ᠣᠷᠣᠢ ᠦᠭᠡᠢ ᠰᠦᠮ᠎ᠡ – ᠠᠷᠪᠠᠨ ᠨᠠᠢ᠍ᠮᠠ ᠂ ᠶᠢᠷᠲᠢᠨᠴᠦ ᠥᠩᠭᠡᠷᠡᠭᠰᠡᠨ ᠪᠠ ᠥᠯᠥ᠍ ᠥᠩᠭᠡᠷᠡᠭᠰᠡᠨ ᠵᠠᠢ ᠳᠤ Оройгүй сүм – Арваннайм ᠂ Ертөнц өнгөрсөн ба үл өнгөрсөн зайд - Oroigui sum 18 ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠣᠷᠣᠢ ᠦᠭᠡᠢ ᠰᠦᠮ᠎ᠡ – ᠠᠷᠪᠠᠨ ᠨᠠᠢ᠍ᠮᠠ ᠂ ᠶᠢᠷᠲᠢᠨᠴᠦ ᠥᠩᠭᠡᠷᠡᠭᠰᠡᠨ ᠪᠠ ᠥᠯᠥ᠍ ᠥᠩᠭᠡᠷᠡᠭᠰᠡᠨ ᠵᠠᠢ ᠳᠤ Оройгүй сүм – Арваннайм ᠂ Ертөнц өнгөрсөн ба үл өнгөрсөн зайд - Oroigui sum 18

ᠣᠷᠣᠢ ᠦᠭᠡᠢ ᠰᠦᠮ᠎ᠡ – ᠠᠷᠪᠠᠨ ᠨᠠᠢ᠍ᠮᠠ ᠂ ᠶᠢᠷᠲᠢᠨᠴᠦ ᠥᠩᠭᠡᠷᠡᠭᠰᠡᠨ ᠪᠠ ᠥᠯᠥ᠍ ᠥᠩᠭᠡᠷᠡᠭᠰᠡᠨ ᠵᠠᠢ ᠳᠤ Оройгүй сүм – Арваннайм ᠂ Ертөнц өнгөрсөн ба үл өнгөрсөн зайд - Oroigui sum 18

ᠠᠩᠭᠢᠯᠠᠯ:ᠲᠤᠭᠤᠵᠢ ᠷᠣᠮᠠᠨ
2023-11-08

1075

ᠠᠷᠪᠠᠨ ᠨᠠᠢ᠍ᠮᠠ ᠂ ᠶᠢᠷᠲᠢᠨᠴᠦ ᠥᠩᠭᠡᠷᠡᠭᠰᠡᠨ ᠪᠠ ᠥᠯᠥ᠍ ᠥᠩᠭᠡᠷᠡᠭᠰᠡᠨ ᠵᠠᠢ ᠳᠤ


                          ᠦᠬᠡᠷ ᠲᠡᠢ ᠬᠥᠮᠦᠨ ᠳ᠋ᠦ᠍ ᠭᠠᠵᠠᠷ ᠬᠣᠯᠠ 
                          ᠦᠬᠦᠭᠰᠡᠨ ᠬᠥᠮᠦᠨ ᠳ᠋ᠦ᠍ ᠳᠡᠷ᠎ᠡ ᠬᠣᠯᠠ 
                          ᠦᠭᠡᠢᠷᠡᠭᠰᠡᠨ ᠬᠥᠮᠦᠨ ᠳ᠋ᠦ᠍ ᠶᠠᠭᠤᠮ᠎ᠠ ᠬᠣᠯᠠ 

       ᠶᠢᠷᠲᠢᠨᠴᠦ ᠶ᠋ᠢᠨ ᠡᠪᠦᠭᠡ ᠡᠴᠢᠭᠡ᠂ ᠭᠤᠷᠪᠠᠨ ᠣᠷᠣᠨ ᠤ᠋ ᠡᠵᠡᠨ ᠯᠢᠭᠳᠡᠨᠸᠠᠩᠴᠢᠭᠴᠢᠮᠪᠤ᠂ ᠮᠠᠬᠠᠰᠤᠸᠠᠷ ᠸᠠᠩ ᠪᠣᠯᠪᠠᠰᠤ ᠪᠡᠶ᠎ᠡ ᠶ᠋ᠢᠨ ᠥᠩᠭᠡ ᠤᠯᠠᠭᠠᠨ᠂ ᠡᠬᠡ ᠤᠮᠠᠳᠢᠸᠢ ᠤᠯᠠᠭᠠᠨ ᠲᠠᠢ ᠤᠴᠠᠷᠠᠭᠰᠠᠨ ᠱᠠᠮᠫᠤᠷᠠᠯᠸᠠᠩᠵᠢᠳ ᠪᠤᠶᠤ ᠪᠤᠰᠤᠳ ᠤ᠋ᠨ ᠬᠤᠪᠢᠯᠤᠭᠰᠠᠨ ᠳ᠋ᠤ᠌  ᠪᠠᠶᠠᠰᠤᠭ᠍ᠴᠢ ᠲᠩᠷᠢ ᠶᠢᠨ ᠣᠷᠣᠨ ᠳ᠋ᠤ᠌ ᠣᠷᠣᠰᠢᠮᠤᠢ! ᠭᠡᠵᠦ ᡀᠠᠷᠠᠮᠪᠠ ᠭᠡᠨᠳᠡᠨᠪᠠᠯᠳᠠᠨ ᠨᠠᠮᠤᠭᠤᠬᠠᠨ ᠪᠣᠯᠪᠠᠴᠤ ᠰᠦᠷᠯᠢᠭ ᠳᠠᠭᠤ ᠪᠠᠷ ᠨᠣᠮᠯᠠᠪᠠ᠃  ᠰᠠᠩᠵᠢ ᠭᠡᠰᠦᠯ ᠬᠣᠶᠠᠭᠤᠯᠠᠬᠠᠨ ᠢ᠋ᠶ᠋ᠠᠨ ᠪᠠᠢᠭ᠎ᠠ ᠲᠤᠯᠠ ᡀᠠᠷᠠᠮᠪᠠ ᠳ᠋ᠤ᠌ ᠴᠢᠩᠭ᠎ᠠ ᠶᠠᠷᠢᠬᠤ ᠱᠠᠭᠠᠷᠳᠠᠯᠭ᠎ᠠ ᠥᠬᠡᠢ ᠠᠵᠢ᠃  ᠰᠠᠩᠵᠢ ᠭᠡᠰᠦᠯ ᠢ᠋ ᠰᠢᠯᠭᠠᠨ ᠰᠢᠭᠦᠬᠦ᠎ ᠳ᠋ᠡᠭᠡᠨ ᠭᠡᠨᠳᠡᠨᠪᠠᠯᠳᠠᠨ ᡀᠠᠷᠠᠮᠪᠠ ᠲᠡᠭᠦᠨ ᠦ᠌ ᠣᠢ ᠰᠠᠢᠲᠠᠢ᠂ ᠰᠡᠷᠭᠦᠯᠡᠩ ᠤᠬᠠᠭᠠᠨ ᠲᠠᠢ ᠳᠤ ᠪᠢᠰᠢᠷᠡᠵᠦ ᠥᠪᠡᠷ ᠦ᠋ᠨ ᠱᠠᠪᠢ ᠪᠣᠯᠭᠠᠬᠤ ᠪᠠᠷ ᠥᠮᠴᠢᠯᠡᠨ ᠠᠪᠴᠠᠢ᠃《ᠡᠨᠡ ᠰᠠᠢᠨ ᠯᠠᠮᠠ ᠪᠣᠯᠵᠤ ᠮᠠᠭᠠᠳ ᠦᠭᠡᠢ ᠶᠦᠮ᠃ ᠪᠢ ᠱᠠᠪᠢ ᠪᠠᠨ ᠪᠣᠯᠭᠠᠭᠠᠳ ᠨᠣᠮ ᠵᠢᠭᠠᠭᠠᠳ ᠦᠵᠡᠶ᠎ᠡ》 ᠭᠡᠵᠦ ᡀᠠᠷᠠᠮᠪᠠ ᠱᠠᠰᠢᠨ ᠤ᠋ ᠵᠠᠬᠢᠷᠭᠠᠨ ᠠ᠋ᠴᠠ ᠭᠤᠶᠤᠵᠤ ᠵᠥᠪᠰᠢᠶᠡᠷᠡᠭᠦᠯᠵᠡᠢ᠃ ᠳᠡᠷᠡᠨ ᠡᠴᠡ ᠬᠣᠢᠰᠢ ᠰᠠᠩᠵᠢ ᡀᠠᠷᠠᠮᠪᠠ ᠶ᠋ᠢᠨ ᠭᠡᠷ ᠲᠦ᠍ ᠪᠦᠲᠦᠭᠡᠯ ᠦ᠋ᠨ ᠰᠦᠮ᠎ᠡ ᠭᠡᠵᠦ ᠲᠡᠭᠦᠨ ᠦ᠌ ᠨᠡᠷᠡᠯᠡᠭᠰᠡᠨ ᠪᠢᠴᠢᠬᠠᠨ ᠥᠷᠥᠭᠡᠨ ᠳᠦ ᠰᠠᠭᠤᠵᠤ ᠭᠠᠭᠴᠠᠭᠠᠷᠴᠢᠯᠠᠨ ᠨᠣᠮ ᠵᠢᠭᠠᠯᠭᠠᠬᠤ ᠪᠣᠯᠵᠠᠢ᠃ ᠡᠨᠡ ᠨᠢ ᠭᠡᠷ ᠣᠷᠣᠨ ᠢ᠋ᠶ᠋ᠠᠨ ᠰᠠᠨᠠᠵᠤ᠂ ᠬᠠᠷ᠎ᠠ ᠪᠣᠷᠣ ᠠᠮᠢᠳᠤᠷᠠᠯ ᠤ᠋ᠨ ᠡᠯᠳᠡᠪ ᠰᠠᠭᠠᠳ ᠲᠦᠢᠳᠬᠡᠷ ᠲᠦ᠍ ᠳᠠᠭᠠᠷᠢᠭᠳᠠᠨ ᠰᠡᠳᠬᠢᠯ ᠰᠠᠨᠠᠭ᠎ᠠ ᠲᠣᠭᠲᠠᠪᠤᠷᠢ ᠦᠭᠡᠢ ᠪᠣᠯᠵᠤ ᠡᠬᠢᠯᠡᠵᠦ ᠪᠠᠢᠭ᠍ᠰᠠᠨ ᠰᠠᠩᠵᠢ ᠭᠡᠰᠦᠯ ᠢ᠋ ᠣᠭᠲᠣ ᠥᠭᠡᠷ᠎ᠡ ᠶᠢᠷᠲᠢᠨᠴᠦ ᠳ᠋ᠤ᠌ ᠠᠪᠠᠴᠢᠭᠰᠠᠨ ᠮᠡᠲᠦ ᠪᠣᠯᠭᠠᠭᠰᠠᠨ ᠲᠤᠯᠠ ᠲᠡᠭᠦᠨ ᠦ᠌  ᠪᠠᠢᠳᠠᠯ ᠢ᠋ ᠡᠷᠭᠢᠭᠦᠯᠦᠨ ᠨᠣᠮ ᠡᠷᠳᠡᠮ ᠦ᠋ᠨ ᠮᠥᠷ ᠢ᠋ᠶ᠋ᠡᠨ ᠳᠠᠬᠢᠨ ᠬᠥᠭᠡᠭᠡᠵᠦ ᠶᠠᠪᠤᠬᠤ ᠵᠠᠮ ᠳ᠋ᠤ᠌ ᠨᠢ ᠰᠢᠯᠤᠭᠤᠳᠬᠠᠵᠤ ᠥᠭᠴᠡᠢ᠃ ᠬᠥᠯ ᠦᠢᠮᠡᠭᠡᠨ ᠪᠠᠢᠬᠤ ᠦᠭᠡᠢ᠂ ᠭᠠᠭᠴᠠᠬᠦ ᡀᠠᠷᠠᠮᠪᠠ ᠶ᠋ᠢᠨ ᠵᠢᠭᠠᠬᠤ ᠵᠦᠢᠯ ᠢ᠋ ᠠᠩᠬᠠᠷᠬᠤ ᠠ᠋ᠴᠠ ᠥᠭᠡᠷ᠎ᠡ ᠰᠠᠳᠠᠭᠠᠷᠠᠬᠤ ᠰᠢᠯᠲᠠᠭᠠᠨ ᠦᠭᠡᠢ ᠪᠠᠰᠠᠴᠤ ᠲᠡᠳᠡᠨ ᠦ᠌ ᠬᠢ  ᠪᠠᠢᠳᠠᠯ ᠵᠣᠬᠢᠰᠲᠠᠢ ᠲᠣᠬᠢᠯᠢᠭ ᠲᠤᠯᠠ ᠰᠠᠩᠵᠢ ᡀᠠᠷᠠᠮᠪᠠ ᠶᠢᠨ ᠳᠤᠭᠤᠯᠭᠠᠪᠤᠷᠢᠲᠠᠢ ᠱᠠᠪᠢ ᠪᠣᠯᠵᠠᠢ᠃ ᠠᠭᠢ ᠶᠣᠰᠣᠨ ᠤ᠋ ᠨᠣᠮ ᠭᠡᠭᠳᠡᠭᠰᠡᠨ ᠪᠤᠷᠬᠠᠳ ᠤ᠋ᠨ ᠨᠠᠮᠲᠠᠷ᠂ ᠶᠢᠷᠲᠢᠨᠴᠦ ᠶ᠋ᠢᠨ ᠤᠴᠢᠷ ᠰᠢᠯᠲᠠᠭᠠᠨ ᠤ᠋ ᠨᠣᠮᠯᠠᠯ ᠢ᠋ ᡀᠠᠷᠠᠮᠪᠠ ᠵᠢᠭᠠᠵᠤ ᠡᠬᠢᠯᠡᠭᠰᠡᠨ ᠠᠵᠢ᠃
       ᠠᠮᠤᠷᠯᠢᠩᠭᠤᠢ ᠳᠦᠷᠢ ᠲᠡᠢ ᠳᠥᠴᠢᠨ ᠬᠤᠶᠠᠷ᠂ ᠳᠣᠭᠰᠢᠨ ᠳᠦᠷᠢ ᠲᠡᠢ ᠲᠠᠪᠢᠨ ᠨᠠᠢ᠍ᠮᠠ᠂ ᠪᠦᠭᠦᠳᠡ ᠨᠢᠭᠡᠨ ᠵᠠᠭᠤᠨ ᠪᠤᠷᠬᠠᠳ ᠮᠥᠨ ᠲᠡᠳᠡᠨ ᠲᠡᠢ ᠵᠥᠷᠢᠴᠡᠯᠳᠦᠨ᠂ ᠰᠦᠯᠪᠡᠯᠳᠦᠨ ᠣᠷᠣᠰᠢᠬᠤ ᠣᠯᠠᠨ ᠠᠷᠪᠠᠨ ᠮᠠᠩᠭᠤᠰ᠂ ᠰᠢᠮᠨᠤ᠂ ᠮᠠᠮ᠂  ᠶᠠᠭᠴᠢᠰ᠂  ᠳᠠᠭᠢᠨᠢᠰ ᠡᠷᠯᠢᠭ ᠦ᠋ᠳ ᠦ᠋ᠨ ᠭᠠᠷᠤᠯ ᠡᠭᠦᠰᠦᠯ᠂ ᠳᠦᠷᠢ ᠪᠠᠢᠳᠠᠯ᠂ ᠵᠡᠪᠰᠡᠭ ᠬᠡᠷᠡᠭᠯᠡᠯ᠂ ᠬᠣᠲᠠ ᠮᠠᠨᠳᠠᠯ᠂ ᠢᠳᠢ ᠰᠢᠳᠢ ᠶ᠋ᠢᠨ ᠲᠤᠬᠠᠢ ᡀᠠᠷᠠᠮᠪᠠ ᠦᠭᠡ ᠦᠰᠦᠭ ᠳᠠᠷᠠᠭᠠᠯᠠᠨ ᠴᠡᠭᠡᠵᠢᠯᠡᠭᠦᠯᠵᠦ  ᠪᠠᠢᠯ᠎ᠠ᠃ ᠨᠢᠭᠡ ᠰᠠᠨᠠᠬᠤ ᠳ᠋ᠤ᠌ ᠰᠣᠨᠢᠨ ᠦᠯᠢᠭᠡᠷ ᠴᠤ᠌ ᠶᠤᠮ ᠰᠢᠭ᠋᠂ ᠨᠥᠭᠦᠭᠡ ᠰᠠᠨᠠᠬᠤ ᠳᠤ ᠲᠣᠯᠣᠭᠠᠢ ᠡᠷᠭᠢᠮ᠎ᠡ ᠡᠮᠬᠢ ᠵᠠᠮᠪᠠᠷᠠᠭ᠎ᠠ ᠦᠭᠡᠢ ᠣᠯᠠᠨ ᠢᠳᠢ ᠰᠢᠳᠢᠲᠡᠨ ᠬᠣᠷᠸ᠎ᠠ ᠳᠡᠯᠡᠬᠡᠢ ᠶᠢ ᠡᠵᠡᠩᠨᠡᠵᠦ ᠪᠠᠢᠭ᠎ᠠ ᠶᠤᠮ ᠰᠢᠭ᠋ ᠰᠠᠨᠠᠭᠳᠠᠬᠤ ᠪᠠᠷ ᠰᠡᠳᠬᠢᠭᠳᠡᠯ ᠢ᠋ ᡀᠠᠷᠠᠮᠪᠠ ᠲᠥᠷᠦᠭᠦᠯᠵᠦ ᠪᠠᠢᠯ᠎ᠠ᠃ ᠲᠡᠭᠦᠨ ᠦ᠌ ᠶᠠᠷᠢᠬᠤ ᠨᠢ ᠰᠣᠨᠢᠷᠬᠠᠯᠲᠠᠢ ᠪᠣᠯᠪᠠᠴᠤ ᠤᠬᠠᠭᠠᠷᠠᠬᠤ ᠳ᠋ᠤ᠌ ᠪᠡᠷᠬᠡ ᠪᠠᠢᠯ᠎ᠠ᠃ ᠭᠡᠪᠡᠴᠦ ᠪᠢᠴᠢᠬᠠᠨ ᠥᠷᠥᠭᠡᠨ ᠦ᠌ ᠪᠡᠨ ᠬᠠᠨᠠᠨ ᠳ᠋ᠤ᠌ ᠪᠠᠰᠠ ᠠᠲᠠᠷ ᠠ᠋ᠴᠠ ᠨᠢ ᠣᠯᠠᠨ ᠠᠷᠪᠠᠨ ᠪᠤᠷᠬᠠᠳ ᠤᠨ ᠬᠥᠷᠥᠭ ᠳᠡᠭᠦᠵᠢᠯᠡᠭᠰᠡᠨ ᠤᠴᠢᠷ ᠲᠡᠷᠡ ᠵᠢᠷᠤᠭ ᠳᠡᠭᠡᠷ᠎ᠡ ᠡᠴᠡ ᠪᠡᠨ ᠪᠡᠶᠡᠴᠢᠯᠡᠨ ᠵᠢᠭᠠᠵᠤ ᠥᠭᠳᠡᠭ ᠰᠠᠢᠨ ᠲᠠᠯ᠎ᠠ ᠲᠠᠢ ᠤᠴᠢᠷ ᠠ᠋ᠴᠠ ᡀᠠᠷᠠᠮᠪᠠ ᠭᠡᠨᠳᠡᠨᠪᠠᠯᠳᠠᠨ ᠱᠠᠪᠢ᠎ ᠳ᠋ᠠᠭᠠᠨ  ᠵᠢᠭᠠᠭᠰᠠᠨ ᠨᠣᠮ ᠢ᠋ᠶ᠋ᠠᠨ ᠪᠦᠷᠢᠨ ᠤᠬᠠᠭᠠᠷᠠᠭᠤᠯᠵᠤ ᠰᠠᠯᠳᠠᠭ ᠬᠥᠮᠦᠨ ᠪᠠᠢᠵᠠᠢ᠃
       -  ᠰᠠᠶᠢ ᠶ᠋ᠢᠨ ᠮᠢᠨᠦ ᠬᠡᠯᠡᠭᠰᠡᠨ ᠶᠢᠷᠲᠢᠨᠴᠦ ᠶ᠋ᠢᠨ ᠡᠵᠡᠨ ᠮᠠᠬᠠᠰᠤᠸᠠᠷ ᠡᠨᠡ ᠪᠠᠢᠨ᠎ᠠ! ᠭᠡᠵᠦ ᡀᠠᠷᠠᠮᠪᠠ ᠥᠷᠥᠭᠡᠨ ᠦ᠌ ᠪᠡᠨ ᠠᠲᠠᠷ ᠤ᠋ᠨ ᠭᠣᠣᠯ ᠠ᠋ᠴᠠ ᠳᠡᠭᠦᠵᠢᠯᠡᠭᠡᠰᠦᠲᠡᠢ ᠪᠠᠢᠭ᠎ᠠ ᠬᠥᠷᠥᠭ ᠢ ᠵᠢᠭᠠᠯ᠎ᠠ᠃ ᠤᠮᠠᠳᠢᠸᠢ ᠭᠡᠳᠡᠭ ᠡᠮ᠎ᠡ ᠶᠢ ᠢᠷᠪᠠᠢᠨ ᠲᠡᠪᠡᠷᠢᠭᠰᠡᠨ ᠤᠯᠠᠭᠠᠨ ᠥᠩᠭᠡ ᠶ᠋ᠢᠨ ᠳᠣᠭᠰᠢᠨ ᠰᠦᠷᠯᠢᠭ ᠪᠤᠷᠬᠠᠨ ᠤ᠋ ᠵᠢᠷᠤᠭ  ᠪᠠᠢᠯ᠎ᠠ᠃ ᠲᠡᠷᠡ ᠮᠠᠬᠠᠰᠤᠸᠠᠷ ᠠᠵᠢ᠃ ᠲᠡᠭᠦᠨ ᠦ᠌ ᠡᠷᠭᠢᠨ ᠲᠣᠭᠣᠷᠢᠨ ᠳ᠋ᠤ᠌ ᠨᠢ ᠣᠯᠠᠨ ᠪᠤᠷᠬᠠᠳ ᠤ᠋ᠨ ᠵᠢᠷᠤᠭ ᠪᠠᠢᠷᠢᠯᠠᠭᠤᠯᠵᠠᠢ᠃
       - ᠡᠷᠭᠢᠨ ᠲᠣᠭᠣᠷᠢᠨ ᠤ᠋ ᠪᠤᠷᠬᠠᠳ ᠤ᠋ᠨ ᠤᠴᠢᠷ ᠢ᠋ ᠶᠠᠷᠢᠰᠤᠭᠠᠢ᠃ ᠰᠦᠮᠪᠦᠷ ᠠᠭᠤᠯᠠ ᠶ᠋ᠢᠨ ᠳᠤᠮᠳᠠ ᠣᠷᠣᠰᠢᠭᠴᠢ ᠪᠣᠯ ᠨᠠᠰᠤ ᠪᠤᠶᠠᠨ ᠳᠡᠯᠭᠡᠷᠡᠭᠦᠯᠬᠦ ᠵᠠᠪ ᠪᠥᠭᠡᠳ ᠪᠡᠶ᠎ᠡ ᠶ᠋ᠢᠨ ᠥᠩᠭᠡ ᠰᠢᠷ᠎ᠠ᠂ ᠡᠬᠡ ᠢᠭᠠᠽᠠᠳᠢᠷᠣᠯᠵᠢᠭᠮ᠎ᠠ ᠲᠠᠢ ᠤᠴᠠᠷᠠᠭᠰᠠᠨ᠃ ᠰᠦᠮᠪᠦᠷ ᠠᠭᠤᠯᠠ ᠶ᠋ᠢᠨ ᠵᠡᠭᠦᠨ ᠬᠣᠢᠨ᠎ᠠ ᠣᠷᠣᠰᠢᠭᠴᠢ ᠵᠠᠪ ᠪᠣᠯᠪᠠᠰᠤ ᠪᠡᠶ᠎ᠡ ᠶ᠋ᠢᠨ ᠥᠩᠭᠡ ᠴᠠᠭᠠᠨ᠂ ᠪᠠᠰᠠ ᠴᠠᠭᠠᠨ ᠡᠬᠡᠨᠡᠷ ᠴᠤᠮᠠᠭᠠᠷᠠᠪ ᠲᠠᠢ ᠤᠴᠠᠷᠠᠭᠰᠠᠨ᠃ ᠽᠠᠮᠪᠤᠲᠢᠪ ᠤ᠋ᠨ ᠳᠤᠮᠳᠠ ᠣᠷᠣᠰᠢᠭᠴᠢ ᠳ᠋ᠠᠭᠪᠠ ᠪᠤᠷᠬᠠᠨ ᠪᠣᠯ ᠪᠡᠶ᠎ᠡ ᠶ᠋ᠢᠨ ᠥᠩᠭᠡ ᠬᠠᠷ᠎ᠠ᠂ ᠡᠬᠡ ᠳ᠋ᠤᠶ᠋ᠢᠴᠮ᠎ᠠ  ᠲᠠᠢ ᠤᠴᠠᠷᠠᠭᠰᠠᠨ ᠁ ᠭᠡᠵᠦ ᡀᠠᠷᠠᠮᠪᠠ ᠲᠠᠢᠯᠪᠤᠷᠢᠯᠠᠪᠠ᠃ ᠲᠡᠳᠡᠭᠡᠷ ᠳᠣᠭᠰᠢᠨ ᠳᠦᠷᠢ ᠲᠡᠢ ᠪᠤᠷᠬᠠᠳ ᠲᠤᠰ ᠪᠦᠷᠢ ᠶ᠋ᠢ ᠨᠢᠭᠡ ᠨᠢᠭᠡᠨ ᠡᠮᠡᠭᠲᠡᠢ ᠬᠥᠮᠦᠨ ᠢ᠋ ᠲᠡᠪᠡᠷᠢᠭᠰᠡᠨ ᠪᠠᠢᠳᠠᠯ ᠢ᠋ᠶ᠋ᠠᠷ ᠵᠢᠷᠤᠭᠰᠠᠨ ᠢ᠋ 《ᠡᠬᠡ ᠴᠤᠮᠠᠭᠠᠷᠪᠠ ᠲᠠᠢ ᠡᠰᠡᠪᠡᠯ ᠳ᠋ᠤᠶ᠋ᠢᠴᠮ᠎ᠠ ᠲᠠᠢ ᠤᠴᠠᠷᠠᠭᠰᠠᠨ》 ᠭᠡᠵᠦ ᡀᠠᠷᠠᠮᠪᠠ  ᠲᠠᠢᠯᠪᠤᠷᠢᠯᠠᠬᠤ ᠳ᠋ᠤ᠌ ᠰᠠᠩᠵᠢ ᠭᠠᠢᠬᠠᠵᠠᠢ᠃  
       - ᠨᠣᠮ ᠢ᠋ ᠦᠵᠡᠬᠦ ᠳ᠋ᠦ᠍ ᠡᠬᠢᠨ ᠳ᠋ᠦ᠍ ᠨᠢ ᠭᠠᠢᠬᠠᠬᠤ ᠪᠤᠰᠤ ᠭᠦᠨ ᠤᠴᠢᠷ ᠢ᠋ ᠣᠢᠯᠠᠭᠠᠨ ᠤᠬᠠᠭᠠᠷᠠᠭᠰᠠᠨ ᠤ᠋ ᠡᠴᠦᠰ ᠲᠦ ᠭᠠᠢᠬᠠᠪᠠᠰᠤ ᠵᠣᠬᠢᠨ᠎ᠠ ᠭᠡᠵᠦ ᡀᠠᠷᠠᠮᠪᠠ ᠬᠡᠯᠡᠭᠰᠡᠨ ᠢ᠋ᠶ᠋ᠡᠨ:
       - ᠣᠭᠲᠠᠷᠭᠤᠢ ᠠ᠋ᠴᠠ ᠲᠩᠷᠢ ᠳᠥᠷᠪᠡ᠂ ᠦᠨᠦᠷ ᠢᠳᠡᠭᠴᠢ ᠳ᠋ᠢᠰᠠ ᠳᠥᠷᠪᠡ ᠭᠠᠷᠴᠤ ᠨᠠᠢ᠍ᠮᠠᠨ ᠶᠡᠬᠡ ᠣᠷᠣᠨ ᠢ᠋ ᠪᠠᠷᠢᠭᠰᠠᠨ ᠪᠥᠭᠡᠳ ᠲᠡᠭᠦᠨ ᠢ᠋ ᠳᠠᠭᠢᠨᠢᠰ ᠤ᠋ᠨ ᠣᠷᠣᠨ ᠭᠡᠵᠦ ᠠᠯᠳᠠᠷᠰᠢᠭᠤᠯᠤᠯ᠎ᠠ ᠭᠡᠳ ᠵᠢᠷᠤᠭ ᠳᠡᠭᠡᠷᠡᠬᠢ ᠨᠠᠢ᠍ᠮᠠᠨ ᠶᠠᠩᠵᠤ ᠶ᠋ᠢᠨ ᠳᠦᠷᠰᠦ ᠶ᠋ᠢ ᠵᠢᠭᠠᠯ᠎ᠠ᠃
       - ᠶᠠᠭᠴᠢᠮ ᠳᠥᠷᠪᠡ᠂ ᠰᠡᠷᠡᠨᠪᠤ ᠮᠠᠩᠭᠤᠰ ᠳᠥᠷᠪᠡ ᠭᠠᠵᠠᠷ ᠳᠡᠭᠡᠷ᠎ᠡ ᠡᠴᠡ ᠭᠠᠷᠴᠤ ᠨᠠᠢ᠍ᠮᠠᠨ ᠶᠡᠬᠡ ᠣᠷᠣᠨ ᠢ᠋ ᠡᠵᠡᠯᠡᠰᠦᠨ ᠢ᠋ ᠭᠠᠵᠠᠷ ᠡᠵᠡᠯᠡᠬᠦ ᠣᠷᠣᠨ ᠭᠡᠬᠦ ᠪᠣᠯᠵᠠᠢ ᠭᠡᠵᠦ ᠴᠠᠭᠠᠰᠢ ᠨᠢ ᠨᠣᠮᠯᠠᠪᠠ᠃  ᠰᠠᠩᠵᠢ ᠴᠡᠭᠡᠵᠢᠯᠡᠨ ᠳᠠᠭᠤ ᠦᠭᠡᠢ ᠰᠠᠭᠤᠵᠤ ᠪᠠᠢᠯ᠎ᠠ᠃ ᡀᠠᠷᠠᠮᠪᠠ:
       - ᠳᠥᠷᠪᠡᠨ ᠶᠡᠬᠡ ᠯᠤᠤᠰ ᠪᠠ ᠠᠰᠠᠷ ᠨᠠᠷᠠ ᠳᠥᠷᠪᠡ ᠭᠠᠵᠠᠷ ᠳᠣᠣᠷ᠎ᠠ ᠠ᠋ᠴᠠ ᠭᠠᠷᠴᠤ ᠨᠠᠢ᠍ᠮᠠᠨ ᠶᠡᠬᠡ ᠣᠷᠣᠨ ᠢ ᠡᠵᠡᠮᠳᠡᠭᠰᠡᠨ ᠢ᠋ ᠭᠠᠵᠠᠷ ᠳᠣᠣᠷ᠎ᠠ ᠡᠲ᠌ᠯᠡᠬᠦ  ᠯᠤᠤᠰ ᠤ᠋ᠨ ᠣᠷᠣᠨ ᠭᠡᠵᠦ ᠠᠯᠳᠠᠷᠰᠢᠭᠤᠯᠤᠯ᠎ᠠ ᠬᠡᠮᠡᠨ ᠨᠣᠮᠯᠠᠭᠠᠳ ᠯᠤᠤᠰ ᠤ᠋ᠨ ᠣᠷᠣᠨ ᠤ᠋ ᠵᠢᠷᠤᠭ ᠢ᠋ ᠵᠢᠭᠠᠯ᠎ᠠ᠃
       -  ᠭᠶᠠᠨᠢᠷᠠᠢ ᠪᠤᠶᠤ ᠡᠭᠦᠳᠡ ᠵᠠᠪᠰᠠᠷ ᠤ᠋ᠨ ᠳᠥᠷᠪᠡ ᠪᠠ ᠫᠠᠷᠠᠢᠮᠠᠨ ᠭᠡᠬᠦ ᠡᠮ ᠮᠠᠮ ᠨᠡᠢᠯᠡᠵᠦ ᠳ᠋ᠦ᠋ᠷᠲ᠋ᠠᠳ᠋ ᠦ᠋ᠨ ᠪᠤᠶᠤ ᠦᠬᠦᠭᠡᠷ ᠦ᠋ᠨ ᠣᠷᠣᠨ ᠪᠠᠷᠢᠭᠰᠠᠨ ᠨᠢ ᠡᠨᠡ ᠭᠡᠵᠦ ᡀᠠᠷᠠᠮᠪᠠ ᠵᠢᠭᠠᠭᠰᠠᠨ ᠢ᠋ᠶ᠋ᠠᠷ ᠶᠢᠷᠲᠢᠨᠴᠦ ᠶ᠋ᠢᠨ ᠪᠦᠬᠦᠢ ᠯᠡ ᠬᠤᠪᠢᠶᠠᠷᠢ ᠶ᠋ᠢ ᠰᠠᠩᠵᠢ ᠳ᠋ᠤ᠌ ᠨᠢᠭᠡᠳᠬᠡᠨ ᠣᠢᠯᠠᠭᠤᠯᠤᠯ᠎ᠠ ᠭᠡᠵᠦ ᠦᠵᠡᠪᠡ᠃ ᠨᠢᠭᠡ ᠪᠣᠳᠣᠬᠤ ᠳ᠋ᠤ᠌ ᠰᠣᠨᠢᠨ ᠴᠤ᠌ ᠶᠤᠮ ᠰᠢᠭ᠋᠂ ᠨᠢᠭᠡ ᠪᠣᠳᠣᠬᠤ ᠳ᠋ᠤ᠌ ᠱᠠᠯ ᠳᠡᠮᠡᠢ ᠠᠵᠢ᠃ 
