ᠰᠢᠷ᠎ᠠ ᠭᠡᠭᠡ ᠤᠷᠠᠨ ᠰᠠᠢᠬᠠᠨ ᠤ ᠺᠢᠨᠣ᠋ ᠶᠢᠨ ᠳᠠᠭᠤᠤ Shar gegee Soundtrack Orange entertainment
ᠰᠢᠷ᠎ᠠ ᠭᠡᠭᠡ
ᠰᠢᠯᠦᠭ ᠄ ᠭᠦᠷᠦᠪᠠᠽᠠᠷ
ᠠᠶ᠎ᠠ᠄ ᠶ᠋ᠢᠨ ᠂ ᠰᠠᠨᠢᠴᠠᠷ
ᠳᠠᠭᠤᠴᠢᠨ ᠄ᠠ᠋᠂ ᠳ᠋ᠠᠰᠢᠨᠢᠮ᠎ᠠ
ᠥᠩᠭᠡ ᠪᠡᠨ ᠬᠡᠯᠡᠳᠡᠭ ᠦᠬᠡᠷ ᠬᠠᠪᠤᠷ ᠨᠠᠮᠤᠷ
ᠡᠪᠦᠯ ᠵᠤᠨ ᠤ᠋ ᠪᠠᠨ ᠠᠭᠠᠰᠢ ᠪᠠᠷ ᠶᠤᠮ ᠳᠠ᠂
ᠥᠪᠡᠷ ᠡᠴᠡ ᠪᠡᠨ ᠣᠯᠤᠭ᠎ᠠ ᠦᠭᠡᠢ
ᠬᠥᠮᠦᠨ ᠦ᠌ ᠰᠡᠳᠬᠢᠯ ᠥᠷᠭᠡᠨ ᠬᠣᠷᠸ᠎ᠠ ᠶ᠋ᠢᠨ ᠵᠢᠮ᠎ᠡ ᠪᠠᠷ ᠶᠤᠮ ᠳᠠ
ᠠᠯᠳᠠᠷᠠᠭᠠᠳ ᠪᠠᠢᠭ᠎ᠠ ᠰᠢᠷ᠎ᠠ ᠭᠡᠭᠡ
ᠠᠯᠠᠭ ᠭᠠᠵᠠᠷ ᠤ᠋ᠨ ᠬᠠᠶᠠᠭ᠎ᠠ ᠶ᠋ᠢ ᠠᠷᠭᠠᠳᠠᠨ᠎ᠠ ᠳᠠ
ᠠᠢ ᠬᠥᠮᠦᠨ ᠦ᠌ ᠵᠠᠶᠠᠭᠠᠨ ᠳ᠋ᠤ᠌
ᠡᠨᠡᠷᠢᠯ ᠦ᠋ᠨ ᠬᠢᠷᠠᠭᠤ ᠬᠠᠢᠯᠬᠤ ᠶᠤᠮ ᠳᠠ
ᠰᠠᠯᠬᠢ ᠪᠠᠷ ᠵᠢᠮᠡᠯᠡᠬᠦ ᠴᠠᠭᠠᠨ ᠢᠰᠬᠡᠷᠦᠭᠡ
ᠲᠠᠭᠠᠷᠠᠬᠤ ᠵᠦᠭ ᠦ᠋ᠨ ᠡᠬᠢ ᠨᠢ ᠶᠦ᠍ᠮ ᠳᠡ
ᠰᠠᠨᠠᠭ᠎ᠠ ᠪᠠᠷ ᠪᠣᠯᠳᠠᠭ ᠦᠭᠡᠢ
ᠬᠥᠮᠦᠨ ᠦ᠌ ᠵᠠᠶᠠᠭ᠎ᠠ ᠳᠠᠭᠠᠭᠰᠠᠨ ᠵᠢᠮ᠎ᠡ ᠶ᠋ᠢᠨ ᠤᠴᠠᠷᠠᠯ ᠶᠤᠮ ᠳᠠ
