ᠢᠵᠢᠯ ᠮᠥᠷᠡᠨ- ᠬᠤᠷᠳᠤ ᠬᠠᠮᠲᠤᠯᠢᠭИжил мөрөн-хурд хамтлаг
ᠢᠵᠢᠯ ᠮᠥᠷᠡᠨ
ᠦᠭᠡ᠄ ᠷᠢ᠊᠂ ᠰᠡᠴᠡᠨᠴᠣᠭᠲᠤ
ᠠᠶ᠎ᠠ᠄ ᠷᠢ᠊᠂ ᠰᠡᠴᠡᠨᠪᠠᠭᠠᠲᠤᠷ
ᠳᠠᠭᠤᠴᠢᠨ᠄ ᠬᠤᠷᠳᠤ ᠬᠠᠮᠲᠤᠯᠢᠭ
ᠴᠠᠩ ᠰᠠᠪᠰᠠᠭᠤᠯᠤᠨ ᠥᠨᠳᠡᠯᠵᠡᠭᠰᠡᠨ
ᠴᠠᠰᠤᠲᠤ ᠠᠯᠲᠠᠢ ᠪᠠᠨ ᠰᠠᠨᠠᠯ᠎ᠠ
ᠴᠠᠢ ᠪᠠᠨ ᠰᠠᠮᠤᠷᠤᠨ ᠬᠦᠯᠢᠶᠡᠭᠰᠡᠨ
ᠴᠠᠭᠠᠨ ᠪᠤᠭᠤᠷᠤᠯ ᠡᠵᠢ ᠪᠡᠨ ᠰᠠᠨᠠᠯ᠎ᠠ
ᠳᠣᠷᠣᠨ᠎ᠠ ᠶ᠋ᠢᠨ ᠰᠠᠷ᠎ᠠ ᠶ᠋ᠢ ᠮᠡᠯᠲᠡᠯᠵᠡᠭᠦᠯᠦᠭᠰᠡᠨ
ᠲᠣᠭᠰᠢᠨ ᠡᠷᠴᠢᠰ ᠢ᠋ᠶ᠋ᠡᠨ ᠰᠠᠨᠠᠯ᠎ᠠ
ᠣᠮᠣᠭᠣᠯᠠᠩ ᠮᠣᠷᠢᠳ ᠨᠢ ᠳᠠᠪᠬᠢᠯᠳᠤᠭᠰᠠᠨ
ᠳᠣᠮᠣᠭᠲᠤ ᠰᠢᠷ᠎ᠠ ᠲᠠᠯ᠎ᠠ ᠪᠠᠨ ᠰᠠᠨᠠᠯ᠎ᠠ
ᠬᠠᠷᠢᠶ᠎ᠠ ᠬᠠᠷᠢᠶ᠎ᠠ ᠭᠡᠬᠦᠯᠡᠷ ᠠᠨᠳᠠ ᠮᠢᠨᠢ
ᠬᠣᠯᠠ ᠶ᠋ᠢᠨ ᠮᠥᠷᠡᠨ ᠬᠥᠯᠳᠡᠭᠰᠡᠨ ᠦᠭᠡᠢ
ᠶᠠᠪᠤᠶ᠎ᠠ ᠶᠠᠪᠤᠶ᠎ᠠ ᠭᠡᠬᠦᠯᠡᠷ ᠠᠪᠤ ᠮᠢᠨᠢ
ᠶᠡᠬᠡ ᠮᠥᠷᠡᠨ ᠬᠥᠯᠳᠡᠭᠰᠡᠨ ᠦᠭᠡᠢ
ᠬᠤᠷ᠎ᠠ ᠨᠠᠷᠠᠨ ᠠᠰᠬᠠᠷᠠᠭᠰᠠᠨ
ᠬᠤᠷᠠᠭᠠᠨ ᠤ᠋ ᠪᠠᠨ ᠪᠡᠯᠴᠢᠭᠡᠷ ᠢ᠋ ᠰᠠᠨᠠᠯ᠎ᠠ
ᠬᠤᠭᠤᠷ ᠴᠣᠭᠣᠷ ᠬᠦᠩᠭᠢᠨᠡᠭᠦᠯᠦᠭᠰᠡᠨ
ᠲᠤᠤᠯᠢᠴᠢ ᠮᠡᠷᠭᠡᠨ ᠠᠪᠤ ᠶ᠋ᠢ ᠪᠡᠨ ᠰᠠᠨᠠᠯ᠎ᠠ
ᠣᠩᠭᠣᠨ ᠬᠦᠯᠦᠭ ᠦ᠋ᠨ ᠳᠠᠯᠠᠨ ᠳᠡᠭᠡᠭᠦᠷ
ᠣᠳᠣᠲᠠᠢ ᠰᠥᠨᠢ ᠶ᠋ᠢᠨ ᠲᠤᠶᠠᠭᠠᠨ ᠳᠤᠮᠳᠠᠭᠤᠷ
ᠣᠯᠠᠨ ᠪᠠᠭᠠᠲᠤᠷ ᠤ᠋ᠨ ᠴᠢᠰᠤᠨ ᠳᠤᠮᠳᠠᠭᠤᠷ
ᠣᠪᠰᠢ ᠬᠠᠭᠠᠨ ᠨᠤᠲᠤᠭ ᠢ᠋ᠶ᠋ᠠᠨ ᠵᠣᠷᠢᠯ᠎ᠠ
ᠬᠠᠷᠢᠶ᠎ᠠ ᠬᠠᠷᠢᠶ᠎ᠠ ᠭᠡᠬᠦᠯᠡᠷ ᠨᠤᠲᠤᠭ ᠮᠢᠨᠢ
ᠢᠵᠢᠯ ᠮᠥᠷᠡᠨ ᠬᠥᠯᠳᠡᠭᠰᠡᠨ ᠦᠭᠡᠢ
ᠪᠤᠴᠠᠶ᠎ᠠ ᠪᠤᠴᠠᠶ᠎ᠠ ᠭᠡᠬᠦᠯᠡᠷ ᠴᠢ ᠮᠢᠨᠢ
ᠪᠤᠭᠤᠷᠤᠯ ᠮᠥᠷᠡᠨ ᠬᠥᠯᠳᠡᠭᠰᠡᠨ ᠦᠭᠡᠢ
ᠶᠠᠪᠤᠶ᠎ᠠ ᠶᠠᠪᠤᠶ᠎ᠠ ᠭᠡᠬᠦᠯᠡᠷ ᠠᠪᠤ ᠮᠢᠨᠢ
ᠶᠡᠬᠡ ᠮᠥᠷᠡᠨ ᠬᠥᠯᠳᠡᠭᠰᠡᠨ ᠦᠭᠡᠢ
ᠦᠰᠦᠭ ᠠᠮᠢᠯᠠᠭᠤᠯᠤᠭᠴᠢ᠄ ᠵ᠂ ᠪᠤᠶᠠᠨᠲᠣᠭᠲᠠᠬᠤ
ᠬᠢᠨᠠᠭᠴᠢ ᠪᠠᠭᠰᠢ᠄ ᠣᠳᠬᠠᠨᠰᠤ᠎ᠠ᠂ ᠭᠠᠷᠮ᠎ᠠ
