ᠮᠣᠩᠭᠣᠯ ᠭᠡᠷ ᠦ᠋ᠨ ᠠᠬᠠᠮᠠᠳ ᠬᠢᠭᠡᠳ ᠬᠡᠦᠬᠡᠳ ᠦ᠋ᠨ ᠮᠠᠷᠭᠤᠯᠳᠤᠭᠠᠨМонгол гэрийн ахмад хийгээд хүүхдийн маргалдаан
ᠮᠣᠩᠭᠣᠯ ᠭᠡᠷ ᠦ᠋ᠨ ᠠᠬᠠᠮᠠᠳ ᠬᠢᠭᠡᠳ ᠬᠡᠦᠬᠡᠳ ᠦ᠋ᠨ ᠮᠠᠷᠭᠤᠯᠳᠤᠭᠠᠨ
ᠵᠠ᠂ ᠮᠠᠨ ᠤ᠋ ᠮᠣᠩᠭᠣᠯ ᠬᠡᠦᠬᠡᠳ ᠦ᠋ᠳ ᠡᠵᠢ ᠠᠪᠤ ᠲᠠᠢ ᠪᠠᠨ ᠳᠠᠩᠰᠠ ᠪᠣᠳᠣᠭᠰᠠᠨ ᠵᠢᠱ᠌ᠢᠶ᠎ᠡ ᠪᠣᠯ ᠮᠠᠨ ᠤ᠋ ᠣᠢᠷ᠎ᠠ ᠬᠠᠪᠢ ᠪᠠᠷ ᠠᠷᠪᠢᠨ ᠪᠠᠢᠨ᠎ᠠ᠃ ᠶᠠᠮᠠᠷ ᠳᠠᠩᠰᠠ ᠶᠤᠮ⁈ ᠭᠡᠪᠡᠯ ᠮᠠᠨ ᠤ᠋ ᠭᠡᠷ ᠦ᠋ᠨ ᠠᠬᠠᠮᠠᠳ ᠬᠡᠦᠬᠡᠳ ᠦ᠋ᠳ ᠢ᠋ᠶ᠋ᠡᠨ ᠳᠥᠷᠪᠡᠯᠵᠢᠨ(ᠬᠢᠲᠠᠳ) ᠪᠢᠴᠢᠭ ᠦᠵᠡᠭᠦᠯᠴᠢᠬᠡᠭᠡᠳ᠂ ᠮᠠᠨ ᠤ᠋ ᠬᠡᠦᠬᠡᠳ ᠲᠣᠮᠣ ᠪᠣᠯᠤᠭᠰᠠᠨ ᠤ᠋ ᠳᠠᠷᠠᠭ᠎ᠠ ᠨᠡᠢᠭᠡᠮ ᠳᠡᠭᠡᠷ᠎ᠡ ᠭᠠᠷᠤᠭᠠᠳ ᠠᠷᠪᠢᠨ ᠬᠥᠮᠦᠨ ᠠᠰᠠᠭᠤᠵᠤ ᠪᠠᠢᠨ᠎ᠠ ᠭᠡᠨ᠎ᠡ᠄《ᠴᠢ ᠮᠣᠩᠭᠣᠯ ᠬᠥᠮᠦᠨ ᠪᠠᠢᠵᠤ ᠪᠠᠢᠭᠠᠳ ᠶᠠᠭᠠᠬᠢᠭᠠᠳ ᠮᠣᠩᠭᠣᠯ ᠦᠭᠡ ᠶᠠᠷᠢᠵᠤ ᠴᠢᠳᠠᠬᠤ ᠦᠭᠡᠢ᠂ ᠮᠣᠩᠭᠣᠯ ᠳᠠᠭᠤᠤ ᠳᠠᠭᠤᠯᠠᠵᠤ ᠴᠢᠳᠠᠬᠤ ᠦᠭᠡᠢ᠂ ᠮᠣᠩᠭᠣᠯ ᠦᠰᠦᠭ ᠪᠢᠴᠢᠵᠦ ᠴᠢᠳᠠᠬᠤ ᠦᠭᠡᠢ ᠪᠣᠢ⁈》 ᠭᠡᠵᠦ᠄《ᠠᠷᠪᠢᠨ ᠬᠥᠮᠦᠨ ᠦ᠌ ᠡᠯᠡᠭ ᠪᠣᠯᠵᠤ ᠪᠠᠢᠨ᠎ᠠ》 ᠭᠡᠵᠦ ᠡᠵᠢ ᠠᠪᠤ ᠲᠠᠢ ᠪᠠᠨ ᠳᠠᠩᠰᠠ ᠪᠣᠳᠣᠳᠠᠭ᠃
ᠲᠡᠭᠡᠴᠢᠬᠡᠭᠡᠳ ᠮᠠᠨ ᠤ᠋ ᠭᠡᠷ ᠦ᠋ᠨ ᠠᠬᠠᠮᠠᠳ ᠪᠠᠰᠠ ᠱᠠᠭᠠᠷᠳᠠᠨ᠎ᠠ᠄《ᠮᠣᠩᠭᠣᠯ ᠡᠬᠡᠨᠡᠷ ᠠᠪ ᠠ᠋᠂ ᠮᠣᠩᠭᠣᠯ ᠵᠠᠯᠠᠭᠤ ᠳ᠋ᠤ᠌ ᠣᠴᠢ ᠠ᠋!》 ᠭᠡᠵᠦ ᠱᠠᠭᠠᠷᠳᠠᠳᠠᠭ ᠮᠥᠷᠲᠡᠭᠡᠨ ᠬᠦᠰᠡᠳᠡᠭ ᠭᠡᠨ᠎ᠡ᠃ ᠲᠡᠭᠡᠭᠡᠳ ᠮᠠᠨ ᠤ᠋ ᠬᠢᠨ ᠪᠠᠰᠠ ᠡᠷᠭᠢᠭᠦᠯᠦᠭᠡᠳ ᠠᠰᠠᠭᠤᠳᠠᠭ᠄《ᠨᠠᠳᠠ ᠳ᠋ᠤ᠌ ᠡᠢᠮᠦ ᠣᠷᠴᠢᠨ ᠲᠣᠭᠣᠷᠢᠨ ᠪᠠᠢᠬᠤ ᠦᠭᠡᠢ᠂ ᠨᠠᠳᠠ ᠳ᠋ᠤ᠌ ᠡᠢᠮᠦ ᠨᠥᠬᠥᠴᠡᠯ ᠪᠠᠢᠬᠤ ᠦᠭᠡᠢ᠂ ᠡᠨᠡ ᠴᠢᠨᠢ ᠬᠡᠨ ᠦ᠌ ᠰᠣᠩᠭᠣᠯᠲᠠ ᠠ᠋ᠴᠠ ᠪᠣᠯᠤᠭᠠᠳ ᠡᠢᠮᠦ ᠦᠷ᠎ᠡ ᠳ᠋ᠦᠩ ᠲᠡᠢ ᠪᠣᠯᠤᠭᠰᠠᠨ ᠪᠣᠢ⁈》 ᠭᠡᠵᠦ ᠡᠵᠢ ᠠᠪᠤ ᠲᠠᠢ ᠪᠠᠨ ᠳᠠᠩᠰᠠ ᠪᠣᠳᠣᠳᠠᠭ᠃
