ᠬᠥᠬᠡ ᠵᠤᠯᠠ <ᠮᠣᠩᠭᠣᠯ ᠤᠯᠠᠮᠵᠢᠯᠠᠯᠲᠤ ᠠᠮᠢᠳᠤᠷᠠᠯ ᠤᠨ ᠲᠣᠯᠢ > – ᠪᠣᠷᠵᠢᠭᠢᠨ ᠸᠠᠩᠵᠠᠯ - <ᠣᠷᠣᠰᠢᠯ> Хөх зул– Монгол уламжлалт амьдралын толь – Боржигон Ванжал –" оршил" ᠵᠠᠩ ᠦᠢᠯᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠥᠬᠡ ᠵᠤᠯᠠ <ᠮᠣᠩᠭᠣᠯ ᠤᠯᠠᠮᠵᠢᠯᠠᠯᠲᠤ ᠠᠮᠢᠳᠤᠷᠠᠯ ᠤᠨ ᠲᠣᠯᠢ > – ᠪᠣᠷᠵᠢᠭᠢᠨ ᠸᠠᠩᠵᠠᠯ - <ᠣᠷᠣᠰᠢᠯ> Хөх зул– Монгол уламжлалт амьдралын толь – Боржигон Ванжал –" оршил"

ᠬᠥᠬᠡ ᠵᠤᠯᠠ <ᠮᠣᠩᠭᠣᠯ ᠤᠯᠠᠮᠵᠢᠯᠠᠯᠲᠤ ᠠᠮᠢᠳᠤᠷᠠᠯ ᠤᠨ ᠲᠣᠯᠢ > – ᠪᠣᠷᠵᠢᠭᠢᠨ ᠸᠠᠩᠵᠠᠯ - <ᠣᠷᠣᠰᠢᠯ> Хөх зул– Монгол уламжлалт амьдралын толь – Боржигон Ванжал –" оршил"

ᠠᠩᠭᠢᠯᠠᠯ:ᠵᠠᠩ ᠦᠢᠯᠡ
2023-11-14

320

ᠣᠷᠣᠰᠢᠯ


       ᠮᠣᠩᠭᠣᠯ ᠠᠮᠢᠳᠤᠷᠠᠯ ᠮᠠᠨᠢ ᠳᠠᠯᠠᠢ ᠪᠠᠶᠠᠨ ᠢ᠋ᠶ᠋ᠠᠷ ᠢ᠋ᠶ᠋ᠠᠨ ᠮᠣᠩᠭᠣᠯ ᠬᠣᠷᠸ᠎ᠠ ᠶ᠋ᠢ ᠲᠣᠭᠲᠠᠭᠠᠵᠤ ᠮᠣᠩᠭᠣᠯ ᠤ᠋ᠨ ᠨᠡᠢᠭᠡᠮ ᠦ᠋ᠨ ᠬᠥᠭᠵᠢᠯ ᠢ᠋ ᠠᠬᠢᠭᠤᠯᠵᠤ ᠢᠷᠡᠵᠡᠢ ᠃ ᠮᠣᠩᠭᠣᠯᠴᠤᠳ ᠨᠢ ᠴᠦ᠍ ᠠᠮᠢᠳᠤᠷᠠᠬᠤ ᠶ᠋ᠢᠨ ᠤᠬᠠᠭᠠᠨ ᠢ᠋ᠶ᠋ᠠᠷ ᠢ᠋ᠶ᠋ᠠᠨ ᠳᠠᠬᠢᠨ ᠠᠮᠢᠳᠤᠷᠠᠯ ᠢ᠋ᠶ᠋ᠠᠨ ᠳᠠᠪᠰᠢᠭᠤᠯᠵᠤ ᠴᠢᠨᠠᠷᠵᠢᠭᠤᠯᠵᠤ ᠪᠠᠶᠠᠵᠢᠭᠤᠯᠤᠭᠰᠠᠭᠠᠷ ᠠᠮᠢᠵᠢᠷᠠᠯ ᠤ᠋ᠨ ᠪᠦᠪᠡᠢ ᠪᠡᠷ ᠲᠡᠦᠬᠡ ᠶ᠋ᠢᠨ ᠬᠥᠭᠵᠢᠯ ᠢ᠋ ᠪᠦᠲᠦᠭᠡᠵᠦ ᠥᠭᠴᠡᠢ᠃ ᠠᠮᠢᠳᠤᠷᠠᠯ ᠬᠣᠷᠸ᠎ᠠ ᠬᠣᠶᠠᠷ ᠤ᠋ᠨ ᠬᠠᠷᠢᠯᠴᠠᠨ ᠨᠥᠯᠥᠭᠡᠯᠡᠬᠦ ᠡᠨᠡ ᠬᠦ᠌ ᠬᠣᠯᠪᠣᠭ᠎ᠠ ᠨᠢ ᠮᠣᠩᠭᠣᠯ ᠠᠮᠢᠳᠤᠷᠠᠯ ᠢ᠋ ᠬᠡᠵᠢᠶᠡᠳᠡ ᠬᠣᠷᠣᠵᠤ ᠬᠣᠲᠣᠢᠬᠤ ᠶ᠋ᠢ ᠮᠡᠳᠡᠳᠡᠭ ᠦᠭᠡᠢ ᠡᠯᠪᠡᠭ ᠪᠠᠶᠠᠨ ᠮᠥᠩᠬᠡ ᠣᠨᠳᠣᠷᠣᠯᠳᠤ ᠳᠠᠯᠠᠢ ᠪᠣᠯᠭᠠᠪᠠ᠃ ᠲᠡᠷᠡ ᠮᠥᠷᠲᠡᠭᠡᠨ ᠥᠭᠡᠷ᠎ᠡ ᠪᠤᠰᠤᠳ ᠠ᠋ᠴᠠ ᠢᠯᠭᠠᠭᠳᠠᠬᠤ ᠦᠨᠳᠦᠰᠦᠲᠡᠨ ᠦ᠌ ᠰᠣᠳᠣᠨ ᠰᠣᠷᠭᠣᠭ ᠣᠨᠴᠠᠯᠢᠭ ᠤ᠋ᠨ ᠭᠠᠢᠬᠠᠯᠲᠠᠢ ᠭᠡᠭᠴᠢ ᠶ᠋ᠢ ᠨᠢ ᠶᠠᠭᠠᠬᠢᠶ᠎ᠠ᠃ 
       ᠪᠢ ᠡᠨᠡ ᠰᠡᠳᠦᠪ ᠢ᠋ ᠣᠯᠤᠭᠰᠠᠨ ᠳᠠᠷᠤᠢ ᠬᠥᠳᠡᠭᠡ ᠡᠴᠡ ᠬᠡᠰᠡᠭᠲᠡᠢ ᠠᠯᠲᠠ ᠣᠯᠤᠭᠰᠠᠨ ᠮᠡᠲᠦ ᠪᠠᠶᠠᠷᠯᠠᠵᠤ᠂ ᠤᠷᠠᠨ ᠵᠣᠬᠢᠶᠠᠯ ᠪᠣᠯᠭᠠᠭᠠᠳ ᠦᠵᠡᠭᠦᠯᠴᠢᠬᠡᠶ᠎ᠡ ᠭᠡᠵᠦ ᠪᠣᠳᠣᠭᠰᠠᠨ᠃ ᠭᠡᠲᠡᠯ᠎ᠡ ᠮᠢᠨᠦ ᠰᠤᠷᠤᠭᠰᠠᠨ ᠮᠡᠳᠡᠯᠭᠡ ᠰᠤᠯᠠ ᠮᠥᠴᠢᠭᠦᠦ ᠂ ᠰᠠᠭᠤᠭᠰᠠᠨ ᠣᠷᠴᠢᠨ ᠰᠠᠯᠬᠢ ᠰᠢᠭᠤᠷᠭ᠎ᠠ ᠲᠠᠢ ᠂ ᠰᠠᠨᠠᠭᠰᠠᠨ ᠢ᠋ᠶ᠋ᠠᠷ ᠶᠡᠷᠦ ᠨᠢ ᠪᠣᠯᠬᠤ ᠮᠠᠶᠢᠭ ᠦᠭᠡᠢ᠃ ᠲᠡᠢᠨ ᠬᠦ᠌ ᠪᠢ ᠲᠣᠯᠢ ᠶ᠋ᠢᠨ ᠬᠡᠯᠪᠡᠷᠢ ᠴᠦ᠍ ᠶᠠᠭᠠᠬᠢᠬᠤ ᠪᠣᠢ ᠲᠣᠪᠴᠢ ᠲᠠᠢᠯᠪᠤᠷᠢ ᠪᠠᠷ ᠲᠤᠰᠬᠠᠬᠤ ᠶ᠋ᠢ ᠵᠣᠷᠢᠭᠰᠠᠨ ᠶᠤᠮ ᠃ 
       ᠲᠡᠭᠡᠬᠦ ᠳ᠋ᠡᠭᠡᠨ ᠨᠣᠮᠣᠢ ᠮᠢᠨᠦ ᠭᠠᠭᠴᠠ ᠦᠵᠦᠭ ᠂ ᠨᠣᠮᠣᠬᠠᠨ ᠳᠠᠯᠠᠢ ᠶ᠋ᠢᠨ ᠭᠦᠨ ᠬᠥᠪ ᠡᠴᠡ ᠬᠡᠳᠦᠢ ᠯᠡ ᠱ᠌ᠢᠷᠦ ᠰᠤᠪᠤᠳ ᠱᠦᠭᠦᠵᠦ ᠴᠢᠳᠠᠬᠤ ᠪᠣᠢ ᠭᠡᠵᠦ ᠵᠣᠷᠢᠭ ᠮᠣᠬᠣᠭᠰᠠᠨ ᠦᠭᠡᠢ ᠃ ᠪᠢᠳᠠᠭᠤ ᠲᠠᠷᠢᠬᠢ ᠶ᠋ᠢ ᠱᠠᠭᠠᠷᠳᠠᠵᠤ ᠂ ᠪᠣᠬᠢᠷ ᠦᠵᠦᠭ ᠢ᠋ ᠬᠤᠷᠴᠠᠯᠠᠵᠤ ᠂ ᠥᠷᠯᠥᠭᠡ ᠦᠳᠡᠰᠢ ᠶ᠋ᠢ ᠲᠡᠮᠡᠴᠡᠨ ᠤᠯᠠᠮ ᠠᠮᠲᠠᠷᠬᠠᠨ ᠪᠢᠴᠢᠭᠰᠡᠭᠡᠷ ᠢᠰᠡᠭᠡᠢ ᠲᠤᠭᠤᠷᠭᠠᠲᠠᠨ ᠤ᠋ ᠠᠮᠢᠳᠤᠷᠠᠯ ᠢ᠋ ᠳᠤᠰᠬᠠᠭᠰᠠᠨ ᠨᠡᠯᠢᠶᠡᠳ ᠪᠦᠷᠢᠨ ᠠᠭᠤᠯᠭ᠎ᠠ ᠪᠦᠬᠦᠢ 《ᠮᠣᠩᠭᠣᠯ ᠤᠯᠠᠮᠵᠢᠯᠠᠯᠲᠤ ᠠᠮᠢᠳᠤᠷᠠᠯ ᠤ᠋ᠨ ᠲᠣᠯᠢ 》 ᠶ᠋ᠢ ᠲᠤᠭᠤᠷᠪᠢᠨ ᠪᠢᠴᠢᠵᠦ  《ᠬᠥᠬᠡ ᠵᠤᠯᠠ 》ᠬᠡᠮᠡᠬᠦ ᠨᠡᠷ᠎ᠡ ᠪᠡᠷ ᠬᠡᠪᠯᠡᠭᠦᠯᠪᠡ ᠃ ᠡᠭᠦᠨ ᠳ᠋ᠦ᠍ ᠱᠦᠭᠦᠨ ᠰᠢᠯᠢᠵᠦ ᠣᠷᠣᠭᠤᠯᠤᠭᠰᠠᠨ ᠮᠠᠲ᠋ᠸᠷᠢᠶᠠᠯ ᠤ᠋ᠨ ᠣᠯᠠᠩᠬᠢ ᠨᠢ ᠥᠪᠡᠷᠮᠢᠴᠡ ᠠᠭᠤᠯᠬ᠎ᠠ ᠲᠠᠢ ᠮᠥᠷᠲᠡᠭᠡᠨ ᠥᠪᠡᠷ ᠦ᠋ᠨ ᠣᠨᠴᠠᠯᠢᠭ ᠲᠠᠢ ᠶ᠋ᠢᠨ ᠤᠴᠢᠷ ᠣᠷᠣᠰᠢᠯ ᠳᠣᠲᠣᠷ᠎ᠠ ᠪᠠᠨ ᠮᠠᠲ᠋ᠸᠷᠢᠶᠠᠯ ᠤ᠋ᠨ ᠢ᠋ᠶ᠋ᠠᠨ ᠬᠦᠨᠳᠦᠴᠡ ᠶ᠋ᠢ ᠲᠣᠳᠣᠯᠠᠵᠤ ᠲᠣᠭᠠᠴᠢᠬᠤ ᠴᠢᠬᠤᠯᠠᠲᠠᠢ ᠶ᠋ᠢ ᠳᠣᠲᠣᠨᠣ ᠶ᠋ᠢᠨ ᠤᠩᠰᠢᠭᠴᠢᠳ ᠮᠠᠨᠢ ᠠᠭᠤᠴᠢᠯᠠᠬᠤ ᠪᠣᠯᠪᠠ ᠤᠤ !  