       ᠪᠤᠷᠬᠠᠳ ᠤ᠋ᠨ ᠪᠤᠶᠤ ᠲᠩᠷᠢ ᠶ᠋ᠢᠨ ᠣᠷᠣᠨ᠂ ᠳᠠᠭᠢᠨᠢᠰ ᠤ᠋ᠨ ᠣᠷᠣᠨ᠂ ᠭᠠᠵᠠᠷ ᠡᠲ᠌ᠯᠡᠬᠦ ᠣᠷᠣᠨ ᠯᠤᠤᠰ ᠤ᠋ᠨ ᠣᠷᠣᠨ᠂ ᠦᠬᠦᠭᠡᠷ ᠦ᠋ᠨ ᠣᠷᠣᠨ ᠭᠡᠵᠦ  ᠪᠠᠢᠳᠠᠭ ᠲᠡᠷᠡ ᠪᠦᠬᠦᠨ ᠢ᠋ ᠡᠵᠡᠩᠨᠡᠭᠰᠡᠨ ᠪᠤᠷᠬᠠᠳ᠂ ᠳᠠᠭᠢᠨᠢᠰ᠂ ᠯᠤᠤᠰ ᠰᠠᠪᠳᠠᠭ ᠲᠠᠢ ᠭᠡᠮᠡᠨ ᠰᠠᠩᠵᠢ ᠶᠡᠷᠦᠩᠬᠡᠢ ᠳ᠋ᠦ᠍ ᠨᠢ ᠲᠣᠳᠣᠷᠠᠭᠤᠯᠤᠨ ᠲᠣᠭᠲᠠᠭᠠᠵᠤ ᠠᠪᠴᠠᠢ᠃ ᠶᠢᠷᠲᠢᠨᠴᠦ ᠶ᠋ᠢ ᠲᠡᠭᠡᠵᠦ ᠠᠩᠭᠢᠯᠠᠨ ᠬᠤᠪᠢᠶᠠᠭᠰᠠᠨ ᠤ᠋ ᠳᠠᠷᠠᠭ᠎ᠠ ᡀᠠᠷᠠᠮᠪᠠ ᠲᠡᠳᠡᠭᠡᠷ ᠢ ᠡᠵᠡᠩᠨᠡᠭᠰᠡᠨ ᠪᠤᠷᠬᠠᠳ᠂ ᠳᠠᠭᠢᠨᠢᠰ᠂ ᠯᠤᠤᠰ ᠰᠠᠪᠳᠠᠭ ᠤ᠋ᠨ ᠲᠤᠰ ᠪᠦᠷᠢ ᠶ᠋ᠢᠨ ᠰᠢᠨᠵᠢ ᠲᠥᠷᠬᠦ ᠶᠢ ᠵᠢᠭᠠᠬᠤ ᠪᠠᠷ ᠰᠢᠢᠳᠴᠡᠢ᠃ ᡀᠠᠷᠠᠮᠪᠠ  ᠲᠡᠢᠨ ᠬᠦ᠌ ᠲᠣᠭᠰᠢᠨ ᠳᠦᠷᠢᠲᠦ ᠪᠤᠷᠬᠠᠳ ᠤ᠋ᠨ ᠭᠠᠷ ᠲᠤ ᠪᠠᠷᠢᠭᠠᠰᠤᠲᠠᠢ ᠵᠢᠷᠦᠬᠡ᠂ ᠪᠠᠳᠢᠷ ᠠᠶᠠᠭ᠎ᠠ ᠲᠠᠢ ᠴᠢᠰᠤ᠂ ᠮᠥᠨ ᠵᠢᠷᠤᠭ ᠳᠡᠭᠡᠷ᠎ᠡ ᠲᠠᠲᠠᠭᠰᠠᠨ ᠬᠡᠴᠡᠨ ᠡᠴᠡ ᠤᠨᠵᠢᠭᠤᠯᠤᠨ ᠳᠦᠷᠰᠦᠯᠡᠭᠰᠡᠨ ᠬᠥᠮᠦᠨ ᠦ᠌ ᠨᠢᠳᠦ᠂ ᠭᠠᠷ ᠬᠥᠯ ᠵᠡᠷᠭᠡ ᠡᠷᠬᠡᠲᠡᠨ ᠨᠦᠭᠦᠳ ᠢ᠋ ᠶᠠᠮᠠᠷ ᠤᠴᠢᠷ ᠲᠠᠢ ᠶ᠋ᠢ ᠶᠠᠷᠢᠪᠠ᠃
       - ᠥᠪᠡᠷ ᠢ᠋ ᠪᠡᠨ ᠥᠮᠥᠭᠡᠷᠡᠬᠦ ᠶ᠋ᠢ ᠲᠠᠰᠤᠯᠬᠤ ᠶ᠋ᠢᠨ ᠲᠤᠯᠠᠳᠠ ᠴᠤᠯᠤ ᠵᠢᠷᠦᠬᠡ ᠶ᠋ᠢ ᠰᠤᠭᠤᠯᠤᠨ ᠪᠠᠷᠢᠭᠰᠠᠨ ; ᠥᠮᠴᠢᠯᠡᠬᠦ ᠰᠠᠨᠠᠭ᠎ᠠ ᠶ᠋ᠢ ᠬᠠᠭᠠᠬᠤ ᠶ᠋ᠢᠨ ᠲᠤᠯᠠᠳᠠ ᠡᠷᠬᠡᠲᠡᠨ ᠪᠦᠬᠦᠨ ᠢ᠋ ᠢᠯᠡ ᠭᠠᠷᠭᠠᠵᠤ ᠲᠠᠲᠠᠭᠰᠠᠨ; ᠮᠠᠭᠤ ᠦᠢᠯᠡ ᠶ᠋ᠢᠨ ᠠᠪᠢᠶᠠᠰ ᠢ᠋ ᠲᠠᠰᠤᠯᠬᠤ ᠶ᠋ᠢᠨ ᠲᠤᠯᠠᠳᠠ ᠦᠶ᠎ᠡ ᠭᠡᠰᠢᠭᠦᠨ ᠢ᠋ ᠬᠡᠰᠡᠭᠯᠡᠨ ᠬᠡᠷᠴᠢᠭᠰᠡᠨ; ᠬᠦᠰᠡᠯ ᠲᠠᠴᠢᠶᠠᠯ ᠢ᠋ ᠳᠠᠷᠤᠬᠤ ᠪᠠᠷ ᠴᠢᠰᠤ ᠪᠦᠬᠦᠨ ᠢ᠋ ᠤᠤᠭᠤᠵᠤ;ᠠᠭᠤᠷ ᠢ᠋ ᠳᠠᠷᠤᠬᠤ ᠪᠠᠷ ᠶᠠᠰᠤ ᠪᠦᠬᠦᠨ ᠢ᠋ ᠲᠠᠰᠤᠯᠵᠤ ᠢᠳᠡᠭᠰᠡᠨ ᠤᠴᠢᠷ ᠲᠠᠢ ᠪᠢᠯᠡ ᠭᠡᠵᠦ ᡀᠠᠷᠠᠮᠪᠠ ᠨᠣᠮᠯᠠᠪᠠ᠃ 
       ᠵᠢᠷᠤᠭ ᠳᠡᠭᠡᠷ᠎ᠡ ᠮᠥᠨ ᠲᠡᠷᠡ ᠮᠡᠲᠦ ᠳᠦᠷᠰᠦᠯᠡᠭᠰᠡᠨ ᠲᠤᠯᠠ ᠰᠠᠩᠵᠢ ᠭᠡᠰᠦᠯ ᠳᠦ ᠣᠢᠯᠠᠭᠠᠮᠵᠢᠲᠠᠢ ᠪᠣᠯᠵᠠᠢ᠃ ᠭᠠᠭᠴᠠᠬᠦ ᠲᠡᠷᠡ ᠣᠯᠠᠨ ᠪᠤᠷᠬᠠᠳ᠂ ᠳᠠᠭᠢᠨᠢᠰ᠂ ᠶᠠᠭᠴᠢᠰ᠂ ᠮᠠᠩᠭᠤᠰ ᠲᠡᠷᠢᠭᠦᠲᠡᠨ ᠨᠢ ᠵᠢᠷᠤᠭ ᠳᠡᠭᠡᠷ᠎ᠡ ᠲᠣᠳᠣᠷᠬᠠᠢ ᠪᠠᠢᠬᠤ ᠠ᠋ᠴᠠ᠂ ᠬᠥᠮᠦᠨ ᠦ᠌ ᠨᠢᠳᠦᠨ ᠳ᠋ᠦ᠍ ᠪᠡᠶ᠎ᠡ ᠪᠡᠷ ᠦᠯᠦ ᠦᠵᠡᠭᠳᠡᠬᠦ ᠨᠢ ᠭᠠᠢᠬᠠᠰᠢ ᠲᠥᠷᠥᠭᠦᠯᠪᠡ᠃
       - ᠪᠤᠷᠬᠠᠳ᠂  ᠶᠠᠭᠴᠢᠰ᠂ ᠮᠠᠩᠭᠤᠰ ᠲᠡᠷᠢᠭᠦᠲᠡᠨ ᠡᠯ᠎ᠡ ᠣᠯᠠᠨ ᠢ᠋ ᠠᠯᠢᠪᠠ ᠬᠥᠮᠦᠨ ᠨᠢᠳᠦ ᠪᠡᠷ ᠦᠵᠡᠳᠡᠭ ᠪᠤᠶᠤ? ᠭᠡᠵᠦ ᠰᠠᠩᠵᠢ ᠭᠡᠨᠡᠳᠲᠡ ᠠᠰᠠᠭᠤᠴᠢᠬᠠᠵᠠᠢ᠃ ᡀᠠᠷᠠᠮᠪᠠ ᠴᠣᠴᠢᠬᠤ ᠰᠢᠭ᠋ ᠪᠣᠯᠤᠭᠰᠠᠨ ᠢ᠋ᠶ᠋ᠠᠨ:
       - ᠡᠳᠡᠭᠡᠷ ᠢ᠋ ᠦᠵᠡᠬᠦ ᠶᠣᠰᠣᠲᠠᠢ ᠨᠢ ᠦᠵᠡᠵᠦ ᠪᠣᠯᠤᠨ᠎ᠠ᠃ ᠦᠵᠡᠬᠦ ᠪᠤᠶᠠᠨ ᠦᠭᠡᠢ ᠨᠢ ᠦᠯᠦ ᠦᠵᠡᠮᠦᠢ᠃ ᠶᠡᠷᠦᠨᠢ ᠭᠠᠳᠠᠨ᠎ᠠ ᠠ᠋ᠴᠠ ᠬᠠᠷᠠᠪᠠᠯ ᠳᠣᠲᠣᠷᠠᠬᠢ ᠲᠣᠳᠣᠷᠬᠠᠢ᠃ ᠳᠣᠲᠣᠷ᠎ᠠ ᠠ᠋ᠴᠠ ᠬᠠᠷᠠᠪᠠᠯ ᠭᠠᠳᠠᠨᠠᠬᠢ ᠲᠣᠳᠣᠷᠬᠠᠢ᠃ ᠵᠣᠪᠠᠯᠠᠩ ᠢ᠋ ᠡᠳ᠋ᠯᠡᠯ ᠦᠭᠡᠢ ᠵᠢᠷᠭᠠᠯ ᠢ᠋ ᠦᠯᠦ ᠮᠡᠳᠡᠨ᠎ᠡ᠃ ᠪᠤᠷᠬᠠᠨ ᠳ᠋ᠤ᠌ ᠰᠦᠵᠢᠭᠯᠡᠬᠦ ᠦᠭᠡᠢ ᠪᠡᠷ ᠪᠤᠷᠬᠠᠨ ᠢ᠋ ᠦᠯᠦ ᠦᠵᠡᠨ᠎ᠡ᠃ ᠶᠢᠷᠲᠢᠨᠴᠦ ᠥᠩᠭᠡᠷᠡᠭᠰᠡᠨ ᠪᠣᠯᠤᠨ ᠦᠯᠦ ᠥᠩᠭᠡᠷᠡᠭᠰᠡᠨ ᠵᠠᠢ ᠵᠠᠪᠰᠠᠷ ᠲᠤ ᠣᠷᠣᠰᠢᠮᠤᠢ ᠭᠡᠵᠦ ᠨᠣᠮᠯᠠᠪᠠ᠃  ᠰᠠᠩᠵᠢ ᠡᠭᠦᠨ ᠦ᠌ ᠬᠠᠷᠢᠭᠤ ᠬᠡᠯᠡᠬᠦ ᠴᠢᠳᠠᠪᠤᠷᠢ ᠬᠦᠷᠦᠭᠰᠡᠨ ᠦᠭᠡᠢ ᠲᠤᠯᠠ ᠳᠠᠭᠤ ᠦᠭᠡᠢ ᠪᠣᠯᠤᠯ᠎ᠠ᠃ ᡀᠠᠷᠠᠮᠪᠠ ᠴᠠᠰᠢ ᠨᠢ ᠦᠷᠭᠦᠯᠵᠢᠯᠡᠭᠦᠯᠦᠨ ᠨᠣᠮᠯᠠᠬᠤ ᠳ᠋ᠠᠭᠠᠨ ᠰᠠᠩᠵᠢ ᠶ᠋ᠢᠨ ᠣᠢ ᠲᠣᠢᠨ ᠳ᠋ᠤ᠌ ᠳᠥᠬᠥᠭᠦᠯᠬᠦ ᠶ᠋ᠢ ᠡᠷᠡᠮᠡᠯᠵᠡᠭᠰᠡᠨ ᠪᠣᠯᠤᠯᠲᠠᠢ᠃
       - ᠮᠤᠩᠬᠠᠭ ᠠ᠋ᠴᠠ ᠡᠴᠢᠭᠡ ᠭᠠᠷᠤᠨ᠎ᠠ᠃ ᠲᠠᠴᠢᠶᠠᠯ ᠠ᠋ᠴᠠ ᠡᠬᠡ ᠭᠠᠷᠤᠨ᠎ᠠ᠃ ᠣᠮᠤᠭᠤ ᠠ᠋ᠴᠠ ᠵᠡᠳᠬᠡᠷᠲᠦ᠍ ᠦᠬᠡᠷ ᠪᠤᠶᠤ ᠲᠡᠭᠰᠢᠯᠠᠮᠪᠤ ᠲᠥᠷᠥᠨ᠎ᠡ᠃ ᠠᠲᠠᠭᠠᠨ ᠠ᠋ᠴᠠ ᠢᠨᠢᠶᠡᠳᠡᠭ ᠦᠭᠡᠢ ᠬᠠᠷ᠎ᠠ ᠪᠤᠶᠤ ᠫᠣᠭᠸᠠᠵᠦᠮᠡᠳ ᠲᠥᠷᠥᠨ᠎ᠡ᠃ ᠠᠭᠤᠷ ᠠ᠋ᠴᠠ ᠶᠧᠯᠸᠢ ᠳ᠋ᠦ᠍ ᠮᠣᠭᠠᠢ ᠪᠤᠶᠤ ᠪᠦᠷᠦᠯᠵᠢᠲᠤᠮᠠᠷ ᠭᠠᠷᠤᠨ᠎ᠠ ᠭᠡᠵᠦ ᠪᠠᠭᠰᠢᠲᠠᠨ ᠨᠣᠮᠯᠠᠭᠰᠠᠨ ᠶᠤᠮ ᠭᠡᠵᠦ ᠠᠢᠯᠠᠳᠤᠭᠠᠳ ᠲᠡᠳᠡᠭᠡᠷ ᠢ᠋ ᠳᠦᠷᠰᠦᠯᠡᠭᠰᠡᠨ ᠵᠢᠷᠤᠭ ᠢ᠋ ᠵᠢᠭᠠᠵᠤ ᠥᠭᠪᠡ᠃
       - ᠬᠥᠮᠦᠨ ᠦ᠌ ᠬᠠᠭᠠᠨ  ᠳᠢᠰᠷᠠᠩᠳᠢᠸᠠᠨ᠂ ᠯᠤᠤᠰ ᠤ᠋ᠨ ᠬᠠᠭᠠᠨ ᠮᠠᠯᠲᠤᠤᠰᠠᠵᠢᠨ ᠬᠣᠶᠠᠷ ᠲᠡᠮᠡᠴᠡᠯᠳᠦᠭᠡᠳ ᠠᠯᠢ ᠠᠯᠢᠨ ᠢ᠋ᠶ᠋ᠠᠨ ᠳᠡᠢᠯᠵᠦ ᠡᠰᠡ ᠴᠢᠳᠠᠭᠰᠠᠨ ᠭᠡᠳᠡᠭ ᠶᠦᠮ᠃ ᠲᠡᠭᠡᠭᠡᠳ ᠲᠡᠷᠡ ᠬᠣᠶᠠᠷ᠂ ᠭᠠᠵᠠᠷ ᠳᠡᠭᠡᠷ᠎ᠡ ᠬᠥᠮᠦᠨ ᠦ᠌ ᠬᠠᠭᠠᠨ ᠴᠢᠮ᠎ᠠ ᠠ᠋ᠴᠠ ᠶᠡᠬᠡ ᠦᠭᠡᠢ ᠭᠠᠵᠠᠷ ᠳᠣᠣᠷ᠎ᠠ ᠯᠤᠤᠰ ᠤ᠋ᠨ ᠬᠠᠭᠠᠨ ᠨᠠᠳᠠ ᠠ᠋ᠴᠠ ᠶᠡᠬᠡ ᠦᠭᠡᠢ ᠪᠡᠷ ᠨᠥᠬᠥᠷᠯᠡᠶ ᠡ ᠭᠡᠵᠦ ᠯᠤᠤᠰ ᠤ᠋ᠨ ᠬᠠᠭᠠᠨ ᠮᠠᠯᠲᠤᠤᠰᠠᠵᠢᠨ ᠭᠤᠶᠤᠵᠤ ᠲᠣᠬᠢᠷᠠᠭᠰᠠᠨ ᠶᠤᠮ ᠭᠡᠳᠡᠭ᠃ ᠯᠤᠤᠰ ᠤ᠋ᠨ ᠬᠠᠭᠠᠨ ᠮᠠᠯᠲᠤᠤᠰᠠᠵᠢᠨ ᠡᠨᠡ ᠪᠠᠢᠨ᠎ᠠ ᠭᠡᠵᠦ ᡀᠠᠷᠠᠮᠪᠠ ᠤᠲᠤᠭᠠᠨ ᠳ᠋ᠤ᠌ ᠢᠳᠡᠭᠳᠡᠭᠰᠡᠨ ᠨᠢᠭᠡᠨ ᠬᠥᠷᠥᠭ ᠢ᠋ ᠵᠢᠭᠠᠯ᠎ᠠ᠃ ᠲᠡᠭᠡᠭᠡᠳ ᠲᠣᠲᠣᠷᠬᠠᠢᠯᠠᠨ ᠬᠡᠯᠡᠭᠰᠡᠨ ᠨᠢ᠄
       - ᠯᠤᠤᠰ ᠤ᠋ᠨ ᠬᠠᠭᠠᠨ ᠮᠠᠯᠲᠤᠤᠰᠠᠵᠢᠨ ᠢ᠋ ᠯᠠᠭᠱᠠᠨ ᠤ ᠥᠩᠭᠡ ᠬᠠᠷ᠎ᠠ ᠬᠥᠬᠡ᠂ ᠴᠡᠭᠡᠵᠢ ᠲᠩᠷᠢ ᠳᠦ ᠮᠣᠭᠠᠢ ᠶ᠋ᠢᠨ ᠲᠣᠯᠣᠭᠠᠢ ᠶ᠋ᠢᠨ ᠴᠣᠭᠨᠣᠢᠨ ᠳᠡᠭᠦᠯᠢᠭᠰᠡᠨ᠂  ᠯᠠᠭᠱᠠᠨ ᠤ ᠪᠥᠭᠰᠡ ᠮᠣᠭᠠᠢ ᠶ᠋ᠢᠨ ᠰᠡᠭᠦᠯ ᠴᠠᠭᠠᠷᠢᠭᠯᠠᠭᠰᠠᠨ ᠬᠡᠯᠪᠡᠷᠢ ᠲᠡᠢ᠂ ᠪᠠᠷᠠᠭᠤᠨ ᠳ᠋ᠤ᠌ ᠰᠡᠳᠬᠢᠯᠴᠢᠯᠡᠨ ᠪᠦᠲᠦᠭᠡᠬᠦ ᠽᠡᠨᠳᠡᠮᠦᠨᠢ ᠡᠷᠳᠡᠨᠢ᠂ ᠵᠡᠭᠦᠨ ᠳ᠋ᠦ᠍ ᠲᠡᠩᠰᠡᠯᠭᠡ ᠶ᠋ᠢ ᠠᠷᠢᠯᠭᠠᠬᠤ ᠦᠬᠦᠯ ᠦᠭᠡᠢ ᠠᠷᠰᠢᠭᠠᠨ ᠢ᠋ᠶ᠋ᠠᠷ ᠳᠦᠭᠦᠷᠦᠭᠰᠡᠨ ᠰᠠᠩ ᠤ᠋ᠨ ᠰᠠᠢᠨ ᠬᠣᠮᠬ᠎ᠠ ᠴᠢᠮᠡᠭᠰᠡᠨ᠂ ᠡᠭᠡᠮᠦᠭ᠂ ᠬᠣᠭᠣᠯᠠᠢ ᠶ᠋ᠢᠨ ᠴᠢᠮᠡᠭ᠂ ᠮᠣᠳᠣᠷ  ᠪᠣᠢᠪᠤᠭ ᠤ᠋ᠨ ᠪᠠᠭᠤᠪᠴᠢ᠂ ᠪᠥᠭᠡᠵᠢ᠂ ᠰᠤᠭᠤᠪᠴᠢᠯᠠᠭᠤᠷ᠂ ᠬᠤᠭᠤᠯᠠᠢᠪᠴᠢ ᠵᠡᠷᠭᠡ ᠪᠡᠷ ᠪᠢᠨᠳᠡᠷᠯᠡᠭᠰᠡᠨ᠂  ᠶᠠᠷᠭᠠᠴᠢ᠂ ᠲᠦᠰᠢᠮᠡᠳ᠂ ᠬᠠᠲᠤᠨ᠂ ᠨᠥᠬᠥᠳ ᠰᠡᠯᠲᠡ ᠪᠡᠨ ᠳᠠᠭᠠᠭᠤᠯᠤᠭᠰᠠᠨ᠂ ᠵᠠᠪᠰᠠᠷ ᠢ᠋ᠶ᠋ᠠᠷ ᠨᠢ ᠪᠠᠭᠠᠪᠠᠭᠠᠢ᠂ ᠳ᠋ᠢᠭᠪᠠᠷᠠᠨᠵᠠ᠂ ᠮᠡᠯᠡᠬᠡᠢ᠂ ᠮᠣᠭᠠᠢ᠂ ᠠᠭᠠᠯᠵᠢ᠂ ᠬᠦᠷᠪᠡᠯ ᠲᠡᠷᠢᠭᠦᠲᠡᠨ ᠬᠠᠮᠤᠷᠤᠭᠰᠠᠨ ᠡᠢᠮᠦ ᠳᠦᠷᠢ ᠲᠡᠢ ᠪᠡᠷ ᠵᠢᠷᠤᠳᠠᠭ ᠶᠤᠮ᠃ ᠡᠨᠳᠡ ᠲᠡᠷᠡ ᠪᠦᠬᠦᠨ ᠴᠥᠮ ᠴᠣᠭᠴᠠᠯᠠᠵᠠᠢ᠃  ᠰᠠᠢᠨ ᠬᠠᠷᠠᠵᠤ ᠠᠪ ᠭᠡᠵᠦ ᠠᠢᠯᠠᠳᠪᠠ᠃  ᠰᠠᠩᠵᠢ ᠯᠤᠤᠰ ᠤᠨᠬᠠᠭᠠᠨ ᠤ᠋ ᠲᠡᠷᠬᠡᠦ ᠠᠶᠤᠮᠰᠢᠭᠲᠠᠢ ᠡᠷᠢᠶᠡᠨ ᠳᠦᠷᠢ ᠵᠢᠷᠤᠭ ᠢ᠋ ᠣᠲᠠᠲᠠᠯ᠎ᠠ ᠭᠠᠢᠬᠠᠨ ᠰᠢᠷᠲᠡᠪᠡ᠃
       - ᠲᠣᠭᠰᠢᠨ ᠳᠦᠷᠢ ᠲᠡᠢ᠂ ᠭᠤᠸ᠎ᠠ ᠪᠤᠰᠤ ᠶ᠋ᠢᠨ ᠶᠠᠩᠵᠤ ᠲᠠᠢ ᠪᠠᠢᠭ᠎ᠠ ᠪᠢᠵᠡ! ᠭᠡᠵᠦ ᠭᠡᠨᠡᠳᠲᠡ ᡀᠠᠷᠠᠮᠪᠠ ᠠᠰᠠᠭᠤᠬᠤ ᠳ᠋ᠤ᠌ ᠰᠠᠩᠵᠢ ᠰᠠᠨᠠᠭᠰᠠᠨ ᠢ᠋ᠶ᠋ᠠᠨ ᠨᠢᠭᠤᠯ ᠦᠭᠡᠢ ᠪᠡᠷ:
       - ᠠᠶᠤᠵᠤ ᠪᠢᠰᠢᠭᠦᠷᠬᠡᠮᠡᠷ ᠳᠣᠭᠰᠢᠨ ᠳᠦᠷᠢ ᠲᠡᠢ ᠶᠦᠮ ᠡ ᠭᠡᠵᠦ ᠬᠡᠯᠡᠪᠡ᠃ ᡀᠠᠷᠠᠮᠪᠠ ᠰᠡᠳᠬᠢᠯ ᠨᠡᠢᠯᠡᠭᠰᠡᠨ ᠪᠣᠯᠤᠯᠲᠠᠢ ᠲᠣᠯᠣᠭᠠᠢ ᠳᠣᠬᠢᠵᠤ:
       - ᠭᠤᠸ᠎ᠠ ᠪᠤᠰᠤ ᠶ᠋ᠢᠨ ᠳᠦᠷᠢ ᠲᠡᠢ ᠪᠠᠢᠳᠠᠭ ᠴᠥᠮ ᠤᠴᠢᠷ ᠲᠠᠢ᠃ ᠪᠤᠷᠬᠠᠨ ᠱᠠᠰᠢᠨ ᠤ᠋ ᠳᠠᠢᠰᠦᠨ᠂ ᠪᠤᠷᠤᠭᠤ ᠨᠣᠮᠲᠠᠨ ᠢ᠋ ᠰᠦᠷ ᠬᠦᠴᠦ ᠪᠡᠷ ᠠᠶᠤᠯᠭᠠᠵᠤ᠂ ᠵᠢᠷᠦᠬᠡ ᠶ᠋ᠢ ᠦᠬᠦᠭᠦᠯᠬᠦ ᠶ᠋ᠢᠨ ᠤᠴᠢᠷ ᠳᠣᠭᠰᠢᠳ ᠪᠤᠢᠪᠣᠯᠵᠤ᠂ ᠳᠣᠭᠰᠢᠳ ᠤ᠋ᠨ ᠰᠢᠲᠦᠭᠡᠨ ᠭᠠᠷᠴᠠᠢ᠃ ᠰᠣᠶᠣᠭ᠎ᠠ  ᠪᠡᠨ ᠢᠷᠵᠠᠢᠭᠰᠠᠨ ᠢ᠋ᠶ᠋ᠠᠷ ᠬᠤᠤᠷᠲᠠᠨ ᠢ ᠨᠣᠮᠣᠬᠠᠳᠬᠠᠨ᠎ᠠ᠃ ᠬᠥᠮᠥᠰᠬᠡ ᠬᠥᠳᠡᠯᠭᠡᠨ ᠰᠡᠷᠪᠡᠢᠯᠭᠡᠭᠰᠡᠭᠡᠷ ᠴᠠᠬᠢᠯᠭᠠᠨ ᠡᠷᠢᠬᠡ ᠭᠢᠯᠪᠠᠭᠤᠯᠤᠨ᠎ᠠ᠃ ᠭᠢᠯᠢᠩ ᠢ᠋ᠶ᠋ᠠᠷ ᠪᠣᠢᠪᠤᠭ ᠢ᠋ᠶ᠋ᠠᠨ ᠳᠡᠪᠰᠡᠪᠡᠯ ᠭᠠᠵᠠᠷ ᠳᠡᠯᠡᠬᠡᠢ ᠶ᠋ᠢ ᠬᠥᠳᠡᠯᠭᠡᠨ᠎ᠡ᠃ ᠱᠠᠰᠢᠨ ᠢ᠋ ᠥᠮᠥᠭᠯᠡᠭᠴᠢ ᠡᠳᠡᠭᠡᠷ ᠳᠣᠭᠰᠢᠨ ᠳᠦᠷᠢᠲᠦ ᠪᠤᠷᠬᠠᠳ ᠤ᠋ᠨ ᠨᠠᠰᠤᠨ ᠤ᠋ ᠬᠡᠮᠵᠢᠶ᠎ᠡ ᠨᠢ ᠭᠠᠯᠪᠠ ᠨᠢᠭᠡ ᠪᠣᠯᠤᠨ᠎ᠠ᠃ ᠨᠢᠭᠡ ᠭᠠᠯᠪᠠ ᠳᠥᠷᠪᠡᠨ ᠮᠢᠩᠭ᠎ᠠ ᠭᠤᠷᠪᠠᠨ ᠵᠠᠭᠤ ᠭᠠᠷᠤᠢ ᠵᠢᠯ ᠦᠷᠭᠦᠯᠵᠢᠯᠡᠨ᠎ᠡ᠃ ᠱᠠᠰᠢᠨ ᠪᠣᠯ ᠭᠠᠯᠪᠠ ᠬᠠᠭᠠᠰ ᠲᠤ᠌ ᠣᠷᠣᠰᠢᠨ᠎ᠠ ᠭᠡᠵᠦ ᠨᠣᠮᠯᠠᠭᠰᠠᠨ᠃ ᠣᠳᠣ ᠳᠥᠩᠭᠡᠵᠢ ᠬᠠᠭᠠᠰ ᠭᠠᠯᠪᠠ ᠬᠦᠷᠬᠦ ᠦᠭᠡᠢ ᠨᠠᠰᠤᠯᠠᠭᠠᠳ ᠪᠠᠢᠨ᠎ᠠ᠃ ᠲᠡᠭᠡᠬᠦᠯᠡᠷ ᠡᠳᠡᠭᠡᠷ ᠭᠣᠸ᠎ᠠ ᠪᠤᠰᠤ ᠶ᠋ᠢᠨ ᠳᠣᠭ᠍ᠰᠢᠨ ᠳᠦᠷᠢ ᠲᠡᠢ ᠪᠤᠷᠬᠠᠳ ᠱᠠᠰᠢᠨ ᠢ᠋ ᠦᠶ᠎ᠡ᠎ ᠪᠠᠨ ᠥᠩᠭᠡᠷᠡᠭᠡᠭᠰᠡᠨ ᠡᠴᠡ ᠬᠣᠵᠢᠮ ᠲᠥᠷᠥᠯ ᠠᠷᠠᠯᠵᠢᠬᠤ ᠤᠴᠢᠷ ᠲᠠᠢ ᠪᠣᠯᠤᠨ᠎ᠠ᠃ ᠶᠡᠷᠦ ᠨᠢ ᠬᠢᠯᠢᠩᠲᠦ ᠠᠢᠮᠠᠭ ᠤ᠋ᠨ ᠨᠣᠶᠠᠳ ᠭᠤᠴᠢ ᠪᠠᠢᠬᠤ ᠪᠣᠯᠪᠠᠴᠤ ᠳᠠᠭᠢᠨᠢᠰ ᠭᠤᠴᠢᠨ ᠬᠣᠶᠠᠷ᠂  ᠶᠠᠭᠴᠢᠰ ᠡᠬᠡ ᠶᠢᠰᠦ᠂ ᠠᠪᠢᠳᠠᠷᠠᠮ ᠭᠡᠬᠦ ᠮᠠᠮ ᠳᠣᠯᠣᠭ᠎ᠠ᠂ ᠪᠠᠳᠠᠷᠠᠭᠤᠯᠤᠭᠴᠢ ᠡᠬᠡ ᠨᠠᠢ᠍ᠮᠠ᠂ ᠳᠥᠷᠪᠡᠨ ᠡᠭᠡᠴᠢ ᠨᠠᠷ ᠤ᠋ᠨ ᠬᠠᠮᠲᠤ᠂ ᠲᠩᠷᠢ ᠢᠵᠠᠭᠤᠷ ᠤ᠋ᠨ ᠡᠯᠴᠢ ᠪᠦᠭᠦᠳᠡ ᠭᠤᠷᠪᠠᠨ ᠵᠠᠭᠤ ᠪᠣᠢ ᠪᠢᠯᠡ᠃ ᠲᠡᠳᠡ ᠴᠥᠮ ᠯᠡ ᠥᠪᠡᠷ ᠥᠪᠡᠷ ᠦ᠋ᠨ ᠣᠨᠴᠠᠭᠠᠢ ᠴᠢᠨᠠᠷ᠂ ᠲᠡᠮᠳᠡᠭ ᠲᠡᠢ᠂ ᠤᠩᠰᠢᠯᠭ᠎ᠠ ᠨᠠᠷᠢᠨ  ᠪᠠᠢᠬᠤ ᠪᠥᠭᠡᠳ ᠮᠠᠭᠠᠳ ᠦᠭᠡᠢ ᠣᠭᠲᠣ ᠳᠠᠪᠲᠠᠭᠳᠠᠬᠤ ᠦᠭᠡᠢ ᠴᠤ᠌ ᠪᠠᠢᠵᠤ ᠪᠣᠯᠤᠨ᠎ᠠ ᠭᠡᠵᠦ ᡀᠠᠷᠠᠮᠪᠠ ᠨᠣᠮᠯᠠᠪᠠ᠃ ᠰᠠᠩᠵᠢ ᠲᠡᠭᠦᠨ ᠢ᠋ ᠢᠳᠡᠪᠬᠢᠯᠡᠨ ᠣᠢᠯᠠᠭᠠᠬᠤ ᠶ᠋ᠢ ᠬᠢᠴᠢᠶᠡᠵᠦ ᠪᠠᠢᠯ᠎ᠠ᠃ ᠭᠡᠪᠡᠴᠦ ᠣᠢᠯᠠᠭᠠᠬᠤᠶ᠎ᠠ ᠪᠡᠷᠬᠡ  ᠶᠠᠭᠤᠮ᠎ᠠ ᠣᠯᠠᠨ ᠲᠣᠬᠢᠶᠠᠯᠳᠤᠯ᠎ᠠ᠃
       - ᠣᠷᠴᠢᠯᠠᠩ ᠭᠠᠰᠠᠯᠠᠩ ᠠ᠋ᠴᠠ ᠨᠥᠬᠥᠴᠡᠭᠰᠡᠳ ᠲᠦ᠍ ᠠᠯᠠᠭᠳᠠᠨ᠎ᠠ
         ᠵᠣᠪᠠᠯᠠᠩ ᠶᠡᠬᠡ ᠠᠮᠤᠭᠤᠯᠠᠩ ᠳ᠋ᠤ᠌ ᠠᠯᠠᠭᠳᠠᠨ᠎ᠠ
         ᠠᠮᠢᠲᠠᠨ ᠪᠦᠭᠦᠳᠡ ᠰᠡᠳᠬᠢᠯ ᠳ᠋ᠦ᠍ ᠠᠯᠠᠭᠳᠠᠨ᠎ᠠ
         ᠦᠵᠡᠭᠳᠡᠯ ᠰᠠᠨᠰᠠᠷ ᠤ᠋ᠨ ᠨᠣᠮ ᠤ᠋ᠳ ᠰᠡᠳᠬᠢᠯ ᠳ᠋ᠦ᠍ ᠠᠯᠠᠭᠳᠠᠨ᠎ᠠ