ᠬᠡᠯᠡᠯᠭᠡᠨ ᠦᠭᠡᠢ ᠡᠨᠡ ᠴᠢᠨᠢ ᠮᠠᠨ ᠤ᠋ ᠭᠡᠷ ᠦ᠋ᠨ ᠠᠬᠠᠮᠠᠳ ᠤ᠋ᠨ ᠰᠣᠩᠭᠣᠯᠲᠠ᠂ ᠮᠠᠨ ᠤ᠋ ᠭᠡᠷ ᠦ᠋ᠨ ᠠᠬᠠᠮᠠᠳ ᠤ᠋ᠨ ᠡᠷᠬᠡ ᠪᠣᠯᠤᠨ᠎ᠠ᠃ ᠡᠨᠡ ᠨᠢ ᠡᠷᠬᠡ ᠳ᠋ᠦ᠍ ᠪᠢ ᠬᠠᠯᠳᠠᠵᠤ ᠪᠠᠢᠭ᠎ᠠ ᠪᠢᠰᠢ ᠠ᠋᠂ ᠬᠠᠷᠰᠢᠯᠠᠵᠤ ᠪᠠᠢᠭ᠎ᠠ ᠪᠢᠰᠢ ᠠ᠋! ᠬᠠᠷᠢᠨ ᠵᠥᠪᠬᠡᠨ ᠮᠣᠩᠭᠣᠯ ᠬᠡᠯᠡ ᠲᠡᠢ ᠪᠣᠯ ᠲᠥᠷᠥᠯᠬᠢ ᠬᠡᠯᠡ ᠲᠡᠢ ᠪᠣᠯ ᠶᠠᠮᠠᠷ ᠳᠠᠪᠠᠭᠤᠯᠢᠭ ᠲᠠᠯ᠎ᠠ ᠪᠠᠢᠨ᠎ᠠ ᠤᠤ⁈ ᠭᠡᠰᠡᠨ ᠢ᠋ ᠳᠥᠬᠥᠮᠬᠡᠨ ᠵᠣᠭᠣᠭᠳᠠᠬᠤ ᠰᠠᠨᠠᠭ᠎ᠠ ᠲᠠᠢ ᠪᠠᠢᠨ᠎ᠠ᠃
ᠵᠠ᠂ ᠬᠠᠮᠤᠭ ᠤ᠋ᠨ ᠲᠦᠷᠦᠭᠦᠨ ᠳ᠋ᠦ᠍ ᠮᠣᠩᠭᠣᠯ ᠬᠡᠯᠡ ᠲᠡᠢ ᠪᠣᠯ ᠭᠠᠳᠠᠭᠠᠳᠤ ᠬᠡᠯᠡ᠂ ᠳᠡᠯᠡᠬᠡᠢ ᠶ᠋ᠢᠨ ᠠᠯᠢᠪᠠ ᠬᠡᠯᠡ ᠶ᠋ᠢ ᠪᠣᠯ ᠲᠡᠷᠡ ᠳᠣᠣᠷ᠎ᠠ ᠨᠢ ᠪᠠᠷᠢᠮᠵᠢᠶ᠎ᠠ ᠪᠠᠷ ᠠᠪᠢᠶᠠᠯᠠᠵᠤ ᠴᠢᠳᠠᠳᠠᠭ ᠴᠢᠳᠠᠪᠤᠷᠢ ᠲᠠᠢ᠂ ᠡᠨᠡ ᠴᠢᠳᠠᠪᠤᠷᠢ ᠪᠣᠯ ᠲᠥᠷᠥᠯᠬᠢ ᠴᠢᠳᠠᠪᠤᠷᠢ᠂ ᠲᠥᠷᠥᠯᠬᠢ ᠲᠦᠯᠬᠢᠭᠦᠷ᠂ ᠡᠨᠡ ᠲᠦᠯᠬᠢᠭᠦᠷ ᠢ᠋ᠶ᠋ᠡᠨ ᠭᠡᠭᠡᠴᠢᠬᠡᠬᠦ ᠳ᠋ᠦ᠍ ᠬᠦᠷᠪᠡᠯ ᠭᠠᠳᠠᠭᠠᠳᠤ ᠬᠡᠯᠡ ᠰᠤᠷᠬᠤ ᠳ᠋ᠤ᠌ ᠠᠮᠠᠷ ᠦᠭᠡᠢ ᠪᠣᠯᠴᠢᠬᠠᠨ᠎ᠠ᠃ ᠳᠡᠯᠡᠬᠡᠢ ᠶ᠋ᠢᠨ ᠠᠯᠢᠪᠠ ᠦᠭᠡ ᠬᠡᠯᠡ ᠶ᠋ᠢ ᠰᠤᠷᠬᠤ ᠳ᠋ᠤ᠌ ᠠᠮᠠᠷ ᠦᠭᠡᠢ ᠪᠣᠯᠴᠢᠬᠠᠨ᠎ᠠ ᠰᠢᠦ᠂ ᠬᠦᠴᠢᠷᠳᠡᠨ᠎ᠡ᠃
ᠬᠠᠮᠤᠭ ᠤ᠋ᠨ ᠨᠠᠭᠠᠳᠤ ᠵᠠᠬ᠎ᠠ ᠳ᠋ᠤ᠌ ᠪᠠᠨ《ᠠ᠋ ᠷ᠂ ᠷ᠂ ᠠᠷ᠂ ᠠᠷᠠ》 ᠭᠡᠰᠡᠨ ᠢ᠋ ᠬᠡᠳᠦᠨ ᠰᠠᠷ᠎ᠠ᠂ ᠬᠡᠳᠦᠨ ᠵᠢᠯ ᠢ᠋ᠶ᠋ᠡᠷ ᠠᠪᠢᠶᠠᠯᠠᠵᠤ ᠴᠢᠳᠠᠬᠤ ᠦᠭᠡᠢ᠂ ᠭᠠᠷᠭᠠᠵᠤ ᠳᠡᠢᠯᠬᠦ ᠦᠭᠡᠢ ᠬᠦᠴᠢᠷᠳᠡᠭᠰᠡᠨ ᠢ᠋ ᠦᠵᠡᠭᠡᠳ ᠦᠨᠡᠨ ᠰᠠᠨᠠᠭ᠎ᠠ ᠵᠣᠪᠠᠮᠠᠷ ᠪᠠᠢᠨ᠎ᠠ᠃
ᠬᠣᠶᠠᠷ ᠲᠤ ᠨᠢ ᠪᠣᠯ ᠮᠠᠨ ᠤ᠋ ᠬᠡᠦᠬᠡᠳ ᠦ᠋ᠳ ᠬᠢᠲᠠᠳ ᠬᠡᠯᠡ ᠶ᠋ᠢ ᠪᠣᠯ ᠯᠠᠪᠲᠠᠢ ᠰᠠᠢᠬᠠᠨ ᠰᠤᠷᠴᠤ ᠴᠢᠳᠠᠨ᠎ᠠ᠂ ᠮᠠᠨ ᠤ᠋ ᠠᠰᠠᠷ ᠠ᠋ᠴᠠ ᠪᠠᠭᠤᠩᠭᠤᠲᠠ ᠭᠤᠳᠤᠮᠵᠢ᠂ ᠴᠠᠬᠢᠯᠭᠠᠨ ᠱᠠᠲᠤᠨ ᠳᠣᠲᠣᠷ᠎ᠠ ᠠ᠋ᠴᠠ ᠪᠠᠭᠤᠩᠭᠤᠲᠠ ᠡᠢᠮᠦ ᠰᠤᠷᠬᠤ ᠣᠷᠴᠢᠨ ᠲᠣᠭᠣᠷᠢᠨ ᠪᠠᠢᠨ᠎ᠠ᠃ ᠰᠤᠷᠭᠠᠭᠤᠯᠢ ᠳ᠋ᠤ᠌ ᠪᠠᠨ ᠣᠴᠢᠪᠠᠯ ᠵᠢᠭᠠᠬᠤ ᠮᠠᠲ᠋ᠧᠷᠢᠶᠠᠯ ᠢ᠋ ᠨᠢ ᠪᠦᠷ ᠠᠳᠠᠯᠢᠬᠠᠨ ᠪᠣᠯᠭᠠᠴᠢᠬᠠᠨ᠎ᠠ᠂ ᠡᠢᠮᠦ ᠡᠴᠡ ᠰᠠᠨᠠᠭ᠎ᠠ ᠵᠣᠪᠠᠬᠤ ᠬᠡᠷᠡᠭ ᠦᠭᠡᠢ᠂ ᠬᠢᠲᠠᠳ ᠬᠡᠯᠡ ᠶ᠋ᠢ ᠯᠠᠪᠲᠠᠢ ᠰᠠᠢᠨ ᠰᠤᠷᠴᠤ ᠳᠡᠢᠯᠦᠨ᠎ᠡ᠂ ᠬᠠᠷᠢᠨ ᠲᠥᠷᠥᠯᠬᠢ ᠬᠡᠯᠡ ᠪᠡᠨ ᠶᠠᠭᠠᠬᠢᠵᠤ ᠵᠢᠭᠠᠵᠤ ᠰᠤᠷᠭᠠᠬᠤ ᠳᠡᠭᠡᠷ᠎ᠡ ᠢᠯᠡᠭᠦᠬᠡᠨ ᠰᠠᠨᠠᠭ᠎ᠠ ᠲᠠᠯᠪᠢᠵᠤ ᠪᠣᠯᠬᠤ ᠤᠤ⁈
ᠭᠤᠷᠪᠠ ᠳ᠋ᠤ᠌ ᠨᠢ ᠳᠡᠭᠡᠷ᠎ᠡ ᠡᠴᠡ ᠶᠠᠮᠠᠷ ᠱᠠᠭᠠᠷᠳᠠᠯᠭ᠎ᠠ ᠲᠠᠢ᠂ ᠶᠠᠮᠠᠷ ᠰᠢᠭᠤᠷᠭᠠᠨ ᠪᠠᠢᠨ᠎ᠠ᠂ ᠮᠠᠨᠤᠰ ᠪᠦᠷ ᠰᠠᠢᠨ ᠮᠡᠳᠡᠨ᠎ᠡ ᠰᠢᠲᠠ᠂ ᠭᠡᠲᠡᠯ᠎ᠡ ᠬᠠᠰᠢ ᠯᠠ ᠬᠡᠦᠬᠡᠳ ᠦ᠋ᠳ ᠢ᠋ᠶ᠋ᠡᠨ ᠮᠣᠩᠭᠣᠯ ᠰᠤᠷᠭᠠᠭᠤᠯᠢ ᠳ᠋ᠤ᠌ ᠪᠠᠨ ᠬᠦᠷᠭᠡᠴᠢᠬᠡᠪᠡᠯ᠂ ᠮᠠᠨ ᠤ᠋ ᠬᠡᠦᠬᠡᠳ ᠦ᠋ᠳ ᠮᠣᠩᠭᠣᠯ ᠰᠠᠢᠨ ᠨᠠᠢᠵᠠ ᠲᠠᠢ ᠪᠣᠯᠴᠢᠬᠠᠨ᠎ᠠ᠂ ᠮᠣᠩᠭᠣᠯ ᠬᠠᠮᠲᠤ ᠰᠤᠷᠤᠭᠴᠢ ᠲᠠᠢ ᠪᠣᠯᠴᠢᠬᠠᠨ᠎ᠠ᠃
ᠬᠣᠵᠢᠮ ᠳ᠋ᠤ᠌ ᠪᠠᠨ ᠮᠣᠩᠭᠣᠯ ᠡᠬᠡᠨᠡᠷ ᠳᠠᠭᠠᠭᠤᠯᠤᠭᠠᠳ ᠢᠷᠡᠴᠢᠬᠡᠨ᠎ᠡ ᠰᠢᠦ᠂ ᠮᠣᠩᠭᠣᠯ ᠵᠠᠯᠠᠭᠤ( ᠬᠦᠷᠭᠡᠨ) ᠳᠠᠭᠠᠭᠤᠯᠤᠭᠠᠳ ᠢᠷᠡᠴᠢᠬᠡᠨ᠎ᠡ᠂ ᠮᠣᠩᠭᠣᠯ ᠬᠣᠭᠣᠯᠠ ᠴᠠᠢ᠂ ᠴᠠᠭᠠᠨ ᠢᠳᠡᠭᠡᠨ ᠢ᠋ᠶ᠋ᠡᠨ ᠰᠠᠢᠬᠠᠨ ᠢᠳᠡᠴᠢᠬᠡᠨ᠎ᠡ᠂ ᠮᠣᠩᠭᠣᠯ ᠳᠡᠪᠡᠯ ᠵᠠᠰᠠᠯ᠂ ᠭᠤᠲᠤᠯ ᠢ᠋ᠶ᠋ᠠᠷ ᠰᠠᠢᠬᠠᠨ ᠭᠣᠶᠣᠯᠠᠴᠢᠬᠠᠨᠠ᠂ ᠮᠣᠩᠭᠣᠯ ᠠᠮᠢᠳᠤᠷᠠᠯ ᠲᠠᠢ᠂ ᠮᠣᠩᠭᠣᠯ ᠰᠡᠳᠬᠢᠬᠦᠢ ᠲᠡᠢ᠂ ᠮᠣᠩᠭᠣᠯ ᠭᠡᠷ ᠪᠦᠯᠢ ᠲᠡᠢ᠂ ᠰᠣᠨᠣᠰᠬᠤ ᠲᠠᠢ ᠵᠡᠷᠭᠡ ᠰᠠᠨᠠᠭᠠᠨ ᠳ᠋ᠤ᠌ ᠰᠠᠢᠬᠠᠨ ᠲᠠᠭᠠᠯᠠᠮᠵᠢᠲᠠᠢ ᠰᠠᠢᠬᠠᠨ ᠰᠠᠨᠠᠭᠳᠠᠵᠤ ᠪᠠᠢᠨ᠎ᠠ ᠤᠤ⁈
ᠪᠠᠰᠠ ᠨᠢᠭᠡ ᠨᠢ ᠪᠣᠯ ᠰᠤᠷᠭᠠᠭᠤᠯᠢ ᠳ᠋ᠤ᠌ ᠪᠠᠨ ᠣᠴᠢᠭᠰᠠᠨ ᠤ᠋ ᠳᠠᠷᠠᠭ᠎ᠠ ᠶᠠᠭᠤ ᠵᠢᠭᠠᠨ᠎ᠠ ᠤᠤ᠂ ᠶᠠᠭᠤ ᠰᠤᠷᠭᠠᠨ᠎ᠠ ᠤᠤ᠂ ᠮᠠᠨᠤᠰ ᠬᠠᠮᠢᠶᠠᠷᠴᠤ ᠳᠡᠢᠯᠬᠦ ᠦᠭᠡᠢ᠂ ᠮᠠᠨᠤᠰ ᠤ᠋ᠨ ᠤᠴᠢᠷ ᠪᠢᠰᠢ ᠲᠡᠢᠮᠦ ᠪᠢᠵᠡ⁈ ᠭᠡᠲᠡᠯ᠎ᠡ ᠭᠡᠷ ᠲᠤ ᠪᠡᠨ ᠬᠠᠷᠢᠵᠤ ᠢᠷᠡᠭᠰᠡᠨ ᠦ᠌ ᠳᠠᠷᠠᠭ᠎ᠠ ᠮᠣᠩᠭᠣᠯ ᠪᠢᠴᠢᠭ᠂ ᠮᠣᠩᠭᠣᠯ ᠦᠰᠦᠭ᠂ ᠮᠣᠩᠭᠣᠯ ᠤᠷᠠᠨ ᠪᠢᠴᠢᠯᠭᠡ᠂ ᠮᠣᠩᠭᠣᠯ ᠦᠭᠡ ᠶᠠᠷᠢᠵᠤ ᠪᠣᠯᠬᠤ ᠦᠭᠡᠢ ᠭᠡᠵᠦ ᠬᠡᠯᠡᠪᠡ ᠤᠤ⁈ ᠬᠡᠯᠡᠭᠰᠡᠨ ᠦᠭᠡᠢ ᠰᠢᠲᠠ᠃