             ᠲᠠᠩᠰᠤᠭ ᠪᠠᠶᠠᠨ  《ᠮᠣᠩᠭᠣᠯ ᠤᠯᠠᠮᠵᠢᠯᠠᠯᠲᠤ ᠠᠮᠢᠳᠤᠷᠠᠯ ᠤ᠋ᠨ ᠲᠣᠯᠢ 》 ᠶ᠋ᠢᠨ 
             ᠠᠭᠤᠯᠭ᠎ᠠ ᠬᠢᠭᠡᠳ ᠵᠣᠷᠢᠯᠭ᠎ᠠ ᠶ᠋ᠢᠨ ᠲᠤᠬᠠᠢ ᠲᠣᠳᠣᠯᠠᠵᠤ ᠲᠣᠭᠠᠴᠢᠬᠤ ᠴᠢᠬᠤᠯᠠ ᠨᠢᠭᠡ᠃  
       ᠮᠠᠨ ᠤ᠋ ᠮᠣᠩᠭᠣᠯ ᠤ᠋ᠨ ᠡᠪᠦᠭᠡ ᠳᠡᠭᠡᠳᠦᠰ ᠮᠠᠰᠢ ᠡᠷᠲᠡᠨ ᠡᠴᠡ ᠮᠠᠯ ᠠᠵᠤ ᠠᠬᠤᠢ ᠡᠵᠡᠩᠨᠡᠵᠦ ᠮᠠᠯᠯᠠᠭᠰᠠᠨ ᠤᠷᠲᠤ ᠤᠳᠠᠭᠠᠨ ᠣᠨ ᠤ᠋ ᠲᠡᠦᠬᠡ ᠲᠡᠢ ᠪᠢᠯᠡ ᠃ ᠡᠨᠡ ᠶᠠᠪᠤᠴᠠ ᠳ᠋ᠠᠭᠠᠨ ᠲᠣᠭᠠᠯᠠᠵᠤ ᠳᠡᠢᠯᠦᠮ᠎ᠡ ᠦᠭᠡᠢ ᠣᠳᠣᠳ ᠂ ᠶᠠᠨᠳᠠᠵᠤ ᠪᠠᠷᠠᠮ᠎ᠠ ᠦᠭᠡᠢ ᠳᠠᠯᠠᠢ ᠠᠳᠠᠯᠢ ᠮᠤᠨᠳᠠᠭ ᠶᠡᠬᠡ ᠮᠠᠯ ᠮᠠᠯᠯᠠᠭ᠎ᠠ ᠶ᠋ᠢᠨ ᠥᠨᠢᠷ ᠪᠠᠶᠠᠨ ᠲᠤᠷᠰᠢᠯᠭ᠎ᠠ ᠶ᠋ᠢ ᠬᠤᠷᠠᠮᠳᠤᠭᠤᠯᠵᠤ ᠥᠭᠴᠡᠢ ᠃ ᠡᠨᠡ ᠮᠠᠨᠢ ᠮᠣᠩᠭᠣᠯ ᠦᠨᠳᠦᠰᠦᠲᠡᠨ ᠦ᠌ ᠰᠣᠶᠣᠯ ᠲᠡᠦᠬᠡᠨ ᠳ᠋ᠦ᠍ ᠦᠨ᠎ᠡ ᠴᠠᠨᠠᠳᠠᠢ ᠥᠪ ᠬᠥᠷᠥᠩᠭᠡ ᠪᠣᠯᠬᠤ ᠪᠠᠷ ᠦᠯᠦ ᠪᠠᠷᠠᠮ ᠮᠠᠨ ᠤ᠋ ᠤᠯᠤᠰ ᠤ᠋ᠨ ᠰᠣᠶᠣᠯ ᠤ᠋ᠨ ᠶᠡᠬᠡ ᠰᠠᠩ ᠳ᠋ᠤ᠌ ᠴᠤ᠌ ᠳᠤᠲᠠᠭᠳᠠᠵᠤ ᠪᠣᠯᠣᠰᠢ ᠦᠭᠡᠢ ᠴᠢᠬᠤᠯᠠ ᠪᠦᠷᠢᠯᠳᠦᠬᠦᠨ ᠦ᠌ ᠨᠢᠭᠡᠨ ᠪᠣᠯᠬᠤ ᠶᠣᠰᠣᠲᠠᠢ᠃  
       ᠡᠨᠡ ᠬᠦ᠌ ᠦᠨᠳᠦᠰᠦᠲᠡᠨ ᠦ᠌ ᠤᠯᠠᠮᠵᠢᠯᠠᠯᠲᠤ ᠰᠢᠨᠵᠢᠯᠡᠬᠦ ᠤᠬᠠᠭᠠᠨᠴᠢ ᠴᠢᠨᠠᠷ ᠪᠦᠬᠦᠢ –  ᠪᠠᠭ᠎ᠠ ᠠ᠋ᠴᠠ ᠶᠡᠬᠡ᠂ ᠬᠠᠭᠤᠴᠢᠨ ᠠ᠋ᠴᠠ ᠰᠢᠨ᠎ᠡ ᠪᠣᠯᠵᠤ ᠨᠠᠷᠢᠰᠤᠨ ᠬᠥᠭᠵᠢᠭᠰᠡᠨ ᠮᠡᠳᠡᠯᠭᠡ ᠶ᠋ᠢᠨ ᠳᠠᠯᠠᠢ ᠨᠢ ᠮᠣᠩᠭᠣᠯ ᠠᠮᠢᠳᠤᠷᠠᠯ ᠤ᠋ᠨ ᠪᠦᠬᠦᠢ ᠯᠡ ᠨᠢᠷᠤᠭᠤ ᠶ᠋ᠢ ᠪᠣᠰᠬᠠᠨ ᠥᠭᠴᠦ ᠢᠷᠡᠵᠡᠢ᠃ 
       ᠬᠠᠢᠷᠠᠲᠤ ᠣᠯᠠᠨ ᠤᠩᠰᠢᠭᠴᠢ ᠲᠠᠨ ᠤ᠋ ᠡᠮᠦᠨ᠎ᠡ ᠲᠣᠯᠢᠯᠠᠭᠤᠯᠵᠤ ᠪᠣᠢ ᠡᠨᠡ ᠬᠦ᠌ 《ᠬᠥᠬᠡ ᠵᠤᠯᠠ 》ᠬᠡᠮᠡᠬᠦ ᠮᠣᠩᠭᠣᠯ ᠤᠯᠠᠮᠵᠢᠯᠠᠯᠲᠤ ᠠᠮᠢᠳᠤᠷᠠᠯ ᠤ᠋ᠨ ᠲᠣᠯᠢ ᠪᠣᠯ ᠮᠣᠩᠭᠣᠯᠴᠤᠳ ᠤ᠋ᠨ ᠵᠣᠴᠢᠯᠠᠬᠤ ᠶᠣᠰᠣᠨ ᠬᠢᠭᠡᠳ ᠲᠣᠭ᠎ᠠ ᠲᠣᠭᠠᠯᠠᠯᠭ᠎ᠠ ᠂ ᠦᠶ᠎ᠡ ᠳᠠᠭᠤᠳᠠᠯᠭ᠎ᠠ ᠵᠡᠷᠭᠡ ᠨᠢ ᠥᠭᠡᠷ᠎ᠡ ᠦᠨᠳᠦᠰᠦᠲᠡᠨ ᠡᠴᠡ ᠳᠤᠲᠠᠭᠤ ᠦᠭᠡᠢ ᠂ ᠬᠠᠷᠢᠨ ᠢᠯᠡᠭᠦᠦ ᠪᠠᠢᠭᠰᠠᠨ ᠢ᠋ ᠦᠵᠡᠭᠦᠯᠦᠭᠰᠡᠨ ᠪᠥᠭᠡᠳ ᠮᠣᠩᠭᠣᠯ ᠭᠡᠷ ᠢ᠋ ᠮᠥᠨ ᠪᠤᠰᠤᠳ ᠠ᠋ᠴᠠ ᠳᠠᠪᠠᠭᠤᠯᠢᠭ ᠴᠢᠨᠠᠷᠲᠠᠢ ᠡᠭᠦᠳᠴᠦ ᠪᠦᠲᠦᠭᠡᠭᠰᠡᠨ ᠢ᠋ ᠮᠡᠳᠡᠭᠦᠯᠵᠡᠢ ᠃ ᠢᠯᠠᠩᠭᠤᠶ᠎ᠠ ᠲᠠᠪᠤᠨ ᠬᠣᠰᠢᠭᠤ ᠮᠠᠯ ᠤ᠋ᠨ ᠲᠤᠬᠠᠢ 19 ᠲᠠᠯ᠎ᠠ ᠠ᠋ᠴᠠ ᠶᠠᠷᠢᠵᠤ ᠂ ᠬᠤᠷᠳᠤᠨ ᠮᠣᠷᠢᠨ ᠤ᠋ ᠰᠢᠨᠵᠢᠯᠡᠭᠡ ᠶ᠋ᠢ 25 ᠲᠠᠯ᠎ᠠ ᠠ᠋ᠴᠠ ᠰᠢᠨᠵᠢᠬᠦ ᠶ᠋ᠢ ᠲᠣᠭᠠᠴᠢᠵᠤ ᠂ ᠤᠯᠠᠭᠠᠨ ᠂ ᠴᠠᠭᠠᠨ ᠢᠳᠡᠭᠡᠨ ᠦ᠌ ᠨᠡᠷᠡᠰ ᠬᠢᠭᠡᠳ ᠶᠠᠰᠤ ᠮᠢᠬ᠎ᠠ ᠵᠡᠷᠭᠡ ᠶ᠋ᠢᠨ ᠨᠡᠷᠡᠰ ᠢ᠋ ᠥᠷᠭᠡᠨ ᠳᠡᠯᠭᠡᠷ ᠣᠷᠣᠭᠤᠯᠵᠤ ᠨᠡᠯᠢᠶᠡᠳ ᠨᠠᠷᠢᠯᠢᠭ ᠲᠠᠢᠯᠪᠤᠷᠢᠯᠠᠭᠰᠠᠨ 12 ᠪᠦᠯᠦᠭ ᠲᠡᠢ ᠂ 400 ᠰᠢᠬᠠᠮ ᠵᠦᠢᠯ ᠲᠡᠢ ᠭᠡᠷ ᠢ᠋ᠶ᠋ᠡᠷ ᠠᠮᠢᠳᠤᠷᠠᠵᠤ ᠪᠠᠢᠭᠰᠠᠨ ᠦᠶ᠎ᠡ ᠶ᠋ᠢᠨ ᠮᠣᠩᠭᠣᠯ ᠠᠮᠢᠳᠤᠷᠠᠯ ᠢ᠋ ᠳᠤᠰᠬᠠᠭᠰᠠᠨ ᠵᠦᠢᠯ ᠬᠤᠪᠢᠶᠠᠭᠰᠠᠨ ᠲᠣᠯᠢ ᠶᠤᠮ ᠃ ᠢᠯᠠᠩᠭᠤᠶ᠎ᠠ ᠦᠶ᠎ᠡ ᠳᠠᠭᠤᠳᠠᠯᠭ᠎ᠠ᠂ ᠲᠣᠭ᠎ᠠ ᠲᠣᠭᠠᠯᠠᠯᠭ᠎ᠠ ᠪᠠ ᠶᠠᠰᠤᠨ ᠤ᠋ ᠨᠡᠷᠡᠰ ᠵᠡᠷᠭᠡ ᠶ᠋ᠢ ᠪᠦᠷᠢᠳᠬᠡᠵᠦ᠂ ᠮᠠᠨ ᠤ᠋ ᠬᠢᠨ ᠦ᠌ ᠮᠠᠷᠲᠠᠭᠰᠠᠨ ᠵᠦᠢᠯᠡᠰ ᠢ᠋ ᠨᠢ ᠰᠡᠷᠭᠦᠭᠡᠬᠦ ᠪᠠ ᠮᠠᠯᠵᠢᠬᠤ ᠣᠷᠣᠨ ᠤ᠋ ᠣᠳᠣ ᠶ᠋ᠢᠨ ᠵᠠᠯᠠᠭᠤᠴᠤᠳ ᠤ᠋ᠨ ᠮᠡᠳᠡᠬᠦ ᠦᠭᠡᠢ ᠰᠣᠨᠣᠰᠤᠭᠰᠠᠨ ᠦᠭᠡᠢ ᠶ᠋ᠢ ᠨᠢ ᠰᠠᠨᠠᠭᠤᠯᠵᠤ ᠥᠭᠬᠦ ᠪᠡᠷ ᠮᠡᠷᠡᠢᠭᠰᠡᠨ ᠪᠥᠭᠡᠳ ᠲᠡᠷᠡᠴᠢᠯᠡᠨ ᠭᠡᠷ ᠢ᠋ᠶ᠋ᠡᠷ ᠰᠠᠭᠤᠬᠤ ᠪᠠᠨ ᠪᠣᠯᠢᠵᠤ᠂ ᠲᠠᠪᠤᠨ ᠬᠣᠰᠢᠭᠤ ᠮᠠᠯ ᠠ᠋ᠴᠠ ᠲᠠᠰᠤᠷᠠᠭᠰᠠᠨ ᠬᠣᠲᠠ ᠪᠠᠯᠭᠠᠰᠤᠨ ᠤ᠋ ᠵᠠᠯᠠᠭᠤᠴᠤᠳ ᠤ᠋ᠨ ᠮᠣᠩᠭᠣᠯ ᠠᠮᠢᠳᠤᠷᠠᠯ ᠲᠠᠢ ᠲᠠᠨᠢᠯᠴᠠᠬᠤ ᠳ᠋ᠤᠨᠢ ᠣᠯᠳᠠᠰᠢ ᠦᠭᠡᠢ ᠣᠷᠬᠣᠳᠠᠢ ᠪᠣᠯᠤᠮ᠎ᠠ ᠦᠨ᠎ᠡ ᠴᠡᠨᠡᠳᠠᠢ ᠨᠣᠮ ᠪᠣᠯᠭᠠᠬᠤ ᠪᠠᠷ ᠴᠢᠷᠮᠠᠢᠭᠰᠠᠨ ᠶᠤᠮ᠃ ᠭᠡᠪᠡᠴᠦ ᠰᠠᠨᠠᠭ᠎ᠠ ᠵᠠᠶᠠᠭ᠎ᠠ ᠬᠣᠶᠠᠷ ᠨᠡᠢᠯᠡᠭᠰᠡᠨ ᠡᠰᠡᠬᠦ ᠶ᠋ᠢ ᠪᠦᠦ ᠮᠡᠳᠡ᠃ 
       ᠡᠨᠡ ᠮᠠᠨᠢ ᠬᠡᠳᠦᠢ ᠪᠡᠷ ᠪᠠᠷᠢᠬᠤ ᠳ᠋ᠤ᠌ ᠨᠢᠮᠭᠡᠨ᠂ ᠪᠢᠴᠢᠭᠰᠡᠨ ᠢ᠋ᠶ᠋ᠡᠷ ᠳᠤᠯᠢᠬᠠᠨ ᠴᠤ᠌ ᠦᠨᠳᠦᠰᠦᠲᠡᠨ ᠦ᠌ ᠪᠡᠨ ᠥᠪ ᠠᠮᠢᠳᠤᠷᠠᠯ ᠢ᠋ ᠰᠤᠷᠴᠤ ᠬᠡᠷᠡᠭᠯᠡᠬᠦ᠂ ᠰᠤᠳᠤᠯᠵᠤ ᠬᠥᠭᠵᠢᠭᠦᠯᠬᠦ ᠭᠡᠰᠡᠨ ᠬᠦᠰᠡᠯ ᠡᠷᠢᠯ ᠲᠡᠢ᠂ ᠤᠷᠮ᠎ᠠ ᠪᠠᠬᠠᠲᠠᠢ ᠣᠷᠣᠯᠳᠣᠯᠭ᠎ᠠ ᠬᠢᠴᠢᠶᠡᠯᠭᠡ ᠲᠡᠢ ᠨᠥᠬᠥᠳ ᠲᠦ᠍ ᠭᠠᠷ ᠠᠪᠤᠯᠭ᠎ᠠ ᠪᠣᠯᠭᠠᠬᠤ ᠶ᠋ᠢ ᠬᠢᠴᠢᠶᠡᠭᠰᠡᠨ ᠶᠦ᠍ᠮ᠃ ᠲᠡᠢᠨ ᠬᠦ᠌ ᠲᠡᠳᠡ ᠨᠠᠷ ᠤ᠋ᠨ ᠬᠦᠰᠡᠯᠡᠩ ᠳ᠋ᠦ᠍ ᠲᠣᠪᠬᠤᠨ ᠴᠢᠨᠡᠭᠡ ᠴᠦ᠍ ᠶᠠᠭᠠᠬᠢᠬᠤ ᠪᠣᠢ ᠲᠠᠭᠠᠯᠠᠭᠳᠠᠪᠠᠯ ᠣᠯᠳᠣᠢ ᠮᠢᠨᠦ ᠰᠠᠨᠠᠭ᠎ᠠ ᠭᠦᠢᠴᠡᠵᠦ ᠰᠡᠳᠬᠢᠯ ᠬᠠᠩᠬᠤ ᠨᠢ ᠲᠡᠷᠡ᠃ 
       ᠡᠨᠡ ᠨᠣᠮ ᠢ᠋ ᠬᠡᠳᠦᠢ ᠪᠡᠷ ᠠᠮᠢᠳᠤᠷᠠᠯ᠂ ᠨᠣᠮ ᠬᠣᠶᠠᠷ ᠠ᠋ᠴᠠ ᠬᠠᠢᠵᠤ ᠬᠤᠷᠠᠮᠳᠤᠭᠤᠯᠤᠭᠰᠠᠨ ᠪᠣᠯᠪᠠᠴᠤ  《ᠭᠠᠭᠴᠠ ᠮᠣᠳᠣ ᠭᠠᠯ ᠪᠣᠯᠬᠤ ᠦᠭᠡᠢ᠂ ᠭᠠᠭᠴᠠ ᠬᠥᠮᠦᠨ ᠠᠢᠯ ᠪᠣᠯᠬᠤ ᠦᠭᠡᠢ 》 ᠭᠡᠭᠴᠢ ᠪᠡᠷ ᠨᠠᠳᠠ ᠰᠢᠭ᠋ ᠨᠢᠭᠡ ᠬᠥᠮᠦᠨ ᠨᠡᠢᠭᠡᠮ ᠳᠠᠶᠠᠭᠠᠷ ᠤ᠋ᠨ ᠬᠢ ᠶ᠋ᠢ ᠬᠡᠷᠬᠢᠨ ᠴᠥᠮ ᠢ᠋ ᠪᠦᠷᠢᠳᠬᠡᠵᠦ ᠳᠡᠢᠯᠬᠦ ᠪᠣᠢ᠃ ᠪᠦᠷ ᠯᠡ ᠪᠦᠭᠦᠳᠡ ᠶ᠋ᠢᠨ ᠬᠦᠴᠦ ᠬᠥᠳᠡᠯᠮᠦᠷᠢ ᠪᠠᠢᠬᠤ ᠶᠣᠰᠣᠲᠠᠢ ᠃ ᠡᠭᠦᠨ ᠳ᠋ᠦ᠍ ᠡᠨᠡ ᠨᠣᠮ ᠢ᠋ ᠬᠡᠪᠯᠡᠭᠦᠯᠬᠦ ᠳ᠋ᠦ᠍ ᠲᠥᠷᠥ ᠶᠣᠰᠣᠨ ᠤ᠋ ᠲᠤᠰᠠᠯᠠᠮᠵᠢ ᠬᠠᠢᠷ᠎ᠠ ᠦᠵᠡᠭᠦᠯᠦᠭᠰᠡᠨ ᠥᠪᠥᠷ ᠮᠣᠩᠭᠣᠯ ᠤ᠋ᠨ ᠰᠣᠶᠣᠯ ᠤ᠋ᠨ ᠬᠡᠪᠯᠡᠯ ᠦ᠋ᠨ ᠬᠣᠷᠢᠶᠠᠨ ᠤ᠋ ᠤᠳᠤᠷᠢᠳᠤᠯᠭ᠎ᠠ ᠨᠠᠷ ᠪᠣᠯᠤᠨ ᠮᠠᠨ ᠤ᠋ ᠬᠤᠰᠢᠭᠤᠨ ᠤ᠋ ᠠᠷᠪᠠᠨ ᠰᠤᠮᠤᠨ ᠤ᠋ ᠳᠠᠷᠤᠭ᠎ᠠ ᠲᠡᠭᠦᠰᠪᠤᠯᠠᠭ ᠂ ᠣᠳᠬᠣᠨᠪᠠᠶᠠᠷ ᠂ ᠪᠠᠲᠤ ᠂ ᠱᠤᠭᠠᠷ᠎ᠠ ᠂ ᠴᠠᠩ ᠸᠧᠢ ᠂ ᠪᠠᠲᠤᠪᠠᠶᠠᠷ ᠂ ᠷᠢᠨᠴᠢᠨᠨᠣᠷᠪᠣ ᠂ ᠲᠦᠮᠡᠡᠦ᠌ᠯᠵᠡᠢ ᠂ ᠰᠡᠷᠡᠩᠸᠠᠩᠵᠢᠯ ᠂ ᠷᠢᠨᠴᠢᠨᠳᠣᠷᠵᠢ ᠨᠠᠷ ᠤ᠋ᠨ ᠬᠠᠯᠠᠭᠤᠨ ᠬᠠᠪᠰᠤᠷᠤᠯᠭ᠎ᠠ ᠶ᠋ᠢ ᠬᠦᠷᠲᠡᠪᠡ᠃ 
       ᠡᠳᠡᠭᠡᠷ ᠨᠥᠬᠥᠳ ᠦ᠋ᠨ  《ᠦᠨᠳᠦᠰᠦᠲᠡᠨ ᠦ᠌ ᠪᠡᠨ ᠥᠪ ᠰᠣᠶᠣᠯ  ᠢ᠋ ᠬᠥᠭᠵᠢᠭᠦᠯᠰᠦᠭᠡᠢ ! 》ᠭᠡᠰᠡᠨ ᠥᠨᠳᠥᠷ ᠦᠵᠡᠯᠲᠡ ᠂ ᠥᠷᠭᠡᠨ ᠠᠯᠳᠠᠷ ᠨᠢ ᠥᠴᠦᠬᠡᠨ ᠮᠢᠨᠦ ᠲᠤᠭᠤᠷᠪᠢᠭᠰᠠᠨ ᠨᠣᠮ ᠲᠠᠢ ᠬᠠᠮᠲᠤ ᠥᠨᠢᠳᠡ ᠴᠣᠭ ᠮᠥᠩᠬᠡᠵᠢᠬᠦ ᠶ᠋ᠢ ᠦᠨᠡᠨ ᠵᠢᠷᠦᠬᠡᠨ ᠡᠴᠡ ᠪᠡᠨ ᠵᠠᠯᠪᠠᠷᠢᠨᠠᠮ᠃ 

