ᠣᠷᠣᠢ ᠦᠭᠡᠢ ᠰᠦᠮ᠎ᠡ – ᠠᠷᠪᠠᠨ ᠳᠣᠯᠣᠭ᠎ᠠ ᠂ ᠣᠶᠣᠨ ᠤ ᠰᠠᠪᠠ ᠭᠡᠨᠡᠳᠲᠡ ᠳᠦᠭᠦᠷᠪᠡ Оройгүй сүм – Арвандолоо ᠂ Оюуны сав гэнэт дүүрэв - Oroigui sum 17 ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠣᠷᠣᠢ ᠦᠭᠡᠢ ᠰᠦᠮ᠎ᠡ – ᠠᠷᠪᠠᠨ ᠳᠣᠯᠣᠭ᠎ᠠ ᠂ ᠣᠶᠣᠨ ᠤ ᠰᠠᠪᠠ ᠭᠡᠨᠡᠳᠲᠡ ᠳᠦᠭᠦᠷᠪᠡ Оройгүй сүм – Арвандолоо ᠂ Оюуны сав гэнэт дүүрэв - Oroigui sum 17

ᠣᠷᠣᠢ ᠦᠭᠡᠢ ᠰᠦᠮ᠎ᠡ – ᠠᠷᠪᠠᠨ ᠳᠣᠯᠣᠭ᠎ᠠ ᠂ ᠣᠶᠣᠨ ᠤ ᠰᠠᠪᠠ ᠭᠡᠨᠡᠳᠲᠡ ᠳᠦᠭᠦᠷᠪᠡ Оройгүй сүм – Арвандолоо ᠂ Оюуны сав гэнэт дүүрэв - Oroigui sum 17

ᠠᠩᠭᠢᠯᠠᠯ:ᠲᠤᠭᠤᠵᠢ ᠷᠣᠮᠠᠨ
2023-11-01

758

ᠠᠷᠪᠠᠨ ᠳᠣᠯᠣᠭ᠎ᠠ ᠂ ᠣᠶᠣᠨ ᠤ ᠰᠠᠪᠠ ᠭᠡᠨᠡᠳᠲᠡ ᠳᠦᠭᠦᠷᠪᠡ


               ᠡᠤᠷᠤᠰᠬᠠᠯ ᠤᠰᠤ ᠨᠢᠭᠡ ᠮᠤᠷᠤᠢᠨ᠎ᠠ
               ᠤᠷᠭᠤᠬᠤ ᠮᠣᠳᠣ ᠨᠢᠭᠡ ᠮᠤᠷᠤᠢᠨ᠎ᠠ
               ᠤᠷᠲᠤ ᠵᠠᠮ ᠨᠢᠭᠡ ᠮᠤᠷᠤᠢᠨ᠎ᠠ

