ᠣᠨ ᠵᠢᠯ ᠦ᠋ᠳ- ᠮᠠᠨᠳᠠᠯᠲᠤОн жилүүд-мандалт
ᠣᠨ ᠵᠢᠯ ᠦ᠋ᠳ
《ᠬᠥᠳᠡᠭᠡ ᠰᠢᠯᠢ 》 ᠲᠧᠯᠸᠢᠰ ᠵᠦᠴᠦᠭᠡ ᠶ᠋ᠢᠨ ᠭᠣᠣᠯ ᠳᠠᠭᠤᠤ
ᠦᠭᠡ ᠄ ᠴᠤᠬᠵᠢᠯᠳᠣ
ᠠᠶ᠎ᠠ ᠄ ᠳ᠋ᠤ᠂ ᠤᠯᠠᠭᠠᠨᠪᠠᠭᠠᠲᠤᠷ
ᠳᠠᠭᠤᠤ ᠄ ᠮᠠᠨᠳᠠᠯᠲᠤ
ᠠᠷᠤ ᠶ᠋ᠢᠨ ᠠᠭᠤᠯᠠ ᠨᠢ ᠪᠤᠳᠠᠩ ᠲᠠᠢ ᠯᠠ ᠪᠠᠢᠨ᠎ᠠ
ᠠᠪᠤ ᠶ᠋ᠢᠨ ᠪᠠᠷ᠎ᠠ ᠪᠦᠷᠦᠯᠵᠡᠭᠡᠳ ᠪᠠᠢᠨ᠎ᠠ
ᠨᠠᠷᠢᠨ ᠭᠣᠣᠯ ᠮᠠᠨᠠᠨᠲᠤᠭᠠᠳ ᠪᠠᠢᠨ᠎ᠠ
ᠨᠠᠰᠤᠨ ᠪᠠᠭ᠎ᠠ ᠪᠠᠨ ᠳᠤᠷᠠᠰᠤᠭᠠᠳ ᠪᠠᠢᠨ᠎ᠠ
ᠠ ᠬᠦ᠂ ᠬᠡᠴᠢᠨᠡᠨ ᠴᠦ᠍ ᠬᠤᠷᠳᠤᠨ ᠥᠩᠭᠡᠷᠡᠬᠦ ᠶᠦᠮ ᠳᠡ
ᠤᠬᠢᠯᠠᠮᠠᠷ ᠳᠠᠭᠤᠯᠠᠮᠠᠷ ᠣᠨ ᠵᠢᠯ ᠦ᠋ᠳ ᠠ᠋
ᠠ᠂ ᠬᠡᠳᠦᠢ ᠴᠦ᠍ ᠲᠦᠷᠭᠡᠨ ᠥᠲᠡᠯᠬᠦ ᠶᠦᠮ ᠳᠡ
ᠤᠴᠠᠷᠠᠵᠤ ᠦᠶᠡᠷᠬᠡᠭᠰᠡᠨ ᠠᠨᠳᠠ ᠨᠤᠭᠤᠳ ᠮᠢᠨᠢ ᠠ᠋
ᠰᠠᠷᠠᠭᠤᠯ ᠬᠠᠩᠭᠠᠢ ᠰᠡᠮᠡᠷᠡᠭᠡᠳ ᠪᠠᠢᠨ᠎ᠠ
ᠰᠠᠨᠴᠢᠭ ᠤ᠋ᠨ ᠦᠰᠦ ᠪᠤᠭᠤᠷᠤᠯᠲᠤᠭᠠᠳ ᠪᠠᠢᠨ᠎ᠠ
ᠬᠥᠳᠡᠭᠡ ᠶ᠋ᠢᠨ ᠵᠠᠮ ᠰᠤᠨᠤᠯᠵᠠᠭᠠᠳ ᠪᠠᠢᠨ᠎ᠠ
ᠬᠥᠭᠡᠷᠦᠬᠦᠢ ᠵᠢᠷᠦᠬᠡ ᠮᠢᠨᠢ ᠤᠶᠠᠷᠠᠭᠠᠳ ᠪᠠᠢᠨ᠎ᠠ
ᠠ ᠬᠦ᠂ ᠶᠠᠭᠠᠬᠢᠭᠰᠠᠨ ᠴᠦ᠍ ᠬᠤᠷᠳᠤᠨ ᠥᠩᠭᠡᠷᠡᠬᠦ ᠶᠦᠮ ᠳᠡ
ᠳᠤᠷᠠᠳᠬᠠᠯ ᠬᠡᠯᠬᠢᠭᠰᠡᠨ ᠣᠨ ᠵᠢᠯ ᠦ᠋ᠳ ᠠ᠋
ᠠ᠂ ᠶᠠᠮᠠᠷ ᠴᠦ᠍ ᠲᠦᠷᠭᠡᠨ ᠬᠤᠪᠢᠷᠠᠬᠤ ᠶᠦᠮ ᠳᠡ
ᠲᠣᠭᠯᠠᠵᠤ ᠥᠰᠦᠭᠰᠡᠨ ᠭᠠᠵᠠᠷ ᠰᠢᠷᠣᠢ ᠮᠢᠨᠢ
ᠪᠣᠭᠳᠠ ᠬᠠᠢᠷᠬᠠᠨ ᠲᠦᠩᠰᠦᠢᠭᠡᠳ ᠪᠠᠢᠨ᠎ᠠ
ᠪᠣᠷᠣ ᠭᠡᠷ ᠰᠦᠮᠡᠢᠭᠡᠳ ᠪᠠᠢᠨ᠎ᠠ
ᠠᠮᠤᠭᠤᠯᠠᠩ ᠲᠠᠯ᠎ᠠ ᠠᠨᠢᠷᠯᠠᠭᠠᠳ ᠪᠠᠢᠨ᠎ᠠ
ᠠᠶᠠᠯᠭᠤ ᠳᠠᠭᠤᠨ ᠤᠴᠢᠷᠯᠠᠭᠠᠳ ᠪᠠᠢᠨ᠎ᠠ
ᠠ ᠬᠦ᠂ ᠵᠡᠭᠦᠳᠦ ᠰᠢᠭ ᠯᠡ ᠰᠠᠨᠠᠭᠳᠠᠬᠤ ᠶᠤᠮ ᠳᠠ
ᠵᠢᠷᠭᠠᠯᠠᠩᠲᠤ ᠶ᠋ᠢᠨ ᠡᠳᠦᠷ ᠬᠣᠨᠣᠭ ᠤ᠋ᠳ ᠠ᠋
ᠠ᠂ ᠦᠯᠢᠭᠡᠷ ᠰᠢᠭ ᠯᠡ ᠦᠷᠭᠦᠯᠵᠢᠯᠡᠬᠦ ᠶᠦᠮ ᠳᠡ
ᠦᠨᠡᠨ ᠲᠡᠢ ᠬᠤᠳᠠᠯ ᠲᠠᠢ ᠣᠨ ᠵᠢᠯ ᠦ᠋ᠳ ᠠ᠋
ᠦᠰᠦᠭ ᠠᠮᠢᠯᠠᠭᠤᠯᠤᠭᠴᠢ᠄ ᠤᠷᠢᠶᠠᠩᠬᠠᠢ ᠨᠠᠷᠠᠨᠮᠠᠨᠳᠠ