             ᠲᠠᠩᠰᠤᠭ ᠪᠠᠶᠠᠨ  《ᠮᠣᠩᠭᠣᠯ ᠤᠯᠠᠮᠵᠢᠯᠠᠯᠲᠤ ᠠᠮᠢᠳᠤᠷᠠᠯ ᠤ᠋ᠨ ᠲᠣᠯᠢ  》 ᠳ᠋ᠠᠬᠢ   
            《ᠦᠶ᠎ᠡ ᠳᠠᠭᠤᠳᠠᠯᠭ᠎ᠠ 》 ᠶ᠋ᠢᠨ ᠲᠤᠬᠠᠢ ᠲᠣᠳᠣᠯᠠᠵᠤ ᠲᠣᠭᠠᠴᠢᠬᠤ ᠴᠢᠬᠤᠯᠠ ᠬᠣᠶᠠᠷ᠃ 
       ᠮᠣᠩᠭᠣᠯ ᠦᠨᠳᠦᠰᠦᠲᠡᠨ ᠦ᠌ ᠲᠥᠷᠥᠯ ᠰᠠᠳᠤᠨ ᠤ᠋ ᠲᠣᠭᠲᠠᠯᠴᠠᠭ᠎ᠠ ᠨᠢ ᠮᠥᠨ ᠨᠡᠢᠭᠡᠮ ᠦ᠋ᠨ ᠬᠥᠭᠵᠢᠯ ᠦ᠋ᠨ ᠤᠷᠤᠭ ᠰᠠᠳᠤᠨ ᠤ᠋ ᠳᠦᠷᠢᠮ ᠦ᠋ᠨ ᠬᠥᠭᠵᠢᠯᠲᠡ ᠶ᠋ᠢ ᠳᠠᠭᠠᠯᠳᠤᠨ ᠨᠠᠷᠢᠰᠤᠨ ᠲᠡᠭᠦᠯᠳᠡᠷᠵᠢᠪᠡ ᠃ ᠡᠨᠡ ᠬᠦ᠌ ᠶᠠᠪᠤᠴᠠ ᠳ᠋ᠤ᠌ ᠂ ᠮᠠᠨ ᠤ᠋ ᠡᠪᠦᠭᠡ ᠳᠡᠭᠡᠳᠦᠰ ᠲᠥᠷᠥᠯ ᠰᠠᠳᠤᠨ ᠤ᠋ ᠳᠠᠭᠤᠳᠠᠯᠭ᠎ᠠ ᠶ᠋ᠢ ᠮᠠᠰᠢ ᠪᠠᠶᠠᠯᠢᠭ ᠡᠭᠦᠳᠦᠨ ᠵᠣᠬᠢᠶᠠᠵᠤ ᠦᠯᠡᠳᠡᠭᠡᠵᠡᠢ ᠃ ᠭᠡᠲᠡᠯ᠎ᠡ ᠵᠠᠷᠢᠮ ᠬᠠᠷᠢ ᠶ᠋ᠢᠨ ᠡᠷᠳᠡᠮᠲᠡᠳ ᠡᠨᠡ ᠲᠠᠯ᠎ᠠ ᠪᠠᠷ ᠣᠢᠯᠠᠭᠠᠯᠲᠠ ᠭᠦᠶᠦᠬᠡᠨ ᠂ ᠶᠠᠭ ᠶᠡᠬᠡ ᠬᠠᠭᠤᠷᠠᠢ ᠶ᠋ᠢᠨ ᠬᠥᠮᠦᠨ ᠨᠠᠭᠤᠷ ᠢ᠋ ᠣᠯᠵᠤ ᠦᠵᠡᠴᠢᠭᠡᠳ ᠳᠠᠯᠠᠢ ᠭᠡᠯ᠎ᠡ ᠭᠡᠳᠡᠭ ᠲᠡᠢ ᠠᠳᠠᠯᠢ ᠪᠠᠷ ᠶᠠᠭᠤᠨ ᠤ᠋ 《ᠮᠣᠩᠭᠣᠯ ᠳ᠋ᠤ᠌ ᠲᠥᠷᠥᠯ ᠰᠠᠳᠤᠨ ᠤ᠋ ᠳᠠᠭᠤᠳᠠᠯᠭ᠎ᠠ ᠠᠷᠪᠢᠨ ᠪᠢᠰᠢ ᠭᠤᠴᠢᠭᠠᠳᠬᠠᠨ ᠭᠣᠣᠯ ᠦᠭᠡᠰ ᠲᠡᠢ 》ᠭᠡᠵᠦ ᠬᠥᠩᠭᠡᠨ ᠬᠠᠭᠤᠮᠠᠭᠠᠢ ᠲᠡᠮᠳᠡᠭᠯᠡᠵᠡᠢ ᠃ ᠦᠨᠡᠨ ᠪᠠᠢᠳᠠᠯ ᠣᠭᠲᠣ ᠲᠡᠢᠮᠦ ᠪᠢᠰᠢ ᠃ ᠡᠷᠳᠡᠮᠲᠡᠨ ᠳ ᠂ ᠭᠣᠩᠭᠣᠷ ᠡᠨᠡ ᠲᠠᠯ᠎ᠠ ᠪᠠᠷ ᠰᠤᠳᠤᠯᠭ᠎ᠠ ᠬᠢᠵᠦ 《ᠬᠠᠯᠬ᠎ᠠ ᠮᠣᠩᠭᠣᠯᠴᠤᠳ ᠤ᠋ᠨ ᠤᠷᠤᠭ ᠲᠥᠷᠥᠯ ᠦ᠋ᠨ ᠲᠣᠭᠲᠠᠯᠴᠠᠭ᠎ᠠ 》 ᠳ᠋ᠠᠭᠠᠨ ᠨᠡᠯᠢᠶᠡᠳ ᠨᠠᠷᠢᠨ ᠲᠡᠮᠳᠡᠭᠯᠡᠭᠰᠡᠨ ᠪᠠ ᠮᠠᠨ ᠤ᠋ ᠡᠪᠦᠭᠡᠨ ᠨᠠᠮᠼᠠᠷᠠᠢ ᠭᠤᠸᠠᠢ ᠴᠤ᠌ ᠰᠤᠳᠤᠯᠭ᠎ᠠ ᠭᠦᠨᠵᠡᠭᠡᠢᠷᠡᠭᠦᠯᠵᠦ ᠥᠭᠦᠯᠡᠯ ᠳ᠋ᠡᠭᠡᠨ 《᠁  ᠣᠯᠳᠣᠢ ᠡᠪᠦᠭᠡᠨ ᠮᠢᠨᠦ ᠡᠮᠬᠢᠳᠬᠡᠯ ᠳ᠋ᠦ᠍ ᠳᠠᠪᠬᠤᠷᠯᠠᠨ ᠲᠣᠳᠣᠳᠬᠠᠬᠤ < ᠬᠠᠳᠠᠮ ᠨᠠᠭᠠᠴᠤ ᠁ ᠬᠠᠳᠠᠮ ᠵᠢᠭᠡ ᠁ > ᠭᠡᠬᠦ ᠮᠡᠲᠦ ᠶ᠋ᠢ ᠣᠷᠣᠭᠤᠯᠤᠭᠰᠠᠨ ᠦᠭᠡᠢ ᠪᠡᠷ 7100 ᠭᠠᠷᠤᠢ ᠳᠠᠭᠤᠳᠠᠯᠭ᠎ᠠ ᠪᠣᠯᠵᠠᠢ᠃ ᠬᠡᠷᠪᠡ ᠳᠠᠪᠬᠤᠷᠯᠠᠨ ᠲᠣᠳᠣᠳᠬᠠᠵᠤ ᠳᠠᠭᠤᠳᠠᠬᠤ ᠵᠦᠢᠯ ᠢ᠋ ᠣᠷᠣᠭᠤᠯᠪᠠᠯ ᠲᠦᠮᠡᠨ ᠳᠠᠭᠤᠳᠠᠯᠭ᠎ᠠ ᠪᠠᠷ ᠵᠣᠭᠰᠣᠬᠤ ᠦᠭᠡᠢ ᠪᠠᠢᠬᠤ ᠨᠢ ᠯᠠᠪᠲᠠᠢ ᠶᠤᠮ  》 ᠭᠡᠵᠡᠢ ᠃ ᠵᠥᠪᠬᠡᠨ ᠡᠨᠡ ᠬᠣᠶᠠᠷ ᠲᠡᠮᠳᠡᠭᠯᠡᠯ ᠡᠴᠡ ᠪᠢᠳᠡ ᠮᠣᠩᠭᠣᠯ ᠬᠡᠯᠡᠨ ᠦ᠌ ᠲᠥᠷᠥᠯ ᠰᠠᠳᠤᠨ ᠤ᠋ ᠳᠠᠭᠤᠳᠠᠯᠭ᠎ᠠ ᠲᠤᠩ ᠪᠠᠶᠠᠯᠢᠭ ᠭᠡᠰᠡᠨ ᠢ᠋ ᠮᠡᠳᠡᠵᠦ ᠪᠣᠯᠬᠤ ᠪᠠᠷ ᠪᠠᠷᠠᠬᠤ ᠦᠭᠡᠢ ᠲᠡᠷᠡᠴᠢᠯᠡᠨ ᠮᠣᠩᠭᠣᠯ ᠦᠭᠡᠰ ᠦ᠋ᠨ ᠰᠠᠩ ᠤ᠋ᠨ ᠳᠠᠯᠠᠢ ᠪᠠᠶᠠᠨ ᠢ᠋ ᠴᠦ᠍ ᠣᠯᠵᠤ ᠬᠠᠷᠠᠵᠤ ᠪᠣᠯᠬᠤ ᠶᠤᠮ᠃ 
       ᠬᠢᠲᠠᠳ ᠵᠡᠷᠭᠡ ᠵᠠᠷᠢᠮ ᠵᠡᠷᠭᠡᠯᠡᠳᠡᠭᠡ ᠦᠨᠳᠦᠰᠦᠲᠡᠨ ᠨᠦ᠍ᠭᠦᠳ ᠲᠥᠷᠥᠯ ᠰᠠᠳᠤᠨ ᠤ᠋ ᠳᠠᠭᠤᠳᠠᠯᠭ᠎ᠠ ᠪᠠᠨ ᠵᠥᠪᠬᠡᠨ 9 ᠦᠶ᠎ᠡ ᠪᠡᠨ ᠳᠠᠭᠤᠳᠠᠵᠤ ᠴᠢᠳᠠᠳᠠᠭ ᠪᠠᠢᠬᠤ ᠳ᠋ᠤ᠌ ᠮᠣᠩᠭᠣᠯᠴᠤᠳ ᠦᠶ᠎ᠡ ᠳᠠᠭᠤᠳᠠᠯᠭ᠎ᠠ ᠪᠠᠨ ᠬᠠᠷᠢᠨ ᠳᠡᠭᠡᠭᠰᠢ 9 ᠦᠶ᠎ᠡ ᠂ ᠳᠣᠷᠣᠭᠰᠢ 9 ᠦᠶ᠎ᠡ ᠂ ᠪᠡᠶ᠎ᠡ ᠶ᠋ᠢᠨ ᠢᠵᠢᠯᠢ ᠦᠶ᠎ᠡ ᠲᠡᠢ ᠪᠡᠨ 19  ᠦᠶ᠎ᠡ ᠪᠡᠨ ᠲᠣᠭᠲᠠᠭᠠᠨ ᠳᠠᠭᠤᠳᠠᠵᠤ ᠴᠢᠳᠠᠨ᠎ᠠ ᠃ ᠡᠭᠦᠨ ᠢ᠋ ᠢᠵᠠᠭᠤᠷ ᠶᠣᠰᠣᠨ ᠤ᠋ ᠨᠢᠭᠡ ᠦᠶ᠎ᠡ ᠶ᠋ᠢ 30 ᠵᠢᠯ ᠢ᠋ᠶ᠋ᠡᠷ ᠪᠣᠳᠣᠪᠠᠯ 570 ᠵᠢᠯ ᠦ᠋ᠨ ᠬᠣᠭᠣᠷᠣᠨᠳᠣᠬᠢ  ᠲᠥᠷᠥᠯ ᠰᠠᠳᠤᠨ ᠤ᠋ ᠦᠶ᠎ᠡ ᠳᠠᠭᠤᠳᠠᠯᠭ᠎ᠠ ᠶ᠋ᠢ ᠲᠣᠭᠲᠠᠭᠠᠨ ᠳᠠᠭᠤᠳᠠᠵᠤ ᠴᠢᠳᠠᠨ᠎ᠠ ᠃ ᠥᠭᠡᠷ᠎ᠡ ᠠᠯᠢ ᠦᠨᠳᠦᠰᠦᠲᠡᠨ ᠢᠩᠭᠢᠵᠦ ᠳᠠᠭᠤᠳᠠᠵᠤ ᠴᠢᠳᠠᠪᠠ ᠤᠤ ⁈ 
       ᠮᠠᠨ ᠤ᠋ ᠡᠪᠦᠭᠡ ᠳᠡᠭᠡᠳᠦᠰ ᠦᠶ᠎ᠡ ᠳᠠᠭᠤᠳᠠᠯᠭ᠎ᠠ ᠶ᠋ᠢ ᠡᠨᠡ ᠮᠡᠲᠦ ᠮᠠᠰᠢ ᠪᠠᠶᠠᠯᠢᠭ ᠡᠭᠦᠳᠦᠨ ᠵᠣᠬᠢᠶᠠᠵᠤ ᠥᠭᠴᠡᠢ᠃ ᠭᠡᠲᠡᠯ᠎ᠡ ᠮᠠᠨ ᠤ᠋ ᠬᠢᠨ ᠦ᠌ ᠵᠠᠷᠢᠮ ᠨᠢ ᠦᠷ᠎ᠡ ᠬᠣᠢᠴᠢ ᠳ᠋ᠠᠭᠠᠨ ᠤᠯᠠᠮᠵᠢᠯᠠᠵᠤ ᠰᠤᠷᠭᠠᠵᠤ ᠥᠭᠬᠦ ᠦᠭᠡᠢ ᠮᠥᠷᠲᠡᠭᠡᠨ ᠥᠭᠡᠷ᠎ᠡ ᠦᠨᠳᠦᠰᠦᠲᠡᠨ ᠡᠴᠡ ᠬᠡᠳᠦᠨ ᠳᠠᠭᠤᠳᠠᠯᠭ᠎ᠠ ᠰᠤᠷᠴᠢᠬᠠᠭᠠᠳ ᠥᠪᠡᠷ ᠦ᠋ᠨ ᠦᠨᠳᠦᠰᠦᠲᠡᠨ ᠦ᠌ ᠪᠡᠨ ᠳᠠᠭᠤᠳᠠᠯᠭ᠎ᠠ ᠶ᠋ᠢ ᠡᠢᠮᠦ ᠮᠠᠭᠤ ᠂ ᠲᠡᠢᠮᠦ ᠣᠨᠣᠪᠴᠢ ᠦᠭᠡᠢ ᠭᠡᠬᠦ ᠮᠡᠲᠦ ᠪᠡᠷ ᠮᠠᠭᠤᠯᠠᠵᠤ ᠡᠯᠡᠭᠯᠡᠬᠦ ᠶᠦ᠍ᠮ ᠪᠢᠯᠡ᠃ ᠵᠢᠱ᠌ᠢᠶᠡᠯᠡᠪᠡᠯ : ᠠᠪᠠᠭ᠎ᠠ ᠪᠡᠷᠭᠡᠨ ( ᠱᠸᠡ ᠱᠸᠡ ) ᠂ ᠨᠠᠭᠠᠴᠤ ᠪᠡᠷᠭᠡᠨ ( ᠵᠢᠦ ᠮᠥ ) ᠭᠡᠬᠦ ᠳᠠᠭᠤᠳᠠᠯᠭ᠎ᠠ ᠶ᠋ᠢ ᠤᠨᠤᠭ᠎ᠠ ᠮᠠᠭᠤᠲᠠᠢ ᠭᠡᠳᠡᠭ᠃ ᠤᠭ ᠠ᠋ᠴᠠ ᠮᠣᠩᠭᠣᠯ ᠤ᠋ᠨ ᠶᠣᠰᠣᠨ ᠳ᠋ᠤ᠌ ᠡᠴᠢᠭᠡ ᠶ᠋ᠢᠨ ᠲᠠᠯ᠎ᠠ ᠶ᠋ᠢᠨ  ᠠᠪᠠᠭ᠎ᠠ ᠂ ᠡᠬᠡ ᠶ᠋ᠢᠨ ᠲᠠᠯ᠎ᠠ ᠶ᠋ᠢᠨ ᠨᠠᠭᠠᠴᠤ ᠭᠡᠳᠡᠭ ᠬᠣᠶᠠᠷ ᠦᠭᠡ ᠶ᠋ᠢᠨ ᠡᠷᠬᠡᠪᠰᠢ ᠳᠡᠭᠡᠷ᠎ᠡ ᠨᠢᠭᠡ ᠦᠶ᠎ᠡ ᠶ᠋ᠢ ᠵᠢᠭᠠᠳᠠᠭ ᠥᠪᠡᠷᠮᠢᠴᠡ ᠠᠭᠤᠯᠭ᠎ᠠ ᠲᠠᠢ ᠭᠡᠳᠡᠭ ᠢ᠋ ᠮᠠᠷᠲᠠᠵᠠᠢ ᠃ ᠵᠢᠴᠢ ᠪᠡᠷᠭᠡᠨ ᠭᠡᠳᠡᠭ ᠦᠭᠡ ᠠᠬ᠎ᠠ ᠠ᠋ᠴᠠ ᠳᠡᠭᠡᠭᠰᠢ 9 ᠦᠶ᠎ᠡ ᠶ᠋ᠢᠨ ᠪᠣᠭᠲᠣᠯᠠᠵᠤ ᠪᠠᠭᠤᠯᠭᠠᠭᠰᠠᠨ ᠪᠦᠰᠡᠭᠦᠢᠴᠦᠳ ᠦ᠋ᠨ ᠨᠡᠢᠲᠡ ᠶ᠋ᠢᠨ ᠨᠡᠷ᠎ᠡ ᠪᠢᠯᠡ ᠃ ᠡᠭᠦᠨ ᠳ᠋ᠦ᠍ ᠶᠡᠷᠦ ᠤᠨᠤᠭ᠎ᠠ ᠮᠠᠭᠤᠲᠠᠢ ᠶᠠᠭᠤᠮ᠎ᠠ ᠠᠯᠠᠭ᠎ᠠ᠃ 
       ᠲᠡᠭᠡᠪᠡᠯ ᠮᠠᠨ ᠤ᠋ ᠬᠢᠨ ᠦ᠌ ᠪᠠᠰᠠ ᠨᠢᠭᠡ ᠪᠦᠯᠦᠭ ᠬᠥᠮᠦᠰ ᠡᠢᠮᠦ ᠪᠠᠶᠠᠯᠢᠭ ᠳᠠᠭᠤᠳᠠᠯᠭ᠎ᠠ ᠶ᠋ᠢ ᠬᠣᠢᠴᠢᠰ ᠲᠠᠭᠠᠨ ᠨᠢᠮᠪᠠᠢ ᠤᠯᠠᠮᠵᠢᠯᠠᠵᠤ ᠨᠠᠷᠢᠨ ᠰᠤᠷᠭᠠᠬᠤ ᠦᠭᠡᠢ ᠪᠡᠷ ᠬᠠᠮᠢᠶ᠎ᠠ ᠨᠠᠮᠢᠶ᠎ᠠ ᠦᠭᠡᠢ ᠠᠮᠪᠠ ᠂ ᠠᠭᠤ ᠭᠡᠰᠡᠨ ᠳᠠᠭᠤᠳᠠᠯᠭ᠎ᠠ ᠦᠭᠴᠢᠬᠡᠭᠡᠳ ᠭᠡᠷ ᠦ᠋ᠨ ᠶᠡᠬᠡ ᠪᠠᠭ᠎ᠠ ᠪᠠᠷ ᠢ᠋ᠶ᠋ᠠᠨ ᠳᠠᠭᠤᠳᠠᠵᠤ ᠨᠠᠷᠢᠨ ᠰᠠᠢᠬᠠᠨ ᠦᠶ᠎ᠡ ᠳᠠᠭᠤᠳᠠᠯᠭ᠎ᠠ ᠶ᠋ᠢ ᠬᠤᠳᠬᠤᠯᠳᠤᠭᠤᠯᠴᠢᠬᠠᠳᠠᠭ ᠃ ᠨᠢᠭᠡ ᠬᠥᠮᠦᠨ ᠢ᠋ ᠣᠯᠠᠨ ᠶᠠᠩᠵᠤ ᠪᠠᠷ ᠳᠠᠭᠤᠳᠠᠬᠤ ᠮᠣᠩᠭᠣᠯ ᠰᠠᠢᠬᠠᠨ ᠳᠠᠭᠤᠳᠠᠯᠭ᠎ᠠ ᠪᠠᠢᠲᠠᠯ᠎ᠠ ᠬᠡᠷᠡᠭᠯᠡᠬᠦ ᠦᠭᠡᠢ ᠵᠠᠪᠠᠯ ᠮᠠᠩᠭᠠᠷ ᠤ᠋ᠨ ᠬᠢ ᠪᠡᠷ ᠳᠠᠭᠤᠳᠠᠵᠤ ᠂ ᠵᠢᠴᠢ ᠡᠷᠲᠡᠨ ᠦ᠌ ᠤᠯᠠ ᠮᠥᠷ ᠢ᠋ ᠦᠯᠡᠳᠡᠭᠡᠵᠦ ᠨᠢᠭᠡ ᠳᠠᠭᠤᠳᠠᠯᠭ᠎ᠠ ᠳ᠋ᠤ᠌ ᠬᠡᠳᠦᠨ ᠤᠳᠬ᠎ᠠ ᠣᠷᠣᠭᠤᠯᠴᠢᠬᠠᠭᠰᠠᠨ ᠵᠡᠷᠭᠡ ᠳᠤᠲᠠᠭᠳᠠᠯ ᠤ᠋ᠳ ᠪᠠᠢᠳᠠᠭ ᠃ ᠡᠳᠡᠭᠡᠷ ᠪᠣᠯ ᠪᠤᠰᠤᠳ ᠤ᠋ᠨ ᠪᠢᠰᠢ ᠂ ᠪᠦᠷ ᠥᠪᠡᠷ ᠡᠴᠡ ᠪᠡᠨ ᠪᠣᠯᠤᠭᠰᠠᠨ ᠭᠡᠮ ᠰᠣᠭᠣᠭ ᠪᠣᠯᠤᠨ᠎ᠠ ᠃ ᠪᠢᠳᠡ ᠬᠠᠯᠠᠵᠠᠭᠠᠶ᠎ᠠ ᠃ ᠨᠢᠭᠡ ᠦᠨᠳᠦᠰᠦᠲᠡᠨ ᠰᠣᠶᠣᠯᠵᠢᠬᠤ ᠳᠣᠳᠣᠮ ᠢ᠋ᠶ᠋ᠠᠨ ᠪᠣᠯᠪᠠᠰᠤᠨ ᠪᠣᠯᠵᠤ ᠂ ᠥᠪᠡᠷ ᠦ᠋ᠨ ᠲᠥᠷᠥᠯ ᠰᠠᠳᠤᠨ ᠤ᠋ ᠪᠠᠨ ᠦᠶ᠎ᠡ ᠳᠠᠭᠤᠳᠠᠯᠭ᠎ᠠ ᠶ᠋ᠢ ᠤᠯᠠᠮ ᠨᠠᠷᠢᠨ ᠲᠣᠳᠣᠷᠬᠠᠢ ᠳᠠᠭᠤᠳᠠᠬᠤ ᠶ᠋ᠢ ᠱᠠᠭᠠᠷᠳᠠᠳᠠᠭ ᠃ ᠡᠢᠨ ᠬᠦ᠌ ᠪᠢᠳᠡ ᠂ ᠥᠪᠡᠷ ᠦ᠋ᠨ ᠬᠡᠯᠡ ᠳᠡᠭᠡᠷ᠎ᠡ ᠪᠡᠨ ᠨᠢᠭᠡᠳᠬᠡᠨ ᠳᠦᠷᠢᠮᠵᠢᠭᠦᠯᠵᠦ ᠠᠪᠬᠤ ᠨᠢ ᠴᠣᠷ ᠤ᠋ᠨ ᠭᠠᠭᠴᠠ ᠵᠥᠪ ᠠᠷᠭ᠎ᠠ᠃ 
       ᠮᠣᠩᠭᠣᠯᠴᠤᠳ ᠪᠦᠷ ᠡᠷᠲᠡ ᠳᠡᠭᠡᠷ᠎ᠡ ᠦᠶ᠎ᠡ ᠡᠴᠡ ᠪᠡᠨ ᠬᠥᠮᠦᠨ ᠦ᠌ ᠪᠡᠶ᠎ᠡ ᠪᠦᠲᠦᠴᠡ ᠳ᠋ᠦ᠍ ᠲᠣᠯᠣᠭᠠᠢ ᠂ ᠨᠢᠳᠦ ᠂ ᠶᠠᠰᠤ ᠂ ᠨᠤᠭᠤᠰᠤ ᠶ᠋ᠢ ᠡᠴᠢᠭᠡ ᠶ᠋ᠢᠨ ᠰᠢᠮ᠎ᠡ ᠪᠡᠷ ᠪᠦᠲᠦᠵᠦ ᠂ ᠮᠢᠬ᠎ᠠ ᠴᠢᠰᠤ ᠶ᠋ᠢ ᠡᠬᠡ ᠶ᠋ᠢᠨ ᠴᠢᠰᠤᠨ ᠢ᠋ᠶ᠋ᠠᠷ ᠪᠦᠲᠦᠪᠡ ᠭᠡᠵᠦ ᠦᠵᠡᠳᠡᠭ ᠂ ᠡᠨᠡ ᠬᠦ᠌ ᠦᠵᠡᠯᠲᠡ ᠪᠡᠨ ᠦᠨᠳᠦᠰᠦᠯᠡᠨ ᠮᠣᠩᠭᠣᠯᠴᠤᠳ ᠥᠪᠡᠷ ᠦ᠋ᠨ ᠤᠭᠰᠠᠭ᠎ᠠ ᠤᠷᠤᠭ ᠢ᠋ᠶ᠋ᠠᠨ ᠶᠡᠬᠡᠩᠬᠢ ᠳ᠋ᠦ᠍ᠨᠢ ᠲᠥᠷᠥᠯ ᠂ ᠰᠠᠳᠤᠨ ᠂ ᠰᠦᠯᠪᠡᠭᠡ ᠭᠡᠵᠦ ᠭᠤᠷᠪᠠᠨ ᠶᠡᠬᠡ ᠪᠦᠯᠦᠭ ᠬᠤᠪᠢᠶᠠᠵᠤ ᠂ ᠳᠣᠲᠣᠷ᠎ᠠ ᠨᠢ ᠶᠠᠰᠤᠨ ᠲᠥᠷᠥᠯ ( ᠡᠴᠢᠭᠡ ) ᠂ ᠴᠢᠰᠤᠨ ᠲᠥᠷᠥᠯ ( ᠡᠬᠡ ) ᠂ ᠬᠠᠳᠠᠮ ᠂ ᠬᠣᠲᠠ ( ᠬᠤᠳᠠᠭᠠᠢ ) ᠂ ᠪᠦᠯᠦ ᠂ ᠵᠢᠭᠡ ᠂ ᠨᠠᠭ᠎ᠠ (ᠲᠠᠭᠠᠷ ) ᠭᠡᠵᠦ ᠠᠩᠭᠢᠯᠠᠵᠤ ᠳᠠᠭᠤᠳᠠᠳᠠᠭ ᠃ ᠡᠭᠦᠨ ᠦ᠌ ᠨᠠᠷᠢᠨ ᠠᠭᠤᠯᠭ᠎ᠠ ᠶ᠋ᠢ ᠳᠣᠣᠷᠠᠬᠢ ᠦᠶ᠎ᠡ ᠳᠠᠭᠤᠳᠠᠯᠭ᠎ᠠ ᠶ᠋ᠢᠨ ᠪᠦᠯᠦᠭ ᠲᠦ᠍ ᠦᠵᠡ᠃ 