       ᠳᠠᠷᠠ ᠰᠥᠨᠢ ᠲᠡᠷᠭᠡᠯ ᠰᠠᠷᠠ ᠲᠠᠢ ᠪᠠᠢᠯ᠎ᠠ᠃ ᠰᠠᠩᠵᠢ ᠭᠡᠰᠦᠯ ᠦ᠋ᠨ ᠨᠣᠢᠷ ᠬᠦᠷᠬᠦ ᠦᠭᠡᠢ ᠡᠷᠭᠢᠵᠦ ᠬᠥᠷᠪᠡᠵᠦ᠂ ᠬᠣᠷᠸ᠎ᠠ ᠶ᠋ᠢᠨ ᠲᠦᠮᠡᠨ ᠶᠠᠪᠤᠳᠠᠯ ᠢ᠋ ᠡᠷᠭᠢᠴᠡᠭᠦᠯᠦᠨ ᠪᠣᠳᠣᠵᠤ᠂ ᠰᠡᠳᠬᠢᠯ ᠦᠨ ᠰᠢᠨᠠᠯᠤᠭᠠᠨ ᠳ᠋ᠤ᠌ ᠲᠠᠷᠴᠢᠯᠠᠨ ᠵᠣᠪᠠᠵᠤ ᠪᠠᠢᠯ᠎ᠠ᠃ ᠨᠢᠭᠡᠨ ᠦᠶ᠎ᠡ ᠠᠯᠤᠰ ᠲᠡᠷᠲᠡᠭᠡ ᠬᠠᠷ᠎ᠠ ᠠᠵᠢᠷᠭ᠎ᠠ ᠶᠢᠨ ᠨᠢᠷᠤᠭᠤᠨ ᠳ᠋ᠤ᠌ ᠤᠰᠤᠲᠤ ᠴᠠᠴᠣᠷᠠᠩᠭ᠎ᠠ ᠤ᠋ᠨ ᠭᠣᠣᠯ ᠢ᠋ᠶ᠋ᠠᠷ ᠨᠤᠲᠤᠭᠯᠠᠬᠤ ᠶᠠᠳᠠᠭᠤ ᠡᠴᠢᠭᠡ ᠡᠬᠡ᠂ ᠳᠡᠭᠦᠦ ᠨᠠᠷ ᠢᠶᠠᠨ ᠰᠠᠨᠠᠨ᠎ᠠ᠃ ᠨᠢᠭᠡᠨ ᠦᠶ᠎ᠡ ᠬᠠᠷᠢ ᠭᠠᠵᠠᠷ ᠤ᠋ᠨ ᠲᠦᠮᠡᠨ ᠠᠷᠠᠨᠰᠢᠨ ᠲᠠᠢ᠂ ᠮᠢᠩᠭᠠᠨ ᠵᠣᠪᠠᠯᠠᠩ ᠲᠠᠢ ᠠᠮᠢᠳᠤᠷᠠᠯ ᠤ᠋ᠨ ᠡᠷᠢᠶᠡᠪᠦᠷ ᠬᠤᠷᠢᠶᠠᠪᠤᠷ ᠶᠠᠪᠤᠳᠠᠯ ᠢ᠋ ᠡᠷᠭᠢᠴᠡᠭᠦᠯᠦᠨ ᠪᠣᠳᠣᠨ᠎ᠠ᠃ ᠪᠤᠷᠬᠠᠨ ᠤ᠋ ᠣᠷᠣᠨ ᠭᠡᠭᠳᠡᠭᠰᠡᠨ ᡀᠠᠰᠠ ᠬᠣᠲᠠᠨ ᠳ᠋ᠤ᠌᠎ ᠢᠷᠡᠭᠰᠡᠨ ᠡᠴᠡ ᠬᠣᠢᠰᠢ ᠦᠵᠡᠭᠰᠡᠨ ᠬᠠᠷᠠᠭᠰᠠᠨ᠂ ᠲᠤᠭᠤᠯᠵᠤ ᠥᠩᠭᠡᠷᠡᠭᠦᠯᠦᠭᠰᠡᠨ ᠪᠦᠬᠦᠨ ᠨᠢ ᠪᠤᠶᠠᠨᠵᠠᠯᠪᠠᠷᠢᠬᠤ  ᠭᠡᠢᠳ ᠲᠦ᠍ ᠪᠠᠭᠰᠢ ᠯᠠᠮᠠ ᠴᠤᠢᠮᠴᠤᠭ ᠠ᠋ᠴᠠ ᠰᠣᠨᠣᠰᠴᠤ᠂ ᠨᠣᠮ ᠠ᠋ᠴᠠ ᠦᠵᠡᠵᠦ ᠲᠥᠰᠦᠭᠡᠯᠡᠨ ᠪᠣᠳᠣᠵᠤ  ᠪᠠᠢᠭ᠍ᠰᠠᠨ ᠲᠠᠢ ᠣᠭᠲᠣᠬᠠᠨ ᠴᠤ᠌ ᠠᠳᠠᠯᠢ ᠦᠭᠡᠢ ᠪᠠᠢᠯ᠎ᠠ᠃ ᠪᠤᠷᠬᠠᠨ ᠤ᠋ ᠨᠡᠷ᠎ᠡ ᠪᠡᠷ ᠬᠢᠵᠦ ᠪᠠᠢᠳᠠᠭ ᠶᠠᠭᠤᠮ᠎ᠠ ᠪᠦᠬᠦᠨ ᠲᠡᠢᠮᠦ ᠴᠤ᠌ ᠪᠤᠶᠠᠨᠲᠠᠢ ᠦᠢᠯᠡᠰ ᠦᠨ ᠰᠢᠨᠵᠢ ᠶ᠋ᠢ ᠲᠡᠷᠡ ᠪᠦᠷᠢ ᠰᠠᠨᠠᠭᠳᠠᠭᠤᠯᠬᠤ ᠦᠭᠡᠢ ᠳ᠋ᠦ᠍ ᠦᠶ᠎ᠡ ᠦᠶ᠎ᠡ ᠭᠠᠢᠬᠠᠬᠤ ᠰᠡᠳᠬᠢᠯ ᠰᠡᠳᠬᠢᠯ ᠲᠥᠷᠥᠵᠦ ᠪᠠᠢᠯ᠎ᠠ᠃ ᠲᠡᠷᠡ ᠪᠣᠳᠣᠯ ᠳᠡᠭᠡᠷ᠎ᠡ ᠨᠢ ᠵᠢᠨᠵᠦᠭ ᠵᠡᠯᠰᠡᠩ ᠥᠴᠥᠭᠡᠳᠦᠷ ᠳᠠᠪᠤᠰᠤ ᠨᠡᠮᠡᠭᠡᠳ ᠥᠭᠴᠡᠢ᠃《 ᠶᠠᠭᠠᠬᠢᠬᠤ ᠪᠠᠷ ᠢ᠋ᠶ᠋ᠠᠨ ᠬᠤᠷᠠᠯ ᠨᠣᠮ ᠤ᠋ᠨ ᠬᠥᠭᠵᠢᠮ ᠢ᠋ ᠬᠥᠮᠦᠨ ᠦ᠌ ᠶᠠᠰᠤ ᠪᠠᠷ ᠬᠢᠬᠦ ᠶ᠋ᠢ ᠲᠡᠷᠡ ᠮᠥᠷᠦᠭᠡᠳᠳᠡᠭ ᠶᠦᠮ ᠪᠣᠢ?  ᠶᠠᠭᠠᠬᠢᠬᠤ ᠪᠠᠷ ᠢ᠋ᠶ᠋ᠠᠨ ᠲᠡᠷᠡ ᠬᠥᠮᠦᠨ ᠦ᠌  ᠰᠠᠢᠨ ᠰᠠᠢᠬᠠᠨ ᠳ᠋ᠤ᠌ ᠱᠣᠬᠣᠭᠣᠷᠬᠠᠬᠤ ᠶᠢᠨ ᠣᠷᠣᠨ ᠳ᠋ᠤ᠌ ᠶᠠᠰᠤᠨ ᠳ᠋ᠤ᠌ ᠨᠢ᠂ ᠲᠡᠷᠡ ᠲᠣᠰᠤᠮ ᠢ᠋ᠶ᠋ᠠᠨ ᠪᠦᠷ ᠭᠠᠪᠠᠯᠠ ᠶ᠋ᠢᠨ ᠶᠠᠰᠤᠨ ᠳ᠋ᠤ᠌ ᠨᠢ ᠰᠢᠨᠤᠵᠤ ᠶᠠᠪᠤᠳᠠᠭ ᠬᠥᠮᠦᠨ ᠪᠣᠢ?》ᠭᠡᠵᠦ ᠰᠠᠩᠵᠢ ᠭᠡᠰᠦᠯ ᠭᠠᠢᠬᠠᠨ ᠪᠣᠳᠣᠭᠠᠳ ᠤᠴᠢᠷ ᠢ᠋ ᠣᠯᠤᠭᠰᠠᠨ ᠦᠭᠡᠢ᠃ ᠲᠡᠷᠡᠴᠢᠯᠡᠨ ᠢ᠋ᠶ᠋ᠡᠷ ᠯᠠᠮ᠎ᠠ ᠪᠠᠭᠰᠢᠨᠠᠷ ᠤ᠋ᠨ ᠢ᠋ᠶ᠋ᠠᠨ ᠲᠤᠬᠠᠢ ᠡᠴᠦᠰ ᠲᠦ᠍ ᠨᠢ ᠨᠢᠭᠡᠨ ᠵᠢᠩᠳᠠᠭᠠᠨ ᠤ᠋ ᠬᠢᠨ ᠦ᠌ ᠪᠡᠨ ᠲᠤᠬᠠᠢ ᠰᠠᠩᠵᠢ ᠪᠣᠳᠣᠯ᠎ᠠ᠃ ᠨᠢᠭᠡᠨ ᠵᠢᠩᠳᠠᠭᠠᠨ ᠤ᠋ ᠬᠢᠨ ᠨᠢ ᠨᠠᠮᠳᠡᠯ ᠦ᠋ᠨ ᠭᠤᠷᠪᠠᠬᠠᠨ ᠠᠢᠮᠠᠭ ᠢ᠋ ᠳᠠᠭᠤᠰᠬᠠᠵᠠᠢ᠃ ᠭᠡᠪᠡᠴᠦ ᠲᠡᠳᠡ ᠨᠠᠷ ᠰᠠᠩᠵᠢ ᠭᠡᠰᠦᠯ ᠦ᠋ᠨ ᠮᠡᠳᠡᠳᠡᠭ ᠡᠴᠡ ᠢᠯᠡᠭᠦᠦ ᠮᠡᠳᠡᠳᠡᠭ ᠦᠭᠡᠢ  ᠪᠠᠢᠯ᠎ᠠ᠃ ᠬᠠᠷᠢᠨ ᠰᠠᠩᠵᠢ ᠪᠣᠯ ᠢᠯᠡᠷᠬᠡᠢ ᠠᠢᠮᠠᠭ ᠰᠠᠪᠠ ᠶ᠋ᠢᠨ ᠪᠦᠬᠦ ᠰᠤᠳᠤᠷ ᠢ᠋ ᠤᠩᠰᠢᠭᠠᠳ ᠫᠠᠷᠴᠢᠩ ᠢ᠋ ᠳᠠᠭᠤᠰᠬᠠᠵᠤ ᠳ᠋ᠦ᠋ᠯᠪᠡ᠂  ᠠᠩᠨᠠᠢ ᠶ᠋ᠢᠨ ᠶᠣᠰᠣ ᠶ᠋ᠢ ᠨᠠᠷᠢᠪᠴᠢᠯᠠᠨ ᠦᠵᠡᠬᠦ ᠬᠡᠮᠵᠢᠶᠡᠨ ᠳ᠋ᠦ᠍ ᠪᠦᠷ ᠨᠤᠲᠤᠭ ᠲᠤ᠌ ᠪᠠᠨ  ᠪᠠᠢᠬᠤ ᠳ᠋ᠤ᠌ ᠲᠤᠯᠵᠤ ᠣᠴᠢᠭᠰᠠᠨ ᠬᠥᠮᠦᠨ ᠲᠤᠯᠠ ᠨᠢᠭᠡ ᠵᠢᠩᠳᠠᠭᠠᠨ ᠤ᠋ ᠬᠢᠨ ᠦ᠌ ᠪᠡᠨ ᠮᠡᠳᠡᠬᠦ ᠦᠭᠡᠢ ᠵᠦᠢᠯ ᠢ᠋  ᠴᠤ᠌ ᠴᠡᠭᠡᠵᠢᠯᠡᠨ ᠲᠣᠭᠲᠠᠭᠠᠭᠰᠠᠨ ᠪᠠᠢᠵᠠᠢ᠃ ᠭᠡᠪᠡᠴᠦ ᠲᠡᠭᠦᠨ ᠢ᠋ ᠪᠡᠨ ᠭᠠᠢᠬᠠᠭᠤᠯᠵᠤ ᠶᠠᠷᠢᠳᠠᠭ ᠦᠭᠡᠢ ᠶᠤᠮᠰᠠᠨᠵᠠᠢ᠃ ᠨᠥᠬᠥᠳ ᠨᠢ ᠰᠠᠩᠵᠢ ᠭᠡᠰᠦᠯ ᠢ᠋ ᠶᠠᠭᠤᠮ᠎ᠠ ᠶ᠋ᠢ ᠵᠦᠢᠷᠯᠡᠰᠢ ᠦᠭᠡᠢ ᠬᠤᠷᠳᠤᠨ ᠲᠣᠭᠲᠠᠭᠠᠳᠠᠭ  ᠠᠢᠬᠤᠪᠲᠤᠷ ᠣᠢ ᠲᠠᠢ ᠬᠥᠮᠦᠨ ᠭᠡᠵᠦ ᠪᠣᠳᠣᠳᠠᠭ ᠪᠣᠯᠵᠠᠢ᠃ ᠵᠠᠷᠢᠮ ᠨᠢ ᠲᠡᠭᠦᠨ ᠳ᠋ᠦ᠍ ᠪᠦᠷ ᠠᠲᠠᠭᠠᠷᠬᠠᠵᠤ ᠦᠵᠡᠨ ᠶᠠᠳᠠᠳᠠᠭ ᠪᠣᠯᠤᠭᠰᠠᠨ ᠰᠢᠭ᠋ ᠰᠠᠩᠵᠢ ᠳ᠋ᠤ᠌ ᠪᠣᠳᠣᠭᠳᠠᠳᠠᠭ ᠪᠠᠢᠪᠠ᠃ ᠢᠯᠠᠩᠭᠤᠶ᠎ᠠ ᠠᠨᠳᠤᠤ ᠨᠤᠲᠤᠭ ᠤᠨ ᠲᠦᠪᠡᠳ  ᠫᠠᠭᠰᠠᠩ ᠣᠨᠴᠠ ᠮᠠᠭᠤᠬᠠᠢ ᠵᠠᠩ ᠲᠠᠢ᠂ ᠶᠡᠷᠦ ᠨᠢ ᠰᠠᠩᠵᠢ ᠶᠢ ᠦᠵᠡᠨ ᠶᠠᠳᠠᠳᠠᠭ ᠮᠡᠲᠦ  ᠰᠠᠨᠠᠭᠳᠠᠳᠠᠭ ᠠᠵᠢ᠃ ᠬᠤᠷᠠᠯ ᠳᠡᠭᠡᠷ᠎ᠡ ᠮᠣᠩᠭᠣᠯ ᠢ᠋ᠶ᠋ᠠᠷ ᠤᠩᠰᠢᠯᠭ᠎ᠠ ᠬᠢᠭᠰᠡᠨ ᠲᠤᠬᠠᠢ ᠳ᠋ᠤ᠌ ᠫᠠᠭᠰᠠᠩ ᠯᠠ ᠬᠣᠪᠠᠯᠠᠭᠰᠠᠨ ᠰᠢᠭ᠋ ᠰᠡᠵᠢᠭ ᠲᠥᠷᠥᠭᠰᠡᠨ᠃ ᠪᠠᠰᠠ ᠬᠠᠶᠠ ᠶᠠᠭᠤᠮ᠎ᠠ ᠠᠰᠠᠭᠤᠬᠤ ᠳ᠋ᠤ᠌  ᠫᠠᠭᠰᠠᠩ ᠵᠥᠷᠢᠭᠦᠳ ᠰᠠᠷᠯᠤᠭ ᠰᠢᠭ᠋ ᠵᠠᠩᠨᠠᠳᠠᠭ᠃ ᠭᠡᠲᠡᠯ᠎ᠡ ᠴᠣᠭᠰᠣᠩ ᠪᠣᠳᠢᠫᠠ ᠪᠣᠯ ᠣᠭᠲᠣ ᠥᠭᠡᠷ᠎ᠡ᠃ ᠴᠠᠭ ᠦᠷᠭᠦᠯᠵᠢ ᠯᠠ ᠢᠨᠢᠶᠡᠪᠬᠢᠯᠡᠨ ᠵᠥᠭᠡᠯᠡᠨ ᠳᠠᠭᠤ ᠪᠠᠷ ᠠᠶ᠎ᠠ ᠲᠠᠯ᠎ᠠ  ᠵᠠᠰᠠᠵᠤ ᠰᠠᠩᠵᠢ ᠭᠡᠰᠦᠯ ᠳ᠋ᠦ᠍ ᠳᠣᠯᠢᠭᠠᠨᠢᠵᠤ ᠶᠠᠪᠤᠳᠠᠭ ᠪᠠᠢᠯ᠎ᠠ᠃ ᠵᠥᠪᠬᠡᠨ ᠰᠠᠩᠵᠢ ᠳ᠋ᠤ᠌ ᠴᠤ᠌ ᠪᠢᠰᠢ ᠬᠥᠮᠦᠨ ᠬᠥᠮᠦᠨ ᠳ᠋ᠤ᠌ ᠯᠡ ᠲᠡᠷᠡ ᠨᠠᠭᠠᠯᠳᠤᠵᠤ ᠴᠠᠪᠠᠤ ᠰᠢᠭ᠋ ᠶᠤᠮ ᠤᠤ ᠡᠰᠡᠪᠡᠯ ᠨᠣᠢᠲᠠᠨ ᠬᠠᠮᠠᠭᠤ ᠰᠢᠭ᠋ ᠰᠠᠯᠳᠠᠭ ᠦᠭᠡᠢ ᠡᠷ᠎ᠡ ᠶᠦᠮ᠃  ᠵᠢᠩᠳᠠᠭᠠᠨ ᠤ ᠨᠢ ᠥᠭᠡᠯᠡᠳ᠂ ᠲᠣᠷᠭᠤᠳ ᠨᠠᠷ ᠲᠥᠪᠡᠳ ᠬᠡᠯᠡ ᠳ᠋ᠦ᠍ ᠰᠤᠯᠠ ᠲᠤᠯᠠ ᠬᠡᠯᠡ ᠰᠤᠷᠬᠤ ᠭᠡᠵᠦ  ᠴᠣᠭᠰᠣᠩ ᠲᠠᠢ ᠶᠡᠬᠡ ᠨᠠᠭᠠᠯᠳᠤᠨ ᠦᠶᠡᠷᠬᠡᠳᠡᠭ ᠪᠠᠢᠯ᠎ᠠ᠃ ᠨᠢᠭᠡ ᠵᠢᠩᠳᠠᠭᠠᠨ ᠤ᠋ ᠬᠢᠨ ᠨᠢ 《 ᠰᠠᠩᠵᠢ ᠴᠢ ᠨᠣᠮ ᠪᠢᠰᠢᠯᠭᠠᠵᠤ ᠪᠡᠶ᠎ᠡ ᠪᠡᠨ ᠵᠣᠪᠠᠭᠠᠵᠤ ᠶᠠᠭᠠᠬᠢᠬᠤ ᠨᠢ ᠪᠣᠢ? ᠨᠢᠭᠡ ᠯᠡ ᠤᠳᠠᠭ᠎ᠠ ᠰᠣᠨᠣᠰᠤᠭᠠᠳ ᠯᠠ ᠴᠡᠭᠡᠵᠢᠯᠡᠴᠢᠬᠡᠳᠡᠭ ᠶᠦᠮ ᠴᠢᠨᠢ᠃ ᠶᠡᠷᠦ ᠵᠣᠪᠠᠬᠤ ᠶᠠᠭᠤᠮ᠎ᠠ ᠠᠯᠠᠭ᠎ᠠ᠃ ᠡᠨᠡᠳᠬᠡᠭ ᠭᠠᠵᠠᠷ ᠶᠠᠪᠤᠵᠤ ᠶᠡᠬᠡ  ᠭᠠᠯᠢᠭᠠᠲᠠ ᠬᠣᠲᠠᠨ ᠳ᠋ᠤ᠌ ᠡᠷᠳᠡᠮ ᠰᠤᠷᠪᠠᠯ ᠲᠠᠭᠠᠷᠠᠨ᠎ᠠ》 ᠭᠡᠵᠦ ᠬᠠᠶᠠ ᠱᠣᠭᠯᠠᠨ ᠶᠠᠷᠢᠳᠠᠭ ᠪᠠᠢᠯ᠎ᠠ᠃
       《ᠶᠡᠷᠦ ᠨᠢ ᠪᠢ ᠤᠷᠢᠳᠤ ᠰᠤᠷᠴᠢᠬᠠᠭᠰᠠᠨ ᠶᠠᠭᠤᠮ᠎ᠠ ᠪᠠᠨ ᠮᠡᠳᠡᠬᠦ ᠦᠭᠡᠢ ᠬᠥᠮᠦᠨ ᠪᠣᠯᠤᠭᠠᠳ ᠯᠠ ᠳᠠᠬᠢᠨ ᠳᠠᠪᠲᠠᠭᠠᠳ ᠰᠠᠭᠤᠵᠤ ᠪᠠᠢᠬᠤ ᠶᠠᠮᠠᠷ ᠬᠡᠷᠡᠭ ᠪᠠᠢᠨ᠎ᠠ᠃ ᠰᠢᠭᠤᠳ ᠯᠠ ᠰᠢᠯᠭᠠᠭᠤᠯᠤᠭᠠᠳ ᠬᠡᠪᠰᠢ ᠪᠣᠯᠬᠤ ᠶᠢ ᠪᠣᠳᠣᠪᠠᠯ ᠶᠠᠭᠠᠬᠢᠬᠤ ᠪᠣᠯ! ᠮᠠᠨ ᠤ᠋ ᠵᠢᠩᠳᠠᠭᠠᠨ ᠤ᠋ ᠬᠢᠨ ᠦ᠌  ᠪᠠᠢᠷᠢ ᠪᠠᠢᠴᠠ ᠶ᠋ᠢ ᠬᠠᠷᠠᠬᠤ ᠳ᠋ᠤ᠌ ᠣᠳᠣ ᠳᠠᠬᠢᠭᠠᠳ ᠬᠣᠶᠠᠷ ᠭᠤᠷᠪᠠᠨ ᠵᠢᠯ ᠰᠠᠭᠤᠵᠤ ᠪᠠᠢᠵᠤ ᠸᠢᠨᠠᠢ ᠶ᠋ᠢᠨ ᠠᠢᠮᠠᠭ ᠤᠨ ᠰᠠᠪᠠ ᠳ᠋ᠤ᠌ ᠬᠦᠷᠴᠦ ᠢᠷᠡᠬᠦ ᠨᠢ ᠪᠣᠯᠤᠯᠲᠠᠢ᠃ ᠲᠡᠭᠡᠭᠡᠳ ᠴᠤ᠌ ᠬᠥᠭᠰᠢᠨ ᠡᠴᠢᠭᠡ ᠡᠬᠡ ᠮᠠᠨᠢ ᠮᠢᠨᠦ ᠬᠣᠢᠨ᠎ᠠ ᠠ᠋ᠴᠠ ᠰᠢᠨᠠᠯᠵᠤ ᠵᠣᠪᠠᠵᠤ ᠵᠦᠳᠡᠷᠡᠵᠦ ᠪᠠᠢᠭ᠎ᠠ ᠪᠢᠵᠡ᠃ ᠡᠨᠡ ᠭᠠᠵᠠᠷ ᠠᠷᠪᠠᠭᠠᠳ ᠵᠢᠯ ᠰᠠᠭᠤᠬᠤ ᠬᠣᠭᠣᠷᠣᠨᠳᠣ ᠶᠠᠭᠤ ᠴᠤ᠌ ᠪᠣᠯᠵᠤ ᠪᠣᠯᠤᠨ᠎ᠠ》 ᠭᠡᠵᠦ ᠰᠠᠩᠵᠢ ᠭᠡᠰᠦᠯ ᠬᠠᠲᠠᠭᠤ ᠰᠢᠢᠳᠪᠦᠷᠢᠯᠡᠪᠡ᠃ ᠶᠠᠭ ᠲᠡᠭᠡᠵᠦ ᠪᠣᠳᠣᠬᠤ ᠦᠶ᠎ᠡ ᠳ᠋ᠦ᠍ ᠨᠣᠢᠷ ᠨᠢ ᠬᠦᠷᠴᠦ ᠲᠠᠭ ᠤᠨᠲᠠᠴᠢᠬᠠᠵᠠᠢ᠃ ᠲᠡᠭᠡᠲᠡᠯ᠎ᠡ ᠵᠡᠭᠦᠳᠦᠯᠡᠵᠦ ᠡᠬᠢᠯᠡᠪᠡ᠃ ᠬᠥᠮᠦᠨ ᠦ᠌ ᠭᠠᠪᠠᠯᠠ ᠪᠠᠷ ᠲᠠᠮᠠᠷᠤ ᠬᠢᠬᠦ ᠪᠡᠷ ᠵᠡᠯᠰᠡᠩ ᠵᠢᠨᠵᠦᠭ ᠬᠣᠶᠠᠭᠤᠯᠠ ᠪᠠᠨ ᠶᠠᠷᠢᠯᠴᠠᠵᠤ ᠪᠠᠢᠭ᠍ᠰᠠᠨ ᠨᠢᠭᠦᠯᠲᠦ ᠦᠢᠯᠡᠰ ᠦ᠋ᠨ ᠦᠷ᠎ᠡ ᠎ᠪᠣᠯᠵᠤ ᠰᠠᠩᠵᠢ᠎ ᠵᠢ ᠲᠠᠮᠤ ᠳ᠋ᠤ᠌ ᠬᠦᠷᠭᠡᠬᠦ ᠪᠡᠷ ᠰᠢᠢᠳᠴᠡᠢ᠃ ᠴᠣᠬᠣᠮ ᠶᠠᠮᠠᠷ ᠲᠠᠮᠤ ᠳ᠋ᠤ᠌ ᠬᠠᠶᠠᠬᠤ ᠵᠢ ᠰᠢᠢᠳᠪᠦᠷᠢᠯᠡᠬᠦ ᠪᠡᠷ ᠡᠷᠯᠢᠭ ᠬᠠᠭᠠᠨ ᠴᠡᠩᠨᠡᠭᠦᠷ ᠢ᠋ᠶ᠋ᠡᠨ ᠪᠠᠷᠢᠨ ᠳᠠᠩᠰᠠᠯᠠᠨ ᠨᠠᠷᠢᠪᠴᠢᠯᠠᠨ ᠬᠡᠮᠵᠢᠵᠦ ᠪᠠᠢᠭ᠍ᠰᠠᠨ ᠢ᠋ᠶ᠋ᠠᠨ:
       - ᠬᠢᠷᠥᠭᠡ ᠲᠠᠮᠤ ᠪᠡᠷ ᠣᠷᠣᠭᠤᠯᠵᠤ ᠳᠠᠷᠠᠭ᠎ᠠ ᠨᠢ ᠲᠡᠮᠦᠷ ᠥᠷᠭᠡᠰᠦᠨ ᠳᠡᠭᠡᠷ᠎ᠡ ᠭᠥᠪᠰᠢᠬᠦ ᠲᠠᠮᠤ  ᠳ᠋ᠤ᠌ ᠪᠠᠢᠯᠭ᠎ᠠ ! ᠲᠡᠭᠡᠭᠡᠳ ᠲᠡᠯᠡᠭᠦᠷᠳᠡᠨ ᠲᠥᠭᠡᠨᠡᠬᠦ ᠲᠠᠮᠤ ᠳ᠋ᠤ᠌ ᠬᠠᠶᠠ! ᠭᠡᠵᠦ ᠲᠤᠰᠢᠶᠠᠯ᠎ᠠ᠃  ᠰᠠᠩᠵᠢ ᠦᠬᠦᠳᠬᠢᠨ ᠠᠶᠤᠵᠤ 《ᠪᠢ ᠭᠠᠪᠠᠯᠠ ᠪᠠᠷ ᠲᠠᠮᠠᠷᠤ ᠬᠢᠬᠦ ᠭᠡᠵᠦ ᠣᠭᠲᠣ ᠪᠣᠳᠣᠭ᠎ᠠ ᠦᠭᠡᠢ》 ᠭᠡᠵᠦ ᠬᠡᠯᠡᠬᠦ ᠭᠡᠰᠡᠨ ᠪᠣᠯᠪᠠᠴᠤ ᠳᠠᠭᠤ ᠨᠢ ᠭᠠᠷᠬᠤ ᠦᠭᠡᠢ᠂ ᠬᠣᠭᠣᠯᠠᠢ ᠨᠢ ᠪᠣᠭᠣᠯᠲᠠ ᠲᠠᠢ ᠪᠠᠢᠯ᠎ᠠ᠃ ᠡᠷᠯᠢᠭ ᠦᠨ ᠡᠯᠴᠢ ᠨᠠᠷ ᠰᠠᠩᠵᠢ ᠵᠢ ᠳᠥᠷᠪᠡᠨ ᠮᠥᠴᠢ ᠡᠴᠡ ᠨᠢ ᠲᠡᠮᠦᠷ ᠪᠡᠬᠢ ᠮᠡᠲᠦ ᠰᠠᠷᠪᠠᠭᠤ ᠪᠠᠷ ᠢᠶᠠᠨ ᠠᠳᠬᠤᠨ ᠠᠪᠴᠤ ᠬᠢᠷᠥᠭᠡ ᠲᠠᠮᠤ ᠳ᠋ᠤ᠌ ᠣᠷᠣᠭᠤᠯᠪᠠ᠃ ᠲᠡᠨᠳᠡ ᠣᠯᠠᠨ ᠵᠠᠭᠤᠨ ᠨᠢᠴᠦᠭᠦᠨ ᠬᠥᠮᠦᠰ ᠢ᠋ ᠦᠶ᠎ᠡ ᠮᠥᠴᠢ ᠪᠡᠷ ᠨᠢ ᠲᠠᠰᠤ ᠲᠠᠰᠤ ᠬᠢᠷᠥᠭᠡᠳᠡᠵᠦ ᠬᠠᠶᠠᠵᠤ ᠪᠠᠢᠯ᠎ᠠ᠃  ᠰᠠᠩᠵᠢ ᠠᠶᠤᠵᠤ ᠬᠠᠰᠬᠢᠷᠬᠤ ᠭᠡᠳᠡᠯ ᠎ᠡ ᠪᠠᠰᠠ ᠯᠠ ᠳᠠᠭᠤ ᠭᠠᠷᠤᠭᠰᠠᠨ ᠦᠭᠡᠢ᠃ ᠬᠠᠪᠲᠠᠭᠠᠢ ᠪᠠᠨᠲᠠᠩ ᠳᠡᠭᠡᠷ᠎ᠡ ᠰᠠᠩᠵᠢ ᠵᠢ ᠥᠭᠡᠳᠡ ᠬᠠᠷᠠᠭᠤᠯᠤᠨ ᠲᠠᠯᠪᠢᠭᠠᠳ ᠤᠯᠠᠭᠠᠨ ᠴᠢᠰᠤ ᠲᠠᠢ ᠬᠢᠷᠥᠭᠡ ᠪᠡᠷ ᠴᠡᠭᠡᠵᠢᠨ ᠳᠤᠮᠳᠠᠭᠤᠷ ᠨᠢ ᠬᠢᠷᠥᠭᠡᠳᠡᠵᠦ ᠡᠬᠢᠯᠡᠪᠡ᠃ ᠶᠠᠰᠤ ᠨᠢ ᠬᠡᠷᠴᠢᠭᠢᠨᠡᠵᠦ᠂ ᠪᠡᠶ᠎ᠡ ᠨᠢ ᠬᠤᠪᠢᠶᠠᠭᠳᠠᠵᠤ ᠲᠡᠰᠬᠦ ᠠᠷᠭ᠎ᠠ ᠦᠭᠡᠢ ᠡᠪᠡᠳᠬᠦ ᠰᠢᠭ ᠪᠣᠯᠪᠠ᠃ ᠲᠡᠭᠦᠨ ᠦ᠌ ᠪᠡᠶ᠎ᠡ ᠶ᠋ᠢ ᠬᠡᠳᠦᠨ ᠬᠡᠰᠡᠭ ᠬᠢᠷᠥᠭᠡᠳᠡᠭᠡᠳ ᠳᠠᠷᠠᠭ᠎ᠠ ᠨᠢ ᠳᠠᠬᠢᠨ ᠡᠪᠯᠡᠭᠦᠯᠵᠦ ᠬᠠᠭᠤᠴᠢᠨ ᠬᠡᠪ ᠲᠦ᠍ ᠣᠷᠣᠭᠤᠯᠪᠠ᠃ ᠲᠡᠭᠡᠭᠡᠳ ᠤᠯᠠᠮ ᠶᠡᠬᠡ ᠪᠡᠷ ᠲᠠᠷᠴᠢᠯᠠᠭᠠᠨ ᠵᠣᠪᠠᠭᠠᠬᠤ ᠶ᠋ᠢᠨ ᠲᠤᠯᠠᠳᠠ ᠳᠠᠬᠢᠭᠠᠳ ᠯᠠ ᠬᠢᠷᠦᠭᠡᠳᠡᠵᠦ ