ᠪᠢᠩᠲᠦ ᠸᠠᠩ-ᠬᠣᠷᠴᠢᠨ ᠠᠷᠠᠳ ᠊ᠤᠨ ᠳᠠᠭᠤᠤ- ᠵ᠂ᠤᠶᠠᠩᠭ᠎ᠠБинт ван- ж, уянгаа-Bint wan - za Uyanga
ᠪᠢᠩᠲᠦ ᠸᠠᠩ
ᠪᠢᠩᠲᠦ ᠸᠠᠩ
ᠬᠣᠷᠴᠢᠨ ᠠᠷᠠᠳ ᠤ᠋ᠨ ᠳᠠᠭᠤᠤ
ᠬᠥᠭᠵᠢᠮ ᠨᠠᠢᠷᠠᠭᠤᠯᠤᠭᠰᠠᠨ ᠨᠢ᠄ᠮᠥᠩᠬᠡᠵᠢᠷᠭᠠᠯ
ᠰ᠊· ᠤᠶᠠᠩᠭ᠎ᠠ ᠳᠠᠭᠤᠯᠠᠭᠰᠠᠨ
ᠲᠥᠷᠥᠭᠡᠳ ᠲᠡᠭᠡᠭᠰᠡᠨ ᠭᠠᠵᠠᠷ ᠶᠤᠭᠠᠨ ᠬᠡᠯᠡᠪᠡᠯ ᠬᠦ
ᠲᠡᠭᠰᠢ ᠰᠠᠢᠬᠠᠨ ᠰᠠᠭᠤᠭᠰᠠᠨ
ᠪᠢᠩᠲᠦ ᠶ᠋ᠢᠨ ᠶᠡᠬᠡ ᠬᠣᠰᠢᠭᠤ ᠶᠤᠮ ᠠ᠋ ᠬᠦ
ᠲᠢᠪ ᠪᠣᠯᠤᠨ ᠳᠡᠯᠡᠬᠡᠢ ᠳ᠋ᠦ᠍
ᠠᠯᠳᠠᠷ ᠢ᠋ᠶ᠋ᠠᠨ ᠮᠠᠨᠳᠤᠭᠤᠯᠤᠭᠰᠠᠨ ᠢ᠋ᠶ᠋ᠠᠨ ᠪᠣᠳᠣᠪᠠᠯ ᠳᠠ
ᠸᠠᠰᠢ ᠳᠠ ᠶᠠᠭᠠᠬᠢᠬᠤᠪ ᠳᠠ
ᠲᠩᠷᠢᠯᠢᠭ ᠪᠣᠭᠳᠠ ᠴᠢᠩᠭᠢᠰ ᠦ᠋ᠨ ᠦᠶ᠎ᠡ ᠡᠴᠡ
ᠪᠠᠭᠠᠲᠤᠷ ᠲᠡᠦᠬᠡ ᠲᠡᠢ ᠪᠢᠳᠡᠨᠡᠷ ᠬᠦ
ᠤᠤᠭᠤᠭᠠᠳ ᠲᠡᠭᠡᠭᠰᠡᠨ ᠤᠰᠤ ᠶᠤᠭᠠᠨ ᠬᠡᠯᠡᠪᠡᠯ ᠬᠦ
ᠤᠷᠤᠰᠬᠠᠯ ᠲᠤᠩᠭᠠᠯᠠᠭ ᠴᠦᠩᠬᠦᠯ ᠦ᠋ᠨ ᠭᠣᠣᠯ ᠤ᠋ᠨ ᠤᠰᠤ ᠶᠤᠮ ᠬᠦ
ᠣᠷᠴᠢᠯᠠᠩ ᠳᠡᠯᠡᠬᠡᠢ ᠳ᠋ᠦ᠍ ᠠᠯᠳᠠᠷ ᠢ᠋ᠶ᠋ᠠᠨ ᠮᠠᠨᠳᠤᠭᠤᠯᠤᠭᠰᠠᠨ ᠢ᠋ᠶ᠋ᠠᠨ ᠪᠣᠳᠣᠪᠠᠯ ᠳᠠ ᠬᠦ
ᠸᠠᠰᠢ ᠳᠠ ᠶᠠᠭᠠᠬᠢᠬᠤᠪ ᠳᠠ
ᠤᠷᠢᠳᠤ ᠶ᠋ᠢᠨ ᠡᠪᠦᠭᠡ ᠴᠢᠩᠭᠢᠰ ᠡᠴᠡ
ᠦᠨᠡᠨ ᠲᠡᠦᠬᠡ ᠲᠡᠢ ᠪᠢᠳᠡᠨᠡᠷ ᠬᠦ
ᠭᠠᠩ ᠯᠢᠶᠠᠩ ᡁᠢ ᠲᠣᠷᠭᠠᠨ ᠴᠠᠭᠠᠰᠤ ᠶ᠋ᠢ
ᠭᠠᠷ ᠤ᠋ᠨ ᠢ᠋ᠶ᠋ᠠᠨ ᠳᠣᠣᠷ᠎ᠠ ᠳᠠᠷᠤᠯ᠎ᠠ ᠳᠠ ᠬᠦ
ᠭᠠᠯᠠᠭᠤᠨ ᠥᠲᠥᠨ ᠪᠢᠷ ᠢ᠋ ᠪᠡᠨ
ᠭᠠᠷ ᠲᠤ ᠪᠠᠨ ᠠᠳᠬᠤᠯ᠎ᠠ ᠪᠢᠩᠲᠦ ᠸᠠᠩ ᠬᠦ
