ᠭᠣᠸ᠎ᠠ ᠢᠯᠳᠠᠮ-ᠡ᠊ ∙ ᠴᠢᠯᠠᠭᠤᠨᠴᠢᠮᠡᠭГоо ялдам Goo yldam Э.Чулуунчимэг
ᠭᠤᠸ᠎ᠠ ᠢᠯᠳᠠᠮ
ᠦᠭᠡ . ᠪ᠂ ᠢᠳᠰᠢᠨᠬᠣᠷᠯᠣ
ᠠᠶ᠎ᠠ ᠄ ᠳ᠋᠂ ᠪᠧᠷᠳᠢᠪᠧᠺ
ᠳᠠᠭᠤᠴᠢᠨ᠄ ᠠ᠋᠂ ᠴᠢᠯᠠᠭᠤᠨᠴᠢᠮᠡᠭ
ᠢᠯᠭᠤᠨ ᠳᠣᠷᠣᠨ᠎ᠠ ᠶ᠋ᠢᠨ ᠤᠷᠠᠨ ᠡᠭᠡᠰᠢᠭᠯᠡᠩ
ᠶᠠᠩᠵᠤ ᠲᠠᠩᠰᠤᠭ ᠠᠶᠠᠯᠭᠤ ᠶᠤᠮ ᠠ᠋ ᠴᠢ
ᠠᠯᠬᠤᠬᠤ ᠪᠦᠷᠢ ᠳ᠋ᠦ᠍ ᠪᠡᠨ ᠨᠠᠮᠵᠤᠷ ᠳᠠᠭᠠᠭᠤᠯᠤᠭᠰᠠᠨ
ᠡᠩᠬᠡ ᠯᠡ ᠭᠠᠩᠭᠠᠩ ᠴᠡᠴᠡᠭ ᠶᠦᠮ ᠠ᠋ ᠴᠢ
ᠭᠤᠸ᠎ᠠ ᠰᠠᠢᠬᠠᠨ᠂ ᠭᠤᠸ᠎ᠠ ᠰᠠᠢᠬᠠᠨ ᠪᠦᠰᠡᠭᠦᠢ ᠮᠢᠨᠢ
ᠳᠠᠭᠤᠤ ᠰᠢᠭ᠋ ᠰᠠᠢᠬᠠᠨ ᠲᠤᠩ ᠰᠢᠭ᠋ ᠰᠠᠢᠬᠠᠨ ᠢᠯᠳᠠᠮᠬᠠᠨ ᠮᠢᠨᠢ ᠠ᠋
ᠭᠤᠸ᠎ᠠ ᠰᠠᠢᠬᠠᠨ᠂ ᠭᠤᠸ᠎ᠠ ᠰᠠᠢᠬᠠᠨ ᠪᠦᠰᠡᠭᠦᠢ ᠮᠢᠨᠢ
ᠳᠠᠭᠤᠤ ᠰᠢᠭ᠋ ᠰᠠᠢᠬᠠᠨ ᠲᠤᠩ ᠰᠢᠭ᠋ ᠰᠠᠢᠬᠠᠨ ᠢᠯᠳᠠᠮᠬᠠᠨ ᠮᠢᠨᠢ ᠠ᠋
ᠡᠭᠡᠯ ᠳᠣᠷᠣᠨ᠎ᠠ ᠶ᠋ᠢᠨ ᠨᠠᠮᠪᠠ ᠲᠡᠭᠦᠯᠳᠡᠷ
ᠡᠷᠬᠢᠮᠰᠦᠭ ᠨᠠᠮᠤᠭᠤᠨ ᠬᠥᠭᠵᠢᠮ ᠶᠦᠮ ᠠ᠋ ᠴᠢ
ᠢᠨᠢᠶᠡᠬᠦ ᠪᠦᠷᠢ ᠳ᠋ᠦ᠍ ᠪᠡᠨ ᠭᠡᠭᠡ ᠰᠠᠴᠤᠷᠠᠭᠤᠯᠤᠭᠰᠠᠨ
ᠢᠵᠢᠢ ᠨᠠᠨᠳᠢᠨ ᠢᠪᠡᠭᠡᠯ ᠶᠦᠮ ᠠ᠋ ᠴᠢ
ᠭᠤᠸ᠎ᠠ ᠰᠠᠢᠬᠠᠨ᠂ ᠭᠤᠸ᠎ᠠ ᠰᠠᠢᠬᠠᠨ ᠪᠦᠰᠡᠭᠦᠢ ᠮᠢᠨᠢ
