ᠮᠣᠩᠭᠣᠯ ᠨᠤᠲᠤᠭ- ᠳᠠᠳᠮ᠎ᠠ᠂ ᠠᠶᠠᠨᠴᠢᠨ ᠬᠠᠮᠲᠤᠯᠢᠭМонгол нутаг-Дадма,Аянчин хамтлаг
ᠮᠣᠩᠭᠣᠯ ᠨᠤᠲᠤᠭ
ᠦᠭᠡ᠄ ᠰᠠᠷᠠᠭᠤᠯᠰᠠᠢᠬᠠᠨ
ᠠᠶ᠎ᠠ᠄ ᠰᠠᠷᠠᠭᠤᠯᠰᠠᠢᠬᠠᠨ
ᠳᠠᠭᠤᠴᠢᠨ᠄ ᠳᠠᠳᠮ᠎ᠠ᠂ ᠠᠶᠠᠨᠴᠢᠨ ᠬᠠᠮᠲᠤᠯᠢᠭ
ᠠᠭᠤᠳᠠᠮ ᠴᠡᠯᠡᠭᠡᠷ ᠨᠤᠲᠤᠭ ᠲᠠᠢ
ᠤᠷᠲᠤ ᠶ᠋ᠢᠨ ᠰᠠᠢᠬᠠᠨ ᠳᠠᠭᠤᠤ ᠲᠠᠢ
ᠮᠣᠷᠢᠨ ᠬᠤᠭᠤᠷ ᠤ᠋ᠨ ᠡᠭᠡᠰᠢᠭ ᠲᠡᠢ
ᠮᠣᠩᠭᠣᠯ ᠲᠦᠮᠡᠨ ᠦ᠌ ᠮᠢᠨᠢ ᠨᠤᠲᠤᠭ ᠠ᠋
ᠲᠠᠨᠠᠨ ᠴᠠᠭᠠᠨ ᠥᠷᠭᠥᠭᠡ ᠮᠢᠨᠢ
ᠲᠠᠪᠤᠨ ᠡᠷᠳᠡᠨᠢ ᠶ᠋ᠢᠨ ᠰᠦᠷᠦᠭ ᠮᠢᠨᠢ
ᠠᠷᠠᠳ ᠤ᠋ᠨ ᠡᠷᠬᠢᠮ ᠵᠠᠩᠰᠢᠯ ᠮᠢᠨᠢ
ᠠᠮᠢᠨ ᠡᠷᠳᠡᠨᠢ ᠶ᠋ᠢᠨ ᠥᠯᠥᠭᠡᠢ ᠮᠢᠨᠢ
ᠬᠠᠢᠷᠠᠯᠠᠨ ᠳᠠᠭᠤᠯᠠᠮᠠᠷ ᠰᠠᠢᠬᠠᠨ ᠨᠤᠲᠤᠭ ᠮᠢᠨᠢ
ᠬᠠᠮᠢᠭ᠎ᠠ ᠴᠤ᠌ ᠶᠠᠪᠤᠭᠰᠠᠨ ᠰᠡᠳᠬᠢᠯ ᠡᠴᠡ ᠤᠶᠠᠭ᠎ᠠ ᠲᠠᠢ
ᠤᠨᠠᠭᠰᠠᠨ ᠭᠠᠵᠠᠷ ᠤᠬᠢᠶᠠᠭᠰᠠᠨ ᠤᠰᠤ ᠮᠢᠨᠢ
ᠤᠭ ᠠ᠋ᠴᠠ ᠬᠠᠢᠷᠠᠲᠠᠢ ᠮᠣᠩᠭᠣᠯ ᠨᠤᠲᠤᠭ ᠮᠢᠨᠢ
ᠡᠷᠲᠡᠨ ᠦ᠌ ᠳᠣᠮᠣᠭᠲᠤ ᠦᠨᠡᠨ ᠲᠡᠦᠬᠡ ᠡᠴᠡ
ᠡᠴᠢᠭᠡ ᠡᠪᠦᠭᠡᠳ ᠦ᠋ᠨ ᠰᠤᠷᠭᠠᠯ ᠲᠠᠢ
ᠡᠵᠡᠨ ᠬᠠᠭᠠᠳ ᠤ᠋ᠨ ᠮᠢᠨᠢ ᠰᠢᠲᠦᠭᠡᠨ ᠲᠡᠢ
ᠡᠩᠬᠦᠷᠡᠢ ᠬᠠᠢᠷᠠᠲᠠᠢ ᠣᠷᠣᠨ ᠮᠢᠨᠢ
ᠬᠠᠢᠷᠠᠯᠠᠨ ᠳᠠᠭᠤᠯᠠᠮᠠᠷ ᠰᠠᠢᠬᠠᠨ ᠨᠤᠲᠤᠭ ᠮᠢᠨᠢ
ᠬᠠᠮᠢᠭ᠎ᠠ ᠴᠤ᠌ ᠶᠠᠪᠤᠭᠰᠠᠨ ᠰᠡᠳᠬᠢᠯ ᠡᠴᠡ ᠤᠶᠠᠭ᠎ᠠ ᠲᠠᠢ
ᠤᠨᠠᠭᠰᠠᠨ ᠭᠠᠵᠠᠷ ᠤᠬᠢᠶᠠᠭᠰᠠᠨ ᠤᠰᠤ ᠮᠢᠨᠢ
ᠤᠭ ᠠ᠋ᠴᠠ ᠬᠠᠢᠷᠠᠲᠠᠢ ᠮᠣᠩᠭᠣᠯ ᠨᠤᠲᠤᠭ ᠮᠢᠨᠢ
ᠬᠠᠢᠷᠠᠯᠠᠨ ᠳᠠᠭᠤᠯᠠᠮᠠᠷ ᠰᠠᠢᠬᠠᠨ ᠨᠤᠲᠤᠭ ᠮᠢᠨᠢ
ᠬᠠᠮᠢᠭ᠎ᠠ ᠴᠤ᠌ ᠶᠠᠪᠤᠭᠰᠠᠨ ᠰᠡᠳᠬᠢᠯ ᠡᠴᠡ ᠤᠶᠠᠭ᠎ᠠ ᠲᠠᠢ
ᠤᠨᠠᠭᠰᠠᠨ ᠭᠠᠵᠠᠷ ᠤᠬᠢᠶᠠᠭᠰᠠᠨ ᠤᠰᠤ ᠮᠢᠨᠢ
ᠤᠭ ᠠ᠋ᠴᠠ ᠬᠠᠢᠷᠠᠲᠠᠢ ᠠᠢ ᠬᠦ ᠵᠧ ᠬᠦ
ᠦ᠁ ᠬᠦ᠁ ᠦ᠁
ᠦᠰᠦᠭ ᠠᠮᠢᠯᠠᠭᠤᠯᠤᠨ ᠬᠠᠲᠠᠭᠴᠢ᠄ ᠴᠠᠬᠠᠷ ᠪᠠᠲᠤ
ᠬᠢᠨᠠᠭᠴᠢ᠄ ᠢᠷᠡᠭᠡᠳᠦᠢ