 ᠭᠡᠵᠦ ᡀᠠᠷᠠᠮᠪᠠ ᠰᠤᠷᠭᠠᠮᠵᠢᠯᠠᠪᠠ᠃ ᠡᠭᠦᠨ ᠢ᠋ ᠰᠠᠩᠵᠢ ᠲᠡᠳᠦᠢ ᠯᠡ ᠣᠢᠯᠠᠭᠠᠵᠤ ᠴᠢᠳᠠᠭᠰᠠᠨ ᠦᠭᠡᠢ᠃
       - ᠣᠷᠴᠢᠯᠠᠩ ᠶᠠᠭᠠᠬᠢᠭᠠᠳ ᠭᠠᠰᠠᠯᠠᠩ ᠠ᠋ᠴᠠ ᠨᠥᠬᠥᠴᠡᠭᠰᠡᠳ ᠲᠦ᠍ ᠠᠯᠠᠭᠳᠠᠳᠠᠭ ᠶᠤᠮ ᠪᠣᠢ? ᠭᠡᠵᠦ ᠰᠠᠩᠵᠢ ᠠᠰᠠᠭᠤᠪᠠ᠃ ᡀᠠᠷᠠᠮᠪᠠ ᠡᠢᠮᠦ ᠠᠰᠠᠭᠤᠯᠲᠠ ᠳ᠋ᠤ᠌ ᠶᠡᠬᠡ ᠳᠤᠷᠠᠲᠠᠢ᠃
       - ᠣᠷᠴᠢᠯᠠᠩ ᠢ᠋ ᠳᠡᠢᠯᠦᠶ᠎ᠡ ᠭᠡᠪᠡᠯ ᠥᠪᠡᠷ ᠢ᠋ᠶ᠋ᠡᠨ ᠨᠥᠭᠴᠢᠪᠡᠰᠦ ᠰᠡᠳᠬᠢᠯ ᠳ᠋ᠦ᠍ ᠲᠡᠷᠡ ᠣᠷᠴᠢᠯᠠᠩ ᠦᠭᠡᠢ ᠪᠣᠯᠵᠤ ᠲᠡᠷᠡ ᠨᠢ ᠣᠷᠴᠢᠯᠠᠩ ᠢᠯᠠᠭᠳᠠᠭᠰᠠᠨ ᠯᠤᠭ᠎ᠠ ᠠᠳᠠᠯᠢ᠃ ᠲᠡᠷᠡᠴᠢᠯᠡᠨ ᠵᠣᠪᠠᠯᠠᠩ ᠢ᠋ ᠮᠠᠷᠲᠠᠵᠤ ᠰᠡᠳᠬᠢᠯ ᠦᠨ ᠶᠡᠬᠡ ᠠᠮᠤᠭᠤᠯᠠᠩ ᠳ᠋ᠤ᠌ ᠣᠷᠣᠵᠤ ᠴᠢᠳᠠᠪᠠᠰᠤ ᠵᠣᠪᠠᠯᠠᠩ ᠥᠪᠡᠷ ᠢ᠋ᠶ᠋ᠡᠨ ᠠᠯᠠᠭᠳᠠᠨ ᠦᠭᠡᠢ ᠪᠣᠯᠤᠭᠰᠠᠨ ᠤ᠋ ᠠᠭᠠᠷ ᠨᠢᠭᠡᠨ ᠪᠣᠢ! ᠭᠡᠵᠦ ᡀᠠᠷᠠᠮᠪᠠ ᠲᠠᠢᠯᠪᠤᠷᠢᠯᠠᠬᠤ ᠳ᠋ᠤ᠌ ᠰᠠᠩᠵᠢ ᠪᠠᠭ᠎ᠠ ᠵᠡᠷᠭᠡ ᠭᠠᠳᠠᠷᠯᠠᠪᠠ᠃
       - ᠴᠢ ᠬᠠᠷᠠᠭᠲᠤᠨ᠃ ᠡᠨᠳᠡ ᠵᠢᠷᠭᠤᠭᠠᠨ ᠶᠣᠰᠣᠨ ᠤ᠋ ᠢᠲᠡᠭᠡᠯᠲᠦ ᠪᠤᠷᠬᠠᠨ ᠤ᠋ ᠳᠦᠷᠢ ᠪᠠᠢᠨ᠎ᠠ᠃ ᠡᠭᠦᠨ ᠳᠦ ᠬᠤᠲᠤᠭᠲᠤ ᠶᠣᠰᠣᠨ ᠤ᠋ ᠢᠲᠡᠭᠡᠯᠲᠦ ᠶ᠋ᠢ ᠬᠠᠷᠠᠭᠲᠤᠨ᠃  ᠢᠵᠠᠭᠣᠷ ᠤ᠋ᠨ ᠨᠢᠭᠤᠷ ᠬᠢᠯᠢᠩ ᠲᠡᠢ᠂ ᠬᠠᠷ᠎ᠠ ᠬᠥᠬᠡ ᠥᠩᠭᠡᠲᠡᠢ᠂ ᠪᠠᠷᠠᠭᠤᠨ ᠨᠢ ᠴᠠᠭᠠᠨ ᠵᠠᠭᠠᠨ ᠤ᠋ ᠨᠢᠭᠤᠷ ᠲᠠᠢ᠂ ᠵᠡᠭᠦᠨ ᠨᠢ ᠤᠯᠠᠭᠠᠨ ᠤᠰᠤᠨ ᠤ᠋ ᠦᠬᠡᠷ ᠦᠨ ᠨᠢᠭᠤᠷ ᠲᠡᠢ᠂ ᠠᠷᠤ ᠶ᠋ᠢᠨ ᠬᠢ ᠨᠢ ᠬᠠᠷ᠎ᠠ ᠠᠷᠰᠯᠠᠨ᠎ ᠤ ᠨᠢᠭᠤᠷ ᠲᠠᠢ᠂ ᠵᠢᠷᠭᠤᠭᠠᠨ ᠮᠣᠳᠣᠷ ᠤ᠋ᠨ ᠪᠠᠷᠠᠭᠤᠨ ᠳ᠋ᠤ᠌ ᠪᠦᠭᠳᠦᠷ ᠬᠢᠲᠤᠭ᠎ᠠ᠂ ᠪᠠᠷᠢᠶ᠎ᠠ᠂ ᠰᠦᠬᠡ᠂ ᠵᠡᠭᠦᠨ ᠭᠤᠷᠪᠠ ᠳ᠋ᠤ᠌ ᠭᠠᠪᠠᠯᠠ᠂ ᠦᠬᠡᠷ ᠦ᠋ᠨ ᠰᠢᠷᠢ᠂  ᠴᠡᠯᠮ᠎ᠡ ᠪᠠᠷᠢᠭᠰᠠᠨ᠂  ᠪᠣᠢᠪᠤᠭ ᠢ᠋ᠶ᠋ᠠᠨ ᠠᠯᠴᠠᠢᠵᠤ ᠣᠷᠣᠰᠢᠭᠰᠠᠨ᠂ ᠨᠢᠭᠤᠴᠠ ᠡᠬᠡ ᠲᠡᠢ ᠨᠥᠬᠥᠴᠡᠯᠳᠦᠭᠰᠡᠨ ᠡᠢᠮᠦ ᠳᠦᠷᠢ ᠶᠣᠰᠣᠭᠠᠷ ᠦᠵᠡᠭᠦᠯᠵᠡᠢ ᠭᠡᠵᠦ ᡀᠠᠷᠠᠮᠪᠠ ᠶᠠᠷᠢᠭᠠᠳ ᠳᠥᠷᠪᠡᠨ ᠨᠢᠭᠤᠷ ᠲᠠᠢ᠂ ᠵᠢᠷᠭᠤᠭᠠᠨ ᠭᠠᠷ ᠲᠤ᠌ ᠪᠠᠨ ᠲᠤᠰ ᠪᠦᠷᠢ ᠪᠠᠷᠢᠶ᠎ᠠ᠂ ᠰᠦᠬᠡ ᠵᠡᠷᠭᠡ ᠳᠡᠭᠡᠷ᠎ᠡ ᠲᠤᠭᠠᠴᠢᠭᠰᠠᠨ ᠢ᠋ ᠪᠠᠷᠢᠵᠤ ᠬᠣᠶᠠᠷ ᠭᠠᠷ ᠢ᠋ᠶ᠋ᠠᠷ ᠨᠢᠭᠡᠨ ᠵᠢᠵᠢᠭ ᠪᠡᠶᠡᠲᠦ ᠡᠮ᠎ᠡ ᠲᠥᠷᠥᠯᠲᠡᠨ ᠢ᠋ ᠲᠡᠪᠡᠷᠢᠭᠰᠡᠨ ᠳᠣᠭᠰᠢᠨ ᠳᠦᠷᠢᠲᠦ ᠪᠤᠷᠬᠠᠨ ᠢ᠋ ᠵᠢᠭᠠᠯ᠎ᠠ᠃ ᠲᠡᠭᠡᠭᠡᠳ ᡀᠠᠷᠠᠮᠪᠠ:
       - ᠡᠭᠦᠨ ᠦ᠌ ᠵᠢᠰᠦ ᠴᠢᠷᠠᠢ᠂ ᠬᠡᠪ  ᠮᠠᠶᠢᠭ᠋ ᠢ᠋ ᠴᠢ ᠦᠨᠡᠮᠰᠢᠬᠦ ᠦᠭᠡᠢ ᠪᠠᠢᠵᠤ ᠪᠣᠯᠤᠨ᠎ᠠ᠃ ᠭᠡᠪᠡᠴᠦ ᠡᠢᠮᠦ ᠬᠤᠲᠤᠭᠲᠤ ᠶᠣᠰᠣᠨ ᠤ᠋ ᠢᠲᠡᠭᠡᠯᠲᠦ ᠪᠤᠷᠬᠠᠨ ᠪᠣᠢ ᠭᠡᠮᠡᠨ ᠪᠠᠲᠤ ᠢᠲᠡᠭᠡᠪᠡᠰᠦ ᠴᠢᠨᠦ ᠦᠯᠦ ᠢᠲᠡᠭᠡᠬᠦ ᠶᠢᠨ ᠮᠤᠬᠤᠷ ᠮᠣᠩᠰᠢᠨ ᠰᠡᠳᠬᠢᠯ ᠠᠯᠳᠠᠭᠳᠠᠨ᠎ᠠ ᠭᠡᠵᠦ ᠰᠤᠷᠭᠠᠪᠠ᠃

       ᡀᠠᠷᠠᠮᠪᠠ ᠶ᠋ᠢᠨ ᠵᠢᠭᠠᠭᠰᠠᠨ ᠵᠢᠷᠤᠭ ᠳᠡᠭᠡᠷ᠎ᠡ 《ᠪᠢᠰᠢᠯᠭᠠᠬᠤ ᠴᠠᠭ ᠤ᠋ᠨ ᠢᠲᠡᠭᠡᠯᠲᠦ》᠂ 《ᠪᠦᠲᠦᠭᠡᠯ ᠦᠨ ᠴᠠᠭ ᠤ᠋ᠨ ᠢᠲᠡᠭᠡᠯᠲᠦ》᠂ 《ᠰᠠᠨᠳᠤᠢ ᠶ᠋ᠢᠨ ᠢᠲᠡᠭᠡᠯᠲᠦ》᠂ 《ᠠᠳᠢᠰ ᠪᠠᠭᠤᠯᠭᠠᠬᠤ ᠢᠲᠡᠭᠡᠯᠲᠦ》᠂ 《ᠳᠡᠭᠵᠢᠵᠦ ᠬᠥᠭᠵᠢᠬᠦ ᠦᠢᠯᠡ ᠶ᠋ᠢᠨ ᠢᠲᠡᠭᠡᠯᠲᠦ》᠂ 《ᠬᠤᠲᠤᠭᠲᠤ ᠶᠣᠰᠣᠨ ᠤ᠋ ᠢᠲᠡᠭᠡᠯᠲᠦ》 ᠭᠡᠰᠡᠨ ᠵᠢᠷᠭᠤᠭᠠᠨ ᠪᠤᠷᠬᠠᠳ ᠤᠨ ᠵᠢᠷᠤᠭ ᠴᠥᠮ ᠯᠡ ᠣᠯᠠᠨ ᠲᠣᠯᠣᠭᠠᠢ᠂ ᠣᠯᠠᠨ ᠭᠠᠷ ᠲᠠᠢ᠂ ᠭᠠᠷ ᠪᠣᠯᠭᠠᠨ ᠳ᠋ᠠᠭᠠᠨ ᠶᠠᠩᠵᠤ ᠪᠦᠷᠢ ᠶ᠋ᠢᠨ ᠶᠠᠭᠤᠮ᠎ᠠ ᠪᠠᠷᠢᠭᠰᠠᠨ ᠢ᠋ᠶ᠋ᠠᠷ ᠳᠦᠷᠰᠦᠯᠡᠭᠳᠡᠵᠡᠢ᠃
       - ᠪᠤᠷᠬᠠᠳ ᠤ᠋ᠨ ᠪᠠᠷᠢᠭᠰᠠᠨ ᠶᠠᠭᠤᠮ᠎ᠠ ᠪᠣᠯᠭᠠᠨ ᠤᠴᠢᠷ ᠲᠠᠢ᠃ ᠭᠣᠣᠯ ᠲᠥᠯᠥᠪ ᠬᠠᠳᠤᠭᠤᠷ᠂  ᠬᠣᠷᠢᠨ ᠲᠤᠯᠤᠮ᠂  ᠪᠦᠷᠢᠶ᠎ᠡ᠂ ᠲᠠᠲᠠᠷ᠂ ᠢᠯᠳᠦ᠂ ᠭᠦᠪᠢᠭᠦᠷ᠂ ᠬᠡᠪ ᠪᠦᠰᠡ᠂ ᠬᠥᠭᠡᠨ᠎ᠡ᠂ ᠴᠢᠳᠥᠷ᠂ ᠬᠢᠲᠤᠭ᠎ᠠ ᠭᠠᠪᠠᠯᠠ᠂ ᠴᠠᠯᠮ᠎ᠠ᠂ ᠲᠣᠯᠢ᠂ ᠭᠣᠬ᠎ᠠ᠂ ᠰᠦᠬᠡ᠂ ᠬᠠᠳᠠᠮᠠᠭᠠᠢ᠂ ᠲᠡᠮᠦᠷ ᠬᠠᠤᠷᠠᠢ᠂ ᠦᠬᠡᠷ ᠦ᠋ᠨ ᠰᠢᠷᠢ᠂ ᠪᠠᠳᠢᠷ ᠠᠶᠠᠭ᠎ᠠ᠂ ᠽᠠᠳᠢ᠂ ᠳᠠᠮᠠᠷᠤ ᠬᠣᠩᠬ᠎ᠠ᠂ ᠴᠡᠴᠡᠭ᠂ ᠪᠤᠷᠭᠠᠰᠤ ᠲᠡᠷᠢᠭᠦᠲᠡᠨ ᠪᠠᠢᠨ᠎ᠠ᠃ ᠲᠡᠷᠡ ᠪᠦᠬᠦᠨ ᠢ᠋ ᠱᠠᠰᠢᠨ ᠤ  ᠳᠠᠢᠰᠦᠨ ᠡᠯᠳᠡᠪ ᠮᠠᠭᠤ ᠦᠢᠯᠡ ᠶ᠋ᠢ ᠶᠡᠭᠦᠳᠬᠡᠨ ᠴᠡᠪᠡᠷᠯᠡᠬᠦ ᠳ᠋ᠦ᠍ ᠬᠡᠷᠡᠭᠯᠡᠳᠡᠭ ᠪᠣᠯᠤᠨ᠎ᠠ᠃  ᠡᠢᠮᠦ ᠳ᠋ᠤ᠌ ᠪᠡᠶ᠎ᠡ ᠪᠡᠶ᠎ᠡ ᠲᠡᠢ ᠨᠢ ᠠᠨᠳᠠᠭᠤᠷᠠᠨ ᠬᠤᠳᠬᠤᠪᠠᠯ ᠨᠢᠭᠦᠯ ᠠᠯᠳᠠᠰ᠃ ᠲᠡᠭᠡᠭᠡᠳ ᠰᠠᠢᠨ ᠲᠣᠭᠲᠠᠭᠠᠬᠤ ᠶᠢ ᠭᠡᠴᠢᠶᠡᠭᠲᠦᠨ ᠭᠡᠵᠦ ᡀᠠᠷᠠᠮᠪᠠ ᠠᠢᠯᠠᠳᠤᠨ ᠨᠣᠮᠯᠠᠪᠠ᠃
       - ᠣᠷᠴᠢᠯᠠᠩ ᠬᠣᠷᠸ᠎ᠠ ᠳ᠋ᠤ᠌ ᠪᠤᠷᠬᠠᠨ ᠪᠣᠯᠤᠭᠠᠳ ᠳᠣᠭ᠍ᠰᠢᠨ ᠡᠰᠡᠪᠡᠯ ᠶᠠᠭ᠍ᠴᠢᠰ ᠪᠣᠯᠤᠨ ᠡᠷᠯᠢᠭ ᠣᠷᠣᠰᠢᠭ᠎ᠠ ᠦᠭᠡᠢ ᠭᠠᠵᠠᠷ  ᠪᠠᠢᠨ᠎ᠠ ᠤᠤ? ᠭᠡᠵᠦ ᠰᠠᠩᠵᠢ ᠭᠡᠨᠡᠳᠲᠡ ᠰᠣᠨᠢᠭᠤᠴᠢᠯᠠᠨ ᠪᠠᠭᠰᠢ ᠠ᠋ᠴᠠ ᠪᠠᠨ ᠠᠰᠠᠭᠤᠴᠢᠬᠠᠭᠰᠠᠨ ᠴᠢᠨᠢ ᡀᠠᠷᠠᠮᠪᠠ ᠦᠯᠦ ᠶᠠᠯᠢᠭ ᠢᠨᠢᠶᠡᠮᠰᠦᠭᠯᠡᠵᠦ:
