ᠣᠳᠣ ᠪᠦᠬᠡᠮᠠᠩᠯᠠᠢ ᠭᠤᠸᠠᠢ ᠢᠷᠡᠬᠦ ᠦᠭᠡᠢ ᠪᠣᠯ ᠪᠢ ᠯᠡ ᠭᠠᠵᠠᠷᠴᠢᠯᠠᠵᠤ ᠵᠠᠩᠴᠸ ᠬᠡᠢᠳ ᠲᠦ᠍ ᠬᠦᠷᠭᠡᠵᠦ ᠵᠣᠷᠢᠭᠰᠠᠨ ᠰᠤᠪᠤᠷᠭᠠᠨ ᠳ᠋ᠤᠨᠢ ᠮᠥᠷᠭᠥᠭᠦᠯᠬᠦ ᠡᠴᠡ ᠪᠢᠰᠢ ᠳᠡ᠃ ᠥᠭᠡᠷ᠎ᠡ ᠶᠠᠭᠠᠬᠢᠬᠤ ᠪᠣᠢ?》 ᠭᠡᠵᠦ ᠰᠠᠩᠵᠢ ᠪᠣᠳᠣᠯ᠎ᠠ᠃  ᠴᠣᠳᠠᠩᠭᠤᠮᠠᠨ ᠪᠤᠶᠤ ᠣᠯᠠᠨ ᠬᠠᠭᠠᠯᠭᠠᠲᠤ ᠰᠤᠪᠤᠷᠭ᠎ᠠ ᠪᠠᠢᠳᠠᠭ ᠲᠡᠷᠡᠬᠦ ᠵᠠᠩᠴᠸ ᠬᠡᠢᠳ ᠲᠦ᠍  ᠪᠤᠳ᠋ᠳ᠋ᠾᠠ ᠪᠤᠷᠬᠠᠨ ᠤ᠋ ᠨᠣᠮᠯᠠᠯ ᠤ᠋ᠨ ᠲᠥᠷᠥᠯ ᠪᠦᠷᠢ ᠶ᠋ᠢᠨ ᠶᠣᠰᠣ ᠰᠠᠬᠢᠭᠴᠢ ᠳ᠋ᠤ᠌ ᠨᠢᠭᠡᠨ ᠳᠣᠣᠷ᠎ᠠ ᠠᠵᠤ ᠲᠥᠷᠦᠵᠢ᠂ ᠨᠣᠮᠯᠠᠯ ᠶᠠᠭᠤ ᠶ᠋ᠢ ᠪᠡᠨ ᠳᠡᠯᠭᠡᠷᠡᠭᠦᠯᠵᠦ ᠪᠠᠶᠢᠳᠠᠭ ᠢ᠋ᠶ᠋ᠠᠷ ᠢ᠋ᠶ᠋ᠠᠨ ᠶᠡᠬᠡ ᠣᠨᠴᠠᠯᠢᠭ ᠭᠠᠵᠠᠷ ᠪᠠᠢᠯ᠎ᠠ᠃ ᠰᠠᠬᠢᠶ᠎ᠠ᠂ ᠭᠡᠯᠦᠭᠪᠠ᠂ ᠨᠢᠶᠠᠨᠮ᠎ᠠ᠂ ᠺᠠᠷᠮ᠎ᠠ ᠭᠡᠳ ᠯᠡ ᠠᠯᠢᠪᠠ ᠰᠦᠵᠢᠭᠲᠡᠨ ᠠᠯᠠᠭᠯᠠᠨ ᠠᠵᠤ ᠲᠥᠷᠥᠳᠡᠭ ᠲᠡᠷᠡ ᠪᠢᠴᠢᠬᠠᠨ ᠬᠡᠢᠳ ᠦ᠋ᠨ ᠴᠣᠳᠠᠩᠭᠤᠮᠠᠨ ᠰᠤᠪᠤᠷᠭ᠎ᠠ ᠪᠤᠳ᠋ᠳ᠋ᠾᠠ ᠶ᠋ᠢᠨ ᠶᠢᠷᠲᠢᠨᠴᠦᠳ ᠶᠡᠬᠡ ᠠᠯᠳᠠᠷᠰᠢᠵᠠᠢ᠃ ᠲᠠᠪᠤᠨ ᠳᠠᠪᠬᠤᠷ ᠲᠡᠷᠡ ᠰᠤᠪᠤᠷᠭ᠎ᠠ ᠣᠯᠠᠨ ᠬᠠᠭᠠᠯᠭ᠎ᠠ ᠲᠠᠢ ᠶᠤᠮ᠃ ᠳᠠᠪᠬᠤᠷ ᠪᠦᠷᠢ ᠳ᠋ᠦ᠍ ᠬᠣᠷᠢᠨ ᠬᠠᠭᠠᠯᠭ᠎ᠠ ᠪᠣᠢ᠃ ᠪᠦᠭᠦᠳᠡ ᠨᠡᠢᠯᠡᠭᠡᠳ ᠵᠠᠭᠤᠨ ᠬᠠᠭᠠᠯᠭ᠎ᠠ ᠲᠠᠢ ᠪᠣᠯᠪᠠᠴᠤ ᠮᠠᠨᠢ ᠶ᠋ᠢᠨ ᠡᠷᠭᠢᠨ ᠦ᠌ ᠲᠣᠭ᠎ᠠ ᠪᠠᠷ ᠵᠠᠭᠤᠨ ᠨᠠᠢ᠍ᠮᠠᠨ ᠬᠠᠭᠠᠯᠭ᠎ᠠ ᠲᠠᠢ ᠭᠡᠵᠦ ᠰᠢᠲᠦᠯᠭᠡᠲᠡᠨ ᠣᠯᠠᠨ ᠢ᠋ᠶ᠋ᠠᠷ ᠢᠲᠡᠭᠡᠵᠡᠢ᠃ ᠵᠠᠭᠤᠨ ᠨᠠᠢ᠍ᠮᠠᠨ ᠬᠠᠭᠠᠯᠭ᠎ᠠ ᠳ᠋ᠤ᠌ ᠲᠡᠷᠡ ᠰᠤᠪᠤᠷᠭᠠᠨ ᠳ᠋ᠤ᠌ ᠬᠡᠷᠪᠡ ᠬᠠᠭᠠᠯᠭ᠎ᠠ ᠪᠦᠷᠢ ᠪᠡᠷ ᠣᠷᠣᠵᠤ ᠭᠠᠷᠬᠤ ᠭᠡᠪᠡᠯ ᠨᠡᠯᠢᠶᠡᠳ ᠴᠠᠭ ᠵᠠᠷᠤᠬᠤ ᠬᠡᠷᠡᠭᠲᠡᠢ ᠪᠠᠢᠳᠠᠭ ᠠᠵᠢ᠃ ᠭᠡᠪᠡᠴᠦ ᠭᠠᠭᠴᠠᠬᠦ ᠲᠡᠭᠦᠨ ᠳ᠋ᠦ᠍ ᠰᠦᠵᠢᠭᠯᠡᠵᠦ ᠢᠷᠡᠭᠰᠡᠨ ᠬᠥᠮᠦᠨ ᠳ᠋ᠦ᠍ ᠪᠣᠯ ᠰᠠᠨᠠᠭᠠᠨ ᠤ᠋ ᠯᠠ ᠠᠵᠢᠯ ᠪᠠᠢᠯ᠎ᠠ᠃ ᠬᠠᠭᠠᠯᠭ᠎ᠠ ᠪᠦᠷᠢ ᠪᠡᠷ ᠣᠷᠣᠵᠤ ᠭᠠᠷᠴᠤ ᠶᠠᠪᠤᠭᠰᠠᠭᠠᠷ ᠴᠠᠭ ᠥᠩᠭᠡᠷᠡᠬᠦ᠂ ᠶᠠᠳᠠᠷᠠᠵᠤ ᠵᠦᠳᠡᠷᠡᠬᠦ ᠶ᠋ᠢ ᠮᠠᠷᠲᠠᠳᠠᠭ ᠪᠠᠢᠵᠠᠢ᠃ 
       — ᠪᠦᠬᠡᠮᠠᠩᠯᠠᠢ ᠭᠤᠸᠠᠢ ᠶ᠋ᠢ ᠢᠷᠡᠬᠦ ᠦᠭᠡᠢ ᠪᠣᠯ ᠪᠢ ᠯᠡ ᠲᠠᠨ ᠢ᠋ ᠭᠠᠵᠠᠷᠴᠢᠯᠠᠵᠤ ᠣᠯᠠᠨ ᠬᠠᠭᠠᠯᠭᠠᠲᠤ ᠰᠤᠪᠤᠷᠭᠠᠨ ᠳ᠋ᠤ᠌ ᠮᠥᠷᠭᠥᠯ ᠬᠢᠯᠭᠡᠵᠦ ᠢᠷᠡᠬᠦ ᠡᠴᠡ ᠳᠡ! ᠭᠡᠵᠦ ᠰᠠᠩᠵᠢ ᠪᠣᠳᠣᠵᠤ ᠪᠠᠢᠭᠰᠠᠨ ᠵᠦᠢᠯ ᠢ᠋ᠶ᠋ᠡᠨ ᠬᠡᠯᠡᠪᠡ᠃ ᠤᠳᠬᠤᠨ ᠲᠡᠭᠦᠨ ᠳ᠋ᠦ᠍ ᠪᠠᠶᠠᠷᠯᠠᠬᠤ ᠮᠡᠲᠦ ᠪᠣᠯᠤᠭᠰᠠᠨ ᠪᠣᠯᠪᠠᠴᠤ ᠪᠠᠰᠠᠬᠦ ᠭᠤᠨᠢᠭ ᠲᠥᠷᠥᠵᠡᠢ᠃  ᠪᠦᠬᠡᠮᠠᠩᠯᠠᠢ ᠶ᠋ᠢ ᠢᠷᠡᠬᠦ ᠦᠭᠡᠢ ᠪᠣᠯ ᠭᠡᠵᠦ ᠮᠠᠭᠤ ᠶᠠᠭᠤᠮ᠎ᠠ ᠵᠥᠩᠨᠡᠨ ᠬᠡᠯᠡᠭᠰᠡᠨ ᠳ᠋ᠦ᠍ ᠲᠡᠭᠦᠨ ᠤ ᠳᠤᠷ᠎ᠠ ᠦᠭᠡᠢ ᠬᠦᠷᠴᠡᠢ᠃ ᠦᠨᠡᠬᠡᠷ ᠪᠦᠬᠡᠮᠠᠩᠯᠠᠢ ᠶ᠋ᠢᠨ ᠪᠠᠢᠳᠠᠯ ᠬᠦᠨᠳᠦ ᠪᠣᠯᠤᠭᠰᠠᠨ ᠢ᠋ ᠬᠡᠨ ᠴᠤ᠌ ᠮᠡᠳᠡᠭᠰᠡᠨ ᠦᠭᠡᠢ᠃ ᠲᠡᠳᠡᠨ ᠢ᠋ ᠵᠡᠷᠯᠢᠭ ᠣᠮᠣᠭ ᠭᠣᠯᠣᠣᠭ ᠤ᠋ᠳ ᠣᠯᠵᠠᠯᠠᠨ ᠠᠪᠴᠤ ᠠᠭᠤᠯᠠ ᠶ᠋ᠢᠨ ᠬᠠᠪᠴᠢᠯ ᠳ᠋ᠤ᠌ ᠠᠪᠠᠴᠢᠵᠠᠢ᠃ ᠤᠤᠯ ᠤ᠋ᠨ ᠳᠡᠭᠡᠷᠡᠮᠴᠢᠳ ᠰᠠᠷᠯᠤᠭ ᠤ᠋ᠨ ᠰᠡᠪᠡᠭ ᠢ᠋ᠶ᠋ᠡᠷ ᠨᠡᠬᠡᠭᠰᠡᠨ ᠬᠠᠷ᠎ᠠ ᠪᠦᠷᠢᠶᠡᠰᠦ ᠲᠡᠢ ᠪᠠᠨᠠᠭ ᠲᠤ᠌ ᠰᠠᠭᠤᠵᠠᠭᠠᠬᠤ ᠪᠥᠭᠡᠳ ᠨᠢᠳᠦ ᠢᠷᠮᠡᠬᠦ ᠵᠠᠭᠤᠷ᠎ᠠ ᠠᠴᠢᠶᠠᠯᠠᠨ ᠬᠠᠨᠳᠤᠭᠰᠠᠨ ᠵᠦᠭ ᠲᠦ᠍ ᠪᠡᠨ ᠲᠡᠯᠢᠢᠵᠦ ᠥᠭᠳᠡᠭ ᠵᠠᠩᠰᠢᠯ ᠲᠠᠢ ᠬᠡᠭᠡᠷ᠎ᠡ ᠶ᠋ᠢᠨ ᠵᠡᠷᠯᠢᠭ ᠲᠡᠨᠦᠭᠦᠯᠴᠢᠨ ᠣᠲᠣᠭ ᠠᠵᠠᠢ᠃ ᠲᠡᠳᠡ ᠲᠥᠪᠡᠳ ᠦ᠋ᠨ ᠥᠨᠳᠥᠷ ᠠᠭᠤᠯᠠᠰ ᠳᠠᠮᠵᠢᠨ ᠬᠡᠰᠦᠭᠦᠴᠢᠯᠡᠵᠦ ᠶᠡᠬᠡ ᠵᠠᠮ ᠲᠣᠰᠣᠨ ᠳᠡᠭᠡᠷᠡᠮ ᠬᠢᠵᠦ᠂ ᠭᠠᠭᠴᠠᠬᠦ ᠲᠡᠢᠮᠦ ᠠᠷᠭ᠎ᠠ ᠪᠠᠷ ᠠᠮᠢᠳᠤᠷᠠᠳᠠᠭ ᠤᠯᠤᠰ ᠪᠠᠢᠯ᠎ᠠ᠃ ᠬᠠᠮᠤᠭ ᠤ᠋ᠨ ᠶᠡᠬᠡ ᠣᠯᠵᠠ ᠲᠠᠢ ᠵᠠᠮ ᠨᠢ ᠬᠠᠯᠬ᠎ᠠ ᠮᠣᠩᠭᠣᠯ ᠠ᠋ᠴᠠ ᠢᠷᠡᠳᠡᠭ ᠮᠥᠷᠭᠥᠯᠴᠢᠳ ᠦ᠋ᠨ ᠬᠢ ᠪᠢᠯᠡ᠃ ᠭᠣᠣᠯ ᠲᠥᠯᠥᠪ ᠭᠠᠷ ᠬᠣᠭᠣᠰᠣᠨ᠂ ᠶᠠᠳᠠᠭᠤ ᠵᠦᠳᠡᠭᠦᠦ ᠰᠦᠵᠢᠭ ᠪᠢᠰᠢᠷᠡᠯ ᠶᠡᠬᠡ ᠲᠡᠢ ᠮᠣᠩᠭᠣᠯᠴᠤᠳ ᠢ᠋ ᠲᠡᠳᠡ ᠲᠤᠨᠤᠭᠰᠠᠭᠠᠷ ᠪᠠᠢᠭᠠᠳ ᠠᠮᠲᠠᠰᠢᠵᠤ ᠭᠦᠢᠴᠡᠵᠡᠢ᠃ ᠭᠡᠬᠦ ᠳ᠋ᠡᠭᠡᠨ ᠡᠳ᠋ ᠬᠣᠭᠰᠢᠯ ᠢ᠋ ᠨᠢ ᠭᠣᠣᠯᠴᠢᠯᠠᠨ ᠳᠡᠭᠡᠷᠡᠮᠳᠡᠬᠦ ᠡᠴᠡ ᠪᠢᠰᠢ᠃ ᠬᠥᠮᠦᠨ ᠦ᠌ ᠠᠮᠢ ᠪᠤᠰᠠᠨᠢᠭᠤᠯᠬᠤ ᠶ᠋ᠢ ᠨᠢᠭᠡ ᠶᠡᠬᠡ ᠬᠢᠴᠢᠶᠡᠳᠡᠭ ᠦᠭᠡᠢ ᠪᠠᠢᠵᠠᠢ᠃ ᠡᠨᠡ ᠤᠳᠠᠭ᠎ᠠ ᠲᠡᠳᠡ ᠡᠳ᠋ ᠬᠣᠭᠰᠢᠯ ᠠ᠋ᠴᠠ ᠭᠠᠳᠠᠨ᠎ᠠ ᠬᠥᠮᠦᠨ ᠣᠯᠵᠯᠠᠵᠤ ᠠᠪᠬᠤ ᠵᠣᠷᠢᠯᠭ᠎ᠠ ᠲᠠᠢ ᠪᠠᠢᠭᠰᠠᠨ ᠨᠢ ᠭᠠᠢ ᠪᠣᠯᠵᠤ ᠳᠠᠷᠤᠮᠵᠠᠭᠳᠠ᠂  ᠪᠦᠬᠡᠮᠠᠩᠯᠠᠢ ᠬᠣᠶᠠᠷ ᠤ᠋ᠨ ᠭᠠᠯ ᠲᠠᠢ ᠲᠣᠬᠢᠶᠠᠯᠳᠤᠵᠤ ᠲᠡᠳᠡ ᠣᠯᠵᠠᠯᠠᠭᠳᠠᠭᠰᠠᠨ ᠶᠤᠮᠰᠠᠨᠵᠠᠢ᠃ ᠭᠣᠯᠣᠤᠭ ᠤ᠋ᠨ ᠲᠡᠷᠡ ᠳᠡᠭᠡᠷᠡᠮᠴᠢᠳ ᠦ᠋ᠨ ᠠᠬᠠᠯᠠᠭᠴᠢ ᠨᠢ ᠬᠡᠳᠦᠨ ᠰᠠᠷ᠎ᠠ ᠶ᠋ᠢᠨ ᠡᠮᠦᠨ᠎ᠡ ᠪᠠᠷᠢᠭᠳᠠᠵᠤ ᡀᠠᠰᠠ ᠵᠣᠣ ᠳ᠋ᠤ᠌ ᠬᠦᠷᠭᠡᠭᠳᠡᠭᠰᠡᠨ ᠪᠠᠢᠵᠠᠢ᠃ ᠲᠡᠷᠡ ᠳᠡᠭᠡᠷᠡᠮᠴᠢᠨ ᠨᠢᠭᠡᠨ ᠤᠳᠠᠭ᠎ᠠ ᠰᠥᠨᠢ ᠶ᠋ᠢᠨ ᠴᠠᠭ ᠢ᠋ᠶ᠋ᠠᠷ ᠠᠨᠳᠠᠭᠤᠷᠠᠵᠤ ᠲᠥᠪᠡᠳ ᠦ᠋ᠨ ᠨᠢᠭᠡᠨ ᠶᠡᠬᠡ ᠬᠡᠷᠬᠡᠮ ᠶᠠᠩᠪᠠᠲᠠᠨ ᠲᠦᠰᠢᠮᠡᠯ ᠦ᠋ᠨ ᠬᠢᠨ ᠳ᠋ᠦ᠍ ᠬᠠᠯᠳᠠᠵᠤ ᠣᠷᠬᠢᠭᠠᠳ ᠪᠠᠷᠢᠭᠳᠠᠭᠰᠠᠨ ᠪᠠᠢᠵᠠᠢ᠃ ᡀᠠᠰᠠ ᠵᠣᠣ ᠶ᠋ᠢᠨ ᠭᠠᠵᠠᠷ ᠱᠣᠷᠣᠩ ᠳ᠋ᠤ᠌ ᠲᠡᠭᠦᠨ ᠢ᠋ ᠬᠠᠶᠠᠵᠠᠢ᠃ ᠥᠴᠢᠭ ᠦᠭᠡᠢ ᠪᠡᠷ ᠳᠢᠭᠪᠠᠷᠠᠨᠵᠠ ᠳ᠋ᠤ᠌ ᠢᠳᠡᠭᠦᠯᠬᠦ ᠶᠠᠯ᠎ᠠ ᠵᠢᠭᠠᠬᠤ ᠪᠠᠷ ᠶᠠᠷᠢᠶ᠎ᠠ ᠭᠠᠷᠤᠭᠰᠠᠨ ᠪᠠᠢᠯ᠎ᠠ᠃ ᠥᠯᠥᠰᠬᠦᠯᠡᠩ ᠳᠢᠭᠪᠠᠷᠠᠨᠵᠠ᠂ ᠬᠢᠯᠢᠨᠴᠡᠲᠦ ᠬᠣᠷᠣᠬᠠᠢ ᠪᠠᠷ ᠳᠦᠭᠦᠷᠡᠩ ᠬᠠᠷᠠᠩᠭᠤᠢ ᠨᠦᠬᠡ ᠤᠷᠤᠭᠤ ᠨᠢᠴᠦᠭᠦᠯᠡᠭᠡᠳ ᠰᠢᠲᠠᠵᠤ ᠣᠷᠬᠢᠪᠠᠯ ᠬᠡᠳᠦᠬᠡᠨ ᠬᠣᠷᠣᠮ ᠤ᠋ᠨ  ᠳᠠᠷᠠᠭ᠎ᠠ ᠲᠡᠳᠡᠭᠡᠷ ᠬᠣᠷᠣᠬᠠᠢ ᠳ᠋ᠤ᠌ ᠪᠠᠷᠢᠭᠳᠠᠵᠤ ᠦᠬᠦᠨ᠎ᠡ ᠭᠡᠳᠡᠭ ᠢ᠋ ᠳᠡᠭᠡᠷᠡᠮᠴᠢᠨ ᠦ᠌ ᠠᠬᠠᠯᠠᠭᠴᠢ ᠰᠠᠢᠨ ᠮᠡᠳᠡᠵᠦ ᠠᠰᠤᠷᠤ ᠶᠡᠬᠡ ᠠᠶᠤᠵᠤ ᠪᠠᠢᠵᠠᠢ᠃ ᠥᠪᠡᠷ ᠦ᠋ᠨ ᠢ᠋ᠶ᠋ᠡᠨ ᠳᠡᠭᠡᠷᠡᠮᠴᠢᠨ ᠬᠠᠷ᠎ᠠ ᠲᠣᠯᠣᠭᠠᠢ ᠶ᠋ᠢ ᠠᠪᠤᠷᠠᠬᠤ ᠠᠷᠭ᠎ᠠ ᠬᠠᠢᠵᠤ ᠡᠯᠳᠡᠪ ᠢ᠋ᠶ᠋ᠡᠷ ᠣᠷᠣᠯᠳᠣᠭᠰᠠᠭᠠᠷ ᠪᠠᠢᠲᠠᠯ᠎ᠠ ᠨᠢ ᠵᠣᠯᠢᠶᠠᠰᠤ ᠠᠪᠴᠤ ᠲᠡᠭᠦᠨ ᠢ᠋ ᠰᠤᠯᠠᠯᠠᠬᠤ ᠶᠠᠷᠢᠶ᠎ᠠ ᠭᠠᠷᠴᠠᠢ᠃ ᠢᠳᠡᠷ ᠴᠢᠭᠢᠷᠠᠭ ᠲᠠᠪᠤᠨ ᠡᠷ᠎ᠡ ᠳᠠᠢᠴᠢᠯᠠᠨ᠂ ᠥᠪᠡᠷ ᠦ᠋ᠨ ᠢ᠋ᠶ᠋ᠡᠨ ᠵᠣᠯᠢᠶᠠᠰᠤᠨ ᠳ᠋ᠤ᠌ ᠲᠤᠰᠢᠶᠠᠪᠠᠯ ᠲᠡᠭᠦᠨ ᠢ᠋ ᠴᠢᠯᠥᠭᠡᠯᠡᠬᠦ ᠪᠣᠯᠤᠨ᠎ᠠ ᠭᠡᠵᠦ ᠬᠡᠷᠡᠭ ᠰᠢᠳᠬᠡᠭᠴᠢ ᠲᠦᠰᠢᠮᠡᠯ ᠠᠢᠯᠠᠳᠴᠠᠢ᠃ 
       ᡀᠠᠰᠠ ᠬᠣᠲᠠ ᠶ᠋ᠢᠨ ᠵᠠᠬᠢᠷᠭ᠎ᠠ ᠯᠠᠨᠴᠢᠰᠠ ᠬᠦᠴᠦ ᠪᠡᠷ ᠴᠡᠷᠢᠭ ᠡᠯᠰᠡᠭᠦᠯᠬᠦ ᠵᠣᠷᠢᠯᠭ᠎ᠠ ᠲᠠᠢ ᠪᠠᠢᠭᠰᠠᠨ ᠤᠴᠢᠷ ᠡᠬᠢᠯᠡᠭᠡᠳ ᠲᠡᠢᠮᠦ ᠴᠤᠤ ᠶᠠᠷᠢᠶ᠎ᠠ ᠳᠡᠭᠳᠡᠭᠡᠵᠡᠢ᠃ ᠮᠥᠨᠥᠬᠡᠨ ᠴᠤᠤᠷᠬᠠᠯ ᠨᠡᠯᠢᠶᠡᠳ ᠭᠠᠵᠠᠷ ᠠᠪᠤᠮᠠᠭᠴᠠ ᠯᠠᠨᠴᠢᠰᠠ ᠶᠢᠨ ᠱᠣᠷᠣᠩ ᠳ᠋ᠤ᠌ ᠶᠠᠩᠵᠤ ᠪᠦᠷᠢ ᠶ᠋ᠢᠨ ᠠᠷᠭ᠎ᠠ ᠪᠠᠷ ᠪᠠᠶᠠᠵᠢᠵᠤ ᠬᠥᠯᠵᠢᠭᠰᠡᠨ ᠬᠠᠮᠵᠢᠯᠭ᠎ᠠ ᠶ᠋ᠢᠨ ᠡᠵᠡᠳ᠂ ᠴᠢᠨᠡᠭᠡᠯᠢᠭᠬᠡᠨ ᠲᠦᠰᠢᠮᠡᠳ ᠦ᠋ᠳ᠂ ᠳᠡᠭᠡᠷᠡᠮᠴᠢᠨ᠂ ᠯᠤᠢᠪᠠᠷᠴᠢᠨ ᠤ᠋ ᠪᠠᠭ ᠤ᠋ᠨ ᠭᠣᠴᠣᠯᠠᠭᠴᠢ ᠨᠠᠷ ᠢ᠋ ᠦᠯᠦ ᠶᠠᠯᠢᠬᠤ ᠰᠢᠯᠲᠠᠭᠠᠨ ᠢ᠋ᠶ᠋ᠠᠷ ᠪᠠᠷᠢᠪᠴᠢᠯᠠᠨ ᠬᠢᠵᠦ᠂ ᠲᠡᠳᠡᠨ ᠢ᠋ ᠠᠶᠤᠯᠭᠠᠨ ᠰᠦᠷᠳᠡᠭᠦᠯᠬᠦ ᠮᠡᠬᠡ ᠬᠡᠷᠡᠭᠯᠡᠬᠦ ᠪᠣᠯᠵᠠᠢ᠃

       ᠭᠤᠴᠢᠨ ᠵᠢᠩ ᠦ᠋ᠨ ᠬᠦᠨᠳᠦ ᠴᠢᠯᠠᠭᠤᠨ ᠮᠠᠯᠠᠭᠠᠢ ᠶ᠋ᠢ ᠶᠠᠯᠠᠲᠠᠨ ᠤ᠋ ᠲᠣᠯᠣᠭᠠᠢ ᠳ᠋ᠤ᠌ ᠡᠮᠦᠰᠬᠡᠭᠡᠳ ᠲᠡᠮᠦᠷ ᠠᠯᠤᠬ᠎ᠠ ᠪᠠᠷ ᠣᠷᠣᠢ ᠳᠡᠭᠡᠷ᠎ᠡ ᠨᠢ ᠳᠣᠩᠰᠢᠬᠤ ᠳ᠋ᠤ᠌ ᠤᠤᠯ ᠬᠥᠮᠦᠨ ᠦ᠌ ᠬᠣᠶᠠᠷ ᠨᠢᠳᠦ  ᠪᠦᠯᠲᠡ ᠦᠰᠦᠷᠦᠨ ᠬᠠᠴᠠᠷ ᠤᠷᠤᠭᠤ ᠨᠢ ᠤᠨᠵᠢᠢᠳᠠᠭ ᠲᠡᠢᠮᠦ ᠨᠢᠭᠡ ᠮᠠᠭᠤᠬᠠᠢ ᠲᠠᠮᠤᠯᠠᠭ᠎ᠠ ᠶ᠋ᠢ ᠯᠠᠨᠴᠢᠰᠠ ᠶ᠋ᠢᠨ ᠶᠠᠷᠭᠠᠴᠢᠳ ᠪᠣᠳᠣᠵᠤ ᠣᠯᠵᠠᠢ᠃ ᠲᠡᠭᠦᠨ ᠢ᠋ ᠪᠡᠨ ᠱᠣᠷᠣᠩ ᠤ᠋ᠨ ᠬᠣᠷᠢᠭᠳᠠᠯ ᠤ᠋ᠳ ᠲᠤ᠌ ᠦᠵᠡᠭᠦᠯᠵᠦ ᠲᠡᠳᠡᠨ ᠳ᠋ᠦ᠍ ᠠᠢᠳᠠᠰ ᠭᠦᠢᠳᠡᠰ ᠲᠥᠷᠥᠭᠦᠯᠵᠦ ᠪᠠᠢᠯ᠎ᠠ᠃ ᠬᠠᠮᠵᠢᠯᠭ᠎ᠠ ᠶ᠋ᠢᠨ ᠡᠵᠡᠳ᠂ ᠴᠢᠨᠡᠭᠡᠯᠢᠭ ᠲᠦᠰᠢᠮᠡᠳ ᠦ᠋ᠳ᠂ ᠯᠤᠢᠪᠠᠷᠴᠢᠳ ᠤ᠋ᠨ ᠲᠣᠯᠣᠭᠠᠢᠯᠠᠭᠴᠢ ᠨᠠᠷ ᠤ᠋ᠨ ᠡᠮᠦᠨ᠎ᠡ ᠲᠡᠷᠡ ᠡᠷᠡᠭᠦᠦ ᠰᠢᠭᠦᠯᠲᠡ ᠪᠡᠨ ᠦᠵᠡᠭᠦᠯᠦᠨ ᠳᠠᠯᠠᠢᠯᠭᠠᠬᠤ ᠶ᠋ᠢᠨ ᠳᠡᠯᠢᠮ ᠳ᠋ᠦ᠍ ᠲᠡᠳᠡᠨ ᠡᠴᠡ ᠵᠣᠯᠢᠶᠠᠰᠤᠨ ᠤ᠋ ᠬᠥᠮᠦᠨ ᠭᠠᠷᠭᠠᠭᠤᠯᠬᠤ ᠱᠠᠭᠠᠷᠳᠠᠯᠭ᠎ᠠ ᠲᠠᠯᠪᠢᠭᠰᠠᠭᠠᠷ ᠪᠠᠢᠯ᠎ᠠ᠃ ᠤᠤᠰᠢ ᠶ᠋ᠢᠨ ᠳᠠᠪᠠᠭ᠎ᠠ ᠬᠠᠪᠢ ᠪᠠᠷ ᠬᠥᠯᠯᠡᠳᠡᠭ ᠭᠣᠯᠣᠤᠭ ᠵᠢᠨ ᠳᠡᠭᠡᠷᠡᠮᠴᠢᠳ ᠦ᠋ᠨ ᠲᠣᠯᠣᠭᠠᠢᠯᠠᠭᠴᠢ ᠳ᠋ᠸᠩᠵᠡᠨ ᠳᠡᠷᠡᠨ ᠡᠴᠡ ᠮᠠᠭᠤᠬᠠᠢ ᠶᠠᠭᠤᠮ᠎ᠠ ᠣᠯᠠᠨ ᠢ᠋ ᠦᠵᠡᠵᠦ ᠥᠩᠭᠡᠷᠡᠭᠦᠯᠦᠭᠰᠡᠨ ᠨᠢᠭᠦᠯᠲᠦ ᠲᠣᠯᠣᠭᠠᠢ ᠪᠣᠯᠬᠣᠷ ᠢ᠋ᠶ᠋ᠠᠨ ᠶᠡᠷᠦ ᠲᠣᠭᠣᠬᠤ ᠦᠭᠡᠢ ᠪᠠᠢᠪᠠ᠃ ᠲᠡᠭᠦᠨ ᠡᠴᠡ ᠪᠤᠰᠤᠳ ᠬᠣᠷᠢᠭᠳᠠᠯ ᠤ᠋ᠳ ᠴᠥᠮ ᠯᠡ ᠵᠢᠷᠦᠬᠡ ᠦᠬᠦᠵᠦ᠂ ᠥᠪᠡᠷ ᠥᠪᠡᠷ ᠦ᠋ᠨ ᠬᠠᠮᠵᠢᠯᠭ᠎ᠠ᠂ ᠵᠠᠷᠤᠴᠠ ᠬᠠᠷᠢᠶᠠᠲᠤ ᠨᠠᠷ ᠠ᠋ᠴᠠ ᠨᠢᠭᠡ ᠬᠣᠶᠠᠷ ᠬᠥᠮᠦᠨ ᠵᠣᠯᠢᠶᠠᠰᠤᠯᠠᠨ ᠭᠠᠷᠭᠠᠵᠤ ᠥᠭᠬᠦ ᠠᠮᠠ ᠥᠴᠢᠭ ᠠᠯᠳᠠᠵᠠᠭᠠᠭᠰᠠᠭᠠᠷ ᠪᠠᠢᠵᠠᠢ᠃ ᠪᠠᠷᠤᠭ ᠬᠠᠮᠤᠭ ᠤ᠋ᠨ ᠰᠡᠭᠦᠯ ᠳ᠋ᠦ᠍ ᠥᠴᠢᠭ ᠥᠭᠭᠦᠯ ᠦᠭᠡᠢ ᠦᠯᠡᠳᠡᠬᠦ ᠳ᠋ᠦ᠍ ᠨᠢ ᠳ᠋ᠸᠩᠵᠡᠨ ᠳ᠋ᠦ᠍ ᠬᠠᠲᠠᠭᠤ ᠶᠠᠭᠤᠮ᠎ᠠ ᠦᠵᠡᠭᠦᠯᠬᠦ ᠪᠡᠷ ᠯᠠᠨᠴᠢᠰᠠ ᠶ᠋ᠢᠨ ᠶᠠᠷᠭᠠᠴᠢᠳ ᠡᠷᠡᠰ ᠰᠢᠢᠳᠴᠡᠢ᠃ ᠲᠡᠭᠡᠭᠡᠳ ᠳ᠋ᠸᠩᠵᠡᠨ ᠦ᠌ ᠬᠠᠮᠲᠤ ᠵᠢᠳᠬᠦᠭᠴᠢ ᠨᠢᠭᠡᠨ ᠵᠥᠨᠥᠭ ᠬᠥᠭᠰᠢᠨ ᠳᠡᠭᠡᠷᠡᠮᠴᠢᠨ ᠢ᠋ ᠡᠮᠦᠨ᠎ᠡ ᠨᠢ ᠳᠠᠭᠤᠨ ᠠᠪᠴᠢᠷᠠᠭᠠᠳ ᠮᠥᠨᠥᠬᠡᠨ ᠴᠢᠯᠠᠭᠤᠨ ᠮᠠᠯᠠᠭᠠᠢ ᠶ᠋ᠢ ᠡᠮᠦᠰᠬᠡᠵᠦ ᠲᠡᠮᠦᠷ ᠠᠯᠤᠬ᠎ᠠ ᠪᠠᠷ ᠣᠷᠣᠢ ᠳᠡᠭᠡᠷ᠎ᠡ ᠡᠴᠡ ᠬᠦᠴᠦᠲᠡᠢ ᠴᠣᠬᠢᠵᠤ ᠨᠢᠳᠦ ᠶ᠋ᠢ ᠪᠦᠯᠲᠡᠯᠦᠭᠡᠳ ᠳᠣᠭᠣᠭᠰᠢ ᠤᠨᠵᠢᠢᠭᠰᠠᠨ ᠬᠣᠶᠠᠷ ᠨᠢᠳᠦ ᠶ᠋ᠢ ᠲᠣᠰᠪᠣᠷᠢ ᠳ᠋ᠤᠨᠢ ᠣᠭᠲᠣᠯᠤᠨ ᠠᠪᠴᠤ ᠳ᠋ᠸᠩᠵᠡᠨ ᠦ᠌ ᠡᠮᠦᠨ᠎ᠡ ᠲᠠᠯᠪᠢᠵᠠᠢ᠃ ᠳ᠋ᠸᠩᠵᠡᠨ ᠲᠡᠭᠦᠨ ᠳ᠋ᠦ᠍ ᠴᠣᠴᠢᠨ ᠭᠠᠢᠬᠠᠬᠤ᠂ ᠠᠶᠤᠬᠤ ᠬᠣᠶᠠᠷ ᠨᠢ ᠵᠡᠷᠭᠡᠴᠡᠵᠦ ᠢᠷᠡᠭᠰᠡᠨ ᠪᠣᠯᠪᠠᠴᠤ ᠪᠡᠶ᠎ᠡ ᠪᠡᠨ ᠪᠠᠷᠢᠵᠤ ᠪᠠᠰᠠ ᠯᠠ ᠥᠴᠢᠭ ᠥᠭᠭᠦᠭᠰᠡᠨ ᠦᠭᠡᠢ᠃ ᠲᠡᠭᠡᠬᠦ ᠪᠡᠷ ᠨᠢ ᠶᠠᠷᠭᠠᠴᠢᠳ ᠨᠢᠯᠤᠭᠤᠨ ᠠ᠋ᠴᠠ ᠪᠠᠨ ᠰᠢᠯᠤᠭᠤᠨ ᠳ᠋ᠠᠭᠠᠨ ᠰᠢᠯᠵᠢᠵᠦ᠄ 
       — ᠲᠡᠭᠡᠪᠡᠯ ᠳ᠋ᠸᠩᠵᠡᠨ ᠴᠢᠮ᠎ᠠ ᠳ᠋ᠤ᠌ ᠪᠠᠰᠠ ᠡᠢᠮᠦ ᠶᠠᠯ᠎ᠠ ᠣᠨᠣᠭᠣᠭᠣᠨ᠎ᠠ ᠳᠠ! ᠬᠡᠯᠡᠬᠦ ᠵᠠᠬᠢᠬᠤ ᠶᠠᠭᠤᠮ᠎ᠠ ᠪᠠᠢᠪᠠᠯ ᠡᠨᠡ ᠰᠣᠬᠣᠷ ᠲᠤ᠌ ᠪᠠᠨ ᠵᠠᠬᠢᠬᠤ ᠪᠢᠵᠡ! ᠭᠡᠵᠦ ᠵᠠᠨᠤᠯᠬᠢᠯᠠᠵᠠᠢ᠃ 
       ᠳ᠋ᠸᠩᠵᠡᠨ ᠡᠭᠦᠨ ᠡᠴᠡ ᠴᠣᠴᠢᠨ ᠠᠶᠤᠵᠤ᠄
       — ᠵᠠ᠂ ᠶᠠᠭᠠᠬᠢᠬᠤᠪ ᠪᠢ ᠥᠨᠥ ᠰᠥᠨᠢ ᠳ᠋ᠡᠭᠡᠨ ᠪᠣᠳᠣᠶ᠎ᠠ! ᠭᠡᠵᠡᠢ᠃ 
       ᠲᠡᠷᠡ ᠰᠥᠨᠢ ᠳ᠋ᠡᠭᠡᠨ ᠪᠣᠳᠣᠭᠠᠳ ᠪᠣᠳᠣᠭᠠᠳ ᠪᠤᠲᠠ ᠶ᠋ᠢᠨ ᠰᠢᠭᠢᠷ᠎ᠡ ᠳᠥᠷᠪᠡ ᠭᠡᠭᠴᠢ ᠪᠡᠷ ᠬᠣᠶᠠᠷᠬᠠᠨ ᠵᠠᠮ ᠠ᠋ᠴᠠ ᠥᠭᠡᠷ᠎ᠡ ᠶᠠᠭᠤᠮ᠎ᠠ ᠰᠦᠪᠡᠭᠴᠢᠯᠡᠵᠦ ᠴᠢᠳᠠᠭᠰᠠᠨ ᠦᠭᠡᠢ᠃ ᠨᠢᠭᠡ ᠪᠣᠯ ᠨᠢᠳᠦ ᠦᠭᠡᠢ ᠪᠣᠯᠬᠤ᠂ ᠡᠰᠡᠪᠡᠯ ᠵᠣᠯᠢᠶᠠᠰᠤᠨ ᠳ᠋ᠤ᠌ ᠬᠥᠮᠦᠨ ᠥᠭᠬᠦ ᠪᠡᠷ ᠥᠴᠢᠭ ᠠᠯᠳᠠᠬᠤ ᠡᠨᠡ ᠬᠣᠶᠠᠷ ᠠ᠋ᠴᠠ ᠥᠭᠡᠷ᠎ᠡ ᠠᠷᠭ᠎ᠠ ᠪᠠᠢᠭᠰᠠᠨ ᠦᠭᠡᠢ᠃ ᠥᠷᠯᠥᠭᠡ ᠨᠢ ᠲᠡᠷᠡ ᠥᠪᠡᠷ ᠦ᠋ᠨ ᠬᠠᠷᠢᠶᠠᠲᠤ ᠠ᠋ᠴᠠ ᠬᠣᠶᠠᠷ ᠬᠥᠮᠦᠨ ᠵᠣᠯᠢᠶᠠᠰᠤᠨ ᠳ᠋ᠤ᠌ ᠥᠭᠬᠦ ᠠᠮᠠ ᠭᠠᠷᠴᠠᠢ᠃ ᠲᠡᠷᠡ ᠲᠤᠬᠠᠢ ᠶ᠋ᠢ ᠪᠡᠨ ᠬᠠᠷᠢᠶᠠᠲᠤ ᠬᠥᠮᠦᠰ ᠲᠦ᠍ ᠪᠡᠨ ᠮᠡᠳᠡᠭᠡ ᠶᠠᠪᠤᠭᠤᠯᠬᠤ ᠳ᠋ᠠᠭᠠᠨ《ᠪᠣᠯᠵᠤ ᠥᠭᠪᠡᠯ ᠮᠥᠷᠭᠥᠯᠴᠢᠳ ᠡᠴᠡ ᠣᠯᠵᠠᠯᠠᠭᠠᠳ ᠬᠥᠬᠡᠨᠠᠭᠤᠷ ᠤ᠋ᠨ ᠥᠭᠡᠯᠡᠳ ᠦ᠋ᠳ ᠭᠡᠰᠡᠨ ᠨᠡᠷ᠎ᠡ ᠪᠡᠷ ᠵᠣᠯᠢᠶᠠᠰᠤᠨ ᠳ᠋ᠤ᠌ ᠭᠠᠷᠭᠠᠭᠠᠷᠠᠢ》 ᠭᠡᠮᠡᠨ ᠰᠠᠮ ᠵᠠᠬᠢᠵᠠᠢ᠃