             ᠲᠠᠩᠰᠤᠭ ᠪᠠᠶᠠᠨ 《ᠮᠣᠩᠭᠣᠯ ᠤᠯᠠᠮᠵᠢᠯᠠᠯᠲᠤ ᠠᠮᠢᠳᠤᠷᠠᠯ ᠤ᠋ᠨ ᠲᠣᠯᠢ 》 ᠳ᠋ᠠᠬᠢ 
             ᠲᠣᠭ᠎ᠠ ᠲᠣᠭᠠᠯᠠᠯ ᠤ᠋ᠨ ᠲᠤᠬᠠᠢ ᠲᠣᠳᠣᠯᠠᠵᠤ ᠲᠣᠭᠠᠴᠢᠬᠤ ᠴᠢᠬᠤᠯᠠᠲᠠᠢ ᠭᠤᠷᠪᠠ ᠃ 
       ᠮᠣᠩᠭᠣᠯᠴᠤᠳ ᠤ᠋ᠨ ᠲᠣᠭ᠎ᠠ ᠲᠣᠭᠠᠯᠠᠯ ᠮᠠᠰᠢ ᠡᠷᠲᠡ ᠡᠴᠡ ᠡᠬᠢᠯᠡᠭᠰᠡᠨ ᠨᠢ ᠪᠠᠲᠤᠲᠠᠢ ᠃ ᠲᠡᠦᠬᠡᠨ ᠪᠠᠷᠢᠮᠲᠠ ᠠ᠋ᠴᠠ ᠦᠵᠡᠪᠡᠯ ᠂ ᠡᠭᠦᠨ ᠢ᠋ ᠲᠣᠳᠣ ᠮᠡᠳᠡᠵᠦ ᠪᠣᠯᠤᠨ᠎ᠠ ᠃  《ᠮᠣᠩᠭᠣᠯ ᠤ᠋ᠨ ᠨᠢᠭᠤᠴᠠ ᠲᠣᠪᠴᠢᠶᠠᠨ 》 ᠳ᠋ᠤ᠌ : 《ᠬᠥᠬᠡ ᠮᠣᠷᠢᠨ ᠵᠢᠯ  ᠁  ᠴᠢᠩᠭᠢᠰ ᠬᠠᠭᠠᠨ ᠂ ᠲᠠᠶᠠᠨ ᠬᠠᠭᠠᠨ ᠯᠤᠭ᠎ᠠ  ᠪᠠᠢᠯᠳᠤᠵᠤ 》᠂ 《ᠦᠬᠡᠷ ᠵᠢᠯ ᠦ᠋ᠨ ᠬᠠᠪᠤᠷ 》ᠭᠡᠬᠦ ᠮᠡᠲᠦ 《60 ᠵᠢᠰᠦ 》 ᠶ᠋ᠢᠨ ᠲᠣᠭᠠᠯᠠᠯ ᠪᠠᠢᠬᠤ ᠪᠥᠭᠡᠳ ᠰᠥᠩ ᠤᠯᠤᠰ ᠤ᠋ᠨ ᠫᠧᠩ ᠳᠡ ᠶᠠ ᠭᠡᠭᠴᠢ ᠬᠥᠮᠦᠨ 《ᠬᠠᠷ᠎ᠠ ᠲᠠᠲ᠋ᠠᠷ ᠤ᠋ᠨ ᠲᠤᠬᠠᠢ ᠬᠡᠷᠡᠭ ᠦ᠋ᠨ ᠲᠣᠪᠴᠢ 》ᠭᠡᠳᠡᠭ ᠲᠡᠭᠡᠨ ᠄  《ᠴᠠᠭ ᠤᠯᠠᠷᠢᠯ ᠤ᠋ᠨ ᠲᠤᠬᠠᠢ ᠳᠠᠷᠤᠮᠠᠯᠯᠠᠭᠰᠠᠨ ᠪᠢᠴᠢᠭ  ᠢ᠋ ᠣᠯᠵᠤ ᠦᠵᠡᠯ᠎ᠡ 》 ᠭᠡᠰᠡᠨ ᠬᠢᠭᠡᠳ  《ᠲᠡᠳᠡ ᠵᠢᠯ ᠣᠨ ᠢ᠋ ᠲᠣᠭᠠᠯᠠᠬᠤ ᠳ᠋ᠠᠭᠠᠨ ᠤᠭ ᠠ᠋ᠴᠠ ᠪᠠᠨ 12 ᠡᠷᠬᠡᠲᠡᠨ ᠦ᠌ ᠳᠦᠷᠢ ᠶ᠋ᠢ ᠬᠡᠷᠡᠭᠯᠡᠨ᠎ᠡ 》ᠭᠡᠵᠦ ᠲᠡᠮᠳᠡᠭᠯᠡᠵᠦᠬᠦᠢ ᠃ 60 ᠵᠢᠰᠦ ᠶ᠋ᠢ ᠡᠨᠡ ᠮᠡᠲᠦ ᠲᠣᠭᠠᠯᠠᠵᠤ ᠪᠠᠢᠭ᠎ᠠ ᠠ᠋ᠴᠠ ᠦᠵᠡᠪᠡᠯ ᠮᠣᠩᠭᠣᠯᠴᠤᠳ ᠤ᠋ᠨ ᠲᠣᠭ᠎ᠠ ᠲᠣᠭᠠᠯᠠᠯ ᠴᠤ᠌ ᠠᠳᠠᠭ ᠲᠠᠭᠠᠨ ᠰᠥᠩ ᠡᠴᠡ ᠡᠮᠦᠨ᠎ᠡ ᠬᠡᠳᠦᠨ ᠮᠢᠩᠭᠠᠨ ᠵᠢᠯ ᠦ᠋ᠨ ᠡᠮᠦᠨ᠎ᠡ ᠡᠭᠦᠰᠦᠭᠰᠡᠨ ᠨᠢ ᠲᠣᠳᠣᠷᠬᠠᠢ᠃ ᠤᠴᠢᠷ ᠨᠢ 《60 ᠵᠢᠰᠦ 》 ᠶ᠋ᠢᠨ ᠲᠣᠭᠠᠯᠠᠯ ᠂ ᠲᠡᠢᠮᠦ ᠴᠦ᠍ ᠬᠡᠳᠦᠬᠡᠨ ᠵᠠᠭᠤᠨ ᠵᠢᠯ ᠳ᠋ᠦ᠍ ᠪᠣᠯᠪᠠᠰᠤᠷᠠᠨ ᠲᠣᠭᠲᠠᠵᠤ ᠬᠥᠭᠵᠢᠭᠡᠳ ᠨᠡᠢᠲᠡ ᠮᠣᠩᠭᠣᠯ ᠤ᠋ᠨ ᠠᠷᠠᠳ ᠤ᠋ᠨ ᠠᠮᠠᠨ ᠲᠣᠭᠠᠯᠠᠯ ᠪᠣᠯᠵᠤ ᠴᠢᠳᠠᠬᠤ ᠦᠭᠡᠢ ᠶᠦ᠍ᠮ᠃ 
       ᠢᠯᠠᠩᠭᠤᠶ᠎ᠠ ᠮᠣᠩᠭᠣᠯᠴᠤᠳ ᠤ᠋ᠨ ᠲᠣᠭ᠎ᠠ ᠲᠣᠭᠠᠯᠠᠯ ᠤ᠋ᠨ ᠣᠷᠣᠨ᠂ ᠠᠷᠪᠠ ᠠᠷᠪᠠ ᠪᠠᠷ ᠲᠠᠪᠰᠢᠭᠰᠠᠨ ᠶᠡᠬᠡ ᠨᠠᠷᠢᠯᠢᠭ ᠲᠣᠭᠠᠯᠠᠯ ᠪᠠᠢᠭᠰᠠᠨ ᠃ ᠨᠠᠮᠠᠶᠢ ᠪᠠᠭ᠎ᠠ ᠭᠡᠷ ᠢ᠋ᠶ᠋ᠡᠷ ᠰᠤᠷᠬᠤ ᠰᠤᠷᠭᠠᠭᠤᠯᠢ ᠳ᠋ᠤ᠌ ᠰᠤᠷᠤᠯᠴᠠᠵᠤ ᠪᠠᠢᠬᠤ ᠳ᠋ᠤ᠌ ᠮᠢᠨᠦ ᠪᠠᠭᠰᠢ  《ᠮᠣᠩᠭᠣᠯ ᠤ᠋ᠨ ᠲᠣᠭ᠎ᠠ ᠲᠣᠭᠠᠯᠠᠯ 13 ᠣᠷᠣᠨ ᠲᠠᠢ 》 ᠭᠡᠵᠦ ᠵᠢᠭᠠᠵᠤ  ᠪᠠᠢᠭᠰᠠᠨ ᠰᠢᠭ᠋ ᠰᠠᠨᠠᠭᠳᠠᠬᠤ ᠶᠤᠮ ᠃ ᠣᠳᠣ ᠪᠢ ᠨᠢᠭᠡ ᠡᠴᠡ ᠲᠡᠷᠪᠤᠮ ( ᠲᠡᠷᠡ ᠪᠤᠮ ) ᠬᠦᠷᠲᠡᠯᠡᠬᠢ 10 ᠣᠷᠣᠨ ᠤ᠋ ᠲᠣᠭ᠎ᠠ ᠶ᠋ᠢ ᠨᠡᠷᠡᠯᠡᠵᠦ ᠴᠢᠳᠠᠨ᠎ᠠ ᠃ 11 ᠂ 12 ᠣᠷᠣᠨ ᠤ᠋ ᠲᠣᠭ᠎ᠠ ᠶ᠋ᠢᠨ ᠨᠡᠷ᠎ᠡ ᠶ᠋ᠢ ᠨᠢ ᠲᠠᠭ ᠮᠠᠷᠲᠠᠴᠢᠬᠠᠵᠠᠢ ᠃ ᠬᠠᠷᠢᠨ 13 ᠣᠷᠣᠨ ᠤ᠋ ᠲᠣᠭ᠎ᠠ ᠶ᠋ᠢ ᠨᠢ ᠲᠦᠭ ᠲᠠᠭ ᠭᠡᠵᠦ ᠪᠠᠢᠭᠰᠠᠨ ᠰᠢᠭ᠋ ᠪᠣᠳᠣᠭᠳᠠᠵᠤ ᠪᠠᠢᠨ᠎ᠠ ᠃ ᠡᠢᠨ ᠬᠦ᠌ ᠬᠣᠶᠠᠷ ᠣᠷᠣᠨ ᠤ᠋ ᠲᠣᠭ᠎ᠠ ᠶ᠋ᠢᠨ ᠮᠣᠩᠭᠣᠯ ᠨᠡᠷ᠎ᠡ ᠶ᠋ᠢ ᠨᠢ ᠮᠠᠷᠲᠠᠭᠰᠠᠨ ᠤ᠋ ᠤᠯᠠᠮ ᠠ᠋ᠴᠠ ᠪᠢ ᠂ 《ᠮᠡᠷᠭᠡᠳ ᠭᠠᠷᠬᠤ ᠶ᠋ᠢᠨ ᠣᠷᠣᠨ 》 ᠠ᠋ᠴᠠ 67 ᠣᠷᠣᠨᠲᠤ ᠶ᠋ᠢ ᠠᠪᠴᠤ ᠲᠠᠢᠯᠪᠠ ᠃ ᠳᠡᠭᠡᠷ᠎ᠡ ᠬᠣᠶᠠᠷ ᠶᠠᠩᠵᠤ ᠶ᠋ᠢᠨ ᠲᠣᠭ᠎ᠠ ᠲᠣᠭᠠᠯᠠᠯ ᠤ᠋ᠨ ᠠᠯᠢ ᠨᠢᠭᠡ ᠶ᠋ᠢ ᠠᠪᠤᠭᠠᠳ ᠬᠡᠯᠡᠭᠰᠡᠨ ᠴᠦ᠍ ᠶᠡᠬᠡ ᠰᠣᠶᠣᠯᠲᠤ ᠬᠢᠲᠠᠳ ᠦᠨᠳᠦᠰᠦᠲᠡᠨ ᠡᠴᠡ ᠪᠦᠷ ᠳᠠᠪᠠᠭᠰᠠᠨ ᠪᠠᠢᠨ᠎ᠠ ᠃ ᠪᠣᠳᠠᠲᠠᠢ ᠪᠠᠷ ᠬᠡᠯᠡᠪᠡᠯ ᠂ ᠬᠢᠲᠠᠳᠴᠤᠳ ᠳ᠋ᠦᠩᠰᠢᠭᠤᠷ ᠠ᠋ᠴᠠ ᠴᠠᠭᠠᠰᠢ ᠲᠣᠭᠠᠯᠠᠬᠤ ᠲᠣᠭᠠᠨ ᠤ᠋ ᠣᠷᠣᠨ ᠤ᠋ ᠨᠡᠷ᠎ᠡ ᠪᠠᠢᠬᠤ ᠦᠭᠡᠢ ᠂ ᠲᠡᠷᠡ ᠨᠢ ᠵᠥᠪᠬᠡᠨ ᠶᠢᠰᠦᠬᠡᠨ ᠣᠷᠣᠨ ᠲᠠᠢ ᠲᠣᠭ᠎ᠠ ᠪᠢᠯᠡ᠃ 
       ᠲᠡᠢᠨ ᠬᠦ᠌ ᠪᠢᠳᠡ᠂ ᠡᠪᠦᠭᠡ ᠳᠡᠭᠡᠳᠦᠰ ᠦ᠋ᠨ ᠢ᠋ᠶ᠋ᠡᠨ ᠲᠣᠭᠠᠨ ᠳ᠋ᠤ᠌ ᠴᠠᠭᠠᠷᠠᠭᠰᠠᠨ ᠥᠨᠳᠥᠷ ᠮᠡᠳᠡᠯᠭᠡᠲᠡᠢ ᠶ᠋ᠢ ᠮᠡᠳᠡᠬᠦ ᠡᠴᠡ ᠭᠠᠳᠠᠨ᠎ᠠ ᠥᠪᠡᠷᠰᠡᠳ ᠦ᠋ᠨ ᠢ᠋ᠶ᠋ᠡᠨ ᠡᠨᠡ ᠲᠠᠯ᠎ᠠ ᠪᠠᠷ ᠴᠠᠯᠠᠭᠠᠢᠷᠠᠵᠤ ᠣᠮᠲᠣᠭᠠᠢᠯᠠᠵᠤ ᠪᠤᠰᠤᠳ ᠠ᠋ᠴᠠ ᠬᠣᠴᠣᠷᠤᠭᠰᠠᠨ ᠢ᠋ᠶ᠋ᠠᠨ ᠴᠤ᠌ ᠮᠡᠳᠡᠷᠡᠬᠦ ᠬᠡᠷᠡᠭᠲᠡᠢ᠃ ᠬᠠᠷᠢᠨ ᠥᠪᠡᠷ ᠢ᠋ᠶ᠋ᠡᠨ ᠰᠠᠢᠨ ᠮᠡᠳᠡᠬᠦ ᠦᠭᠡᠢ  ᠪᠠᠢᠭᠠᠳ ᠪᠠᠰᠠ ᠪᠤᠰᠤᠳ ᠢ᠋ ᠳᠠᠭᠠᠵᠤ ᠂ ᠥᠪᠡᠷ ᠦ᠋ᠨ ᠡᠪᠦᠭᠡ ᠳᠡᠭᠡᠳᠦᠰ ᠪᠤᠶᠤ ᠦᠨᠳᠦᠰᠦᠲᠡᠨ ᠢ᠋ᠶ᠋ᠡᠨ ᠡᠢᠮᠦ ᠮᠠᠭᠤ ᠲᠡᠢᠮᠦ ᠳᠤᠲᠠᠭᠤ ᠭᠡᠵᠦ ᠬᠤᠳᠠᠯ ᠦᠨᠡᠨ ᠢ᠋ᠶ᠋ᠡᠷ ᠴᠠᠯᠴᠢᠬᠤ ᠨᠢ ᠢᠴᠢᠩᠭᠦᠷᠢᠲᠡᠢ ᠃ ᠡᠢᠮᠦ ᠬᠥᠮᠦᠰ ᠠᠰᠠᠭᠤᠳᠠᠯ ᠢ᠋ ᠥᠪᠡᠷ ᠡᠴᠡ ᠪᠡᠨ ᠢᠯᠡᠭᠦᠬᠡᠨ ᠡᠷᠢᠵᠦ ᠂ ᠲᠡᠦᠬᠡ ᠪᠡᠨ ᠮᠡᠳᠡᠵᠦ ᠲᠡᠩᠬᠡᠷᠡᠵᠦ ᠰᠡᠬᠡᠭᠡᠷᠡᠬᠦ ᠶ᠋ᠢ ᠴᠢᠨᠢ ᠬᠦᠰᠡᠶ᠎ᠡ᠃

             ᠲᠠᠩᠰᠤᠭ ᠪᠠᠶᠠᠨ 《ᠮᠣᠩᠭᠣᠯ ᠤᠯᠠᠮᠵᠢᠯᠠᠯᠲᠤ ᠠᠮᠢᠳᠤᠷᠠᠯ ᠤ᠋ᠨ ᠲᠣᠯᠢ 》 ᠳ᠋ᠠᠬᠢ 
             ᠭᠡᠷ ᠦ᠋ᠨ ᠲᠤᠬᠠᠢ ᠲᠣᠳᠣᠯᠠᠵᠤ ᠲᠣᠭᠠᠴᠢᠬᠤ ᠴᠢᠬᠤᠯᠠᠲᠠᠢ ᠳᠥᠷᠪᠡ ᠃  
       ᠮᠣᠩᠭᠣᠯ ᠭᠡᠷ ( ᠲᠣᠪᠴᠢᠯᠠᠭᠠᠳ ᠭᠡᠷ ᠭᠡᠨ᠎ᠡ ) ᠪᠣᠯ ᠮᠣᠩᠭᠣᠯ ᠦᠨᠳᠦᠰᠦᠲᠡᠨ ᠦ᠌ ᠣᠷᠣᠨ ᠰᠠᠭᠤᠴᠠ ᠶ᠋ᠢᠨ ᠳᠣᠲᠣᠷᠠᠬᠢ ᠲᠥᠯᠥᠭᠡᠯᠡᠬᠦ ᠴᠢᠨᠠᠷᠲᠠᠢ ᠪᠥᠭᠡᠳ ᠦᠨᠳᠦᠰᠦᠲᠡᠨ ᠦ᠌ ᠣᠨᠴᠠᠯᠢᠭ ᠢ᠋ᠶ᠋ᠠᠷ ᠳᠣᠪᠣᠢᠮ᠎ᠠ ᠡᠷᠲᠡᠨ ᠡᠴᠡ ᠤᠯᠠᠮᠵᠢᠯᠠᠵᠤ ᠢᠷᠡᠭᠰᠡᠨ ᠣᠷᠣᠨ ᠰᠠᠭᠤᠴᠠ ᠶ᠋ᠢᠨ ᠭᠣᠣᠯ ᠨᠢ ᠶᠦ᠍ᠮ᠃ 
      ᠠᠯᠢᠪᠠ ᠵᠦᠢᠯ ᠬᠥᠮᠦᠨ ᠦ᠌ ᠪᠡᠶᠡᠴᠢ ᠦᠵᠡᠯ ᠂ ᠬᠦᠰᠡᠯ ᠢ᠋ᠶ᠋ᠡᠷ ᠰᠢᠢᠳᠪᠦᠷᠢᠯᠡᠭᠳᠡᠳᠡᠭ ᠶᠦ᠍ᠮ ᠪᠢᠰᠢ ᠂ ᠬᠠᠷᠢᠨ ᠲᠡᠭᠦᠨ ᠦ᠌ ᠣᠷᠴᠢᠨ ᠠᠬᠤᠢ ᠶ᠋ᠢᠨ ᠨᠥᠬᠥᠴᠡᠯ ᠱᠠᠭᠠᠷᠳᠠᠯᠭ᠎ᠠ ᠬᠢᠭᠡᠳ ᠨᠡᠢᠭᠡᠮ ᠦ᠋ᠨ ᠦᠢᠯᠡᠳᠪᠦᠷᠢᠯᠡᠬᠦ ᠬᠦᠴᠦᠨ ᠦ᠌ ᠬᠥᠭᠵᠢᠯᠲᠡ ᠪᠡᠷ ᠰᠠᠶᠢ ᠰᠢᠢᠳᠪᠦᠷᠢᠯᠡᠭᠳᠡᠳᠡᠭ ᠶᠦ᠍ᠮ ᠃ ᠲᠡᠢᠨ ᠬᠦ᠌ ᠬᠥᠮᠦᠰ ᠂ ᠣᠷᠴᠢᠨ ᠠᠬᠤᠢ ᠶ᠋ᠢᠨ ᠱᠠᠭᠠᠷᠳᠠᠯᠭ᠎ᠠ ᠨᠥᠬᠥᠴᠡᠯ ᠲᠡᠢ ᠨᠢᠭᠡᠳᠴᠦ ᠴᠢᠳᠠᠪᠠᠯ ᠲᠠᠪᠰᠢᠵᠤ ᠂ ᠡᠰᠡ ᠲᠡᠢᠮᠦ ᠨᠢ ᠮᠥᠬᠥᠳᠡᠭ ᠦ᠋ᠨ ᠤᠴᠢᠷ ᠡᠢᠮᠦ ᠃ ᠮᠣᠩᠭᠣᠯ ᠭᠡᠷ ᠪᠣᠯ ᠡᠢᠮᠦᠷᠬᠦᠦ ᠶᠠᠪᠤᠴᠠ ᠶ᠋ᠢ ᠳᠠᠮᠵᠢᠨ ᠂ 6 ᠣᠨᠢ ᠪᠦᠬᠦᠢ ᠥᠪᠥᠩ ᠭᠡᠷ ᠡᠴᠡ ᠴᠡᠭᠡᠵᠢᠨ ᠭᠡᠷ ᠂ ᠮᠣᠩᠭᠣᠯ ᠭᠡᠷ ᠭᠡᠬᠦ ᠮᠡᠲᠦ ᠪᠡᠷ ᠨᠠᠷᠢᠰᠤᠨ ᠬᠥᠭᠵᠢᠵᠦ ᠢᠷᠡᠭᠰᠡᠨ ᠲᠡᠦᠬᠡ ᠲᠡᠢ ᠶᠦᠮ ᠃ ᠭᠡᠬᠦ ᠳ᠋ᠡᠭᠡᠨ ᠪᠤᠰᠤᠳ ᠮᠠᠢᠬᠠᠨ ᠂  ᠴᠠᠴᠠᠷ ᠂ ᠲᠠᠭᠲᠤ ᠂ ᠬᠠᠷᠰᠢ ᠂ ᠪᠠᠢᠰᠢᠩ ᠂ ᠠᠰᠠᠷ ᠮᠡᠲᠦ ᠶ᠋ᠢᠨ ᠣᠯᠠᠨ ᠣᠷᠣᠨ ᠰᠠᠭᠤᠴᠠ ᠠ᠋ᠴᠠ ᠪᠦᠷ ᠴᠣᠯᠭᠣᠷᠠᠭᠰᠠᠨ ᠥᠪᠡᠷᠮᠢᠴᠡ ᠣᠨᠴᠠᠯᠢᠭ ᠲᠠᠢ ᠶᠤᠮ᠃ 
       ① ᠬᠢᠬᠦ ᠳ᠋ᠦ᠍ ᠬᠢᠯᠪᠠᠷ ᠳᠥᠭᠥᠮ ᠃ ᠤᠭ ᠮᠠᠲ᠋ᠸᠷᠢᠶᠠᠯ ᠨᠢ ᠣᠷᠣᠨ ᠨᠤᠲᠤᠭ ᠡᠴᠡ ᠪᠡᠨ ᠭᠠᠷᠴᠢᠬᠠᠳᠠᠭ ᠃ ᠭᠡᠷ ᠦ᠋ᠨ ᠪᠥᠷᠢᠶᠡᠰᠦᠨ ᠦ᠌ ᠢᠰᠡᠭᠡᠢ ᠶ᠋ᠢ ᠪᠦᠷ ᠬᠣᠨᠢᠨ ᠤᠩᠭᠠᠰᠤ ᠪᠠᠷ ᠬᠢᠳᠡᠭ ᠃ ᠪᠦᠰᠡᠯᠡᠭᠦᠷ ᠰᠠᠭᠠᠯᠳᠤᠷᠭ᠎ᠠ ᠶ᠋ᠢ ᠪᠦᠷ ᠠᠳᠤᠭᠤᠨ ᠤ᠋ ᠳᠡᠯ ᠪᠤᠶᠤ ᠲᠡᠮᠡᠭᠡᠨ ᠦ᠌ ᠵᠣᠭᠳᠣᠷ ᠢ᠋ᠶ᠋ᠠᠷ ᠬᠢᠴᠢᠬᠡᠳᠡᠭ ᠃ ᠦᠳᠡᠭᠡᠷᠢ ᠶ᠋ᠢ ᠮᠥᠨ ᠠᠳᠤᠭᠤ ᠲᠡᠮᠡᠭᠡᠨ ᠦ᠌ ᠰᠢᠷ᠎ᠠ ᠰᠢᠭᠦᠰᠦ ᠶ᠋ᠢ ᠨᠢ ᠠᠪᠤᠭᠰᠠᠨ ᠲᠦᠭᠦᠬᠡᠢ ᠰᠢᠷᠢ ᠪᠡᠷ ᠬᠢᠴᠢᠬᠡᠳᠡᠭ᠃ ᠮᠣᠳᠣ ᠨᠢ ᠮᠥᠨ ᠨᠤᠲᠤᠭ ᠤᠰᠤᠨ ᠳ᠋ᠤᠨᠢ ᠭᠠᠷᠳᠠᠭ᠃ 
       ② ᠡᠪᠳᠡᠷᠡᠪᠡᠯ ᠵᠠᠰᠠᠵᠤ ᠰᠡᠯᠪᠢᠬᠦ ᠳ᠋ᠦ᠍ ᠬᠢᠯᠪᠠᠷ ᠃ ᠰᠡᠯᠪᠢᠭ ᠮᠠᠲ᠋ᠸᠷᠢᠶᠠᠯ ᠪᠦᠷ ᠥᠪᠡᠷ ᠦ᠋ᠨ ᠬᠢ᠃ 
       ③ ᠪᠠᠷ᠎ᠠ ᠪᠠᠭᠠᠲᠠᠢ ᠴᠤ᠌ ᠪᠠᠭᠲᠠᠭᠠᠮᠵᠢ ᠶᠡᠬᠡᠲᠡᠢ ᠪᠠᠢᠳᠠᠭ᠃ 
       ④ ᠰᠠᠭᠤᠬᠤ ᠳ᠋ᠤ᠌ ᠲᠣᠬᠢᠯᠢᠭ ᠰᠠᠢᠬᠠᠨ᠃ 
       ⑤ ᠠᠴᠢᠵᠤ ᠵᠥᠭᠡᠭᠡᠬᠦ ᠳ᠋ᠦ᠍ ᠠᠪᠰᠠᠷᠬᠠᠨ᠃ 
       ⑥ ᠠᠭᠰᠢᠵᠤ ᠰᠣᠩᠬᠤ ᠴᠢᠨᠠᠷᠲᠠᠢ ᠪᠣᠯᠬᠣᠷ ᠶᠡᠬᠡᠰᠬᠡᠵᠦ ᠪᠠᠭᠠᠰᠬᠠᠵᠤ ᠪᠦᠷ ᠪᠣᠯᠤᠨ᠎ᠠ᠃ 
       ⑦ ᠬᠠᠯᠠᠭᠤᠨ ᠳ᠋ᠤ᠌ ᠬᠠᠯᠠᠳᠠᠭ ᠦᠭᠡᠢ ᠂ ᠬᠦᠢᠲᠡᠨ ᠳ᠋ᠦ᠍ ᠲᠠᠭᠠᠷᠠᠭᠤᠯᠳᠠᠭ ᠦᠭᠡᠢ ᠳᠤᠯᠠᠭᠠᠨ ᠃ ᠵᠤᠨ ᠬᠠᠯᠠᠭᠤᠴᠠᠪᠠᠯ ᠵᠠᠢᠴᠠ ᠪᠠᠨ ᠨᠡᠭᠡᠭᠡᠭᠡᠳ ᠰᠠᠯᠬᠢ ᠣᠷᠣᠭᠤᠯᠵᠤ ᠰᠡᠷᠢᠭᠦᠴᠡᠵᠦ ᠪᠣᠯᠳᠠᠭ ᠪᠥᠭᠡᠳ ᠡᠪᠦᠯ ᠤᠯᠠ ᠪᠠᠨ ᠳᠠᠷᠤᠵᠤ ᠂ ᠳᠣᠲᠣᠷ ᠬᠥᠰᠢᠭᠡ ᠲᠠᠲᠠᠭᠠᠳ ᠳᠤᠯᠠᠭᠠᠯᠠᠳᠠᠭ ᠠ᠋ᠴᠠ ᠭᠠᠳᠠᠨ᠎ᠠ ᠂ ᠭᠠᠵᠠᠷ ᠬᠠᠨᠵᠤ ᠬᠢᠭᠡᠳ ᠰᠦᠷᠲᠡᠢ ᠳᠤᠯᠠᠭᠠᠨ ᠪᠣᠯᠭᠠᠳᠠᠭ᠃ 
       ⑧ ᠮᠠᠯᠴᠢᠳ ᠤ᠋ᠨ ᠵᠢᠯ ᠦ᠋ᠨ ᠳᠥᠷᠪᠡᠨ ᠤᠯᠠᠷᠢᠯ ᠢ᠋ ᠳᠠᠭᠠᠵᠤ ᠤᠰᠤᠨ ᠤ᠋ ᠲᠤᠩᠭᠠᠯᠠᠭ ᠡᠪᠡᠰᠦᠨ ᠦ᠌ ᠰᠤᠷ ᠢ᠋ ᠬᠥᠭᠡᠭᠡᠵᠦ ᠨᠡᠭᠦᠵᠦ ᠰᠠᠭᠤᠬᠤ ᠳ᠋ᠤ᠌ ᠮᠠᠰᠢ ᠲᠣᠬᠢᠷᠠᠮᠵᠢᠲᠠᠢ ᠠ᠋ᠴᠠ ᠮᠠᠯ ᠠᠵᠤ ᠠᠬᠤᠢ ᠶ᠋ᠢᠨ ᠦᠢᠯᠡᠳᠪᠦᠷᠢᠯᠡᠯ ᠦ᠋ᠨ ᠱᠠᠭᠠᠷᠳᠠᠯᠭ᠎ᠠ ᠳ᠋ᠤ᠌ ᠲᠤᠩ ᠲᠣᠬᠢᠷᠠᠵᠠᠢ᠃ 
       ⑨ ᠭᠠᠵᠠᠷ ᠬᠥᠳᠡᠯᠦᠯᠲᠡ ᠳ᠋ᠦ᠍ ᠭᠠᠮᠰᠢᠭ ᠭᠡᠵᠦ ᠶᠡᠷᠦ ᠦᠭᠡᠢ᠃ 
       ⑩ ᠳᠣᠯᠣᠭᠠᠨ ᠰᠥᠨᠢ ᠳᠣᠯᠣᠭᠠᠨ ᠡᠳᠦᠷ ᠦ᠋ᠨ ᠪᠣᠷᠣᠭᠠᠨ ᠳ᠋ᠤ᠌ ᠴᠤ᠌ ᠭᠣᠭᠣᠵᠢᠳᠠᠭ ᠦᠭᠡᠢ᠂ ᠨᠡᠩ ᠴᠦ᠍ ᠨᠤᠷᠠᠵᠤ ᠬᠥᠮᠦᠨ ᠳᠠᠷᠤᠵᠤ ᠭᠡᠮᠲᠦᠭᠡᠬᠦ ᠠᠶᠤᠯ ᠦᠭᠡᠢ᠃ 
       ⑪ ᠮᠣᠩᠭᠣᠯ ᠭᠡᠷ ᠨᠢ ᠲᠥᠭᠥᠷᠢᠭ ᠪᠥᠮᠪᠥᠭᠡᠷ ᠬᠡᠯᠪᠡᠷᠢᠲᠡᠢ ᠪᠣᠯᠬᠣᠷ ᠰᠠᠯᠬᠢ ᠶ᠋ᠢ ᠰᠥᠷᠬᠦ ᠬᠦᠴᠦ ᠪᠠᠭ᠎ᠠ᠂ ᠶᠡᠷᠦ ᠨᠢ 7᠂ 8 ᠳᠡᠰ ᠦ᠋ᠨ ᠰᠠᠯᠬᠢᠨ ᠳ᠋ᠤ᠌ ᠠᠵᠢᠭ ᠦᠭᠡᠢ ᠪᠠᠢᠳᠠᠭ᠃ ᠲᠡᠷᠡᠴᠢᠯᠡᠨ ᠠᠷᠪᠠᠭᠠᠳ ᠳᠡᠰ ᠦ᠋ᠨ ᠰᠠᠯᠬᠢ ᠭᠠᠷᠤᠯ᠎ᠠ ᠴᠤ᠌ ᠭᠡᠰᠡᠨ ᠠᠷᠭᠠᠮᠵᠢᠶ᠎ᠠ ᠴᠢᠭᠲᠠᠭ᠎ᠠ ᠪᠠᠨ ᠲᠠᠲᠠᠴᠢᠬᠠᠪᠠᠯ ᠬᠡᠢᠰᠬᠡᠨ᠎ᠡ ᠭᠡᠵᠦ ᠭᠣᠷᠢ ᠪᠠᠨ ᠲᠡᠳᠡ᠃    
            