       - ᠪᠢ ᠲᠦᠷᠦᠭᠦᠨ ᠨᠣᠮᠯᠠᠭ᠎ᠠ ᠪᠢᠵᠡ ᠳᠡ? ᠶᠢᠷᠲᠢᠨᠴᠦ ᠥᠩᠭᠡᠷᠡᠭᠰᠡᠨ ᠪᠠ ᠦᠯᠦ ᠥᠩᠭᠡᠷᠡᠭᠰᠡᠨ ᠵᠠᠢ ᠵᠠᠪᠰᠠᠷ ᠲᠤ᠌ ᠣᠷᠣᠰᠢᠨ᠎ᠠ ᠭᠡᠵᠦ ᠨᠣᠮ ᠲᠠᠢ ᠶᠤᠮ᠃ ᠲᠡᠷᠡ ᠵᠠᠭᠤᠷ᠎ᠠ ᠳ᠋ᠤ᠌ ᠡᠵᠡᠨ ᠦᠭᠡᠢ ᠶᠦᠮ ᠭᠡᠵᠦ ᠦᠭᠡᠢ᠃ ᠪᠠᠰᠠ ᠡᠵᠡᠨ ᠲᠡᠢ ᠶᠦᠮ ᠭᠡᠵᠦ ᠦᠭᠡᠢ᠃  ᠰᠠᠢᠨ ᠢ᠋ ᠦᠢᠯᠡᠳᠦᠭᠴᠢ᠂ ᠠᠪᠤᠷᠠᠨ ᠨᠢᠭᠦᠯᠡᠰᠦᠭᠴᠢ ᠪᠠᠢᠬᠤ ᠳ᠋ᠤ᠌ ᠰᠠᠭᠠᠷ ᠢ᠋ ᠦᠢᠯᠡᠳᠦᠨ ᠬᠥᠨᠥᠭᠡᠨ ᠢᠳᠡᠭᠴᠢ ᠪᠠᠰᠠ ᠪᠣᠢ᠃ ᠡᠭᠦᠨ ᠳ᠋ᠦ᠍ ᠲᠢᠲᠢᠮᠯᠡᠭᠰᠡᠨ ᠲᠠᠪᠤᠨ ᠳᠡᠭᠡᠳᠦ ᠪᠤᠷᠬᠠᠳ  ᠪᠠᠢᠬᠤ ᠳ᠋ᠤ᠌ ᠵᠦᠬᠡᠯᠭᠡ ᠬᠠᠲᠠᠭᠤ ᠲᠠᠷᠢᠨ᠎ᠠ ᠶ᠋ᠢᠨ ᠠᠷᠪᠠᠨ ᠪᠤᠷᠬᠠᠳ ᠪᠠᠰᠠ ᠪᠣᠢ᠃ ᠲᠡᠳᠡᠨ ᠦ ᠨᠢᠭᠡ ᠨᠢ ᠪᠣᠯᠬᠤ ᠳ᠋ᠦ᠋ᠤ‍ᠠᠬᠤᠶ᠋ᠢᠵᠢᠪᠠᠷᠠᠩᠭᠠᠷ ᠰᠢᠮᠨᠤ ᠪᠣᠯ ᠢᠮᠠᠭᠲᠠ ᠵᠦᠬᠡᠯᠭᠡ ᠣᠷᠬᠢᠵᠤ  ᠪᠠᠢᠳᠠᠭ᠃ ᠵᠥᠭᠡᠯᠭᠡ ᠶ᠋ᠢᠨ ᠦᠭᠡ ᠨᠢ᠄ 《ᠴᠢᠨᠦ ᠪᠡᠶ᠎ᠡ ᠬᠠᠷ᠎ᠠ ᠥᠩᠭᠡᠲᠡᠢ ᠪᠣᠯᠤᠭ᠃  ᠬᠣᠭᠣᠯᠠᠢ ᠳ᠋ᠤ᠌ ᠬᠥᠮᠦᠨ ᠦ᠌ ᠮᠢᠬ᠎ᠠ᠂ ᠮᠣᠷᠢᠨ ᠤ᠋ ᠮᠢᠬ᠎ᠠ ᠢᠳᠡᠭ! ᠴᠢᠨᠦ ᠬᠤᠪᠴᠠᠰᠤ ᠳ᠋ᠤ᠌ ᠬᠥᠮᠦᠨ ᠦ᠌ ᠠᠷᠠᠰᠤ  ᠡᠮᠦᠰᠦᠭᠲᠦᠨ 》 ᠭᠡᠵᠦ ᠪᠠᠢᠳᠠᠭ ᠶᠠᠭᠤᠮ᠎ᠠ᠃ ᠵᠠ ᠡᠨᠡ ᠲᠤᠬᠠᠢ ᠳ᠋ᠤ᠌ ᠪᠢ ᠴᠢᠮ᠎ᠠ ᠳ᠋ᠤ᠌ ᠳᠠᠷᠠᠭ᠎ᠠ ᠲᠣᠳᠣᠷᠬᠠᠢ ᠨᠣᠮᠯᠠᠨ᠎ᠠ᠃ ᠥᠨᠥᠳᠥᠷ ᠭᠠᠷᠴᠤ ᠵᠢᠭᠠᠬᠠᠨ ᠰᠠᠯᠬᠢ ᠠᠮᠰᠠᠶ᠎ᠠ ᠬᠣᠶᠠᠭᠤᠯᠠ ᠪᠠᠨ ᠭᠡᠪᠡ᠃ ᠰᠠᠩᠵᠢ ᠭᠠᠷᠬᠤ ᠪᠠᠷ ᠵᠠᠪᠳᠤᠬᠤ ᠵᠠᠭᠤᠷ᠎ᠠ ᠳᠠᠰᠤᠯ ᠦᠭᠡᠢ ᠪᠠᠰᠠ ᠨᠢᠭᠡ ᠠᠰᠠᠭᠤᠮᠠᠷ  ᠶᠠᠭᠤᠮ᠎ᠠ ᠭᠠᠷᠤᠭᠰᠠᠨ ᠢ᠋ ᠠᠰᠠᠭᠤᠪᠠ᠃
       - ᠪᠠᠭᠰᠢ ᠠ᠂ ᠡᠨᠡ ᠣᠯᠠᠨ ᠪᠤᠷᠬᠠᠳ ᠥᠪᠡᠷ ᠬᠣᠭᠣᠷᠣᠨᠳᠣ ᠪᠠᠨ ᠢᠯᠭᠠᠷᠠᠬᠤ ᠳ᠋ᠤ᠌ ᠨᠡᠩ ᠪᠡᠷᠬᠡ ᠪᠤᠰᠤ ᠤᠤ? ᠭᠡᠵᠦ ᠪᠠᠷᠤᠭ ᠴᠥᠮ ᠢᠵᠢᠯ ᠰᠢᠬᠠᠮ ᠵᠢᠷᠤᠭᠰᠠᠨ ᠪᠤᠷᠬᠠᠳ ᠤ᠋ᠨ ᠵᠢᠷᠤᠭ ᠢ᠋ ᠵᠢᠭᠠᠵᠠᠢ᠃
       - ᠶᠡᠷᠦᠩᠬᠡᠢ ᠲᠥᠷᠬᠦ ᠣᠢᠷᠠᠯᠴᠠᠭ᠎ᠠ ᠪᠣᠯᠪᠠᠴᠤ ᠴᠥᠮ ᠢᠯᠭᠠᠭᠳᠠᠨ᠎ᠠ᠃ ᠢᠯᠭᠠᠬᠤ ᠪᠢᠯᠢᠭ ᠦ᠋ᠨ ᠨᠢᠳᠦ ᠬᠡᠷᠡᠭᠲᠡᠢ᠃ ᠪᠢ ᠴᠢᠮ᠎ᠠ ᠳ᠋ᠤ᠌ ᠲᠦᠷᠦᠭᠦᠨ ᠬᠡᠯᠡᠭᠰᠡᠨ᠃ ᠮᠣᠳᠣᠷ ᠲᠤ᠌ ᠪᠠᠨ ᠪᠣᠯᠭᠣᠭᠠᠨ ᠪᠠᠷᠢᠭᠰᠠᠨ ᠵᠦᠢᠯ ᠥᠭᠡᠷ᠎ᠡ ᠥᠭᠡᠷ᠎ᠡ ᠭᠡᠵᠦ᠃ ᠲᠡᠷᠡᠴᠢᠯᠡᠨ ᠪᠠᠰᠠ ᠣᠨᠣᠯᠭ᠎ᠠ ᠳ᠋ᠤ᠌ ᠬᠡᠷᠡᠭᠯᠡᠳᠡᠭ ᠵᠦᠢᠯ ᠢ᠋ᠶ᠋ᠡᠷ ᠢ᠋ᠶ᠋ᠡᠨ ᠢᠯᠭᠠᠭᠳᠠᠨ᠎ᠠ᠃  ᠵᠢᠱᠢᠶ᠎ᠡ ᠨᠢ ᠡᠨᠡ ᠶᠡᠬᠡ ᠴᠠᠰᠤᠲᠠᠨ᠎᠎ ᠤ ᠡᠬᠡ ᠳᠣᠷᠵᠣᠳᠪᠤᠷᠮ᠎ᠠ ᠣᠨᠣᠯᠭ᠎ᠠ ᠳ᠋ᠤ᠌ ᠦᠢᠮᠡᠷᠡᠭᠰᠡᠨ ᠬᠠᠷ᠎ᠠ ᠰᠠᠯᠬᠢ ᠬᠥᠯᠭᠡᠯᠡᠭᠰᠡᠨ ᠪᠠᠢᠨ᠎ᠠ᠃ ᠴᠣᠭᠲᠤ ᠲᠩᠷᠢ ᠠᠭᠤᠯᠠ ᠭᠡᠭᠴᠢ ᠳᠣᠷᠵᠢᠶᠠᠮᠠᠵᠠᠨ ᠪᠣᠯ ᠬᠠᠯᠵᠠᠨ ᠮᠣᠷᠢ ᠬᠥᠯᠭᠡᠯᠡᠭᠰᠡᠨ᠂  ᠥᠯᠵᠡᠢᠲᠦ ᠤᠷᠲᠤ ᠨᠠᠰᠤᠲᠤ ᠣᠭᠲᠠᠷᠭᠤᠢ ᠶ᠋ᠢᠨ ᠡᠮ᠎ᠡ ᠳᠣᠷᠵᠢᠭᠦᠨᠳᠡᠭᠮᠠ ᠪᠣᠯ ᠯᠤᠤ ᠬᠥᠯᠭᠡᠯᠡᠭᠰᠡᠨ᠃  ᠭᠠᠨᠮᠠᠨᠵᠠᠷ᠎ᠠ ᠮᠠᠮᠤ ᠪᠣᠯ ᠴᠠᠭᠠᠨ ᠠᠷᠰᠯᠠᠨ ᠤᠨᠤᠭᠰᠠᠨ᠃  ᠪᠠᠨᠮᠠᠨᠳᠠᠰᠢᠷ᠎ᠠ ᠪᠣᠯ ᠬᠤᠯᠠᠨ ᠤᠨᠤᠭᠰᠠᠨ ᠭᠡᠬᠦ ᠮᠡᠲᠦ ᠪᠡᠷ ᠥᠭᠡᠷ᠎ᠡ ᠥᠭᠡᠷ᠎ᠡ ᠣᠨᠣᠯᠭ᠎ᠠ ᠬᠡᠷᠡᠭᠯᠡᠭᠰᠡᠨ ᠨᠢ ᠬᠥᠷᠥᠭ ᠳᠡᠭᠡᠷ᠎ᠡ ᠲᠣᠳᠣᠷᠬᠠᠢ ᠵᠢᠷᠤᠭᠳᠠᠵᠠᠢ᠃ ᠡᠭᠦᠪᠡᠷ ᠨᠢ ᠪᠠᠰᠠ ᠲᠠᠨᠢᠨ ᠢᠯᠭᠠᠵᠤ ᠪᠣᠯᠤᠨ᠎ᠠ᠃ ᠶᠡᠷᠦ ᠨᠢ ᠳᠣᠭᠰᠢᠳ ᠭᠣᠣᠯ ᠲᠥᠯᠥᠪ ᠣᠨᠣᠯᠭ᠎ᠠ ᠳ᠋ᠤ᠌ ᠬᠡᠷᠡᠭᠯᠡᠳᠡᠭ ᠵᠦᠢᠯ ᠭᠡᠪᠡᠯ᠄ ᠴᠣᠬᠣᠷ ᠪᠠᠷᠰ᠂ ᠴᠠᠭᠠᠨ ᠪᠤᠭᠤ᠂ ᠠᠷᠰᠯᠠᠨ᠂ ᠵᠢᠷᠣᠭ᠎ᠠ ᠯᠠᠭᠤᠰᠠ᠂ ᠭᠠᠷᠤᠳᠢ᠂ ᠴᠠᠭᠠᠨ ᠠᠮᠠᠲᠤ ᠮᠣᠷᠢ᠂ ᠥᠰᠥᠭᠡᠢ ᠴᠠᠭᠠᠨ ᠬᠦᠮᠦᠨ ᠭᠥᠷᠥᠭᠡᠰᠦ ᠪᠤᠶᠤ ᠮᠡᠬᠡᠨ᠂ ᠵᠤᠷᠪᠤᠰ ᠴᠠᠭᠠᠨ ᠬᠠᠯᠵᠠᠨ ᠭᠠᠯᠠᠭᠤ᠂ ᠬᠠᠷ᠎ᠠ ᠭᠠᠬᠠᠢ᠂ ᠴᠣᠬᠣᠷ ᠠᠮᠠ ᠲᠠᠢ ᠰᠢᠷ᠎ᠠ ᠰᠢᠪᠠᠭᠤ᠂ ᠵᠢᠷᠦᠬᠡ ᠴᠠᠭᠠᠨ ᠪᠠᠭᠠᠪᠠᠭᠠᠢ᠂ ᠴᠢᠨᠣ᠎ᠠ᠂ ᠨᠣᠬᠠᠢ᠂ ᠴᠥᠭᠡᠪᠦᠷᠢ᠂  ᠣᠷᠣᠩᠭᠣ᠌ ᠰᠠᠬᠤᠯᠢᠭ᠂ ᠴᠠᠭᠠᠨ ᠡᠭᠦᠯᠡ᠂ ᠬᠠᠷ᠎ᠠ ᠰᠠᠯᠬᠢ᠂ ᠶᠢᠰᠦᠨ ᠲᠣᠯᠣᠭᠠᠢᠲᠤ ᠶᠠᠰᠤᠲᠤ ᠮᠡᠯᠡᠬᠡᠢ᠂ ᠡᠷᠢᠶᠡᠨ ᠲᠠᠷᠯᠠᠨ ᠤᠰᠤᠨ ᠤ᠋ ᠦᠬᠡᠷ ᠵᠡᠷᠭᠡ ᠪᠣᠯᠤᠨ᠎ᠠ᠃ ᠡᠳᠡᠭᠡᠷ ᠢ᠋ ᠳᠠᠪᠲᠠᠨ ᠭᠠᠷᠬᠤ ᠳ᠋ᠤ᠌ ᠬᠦᠷᠦᠪᠡᠯ ᠪᠡᠯᠭᠡᠳᠡᠯ ᠰᠠᠢᠲᠠᠢ ᠥᠩᠭᠡ ᠪᠡᠷ ᠥᠭᠡᠷ᠎ᠡ ᠥᠪᠡᠷᠰᠡᠳ ᠡᠴᠡ ᠨᠢ ᠢᠯᠭᠠᠨ᠎ᠠ ᠭᠡᠵᠦ ᡀᠠᠷᠠᠮᠪᠠ ᠶᠠᠷᠢᠬᠤ ᠵᠠᠭᠤᠷ᠎ᠠ ᠣᠷᠬᠢᠮᠵᠢ ᠪᠠᠨ ᠨᠥᠮᠥᠷᠦᠭᠡᠳ:
       - ᠥᠨᠥᠳᠥᠷ ᠶᠡᠬᠡ ᠪᠦᠭᠴᠢᠮ ᠡᠳᠦᠷ ᠪᠠᠢᠨ᠎ᠠ᠃ ᠬᠣᠶᠠᠭᠤᠯᠠ ᠭᠠᠳᠠᠭᠰᠢ ᠭᠠᠷᠴᠤ ᠳᠦᠷ ᠶᠠᠪᠤᠭᠠᠳ ᠢᠷᠡᠶ᠎ᠡ᠃ ᠰᠠᠯᠬᠢ ᠬᠥᠯᠭᠡᠯᠡᠨ ᠶᠠᠪᠤᠨ᠎ᠠ ᠳᠠ ᠭᠡᠵᠦ ᠰᠠᠩᠵᠢ ᠳ᠋ᠤ᠌ ᠬᠠᠨᠳᠤᠨ ᠭᠠᠷ ᠢ᠋ᠶ᠋ᠠᠨ ᠰᠠᠷᠪᠠᠢᠪᠠ᠃  ᠰᠠᠩᠵᠢ ᠲᠡᠭᠦᠨ ᠦ᠌ ᠥᠭᠡᠬᠦᠯᠢᠭ ᠨᠢᠮᠪᠡᠭᠡᠷ ᠰᠠᠷᠪᠠᠭᠤᠨ ᠠ᠋ᠴᠠ ᠠᠳᠬᠤᠨ ᠠᠪᠴᠤ ᠰᠤᠭᠤᠳᠠᠨ ᠲᠦᠰᠢᠭᠰᠡᠭᠡᠷ ᠰᠢᠲᠦᠭᠡᠨ ᠦ᠌ ᠬᠢ ᠨᠢ ᠥᠷᠥᠭᠡᠨ ᠡᠴᠡ ᠭᠠᠷᠭᠠᠯ᠎ᠠ᠃ 
       ᠭᠠᠳᠠᠭ᠎ᠠ ᠲᠤᠩᠭᠠᠯᠠᠭ ᠰᠠᠢᠬᠠᠨ ᠡᠳᠦᠷ ᠪᠠᠢᠪᠠ᠃ ᡀᠠᠷᠠᠮᠪᠠ ᠠᠭᠠᠷ ᠬᠣᠪᠳᠣᠭ ᠢ᠋ᠶ᠋ᠠᠷ ᠠᠮᠢᠰᠬᠤᠯᠠᠵᠤ:
       - ᠰᠠᠢᠬᠠᠨ ᠡᠳᠦᠷ  ᠪᠠᠢᠨ᠎ᠠ᠃ ᠬᠣᠶᠠᠭᠤᠯᠠ ᠪᠠᠨ ᡀᠠᠰᠠ ᠵᠣᠣ ᠬᠦᠷᠲᠡᠯ᠎ᠡ ᠠᠯᠬᠤᠭᠠᠳ ᠪᠤᠴᠠᠵᠤ ᠢᠷᠡᠶ᠎ᠡ ᠭᠡᠪᠡ᠃ ᠰᠠᠩᠵᠢ ᠳ᠋ᠤ᠌ ᠲᠡᠷᠡ ᠲᠤᠩ ᠠᠶᠠᠲᠠᠢᠬᠠᠨ ᠰᠠᠨᠠᠯ ᠰᠠᠨᠠᠭᠳᠠᠯ᠎ᠠ᠃ 
       ᠭᠤᠳᠤᠮᠵᠢ ᠪᠠᠷ ᠪᠤᠮᠠᠨ ᠬᠥᠮᠦᠨ ᠪᠤᠵᠢᠭᠢᠨᠠᠵᠤ  ᠪᠠᠢᠯ᠎ᠠ᠃ ᡀᠠᠷᠠᠮᠪᠠ ᠠᠮᠠᠨ ᠤ᠋ ᠪᠠᠨ ᠬᠠᠭᠠᠯᠲᠠ ᠶᠢ ᠳᠣᠭᠣᠭᠰᠢ ᠤᠨᠵᠢᠭᠤᠯᠤᠨ᠂ ᠰᠠᠯᠬᠢᠨ ᠳ᠋ᠤ᠌ ᠠᠯᠠᠳᠠᠬᠤ ᠦᠭᠡᠢ ᠪᠡᠷ ᠪᠡᠬᠢᠯᠡᠭᠦᠯᠪᠡ᠃  ᠠᠩᠭᠠᠢᠭ᠍ᠰᠠᠨ ᠠᠮᠠ  ᠤᠷᠤᠭᠤ ᠨᠢ ᠢᠯᠠᠭ᠎ᠠ ᠰᠢᠮᠠᠭᠤᠯ ᠣᠷᠣᠵᠤ ᠨᠢᠭᠦᠯ ᠡᠭᠦᠰᠬᠦ ᠡᠴᠡ ᠲᠡᠷᠡ ᠮᠥᠨ ᠯᠡ ᠪᠤᠰᠤᠳ ᠤ᠋ᠨ ᠠᠳᠠᠯᠢ ᠪᠣᠯᠭᠣᠮᠵᠢᠯᠠᠭᠰᠠᠨ ᠠᠵᠢ᠃ ᡀᠠᠷᠠᠮᠪᠠ ᠶ᠋ᠢᠨ ᠠᠯᠬᠤᠭ᠎ᠠ ᠨᠢ ᠤᠳᠠᠭᠠᠨ ᠨᠠᠮᠪᠠᠯᠢᠭ ᠲᠤᠯᠠ ᠰᠠᠩᠵᠢ ᠲᠡᠭᠦᠨ ᠲᠡᠢ ᠬᠥᠯ ᠨᠡᠢᠯᠡᠬᠦ ᠦᠭᠡᠢ ᠲᠡᠪᠡᠳᠡᠵᠦ ᠪᠠᠢᠯ᠎ᠠ᠃ ᠲᠡᠭᠡᠲᠡᠯ᠎ᠡ ᠭᠤᠳᠤᠮᠵᠢ ᠪᠠᠷ ᠶᠠᠪᠤᠭ᠎ᠠ ᠣᠯᠠᠨ ᠤ ᠲᠣᠮᠳᠠ ᠠ᠋ᠴᠠ ᠡᠮᠡᠭᠲᠡᠢ ᠬᠥᠮᠦᠨ ᠦ᠌ ᠳᠠᠭᠤ ᠭᠠᠷᠴᠤ 《 ᠰᠠᠩᠵᠢ᠂  ᠰᠠᠩᠵᠢ ᠡ!》 ᠭᠡᠬᠦ ᠰᠢᠭ ᠪᠣᠯᠪᠠ᠃ ᠰᠠᠩᠵᠢ ᠡᠬᠢᠯᠡᠭᠡᠳ ᠴᠢᠬᠢᠨ ᠳ᠋ᠡᠭᠡᠨ ᠢᠲᠡᠭᠡᠭᠰᠡᠨ ᠦᠭᠡᠢ᠃ ᠭᠠᠭᠴᠠᠬᠦ 《ᡀᠠᠷᠠᠮᠪᠠ ᠶ᠋ᠢᠨ ᠠᠯᠬᠤᠭᠠᠨ ᠳᠤ ᠬᠥᠯ ᠢ᠋ᠶ᠋ᠡᠨ ᠲᠠᠭᠠᠷᠠᠭᠤᠯᠬᠤ ᠶ᠋ᠢ ᠡᠷᠡᠮᠡᠯᠵᠡᠵᠦ ᠳᠣᠭᠣᠭᠰᠢ ᠬᠠᠷᠠᠵᠤ ᠶᠠᠪᠤᠯ᠎ᠠ᠃ ᠲᠡᠭᠡᠲᠡᠯ᠎ᠡ ᠳᠠᠬᠢᠭᠠᠳ ᠯᠠ《 ᠰᠠᠩᠵᠢ ᠡ᠂  ᠰᠠᠩᠵᠢ ᠡ!》 ᠭᠡᠵᠦ ᠡᠮᠡᠭᠲᠡᠢ ᠬᠥᠮᠦᠨ ᠳᠠᠭᠤᠳᠠᠪᠠ᠃ ᠠᠷᠭ᠎ᠠ ᠪᠤᠶᠤ ᠲᠣᠯᠣᠭᠠᠢ ᠶ᠋ᠢ ᠪᠠᠨ  ᠥᠨᠳᠡᠢᠯᠭᠡᠨ ᠠᠵᠢᠪᠠᠯ ᠭᠤᠳᠤᠮᠵᠢᠨ ᠤ ᠨᠥᠭᠦᠭᠡ ᠲᠠᠯ᠎ᠠ ᠪᠠᠷ ᠴᠤᠪᠤᠵᠤ ᠶᠠᠪᠤᠭ᠎ᠠ ᠮᠥᠷᠭᠥᠯᠴᠢᠨ ᠣᠯᠠᠨ ᠤ ᠲᠣᠮᠳᠠ ᠠ᠋ᠴᠠ ᠨᠢᠭᠡᠨ ᠬᠠᠯᠬ᠎ᠠ ᠡᠮᠡᠭᠲᠡᠢ ᠭᠠᠷ ᠢ᠋ᠶ᠋ᠠᠨ ᠭᠣᠵᠣᠯᠵᠠᠭᠤᠯᠤᠨ ᠰᠠᠩᠵᠢ᠎ ᠶᠢ ᠳᠠᠯᠠᠯᠵᠤ ᠪᠠᠢᠭ᠎ᠠ ᠬᠠᠷᠠᠭᠳᠠᠪᠠ᠃ ᠤᠳᠬᠤᠨ ᠠᠵᠢ᠃《ᠤᠳᠬᠤᠨ ᠪᠠᠢᠨ᠎ᠠ᠂ ᠲᠡᠷᠡ ᠬᠡᠵᠢᠶ᠎ᠡ ᠡᠷᠭᠢᠭᠡᠳ ᠢᠷᠡᠴᠢᠭᠡᠪᠡ? ᠶᠠᠭᠤᠨ ᠬᠡᠷᠡᠭ ᠢ᠋ᠶ᠋ᠡᠷ ᠢᠷᠡᠭᠰᠡᠨ ᠶᠦᠮ ᠪᠤᠯ? ᠠᠪᠤ᠂ ᠡᠵᠢ ᠡᠴᠡ ᠰᠤᠷᠠᠭ ᠠᠪᠴᠢᠷᠠᠭ᠎ᠠ ᠪᠣᠯᠪᠠ ᠤᠤ?》 ᠭᠡᠵᠦ ᠰᠠᠩᠵᠢ ᠭᠡᠨᠡᠳᠲᠡ ᠪᠣᠳᠣᠯ᠎ᠠ᠃ ᠭᠡᠪᠡᠴᠦ ᡀᠠᠷᠠᠮᠪᠠ ᠲᠡᠷᠡ ᠪᠠᠢᠳᠠᠯ ᠢ᠋ ᠲᠣᠭᠣᠬᠤ ᠦᠭᠡᠢ ᠪᠡᠷ ᠣᠷᠣᠭᠰᠢ ᠪᠠᠨ ᠠᠯᠬᠤᠭᠰᠠᠭᠠᠷ ᠪᠥᠯᠥᠭᠡ᠃  ᠰᠠᠩᠵᠢ ᠠᠷᠭ᠎ᠠ ᠣᠯᠵᠤ:
       - ᠮᠠᠨ ᠤ᠋ ᠬᠢ ᠬᠠᠭᠤᠴᠢᠨ ᠳ᠋ᠠᠭᠠᠨ᠃ ᠲᠡᠨᠳᠡ ᠣᠴᠢᠭᠠᠳ ᠬᠦᠯᠢᠶᠡᠵᠦ ᠪᠠᠢ᠃ ᠪᠢ ᠣᠳᠣᠬᠠᠨ ᠡᠷᠭᠢᠵᠦ ᠢᠷᠡᠨ᠎ᠡ!ᠭᠡᠵᠦ ᠮᠣᠩᠭᠣᠯ ᠢ᠋ᠶ᠋ᠠᠷ ᠬᠠᠰᠬᠢᠷᠤᠯ᠎ᠠ᠃ ᠤᠳᠬᠤᠨ ᠲᠡᠭᠦᠨ ᠢ᠋ ᠣᠢᠯᠠᠭᠠᠭᠰᠠᠨ ᠪᠣᠯᠤᠯᠲᠠᠢ᠃ ᠣᠯᠠᠨ ᠤ ᠲᠣᠮᠳᠠ ᠵᠣᠭᠰᠣᠨ ᠬᠣᠴᠣᠷᠤᠯ᠎ᠠ᠃ ᠲᠡᠭᠡᠭᠰᠡᠨ ᠢ᠋ᠶ᠋ᠡᠨ ᠰᠠᠩᠵᠢ ᠲᠡᠷᠡ ᠬᠣᠶᠠᠷ ᠤᠷᠤᠭᠤ ᠬᠦᠶᠦᠨ ᠤᠴᠢᠬᠤ ᠶ᠋ᠢ ᠵᠠᠪᠳᠤᠬᠤ ᠳ᠋ᠤ᠌ ᠨᠢ ᠰᠠᠩᠵᠢ ᠪᠢᠲᠡᠭᠡᠢ ᠭᠡᠰᠡᠨ ᠳᠣᠬᠢᠭ᠎ᠠ ᠶ᠋ᠢ ᠭᠠᠷ ᠢ᠋ᠶ᠋ᠠᠷ ᠢ᠋ᠶ᠋ᠠᠨ ᠥᠭᠴᠦ ᠪᠣᠯᠢᠭᠤᠯᠪᠠ᠃ ᡀᠠᠷᠠᠮᠪᠠ ᠶᠠᠭᠤ ᠴᠤ᠌ ᠪᠣᠯᠤᠭ᠎ᠠ ᠦᠭᠡᠢ ᠮᠡᠲᠦ ᠤᠷᠤᠭᠰᠢ ᠪᠠᠨ ᠬᠠᠷᠠᠨ ᠵᠣᠭᠣᠨ ᠠᠯᠬᠤᠭ᠎ᠠ ᠪᠠᠷ ᠶᠠᠪᠤᠵᠤ ᠪᠠᠢᠯ᠎ᠠ᠃《ᠤᠳᠬᠤᠨ ᠢᠷᠡᠳᠡᠭ ᠨᠢ ᠰᠠᠢᠨ ᠪᠣᠯᠤᠯ᠎ᠠ᠃ ᠠᠪᠤ᠂ ᠡᠵᠢ ᠶ᠋ᠢᠨ ᠢ᠋ᠶ᠋ᠡᠨ ᠲᠤᠬᠠᠢ ᠠᠰᠠᠭᠤᠵᠤ ᠠᠪᠳᠠᠭ ᠬᠡᠷᠡᠭ᠃ ᡀᠠᠷᠠᠮᠪᠠ ᠠ᠋ᠴᠠ ᠶᠠᠭᠠᠬᠢᠵᠤ ᠲᠦᠷᠭᠡᠨ ᠰᠠᠯᠬᠤ ᠪᠢᠯᠡ᠃ ᠵᠠ ᠶᠠᠭᠠᠬᠢᠬᠤᠪ ᠃ ᠤᠲᠠᠬᠤ ᠦᠭᠡᠢ ᠶᠠᠳᠠᠷᠠᠭᠠᠳ ᠪᠤᠴᠠᠬᠤ ᠪᠠᠢᠬ᠎ᠠ ᠡ》 ᠭᠡᠵᠦ ᠰᠠᠩᠵᠢ ᠳᠣᠭᠳᠣᠯᠤᠨ ᠪᠣᠳᠣᠯ᠎ᠠ᠃ ᡀᠠᠷᠠᠮᠪᠠ ᠬᠡᠰᠡᠭ ᠵᠠᠭᠤᠷ᠎ᠠ ᠳᠠᠭᠤ ᠦᠭᠡᠢ ᠶᠠᠪᠤᠵᠤ  ᠪᠠᠢᠭ᠍ᠰᠠᠨ ᠢ᠋ᠶ᠋ᠠᠨ ᠭᠡᠨᠡᠳᠲᠡ ᠠᠮᠠ ᠨᠡᠭᠡᠭᠡᠵᠦ:
       -  ᠰᠠᠶᠢ ᠴᠢ ᠨᠢᠭᠡ ᠡᠮ᠎ᠡ ᠬᠥᠮᠦᠨ ᠲᠡᠢ ᠦᠭᠡ ᠰᠣᠯᠢᠪᠠ ᠤᠤ? ᠭᠡᠵᠦ ᠠᠰᠠᠭᠤᠯ᠎ᠠ᠃  ᠰᠠᠩᠵᠢ ᠲᠦᠭᠳᠡᠷᠡᠭᠰᠡᠨ ᠢ᠋ᠶ᠋ᠡᠨ᠂
       -  ᠲᠡᠢᠮᠦ ᠡ᠃ ᠮᠠᠨ ᠤ᠋ ᠨᠤᠲᠤᠭ ᠤ᠋ᠨ ᠨᠢᠭᠡ ᠶᠠᠳᠠᠭᠤ ᠮᠥᠷᠭᠥᠯᠴᠢᠨ ᠢᠷᠡᠵᠡᠢ᠃ ᠲᠡᠭᠦᠨ ᠡᠴᠡ ᠠᠪᠤ ᠡᠵᠢ ᠶ᠋ᠢᠨ ᠢ᠋ᠶ᠋ᠡᠨ ᠰᠤᠷᠠᠭ ᠢ᠋ ᠭᠠᠷᠭᠠᠬᠠᠭᠰᠠᠨ ᠭᠡᠵᠦ ᠪᠣᠳᠣᠵᠤ  ᠪᠠᠢᠨ᠎ᠠ! ᠭᠡᠵᠦ ᠦᠨᠡᠨ ᠢ᠋ᠶ᠋ᠡᠨ ᠬᠡᠯᠡᠪᠡ᠃ ᡀᠠᠷᠠᠮᠪᠠ ᠬᠠᠷᠢᠭᠤ ᠶᠠᠭᠤ ᠴᠤ᠌ ᠶᠠᠷᠢᠬᠤ ᠦᠭᠡᠢ ᠬᠡᠰᠡᠭ ᠶᠠᠪᠤᠭᠰᠠᠨ ᠢ᠋ᠶ᠋ᠠᠨ:
       - ᠪᠢᠯᠢᠭ ᠦ᠋ᠨ ᠶᠡᠬᠡ ᠬᠠᠯᠠᠭᠤᠨ ᠣᠴᠢᠷ᠎ ᠠᠰᠠᠷ ᠠᠳᠬᠠᠭ ᠤ᠋ᠨ ᠵᠥᠭᠡᠯᠡᠨ ᠬᠤᠷ᠎ᠠ ᠪᠠᠭᠤᠬᠤ ᠶ᠋ᠢ ᠠᠯᠠᠨ᠎ᠠ! ᠭᠡᠵᠦ ᠲᠦᠷᠦᠭᠦᠨ ᠵᠢᠭᠠᠵᠤ ᠪᠠᠢᠭ᠍ᠰᠠᠨ ᠨᠣᠮ  ᠠ᠋ᠴᠠ ᠪᠠᠨ ᠠᠢᠯᠠᠳᠪᠠ᠃ 
       ᠴᠣᠬᠣᠮ ᠶᠠᠭᠤᠨ ᠤ᠋ ᠲᠤᠬᠠᠢ ᠬᠡᠯᠡᠵᠦ ᠪᠠᠢᠭ᠎ᠠ ᠶ᠋ᠢ ᠰᠠᠩᠵᠢ ᠳᠣᠣᠷ᠎ᠠ ᠨᠢ ᠣᠢᠯᠠᠭᠠᠨ ᠠᠪᠴᠤ ᠴᠢᠷᠠᠢ ᠨᠢ ᠴᠢᠰ ᠤᠯᠠᠢᠵᠤ᠂ ᠢᠴᠢᠩᠭᠦᠢᠷᠡᠪᠡ᠃《ᠪᠠᠭᠰᠢᠲᠠᠨ ᠮᠢᠨᠦ ᠲᠤᠬᠠᠢ ᠪᠤᠷᠤᠭᠤ ᠪᠠᠷ ᠤᠬᠠᠭᠠᠷᠠᠪᠵᠠᠢ᠃ ᠰᠠᠬᠢᠯ ᠰᠠᠨᠸᠠᠷ ᠢ᠋ ᠡᠪᠳᠡᠬᠦ ᠶᠦᠮ ᠤᠤ ᠲᠠᠩᠭᠠᠷᠢᠭ ᠪᠠᠭᠤᠷᠠᠭᠴᠢ ᠭᠡᠵᠦ ᠪᠣᠳᠣᠭᠤᠵᠠᠢ》 ᠬᠡᠮᠡᠨ ᠠᠶᠤᠨ ᠪᠣᠯᠭᠣᠮᠵᠢᠯᠠᠪᠠ᠃
