ᠠᠪᠤ ᠳᠤ ᠪᠠᠨ-ᠴᠢᠯᠠᠭᠤᠨᠴᠢᠮᠡᠭ Chuluunchimeg AAVDAA Чулуунчимэг Аавдаа
ᠠᠪᠤ ᠳᠤ ᠪᠠᠨ
ᠦᠭᠡ :ᠴ᠂ ᠴᠠᠩᠨ᠋ᠠᠳ᠋ᠣᠷᠴᠢ
ᠠᠶ᠎ᠠ᠄ ᠫᠦᠷᠪᠦᠰᠦ᠋ᠷᠦ᠋ᠩ
ᠳᠠᠭᠤᠴᠢᠨ : ᠰᠣᠶᠣᠯ ᠤ᠋ᠨ ᠲᠡᠷᠢᠭᠦᠨ ᠦ᠌
ᠠᠵᠢᠯᠲᠠᠨ᠂ ᠡ᠂ ᠴᠢᠯᠠᠭᠤᠨᠴᠢᠮᠡᠭ
ᠥᠬᠥᠭᠡᠷᠳᠡᠵᠦ ᠲᠡᠪᠡᠷᠢᠭᠰᠡᠨ ᠡᠩᠭᠡᠷ ᠨᠢ ᠠᠭᠤᠯᠠ ᠰᠢᠭ᠋ ᠨᠥᠮᠦᠷᠢᠲᠡᠢ ᠠᠪᠤ ᠳ᠋ᠤ᠌ ᠪᠠᠨ
ᠡᠷᠭᠦᠵᠦ ᠡᠷᠬᠡᠯᠡᠭᠦᠯᠦᠭᠰᠡᠨ ᠠᠯᠠᠭ᠎ᠠ ᠨᠢ ᠲᠠᠯ᠎ᠠ ᠰᠢᠭ᠋ ᠥᠷᠭᠡᠨ ᠠᠪᠤ ᠳ᠋ᠤ᠌ ᠪᠠᠨ
ᠳᠠᠭᠠᠭᠤᠯᠵᠤ ᠬᠥᠲᠥᠯᠦᠭᠰᠡᠨ ᠭᠠᠷ ᠨᠢ ᠲᠠᠩᠳᠠ ᠳᠤᠯᠠᠭᠠᠬᠠᠨ ᠠᠪᠤ ᠳ᠋ᠤ᠌ ᠪᠠᠨ
ᠳᠠᠩᠴᠤ ᠳᠥᠯᠭᠡᠬᠡᠨ ᠵᠠᠩ ᠲᠠᠢ ᠤᠬᠠᠭᠠᠨ ᠤ᠋ ᠲᠩᠷᠢ ᠠᠪᠤ ᠳ᠋ᠤ᠌ ᠪᠠᠨ
ᠡᠷᠬᠡ ᠲᠠᠩᠬᠢᠯ ᠥᠬᠢᠨ ᠴᠢᠨᠢ ᠳᠡᠩᠳᠡᠭᠦᠦ ᠶᠡᠬᠡ ᠬᠠᠢᠷᠠᠲᠠᠢ ᠰᠢᠦ
ᠡᠷᠬᠢᠮ ᠰᠠᠢᠬᠠᠨ ᠨᠡᠷ᠎ᠡ ᠶ᠋ᠢ ᠲᠠᠨᠢ ᠡᠷᠭᠦᠵᠦ ᠶᠠᠪᠤᠨ᠎ᠠ ᠠ᠋ ᠠᠪᠤ ᠠ᠋
ᠳᠡᠪᠡᠯ ᠡᠮᠦᠰᠦᠭᠰᠡᠨ ᠠᠭᠤᠯᠠ ᠰᠢᠭ᠋ ᠬᠠᠩᠬᠠᠷ ᠰᠠᠢᠬᠠᠨ ᠠᠪᠤ ᠳ᠋ᠤ᠌ ᠪᠠᠨ
ᠳᠠᠷᠠᠰᠤ ᠪᠥᠬᠥᠢᠯᠭᠡᠬᠦ ᠰᠠᠯᠬᠢ ᠰᠢᠭ᠋ ᠤᠶᠠᠨ ᠵᠥᠭᠡᠯᠡᠨ ᠠᠪᠤ ᠳ᠋ᠤ᠌ ᠪᠠᠨ
ᠭᠦᠨ ᠴᠡᠩᠬᠡᠷ ᠲᠩᠷᠢ ᠰᠢᠭ ᠠᠭᠤᠵᠢᠭᠤ ᠠᠮᠤᠭᠤᠯᠠᠩ ᠠᠪᠤ ᠳ᠋ᠤ᠌ ᠪᠠᠨ
ᠭᠦᠢᠴᠡᠳ ᠥᠳᠥᠯᠡᠭᠡ ᠦᠭᠡᠢ ᠨᠠᠰᠤᠨ ᠠ᠋ᠴᠠ ᠮᠢᠨᠢ ᠡᠭᠦᠷᠴᠦ ᠠᠯᠬᠤᠭᠰᠠᠨ ᠠᠪᠤ ᠳ᠋ᠤ᠌ ᠪᠠᠨ
ᠡᠷᠬᠡ ᠲᠠᠩᠬᠢᠯ ᠥᠬᠢᠨ ᠴᠢᠨᠢ ᠳᠡᠩᠳᠡᠭᠦᠦ ᠶᠡᠬᠡ ᠬᠠᠢᠷᠠᠲᠠᠢ ᠰᠢᠦ
ᠡᠷᠬᠢᠮ ᠰᠠᠢᠬᠠᠨ ᠨᠡᠷ᠎ᠡ ᠶ᠋ᠢ ᠲᠠᠨᠢ ᠡᠷᠭᠦᠵᠦ ᠶᠠᠪᠤᠨ᠎ᠠ ᠠ᠋ ᠠᠪᠤ ᠠ᠋
ᠬᠠᠶᠠ ᠨᠢᠭᠡᠬᠡᠨ ᠠᠶᠠᠯᠳᠠᠭ ᠭᠠᠭᠴᠠᠬᠠᠨ ᠳᠠᠭᠤᠤ ᠲᠠᠢ ᠠᠪᠤ ᠳ᠋ᠤ᠌ ᠪᠠᠨ
ᠬᠠᠮᠢᠭ᠎ᠠ ᠬᠣᠯᠠ ᠠ᠋ᠴᠠ ᠢᠷᠡᠬᠦ ᠳ᠋ᠦ᠍ ᠨᠢ ᠭᠡᠷ ᠳᠦᠭᠦᠷᠳᠡᠭ ᠰᠠᠢᠬᠠᠨ ᠠᠪᠤ ᠳ᠋ᠤ᠌ ᠪᠠᠨ
ᠬᠠᠷᠭᠤᠢ ᠵᠠᠮ ᠤ᠋ᠨ ᠦᠵᠦᠭᠦᠷ ᠡᠴᠡ ᠲᠣᠰᠣᠨ ᠭᠦᠶᠦᠳᠡᠭ ᠠᠪᠤ ᠳ᠋ᠤ᠌ ᠪᠠᠨ
ᠬᠠᠲᠤᠨ ᠳᠡᠯᠡᠬᠡᠢ ᠶ᠋ᠢᠨ ᠡᠯᠢᠭᠡᠨ ᠳ᠋ᠦ᠍ ᠨᠡᠷ᠎ᠡ ᠪᠡᠷ ᠨᠢ ᠣᠪᠣᠭᠯᠠᠭᠰᠠᠨ ᠠᠪᠤ ᠳ᠋ᠤ᠌ ᠪᠠᠨ
ᠡᠷᠬᠡ ᠲᠠᠩᠬᠢᠯ ᠥᠬᠢᠨ ᠴᠢᠨᠢ ᠳᠡᠩᠳᠡᠭᠦᠦ ᠶᠡᠬᠡ ᠬᠠᠢᠷᠠᠲᠠᠢ ᠰᠢᠦ
ᠡᠷᠬᠢᠮ ᠰᠠᠢᠬᠠᠨ ᠨᠡᠷ᠎ᠡ ᠶ᠋ᠢ ᠲᠠᠨᠢ ᠡᠷᠭᠦᠵᠦ ᠶᠠᠪᠤᠨ᠎ᠠ ᠠ᠋ ᠠᠪᠤ ᠠ᠋
ᠡᠷᠬᠡ ᠲᠠᠩᠬᠢᠯ ᠥᠬᠢᠨ ᠴᠢᠨᠢ ᠳᠡᠩᠳᠡᠭᠦᠦ ᠶᠡᠬᠡ ᠬᠠᠢᠷᠠᠲᠠᠢ ᠰᠢᠦ
ᠡᠷᠬᠢᠮ ᠰᠠᠢᠬᠠᠨ ᠨᠡᠷ᠎ᠡ ᠶ᠋ᠢ ᠲᠠᠨᠢ ᠡᠷᠭᠦᠵᠦ ᠶᠠᠪᠤᠨ᠎ᠠ ᠠ᠋ ᠠᠪᠤ ᠠ᠋
ᠦᠰᠦᠭ ᠠᠮᠢᠯᠠᠭᠤᠯᠤᠭᠰᠠᠨ ᠨᠢ ᠄ ᠭᠠᠸᠠ
ᠦᠰᠦᠭ ᠬᠠᠲᠠᠭᠰᠠᠨ ᠨᠢ᠄ ᠭᠠᠸᠠ
ᠬᠢᠨᠠᠭᠴᠢ ᠪᠠᠭᠰᠢ᠄ ᠢᠷᠡᠭᠡᠳᠦᠢ
