ᠬᠠᠢᠷ᠎ᠠ ᠶᠢᠨ ᠳᠣᠮᠣᠭ-ᠴᠢᠯᠠᠭᠤᠨᠴᠢᠮᠡᠭHairiin domog Chuluunchimeg хайрын домог Чулуунчимэг ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠠᠢᠷ᠎ᠠ ᠶᠢᠨ ᠳᠣᠮᠣᠭ-ᠴᠢᠯᠠᠭᠤᠨᠴᠢᠮᠡᠭHairiin domog Chuluunchimeg хайрын домог Чулуунчимэг

ᠬᠠᠢᠷ᠎ᠠ ᠶᠢᠨ ᠳᠣᠮᠣᠭ-ᠴᠢᠯᠠᠭᠤᠨᠴᠢᠮᠡᠭHairiin domog Chuluunchimeg хайрын домог Чулуунчимэг

ᠠᠩᠭᠢᠯᠠᠯ:ᠳᠠᠭᠤᠤ ᠬᠥᠭᠵᠢᠮ
2023-11-02

317

ᠬᠠᠢᠷ᠎ᠠ ᠶᠢᠨ ᠳᠣᠮᠣᠭ

   ᠦᠭᠡ ᠄ ᠨ᠂ ᠪᠠᠶᠠᠨᠮᠥ᠋ᠩᠬᠡ
   ᠠᠶ᠎ᠠ ᠄ ᠂ ᠮᠥᠩᠬᠡᠵᠢᠷᠭᠠᠯ
   ᠳᠠᠭᠤᠴᠢᠨ ᠄ᠮᠣᠩᠭᠣᠯ ᠤᠯᠤᠰ ᠤ᠋ᠨ ᠰᠣᠶᠣᠯ ᠤ᠋ᠨ
   ᠲᠡᠷᠢᠭᠦᠨ ᠦ᠌ ᠠᠵᠢᠯᠲᠠᠨ ᠠ᠋᠊᠂ ᠴᠢᠯᠠᠭᠤᠨᠴᠢᠮᠡᠭ

ᠰᠡᠳᠬᠢᠯ ᠳ᠋ᠦ᠍ ᠣᠷᠣᠰᠢᠳᠠᠭ ᠰᠠᠢᠬᠠᠨ ᠪᠦᠬᠦᠨ ᠢ᠋ ᠴᠢᠮ᠎ᠠ ᠠ᠋ᠴᠠ ᠪᠠᠨ ᠪᠢ ᠬᠠᠷᠠᠬᠤ ᠶᠤᠮ
ᠰᠡᠷᠡᠵᠦ ᠴᠢᠳᠠᠮ᠎ᠠ ᠦᠭᠡᠢ ᠵᠡᠭᠦᠳᠦᠨ ᠳ᠋ᠦ᠍ ᠮᠢᠨᠢ ᠢᠷᠡᠭᠰᠡᠨ ᠬᠠᠢᠷ᠎ᠠ ᠶ᠋ᠢᠨ ᠳᠣᠮᠣᠭ ᠶᠤᠮ ᠤᠤ
ᠬᠠᠢᠷ᠎ᠠ ᠶ᠋ᠢᠨ ᠭᠡᠷᠡᠯᠲᠦ ᠴᠡᠴᠡᠷᠯᠢᠭ ᠲᠦ᠍ ᠤᠶᠠᠩᠭᠠᠲᠤ ᠪᠢᠰᠬᠢᠭᠦᠷ ᠡᠴᠡ ᠠᠯᠳᠠᠭᠤᠷᠠᠭᠰᠠᠨ
ᠬᠠᠮᠢᠭ᠎ᠠ ᠠ᠋ᠴᠠ ᠴᠤ᠌ ᠣᠯᠵᠤ ᠰᠣᠨᠣᠰᠤᠮ᠎ᠠ ᠦᠭᠡᠢ ᠡᠭᠡᠰᠢᠭᠯᠡᠩᠲᠦ ᠨᠢᠭᠡᠨ ᠠᠶᠠᠯᠭᠤ ᠶᠤᠮ ᠤᠤ
ᠳᠣᠷᠣᠨ᠎ᠠ ᠶ᠋ᠢᠨ ᠡᠭᠡᠰᠢᠭᠯᠡᠩᠲᠦ ᠦᠳᠡᠰᠢ ᠪᠡᠷ ᠴᠢᠮ᠎ᠠ  ᠶ᠋ᠢ ᠪᠡᠨ ᠰᠠᠨᠠᠵᠤ ᠭᠡᠭᠡᠯᠵᠡᠨ᠎ᠡ
ᠳᠣᠯᠭᠢᠶ᠎ᠠ ᠨᠠᠮᠤᠭᠤᠬᠠᠨ ᠤᠷᠤᠰᠬᠠᠯ ᠲᠠᠢ ᠭᠣᠣᠯ ᠤ᠋ᠨ ᠡᠷᠭᠢ ᠳᠡᠭᠡᠷ᠎ᠡ ᠬᠦᠯᠢᠶᠡᠨ᠎ᠡ
ᠦᠵᠡᠰᠬᠦᠯᠡᠩᠲᠦ ᠭᠥᠷᠥᠭᠡᠰᠦ ᠮᠣᠳᠣᠳ ᠤ᠋ᠨ ᠴᠢᠯᠥᠭᠡᠨ ᠳ᠋ᠦ᠍ ᠰᠠᠷᠠᠨ ᠢ᠋ᠶ᠋ᠠᠷ ᠲᠣᠳᠣᠷᠠᠨ᠎ᠠ
ᠦᠨᠡᠨ ᠵᠢᠷᠦᠬᠡᠨ ᠦ᠌ ᠬᠠᠢᠷ᠎ᠠ ᠪᠠᠨ ᠳᠠᠭᠤᠯᠠᠬᠤ ᠳ᠋ᠤ᠌ ᠴᠢ ᠮᠢᠨᠢ ᠢᠨᠢᠶᠡᠮᠰᠦᠭᠯᠡᠨ ᠢᠷᠡᠨ᠎ᠡ
ᠬᠣᠣᠰᠯᠠᠵᠤ ᠡᠷᠬᠡᠯᠡᠳᠡᠭ ᠠᠷᠢᠭᠤᠬᠠᠨ ᠳᠤᠷᠠᠯᠠᠯ ᠢ᠋ᠶ᠋ᠠᠨ ᠴᠢᠮ᠎ᠠ ᠠ᠋ᠴᠠ ᠪᠠᠨ ᠪᠢ ᠣᠯᠬᠤ ᠶᠤᠮ
ᠬᠣᠯᠠᠳᠠᠵᠤ ᠵᠢᠷᠦᠬᠡᠯᠡᠮ᠎ᠡ ᠦᠭᠡᠢ ᠤᠴᠠᠷᠠᠯ ᠳ᠋ᠤ᠌ ᠮᠢᠨᠢ ᠢᠷᠡᠭᠰᠡᠨ ᠬᠠᠢᠷ᠎ᠠ ᠶ᠋ᠢᠨ ᠳᠣᠮᠣᠭ ᠶᠤᠮ ᠤᠤ
ᠦᠯᠢᠭᠡᠷᠴᠢ ᠣᠳᠣᠳ ᠤ᠋ᠨ ᠬᠦᠷᠢᠶᠡᠯᠡᠩ ᠳ᠋ᠦ᠍ ᠮᠥᠷᠥᠭᠡᠳᠦᠯ ᠦ᠋ᠨ ᠰᠢᠪᠠᠭᠤᠬᠠᠢ ᠶ᠋ᠢ ᠨᠢᠰᠬᠡᠭᠰᠡᠨ
ᠦᠭᠡ ᠪᠡᠷ ᠬᠡᠯᠡᠵᠦ ᠴᠢᠳᠠᠮ᠎ᠠ ᠦᠭᠡᠢ ᠦᠵᠡᠰᠬᠦᠯᠡᠩᠲᠦ ᠨᠢᠭᠡᠨ ᠭᠡᠭᠡ ᠶᠦᠮ ᠤᠤ
ᠳᠣᠷᠣᠨ᠎ᠠ ᠶ᠋ᠢᠨ ᠡᠭᠡᠰᠢᠭᠯᠡᠩᠲᠦ ᠦᠳᠡᠰᠢ ᠪᠡᠷ ᠴᠢᠮ᠎ᠠ ᠶ᠋ᠢ ᠪᠡᠨ ᠰᠠᠨᠠᠵᠤ ᠭᠡᠭᠡᠯᠵᠡᠨ᠎ᠡ
ᠳᠣᠯᠭᠢᠶ᠎ᠠ ᠨᠠᠮᠤᠭᠤᠬᠠᠨ ᠤᠷᠤᠰᠬᠠᠯ ᠲᠠᠢ ᠭᠣᠣᠯ ᠤ᠋ᠨ ᠡᠷᠭᠢ ᠳᠡᠭᠡᠷ᠎ᠡ ᠬᠦᠯᠢᠶᠡᠨ᠎ᠡ
ᠦᠵᠡᠰᠬᠦᠯᠡᠩᠲᠦ ᠭᠥᠷᠥᠭᠡᠰᠦ ᠮᠣᠳᠣᠳ ᠤ᠋ᠨ ᠴᠢᠯᠥᠭᠡᠨ ᠳ᠋ᠦ᠍ ᠰᠠᠷᠠᠨ ᠢ᠋ᠶ᠋ᠠᠷ ᠲᠣᠳᠣᠷᠠᠨ᠎ᠠ
ᠦᠨᠡᠨ ᠵᠢᠷᠦᠬᠡᠨ ᠦ᠌ ᠬᠠᠢᠷ᠎ᠠ ᠪᠠᠨ ᠳᠠᠭᠤᠯᠠᠬᠤ ᠳ᠋ᠤ᠌ ᠴᠢ ᠮᠢᠨᠢ ᠢᠨᠢᠶᠡᠮᠰᠦᠭᠯᠡᠨ ᠢᠷᠡᠨ᠎ᠡ

