ᠬᠠᠩᠭᠠᠢ ᠶ᠋ᠢᠨ ᠳᠠᠭᠤᠤ- ᠡ᠊ · ᠸᠴᠢᠷᠰᠠᠢᠬᠠᠨХангайн дуу-Э.Очирсайхан
ᠬᠠᠩᠭᠠᠢ ᠶ᠋ᠢᠨ ᠳᠠᠭᠤᠤ
ᠦᠭᠡ᠄ ᠪᠠ᠊· ᠴᠠᠳᠠᠨᠳᠠᠮᠪᠠ
ᠠᠶ᠎ᠠ᠄ ᠳ· ᠮᠢᠭᠮᠡᠷᠰᠥ᠋ᠷᠦᠩ
ᠳᠠᠭᠤᠴᠢᠨ᠄ ᠡ᠊ · ᠸᠴᠢᠷᠰᠠᠢᠬᠠᠨ
ᠪᠤᠳᠠᠩ ᠲᠠᠲᠠᠭᠠᠳ ᠤᠨᠢᠶᠠᠷᠲᠤᠭᠰᠠᠨ
ᠪᠤᠭᠤᠷᠤᠯ ᠬᠠᠩᠭᠠᠢ ᠶ᠋ᠢᠨ ᠰᠠᠢᠬᠠᠨ ᠢ᠋ ᠬᠦ
ᠪᠠᠭᠤᠷᠢ ᠨᠢ ᠬᠦᠷᠲᠡᠯ᠎ᠡ ᠠᠷᠢᠯᠤᠭ᠎ᠠ ᠦᠭᠡᠢ
ᠪᠤᠭᠤᠷᠤᠯ ᠠᠪᠤ ᠶ᠋ᠢᠨ ᠨᠤᠲᠤᠭ ᠠ᠋ ᠬᠦ
ᠠᠢ ᠬᠦ ᠵᠧ ᠬᠦ
ᠪᠤᠭᠤᠷᠤᠯ ᠠᠪᠤ ᠶ᠋ᠢᠨ ᠨᠤᠲᠤᠭ ᠢ᠋ᠶ᠋ᠠᠷ
ᠪᠠᠭᠤᠵᠤ ᠮᠣᠷᠳᠠᠭᠠᠳ ᠶᠠᠪᠤᠭᠠᠷᠠᠢ
ᠮᠠᠨᠳᠤᠬᠤ ᠨᠠᠷᠠᠨ ᠢ᠋ᠶ᠋ᠠᠷ ᠰᠢᠷᠭᠠᠯᠲᠤᠭᠰᠠᠨ
ᠮᠠᠩᠨᠤᠭ ᠬᠥᠪᠴᠢ ᠶ᠋ᠢᠨ ᠰᠠᠢᠬᠠᠨ ᠢ᠋ ᠬᠦ
ᠮᠠᠨᠠᠨ ᠳᠤᠮᠳᠠᠭᠤᠷ ᠰᠠᠷᠠᠪᠴᠢᠯᠠᠭᠰᠠᠨ
ᠮᠢᠨᠦ ᠡᠵᠢ ᠶ᠋ᠢᠨ ᠨᠤᠲᠤᠭ ᠠ᠋ ᠬᠦ
ᠠᠢ ᠬᠦ ᠵᠧ ᠬᠦ
ᠴᠡᠴᠡᠭ ᠦ᠋ᠨ ᠭᠤᠷᠪᠠᠨ ᠰᠠᠷ᠎ᠠ ᠳ᠋ᠤ᠌ ᠪᠠᠨ
ᠡᠴᠢᠭᠡ ᠶ᠋ᠢᠨ ᠨᠤᠲᠤᠭ ᠢ᠋ᠶ᠋ᠠᠷ ᠪᠠᠭᠤᠭᠠᠷᠠᠢ
ᠤᠭ ᠠ᠋ᠴᠠ ᠨᠠᠳᠠ ᠳ᠋ᠤ᠌ ᠪᠠᠨ ᠵᠠᠶᠠᠭᠠᠭᠰᠠᠨ
ᠤᠰᠤᠨ ᠪᠣᠯᠣᠷ ᠬᠠᠩᠭᠠᠢ ᠶᠠ ᠬᠦ
ᠤᠴᠠᠷᠠᠨ ᠲᠡᠰᠴᠦ ᠡᠷᠬᠡᠯᠡᠭᠰᠡᠨ
ᠤᠨᠠᠭᠠᠨ ᠪᠠᠭ᠎ᠠ ᠶ᠋ᠢᠨ ᠨᠤᠲᠤᠭ ᠠ᠋ ᠬᠦ
ᠠᠢ ᠬᠦ ᠵᠧ ᠬᠦ
ᠮᠥᠷᠥᠭᠡᠳᠦᠯ ᠪᠣᠯᠤᠭᠰᠠᠨ ᠨᠤᠲᠤᠭ ᠲᠠᠭᠠᠨ
ᠮᠥᠩᠬᠡᠳᠡ ᠵᠢᠷᠭᠠᠵᠤ ᠶᠠᠪᠤᠭᠠᠷᠠᠢ
ᠠᠢ ᠬᠦ ᠵᠧ ᠬᠦ
ᠪᠤᠭᠤᠷᠤᠯ ᠠᠪᠤ ᠶ᠋ᠢᠨ ᠨᠤᠲᠤᠭ ᠢ᠋ᠶ᠋ᠠᠷ
ᠪᠠᠭᠤᠵᠤ ᠮᠣᠷᠳᠠᠭᠠᠳ ᠶᠠᠪᠤᠭᠠᠷᠠᠢ
ᠦᠰᠦᠭ ᠬᠠᠲᠠᠭᠰᠠᠨ ᠨᠢ᠄ ᠮᠣᠳᠣᠲᠤ ᠬᠠᠪᠤᠷᠵᠢᠶ᠎ᠠ
ᠦᠰᠦᠭ ᠠᠮᠢᠯᠠᠭᠤᠯᠤᠭᠰᠠᠨ ᠨᠢ᠄ ᠣᠳᠣᠨᠭᠡᠷᠡᠯ
ᠬᠢᠨᠠᠭᠴᠢ᠄ ᠢᠷᠡᠭᠡᠳᠦᠢ
