ᠮᠢᠨᠦ ᠮᠣᠩᠭᠣᠯ ᠬᠡᠯᠡ ᠠᠮᠢ ᠲᠠᠢ – ᠭᠤ ᠂ ᠰᠠᠢᠨᠪᠠᠶᠠᠷ Миний монгол хэл амьтай – Го ᠂ Сайнбаяр ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠢᠨᠦ ᠮᠣᠩᠭᠣᠯ ᠬᠡᠯᠡ ᠠᠮᠢ ᠲᠠᠢ – ᠭᠤ ᠂ ᠰᠠᠢᠨᠪᠠᠶᠠᠷ Миний монгол хэл амьтай – Го ᠂ Сайнбаяр

ᠮᠢᠨᠦ ᠮᠣᠩᠭᠣᠯ ᠬᠡᠯᠡ ᠠᠮᠢ ᠲᠠᠢ – ᠭᠤ ᠂ ᠰᠠᠢᠨᠪᠠᠶᠠᠷ Миний монгол хэл амьтай – Го ᠂ Сайнбаяр

2024-11-13

788

ᠮᠢᠨᠦ ᠮᠣᠩᠭᠣᠯ ᠬᠡᠯᠡ ᠠᠮᠢ ᠲᠠᠢ – ᠭᠤ ᠂ ᠰᠠᠢᠨᠪᠠᠶᠠᠷ Миний монгол хэл амьтай – Го ᠂ Сайнбаяр

     ᠭᠤ· ᠰᠠᠢᠨᠪᠠᠶᠠᠷ 

《 ᠠᠩᠬᠢᠯᠤᠨ᠎ᠠ ᠰᠡᠩᠭᠢᠨᠡᠨ᠎ᠡ ᠬᠠᠩᠬᠤᠯᠤᠨ᠎ᠠ》
ᠮᠢᠨᠦ ᠮᠣᠩᠭᠣᠯ ᠬᠡᠯᠡ ᠦᠨᠦᠷ ᠲᠡᠢ
《ᠴᠡᠩᠬᠡᠷᠯᠡᠨ᠎ᠡ ᠴᠠᠢᠯᠵᠠᠨ᠎ᠠ ᠮᠢᠷᠠᠯᠵᠠᠨ᠎ᠠ》
ᠮᠢᠨᠦ ᠮᠣᠩᠭᠣᠯ ᠬᠡᠯᠡ ᠥᠩᠭᠡ ᠲᠡᠢ
《 ᠨᠠᠮᠢᠷᠠᠨ᠎ᠠ ᠨᠠᠬᠢᠯᠵᠠᠨ᠎ᠠ ᠭᠠᠩᠬᠤᠨ᠎ᠠ》
ᠮᠢᠨᠦ ᠮᠣᠩᠭᠣᠯ ᠬᠡᠯᠡ ᠪᠥᠵᠢᠭ ᠲᠡᠢ
《 ᠬᠠᠩᠭᠢᠨᠠᠨ᠎ᠠ ᠴᠠᠩᠭᠢᠨᠠᠨ᠎ᠠ ᠬᠦᠩᠭᠢᠨᠡᠨ᠎ᠡ》
ᠮᠢᠨᠦ ᠮᠣᠩᠭᠣᠯ ᠬᠡᠯᠡ ᠬᠥᠭᠵᠢᠮ ᠲᠡᠢ
《 ᠲᠤᠶᠠᠭᠠᠷᠠᠨ᠎ᠠ ᠭᠢᠯᠠᠯᠵᠠᠨ᠎ᠠ ᠰᠠᠴᠤᠷᠠᠨ᠎ᠠ》
ᠮᠢᠨᠦ ᠮᠣᠩᠭᠣᠯ ᠬᠡᠯᠡ ᠭᠡᠷᠡᠯ ᠲᠡᠢ
《 ᠦᠷᠪᠢᠰᠦᠨ᠎ᠡ ᠳᠤᠯᠠᠯᠵᠠᠨ᠎ᠠ ᠳᠦᠷᠡᠯᠵᠡᠨ᠎ᠡ》
ᠮᠢᠨᠦ ᠮᠣᠩᠭᠣᠯ ᠬᠡᠯᠡ ᠭᠠᠯ ᠲᠠᠢ
《 ᠥᠷᠭᠡᠵᠢᠨ᠎ᠡ ᠦᠷᠭᠦᠯᠵᠢᠯᠡᠨ᠎ᠡ ᠥᠷᠨᠢᠨ᠎ᠡ》
ᠮᠢᠨᠦ ᠮᠣᠩᠭᠣᠯ ᠬᠡᠯᠡ ᠠᠮᠢ ᠲᠠᠢ ᠃

ᠦᠰᠦᠭ ᠠᠮᠢᠯᠠᠭᠤᠯᠤᠭᠰᠠᠨ ᠨᠢ᠄ ᠪᠦᠷᠢᠨᠴᠡᠴᠡᠭ
ᠦᠰᠦᠭ ᠬᠢᠨᠠᠭᠰᠠᠨ ᠨᠢ᠄ ᠨᠠᠨᠳᠢᠨ