ᠳᠠᠭᠤᠤ ᠰᠢᠭ᠋ ᠰᠠᠢᠬᠠᠨ ᠲᠤᠩ ᠰᠢᠭ᠋ ᠰᠠᠢᠬᠠᠨ ᠢᠯᠳᠠᠮᠬᠠᠨ ᠮᠢᠨᠢ ᠠ᠋
ᠭᠤᠸ᠎ᠠ ᠰᠠᠢᠬᠠᠨ᠂ᠭᠤᠸ᠎ᠠ ᠰᠠᠢᠬᠠᠨ ᠪᠦᠰᠡᠭᠦᠢ ᠮᠢᠨᠢ
ᠳᠠᠭᠤᠤ ᠰᠢᠭ᠋ ᠰᠠᠢᠬᠠᠨ ᠲᠤᠩ ᠰᠢᠭ᠋ ᠰᠠᠢᠬᠠᠨ ᠢᠯᠳᠠᠮᠬᠠᠨ ᠮᠢᠨᠢ ᠠ᠋
ᠦᠵᠡᠮᠵᠢᠲᠦ ᠳᠣᠷᠣᠨ᠎ᠠ ᠶ᠋ᠢᠨ ᠨᠢᠳᠦᠨ ᠦ᠌ ᠪᠠᠶᠠᠰᠬᠤᠯᠠᠩ
ᠦᠨᠦᠷ ᠠᠩᠬᠢᠯᠤᠭᠤᠬᠠᠨ ᠴᠡᠴᠡᠭ ᠶᠦᠮ ᠠ᠋ ᠴᠢ
ᠬᠠᠷᠠᠬᠤ ᠪᠦᠷᠢ ᠳ᠋ᠦ᠍ ᠪᠡᠨ ᠵᠢᠷᠦᠬᠡ ᠳᠣᠭᠳᠣᠯᠤᠭᠤᠯᠤᠭᠰᠠᠨ
ᠬᠠᠢᠷ᠎ᠠ ᠶ᠋ᠢᠨ ᠭᠡᠭᠡᠨ ᠪᠤᠷᠬᠠᠨ ᠶᠤᠮ ᠠ᠋ ᠴᠢ
ᠭᠤᠸ᠎ᠠ ᠰᠠᠢᠬᠠᠨ᠂ ᠭᠤᠸ᠎ᠠ ᠰᠠᠢᠬᠠᠨ ᠪᠦᠰᠡᠭᠦᠢ ᠮᠢᠨᠢ
ᠳᠠᠭᠤᠤ ᠰᠢᠭ᠋ ᠰᠠᠢᠬᠠᠨ ᠲᠤᠩ ᠰᠢᠭ᠋ ᠰᠠᠢᠬᠠᠨ ᠢᠯᠳᠠᠮᠬᠠᠨ ᠮᠢᠨᠢ ᠠ᠋
ᠭᠤᠸ᠎ᠠ ᠰᠠᠢᠬᠠᠨ᠂ ᠭᠤᠸ᠎ᠠ ᠰᠠᠢᠬᠠᠨ ᠪᠦᠰᠡᠭᠦᠢ ᠮᠢᠨᠢ
ᠳᠠᠭᠤᠤ ᠰᠢᠭ᠋ ᠰᠠᠢᠬᠠᠨ ᠲᠤᠩ ᠰᠢᠭ᠋ ᠰᠠᠢᠬᠠᠨ ᠢᠯᠳᠠᠮᠬᠠᠨ ᠮᠢᠨᠢ ᠠ᠋
ᠭᠤᠸ᠎ᠠ ᠰᠠᠢᠬᠠᠨ᠂ ᠭᠤᠸ᠎ᠠ ᠰᠠᠢᠬᠠᠨ ᠪᠦᠰᠡᠭᠦᠢ ᠮᠢᠨᠢ
ᠳᠠᠭᠤᠤ ᠰᠢᠭ᠋ ᠰᠠᠢᠬᠠᠨ ᠲᠤᠩ ᠰᠢᠭ᠋ ᠰᠠᠢᠬᠠᠨ ᠢᠯᠳᠠᠮᠬᠠᠨ ᠮᠢᠨᠢ ᠠ᠋
ᠦᠰᠦᠭ ᠠᠮᠢᠯᠠᠭᠤᠯᠤᠭᠴᠢ᠄ ᠭᠠᠸᠠ
ᠦᠰᠦᠭ ᠬᠠᠲᠠᠭᠰᠠᠨ ᠨᠢ᠄ ᠭᠠᠸᠠ
ᠦᠰᠦᠭ ᠬᠢᠨᠠᠭᠴᠢ ᠪᠠᠭᠰᠢ᠄ ᠢᠷᠡᠭᠡᠳᠦᠢ