       - ᠱᠠᠭᠱᠠᠪᠠᠳ ᠢ᠋ ᠠᠪᠬᠤ ᠳ᠋ᠤ᠌ ᠬᠢᠯᠪᠠᠷ ᠪᠥᠭᠡᠳ ᠰᠠᠬᠢᠬᠤ ᠳ᠋ᠤ᠌ ᠪᠡᠷᠬᠡ ᠭᠡᠳᠡᠭ ᠢ᠋ ᠴᠢ ᠰᠠᠢᠨ ᠲᠣᠭᠲᠠᠭᠠᠵᠤ ᠠᠪᠤᠭᠰᠠᠨ ᠪᠢᠵᠡ! ᠭᠡᠵᠦ ᡀᠠᠷᠠᠮᠪᠠ ᠮᠥᠨ ᠯᠡ ᠡᠷᠭᠢᠵᠦ ᠬᠠᠷᠠᠯ ᠦᠭᠡᠢ ᠠᠰᠠᠭᠤᠯ᠎ᠠ᠃ ᠶᠣᠭᠲᠠ ᠤᠳᠬ᠎ᠠ ᠪᠠᠷ ᠶᠠᠷᠢᠵᠤ  ᠪᠠᠢᠭ᠎ᠠ ᠶ᠋ᠢ ᠨᠢ ᠣᠢᠯᠠᠭᠠᠪᠠ᠃
       -  ᠲᠡᠢᠮᠦ ᠡ᠃ ᠪᠠᠭᠰᠢᠲᠠᠨ ᠮᠢᠨᠢ᠃ ᠱᠠᠭᠱᠠᠪᠠᠳ ᠢ᠋ ᠬᠠᠲᠠᠭᠤ ᠰᠠᠬᠢᠬᠤ ᠲᠠᠩᠭᠠᠷᠢᠭ ᠠᠴᠠ ᠪᠠᠭᠤᠷᠠᠬᠤ ᠦᠭᠡᠢ ᠶ᠋ᠢ ᠬᠢᠴᠢᠶᠡᠵᠦ ᠶᠠᠪᠤᠨ᠎ᠠ ᠭᠡᠵᠦ ᠰᠠᠩᠵᠢ ᠥᠴᠢᠯᠭᠡ ᠥᠭᠴᠡᠢ᠃
       -  ᠨᠢᠭᠦᠯᠡᠰᠬᠦᠢ ᠶ᠋ᠢᠨ ᠪᠠᠯ ᠤ᠋ᠨ ᠬᠤᠷ᠎ᠠ ᠪᠠᠭᠤᠭᠰᠠᠨ ᠢ᠋ᠶ᠋ᠠᠷ ᠰᠦᠰᠦᠭ ᠦ᠋ᠨ ᠶᠡᠬᠡ ᠭᠠᠵᠠᠷ ᠢ᠋ ᠮᠠᠰᠢᠳᠠ ᠴᠢᠭᠢᠭᠯᠡᠨ᠎ᠡ ᠭᠡᠵᠦ ᡀᠠᠷᠠᠮᠪᠠ ᠰᠢᠯᠦᠭᠯᠡᠨ ᠬᠡᠯᠡᠭᠡᠳ ᠳᠠᠭᠤ ᠦᠭᠡᠢ ᠪᠣᠯᠵᠠᠢ᠃ ᠡᠨᠡ ᠤᠳᠠᠭ ᠠ ᠥᠷᠥᠰᠢᠶᠡᠨ ᠨᠢᠭᠦᠯᠡᠰᠦᠶ᠎ᠡ ᠭᠡᠰᠡᠨ ᠳᠠᠯᠳᠠ ᠤᠳᠬ᠎ᠠ ᠭᠡᠵᠦ ᠣᠢᠯᠠᠭᠠᠭᠠᠳ ᠰᠠᠩᠵᠢ ᠭᠡᠰᠦᠯ ᠰᠡᠳᠬᠢᠯ ᠢᠶᠡᠷ ᠲᠦᠷ ᠠᠮᠤᠰᠬᠢᠯ᠎ᠡ᠃ 
       ᡀᠠᠷᠠᠮᠪᠠ ᠰᠡᠷᠢᠭᠦᠴᠡᠨ ᠵᠤᠭᠠᠯᠠᠵᠤ ᠬᠡᠰᠡᠭ ᠶᠠᠪᠤᠭᠠᠳ ᠬᠥᠯ ᠨᠢ ᠴᠣᠴᠣᠬᠤ ᠶ᠋ᠢᠨ ᠦᠶᠡᠰ ᠲᠦ᠍ ᠪᠤᠴᠠᠬᠤ ᠪᠣᠯᠪᠠ᠃  ᠰᠠᠩᠵᠢ ᠲᠡᠭᠦᠨ ᠦ᠌ ᠠᠶ᠎ᠠ ᠶ᠋ᠢ ᠳᠠᠭᠠᠯᠳᠤᠵᠤ ᠬᠤᠢᠨ᠎ᠠ ᠡᠮᠦᠨ᠎ᠡ ᠨᠢ ᠣᠷᠣᠨ ᠳᠣᠯᠢᠭᠠᠨᠠᠵᠤ ᠶᠠᠪᠤᠯ᠎ᠠ᠃ ᠭᠡᠪᠡᠴᠦ ᠰᠡᠳᠬᠢᠯ ᠳ᠋ᠡᠭᠡᠨ ᠣᠳᠬᠠᠨ ᠤ᠋ ᠲᠤᠬᠠᠢ ᠪᠣᠳᠣᠵᠤ  ᠪᠠᠢᠪᠠ᠃《ᠲᠡᠷᠡ ᠶᠠᠭᠠᠬᠢᠭᠰᠠᠨ ᠬᠤᠷᠳᠤᠨ ᠪᠤᠴᠠᠵᠤ ᠢᠷᠡᠭᠡ ᠪᠣᠢ? ᠳᠠᠬᠢᠭᠠᠳ ᠯᠠ ᡀᠠᠰᠠ ᠵᠣᠣ ᠳ᠋ᠤ᠌ ᠮᠥᠷᠭᠥᠯ ᠦᠢᠯᠡᠳᠬᠦ ᠪᠡᠷ ᠢᠷᠡᠭᠰᠡᠨ ᠬᠡᠷᠡᠭ ᠪᠠᠢᠬᠤ ᠳᠠ? ᠨᠥᠭᠥᠭᠡᠬᠢ ᠪᠦᠬᠡᠮᠠᠩᠯᠠᠢ ᠬᠠᠮᠢᠭ᠎ᠠ ᠣᠴᠢᠭ᠍ᠰᠠᠨ ᠪᠣᠯ? ᠡᠵᠢ᠂ ᠠᠪᠤ᠂ ᠳᠡᠭᠦᠦ ᠨᠠᠷ ᠤ᠋ᠨ ᠲᠤᠬᠠᠢ ᠤᠳᠬᠤᠨ ᠠ᠋ᠴᠠ ᠲᠣᠳᠣᠷᠬᠠᠢ ᠳᠤᠭᠤᠯᠠᠵᠤ ᠠᠪᠤᠨ᠎ᠠ ᠳᠠ!》 ᠭᠡᠵᠦ ᠰᠠᠩᠵᠢ ᠭᠡᠰᠦᠯ ᠪᠣᠳᠣᠬᠤ ᠠᠴᠠ ᡀᠠᠷᠠᠮᠪᠠ ᠭᠡᠨᠳᠡᠨᠪᠠᠯᠳᠠᠨ ᠠ᠋ᠴᠠ ᠱᠠᠯᠠᠪ ᠲᠦᠷᠭᠡᠨ ᠰᠠᠯᠬᠤ ᠶ᠋ᠢ ᠮᠥᠷᠥᠭᠡᠳᠪᠡ᠃ ᠲᠡᠭᠡᠳᠡᠯ ᠡ ᡀᠠᠷᠠᠮᠪᠠ ᠣᠭᠲᠣ ᠶᠠᠭᠠᠷᠠᠬᠤ ᠦᠭᠡᠢ ᠪᠠᠢᠯ᠎ᠠ᠃
       - ᠣᠳᠣ ᠬᠣᠶᠠᠭᠤᠯᠠ ᠪᠠᠨ ᠨᠣᠮ ᠢ᠋ᠶ᠋ᠠᠨ ᠪᠠᠰᠠ ᠵᠢᠭᠠᠬᠠᠨ ᠦᠵᠡᠨ᠎ᠡ᠃ ᠲᠡᠭᠡᠭᠡᠳ ᠴᠢ ᠨᠠᠳᠠ ᠳ᠋ᠤ᠌ ᠬᠣᠭᠣᠯᠠ ᠬᠢᠯᠭᠡᠵᠦ ᠲᠤᠰᠠᠯᠠᠨ᠎ᠠ ᠪᠢᠵᠡ᠃ ᠣᠷᠣᠢᠲᠠᠪᠠᠯ ᠮᠠᠨ ᠤ᠋ ᠳ᠋ᠤ᠌ ᠬᠣᠨᠣᠭᠠᠳ ᠥᠷᠯᠥᠭᠡ ᠪᠠᠰᠠ ᠨᠣᠮ ᠢ᠋ᠶ᠋ᠠᠨ ᠥᠯᠥᠨ ᠡᠯᠢᠭᠡᠨ ᠳᠡᠭᠡᠷ᠎ᠡ ᠪᠡᠨ ᠤᠩᠰᠢᠨ᠎ᠠ ᠪᠢᠵᠡ! ᠭᠡᠵᠦ ᡀᠠᠷᠠᠮᠪᠠ ᠠᠭᠠᠵᠢᠮ ᠵᠣᠭᠣᠨ ᠢ᠋ᠶ᠋ᠠᠷ ᠬᠡᠯᠡᠬᠦ ᠳ᠋ᠦ᠍ ᠨᠢ ᠰᠠᠩᠵᠢ ᠭᠡᠰᠦᠯ ᠦ᠋ᠨ ᠳᠣᠲᠣᠷ᠎ᠠ ᠬᠠᠷᠠᠩᠭᠤᠢᠯᠠᠬᠤ ᠮᠡᠲᠦ ᠪᠣᠯᠪᠠ᠃ ᠭᠡᠪᠡᠴᠦ ᠯᠠᠮᠠ ᠪᠠᠭᠰᠢ ᠶ᠋ᠢᠨ ᠦᠭᠡ ᠶ᠋ᠢ ᠰᠥᠷᠬᠦ ᠨᠢ ᠪᠢᠲᠡᠭᠡᠢ ᠬᠡᠯᠡ ᠳᠤᠷ᠎ᠠ ᠦᠭᠡᠢᠴᠡᠵᠦ ᠪᠣᠳᠣᠬᠤ ᠨᠢ ᠴᠤ᠌ ᠬᠦᠷᠲᠡᠯ᠎ᠡ ᠨᠢᠭᠦᠯ ᠭᠡᠵᠦ ᠲᠡᠷᠡ ᠪᠣᠯᠭᠣᠮᠵᠢᠯᠠᠪᠠ᠃ ᠭᠡᠷ ᠣᠷᠣᠨ ᠢ᠋ᠶ᠋ᠠᠨ᠂ ᠨᠤᠲᠤᠭ ᠢ᠋ᠶ᠋ᠠᠨ ᠶᠡᠬᠡ ᠮᠥᠷᠥᠭᠡᠳᠴᠦ ᠪᠠᠢᠳᠠᠭ ᠢ᠋ᠶ᠋ᠠᠨ ᠶᠠᠭ ᠯᠠ  ᠡᠢᠮᠦ ᠦᠶ᠎ᠡ ᠳ᠋ᠦ᠍ ᠤᠬᠠᠭᠠᠷᠠᠳᠠᠭ ᠠᠵᠢ᠃ ᠨᠤᠲᠤᠭ ᠠ᠋ᠴᠠ ᠨᠢ ᠢᠷᠡᠭᠰᠡᠨ ᠬᠥᠮᠦᠨ ᠦ᠌ ᠰᠤᠷᠠᠭ ᠭᠠᠷᠤᠮᠠᠭᠴᠠ ᠣᠴᠢᠵᠤ ᠠᠭᠤᠯᠵᠠᠬᠤ᠂ ᠡᠬᠡ ᠡᠴᠢᠭᠡ ᠪᠡᠨ ᠠᠰᠠᠭᠤᠬᠤ᠂ ᠶᠡᠷᠦᠨᠢ ᠶᠠᠭᠤ ᠪᠣᠯᠵᠤ ᠪᠠᠢᠭ᠎ᠠ ᠶ᠋ᠢ ᠮᠡᠳᠡᠬᠦ ᠶ᠋ᠢ ᠣᠨᠴᠠᠭᠠᠢ ᠶᠡᠬᠡ ᠬᠦᠰᠡᠨ᠎ᠡ᠃ ᠲᠡᠷᠡ ᠲᠣᠰᠤᠮ ᠢ᠋ᠶ᠋ᠠᠨ ᠣᠢᠷᠠᠬᠠᠨ ᠲᠠᠨᠢᠬᠤ ᠪᠣᠯᠤᠭᠰᠠᠨ ᠣᠳᠬᠣᠨ ᠬᠡᠦᠬᠡᠨ ᠢᠷᠡᠵᠦ ᠭᠡᠬᠦ ᠪᠡᠷ ᠰᠠᠩᠵᠢ ᠭᠡᠰᠦᠯ ᠦ᠋ᠨ ᠰᠡᠳᠬᠢᠯ ᠶᠡᠬᠡ ᠯᠠ ᠲᠣᠭᠲᠠᠪᠤᠷᠢ ᠦᠭᠡᠢ ᠪᠣᠯᠵᠤ ᠱᠠᠯᠠᠪᠬᠠᠨ ᠠᠭᠤᠯᠵᠠᠬᠤ ᠶ᠋ᠢᠨ ᠮᠥᠷᠥᠭᠡᠳᠦᠯ ᠳ᠋ᠦ᠍ ᠡᠵᠡᠯᠡᠭᠳᠡᠯ᠎ᠡ᠃ ᠣᠳᠬᠣᠨ ᠬᠡᠦᠬᠡᠨ ᠰᠠᠩᠵᠢ ᠭᠡᠰᠦᠯ ᠦ᠋ᠨ ᠲᠠᠨᠢᠬᠤ ᠴᠣᠷ ᠤ᠋ᠨ ᠭᠠᠭᠴᠠ ᠣᠢᠷᠠᠯᠴᠠᠭ᠎ᠠ ᠨᠠᠰᠤᠨ ᠤ᠋ ᠪᠦᠰᠡᠭᠦᠢ ᠬᠦᠮᠦᠨ ᠪᠠᠢᠯ᠎ᠠ᠃ ᠠᠯᠤᠰ ᠬᠣᠯᠠ ᠶ᠋ᠢᠨ ᠵᠠᠮ ᠢ᠋ ᠲᠤᠭᠤᠯᠬᠤ ᠬᠠᠮᠲᠤ ᠶ᠋ᠢᠨ ᠠᠶᠠᠨ ᠤ᠋ ᠲᠡᠷᠡ ᠡᠳᠦᠷ ᠦ᠋ᠳ ᠲᠦ᠍ ᠰᠠᠩᠵᠢ ᠭᠡᠰᠦᠯ ᠲᠡᠭᠦᠨ ᠳ᠋ᠦ᠍ ᠲᠤᠰᠠ ᠬᠦᠷᠭᠡᠬᠦ ᠶ᠋ᠢ  ᠮᠡᠷᠡᠢᠨ ᠶᠠᠪᠤᠭᠰᠠᠨ ᠴᠠᠭ ᠪᠣᠢ᠃ ᠬᠥᠬᠡ ᠲᠣᠭᠠᠨ ᠤ᠋ ᠳᠠᠪᠠᠭᠠᠨ ᠳᠤ ᠲᠡᠭᠦᠨ ᠢ᠋ ᠮᠣᠷᠢᠨ ᠳᠡᠭᠡᠷ᠎ᠡ ᠪᠡᠨ ᠳᠦᠭᠦᠷᠴᠤ ᠳᠠᠪᠠᠭ᠎ᠠ ᠳᠠᠪᠠᠭᠤᠯᠬᠤ ᠬᠦᠷᠲᠡᠯ᠎ᠡ ᠪᠣᠭᠣᠨᠢᠬᠠᠨ ᠬᠤᠭᠤᠴᠠᠭᠠᠨ ᠳ᠋ᠤ᠌ ᠣᠢ ᠭᠠᠰᠢᠭᠤ ᠪᠠᠷ ᠳᠦᠭᠦᠷᠡᠩ ᠴᠡᠭᠡᠵᠢ ᠶ᠋ᠢ ᠨᠢ ᠲᠡᠪᠡᠷᠢᠨ ᠲᠠᠢᠳᠬᠤᠷᠠᠭᠤᠯᠵᠤ ᠪᠠᠢᠭ᠍ᠰᠠᠨ ᠲᠡᠷᠡ ᠯᠠ ᠵᠢᠷᠤᠭ ᠵᠠᠯᠠᠭᠤ ᠭᠡᠰᠦᠯ ᠦ᠋ᠨ ᠰᠠᠨᠠᠭᠠᠨ ᠠ᠋ᠴᠠ ᠭᠠᠷᠳᠠᠭ ᠦᠭᠡᠢ ᠶᠦᠮ᠃ ᠭᠡᠪᠡᠴᠦ ᠡᠨᠡ ᠨᠢ ᠨᠣᠮ ᠤ᠋ᠨ ᠮᠥᠷ ᠬᠥᠭᠡᠭᠡᠵᠦ᠂ ᠰᠠᠬᠢᠯ ᠢ᠋ᠶ᠋ᠠᠨ ᠰᠠᠬᠢᠭᠰᠠᠨ ᠭᠡᠰᠦᠯ ᠬᠦᠮᠦᠨ ᠦ᠌ ᠰᠠᠨᠠᠭ᠎ᠠ ᠶ᠋ᠢ ᠣᠭᠲᠣᠬᠠᠨ ᠤᠷᠪᠠᠭᠤᠯᠤᠭ᠎ᠠ ᠦᠭᠡᠢ ᠵᠦᠭᠡᠷ ᠯᠡ ᠶᠠᠭᠠᠬᠢᠭᠠᠳ ᠴᠤ᠌ ᠶᠤᠮ ᠪᠣᠢ ᠦᠶ᠎ᠡ ᠦᠶ᠎ᠡ ᠪᠣᠳᠣᠳᠠᠭ ᠪᠠᠢᠯ᠎ᠠ᠃