       — ᠪᠢ ᠴᠤ᠌ ᠬᠠᠷᠢᠶᠠᠲᠤ ᠬᠠᠮᠰᠠᠭᠠᠲᠠᠨ ᠬᠣᠪᠣᠷ ᠲᠠᠢ ᠬᠥᠮᠦᠨ᠃ ᠭᠣᠣᠯ ᠲᠥᠯᠥᠪ ᠬᠥᠬᠡᠨᠠᠭᠤᠷ ᠤ᠋ᠨ ᠮᠣᠩᠭᠣᠯᠴᠤᠳ᠂ ᠬᠣᠪᠣᠭᠰᠠᠢᠷ ᠤ᠋ᠨ ᠲᠣᠷᠭᠤᠳ ᠠ᠋ᠴᠠ ᠰᠠᠢᠨ ᠰᠡᠳᠬᠢᠯ ᠢ᠋ᠶ᠋ᠡᠷ ᠢ᠋ᠶ᠋ᠡᠨ ᠨᠠᠳᠠ ᠲᠠᠢ ᠨᠡᠢᠯᠡᠭᠰᠡᠨ ᠬᠡᠳᠦ ᠭᠤᠷᠪᠠᠨ ᠵᠠᠷᠤᠴᠠ ᠪᠠᠷᠯᠤᠭ ᠲᠠᠢ ᠬᠥᠮᠦᠨ᠃ ᠲᠡᠭᠦᠨ ᠡᠴᠡ ᠪᠠᠨ ᠯᠠ ᠬᠣᠶᠠᠷ ᠢ᠋ ᠵᠣᠯᠢᠶᠠᠰᠤᠨ ᠳ᠋ᠤ᠌ ᠥᠭᠬᠦ ᠡᠴᠡ ᠪᠢᠰᠢ ᠭᠡᠵᠦ ᠳ᠋ᠸᠩᠵᠡᠨ ᠠᠮᠠ ᠭᠠᠷᠴᠠᠢ᠃ 
       ᠠᠮᠠ ᠭᠠᠷᠤᠭᠰᠠᠨ ᠲᠡᠷᠡ ᠬᠣᠶᠠᠷ ᠬᠥᠮᠦᠨ ᠦ᠌ ᠨᠢ ᠲᠣᠭ᠎ᠠ ᠶ᠋ᠢ ᠪᠥᠭᠯᠡᠬᠦ ᠪᠡᠷ ᠳ᠋ᠸᠩᠵᠡᠨ ᠦ᠌ ᠳᠡᠭᠡᠷᠡᠮᠴᠢᠳ ᠤᠤᠰᠢ ᠶ᠋ᠢᠨ ᠳᠠᠪᠠᠭ᠎ᠠ ᠪᠠᠷ ᠭᠡᠷᠦᠨ ᠬᠡᠰᠦᠨ ᠶᠠᠪᠤᠵᠤ ᠪᠠᠢᠭᠠᠳ ᠬᠠᠯᠬ᠎ᠠ ᠭᠠᠵᠠᠷ ᠠ᠋ᠴᠠ ᠢᠷᠡᠵᠦ ᠪᠣᠢ ᠳᠠᠷᠤᠮᠵᠠᠭᠳᠠ ᠶ᠋ᠢᠨ ᠭᠠᠯ ᠤᠷᠤᠭᠤ ᠳᠠᠭᠠᠷᠢᠵᠤ ᠬᠣᠶᠠᠷ ᠬᠥᠮᠦᠨ ᠣᠯᠵᠯᠠᠵᠤ ᠠᠪᠴᠢᠷᠠᠭᠰᠠᠨ ᠤ᠋ ᠨᠢᠭᠡ ᠨᠢ ᠪᠦᠬᠡᠮᠠᠩᠯᠠᠢ ᠪᠠᠢᠯ᠎ᠠ᠃ 
       ᠳ᠋ᠸᠩᠵᠡᠨ ᠢ ᠭᠠᠪᠠᠯᠠᠵᠤ ᠰᠠᠷᠯᠤᠭ ᠤ᠋ᠨ ᠨᠢᠷᠤᠭᠤᠨ ᠳ᠋ᠤ᠌ ᠬᠦᠯᠢᠵᠦ ᠳᠠᠭᠠᠭᠤᠯᠤᠨ ᠶᠠᠪᠤᠭᠰᠠᠭᠠᠷ ᠯᠠᠨᠴᠢᠰᠠ ᠶ᠋ᠢᠨ ᠵᠠᠨᠳᠠᠯᠴᠢᠳ ᠤᠤᠰᠢ ᠶ᠋ᠢᠨ ᠳᠠᠪᠠᠭᠠᠨ ᠤ᠋ ᠰᠠᠷᠬᠢᠶᠠᠭ ᠲᠤ᠌ ᠣᠴᠢᠵᠤ ᠵᠣᠯᠢᠶᠠᠰᠤᠨ ᠤ᠋ ᠬᠥᠮᠦᠨ ᠢ᠋ᠶ᠋ᠡᠨ ᠠᠪᠬᠤ ᠪᠠᠷ ᠱᠠᠭᠠᠷᠳᠠᠵᠠᠢ᠃ ᠵᠣᠯᠢᠶᠠᠨ ᠤ᠋ ᠬᠥᠮᠦᠨ ᠪᠣᠯᠭᠠᠵᠤ ᠳᠠᠷᠤᠮᠵᠠᠭᠳᠠ᠂  ᠪᠦᠬᠡᠮᠠᠩᠯᠠᠢ ᠬᠣᠶᠠᠷ ᠤ᠋ᠨ ᠲᠣᠯᠣᠭᠠᠢ ᠶ᠋ᠢ ᠬᠠᠷ᠎ᠠ ᠲᠠᠭᠠᠷ ᠢ᠋ᠶ᠋ᠠᠷ ᠪᠢᠲᠡᠭᠦᠯᠡᠨ ᠪᠣᠭᠣᠭᠠᠳ ᠵᠠᠨᠳᠠᠯᠴᠢᠳ ᠲᠤ᠌ ᠲᠤᠰᠢᠶᠠᠵᠠᠢ᠃
       — ᠬᠠᠷᠠᠪᠠᠰᠤ ᠨᠠᠰᠤ ᠪᠡᠶ᠎ᠡ ᠲᠡᠩᠴᠡᠬᠦ ᠤᠯᠤᠰ ᠪᠠᠢᠨ᠎ᠠ᠃ ᠠᠪᠴᠤ ᠶᠠᠪᠤᠬᠤ ᠠ᠋ᠴᠠ ᠳᠠ! ᠭᠡᠵᠦ ᠲᠡᠳᠡ ᠵᠥᠪᠰᠢᠶᠡᠷᠡᠭᠡᠳ ᠳ᠋ᠸᠩᠵᠡᠨ ᠢ᠋ ᠰᠤᠯᠠᠯᠠᠵᠠᠢ᠃ ᠵᠠᠮ ᠤ᠋ᠨ ᠵᠠᠭᠤᠷ᠎ᠠ ᠵᠣᠯᠢᠶᠠᠰᠤᠨ ᠤ᠋ ᠬᠥᠮᠦᠰ ᠢ᠋ ᠴᠠᠭᠳᠠᠭ᠎ᠠ ᠨᠠᠷ ᠣᠭᠲᠣ ᠬᠠᠢᠷᠠᠯᠠᠬᠤ ᠦᠭᠡᠢ ᠪᠡᠷ ᠪᠠᠷᠠᠬᠤ ᠦᠭᠡᠢ᠂ ᠬᠣᠭᠣᠯᠠ ᠤᠮᠳᠠ ᠴᠤ᠌ ᠥᠭᠬᠦ ᠦᠭᠡᠢ᠂ ᠨᠢᠭᠤᠷ ᠢ᠋ ᠪᠦᠲᠡᠭᠡᠭᠰᠡᠨ ᠲᠠᠭᠠᠷ ᠢ᠋ ᠴᠤ᠌ ᠠᠪᠬᠤ ᠦᠭᠡᠢ᠂ ᠰᠠᠷᠯᠤᠭ ᠤ᠋ᠨ ᠬᠤᠷᠳᠤ ᠪᠠᠷ ᠰᠢᠯᠪᠢᠭᠦᠷᠳᠡᠨ ᠬᠥᠭᠡᠭᠡᠭᠰᠡᠭᠡᠷ ᠶᠠᠪᠤᠬᠤ ᠳ᠋ᠤ᠌ ᠪᠦᠬᠡᠮᠠᠩᠯᠠᠢ ᠶ᠋ᠢᠨ ᠠᠭᠤᠷ ᠬᠦᠷᠴᠦ᠄
       — ᠲᠠ ᠨᠠᠷ ᠶᠡᠷᠦ ᠨᠢ ᠶᠠᠭᠤ ᠭᠡᠳ ᠠᠯᠠᠴᠢᠬᠠᠬᠤ ᠰᠢᠬᠠᠭᠠᠳ ᠪᠠᠢᠭ᠎ᠠ ᠶᠤᠮ ᠪᠣᠢ? ᠪᠢᠳᠡᠨ ᠢ᠋ ᠬᠠᠮᠢᠭᠠᠰᠢ ᠨᠢ ᠠᠪᠴᠤ ᠶᠠᠪᠤᠨ᠎ᠠ ᠪᠣᠢ? ᠭᠡᠵᠦ ᠬᠠᠰᠬᠢᠷᠪᠠ᠃
       — ᠦᠭᠡᠢ ᠡᠨᠡ ᠴᠢᠨᠢ ᠲᠥᠪᠡᠳ ᠬᠥᠮᠦᠨ ᠪᠢᠰᠢ ᠪᠠᠢᠨ᠎ᠠ ᠡ ᠶᠠᠩᠵᠤ ᠨᠢ! ᠶᠠᠭᠤ ᠭᠡᠳ ᠬᠠᠰᠬᠢᠷᠤᠭᠠᠳ ᠪᠠᠢᠭ᠎ᠠ ᠶᠤᠮ ᠪᠣᠢ? ᠭᠡᠵᠦ ᠴᠠᠭᠳᠠᠭ᠎ᠠ ᠶ᠋ᠢᠨ ᠨᠢᠭᠡ ᠨᠢ ᠲᠡᠪᠡᠳᠡᠨ ᠠᠰᠠᠭᠤᠯ᠎ᠠ᠃ ᠲᠡᠭᠡᠲᠡᠯ᠎ᠡ ᠨᠥᠭᠦᠭᠡ ᠨᠢ ᠲᠠᠢᠪᠤᠩ ᠢ᠋ᠶ᠋ᠠᠷ᠄
       — ᠪᠢᠲᠡᠭᠡᠢ ᠭᠠᠢᠬ᠎ᠠ! ᠳ᠋ᠸᠩᠵᠡᠨ ᠦ᠌ ᠬᠠᠨᠢ ᠬᠠᠮᠰᠠᠭᠠᠲᠠᠨ ᠳᠣᠲᠣᠷ᠎ᠠ ᠶᠠᠩᠵᠤ ᠪᠦᠷᠢ ᠶ᠋ᠢᠨ ᠠᠮᠢᠲᠠᠰ ᠪᠠᠢᠳᠠᠭ ᠶᠤᠮ ᠭᠡᠰᠡᠨ᠃ ᠡᠳᠡ ᠨᠠᠷ ᠪᠣᠳᠣᠪᠠᠯ ᠬᠠᠰᠠᠭ᠂ ᠮᠣᠩᠭᠣᠯ᠂ ᠪᠠᠯᠪᠤ᠂ ᠴᠠᠩᠲᠤ ᠶ᠋ᠢᠨ ᠯᠡ ᠨᠢᠭᠡ ᠪᠢᠵᠡ᠃ ᠳᠤᠤᠭᠠᠢ ᠯᠠ ᠬᠥᠭᠡᠭᠡᠵᠦ ᠠᠪᠠᠴᠢᠭᠠᠳ ᠯᠠᠨᠴᠢᠰᠠ ᠳ᠋ᠤ᠌ ᠲᠤᠰᠢᠶᠠᠶ᠎ᠠ᠃  ᠪᠤᠤ ᠡᠷᠡᠭᠡᠯᠵᠡ ᠭᠡᠵᠦ ᠰᠤᠷᠭᠠᠮᠵᠢᠯᠠᠪᠠ᠃ ᠨᠥᠭᠦᠭᠡ ᠨᠢ᠄
       — ᠠ᠂ ᠵᠠ ᠲᠡᠭᠡᠪᠡᠯ ᠶᠠᠭᠠᠬᠢᠬᠤᠪ᠃ ᠨᠡᠭᠡᠷᠡᠨ ᠴᠤ᠌ ᠳᠡᠭᠡᠷᠡᠮᠴᠢᠳ ᠦ᠋ᠨ ᠪᠦᠯᠦᠭ ᠲᠦ᠍ ᠶᠠᠭᠤ ᠡᠰᠡ ᠨᠡᠢᠯᠡᠬᠦ ᠪᠣᠢ ᠭᠡᠵᠡᠢ᠃ ᠪᠦᠬᠡᠮᠠᠩᠯᠠᠢ᠂ ᠳᠠᠷᠤᠮᠵᠠᠭᠳᠠ ᠬᠣᠶᠠᠷ ᠲᠥᠪᠡᠳ ᠬᠡᠯᠡ ᠮᠡᠳᠡᠬᠦ ᠦᠭᠡᠢ ᠪᠣᠯᠬᠣᠷ ᠲᠡᠳᠡᠨ ᠦ᠌ ᠶᠠᠷᠢᠭ᠎ᠠ ᠶ᠋ᠢ ᠣᠢᠯᠠᠭᠠᠭᠰᠠᠨ ᠦᠭᠡᠢ᠂ ᠬᠡᠢ ᠳᠡᠮᠡᠢ ᠯᠡ ᠪᠠᠴᠢᠮᠳᠠᠨ ᠠᠭᠤᠷᠯᠠᠵᠤ᠂
       — ᠲᠠᠯᠪᠢᠭᠠᠴᠢ᠂ ᠲᠠ ᠨᠠᠷ ᠪᠢᠳᠡᠨ ᠢ᠋ ᠲᠠᠯᠪᠢᠭᠠᠴᠢ! ᠴᠢᠰᠤ ᠪᠠᠷ ᠤᠷᠤᠰᠤᠮᠠᠷ ᠳᠠ ! ᠭᠡᠵᠦ ᠪᠦᠬᠡᠮᠠᠩᠯᠠᠢ ᠬᠠᠰᠬᠢᠷᠴᠤ ᠪᠠᠢᠯ᠎ᠠ᠃ ᠲᠡᠭᠦᠨ ᠦ᠌ ᠦᠭᠡ ᠶ᠋ᠢ ᠬᠡᠨ ᠴᠤ᠌ ᠲᠣᠭᠣᠭᠰᠠᠨ ᠦᠭᠡᠢ᠃ 
       ᠯᠠᠨᠴᠢᠰᠠ ᠳ᠋ᠤ᠌ ᠪᠦᠬᠡᠮᠠᠩᠯᠠᠢ᠂ ᠳᠠᠷᠤᠮᠵᠠᠭᠳᠠ ᠬᠣᠶᠠᠷ ᠢ᠋ ᠲᠤᠰᠢᠶᠠᠵᠠᠢ᠃ ᠲᠣᠯᠣᠭᠠᠢ ᠶ᠋ᠢᠨ ᠪᠣᠭᠣᠯᠲᠠ ᠶ᠋ᠢ ᠠᠪᠤᠭᠠᠳ ᠲᠥᠪᠡᠳ ᠬᠥᠮᠦᠨ ᠪᠢᠰᠢ ᠭᠡᠳᠡᠭ ᠢ᠋ ᠨᠢ ᠯᠠᠨᠴᠢᠰᠠ ᠶ᠋ᠢᠨ ᠲᠦᠰᠢᠮᠡᠳ ᠦ᠋ᠳ ᠳᠠᠷᠤᠢ ᠮᠡᠳᠡᠭᠰᠡᠨ ᠪᠣᠯᠪᠠᠴᠤ᠂
       — ᠳ᠋ᠸᠩᠵᠡᠨ ᠦ᠌ ᠳᠡᠭᠡᠷᠡᠮᠴᠢᠳ ᠲᠦ᠍ ᠬᠥᠬᠡᠨᠠᠭᠤᠷ ᠤ᠋ᠨ ᠮᠣᠩᠭᠣᠯᠴᠤᠳ ᠪᠠᠢᠳᠠᠭ ᠭᠡᠰᠡᠨ ᠪᠢᠵᠡ ᠳᠡ᠃ ᠲᠡᠳᠡᠨ ᠡᠴᠡ ᠪᠠᠨ ᠯᠠ ᠵᠣᠯᠢᠶᠠᠰᠤᠨ ᠳ᠋ᠤ᠌ ᠥᠭᠴᠦ ᠣᠷᠬᠢᠵᠤ ᠯᠠ ᠳᠠ! ᠭᠡᠵᠦ ᠨᠢᠭᠡ ᠲᠦᠰᠢᠮᠡᠯ ᠰᠠᠨᠠᠭᠤᠯᠤᠭᠰᠠᠨ ᠳ᠋ᠤ᠌ ᠴᠥᠮ ᠦᠨᠡᠮᠰᠢᠪᠡ᠃
       — ᠣᠳᠣ ᠡᠳᠡᠨ ᠢ᠋ ᠱᠣᠷᠣᠩ ᠳ᠋ᠤ᠌ ᠬᠡᠢ᠃ ᠲᠡᠨᠳᠡ ᠬᠡᠳᠦ ᠬᠣᠨᠣᠭ ᠥᠯᠦᠰᠬᠡᠵᠦ ᠣᠮᠣᠭ ᠢ ᠨᠢ ᠨᠣᠮᠣᠬᠠᠳᠬᠠᠬᠤ ᠦᠭᠡᠢ ᠪᠣᠯ ᠡᠳᠡ ᠨᠠᠷ ᠴᠡᠷᠢᠭ ᠲᠦ᠍ ᠶᠠᠪᠤᠬᠤ ᠦᠭᠡᠢ ᠨᠢ ᠯᠠᠪ᠃ ᠥᠯᠥᠰᠦᠭᠡᠳ ᠢᠷᠡᠬᠦ ᠪᠡᠷ ᠢ᠋ᠶ᠋ᠡᠨ ᠠᠷᠭ᠎ᠠ ᠦᠭᠡᠢ ᠯᠡ ᠣᠮᠣᠭ᠂ ᠠᠭᠤᠷ ᠢ᠋ᠶ᠋ᠠᠨ ᠪᠠᠷᠠᠵᠤ ᠴᠡᠷᠢᠭ ᠲᠦ᠍ ᠶᠠᠪᠤᠬᠤ ᠪᠠᠷ ᠥᠪᠡᠷ ᠢ᠋ᠶ᠋ᠡᠨ ᠭᠤᠶᠤᠨ᠎ᠠ ᠭᠡᠵᠦ ᠠᠬᠠᠯᠠᠬᠤ ᠲᠤᠰᠢᠮᠡᠯ ᠵᠠᠷᠯᠢᠭ ᠪᠠᠭᠤᠯᠭᠠᠵᠠᠢ᠃ 
       ᠪᠦᠬᠡᠮᠠᠩᠯᠠᠢ᠂ ᠳᠠᠷᠤᠮᠵᠠᠭᠳᠠ ᠬᠣᠶᠠᠷ ᠢ᠋ ᠬᠠᠷᠠᠩᠭᠤᠢ ᠬᠠᠷ᠎ᠠ ᠱᠣᠷᠣᠩ ᠳ᠋ᠤ᠌ ᠬᠠᠶᠠᠵᠠᠢ᠃ ᠲᠡᠭᠡᠭᠡᠳ ᠬᠡᠳᠦ ᠬᠣᠨᠣᠭ ᠲᠠᠭ ᠮᠠᠷᠲᠠᠵᠤ ᠣᠷᠬᠢᠭᠰᠠᠨ ᠪᠢᠯᠡ᠃  ᠪᠦᠬᠡᠮᠠᠩᠯᠠᠢ ᠭᠠᠯᠵᠠᠭᠤᠷᠠᠭᠰᠠᠨ ᠡᠯᠵᠢᠭᠡ ᠮᠡᠲᠦ ᠣᠷᠢᠯᠠᠨ ᠬᠠᠰᠬᠢᠷᠴᠤ ᠱᠣᠷᠣᠩ ᠤ᠋ᠨ ᠬᠠᠭᠠᠯᠭ᠎ᠠ ᠶ᠋ᠢ ᠢᠰᠬᠦᠴᠢᠬᠦ ᠳ᠋ᠦ᠍ ᠴᠠᠭᠳᠠᠭ᠎ᠠ ᠨᠠᠷ ᠰᠠᠶᠢ ᠯᠠ ᠲᠡᠳᠡᠨ ᠢ᠋ ᠬᠣᠷᠢᠭᠰᠠᠨ ᠢ᠋ᠶ᠋ᠠᠨ ᠰᠠᠨᠠᠵᠤ ᠪᠠᠢᠴᠠᠭᠠᠬᠤ ᠪᠠᠷ ᠪᠣᠯᠵᠠᠢ᠃ ᠭᠡᠪᠡᠴᠦ ᠲᠥᠪᠡᠳ ᠬᠥᠮᠦᠨ ᠪᠢᠰᠢ ᠪᠠᠢᠬᠤ ᠲᠤᠯᠠ ᠬᠠᠯᠬ᠎ᠠ ᠮᠢᠴᠠᠩ ᠠ᠋ᠴᠠ ᠬᠡᠯᠡᠮᠦᠷᠴᠢ ᠣᠯᠬᠤ ᠠ᠋ᠴᠠ ᠨᠠᠰᠢ ᠪᠠᠢᠴᠠᠭᠠᠬᠤ ᠦᠭᠡᠢ ᠭᠡᠵᠦ ᠳᠠᠬᠢᠨ ᠱᠣᠷᠣᠩ ᠳ᠋ᠤ᠌ ᠨᠢ ᠪᠤᠴᠠᠭᠠᠴᠠᠢ᠃ 
       ᠪᠦᠬᠡᠮᠠᠩᠯᠠᠢ ᠪᠠᠢᠳᠠᠯ ᠡᠢᠮᠦ ᠳ᠋ᠦ᠍ ᠬᠦᠷᠦᠭᠰᠡᠨ ᠭᠡᠳᠡᠭ ᠢ᠋ ᠣᠳᠬᠣᠨ ᠶᠠᠭᠠᠬᠢᠵᠤ ᠮᠡᠳᠡᠬᠦ ᠪᠢᠯᠡ᠃ ᠬᠡᠳᠦ ᠬᠣᠨᠣᠭ ᠳᠡᠮᠡᠢ ᠯᠡ ᠬᠦᠯᠢᠶᠡᠵᠦ ᠰᠢᠨᠠᠯᠤᠭᠰᠠᠨ ᠤ᠋ ᠡᠴᠦᠰ ᠲᠦ᠍ ᠵᠣᠷᠢᠵᠤ ᠢᠷᠡᠭᠰᠡᠨ ᠣᠯᠠᠨ ᠬᠠᠭᠠᠯᠭᠠᠲᠤ ᠰᠤᠪᠤᠷᠭ᠎ᠠ ᠶ᠋ᠢᠨ ᠵᠦᠭ ᠶᠠᠪᠤᠬᠤ ᠪᠠᠷ ᠰᠢᠯᠤᠭᠤᠳᠠᠯ᠎ᠠ᠃ ᠨᠤᠲᠤᠭ ᠪᠤᠴᠠᠬᠤ ᠴᠠᠭ ᠣᠷᠣᠢᠲᠠᠪᠠᠯ ᠡᠪᠦᠯ ᠦ᠋ᠨ ᠬᠦᠢᠲᠡᠨ ᠤᠯᠠᠷᠢᠯ ᠢᠷᠡᠵᠦ᠂ ᠴᠠᠰᠤᠲᠤ ᠤᠤᠰᠢ ᠶ᠋ᠢᠨ ᠳᠠᠪᠠᠭ᠎ᠠ ᠶ᠋ᠢ ᠭᠡᠲᠦᠯᠦᠨ ᠳᠠᠪᠠᠵᠤ ᠴᠢᠳᠠᠬᠤ ᠦᠭᠡᠢ᠃ ᠲᠥᠪᠡᠳ ᠭᠠᠵᠠᠷ ᠡᠪᠦᠯᠵᠢᠬᠦ ᠡᠴᠡ ᠠᠷᠭ᠎ᠠ ᠦᠭᠡᠢ ᠳ᠋ᠦ᠍ ᠬᠦᠷᠬᠦ ᠲᠤᠯᠠ ᠣᠳᠬᠣᠨ ᠲᠠᠢᠨᠬᠦ ᠶᠠᠪᠤᠵᠠᠢ᠃ ᠶᠠᠭᠠᠷᠠᠳᠠᠭ ᠨᠢ ᠠᠷᠭ᠎ᠠ ᠦᠭᠡᠢ ᠤᠴᠢᠷᠲᠠᠢ ᠪᠠᠢᠵᠠᠢ᠃ 
       ᠠᠮᠠᠯᠠᠭᠰᠠᠨ ᠶᠣᠰᠣᠭᠠᠷ ᠢ᠋ᠶ᠋ᠠᠨ ᠰᠠᠩᠵᠢ ᠲᠡᠭᠦᠨ ᠳ᠋ᠦ᠍ ᠭᠠᠵᠠᠷᠴᠢᠯᠠᠵᠤ ᠴᠤᠳᠠᠩᠭᠤᠮᠠᠨ ᠪᠤᠶᠤ ᠣᠯᠠᠨ ᠬᠠᠭᠠᠯᠭᠠᠲᠤ ᠰᠤᠪᠤᠷᠭ᠎ᠠ ᠤᠷᠤᠭᠤ ᠶᠠᠪᠤᠬᠤ ᠪᠠᠷ ᠰᠢᠢᠳᠴᠡᠢ᠃《ᠵᠠᠮ ᠳ᠋ᠠᠭᠠᠨ ᠬᠡᠵᠢᠶᠡᠨ ᠦ᠌ ᠠᠯᠳᠠᠷᠲᠤ ᠨᠡᠷᠡᠲᠡᠨ ᠬᠡᠢᠳ ᠢ᠋ᠶ᠋ᠡᠷ ᠣᠷᠣᠭᠠᠳ ᠭᠠᠷᠬᠤ ᠶᠤᠮ ᠰᠢᠦ᠃ ᠭᠠᠨᠵᠤᠤᠷ᠂ ᠳ᠋ᠠᠨᠵᠤᠤᠷ ᠢ᠋ ᠪᠠᠷᠯᠠᠳᠠᠭ ᠨᠣᠮ ᠤ᠋ᠨ ᠲᠡᠷᠡ ᠠᠷᠢᠭᠤᠨ ᠥᠷᠭᠥᠭᠡ ᠪᠡᠷ ᠱᠠᠭᠠᠢᠯ ᠦᠭᠡᠢ ᠥᠩᠭᠡᠷᠡᠪᠡᠯ ᠠᠯᠳᠠᠰ ᠪᠣᠯᠤᠨ᠎ᠠ》 ᠭᠡᠵᠦ ᠰᠠᠩᠵᠢ ᠪᠣᠳᠣᠵᠤ ᠪᠠᠢᠯ᠎ᠠ᠃
       — ᠰᠠᠨᠠᠭ᠎ᠠ ᠪᠠᠨ ᠯᠠ ᠵᠣᠭᠣᠭᠣᠨ᠎ᠠ ᠤᠤ ᠭᠡᠬᠦ ᠡᠴᠡ ᠥᠭᠡᠷ᠎ᠡ ᠶᠠᠮᠠᠷ ᠠᠰᠢᠭ ᠪᠠᠢᠪᠠ ᠭᠡᠵᠦ ᠳᠡ᠃ ᠣᠯᠠᠨ ᠬᠠᠭᠠᠯᠭ᠎ᠠ ᠲᠠᠢ ᠠ᠋ᠴᠠ ᠯᠠ ᠪᠢᠰᠢ ᠥᠭᠡᠷ᠎ᠡ ᠰᠣᠨᠢᠨ ᠭᠠᠵᠢᠭᠤᠳ ᠶᠠᠭᠤᠮ᠎ᠠ ᠲᠡᠨᠳᠡ ᠪᠠᠢᠬᠤ ᠦᠭᠡᠢ᠃ ᠣᠯᠠᠨ ᠬᠠᠭᠠᠯᠭ᠎ᠠ ᠪᠠᠷ ᠣᠷᠣᠵᠤ ᠭᠠᠷᠤᠭᠰᠠᠨ ᠬᠥᠮᠦᠨ ᠯᠡ ᠦᠷ᠎ᠡ ᠶ᠋ᠢᠨ ᠬᠤᠲᠤᠭ ᠲᠠᠢ ᠪᠠᠢᠳᠠᠭ ᠶᠤᠮ ᠪᠣᠯ ᠪᠢ ᠯᠠᠪ ᠯᠠ ᠬᠣᠷᠢ ᠠ᠋ᠴᠠ ᠨᠠᠭᠠᠰᠢ ᠦᠭᠡᠢ ᠬᠡᠦᠬᠡᠳ ᠲᠡᠢ ᠪᠠᠢᠭᠰᠠᠨ ᠳᠠ᠃ ᠭᠡᠪᠡᠴᠦ ᠲᠡᠷᠡ ᠰᠠᠨᠠᠭᠠᠨ ᠳ᠋ᠤ᠌ ᠬᠦᠷᠦᠮ᠎ᠡ ᠦᠭᠡᠢ ᠬᠡᠷᠡᠭ! ᠭᠡᠵᠦ ᠪᠡᠷᠢᠮᠦᠭ ᠡᠮᠡᠭᠡᠨ ᠰᠡᠭᠦᠯ ᠦ᠋ᠨ ᠤᠳᠠᠭ᠎ᠠ ᠬᠣᠷᠢᠭᠯᠠᠭᠰᠠᠨ ᠪᠣᠯᠪᠠᠴᠤ ᠣᠳᠬᠣᠨ ᠦᠭᠡᠨ ᠳ᠋ᠦ᠍ ᠨᠢ ᠣᠷᠣᠭᠰᠠᠨ ᠦᠭᠡᠢ᠃ 
       — ᠪᠠᠭᠰᠢ ᠯᠠᠮ᠎ᠠ ᠶ᠋ᠢᠨ ᠠᠢᠯᠠᠳᠤᠭᠰᠠᠨ ᠶᠣᠰᠣᠭᠠᠷ ᠯᠠ ᠦᠵᠡᠭᠡᠳ ᠠᠯᠳᠠᠶ᠎ᠠ᠃ ᠦᠭᠡᠨ ᠡᠴᠡ ᠨᠢ ᠵᠥᠷᠢᠪᠡᠯ ᠠᠯᠳᠠᠰ ᠨᠢᠭᠦᠯ ᠪᠣᠯᠬᠤ ᠪᠢᠵᠡ ᠭᠡᠵᠦ ᠤᠳᠬᠤᠨ ᠡᠷᠡᠰ ᠬᠡᠯᠡᠵᠡᠢ᠃ 
       ᠲᠡᠳᠡ ᠠᠶᠠᠨ ᠳ᠋ᠤ᠌ ᠭᠠᠷᠪᠠ᠃ ᠲᠡᠳᠡᠨ ᠦ᠌ ᠵᠣᠷᠢᠭᠰᠠᠨ ᠴᠤᠳᠠᠩᠭᠣᠮᠠᠨ ᠪᠤᠶᠤ ᠣᠯᠠᠨ ᠬᠠᠭᠠᠯᠭᠠᠲᠤ ᠰᠤᠪᠤᠷᠭ᠎ᠠ ᠪᠣᠯ ᠣᠷᠣᠢ ᠳᠡᠭᠡᠷ᠎ᠡ ᠪᠡᠨ ᠰᠤᠸᠠᠮᠫᠠᠨ ᠵᠠᠩᠭᠢᠳᠤᠭᠰᠠᠨ ᠮᠡᠲᠦ ᠬᠡᠯᠪᠡᠷᠢ ᠲᠡᠢ ᠠᠯᠲᠠᠳᠠᠮᠠᠯ ᠲᠤᠭ ᠲᠠᠢ᠂ ᠲᠠᠪᠤᠨ ᠳᠠᠪᠬᠤᠷ᠂ ᠳᠠᠪᠬᠤᠷ ᠪᠦᠷᠢ ᠳ᠋ᠡᠭᠡᠨ ᠬᠣᠷᠢ ᠪᠦᠭᠦᠳᠡ ᠵᠠᠭᠤ ᠭᠠᠷᠤᠢ ᠬᠠᠭᠠᠯᠭ᠎ᠠ ᠲᠠᠢ ᠪᠥᠭᠡᠳ ᠲᠡᠷᠡᠬᠦ ᠴᠠᠭᠠᠨ ᠰᠤᠪᠤᠷᠭᠠᠨ ᠤ᠋ ᠬᠠᠭᠠᠯᠭᠠᠨ ᠠ᠋ᠴᠠ ᠬᠠᠭᠠᠯᠭ᠎ᠠ ᠳᠠᠮᠵᠢᠨ ᠬᠥᠯᠬᠢᠨ ᠶᠠᠪᠤᠭᠰᠠᠭᠠᠷ ᠪᠦᠲᠦᠨ ᠡᠳᠦᠷ ᠢ᠋ ᠪᠠᠷᠠᠳᠠᠭ ᠠᠵᠢ᠃ ᠲᠡᠷᠡ ᠠᠶᠠᠯᠠᠯ ᠤ᠋ᠨ ᠳᠠᠷᠠᠭ᠎ᠠ ᠦᠷ᠎ᠡ ᠶ᠋ᠢᠨ ᠬᠤᠲᠤᠭ ᠣᠯᠤᠨ᠎ᠠ ᠭᠡᠳᠡᠭ ᠲᠦ᠍ ᠣᠳᠬᠣᠨ ᠢᠲᠡᠭᠡᠵᠦ᠂ ᠰᠠᠩᠵᠢ ᠪᠣᠯᠬᠣᠷ ᠲᠡᠳᠦᠢ ᠯᠡ ᠰᠠᠢᠨ ᠢᠲᠡᠭᠡᠬᠦ ᠦᠭᠡᠢ ᠪᠠᠢᠯ᠎ᠠ᠃《ᠶᠢᠷᠲᠢᠨᠴᠦ ᠪᠠᠰᠠᠬᠦ ᠣᠯᠠᠨ ᠬᠠᠭᠠᠯᠭᠠᠲᠤ ᠰᠤᠪᠤᠷᠭ᠎ᠠ ᠮᠡᠲᠦ ᠪᠢᠯᠡ᠃ ᠲᠡᠭᠦᠨ ᠦ᠌ ᠬᠠᠭᠠᠯᠭ᠎ᠠ ᠪᠦᠷᠢ ᠪᠡᠷ ᠠᠮᠢᠲᠠᠨ ᠣᠷᠣᠵᠤ᠂ ᠭᠠᠷᠴᠤ ᠲᠡᠭᠦᠰᠬᠡᠯ ᠦᠭᠡᠢ ᠬᠥᠯᠬᠢᠵᠦ᠂ ᠢᠷᠡᠬᠦ ᠪᠤᠴᠠᠬᠤ ᠶ᠋ᠢᠨ ᠲᠠᠪᠢᠯᠠᠩ ᠳᠠᠭᠤᠰᠪᠤᠷᠢ ᠶ᠋ᠢ ᠬᠡᠵᠢᠶ᠎ᠡ ᠴᠤ᠌ ᠦᠯᠦ ᠦᠵᠡᠮᠦᠢ》 ᠭᠡᠵᠦ ᠪᠠᠭᠰᠢ ᠯᠠᠮᠠ ᠠᠢᠯᠠᠳᠤᠭᠰᠠᠨ ᠢ᠋ ᠰᠠᠩᠵᠢ ᠭᠡᠨᠡᠳᠲᠡ ᠳᠤᠷᠠᠰᠤᠨ ᠰᠠᠨᠠᠵᠤ ᠣᠯᠠᠨ ᠬᠠᠭᠠᠯᠭᠠᠲᠤ ᠰᠤᠪᠤᠷᠭ᠎ᠠ ᠣᠷᠣᠬᠤ ᠪᠠᠷ ᠭᠡᠷ ᠡᠴᠡ ᠭᠠᠷᠤᠯ᠎ᠠ᠃ ᠭᠠᠷᠬᠤ ᠳ᠋ᠠᠭᠠᠨ ᠭᠠᠭᠴᠠᠬᠦ ᠰᠡᠳᠬᠢᠯ ᠦ᠋ᠨ ᠵᠣᠪᠠᠯᠠᠩ ᠳ᠋ᠤ᠌ ᠣᠢᠴᠢᠭᠰᠠᠨ ᠤᠳᠬᠤᠨ ᠬᠡᠦᠬᠡᠨ ᠢ᠋ ᠦᠷᠦ ᠡᠪᠡᠳᠴᠦ ᠲᠡᠭᠦᠨ ᠦ᠌ ᠲᠤᠰᠠ ᠶ᠋ᠢᠨ ᠲᠤᠯᠠᠳᠠ ᠡᠢᠨᠬᠦ ᠰᠢᠢᠳᠦᠨ ᠵᠠᠮᠴᠢᠯᠠᠭᠴᠢ ᠨᠢ ᠪᠣᠯᠵᠠᠢ᠃ ᠳᠠᠪᠬᠤᠷ ᠳᠠᠪᠬᠤᠷ ᠵᠣᠪᠠᠯᠠᠩ ᠦᠵᠡᠭᠰᠡᠨ ᠲᠡᠷᠡ ᠪᠦᠰᠡᠭᠦᠢ ᠶ᠋ᠢᠨ ᠰᠡᠳᠬᠢᠯ ᠢ᠋ ᠵᠠᠰᠠᠵᠤ ᠨᠢᠭᠡ ᠴᠤ᠌ ᠪᠢᠯᠡ ᠬᠦᠰᠡᠭᠰᠡᠨ ᠵᠦᠢᠯ ᠢ᠋ ᠨᠢ ᠭᠦᠢᠴᠡᠯᠳᠦᠭᠦᠯᠬᠦ ᠳ᠋ᠦ᠍ ᠲᠤᠰᠠ ᠬᠦᠷᠭᠡᠪᠡᠯ ᠲᠡᠷᠡ ᠪᠠᠰᠠ ᠯᠠ ᠪᠤᠶᠠᠨ ᠤ᠋ ᠦᠢᠯᠡᠰ ᠭᠡᠵᠦ ᠰᠠᠩᠵᠢ ᠲᠣᠭᠠᠴᠠᠵᠤ ᠪᠠᠢᠪᠠ᠃ ᠪᠠᠭᠰᠢ ᠯᠠᠮᠠ ᠨᠢ ᠴᠤ᠌ ᠢᠩᠭᠢᠵᠦ ᠯᠡ ᠶᠠᠷᠢᠵᠤ ᠪᠠᠢᠭᠰᠠᠨ᠃ ᠨᠥᠭᠦᠭᠡ ᠲᠠᠯ᠎ᠠ ᠪᠠᠷ ᠰᠦᠵᠢᠭ ᠦ᠋ᠨ ᠬᠦᠴᠦ ᠬᠡᠴᠢᠨᠡᠨ ᠶᠡᠬᠡ ᠪᠣᠯᠬᠤ ᠶ᠋ᠢ ᠲᠡᠷᠡ ᠤᠬᠠᠭᠠᠷᠠᠵᠤ ᠪᠠᠢᠯ᠎ᠠ᠃ ᠭᠡᠪᠡᠴᠦ ᠪᠤᠷᠬᠠᠨ ᠤ᠋ ᠠᠷᠢᠭᠤᠨ ᠰᠢᠲᠦᠭᠡᠨ ᠤ ᠬᠦᠴᠦ ᠬᠢᠷᠢ ᠵᠡᠷᠭᠡ ᠮᠡᠷᠭᠡᠨ ᠪᠣᠯᠬᠤ ᠶ᠋ᠢ ᠣᠳᠬᠣᠨ ᠬᠡᠦᠬᠡᠨ ᠦ᠌ ᠴᠢᠨᠠᠭᠰᠢᠳᠠ ᠶ᠋ᠢᠨ ᠬᠤᠪᠢ ᠲᠠᠪᠢᠯᠠᠩ ᠵᠠᠯᠠᠭᠤ ᠭᠡᠰᠦᠯ ᠳ᠋ᠦ᠍ ᠵᠢᠭᠠᠵᠤ ᠥᠭᠬᠦ ᠨᠢ ᠮᠠᠭᠠᠳ᠃ ᠢᠩᠭᠢᠵᠦ ᠶᠡᠬᠡ ᠰᠦᠰᠦᠭ ᠢ᠋ᠶ᠋ᠡᠷ ᠦᠷ᠎ᠡ ᠳ᠋ᠦᠩ ᠦᠭᠡᠢ ᠥᠩᠭᠡᠷᠡᠬᠦ ᠤᠴᠢᠷ ᠦᠭᠡᠢ ᠭᠡᠵᠦ ᠲᠡᠷᠡ ᠣᠳᠣ ᠪᠠᠷ ᠪᠣᠳᠣᠵᠤ ᠪᠠᠢᠪᠠ᠃