ᠡᠨᠡ ᠪᠣᠯ ᠵᠠᠢ ᠵᠠᠪᠰᠠᠷ᠂ ᠡᠨᠡ ᠵᠠᠢ ᠵᠠᠪᠰᠠᠷ ᠢ᠋ ᠰᠠᠢᠬᠠᠨ ᠠᠰᠢᠭᠯᠠᠬᠤ ᠬᠡᠷᠡᠭᠲᠡᠢ᠃ ᠡᠨᠡ ᠵᠠᠢ ᠵᠠᠪᠰᠠᠷ ᠢ᠋ ᠬᠠᠮᠤᠭ ᠤ᠋ᠨ ᠰᠠᠢᠨ ᠠᠰᠢᠭᠯᠠᠭᠰᠠᠨ ᠨᠢ ᠪᠣᠯ ᠮᠠᠨ ᠤ᠋ ᠯᠢᠶᠣᠤᠨᠢᠩ ᠤ᠋ᠨ ᠮᠣᠩᠭᠣᠯᠴᠤᠳ ᠪᠣᠯᠤᠨ᠎ᠠ᠃
ᠮᠠᠨ ᠤ᠋ ᠥᠪᠥᠷ ᠮᠣᠩᠭᠣᠯ ᠤ᠋ᠨ ᠤᠷᠠᠨ ᠪᠢᠴᠢᠯᠭᠡ ᠶ᠋ᠢᠨ ᠨᠡᠢᠭᠡᠮᠯᠢᠭ ᠲᠦ ᠠᠯᠳᠠᠷᠲᠠᠢ᠂ ᠨᠡᠷᠡᠲᠡᠢ᠂ ᠴᠣᠯᠠᠲᠠᠢ ᠪᠠᠭᠰᠢ ᠨᠠᠷ ᠠᠷᠪᠢᠨ ᠪᠠᠢᠨ᠎ᠠ᠃ ᠠᠷᠪᠢᠨ ᠪᠠᠭᠰᠢ ᠨᠠᠷ ᠪᠣᠯ ᠬᠡᠦᠬᠡᠳ ᠦ᠋ᠳ ᠲᠤ ᠪᠡᠨ ᠰᠠᠢᠬᠠᠨ ᠲᠥᠷᠥᠯᠬᠢ ᠬᠡᠯᠡ ᠪᠡᠨ ᠰᠠᠢᠬᠠᠨ ᠵᠢᠭᠠᠵᠤ ᠥᠭᠭᠦᠶ᠎ᠡ᠂ ᠰᠤᠷᠭᠠᠵᠤ ᠥᠭᠭᠦᠶ᠎ᠡ᠂ ᠤᠷᠠᠨ ᠪᠢᠴᠢᠯᠭᠡ ᠪᠡᠷ ᠤᠯᠠᠮᠵᠢᠯᠠᠵᠤ ᠥᠭᠴᠦ᠂ ᠵᠠᠯᠭᠠᠮᠵᠢᠯᠠᠵᠤ ᠥᠭᠴᠡᠢ᠃ ᠡᠨᠡ ᠪᠣᠯ ᠮᠢᠨᠦ ᠡᠭᠦᠷᠭᠡ ᠭᠡᠵᠦ ᠪᠣᠳᠣᠵᠤ ᠪᠠᠢᠭ᠎ᠠ ᠪᠠᠭᠰᠢ ᠨᠠᠷ ᠠᠷᠪᠢᠨ ᠪᠠᠢᠬᠤ ᠮᠥᠷᠲᠡᠭᠡᠨ ᠬᠢᠵᠦ ᠪᠠᠢᠭ᠎ᠠ ᠪᠠᠭᠰᠢ ᠨᠠᠷ ᠠᠷᠪᠢᠨ ᠪᠠᠢᠨ᠎ᠠ᠃ ᠡᠨᠡ ᠨᠡᠷᠡᠲᠡᠢ᠂ ᠨᠡᠷᠡᠲᠡᠢ ᠪᠠᠭᠰᠢ ᠨᠠᠷ ᠳᠣᠲᠣᠷ᠎ᠠ ᠠ᠋ᠴᠠ ᠠᠯᠢ ᠨᠢᠭᠡ ᠶ᠋ᠢ ᠨᠢ ᠡᠷᠢᠭᠡᠳ᠂ ᠬᠡᠦᠬᠡᠳ ᠦ᠋ᠳ ᠲᠤ ᠪᠡᠨ ᠵᠢᠭᠠᠯᠭᠠᠵᠤ ᠪᠣᠯᠤᠨ᠎ᠠ᠂ ᠰᠤᠷᠭᠠᠵᠤ ᠪᠣᠯᠤᠨ᠎ᠠ᠂ ᠪᠢᠴᠢᠭᠦᠯᠵᠦ ᠪᠣᠯᠤᠨ᠎ᠠ᠃
ᠪᠠᠰᠠ ᠨᠢᠭᠡ ᠨᠢ ᠪᠣᠯ ᠲᠡᠦᠬᠡ ᠪᠡᠨ ᠰᠠᠢᠬᠠᠨ ᠮᠡᠳᠡᠵᠦ ᠠᠪ᠂ ᠰᠤᠷᠴᠤ ᠠᠪ᠂ ᠴᠡᠭᠡᠵᠢᠯᠡᠵᠦ ᠠᠪ᠂ ᠣᠳᠣ ᠥᠪᠡᠷᠰᠡᠳ ᠢ᠋ᠶ᠋ᠡᠨ ᠡᠵᠡᠮᠳᠡᠬᠦ ᠦᠭᠡᠢ ᠪᠣᠯ ᠣᠳᠣ ᠪᠤᠯᠢᠶᠠᠭᠳᠠᠭᠠᠳ ᠪᠠᠷᠠᠯ᠎ᠠ ᠰᠢᠦ!
ᠵᠠ᠂ ᠮᠠᠨ ᠤ᠋ ᠲᠥᠷᠥᠯᠬᠢ ᠬᠡᠯᠡ ᠪᠡᠨ ᠬᠠᠮᠲᠤ ᠪᠠᠷ ᠢ᠋ᠶ᠋ᠠᠨ ᠰᠤᠷᠴᠤ ᠠᠪᠤᠶ᠎ᠠ᠂ ᠬᠡᠯᠡᠵᠦ ᠠᠪᠤᠶ᠎ᠠ᠂ ᠪᠢᠴᠢᠵᠦ ᠠᠪᠤᠶ᠎ᠠ᠂ ᠰᠠᠢᠬᠠᠨ ᠤᠯᠠᠮᠵᠢᠯᠠᠵᠤ ᠠᠪᠤᠶ᠎ᠠ᠂ ᠣᠨᠴᠠᠭᠠᠢᠯᠠᠨ ᠬᠡᠦᠬᠡᠳ ᠦ᠋ᠳ ᠲᠤ ᠪᠡᠨ ᠡᠨᠡ ᠲᠥᠷᠥᠯᠬᠢ ᠪᠠᠭᠠᠵᠢ᠂ ᠴᠢᠳᠠᠪᠤᠷᠢ᠂ ᠲᠦᠯᠬᠢᠭᠦᠷ ᠢ᠋ᠶ᠋ᠡᠨ ᠭᠡᠭᠡᠵᠦ ᠪᠣᠯᠬᠤ ᠦᠭᠡᠢ ᠰᠢᠦ!
ᠵᠠ᠂ ᠪᠠᠶᠠᠷᠲᠠᠢ!
ᠦᠰᠦᠭ ᠬᠠᠳᠠᠭᠴᠢ᠄ ᠮᠥᠩᠬᠡ ᠭᠠᠯ
ᠦᠰᠦᠭ ᠠᠮᠢᠯᠠᠭᠤᠯᠤᠭᠴᠢ᠄ ᠮᠥᠩᠬᠡ ᠭᠠᠯ
ᠬᠢᠨᠠᠭᠴᠢ᠄ ᠢᠷᠡᠭᠡᠳᠦᠢ