ᠭᠠᠴᠢᠭᠳᠠᠵᠤ ᠪᠠᠢᠭ᠎ᠠ ᠮᠣᠩᠭᠣᠯ ᠤ᠋ᠨ ᠬᠡᠷᠡᠭ ᠢ᠋
ᠲᠤᠩᠭᠠᠭᠠᠳ ᠦᠵᠡᠪᠡᠯ ᠳᠡ
ᠸᠠᠰᠢ ᠳᠠ ᠸᠠᠩ ᠴᠢ ᠳᠡ ᠬᠦ
ᠭᠠᠷᠠᠬᠠᠨ ᠬᠣᠶᠠᠷ ᠨᠢᠳᠦᠨ ᠡᠴᠡ ᠮᠢᠨᠢ
ᠲᠥᠪ ᠳᠦᠭᠦᠷᠡᠩ ᠨᠢᠯᠪᠤᠰᠤ ᠲᠠᠢ ᠬᠦ
ᠠᠳᠤᠭᠤ ᠮᠠᠯ ᠢ᠋ᠶ᠋ᠠᠨ ᠠᠷᠪᠢᠨ ᠪᠠᠢᠨ᠎ᠠ ᠭᠡᠳ
ᠠᠰᠤᠷᠤ ᠪᠤᠤ ᠯᠠ ᠪᠠᠶᠠᠷᠯᠠᠭᠠᠳ ᠪᠠᠢ ᠬᠦ
ᠠᠯᠲᠠᠨ ᠭᠠᠨᠵᠤᠤᠷ ᠢ᠋ᠶ᠋ᠠᠨ ᠤᠩᠰᠢᠭᠤᠯᠴᠢᠬᠠᠭᠠᠳ
ᠠᠰᠤᠷᠤ ᠪᠤᠤ ᠯᠠ ᠪᠠᠶᠠᠷᠯᠠᠭᠠᠳ ᠪᠠᠢ ᠬᠦ
ᠠᠳᠤᠭᠤᠰᠤ ᠶ᠋ᠢᠨ ᠵᠤᠯᠵᠠᠭ᠎ᠠ ᠶᠤᠸᠠᠨ ᠱᠢ ᠺᠠᠢ
ᠠᠪᠤ ᠶ᠋ᠢᠨ ᠨᠤᠲᠤᠭ ᠢ᠋ ᠴᠢᠨᠢ ᠡᠵᠡᠯᠡᠴᠢᠬᠡᠵᠡᠢ
ᠸᠠᠰᠢ ᠳᠠ ᠶᠠᠭᠠᠬᠢᠬᠤᠪ ᠳᠠ
ᠠᠷᠪᠠ ᠲᠠᠪᠤᠨ ᠬᠣᠰᠢᠭᠤ ᠪᠠᠷ ᠢ᠋ᠶ᠋ᠠᠨ
ᠪᠦᠯᠬᠦᠮᠳᠡᠵᠡᠭᠡᠶ᠎ᠡ ᠪᠣᠯᠬᠤ ᠤᠤ ᠳᠠ ᠬᠦ
ᠦᠬᠡᠷ ᠮᠠᠯ ᠢ᠋ᠶ᠋ᠠᠨ ᠡᠯᠳᠡᠭ ᠪᠠᠢᠨ᠎ᠠ ᠭᠡᠳ
ᠥᠩᠭᠡᠷᠡᠦ ᠪᠤᠤ ᠯᠠ ᠪᠠᠶᠠᠷᠯᠠᠭᠠᠳ ᠪᠠᠢ ᠬᠦ
ᠡᠷᠳᠡᠨᠢ ᠶ᠋ᠢᠨ ᠭᠠᠨᠵᠤᠤᠷ ᠢ᠋ᠶ᠋ᠠᠨ ᠤᠩᠰᠢᠭᠤᠯᠴᠢᠬᠠᠭᠠᠳ
ᠥᠪᠡᠷ ᠢ᠋ᠶ᠋ᠡᠨ ᠪᠢᠲᠡᠭᠡᠢ ᠪᠠᠶᠠᠷᠯᠠᠭᠠᠳ ᠪᠠᠢ ᠬᠦ
ᠥᠰᠢᠶᠡᠲᠡᠨ ᠬᠤᠯᠠᠭᠠᠢ ᠶᠤᠸᠠᠨ ᠱᠢ ᠺᠠᠢ
ᠡᠴᠢᠭᠡ (ᠬᠦᠦ) ᠶ᠋ᠢᠨ ᠨᠤᠲᠤᠭ ᠢ᠋ ᠡᠵᠡᠯᠡᠴᠢᠬᠡᠵᠡᠢ
ᠸᠠᠰᠢ ᠳᠠ ᠶᠠᠭᠠᠬᠢᠬᠤᠪ ᠳᠠ
ᠥᠷᠭᠡᠨ ᠣᠯᠠᠨ ᠮᠣᠩᠭᠣᠯᠴᠤᠳ ᠢ᠋ᠶ᠋ᠠᠷ ᠢ᠋ᠶ᠋ᠠᠨ
ᠡᠶᠡᠲᠡᠢ ᠰᠠᠭᠤᠶ᠎ᠠ ᠪᠣᠯᠬᠤ ᠤᠤ ᠳᠠ ᠬᠦ
ᠦᠰᠦᠭ ᠠᠮᠢᠯᠠᠭᠤᠯᠤᠭᠰᠠᠨ ᠨᠢ᠄ ᠲᠣᠳᠣᠭᠡᠷᠡᠯ
ᠬᠢᠨᠠᠭᠴᠢ᠄ ᠵ · ᠪᠤᠶᠠᠨᠳᠣᠭᠲᠠᠬᠤ ᠰᠡᠬᠡᠭᠡᠷᠡᠯ