             ᠲᠠᠩᠰᠤᠭ ᠪᠠᠶᠠᠨ  《ᠮᠣᠩᠭᠣᠯ ᠤᠯᠠᠮᠵᠢᠯᠠᠯᠲᠤ ᠠᠮᠢᠳᠤᠷᠠᠯ ᠤ᠋ᠨ ᠲᠣᠯᠢ 》 ᠳ᠋ᠠᠬᠢ 
             ᠶᠠᠰᠤᠨ ᠤ᠋ ᠨᠠᠢᠷᠠᠳᠤᠯ ᠤ᠋ᠨ ᠲᠤᠬᠠᠢ ᠶᠠᠷᠢᠬᠤ ᠲᠣᠳᠣᠯᠠᠬᠤ ᠴᠢᠬᠤᠯᠠᠲᠠᠢ ᠲᠠᠪᠤ ᠃  
       ᠮᠣᠩᠭᠣᠯᠴᠤᠳ ᠡᠷᠲᠡ ᠢᠵᠠᠭᠤᠷ ᠠ᠋ᠴᠠ ᠪᠠᠨ ᠮᠠᠯ ᠮᠠᠯᠯᠠᠵᠤ ᠢᠷᠡᠭᠰᠡᠨ ᠪᠣᠯᠬᠣᠷ ᠮᠢᠬ᠎ᠠ ᠢᠳᠡᠵᠦ ᠶᠠᠰᠤ ᠮᠥᠯᠵᠢᠵᠦ ᠢᠷᠡᠭᠰᠡᠨ ᠣᠨ ᠤᠳᠠᠭᠠᠨ ᠵᠢᠯ ᠦ᠋ᠨ ᠲᠡᠦᠬᠡ ᠲᠡᠢ ᠪᠢᠯᠡ ᠃ ᠭᠡᠬᠦ ᠳ᠋ᠡᠭᠡᠨ ᠲᠡᠳᠡ ᠠᠯᠠᠭᠰᠠᠨ ᠮᠠᠯ ᠤ᠋ᠨ ᠢ᠋ᠶ᠋ᠠᠨ ᠦᠶ᠎ᠡ ᠨᠢᠭᠡ ᠪᠦᠷᠢ ᠳ᠋ᠦ᠍ ᠬᠢᠲᠤᠭ᠎ᠠ ᠣᠷᠣᠭᠤᠯᠵᠤ ᠡᠪᠳᠡᠵᠦ ᠰᠠᠯᠭᠠᠬᠤ ᠳ᠋ᠠᠭᠠᠨ ᠴᠢᠳᠠᠮᠠᠭᠠᠢ  ᠪᠥᠭᠡᠳ ᠲᠡᠭᠦᠨᠴᠢᠯᠡᠨ ᠶᠠᠰᠤ ᠨᠢᠭᠡ ᠪᠦᠷᠢ ᠳ᠋ᠦ᠍ ᠨᠡᠷ᠎ᠡ ᠥᠭᠴᠦ ᠂ ᠲᠡᠷᠡ ᠶᠠᠰᠤᠨ ᠤ᠋ ᠬᠢᠨᠢ ᠲᠡᠷᠡ ᠦᠶ᠎ᠡ ᠪᠡᠷ ᠨᠢ ᠲᠡᠭᠡᠵᠦ ᠰᠠᠯᠭ᠎ᠠ ᠭᠡᠵᠦ ᠦᠷ᠎ᠡ ᠠᠴᠢ ᠨᠠᠷ ᠲᠠᠭᠠᠨ ᠴᠡᠭᠡᠵᠢ ᠪᠡᠷ ᠵᠢᠭᠠᠨ ᠰᠤᠷᠭᠠᠳᠠᠭ ᠠᠬᠠᠮᠠᠳ ᠵᠠᠬ᠎ᠠ ᠡᠴᠡ ᠪᠡᠨ ᠣᠯᠠᠨ ᠪᠠᠢᠵᠤ ᠢᠷᠡᠵᠡᠢ᠃ 
       ᠬᠠᠷᠠᠮᠰᠠᠯᠲᠠᠢ ᠨᠢ ᠬᠣᠢᠴᠢ ᠨᠢ ᠪᠣᠯᠤᠭᠰᠠᠨ ᠪᠢᠳᠡ ᠂ ᠬᠣᠢᠷᠭᠣ ᠬᠠᠢᠩᠭᠤ ᠰᠠᠯᠠᠩ ᠵᠠᠳᠠᠭᠠᠢ ᠥᠰᠴᠦ ᠂ ᠶᠠᠭᠤᠮᠠᠨ ᠳ᠋ᠤ᠌ ᠬᠢᠨᠠᠭᠤᠷ ᠭᠢᠷᠠᠬᠠᠢ ᠶᠡᠬᠡ ᠪᠡᠷ ᠳᠤᠲᠠᠵᠤ ᠢᠷᠡᠭᠰᠡᠨ ᠡᠴᠡ ᠣᠳᠣ ᠪᠠᠷᠤᠭ ᠬᠠᠭᠠᠰ ᠰᠢᠬᠠᠮ ᠶᠠᠰᠤᠨ ᠤ᠋ ᠨᠡᠷᠡᠰ ᠢ᠋ ᠮᠠᠷᠲᠠᠨ ᠣᠷᠬᠢᠵᠠᠢ᠃ ᠢᠯᠠᠩᠭᠤᠶ᠎ᠠ ᠲᠥᠷᠥᠯ ᠪᠦᠷᠢ ᠶ᠋ᠢᠨ ᠮᠠᠯ ᠤ᠋ᠨ ᠶᠠᠰᠤ ᠲᠣᠭ᠎ᠠ  ᠬᠣᠭᠣᠷᠣᠨᠳᠣ ᠪᠠᠨ ᠠᠳᠠᠯᠢ ᠦᠭᠡᠢ ᠶ᠋ᠢᠨ ᠤᠯᠠᠮ ᠢ᠋ᠶ᠋ᠠᠷ ᠲᠡᠳᠡᠭᠡᠷ ᠦ᠋ᠨ ᠨᠡᠷᠡᠯᠡᠭᠡ  ᠴᠦ᠍ ᠪᠠᠰᠠ ᠠᠳᠠᠯᠢ ᠦᠭᠡᠢ ᠪᠠᠢᠳᠠᠭ᠃ ᠶᠠᠭ ᠡᠢᠮᠦ ᠡᠴᠡ ᠨᠢᠭᠡ ᠲᠥᠷᠥᠯ ᠦ᠋ᠨ ᠮᠠᠯ ᠤ᠋ᠨ ᠶᠠᠰᠤ ᠪᠠᠷ ᠪᠦᠬᠦ ᠲᠥᠷᠥᠯ ᠦ᠋ᠨ ᠮᠠᠯ ᠤ᠋ᠨ ᠶᠠᠰᠤ ᠶ᠋ᠢ ᠲᠥᠯᠥᠭᠡᠯᠡᠬᠦ ᠭᠡᠵᠦ ᠳᠥᠭᠥᠮ ᠪᠣᠳᠣᠵᠤ ᠨᠡᠩ ᠪᠣᠯᠬᠤ ᠦᠭᠡᠢ ᠃ ᠵᠢᠱ᠌ᠢᠶᠡᠯᠡᠪᠡᠯ ᠄  ᠪᠤᠭ ᠮᠠᠯ ( ᠬᠣᠨᠢ ᠢᠮᠠᠭ᠎ᠠ ) ᠶ᠋ᠢᠨ ᠬᠠᠪᠢᠷᠭ᠎ᠠ ᠶᠡᠷᠦᠩᠬᠡᠢ ᠳ᠋ᠡᠭᠡᠨ 24 ᠪᠠᠢᠵᠤ ᠂ ᠵᠠᠷᠢᠮ ᠢᠯᠡᠭᠦᠦ ᠰᠦᠪᠡᠷᠭᠡᠳᠡᠰᠤᠲᠡᠢ ᠮᠠᠯ ᠭᠠᠷᠴᠤ 26 ᠲᠣᠭᠠᠯᠠᠭᠤᠯᠳᠠᠭ ᠃ ᠲᠡᠭᠡᠬᠦ ᠳ᠋ᠦ᠍ ᠲᠡᠮᠡᠭᠡ 24 ᠬᠠᠪᠢᠷᠭ᠎ᠠ ᠲᠠᠢ ᠂ ᠦᠬᠡᠷ 26 ᠬᠠᠪᠢᠷᠭ᠎ᠠ ᠲᠠᠢ ᠂  ᠭᠡᠲᠡᠯ᠎ᠡ ᠠᠳᠤᠭᠤ ᠬᠠᠷᠢᠨ 36 ᠬᠠᠪᠢᠷᠭ᠎ᠠ ᠲᠠᠢ ᠪᠠᠢᠳᠠᠭ ᠃ ᠡᠭᠦᠨ ᠡᠴᠡ ᠪᠣᠯᠵᠤ ᠲᠡᠳᠡᠭᠡᠷ ᠦ᠋ᠨ ᠰᠡᠭᠡᠷ ᠨᠢᠷᠤᠭᠤ ᠶ᠋ᠢᠨ ᠲᠣᠭ᠎ᠠ ᠴᠤ᠌ ᠠᠳᠠᠯᠢ ᠦᠭᠡᠢ ᠶᠠᠰᠤᠨ ᠤ᠋ ᠨᠡᠷᠡᠢᠳᠦᠯ ᠨᠢ ᠴᠦ᠍ ᠠᠳᠠᠯᠢ ᠦᠭᠡᠢ ᠪᠣᠯᠬᠤ ᠨᠢ ᠳᠠᠮᠵᠢᠭ ᠦᠭᠡᠢ ᠃ ᠬᠡᠳᠦᠢ ᠪᠡᠷ ᠡᠢᠮᠦ ᠪᠣᠯᠪᠠᠴᠤ ᠵᠠᠷᠢᠮ ᠨᠢ ᠬᠣᠭᠣᠷᠣᠨᠳᠣ ᠪᠠᠨ ᠠᠳᠠᠯᠢᠪᠲᠤᠷ ᠪᠠᠢᠳᠠᠭ ᠃ ᠲᠤᠬᠠᠢᠯᠠᠪᠠᠯ : ᠦᠬᠡᠷ ᠬᠣᠨᠢᠨ ᠤ᠋ ᠶᠠᠰᠤ ᠪᠠᠷ ᠭᠣᠣᠯᠯᠠᠨ ᠂ ᠥᠪᠡᠷ ᠦ᠋ᠨ ᠣᠯᠵᠤ ᠮᠡᠳᠡᠭᠰᠡᠨ ᠦ᠌ ᠪᠡᠨ ᠬᠢᠷᠢ ᠪᠡᠷ ᠶᠠᠰᠤᠨ ᠤ᠋ ᠨᠡᠷ᠎ᠡ ᠶ᠋ᠢ ᠲᠡᠮᠳᠡᠭᠯᠡᠵᠦ ᠬᠣᠢᠴᠢ ᠶ᠋ᠢᠨ ᠳᠡᠭᠦᠦ ᠨᠠᠷ ᠲᠠᠭᠠᠨ ᠶᠡᠷᠦᠩᠬᠡᠢ ᠮᠡᠳᠡᠯᠭᠡ ᠪᠣᠯᠭᠠᠬᠤ ᠶ᠋ᠢ ᠵᠣᠷᠢᠪᠠ ᠃ ᠭᠡᠲᠡᠯ᠎ᠡ ᠮᠢᠨᠦ ᠬᠢᠷᠢ ᠭᠡᠮ ᠮᠡᠬᠦᠰ ᠪᠥᠭᠡᠳ ᠢᠪᠴᠤᠤ ᠂ ᠮᠣᠩᠭᠣᠯ ᠨᠤᠲᠤᠭ ᠥᠷᠭᠡᠨ ᠪᠥᠭᠡᠳ ᠲᠡᠨᠢᠭᠡᠷ ᠃ ᠭᠠᠵᠠᠷ ᠭᠠᠵᠠᠷ ᠤ᠋ᠨ ᠬᠡᠯᠡᠯᠭᠡ ᠪᠠᠰᠠ ᠬᠣᠭᠣᠷᠣᠨᠳᠣ ᠪᠠᠨ ᠣᠭᠲᠣ ᠣᠨᠳᠣᠣ ᠣᠨᠳᠣᠣ ᠪᠠᠢᠳᠠᠭ ᠪᠣᠯᠬᠣᠷ ᠡᠭᠦᠨ ᠢ᠋ ᠪᠠᠰᠠ ᠲᠡᠢᠮᠦ ᠪᠦᠷᠢᠨ ᠲᠡᠭᠦᠯᠳᠡᠷ ᠭᠡᠵᠦ ᠪᠠᠲᠤᠯᠠᠬᠤᠶ᠎ᠠ ᠪᠡᠷᠬᠡ ᠃ ᠲᠡᠢᠨ ᠬᠦ᠌ ᠤᠩᠰᠢᠭᠴᠢᠳ ᠲᠠᠭᠠᠨ ᠬᠦᠰᠡᠬᠦ  ᠨᠢ : ᠶᠠᠰᠤᠨ ᠤ᠋ ᠲᠤᠬᠠᠢ ᠮᠡᠳᠡᠪᠡᠯ ᠂ ᠶᠠᠪᠤᠳᠠᠯ ᠪᠣᠯᠭᠠᠵᠤ ᠨᠠᠳᠠ ᠴᠢᠮᠡᠭᠡ ᠵᠠᠬᠢᠳᠠᠯ ᠢ᠋ᠶ᠋ᠠᠷ ᠰᠤᠷᠭᠠᠯ ᠬᠠᠢᠷᠠᠯᠠᠬᠤ ᠶᠤᠮ ᠤᠤ ᠂ ᠡᠰᠡᠬᠦᠯ᠎ᠡ ᠰᠣᠨᠢᠨ ᠰᠡᠳᠬᠦᠯ ᠳ᠋ᠦ᠍ ᠥᠭᠦᠯᠡᠯ ᠪᠢᠴᠢᠨ ᠨᠥᠬᠥᠨ ᠪᠦᠷᠢᠳᠦᠭᠦᠯᠬᠦ ᠶ᠋ᠢ ᠴᠢᠩ ᠰᠡᠳᠬᠢᠯ ᠦ᠋ᠨ ᠡᠴᠢᠨ᠎ᠡ ᠡᠴᠡ ᠪᠡᠨ ᠬᠦᠰᠡᠵᠦ ᠪᠠᠢᠭ᠎ᠠ ᠶ᠋ᠢ ᠡᠨᠳᠡ ᠲᠡᠮᠳᠡᠭᠯᠡᠶ᠎ᠡ᠃ 
       ᠲᠡᠷᠡᠴᠢᠯᠡᠨ ᠶᠠᠰᠤ ᠴᠤ᠌ ᠲᠡᠷᠡ ᠂ ᠪᠤᠰᠤᠳ ᠴᠤ᠌ ᠲᠡᠷᠡ ᠃ ᠪᠢᠳᠡ ᠶᠡᠷᠦ ᠨᠢ ᠥᠪᠡᠷ ᠦ᠋ᠨ ᠡᠳ᠋ᠯᠡᠵᠦ ᠬᠡᠷᠡᠭᠯᠡᠵᠦ ᠪᠠᠢᠭ᠎ᠠ ᠶᠠᠭᠤᠮᠠᠰ ᠲᠠᠭᠠᠨ ᠡᠷᠬᠡᠪᠰᠢ ᠥᠪᠡᠷ ᠦ᠋ᠨ ᠭᠡᠬᠦ ᠨᠡᠷᠡᠲᠡᠢ ᠵᠢᠰᠦᠲᠡᠢ ᠶᠠᠪᠤᠶ᠎ᠠ ᠃ ᠤᠰᠤᠨ ᠤ᠋ ᠡᠬᠢ ᠨᠢ ᠪᠤᠷᠵᠠᠩ ᠦᠭᠡᠢ ᠪᠣᠯ ᠠᠳᠠᠭ ᠨᠢ ᠨᠡᠩ ᠪᠤᠷᠵᠠᠩ ᠦᠭᠡᠢ ᠭᠡᠭᠴᠢ ᠪᠡᠷ ᠪᠢᠳᠡ ᠬᠣᠢᠴᠢ ᠦᠶ᠎ᠡ ᠳ᠋ᠡᠭᠡᠨ ᠪᠣᠬᠢᠷ ᠪᠤᠷᠵᠠᠩ ᠦᠯᠡᠳᠡᠭᠡᠬᠦ ᠦᠭᠡᠢ ᠮᠥᠷᠲᠡᠭᠡᠨ ᠬᠢᠭᠰᠡᠨ ᠪᠦᠲᠦᠭᠡᠭᠰᠡᠨ ᠶᠠᠭᠤᠮ᠎ᠠ ᠲᠠᠢ ᠶᠠᠪᠤᠯ᠎ᠠ ᠭᠡᠰᠡᠨ ᠳᠤᠷᠠᠳᠬᠠᠯ ᠲᠠᠢ ᠪᠤᠯᠵᠠᠭᠠᠶ᠎ᠠ᠃ 


             ᠲᠡᠩᠰᠤᠭ ᠪᠠᠶᠠᠨ 《ᠮᠣᠩᠭᠣᠯ ᠤᠯᠠᠮᠵᠢᠯᠠᠯᠲᠤ ᠠᠮᠢᠳᠤᠷᠠᠯ ᠤ᠋ᠨ ᠲᠣᠯᠢ 》 ᠳ᠋ᠠᠬᠢ 
             ᠲᠠᠪᠤᠨ ᠬᠣᠰᠢᠭᠤ ᠮᠠᠯ ᠤ᠋ᠨ ᠨᠡᠷᠡᠢᠳᠦᠯ ᠳ᠋ᠦ᠍ ᠲᠠᠰᠤ ᠠᠳᠠᠯᠢ ᠦᠭᠡᠢ ᠦᠵᠡᠯᠲᠡ ᠲᠡᠢ 
             ᠵᠦᠢᠯ ᠡᠴᠡ ᠬᠣᠶᠠᠷ ᠢ᠋ ᠰᠣᠩᠭᠣᠵᠤ ᠲᠣᠳᠣᠯᠠᠵᠤ ᠲᠣᠭᠠᠴᠢᠬᠤ ᠴᠢᠬᠤᠯᠠᠲᠠᠢ ᠵᠢᠷᠭᠤᠭ᠎ᠠ ᠃   
    
                 ᠬᠠᠪᠴᠢᠭ ᠰᠣᠶᠣᠭᠠᠯᠠᠩ ᠤ᠋ᠨ ᠲᠤᠬᠠᠢ 

       ᠨᠥᠬᠥᠷ ××× ᠮᠠᠯ ᠠᠵᠤ ᠠᠬᠤᠢ ᠶ᠋ᠢᠨ ᠮᠡᠷᠭᠡᠵᠢᠯᠲᠡᠨ ᠂ 1982 ᠣᠨ ᠳ᠋ᠤ᠌ ᠥᠪᠥᠷ ᠮᠣᠩᠭᠣᠯ ᠤ᠋ᠨ  《ᠮᠣᠩᠭᠣᠯ ᠬᠡᠯᠡ ᠪᠢᠴᠢᠭ 》ᠰᠡᠳᠬᠦᠯ ᠦ᠋ᠨ ᠬᠣᠶᠠᠳᠤᠭᠠᠷ ᠲᠤ᠌   《ᠲᠠᠪᠤᠨ ᠬᠣᠰᠢᠭᠤ ᠮᠠᠯ ᠤ᠋ᠨ ᠨᠠᠰᠤ ᠰᠢᠳᠦ ᠪᠠ ᠥᠩᠭᠡ ᠵᠢᠰᠦᠮ ᠢ᠋ ᠨᠡᠷᠡᠯᠡᠬᠦ ᠦᠭᠡ ᠶ᠋ᠢᠨ ᠲᠤᠬᠠᠢ 》ᠭᠡᠳᠡᠭ ᠥᠭᠦᠯᠡᠯ ᠳ᠋ᠡᠭᠡᠨ : 《ᠬᠠᠪᠴᠢᠭ ᠰᠣᠶᠣᠭᠠᠯᠠᠩ 4 – 5 ᠨᠠᠰᠤᠨ ᠤ᠋ ᠬᠣᠭᠣᠷᠣᠨᠳᠣᠬᠢ ᠶ᠋ᠢ ᠵᠢᠭᠠᠨ᠎ᠠ 》ᠭᠡᠵᠦ ᠲᠠᠢᠯᠪᠤᠷᠢᠯᠠᠵᠠᠢ ᠃ 4 ᠨᠠᠰᠤᠨ ᠳ᠋ᠤ᠌ ᠰᠣᠶᠣᠭ᠎ᠠ ᠭᠠᠷᠳᠠᠭ ᠦᠭᠡᠢ ᠂ 5 ᠨᠠᠰᠤᠨ ᠳ᠋ᠤ᠌ ᠬᠡᠳᠦᠢ ᠪᠡᠷ ᠰᠣᠶᠣᠭ᠎ᠠ ᠭᠠᠷᠳᠠᠭ ᠪᠣᠯᠪᠠᠴᠤ  《ᠬᠠᠪᠴᠢᠭ ᠰᠣᠶᠣᠭᠠᠯᠠᠩ 》 ᠤ᠋ᠨ ᠠᠭᠤᠯᠭ᠎ᠠ ᠨᠠᠰᠤᠨ ᠳ᠋ᠤ᠌ ᠨᠡᠢᠴᠡᠬᠦ ᠦᠭᠡᠢ ᠃ 《ᠬᠠᠪᠴᠢᠭ ᠰᠣᠶᠣᠭᠠᠯᠠᠩ 》 ᠮᠣᠷᠢ ᠶ᠋ᠢ ᠤᠷᠤᠯᠳᠤᠭᠠᠨ ᠳ᠋ᠤ᠌ ᠤᠶᠠᠳᠠᠭ ᠦᠭᠡᠢ  ( ᠥᠪᠥᠷ ᠲᠦ᠍ ᠨᠠᠰᠤ ᠶᠠᠰᠤ ᠪᠦᠷᠢᠨ ᠭᠦᠢᠴᠡᠭᠰᠡᠨ ᠮᠣᠷᠢ ᠶ᠋ᠢ ᠰᠠᠶᠢ ᠬᠣᠯᠠ ᠶ᠋ᠢᠨ ᠤᠷᠤᠯᠳᠤᠭᠠᠨ ᠳ᠋ᠤ᠌ ᠤᠶᠠᠨ᠎ᠠ ᠭᠡᠰᠡᠨ ᠵᠤᠷᠰᠢᠯ ᠲᠠᠢ ) ᠭᠡᠳᠡᠭ ᠦᠭᠡ ᠪᠣᠯ ᠮᠠᠨ ᠤ᠋ ᠥᠪᠥᠷ ᠲᠦ᠍ 6 ᠨᠠᠰᠤᠲᠠᠢ ᠮᠣᠷᠢᠨ ᠳ᠋ᠤ᠌ ᠯᠠ ᠰᠠᠶᠢ ᠬᠡᠯᠡᠯᠴᠡᠳᠡᠭ ᠳᠡ ᠃ ᠡᠢᠮᠦ ᠪᠡᠷ ᠡᠨᠡ ᠲᠠᠢᠯᠪᠤᠷᠢ ᠣᠨᠣᠴᠢ ᠮᠠᠭᠤᠲᠠᠢ ᠪᠣᠯᠵᠠᠢ᠃ 
       ᠨᠥᠬᠥᠷ ××× ᠂ 1986 ᠣᠨ ᠳ᠋ᠤ᠌ ᠥᠪᠥᠷ ᠮᠣᠩᠭᠣᠯ ᠤ᠋ᠨ 《ᠮᠣᠩᠭᠣᠯ ᠬᠡᠯᠡ ᠤᠳᠬ᠎ᠠ ᠵᠣᠬᠢᠶᠠᠯ 》ᠰᠡᠳᠬᠦᠯ ᠦ᠋ᠨ ᠳᠥᠷᠪᠡᠳᠦᠭᠡᠷ ᠲᠦ᠍  《ᠲᠠᠪᠤᠨ ᠬᠣᠰᠢᠭᠤ ᠮᠠᠯ ᠤ᠋ᠨ ᠨᠡᠷᠡᠢᠳᠦᠯ ᠦ᠋ᠨ ᠲᠤᠬᠠᠢ 》ᠭᠡᠳᠡᠭ ᠥᠭᠦᠯᠡᠯ ᠢ᠋ᠶ᠋ᠡᠨ ᠨᠡᠢᠲᠡᠯᠡᠭᠦᠯᠵᠦ : 《ᠬᠠᠪᠴᠢᠭ ᠰᠣᠶᠣᠭᠠᠯᠠᠩ  –  6 ᠨᠠᠰᠤᠨ ᠤ᠋ ᠡᠷ᠎ᠡ ᠠᠳᠤᠭᠤ 》 ᠭᠡᠵᠦ ᠵᠥᠪ ᠳᠡᠢᠯᠵᠡᠢ ᠃ ᠭᠡᠪᠡᠴᠦ ᠲᠡᠷᠡ  《ᠵᠠᠷᠢᠮ ᠠᠯᠳᠠᠭ᠎ᠠ ᠪᠤᠷᠤᠭᠤ ᠲᠠᠢ ᠨᠡᠷᠡᠢᠳᠦᠯ ᠦ᠋ᠨ ᠲᠤᠬᠠᠢ 》 ᠭᠡᠰᠡᠨ ᠬᠡᠰᠡᠭ ᠲᠡᠭᠡᠨ ᠄  《᠁ <  ᠬᠠᠪᠴᠢᠭ ᠰᠣᠶᠣᠭᠠᠯᠠᠩ > ᠭᠡᠰᠡᠨ ᠴᠣᠬᠣᠮ ᠶᠠᠮᠠᠷ ᠦᠭᠡ ᠪᠣᠢ ? < ᠬᠠᠪᠴᠢᠭ > < ᠰᠣᠶᠣᠭᠠᠯᠠᠩ > ᠭᠡᠰᠡᠨ ᠬᠣᠶᠠᠷ ᠦᠭᠡ ᠪᠡᠷ ᠪᠦᠲᠦᠵᠡᠢ ᠃ < ᠬᠠᠪᠴᠢᠭ > ᠭᠡᠳᠡᠭ ᠦᠭᠡ ᠪᠣᠯ ᠠᠳᠤᠭᠤ ᠂ ᠲᠡᠮᠡᠭᠡ ᠶ᠋ᠢ ᠠᠭᠲᠠᠯᠠᠵᠤ ᠵᠠᠰᠠᠬᠤ ᠳ᠋ᠤ᠌ ᠴᠢᠰᠤ ᠶᠡᠬᠡ ᠭᠠᠷᠬᠤ ᠠ᠋ᠴᠠ ᠰᠡᠷᠭᠡᠢᠯᠡᠬᠦ ᠨᠢᠭᠡᠨ ᠵᠦᠢᠯ ᠦ᠋ᠨ ᠮᠣᠳᠣ ᠪᠤᠶᠤ ᠲᠡᠮᠦᠷ ᠢ᠋ᠶ᠋ᠡᠷ ᠬᠢᠭᠰᠡᠨ ᠵᠡᠪᠰᠡᠭ ᠢ᠋< ᠡᠷᠢᠭ ᠬᠠᠪᠴᠢᠭ > ᠭᠡᠳᠡᠭ ᠃ < ᠰᠣᠶᠣᠭᠠᠯᠠᠩ > ᠭᠡᠳᠡᠭ ᠦᠭᠡ ᠪᠣᠯ ᠡᠷ᠎ᠡ ᠬᠦᠢᠰᠦᠨ ᠦ᠌ ᠠᠳᠤᠭᠤ ᠲᠡᠮᠡᠭᠡᠨ ᠳ᠋ᠦ᠍ ᠂ 5 ᠨᠠᠰᠤᠨ ᠠ᠋ᠴᠠ ᠬᠣᠢᠰᠢ ᠰᠠᠶᠢ < ᠰᠣᠶᠣᠭ᠎ᠠ ᠰᠢᠲᠦ > ᠨᠢ ᠤᠷᠭᠤᠵᠤ ᠭᠠᠷᠳᠠᠭ ᠂ ᠳᠠᠷᠤᠢ ᠰᠣᠶᠣᠭ᠎ᠠ ᠰᠤᠩᠭᠠᠭᠰᠠᠨ ᠦᠶ᠎ᠡ ᠂ ᠥᠭᠡᠷ᠎ᠡ ᠪᠡᠷ ᠬᠡᠯᠡᠪᠡᠯ ᠂ 6 ᠨᠠᠰᠤᠨ ᠤ᠋ ᠡᠷ᠎ᠡ ᠠᠳᠤᠭᠤ ᠶ᠋ᠢ < ᠬᠠᠪᠴᠢᠭ  ᠰᠣᠶᠣᠭᠠᠯᠠᠩ > ᠭᠡᠵᠦ ᠬᠡᠯᠡᠨ᠎ᠡ ᠃ 4 ᠨᠠᠰᠤᠨ ᠤ᠋ ᠠᠳᠤᠭᠤᠨ ᠳ᠋ᠤ᠌ ᠰᠣᠶᠣᠭ᠎ᠠ ᠭᠠᠷᠳᠠᠭ ᠦᠭᠡᠢ ᠤᠴᠢᠷ ᠠ᠋ᠴᠠ ᠰᠣᠶᠣᠭᠠᠯᠠᠩ ᠭᠡᠵᠦ ᠬᠡᠯᠡᠬᠦ ᠶᠣᠰᠣ ᠦᠭᠡᠢ 》ᠭᠡᠵᠦ ᠲᠠᠢᠯᠤᠭᠰᠠᠨ ᠳ᠋ᠠᠬᠢ 《ᠬᠠᠪᠴᠢᠭ 》ᠭᠡᠳᠡᠭ ᠦᠭᠡ ᠶ᠋ᠢ 《ᠡᠷᠢᠭ ᠬᠠᠪᠴᠢᠭ 》 ᠤ᠋ᠨ 《ᠬᠠᠪᠴᠢᠭ 》 ᠢ᠋ᠶ᠋ᠠᠷ ᠲᠠᠢᠯᠪᠤᠷᠢᠯᠠᠭᠰᠠᠨ ᠨᠢ ᠮᠥᠨ ᠬᠢᠵᠠᠭᠠᠯᠠᠩ ᠳᠡᠭᠡᠷ᠎ᠡ ᠬᠡᠯᠡᠭᠰᠡᠨ ᠠᠯᠳᠠᠭ᠎ᠠ ᠭᠠᠷᠭᠠᠵᠠᠢ᠃
       ᠮᠠᠨ ᠤ᠋ ᠮᠣᠩᠭᠣᠯᠴᠤᠳ ᠮᠠᠰᠢ ᠡᠷᠲᠡ ᠳᠡᠭᠡᠷ᠎ᠡ ᠦᠶ᠎ᠡ ᠡᠴᠡ ᠡᠬᠢᠯᠡᠨ ᠦᠷᠢᠶ᠎ᠡ ᠪᠡᠨ ᠶᠡᠷᠦ ᠨᠢ 4 ᠨᠠᠰᠤᠨ ᠳ᠋ᠤᠨᠢ ( ᠣᠨᠴᠠᠭᠠᠢ ᠪᠠᠢᠳᠠᠯ – ᠪᠥᠭᠡᠨᠰᠦᠭ ᠨᠢ ᠪᠠᠭᠤᠭᠠᠳᠤᠢ ᠪᠤᠶᠤ ᠠᠯᠳᠠᠵᠤ ᠬᠣᠴᠣᠷᠤᠭᠰᠠᠨ ᠵᠡᠷᠭᠡ ᠶ᠋ᠢ ᠭᠠᠷᠭᠠᠪᠠᠯ ) ᠬᠠᠭᠠᠷᠢᠳᠠᠭ ᠵᠤᠷᠰᠢᠯᠲᠠᠢ ᠪᠢᠯᠡ᠃ ᠭᠡᠬᠦ ᠳ᠋ᠡᠭᠡᠨ ᠪᠦᠷ  《ᠡᠷᠢᠭ ᠬᠠᠪᠴᠢᠭ 》 ᠢ᠋  ᠬᠡᠷᠡᠭᠯᠡᠵᠦ ᠬᠠᠭᠠᠷᠢᠵᠤ ᠴᠠᠭᠠᠯᠠᠳᠠᠭ ᠃ ᠡᠢᠨ ᠬᠦ᠌ ××× ᠭᠤᠸᠠᠢ ᠶ᠋ᠢᠨ ᠬᠡᠯᠡᠳᠡᠭ 《ᠡᠷᠢᠭ ᠬᠠᠪᠴᠢᠭ 》 ᠤ᠋ᠨ  《ᠬᠠᠪᠴᠢᠭ 》 ᠢ᠋ᠶ᠋ᠠᠷ ᠨᠡᠷᠡᠯᠡᠭᠰᠡᠨ ᠪᠣᠯ ᠶᠣᠰᠣ ᠨᠢ ᠡᠨᠡ ᠴᠠᠭ ᠠ᠋ᠴᠠ ᠡᠬᠢᠯᠡᠨ ᠬᠠᠭᠠᠷᠢᠭᠰᠠᠨ ᠮᠣᠷᠢ ᠪᠦᠬᠦᠨ ᠨᠡᠷᠡᠯᠡᠭᠳᠡᠪᠡᠯ ᠵᠦᠢᠲᠡᠢ ᠃ ᠲᠤᠬᠠᠢᠯᠠᠪᠠᠯ : 《ᠬᠠᠪᠴᠢᠭ ᠬᠢᠵᠠᠭᠠᠯᠠᠩ 》 ᠭᠡᠭᠳᠡᠬᠦ ᠶᠣᠰᠣᠲᠠᠢ ᠃ ᠭᠡᠲᠡᠯ᠎ᠡ ᠡᠢᠮᠦ ᠨᠡᠷᠡᠢᠳᠦᠯ ᠶᠡᠷᠦ ᠰᠣᠨᠣᠰᠤᠭᠳᠠᠭ᠎ᠠ ᠦᠭᠡᠢ ᠃ ᠡᠭᠦᠨ ᠡᠴᠡ ᠦᠵᠡᠪᠡᠯ 《ᠡᠷᠢᠭ ᠬᠠᠪᠴᠢᠭ 》 ᠤ᠋ᠨ  《ᠬᠠᠪᠴᠢᠭ 》 ᠢ᠋ᠶ᠋ᠠᠷ ᠨᠠᠷᠠᠯᠠᠪᠠ ᠭᠡᠳᠡᠭ ᠨᠢ ᠵᠦᠢ ᠶᠣᠰᠣᠨ ᠳ᠋ᠤ᠌ ᠨᠡᠢᠴᠡᠮ᠎ᠡ ᠦᠭᠡᠢ ᠰᠢᠭ ᠃ ᠳᠠᠬᠢᠭᠠᠳ ᠬᠡᠯᠡᠪᠡᠯ ᠂ ᠬᠢᠵᠠᠭᠠᠯᠠᠩ ᠂ ᠰᠣᠶᠣᠭᠠᠯᠠᠩ ᠮᠣᠷᠢ ᠪᠦᠬᠦᠨ ᠳ᠋ᠦ᠍   《ᠬᠠᠪᠴᠢᠭ 》 ᠭᠡᠰᠡᠨ ᠦᠭᠡ ᠶ᠋ᠢ ᠬᠠᠲᠠᠭᠰᠠᠨ ᠦᠭᠡᠢ ᠂ ᠬᠠᠷᠢᠨ ᠭᠦᠢᠴᠡᠬᠦ ᠨᠠᠰᠤᠨ ᠤ᠋ ᠮᠣᠷᠢ  – 6 ᠨᠠᠰᠤᠲᠠᠢ ᠣᠨᠴᠠ ᠵᠠᠷᠢᠮ ᠮᠣᠷᠢᠨ ᠳ᠋ᠤ᠌ ᠠᠪᠴᠤ ᠬᠡᠯᠡᠳᠡᠭ ᠢ᠋ ᠬᠢᠨᠠᠬᠤ ᠪᠣᠯᠪᠠ ᠤᠤ ? ᠡᠨᠡ ᠪᠣᠯ ᠡᠨᠡ ᠦᠭᠡ ᠶ᠋ᠢᠨ ᠣᠨᠢᠰᠣ ᠶᠤᠮ᠃ 
       《ᠬᠠᠪᠴᠢᠭ ᠰᠣᠶᠣᠭᠠᠯᠠᠩ 》ᠭᠡᠳᠡᠭ ᠦᠭᠡ ᠶ᠋ᠢ ᠭᠠᠵᠠᠷ ᠂ ᠭᠠᠵᠠᠷ ᠣᠨᠳᠣᠣ ᠂ ᠣᠨᠳᠣᠣ ᠬᠡᠯᠡᠳᠡᠭ ᠴᠦ᠍ ᠣᠯᠠᠩᠬᠢ ᠨᠢ 5  ᠂ 6 ᠨᠠᠰᠤᠨ ᠤ᠋ ᠠᠳᠤᠭᠤᠨ ᠳ᠋ᠤ᠌ ᠯᠠ ᠬᠣᠯᠪᠣᠵᠤ ᠬᠡᠯᠡᠳᠡᠭ ᠃ ᠬᠠᠯᠬ᠎ᠠ ᠳ᠋ᠤ᠌ ᠰᠣᠶᠣᠭᠠᠯᠠᠩ ᠨᠠᠰᠤᠨ ᠤ᠋ ᠮᠣᠷᠢᠳ ᠢ᠋ ᠣᠷᠣᠯᠳᠣᠳᠠᠭ ᠤᠴᠢᠷ ᠰᠣᠶᠣᠭᠠᠯᠩ ᠮᠣᠷᠢᠨ ᠳ᠋ᠤ᠌ ᠬᠣᠯᠪᠣᠵᠤ ᠶᠠᠷᠢᠳᠠᠭ ᠨᠡᠷᠡᠢᠳᠦᠯ ᠪᠣᠢ᠃ 
       ᠮᠠᠨ ᠤ᠋ ᠡᠪᠦᠭᠡ ᠳᠡᠭᠡᠳᠦᠰ ᠡᠴᠡ ᠤᠯᠠᠮᠵᠢᠯᠠᠵᠤ ᠢᠷᠡᠭᠰᠡᠨ ᠮᠠᠯ ᠠᠵᠤ ᠠᠬᠤᠢ ᠶ᠋ᠢᠨ ᠮᠡᠳᠡᠯᠭᠡ ᠪᠣᠯᠤᠨ ᠦᠢᠯᠡᠳᠦᠯᠭᠡ ᠡᠴᠡ ᠦᠵᠡᠪᠡᠯ ᠂ ᠮᠣᠷᠢ 5 ᠨᠠᠰᠤᠯᠠᠬᠤ ᠳ᠋ᠠᠭᠠᠨ ᠰᠠᠶᠢ ᠰᠣᠶᠣᠭ᠎ᠠ ᠰᠢᠳᠦ ᠨᠢ ᠭᠠᠷᠳᠠᠭ᠃ ᠡᠢᠨ ᠬᠦ᠌ ᠡᠨᠡ ᠨᠠᠰᠤᠨ ᠤ᠋ ᠮᠣᠷᠢ ᠶ᠋ᠢ ᠰᠣᠶᠣᠭᠠᠯᠠᠩ ᠭᠡᠵᠦ ᠨᠡᠷᠡᠢᠳᠴᠡᠢ ᠃ ᠭᠡᠲᠡᠯ᠎ᠡ ᠣᠨᠴᠠ ᠵᠠᠷᠢᠮ ᠶᠠᠰᠤᠨ ᠤ᠋ ᠬᠥᠭᠵᠢᠯ ᠮᠠᠭᠤ ᠪᠤᠶᠤ ᠡᠰᠡᠬᠦᠯ᠎ᠡ ᠣᠷᠣᠢ ᠭᠠᠷᠤᠭᠰᠠᠨ ᠤᠨᠠᠭ᠎ᠠ ( ᠢᠯᠠᠩᠭᠤᠶ᠎ᠠ ᠵᠢᠯ ᠵᠠᠪᠰᠠᠷ ᠤ᠋ᠨ ᠤᠨᠠᠭ᠎ᠠ ) ᠬᠡᠳᠦᠬᠡᠨ ᠬᠣᠨᠣᠭᠠᠳ ᠳᠠᠭ᠎ᠠ ᠶ᠋ᠢᠨ ᠨᠠᠰᠤ ᠪᠠᠨ ᠠᠪᠴᠢᠬᠠᠳᠠᠭ᠃ ᠡᠢᠮᠦ ᠠᠳᠤᠭᠤ ᠨᠢ ᠰᠢᠳᠦᠯᠡᠩ ᠂ ᠬᠢᠵᠠᠭᠠᠯᠠᠩ ᠤ᠋ᠨ ᠨᠠᠰᠤ ᠪᠠᠨ ᠳᠤᠭᠤᠯᠤᠭᠠᠳ ᠰᠣᠶᠣᠭᠠᠯᠠᠩ ᠪᠣᠯᠬᠤ ᠳ᠋ᠤ᠌ ᠂ ᠰᠣᠶᠣᠭ᠎ᠠ ᠨᠢ ᠬᠠᠷᠢᠨ ᠣᠷᠭᠣᠭᠠᠳᠤᠢ ᠪᠠᠢᠳᠠᠭ᠃ ᠡᠭᠦᠨ ᠳ᠋ᠦ᠍ᠨᠢ ᠶᠠᠰᠤ ᠨᠢ ᠭᠦᠢᠴᠡᠭᠡ ᠦᠭᠡᠢ ᠮᠣᠷᠢ᠂ ᠴᠢᠳᠠᠯ ᠰᠢᠨᠳᠠᠰᠤ ᠨᠢ ᠪᠦᠷᠢᠳᠦᠭᠡᠳᠦᠢ ᠭᠡᠵᠦ ᠮᠠᠭᠤᠰᠢᠶᠠᠨ  《ᠬᠠᠪᠴᠢᠭ  ᠰᠣᠶᠣᠭᠠᠯᠠᠩ 》ᠭᠡᠵᠦ ᠨᠡᠷᠡᠯᠡᠳᠡᠭ ᠬᠠᠯᠠᠭᠴᠤᠳ ᠪᠣᠢ᠃ 
       6 ᠨᠠᠰᠤᠨ ᠤ᠋ 《ᠬᠠᠪᠴᠢᠭ ᠰᠣᠶᠣᠭᠠᠯᠠᠩ 》ᠭᠡᠪᠡᠯ ᠮᠠᠨ ᠤ᠋ ᠥᠪᠥᠷ ᠲᠦ᠍ ᠯᠡ ᠣᠯᠠᠨ ᠶᠠᠷᠢᠭᠳᠠᠳᠠᠭ᠃ ᠵᠷᠢᠮ ᠭᠠᠵᠠᠷ 6 ᠨᠠᠰᠤᠲᠠᠢ ᠮᠣᠷᠢ ᠶ᠋ᠢ ᠭᠦᠢᠴᠡᠬᠦ ᠨᠠᠰᠤᠨ ᠤ᠋ ᠮᠣᠷᠢ ᠭᠡᠵᠦ ᠬᠡᠯᠡᠳᠡᠭ᠃ ᠡᠨᠡ ᠨᠠᠰᠤᠨ ᠳ᠋ᠤ᠌ ᠬᠦᠷᠬᠦ ᠳ᠋ᠦ᠍ ᠂ ᠮᠣᠷᠢᠨ ᠤ᠋ ᠰᠣᠶᠣᠭ᠎ᠠ ᠨᠢ ᠭᠦᠢᠴᠡᠳ ᠤᠷᠭᠤᠨ ᠰᠤᠩᠭᠠᠨ ᠭᠦᠢᠴᠡᠵᠦ ᠶᠠᠰᠤᠨ ᠤ᠋ ᠬᠥᠭᠵᠢᠯ ᠢ᠋ ᠵᠣᠭᠰᠣᠭᠠᠳᠠᠭ ᠠᠵᠢ᠃ ᠶᠠᠰᠤ ᠨᠢ ᠭᠦᠢᠴᠡᠬᠦ ᠲᠡᠢ ᠵᠡᠷᠭᠡ ᠪᠡᠶ᠎ᠡ ᠨᠢ ᠪᠠᠰᠠ ᠴᠢᠳᠠᠯ ᠰᠢᠨᠳᠠᠰᠤ ᠶ᠋ᠢ ᠪᠦᠷᠢᠳᠦᠭᠦᠯᠵᠦ ᠳᠠᠭᠤᠰᠳᠠᠭ᠃ ᠭᠡᠲᠡᠯ᠎ᠡ ᠶᠠᠰᠤᠨ ᠤ᠋ ᠬᠥᠭᠵᠢᠯ ᠮᠠᠭᠤᠲᠠᠢ ᠤᠨᠠᠭ᠎ᠠ ᠪᠤᠶᠤ ᠬᠠᠪᠴᠢᠭ ᠤᠨᠠᠭ᠎ᠠ ᠥᠰᠦᠭᠰᠡᠭᠡᠷ ᠨᠠᠰᠤ ᠭᠦᠢᠴᠡᠵᠦ ᠰᠣᠶᠣᠭ᠎ᠠ ᠰᠤᠩᠭᠠᠬᠤ ᠦᠶ᠎ᠡ ᠪᠣᠯᠬᠤ ᠳ᠋ᠤ᠌᠂ ᠲᠡᠭᠦᠨ ᠦ᠌ ᠰᠣᠶᠣᠭ᠎ᠠ ᠰᠠᠶᠢ ᠰᠣᠶᠣᠭᠠᠯᠠᠵᠤ ᠡᠬᠢᠯᠡᠵᠦ ᠪᠠᠢᠳᠠᠭ᠃ ᠡᠢᠮᠦ 6 ᠨᠠᠰᠤᠲᠠᠢ ᠮᠣᠷᠢ ᠶ᠋ᠢ ᠶᠠᠰᠤ ᠪᠡᠶ᠎ᠡ ᠨᠢ ᠤᠷᠭᠤᠵᠤ ᠪᠣᠢᠵᠢᠵᠤ ᠭᠦᠢᠴᠡᠭᠡᠳᠦᠢ ᠂ ᠴᠢᠳᠠᠯ ᠂ ᠰᠢᠨᠳᠠᠰᠤ ᠨᠢ ᠴᠢᠩᠭᠠᠷᠠᠵᠤ ᠪᠦᠷᠢᠳᠴᠦ ᠴᠢᠳᠠᠭᠠᠳᠤᠢ ᠭᠡᠵᠦ ᠮᠠᠭᠤᠰᠢᠶᠠᠨ ᠦᠵᠡᠭᠡᠳ 《ᠬᠠᠪᠴᠢᠭ ᠰᠣᠶᠣᠭᠠᠯᠠᠩ 》ᠭᠡᠵᠦ ᠨᠡᠷᠡᠯᠡᠳᠡᠭ ᠃  《ᠬᠠᠪᠴᠢᠭ ᠰᠣᠶᠣᠭᠠᠯᠠᠩ 》ᠮᠣᠷᠢ ᠶ᠋ᠢ ᠤᠷᠤᠯᠳᠤᠭᠠᠨ ᠳ᠋ᠤ᠌ ᠤᠶᠠᠳᠠᠭ  (ᠰᠤᠢᠲᠠᠭ ) ᠦᠭᠡᠢ ᠭᠡᠳᠡᠭ ᠦ᠋ᠨ ᠤᠴᠢᠷ ᠡᠢᠮᠦ ᠃ ᠲᠡᠢᠮᠦ ᠡᠴᠡ ᠪᠢᠰᠢ ᠰᠣᠶᠣᠭᠠᠯᠠᠩ ᠭᠦᠢᠴᠡᠬᠦ ᠨᠠᠰᠤᠨ ᠤ᠋ ᠮᠣᠷᠢ ᠪᠦᠬᠦᠨ ᠢ᠋ 《ᠬᠠᠪᠴᠢᠭ ᠰᠣᠶᠣᠭᠠᠯᠠᠩ 》ᠭᠡᠵᠦ ᠨᠡᠷᠡᠯᠡᠳᠡᠭ ᠦᠭᠡᠢ ᠠᠵᠢ᠃ 
       ᠳᠡᠭᠡᠷᠡᠬᠢ ᠬᠣᠶᠠᠷ ᠵᠢᠱ᠌ᠢᠶᠡᠨ ᠡᠴᠡ ᠵᠢᠭᠠᠬᠠᠨ ᠴᠠᠭᠠᠰᠢ ᠨᠢᠭᠲᠠᠯᠠᠪᠠᠯ ᠳᠠᠷᠤᠢ  《ᠬᠠᠪᠴᠢᠭ 》 ᠭᠡᠳᠡᠭ ᠦᠭᠡ ᠶ᠋ᠢᠨ ᠢᠷᠡᠯ ᠭᠠᠷᠤᠯ ᠢ᠋ ᠲᠣᠳᠣᠯᠠᠵᠤ ᠪᠣᠯᠤᠨ᠎ᠠ᠃ 
       ᠮᠣᠩᠭᠣᠯᠴᠤᠳ ᠤ᠋ᠨ ᠮᠠᠯ ᠮᠠᠯᠵᠢᠭᠰᠠᠨ ᠲᠡᠦᠬᠡᠨ ᠮᠡᠳᠡᠯᠭᠡ ᠡᠴᠡ ᠬᠢᠨᠠᠪᠠᠯ᠂ ᠬᠥᠭ ᠡᠴᠡ ᠡᠮᠦᠨ᠎ᠡ ᠭᠠᠷᠤᠭᠰᠠᠨ ᠲᠥᠯ ᠢ᠋ ᠠᠯᠳᠠᠰᠢ ( ᠪᠦᠷ ᠡᠷᠲᠡ ᠭᠠᠷᠤᠭᠰᠠᠨ ᠢ᠋ ᠨᠢ ᠳᠠᠬᠤᠯᠠᠢ ) ᠭᠡᠵᠦ ᠂ ᠬᠥᠭ ᠦ᠋ᠨ ᠬᠣᠢᠨ᠎ᠠ ᠨᠠᠮᠤᠷ ᠭᠠᠷᠤᠭᠰᠠᠨ ᠲᠥᠯ ᠢ᠋ ᠬᠡᠨᠵᠡ ᠭᠡᠵᠦ ᠂ ᠡᠪᠦᠯ ᠭᠠᠷᠤᠭᠰᠠᠨ ᠲᠥᠯ ᠢ᠋ ᠬᠥᠭᠡᠢ ᠭᠡᠵᠦ ᠂ ᠵᠢᠯ ᠦ᠋ᠨ ᠡᠴᠦᠰ ( ᠵᠢᠯ ᠦ᠋ᠨ ᠵᠠᠪᠰᠠᠷ ) ᠭᠠᠷᠤᠭᠰᠠᠨ ᠲᠥᠯ ᠢ᠋ ᠬᠠᠪᠴᠢ – ᠬᠠᠪᠴᠢᠭ ᠭᠡᠵᠦ ᠲᠤᠰ ᠲᠤᠰ ᠣᠨᠣᠭᠠᠵᠤ ᠬᠡᠯᠡᠵᠦ ᠪᠠᠢᠨ᠎ᠠ ( 《 ᠶ ᠂  ᠴᠸᠪᠠᠯ ᠤ᠋ᠨ ᠲᠣᠯᠢ 》 ᠳ᠋ᠤ᠌ ) ᠃ ᠣᠳᠣ ᠵᠠᠷᠢᠮ ᠭᠠᠵᠠᠷ ᠲᠤ᠌ : ᠡᠨᠡ ᠬᠦ᠌ ᠵᠢᠷᠤᠮ ᠭᠣᠷᠢᠮ ᠲᠠᠢ ᠬᠡᠯᠡᠯᠭᠡ ᠶ᠋ᠢ ᠪᠦᠷ ᠬᠤᠳᠬᠤᠯᠳᠤᠭᠤᠯᠤᠭᠠᠳ ᠬᠤᠷᠠᠭ᠎ᠠ᠂ ᠤᠨᠠᠭ᠎ᠠ ᠬᠣᠶᠠᠷ ᠲᠤ᠌ ᠯᠠ ᠬᠡᠨᠵᠡ ᠭᠡᠵᠦ ᠬᠡᠯᠡᠵᠦ ᠂ ᠡᠪᠦᠯ ᠭᠠᠷᠤᠭᠰᠠᠨ ᠲᠤᠭᠤᠯ ᠢ᠋ ᠭᠥᠭᠡᠢ ᠪᠤᠶᠤ ᠳᠠᠬᠤᠯᠠᠢ ᠭᠡᠵᠦ  ᠬᠣᠳᠬᠣᠯᠣᠭᠠᠳ᠂ ᠣᠷᠣᠢ ᠭᠠᠷᠤᠭᠰᠠᠨ ᠢᠰᠢᠭᠡ ᠶ᠋ᠢ ᠯᠡ ᠬᠠᠪᠴᠢ ᠭᠡᠵᠦ ᠶᠠᠷᠢᠭᠠᠳ ᠪᠤᠰᠤᠳ ᠲᠥᠯ ᠳ᠋ᠦ᠍ᠨᠢ ᠬᠡᠯᠡᠬᠦ ᠦᠭᠡᠢ ᠂ ᠶᠣᠰᠣᠲᠠᠢ ᠥᠭᠡᠬᠦ ᠴᠦ᠍ ᠪᠢᠰᠢ ᠂ ᠪᠤᠯᠴᠢᠷᠬᠠᠢ ᠴᠤ᠌ ᠪᠢᠰᠢ ᠪᠣᠯᠭᠠᠬᠤ ᠳ᠋ᠤ᠌ ᠬᠦᠷᠭᠡᠬᠦ ᠣᠢᠷᠠᠲᠤᠵᠠᠢ᠃ 《ᠬᠠᠪᠴᠢᠭ ᠰᠣᠶᠣᠭᠠᠯᠠᠩ 》 ᠤ᠋ᠨ  《ᠬᠠᠪᠴᠢᠭ 》ᠭᠡᠳᠡᠭ ᠨᠢ ᠶᠠᠭ ᠡᠨᠡ ᠬᠦ᠌ ᠬᠠᠪᠴᠢ – ᠬᠠᠪᠴᠢᠭ ᠭᠡᠳᠡᠭ ᠲᠥᠯ ᠢ᠋ ᠵᠢᠭᠠᠭᠰᠠᠨ ᠦᠭᠡ ᠡᠴᠡ ᠡᠭᠦᠰᠦᠭᠰᠡᠨ ᠶᠦ᠍ᠮ᠃ ᠶ ᠂ ᠴᠸᠪᠠᠯ ᠤ᠋ᠨ ᠲᠣᠯᠢ ᠶ᠋ᠢᠨ 637 ᠳ᠋ᠤᠭᠠᠷ ᠨᠢᠭᠤᠷ ᠲᠤ᠌ :《ᠮᠠᠯ ᠤ᠋ᠨ ᠨᠠᠰᠤ ᠪᠡᠶ᠎ᠡ ᠶ᠋ᠢᠨ ᠭᠦᠢᠴᠡᠳ ᠪᠢᠰᠢ᠂ ᠭᠦᠢᠴᠡᠵᠦ ᠴᠢᠳᠠᠭ᠎ᠠ ᠦᠭᠡᠢ ᠳᠤᠲᠠᠭᠤ ᠶ᠋ᠢ ᠬᠠᠪᠴᠢᠭ ᠰᠣᠶᠣᠭᠠᠯᠠᠩ 》ᠭᠡᠵᠦ ᠲᠠᠢᠯᠪᠤᠷᠢᠯᠠᠵᠤ ᠪᠣᠢ ᠨᠢ ᠮᠢᠨᠦ ᠦᠵᠡᠯᠲᠡ ᠶ᠋ᠢ ᠲᠤᠩ ᠣᠨᠣᠪᠴᠢᠲᠠᠢ ᠨᠤᠲᠠᠯᠠᠵᠠᠢ᠃ 
       ᠬᠤᠷᠢᠶᠠᠩᠭᠤᠢᠯᠠᠪᠠᠯ ᠂ ᠶᠠᠰᠤᠨ ᠤ᠋ ᠥᠰᠦᠯᠲᠡ ᠮᠠᠭᠤᠲᠠᠢ ᠠᠳᠤᠭᠤ ᠪᠤᠶᠤ ᠣᠷᠣᠢ ᠭᠠᠷᠤᠭᠰᠠᠨ ᠬᠠᠪᠴᠢᠭ ᠡᠷ᠎ᠡ ᠤᠨᠠᠭ᠎ᠠ ᠂ ᠲᠥᠷᠥᠭᠡᠳ ᠬᠡᠳᠦ ᠬᠣᠨᠣᠯ ᠦᠭᠡᠢ ᠳᠠᠭ᠎ᠠ ᠶ᠋ᠢᠨ ᠨᠠᠰᠤ ᠠᠪᠴᠤ ᠥᠰᠦᠭᠰᠡᠭᠡᠷ 5 ᠨᠠᠰᠤᠯᠠᠬᠤ ᠳ᠋ᠤ᠌ ᠰᠣᠶᠣᠭ᠎ᠠ ᠨᠢ ᠭᠠᠷᠤᠭᠠᠳᠤᠢ ᠂ 6 ᠨᠠᠰᠤᠯᠠᠬᠤ ᠳ᠋ᠤ᠌ ᠰᠣᠶᠣᠭ᠎ᠠ ᠨᠢ ᠰᠠᠶᠢ ᠭᠠᠷᠴᠤ ᠰᠣᠶᠣᠭ᠎ᠠ ᠰᠤᠩᠭᠠᠬᠤ ᠶᠠᠰᠤᠨ ᠤ᠋ ᠥᠰᠦᠯᠲᠡ ᠣᠯᠤᠭᠠᠳᠤᠢ ᠂ ᠥᠭᠡᠷ᠎ᠡ ᠪᠡᠷ ᠬᠡᠯᠡᠪᠡᠯ ᠂ ᠲᠥᠷᠥᠭᠰᠡᠨ ᠣᠨ ᠵᠢᠯ ᠢ᠋ᠶ᠋ᠡᠷ ᠨᠢ ᠨᠠᠰᠤ ᠶ᠋ᠢ ᠨᠢ ᠲᠣᠭᠠᠯᠠᠬᠤ ᠳ᠋ᠤ᠌ 6 ᠨᠠᠰᠤᠯᠠᠵᠢ ᠃ 6 ᠨᠠᠰᠤᠲᠠᠢ ᠮᠣᠷᠢ ᠵᠠᠪᠠᠯ ᠰᠣᠶᠣᠭ᠎ᠠ ᠨᠢ ᠰᠤᠩᠭᠠᠭᠰᠠᠨ ( ᠭᠦᠢᠴᠡᠳ ᠤᠷᠭᠤᠭᠰᠠᠨ ) ᠪᠠᠢᠬᠤ ᠬᠡᠷᠡᠭᠲᠡᠢ ᠭᠡᠬᠦ ᠳ᠋ᠦ᠍ ᠡᠭᠦᠨ ᠦ᠌ ᠰᠣᠶᠣᠭ᠎ᠠ ᠨᠢ ᠭᠦᠢᠴᠡᠳ ᠤᠷᠭᠤᠭᠠᠳᠤᠢ ᠡᠢᠮᠦ ᠬᠣᠶᠠᠷ ᠤ᠋ᠨ ᠬᠣᠭᠣᠷᠣᠨᠳᠣ ᠶᠠᠰᠤ ᠪᠡᠶ᠎ᠡ ᠶ᠋ᠢᠨ ᠪᠣᠢᠵᠢᠯᠲᠠ ᠪᠦᠷᠢᠳᠦᠭᠡᠳᠦᠢ ᠠᠭᠲᠠ ᠶ᠋ᠢ 《ᠬᠠᠪᠴᠢᠭ ᠰᠣᠶᠣᠭᠠᠯᠠᠩ 》ᠭᠡᠵᠦ ᠨᠡᠷᠡᠢᠳᠳᠡᠭ ᠪᠢᠯᠡ᠃ 

                《ᠥᠬᠢᠨ ᠲᠥᠯ 》 ᠦ᠋ᠨ ᠲᠤᠬᠠᠢ  

       ᠨᠥᠬᠥᠷ ××× ᠮᠠᠯ ᠠᠵᠤ ᠠᠬᠤᠢ ᠶ᠋ᠢᠨ ᠮᠡᠷᠭᠡᠵᠢᠯᠲᠡᠨ ᠂  《ᠥᠬᠢᠨ ᠲᠥᠯ 》᠂  《ᠥᠬᠢᠨ ᠤᠨᠠᠭ᠎ᠠ 》ᠭᠡᠵᠦ ᠬᠡᠯᠡᠬᠦ ᠶ᠋ᠢ ᠶᠡᠬᠡ ᠪᠡᠷ ᠪᠤᠷᠤᠭᠤᠰᠢᠶᠠᠵᠤ ᠬᠠᠲᠠᠭᠤ ᠰᠢᠭᠦᠮᠵᠢᠯᠡᠵᠡᠢ ᠃ ᠲᠡᠷᠡ ᠨᠢ 1986 ᠣᠨ ᠤ᠋  《ᠮᠣᠩᠭᠣᠯ ᠬᠡᠯᠡ ᠤᠳᠬ᠎ᠠ ᠵᠣᠬᠢᠶᠠᠯ 》 ᠰᠡᠳᠬᠦᠯ ᠦ᠋ᠨ ᠳᠥᠲᠥᠭᠡᠷ ᠲᠦ᠍   《ᠲᠠᠪᠤᠨ ᠬᠣᠰᠢᠭᠤ ᠮᠠᠯ ᠤ᠋ᠨ ᠨᠡᠷᠡᠢᠳᠦᠯ ᠦ᠋ᠨ ᠲᠤᠬᠠᠢ 》ᠭᠡᠳᠡᠭ ᠥᠭᠦᠯᠡᠯ ᠦ᠋ᠨ ᠢ᠋ᠶ᠋ᠡᠨ ᠵᠠᠷᠢᠮ ᠠᠯᠳᠠᠭ᠎ᠠ ᠪᠤᠷᠤᠭᠤ ᠲᠠᠢ ᠨᠡᠷᠡᠢᠳᠦᠯ ᠦ᠋ᠨ ᠲᠤᠬᠠᠢ 》ᠭᠡᠰᠡᠨ ᠬᠡᠰᠡᠭ ᠲᠡᠭᠡᠨ : 《ᠮᠣᠩᠭᠣᠯ ᠬᠡᠯᠡᠨ ᠦ᠌ ᠲᠡᠦᠬᠡᠨ ᠡᠴᠡ ᠦᠵᠡᠬᠦ ᠳ᠋ᠦ᠍ < ᠮᠣᠩᠭᠣᠯ ᠤ᠋ᠨ ᠨᠢᠭᠤᠴᠠ ᠲᠣᠪᠴᠢᠶᠠᠨ > ᠳ᠋ᠤ᠌ ᠭᠠᠷᠳᠠᠭ < ᠲᠡᠷᠡ ᠳᠤᠮᠳᠠ ᠭᠡᠭᠡᠯᠲᠡᠢ ᠡᠮ᠎ᠡ ᠪᠤᠲᠠᠨᠴᠢᠷ ᠲᠤ᠌ ᠢᠷᠡᠵᠦ ᠬᠥᠪᠡᠭᠦᠯᠡᠪᠡᠢ > ᠂ < ᠁ ᠬᠤᠸᠠᠭᠴᠢᠨ ᠡᠮᠡᠭᠡᠨ ᠦᠴᠦᠷᠦᠨ > ᠭᠡᠬᠦ ᠮᠡᠲᠦ ᠶ᠋ᠢᠨ ᠦᠭᠡᠰ ᠪᠣᠯ ᠨᠢᠭᠡᠨᠲᠡ ᠬᠠᠭᠤᠴᠢᠷᠠᠵᠤ ᠥᠨᠥ ᠰᠣᠨᠣᠰᠬᠤ ᠳ᠋ᠤ᠌ ᠶᠡᠬᠡ ᠯᠡ ᠡᠪ ᠬᠠᠪᠤ ᠦᠭᠡᠢ ᠪᠣᠯᠪᠠᠰᠤᠨ ᠪᠤᠰᠤ ᠮᠡᠲᠦ ᠰᠠᠨᠠᠭᠳᠠᠬᠤ ᠪᠣᠯᠵᠠᠢ ᠃ ᠮᠥᠨ ᠡᠨᠡ ᠮᠡᠲᠦᠴᠢᠯᠡᠨ ᠡᠮ᠎ᠡ ᠲᠥᠯ ᠢ᠋ < ᠥᠬᠢᠨ ᠬᠤᠷᠠᠭ᠎ᠠ > ᠂ < ᠥᠬᠢᠨ ᠲᠤᠭᠤᠯ > ᠭᠡᠬᠦ ᠨᠢ ( ᠨᠥᠬᠥᠷ ᠁ ᠲᠦ᠍ ᠪᠠᠷᠤᠭ13 ᠳ᠋ᠤᠭᠠᠷ ᠵᠠᠭᠤᠨ ᠤ᠋ ᠬᠡᠯᠡᠯᠭᠡ ᠮᠡᠲᠦ ᠰᠠᠨᠠᠭᠳᠠᠵᠠᠢ – ᠰᠢᠭᠦᠮᠵᠢᠯᠡᠭᠴᠢ ᠡᠴᠡ > ᠵᠣᠬᠢᠰ ᠦᠭᠡᠢ ᠭᠡᠮᠡᠷ ᠪᠠᠢᠨ᠎ᠠ ᠃ ᠪᠢ ᠵᠠᠷᠢᠮ ᠨᠥᠬᠥᠳ ᠡᠴᠡ ᠯᠠᠪᠯᠠᠵᠤ ᠦᠵᠡᠭᠰᠡᠨ ᠳ᠋ᠦ᠍ < ᠡᠨᠡ ᠪᠣᠯ ᠡᠮ᠎ᠡ ᠲᠥᠯ ᠢ᠋ ᠡᠩᠬᠦᠷᠡᠢᠯᠡᠭᠰᠡᠨ ᠳᠠᠭᠤᠳᠠᠯᠭ᠎ᠠ ᠪᠣᠯᠤᠨ᠎ᠠ > ᠭᠡᠬᠦ ᠶᠦ᠍ᠮ ᠃ ᠣᠯᠳᠣᠢ ᠮᠢᠨᠦ ᠦᠵᠡᠬᠦ ᠪᠡᠷ  ᠮᠠᠯᠴᠢᠳ ᠪᠣᠯ ᠪᠦᠳᠦᠭᠦᠨ ᠮᠠᠯ ᠂ ᠪᠠᠭ᠎ᠠ ᠮᠠᠯ ᠭᠡᠰᠡᠨ ᠦᠭᠡᠢ ᠂ ᠨᠡᠩ ᠴᠦ᠍ ᠡᠮ᠎ᠡ ᠲᠥᠯ ᠂ ᠡᠷ᠎ᠡ ᠲᠥᠯ ᠭᠡᠵᠦ ᠢᠯᠭᠠᠯ ᠦᠭᠡᠢ ᠪᠡᠷ ᠴᠥᠮ ᠡᠩᠬᠦᠷᠡᠢᠯᠡᠵᠦ ᠬᠠᠢᠷᠠᠯᠠᠳᠠᠭ ᠰᠠᠨ ᠃ ᠡᠨᠡ ᠬᠦ᠌ ᠠᠭᠤᠯᠭ᠎ᠠ ᠠ᠋ᠴᠠ ᠬᠡᠯᠡᠪᠡᠯ ᠂ ᠡᠮ᠎ᠡ ᠬᠤᠷᠠᠭ᠎ᠠ ᠂ ᠡᠮ᠎ᠡ ᠲᠤᠭᠤᠯ ᠢ᠋ < ᠥᠬᠢᠨ ᠬᠤᠷᠠᠭ᠎ᠠ  > ᠂ < ᠥᠬᠢᠨ ᠲᠤᠭᠤᠯ > ᠭᠡᠬᠦ ᠳ᠋ᠦ᠍ ᠬᠦᠷᠪᠡᠯ ᠂ ᠡᠷ᠎ᠡ ᠬᠤᠷᠠᠭ᠎ᠠ ᠂ ᠡᠷ᠎ᠡ ᠲᠤᠭᠤᠯ ᠢ᠋ ᠮᠥᠨ ᠴᠦ᠍  < ᠬᠦᠦ ᠬᠤᠷᠠᠭ᠎ᠠ > < ᠬᠦᠦ ᠲᠤᠭᠤᠯ > ᠭᠡᠬᠦ ᠡᠴᠡ ᠯᠡ ᠥᠭᠡᠷ᠎ᠡ ᠠᠷᠭ᠎ᠠ ᠦᠭᠡᠢ ᠪᠣᠯᠤᠨ᠎ᠠ ᠪᠢᠵᠡ ᠃ ᠴᠢᠩᠭᠢᠪᠡᠯ ᠪᠦᠳᠦᠭᠦᠨ ᠮᠠᠯ ᠳᠡᠭᠡᠷ᠎ᠡ ᠶᠠᠭᠤ ᠭᠡᠵᠦ ᠬᠡᠯᠡᠳᠡᠭ ᠪᠣᠯ ᠳᠧ 》ᠭᠡᠵᠦ ᠬᠠᠲᠠᠭᠤ ᠰᠢᠭᠦᠮᠵᠢᠯᠡᠵᠦ ᠪᠢᠯᠡ᠃ 

       ᠡᠭᠦᠨ᠎ᠡ ᠮᠤᠩᠬᠠᠭ ᠮᠢᠨᠦ ᠦᠵᠡᠬᠦ ᠨᠢ ᠂ ᠬᠡᠯᠡ ᠬᠡᠯᠡᠯᠭᠡ ᠪᠣᠯ ᠨᠡᠢᠭᠡᠮ ᠦ᠋ᠨ ᠬᠥᠭᠵᠢᠯᠲᠡ ᠶ᠋ᠢ ᠳᠠᠭᠠᠯᠳᠤᠨ ᠬᠥᠭᠵᠢᠵᠦ ᠨᠠᠷᠢᠰᠴᠤ ᠂ ᠰᠣᠶᠣᠯ ᠪᠣᠯᠪᠠᠰᠤᠨ ᠤ᠋ ᠬᠢᠷᠢ ᠭᠡᠮ ᠢ᠋ᠶ᠋ᠡᠨ ᠴᠦ᠍ ᠥᠨᠳᠥᠷᠳᠡᠭᠡᠲᠡᠭ ᠶᠦ᠍ᠮ ᠃ ᠡᠢᠨ ᠬᠦ᠌ ᠮᠠᠯᠴᠢᠳ ᠨᠢᠯᠬ᠎ᠠ ᠨᠢᠷᠠᠢ ᠲᠥᠯ ᠢ᠋ᠶ᠋ᠡᠨ ᠥᠪᠡᠷ ᠦ᠋ᠨ ᠦᠷ᠎ᠡ ᠬᠡᠦᠬᠡᠳ ᠲᠡᠢ ᠪᠡᠨ ᠠᠳᠠᠯᠢᠬᠠᠨ ᠥᠬᠥᠭᠡᠷᠳᠡᠨ ᠬᠡᠯᠡᠬᠦ ᠨᠢ ᠲᠡᠷᠡ ᠬᠦ᠌ ᠦᠨᠳᠦᠰᠦᠲᠡᠨ ᠦ᠌ ᠪᠡᠨ ᠰᠣᠶᠣᠯ ᠪᠣᠯᠪᠠᠰᠤᠨ ᠤ᠋ ᠬᠢᠷᠢ ᠬᠡᠮᠵᠢᠶ᠎ᠡ ᠪᠡᠨ ᠳᠡᠭᠡᠭᠰᠢᠯᠡᠭᠦᠯᠵᠦ ᠪᠠᠢᠭ᠎ᠠ ᠶ᠋ᠢᠨ ᠨᠢᠭᠡᠨ ᠢᠯᠡᠷᠡᠯ ᠮᠥᠨ ᠃ ᠭᠡᠲᠡᠯ᠎ᠡ ᠡᠭᠦᠨ᠎ᠡ ᠡᠷ᠎ᠡ ᠶ᠋ᠢ ᠨᠢ ᠥᠬᠥᠭᠡᠷᠳᠡᠭᠰᠡᠨ ᠦᠭᠡᠢ ᠂ ᠡᠮ᠎ᠡ ᠶ᠋ᠢ ᠨᠢ ᠥᠬᠥᠭᠡᠷᠳᠡᠭᠰᠡᠨ ᠨᠢ ᠪᠠᠰᠠ ᠲᠡᠭᠦᠨ ᠳ᠋ᠦ᠍ ᠳᠣᠲᠣᠭᠠᠳᠤ ᠰᠡᠳᠬᠢᠯᠭᠡ ᠶ᠋ᠢᠨ ᠢᠯᠭᠠᠭ᠎ᠠ ᠪᠠᠢᠵᠤ ᠮᠡᠳᠡᠬᠦ ᠶᠦ᠍ᠮ ᠃ ᠵᠢᠱ᠌ᠢᠶᠡᠯᠡᠪᠡᠯ : ᠠᠳᠠᠯᠢᠬᠠᠨ ᠬᠡᠳᠦᠨ ᠬᠡᠦᠬᠡᠳ ᠲᠡᠢ ᠬᠥᠮᠦᠨ ᠴᠦ᠍ ᠂ ᠠᠯᠢ ᠥᠭᠡᠳᠡ ᠲᠡᠢ ᠂ ᠥᠪᠡᠷ ᠲᠦ᠍ ᠲᠤᠰᠠᠴᠢ ᠬᠡᠦᠬᠡᠳ ᠢ᠋ᠶ᠋ᠡᠨ ᠢᠯᠡᠭᠦᠦ ᠰᠠᠨᠠᠳᠠᠭ ᠲᠠᠢ ᠠᠳᠠᠯᠢ ᠂ ᠡᠮ᠎ᠡ ᠮᠠᠯ ᠦᠷᠡᠵᠢᠯ ᠦ᠋ᠨ ᠡᠬᠡ ᠪᠣᠯᠵᠤ ᠂ ᠥᠨᠢᠷ ᠥᠰᠦᠯᠲᠡ ᠥᠭᠳᠡᠭ ᠡᠴᠡ ᠥᠷᠭᠡᠨ ᠣᠯᠠᠨ ᠮᠠᠯᠴᠢᠳ ᠂ ᠡᠮ᠎ᠡ ᠲᠥᠯ ᠳ᠋ᠦ᠍ ᠬᠤᠪᠢ ᠳᠠᠬᠢᠨ ᠰᠡᠳᠬᠢᠯᠭᠡᠲᠡᠢ ᠪᠣᠯᠤᠭᠰᠠᠨ ᠶᠤᠮ ᠪᠠᠢᠬ᠎ᠠ ᠃ ᠬᠡᠷᠪᠡ ᠡᠨᠡ ᠬᠦ᠌ ᠢᠯᠭᠠᠭ᠎ᠠ ᠶ᠋ᠢ ᠡᠰᠡ ᠵᠥᠪᠰᠢᠶᠡᠷᠡᠪᠡᠯ ᠶᠢᠷᠲᠢᠨᠴᠦ ᠶ᠋ᠢᠨ ᠠᠯᠢᠪᠠ ᠪᠦᠬᠦᠨ ᠴᠥᠮ ᠠᠳᠠᠯᠢᠬᠠᠨ ᠭᠡᠰᠡᠨ ᠤᠰᠤ ᠰᠢᠭ᠋ ᠲᠡᠭᠰᠢᠳᠬᠡᠬᠦ ᠦᠵᠡᠯ ᠦ᠋ᠨ ᠱᠠᠯᠴᠢᠭ ᠲᠤ᠌ ᠬᠠᠯᠲᠤᠷᠢᠵᠤ ᠮᠡᠳᠡᠬᠦ ᠶᠦ᠍ᠮ ᠪᠢᠰᠢ ᠤᠤ ᠃ ᠡᠢᠮᠦ ᠪᠣᠯ ᠨᠡᠢᠭᠡᠮ ᠦ᠋ᠨ ᠦᠢᠯᠡᠳᠦᠯᠭᠡ ᠬᠦᠯᠢᠶᠡᠬᠦ ᠦᠭᠡᠢ ᠂  ᠪᠣᠳᠠᠰ ᠤ᠋ᠨ ᠬᠥᠭᠵᠢᠯ ᠦ᠋ᠨ ᠬᠠᠤᠯᠢ ᠴᠤ᠌ ᠵᠥᠪᠰᠢᠶᠡᠷᠡᠬᠦ ᠦᠭᠡᠢ ᠪᠠᠢᠬ᠎ᠠ᠃ 
       ᠳᠠᠬᠢᠭᠠᠳ ᠬᠡᠯᠡᠪᠡᠯ ᠂ ᠡᠨᠡ ᠦᠭᠡ ᠶ᠋ᠢᠨ ᠣᠨᠣᠴᠢᠲᠠᠢ ᠲᠠᠢᠯᠪᠤᠷᠢ ᠨᠢ ᠥᠬᠢᠨ ᠂ ᠡᠮ᠎ᠡ ᠭᠡᠰᠡᠨ ᠬᠣᠶᠠᠷ ᠦᠭᠡ ᠶ᠋ᠢᠨ ᠠᠭᠤᠯᠭ᠎ᠠ ᠤᠬᠠᠭᠳᠠᠬᠤᠨ ᠳ᠋ᠤ᠌ ᠪᠠᠢᠭ᠎ᠠ ᠪᠣᠢ ᠰᠠᠨᠠᠭᠳᠠᠨ᠎ᠠ ᠃ ᠥᠬᠢᠨ ᠭᠡᠳᠡᠭ ᠦᠭᠡ – ᠲᠤᠭᠳᠤᠮ ᠪᠡᠶ᠎ᠡ ᠡᠪᠳᠡᠷᠡᠭᠡ ᠦᠭᠡᠢ – ᠴᠡᠪᠡᠷ ᠪᠦᠲᠦᠨ ᠭᠡᠰᠡᠨ ᠠᠭᠤᠯᠭ᠎ᠠ ᠲᠠᠢ ᠂ ᠡᠮ᠎ᠡ ᠭᠡᠳᠡᠭ ᠦᠭᠡᠨ ᠳ᠋ᠦ᠍ – ᠤᠷᠤᠭᠯᠠᠬᠤ ᠂ ᠬᠡᠭᠡᠯᠲᠦᠬᠦ ᠂ ᠲᠥᠯᠯᠡᠬᠦ ᠨᠠᠰᠤ ᠦᠢᠯᠡᠳᠦᠯᠭᠡ ᠳ᠋ᠦ᠍ ᠬᠦᠷᠪᠡ – ᠴᠡᠪᠡᠷ ᠪᠦᠲᠦᠨ ᠪᠢᠰᠢ ᠪᠣᠯᠪᠠ ᠭᠡᠰᠡᠨ ᠤᠬᠠᠭᠳᠠᠬᠤᠨ ᠲᠠᠢ ᠪᠠᠢᠳᠠᠭ ᠃ ᠡᠨᠡ ᠨᠢ ᠶᠢᠷᠲᠢᠨᠴᠦ ᠶ᠋ᠢᠨ ᠡᠮ᠎ᠡ ᠬᠦᠢᠰᠦᠲᠡᠨ ᠪᠦᠬᠦᠨ ᠦ᠌ ᠡᠷᠬᠡᠪᠰᠢ ᠥᠩᠭᠡᠷᠡᠭᠡᠬᠦ ᠬᠣᠶᠠᠷ ᠶᠠᠪᠤᠴᠠ ᠪᠣᠯᠤᠨ ᠲᠣᠭᠲᠠᠵᠠᠢ ᠃ ᠡᠢᠨᠬᠦ ᠮᠠᠨ ᠤ᠋ ᠮᠣᠩᠭᠣᠯᠴᠤᠳ ᠤᠷᠲᠤ ᠤᠳᠠᠭᠠᠨ  ᠣᠨ ᠵᠢᠯ ᠦ᠋ᠨ ᠮᠠᠯ ᠮᠠᠯᠯᠠᠬᠤ ᠶᠠᠪᠤᠴᠠ ᠳ᠋ᠠᠭᠠᠨ ᠡᠨᠡ ᠬᠦ᠌  ᠶᠣᠰᠣ ᠶ᠋ᠢ ᠨᠠᠷᠢᠨ ᠤᠬᠠᠭᠠᠷᠠᠭᠠᠳ  《ᠥᠬᠢᠨ ᠲᠥᠯ 》 ᠢ᠋ 《ᠡᠮ᠎ᠡ ᠲᠥᠯ 》ᠭᠡᠵᠦ ᠬᠡᠯᠡᠬᠦ ᠨᠢ ᠨᠢᠭᠡ ᠳ᠋ᠦ᠍ ᠂ ᠡᠮ᠎ᠡ ᠮᠠᠯ ᠤ᠋ᠨ ᠥᠰᠦᠯᠲᠡ ᠶ᠋ᠢᠨ ᠪᠣᠳᠠᠲᠤ ᠦᠢᠯᠡᠳᠦᠯᠭᠡ ᠳ᠋ᠦ᠍ ᠲᠣᠬᠢᠷᠠᠮᠵᠢ ᠦᠭᠡᠢ ᠃ ᠬᠣᠶᠠᠷ ᠲᠤ᠌ ᠂ ᠪᠣᠯᠪᠠᠰᠤᠨ ᠣᠨᠣᠪᠴᠢᠲᠠᠢ ᠬᠡᠯᠡᠯᠭᠡ ᠪᠢᠰᠢ ᠭᠡᠵᠦ ᠮᠡᠳᠡᠷᠡᠪᠡ ᠃ ᠵᠢᠱ᠌ᠢᠶᠡᠯᠡᠪᠡᠯ : ᠠᠷᠪᠠᠨ ᠭᠤᠷᠪᠠᠳᠤᠭᠠᠷ ᠵᠠᠭᠤᠨ ᠳ᠋ᠤ᠌ ᠂ ᠮᠣᠩᠭᠣᠯᠴᠤᠳ ᠬᠥᠮᠦᠨ ᠢ᠋ ᠪᠠᠰᠠ 《ᠳᠤᠮᠳᠠ ᠬᠡᠭᠡᠯ ᠲᠡᠢ ᠡᠮ᠎ᠡ 》᠂  《ᠬᠤᠸᠠᠭᠴᠢᠨ ᠡᠮᠡᠭᠡᠨ 》ᠭᠡᠵᠦ ᠬᠡᠯᠡᠵᠦ ᠪᠠᠢᠭᠰᠠᠨ ᠨᠢ ᠲᠡᠷᠡ ᠦᠶ᠎ᠡ ᠳ᠋ᠡᠭᠡᠨ ᠢᠷᠠᠭᠤ ᠰᠠᠢᠬᠠᠨ ᠰᠠᠨᠠᠭᠳᠠᠵᠤ ᠪᠠᠢᠭᠰᠠᠨ ᠮᠠᠭᠠᠳ ᠂ ᠣᠳᠣ ᠰᠣᠨᠣᠰᠬᠤ ᠳ᠋ᠤ᠌ ᠡᠪ ᠬᠠᠪᠤ ᠦᠭᠡᠢ ᠪᠣᠯᠵᠤ ᠂ ᠪᠣᠯᠪᠠᠰᠤᠨ ᠪᠢᠰᠢ ᠪᠣᠳᠣᠭᠳᠠᠬᠤ ᠲᠠᠢ ᠠᠳᠠᠯᠢ ᠂ ᠲᠡᠭᠦᠨ ᠡᠴᠡ ᠬᠣᠢᠰᠢ ᠬᠡᠳᠦᠨ ᠵᠠᠭᠤᠨ ᠵᠢᠯ ᠦ᠋ᠨ ᠲᠤᠷᠰᠢ  《ᠡᠮ᠎ᠡ ᠲᠥᠯ 》 ᠭᠡᠭᠳᠡᠵᠦ ᠪᠠᠢᠭᠰᠠᠨ ᠨᠢ ᠬᠣᠷᠢᠳᠤᠭᠠᠷ ᠵᠠᠭᠤᠨ ᠂ ᠢᠯᠠᠩᠭᠤᠶ᠎ᠠ ᠴᠢᠯᠥᠭᠡᠯᠡᠭᠳᠡᠭᠰᠡᠨ ᠡᠴᠡ ᠨᠠᠭᠠᠰᠢ ᠪᠣᠯᠵᠤ ᠢᠷᠡᠬᠦ ᠳ᠋ᠦ᠍ ᠮᠥᠨ ᠪᠣᠯᠪᠠᠰᠤᠨ ᠪᠢᠰᠢ ᠪᠣᠯᠵᠠᠢ ᠃ ᠡᠢᠨ ᠬᠦ᠌ ᠣᠳᠣᠬᠢ ᠶ᠋ᠢᠨ ᠮᠠᠯᠴᠢᠳ 《ᠡᠮ᠎ᠡ ᠲᠥᠯ  》ᠢ᠋ 《ᠥᠬᠢᠨ ᠲᠥᠯ 》 ᠭᠡᠵᠦ ᠬᠡᠯᠡᠬᠦ ᠨᠢ ᠬᠠᠮᠤᠭ ᠤ᠋ᠨ ᠣᠨᠣᠪᠴᠢᠲᠠᠢ ᠮᠥᠷᠲᠡᠭᠡᠨ ᠪᠣᠯᠪᠠᠰᠤᠨ ᠨᠡᠷᠡᠢᠳᠦᠯ ᠭᠡᠵᠦ ᠦᠵᠡᠨ ᠲᠣᠭᠲᠠᠭᠠᠵᠠᠢ ᠃ ᠡᠨᠡ ᠨᠢ ᠳᠠᠷᠤᠢ ᠮᠠᠨ ᠤ᠋ ᠦᠨᠳᠦᠰᠦᠲᠡᠨ ᠦ᠌ ᠬᠡᠯᠡ ᠬᠡᠯᠡᠯᠭᠡ ᠶ᠋ᠢᠨ ᠬᠥᠭᠵᠢᠯ ᠂ ᠰᠣᠶᠣᠯ ᠪᠣᠯᠪᠠᠰᠤᠨ ᠤ᠋ ᠳᠡᠭᠡᠭᠰᠢᠯᠡᠯᠲᠡ ᠶ᠋ᠢ ᠬᠠᠷᠠᠭᠤᠯᠵᠤ ᠴᠢᠳᠠᠵᠠᠢ᠃ 
      ᠬᠡᠯᠡ ᠬᠡᠯᠡᠯᠭᠡ ᠶ᠋ᠢᠨ ᠳᠠᠷᠬᠠᠳ ᠂ ᠰᠣᠶᠣᠯ ᠪᠣᠯᠪᠠᠰᠤᠨ ᠤ᠋ ᠡᠬᠢ ᠣᠨᠳᠣᠷᠣᠯ ᠪᠣᠯᠤᠭᠰᠠᠨ ᠮᠠᠯᠴᠢᠨ ᠲᠦᠮᠡᠨ ᠦ᠌ ᠮᠢᠨᠢ ᠦᠢᠯᠡᠳᠦᠯᠭᠡᠴᠢ ᠨᠡᠷᠡᠢᠳᠦᠯ ᠲᠤᠩ ᠣᠨᠣᠭᠠᠵᠤ ᠮᠠᠰᠢ ᠵᠦᠢᠲᠡᠢ ᠥᠭᠴᠡᠢ ᠭᠡᠵᠦ ᠨᠠᠳᠠ ᠰᠠᠨᠠᠭᠳᠠᠬᠤ ᠶᠤᠮ ᠠ᠋ !
       ᠨᠣᠬᠠᠢ ᠠ᠋ᠴᠠ ᠪᠠᠨ ᠬᠡᠨᠵᠢ ᠨᠢ ᠭᠡᠭᠴᠢ ᠪᠡᠷ ᠨᠢᠭᠡ ᠶᠡᠬᠡ ᠤᠷᠲᠤ ᠶᠠᠭᠤᠮ᠎ᠠ ᠳᠣᠩᠭᠣᠰᠴᠢᠬᠠᠯ᠎ᠠ ᠃ ᠡᠨᠳᠡᠭᠦᠦ ᠲᠠᠰᠢᠶ᠎ᠠ ᠪᠠᠢᠭ᠎ᠠ ᠨᠢ ᠳᠠᠮᠵᠢᠭ ᠦᠭᠡᠢ ᠂ ᠡᠷᠬᠢᠮ ᠤᠩᠰᠢᠭᠴᠢᠳ ᠪᠣᠯᠤᠨ ᠡᠷᠳᠡᠮᠲᠡᠳ ᠮᠡᠷᠭᠡᠳ ᠡᠯᠢᠭᠡᠰᠢᠶᠡᠨ ᠰᠤᠷᠭᠠᠮᠤ᠃  
                                          ᠪᠣᠷᠵᠢᠭᠢᠨ ᠸᠠᠩᠵᠢᠯ      
                  ᠰᠢᠷᠬᠠᠴᠢᠨ ᠮᠣᠭᠠᠢ ᠵᠢᠯ ᠦ᠋ᠨ ᠪᠢᠯᠢᠭ ᠦ᠋ᠨ ᠠᠷᠪᠠᠨ ᠰᠠᠷ᠎ᠠ ᠶ᠋ᠢᠨ ᠰᠢᠨ᠎ᠡ ᠶ᠋ᠢᠨ ᠬᠣᠶᠠᠷ᠎ᠠ᠂ 
                                                          ᠬᠠᠯᠢᠭᠤᠲᠤ ᠳ᠋ᠤ᠌ ᠃