ᠠᠷᠭᠠᠯ ᠳᠤ ᠶᠠᠪᠤᠭᠰᠠᠨ ᠡᠵᠢ ᠮᠢᠨᠢ-ᠠ᠊ ∙ᠳᠣᠯᠭᠠᠷА Долгор - Аргалд явсан ээж минь
ᠠᠷᠭᠠᠯ ᠳᠤ ᠶᠠᠪᠤᠭᠰᠠᠨ ᠡᠵᠢ ᠮᠢᠨᠢ
ᠦᠭᠡ᠄ ᠵ ∙ ᠪᠠᠳᠠᠷᠠ
ᠠᠶ᠎ᠠ᠄ ᠨ ∙ ᠵᠠᠩᠴᠠᠨᠨᠣᠷᠪᠤ ᠶ᠋ᠢᠨ ᠬᠥᠭᠵᠢᠮ
ᠳᠠᠭᠤᠴᠢᠨ᠄ ᠳᠣᠯᠭᠠᠷ ᠳᠠᠭᠤᠯᠠᠪᠠ᠃
ᠠᠷᠭᠠᠯ ᠳ᠋ᠤ᠌ ᠶᠠᠪᠤᠭᠰᠠᠨ ᠡᠵᠢ ᠮᠢᠨᠢ ᠲᠠ
ᠠᠷᠠᠢ ᠳᠡᠩᠳᠡᠭᠦᠦ ᠤᠳᠠᠯ᠎ᠠ ᠰᠢᠦ ᠳᠡ
ᠠᠭᠠᠭ ᠲᠠᠢ ᠴᠠᠢ ᠶ᠋ᠢ ᠲᠠᠨᠢ ᠰᠠᠨᠠᠨ ᠰᠠᠨᠠᠭᠰᠠᠭᠠᠷ
ᠠᠩᠭᠠᠵᠤ ᠶᠠᠪᠤᠨ᠎ᠠ ᠳᠠ ᠮᠠᠭᠤ ᠬᠦᠦ ᠴᠢᠨᠢ
ᠡᠵᠢ ᠮᠢᠨᠢ᠂ ᠡᠵᠢ ᠮᠢᠨᠢ
ᠡᠨᠡᠷᠢᠯᠲᠦ ᠲᠩᠷᠢ ᠮᠢᠨᠢ
ᠡᠷᠭᠢᠭᠡᠳ ᠢᠷᠡᠬᠦ ᠲᠠᠨᠢ ᠪᠣᠯᠤᠭ᠎ᠠ ᠦᠭᠡᠢ ᠤᠤ
ᠥᠭᠡᠳᠡ ᠪᠡᠨ ᠤᠲᠤᠭᠰᠠᠭᠠᠷ ᠡᠵᠢ ᠮᠢᠨᠢ ᠲᠠ
ᠥᠨᠢᠳᠡ ᠤᠳᠠᠭᠠᠨ ᠰᠠᠭᠠᠲᠠᠯ᠎ᠠ ᠰᠢᠦ ᠳᠡ
ᠡᠳᠦᠷ ᠬᠣᠨᠣᠭ ᠤ᠋ᠨ ᠲᠣᠭᠠᠯᠠᠨ ᠲᠣᠭᠠᠯᠠᠭᠰᠠᠭᠠᠷ
ᠥᠩᠭᠡᠷᠡᠭᠡᠵᠦ ᠶᠠᠪᠤᠨ᠎ᠠ ᠳᠠ ᠮᠠᠭᠤ ᠬᠦᠦ ᠴᠢᠨᠢ
ᠡᠵᠢ ᠮᠢᠨᠢ᠂ ᠡᠵᠢ ᠮᠢᠨᠢ
ᠡᠨᠡᠷᠢᠯᠲᠦ ᠲᠩᠷᠢ ᠮᠢᠨᠢ
ᠡᠷᠭᠢᠭᠡᠳ ᠢᠷᠡᠬᠦ ᠲᠠᠨᠢ ᠪᠣᠯᠤᠭ᠎ᠠ ᠦᠭᠡᠢ ᠤᠤ
ᠪᠤᠷᠬᠠᠨ ᠳ᠋ᠤ᠌ ᠵᠣᠷᠢᠭᠰᠠᠨ ᠡᠵᠢ ᠮᠢᠨᠢ ᠲᠠ
ᠪᠤᠴᠠᠬᠤ ᠪᠠᠨ ᠮᠠᠷᠲᠠᠭᠠᠳ ᠲᠣᠬᠣᠯᠠ ᠤᠤ ᠳᠠ
ᠪᠤᠶᠠᠨ ᠵᠠᠶᠠᠭ᠎ᠠ ᠶ᠋ᠢ ᠲᠠᠨ ᠳ᠋ᠤ᠌ ᠪᠠᠨ ᠢᠷᠥᠭᠡᠵᠦ
ᠪᠠᠭᠤᠭᠠᠳ ᠢᠷᠡᠬᠦ ᠶ᠋ᠢ ᠮᠥᠷᠭᠥᠨ ᠭᠤᠶᠤᠶ᠎ᠠ
ᠡᠵᠢ ᠮᠢᠨᠢ᠂ ᠡᠵᠢ ᠮᠢᠨᠢ
ᠡᠨᠡᠷᠢᠯᠲᠦ ᠲᠩᠷᠢ ᠮᠢᠨᠢ
ᠡᠷᠭᠢᠭᠡᠳ ᠢᠷᠡᠬᠦ ᠲᠠᠨᠢ ᠪᠣᠯᠤᠭ᠎ᠠ ᠦᠭᠡᠢ ᠤᠤ