ᠠᠯᠳᠠᠷᠠᠭᠠᠳ ᠪᠠᠢᠭ᠎ᠠ ᠰᠢᠷ᠎ᠠ ᠭᠡᠭᠡ
ᠠᠯᠠᠭ ᠭᠠᠵᠠᠷ ᠤ᠋ᠨ ᠬᠠᠶᠠᠭ᠎ᠠ ᠶ᠋ᠢ ᠠᠷᠭᠠᠳᠠᠨ᠎ᠠ ᠳᠠ
ᠠ᠋ ᠬᠥᠮᠦᠨ ᠦ᠌ ᠵᠠᠶᠠᠭᠠᠨ ᠳ᠋ᠤ᠌
ᠡᠨᠡᠷᠢᠯ ᠦ᠋ᠨ ᠬᠢᠷᠠᠭᠤ ᠬᠠᠢᠯᠬᠤ ᠶᠤᠮ ᠳᠠ
ᠢᠪᠡᠭᠡᠳᠡᠭ ᠲᠡᠭᠷᠢ
ᠡᠨᠡᠷᠢᠳᠡᠭ ᠪᠤᠷᠬᠠᠨ ᠭᠡᠵᠦ ᠪᠠᠢᠳᠠᠭ ᠶᠤᠮ ᠪᠣᠯ
ᠬᠥᠮᠦᠨ ᠦ᠌ ᠡᠴᠢᠭᠡ ᠡᠬᠡ ᠪᠣᠯᠬᠤ ᠶ᠋ᠢᠨ
ᠶᠢᠷᠲᠢᠨᠴᠦ ᠦᠨᠡᠨ ᠢ᠋ ᠪᠣᠯᠭᠣᠭᠠᠭᠠᠴᠢ
ᠠᠯᠳᠠᠷᠠᠭᠠᠳ ᠪᠠᠢᠭ᠎ᠠ ᠰᠢᠷ᠎ᠠ ᠭᠡᠭᠡ
ᠠᠯᠠᠭ ᠭᠠᠵᠠᠷ ᠤ᠋ᠨ ᠬᠠᠶᠠᠭ᠎ᠠ ᠶ᠋ᠢ ᠠᠷᠭᠠᠳᠠᠨ᠎ᠠ ᠳᠠ
ᠠ᠋ ᠬᠥᠮᠦᠨ ᠦ᠌ ᠵᠠᠶᠠᠭᠠᠨ ᠳ᠋ᠤ᠌
ᠡᠨᠡᠷᠢᠯ ᠦ᠋ᠨ ᠬᠢᠷᠠᠭᠤ ᠬᠠᠢᠯᠬᠤ ᠶᠤᠮ ᠳᠠ
ᠠᠯᠳᠠᠷᠠᠭᠠᠳ ᠪᠠᠢᠭ᠎ᠠ ᠰᠢᠷ᠎ᠠ ᠭᠡᠭᠡ
ᠠᠯᠠᠭ ᠭᠠᠵᠠᠷ ᠤ᠋ᠨ ᠬᠠᠶᠠᠭ᠎ᠠ ᠶ᠋ᠢ ᠠᠷᠭᠠᠳᠠᠨ᠎ᠠ ᠳᠠ
ᠠ᠋ ᠬᠥᠮᠦᠨ ᠦ᠌ ᠵᠠᠶᠠᠭᠠᠨ ᠳ᠋ᠤ᠌
ᠡᠨᠡᠷᠢᠯ ᠦ᠋ᠨ ᠬᠢᠷᠠᠭᠤ ᠬᠠᠢᠯᠬᠤ ᠶᠤᠮ ᠳᠠ
ᠠ᠋ ᠬᠥᠮᠦᠨ ᠦ᠌ ᠵᠠᠶᠠᠭ᠎ᠠ
ᠦᠰᠦᠭ ᠠᠮᠢᠯᠠᠭᠤᠯᠤᠭᠰᠠᠨ ᠨᠢ᠄ ᠭᠠᠸᠠ
ᠦᠰᠦᠭ ᠬᠠᠲᠠᠭᠰᠠᠨ ᠨᠢ᠄ ᠭᠠᠸᠠ
ᠦᠰᠦᠭ ᠬᠢᠨᠠᠭᠰᠠᠨ ᠨᠢ᠄ ᠢᠷᠡᠭᠡᠳᠦᠢ