ᠳᠣᠷᠣᠨ᠎ᠠ ᠶ᠋ᠢᠨ ᠡᠭᠡᠰᠢᠭᠯᠡᠩᠲᠦ ᠦᠳᠡᠰᠢ ᠪᠡᠷ ᠴᠢᠮ᠎ᠠ  ᠶ᠋ᠢ ᠪᠡᠨ ᠰᠠᠨᠠᠵᠤ ᠭᠡᠭᠡᠯᠵᠡᠨ᠎ᠡ
ᠳᠣᠯᠭᠢᠶ᠎ᠠ ᠨᠠᠮᠤᠭᠤᠬᠠᠨ ᠤᠷᠤᠰᠬᠠᠯ ᠲᠠᠢ ᠭᠣᠣᠯ ᠤ᠋ᠨ ᠡᠷᠭᠢ ᠳᠡᠭᠡᠷ᠎ᠡ ᠬᠦᠯᠢᠶᠡᠨ᠎ᠡ
ᠦᠵᠡᠰᠬᠦᠯᠡᠩᠲᠦ ᠭᠥᠷᠥᠭᠡᠰᠦ ᠮᠣᠳᠣᠳ ᠤ᠋ᠨ ᠴᠢᠯᠥᠭᠡᠨ ᠳ᠋ᠦ᠍ ᠰᠠᠷᠠᠨ ᠢ᠋ᠶ᠋ᠠᠷ ᠲᠣᠳᠣᠷᠠᠨ᠎ᠠ
ᠦᠨᠡᠨ ᠵᠢᠷᠦᠬᠡᠨ ᠦ᠌ ᠬᠠᠢᠷ᠎ᠠ ᠪᠠᠨ ᠳᠠᠭᠤᠯᠠᠬᠤ ᠳ᠋ᠤ᠌ ᠴᠢ ᠮᠢᠨᠢ ᠢᠨᠢᠶᠡᠮᠰᠦᠭᠯᠡᠨ ᠢᠷᠡᠨ᠎ᠡ
ᠴᠢ ᠮᠢᠨᠢ ᠢᠨᠢᠶᠡᠮᠰᠦᠭᠯᠡᠨ ᠢᠷᠡᠨ᠎ᠡ
   
   ᠦᠰᠦᠭ ᠠᠮᠢᠯᠠᠭᠤᠯᠤᠭᠰᠠᠨ ᠨᠢ ᠄ ᠭᠠᠸᠠ
   ᠦᠰᠦᠭ ᠬᠠᠲᠠᠭᠰᠠᠨ ᠨᠢ᠄ ᠭᠠᠸᠠ
   ᠬᠢᠨᠠᠭᠴᠢ ᠪᠠᠭᠰᠢ᠄ ᠢᠷᠡᠭᠡᠳᠦᠢ

Хайрын домог

Үг : Н, Баянмөнх

Ая : Б, Мөнхжаргал

Дуучин :МУС.Э.Чулуунчимэг

Сэтгэлд оршидог сайхан бүхнийг чамаасаа би харах юм

Сэрж чадамгүй зүүдэнд минь ирсэн хайрын домог юм уу

Хайрын гэрэлт цэцэрлэгт уянгат бишгүүрээс алдуурсан

Хаанаас ч олж сонсомгүй эгшиглэнт нэгэн аялгуу юм уу

Дорнын эгшиглэнт үдшээр чамайгаа санаж гэгэлзэнэ ээ

Долгио намуухан урсгалтай голын эргэ дээр хүлээнэ

Үзэсгэлэнт гөрөөс моддын чөлөөнд сарнаар тодорно

Үнэн зүрхний хайраа дуулахад чи минь инээмсэглэн ирнэ

Хосолж эрхэлдэг ариухан дурлалаа чамаасаа би олох юм

Холдож зүрхлэмгүй учралд минь ирсэн хайрын домог юм үү

Үлгэрч оддын хүрээлэнд мөрөөдлийн шувуухайг нисгэсэн

Үгээр хэлж чадамгүй үзэсгэлэнт нэгэн гэгээ юм уу

Дорнын эгшиглэнт үдшээр чамайгаа санаж гэгэлзэнэ ээ

Долгио намуухан урсгалтай голын эргэ дээр хүлээнэ

Үзэсгэлэнт гөрөөс моддын чөлөөнд сарнаар тодорно

Үнэн зүрхний хайраа дуулахад чи минь инээмсэглэн ирнэ

 

Дорнын эгшиглэнт үдшээр чамайгаа санаж гэгэлзэнэ ээ

Долгио намуухан урсгалтай голын эргэ дээр хүлээнэ

Үзэсгэлэнт гөрөөс моддын чөлөөнд сарнаар тодорно

Үнэн зүрхний хайраа дуулахад чи минь инээмсэглэн ирнэ

Чи минь инээмсэглэн ирнэ

Үсэг  амилуулсан нь : гава

Үсэг хадсан нь:гава

Хянагч багш: ирээдүй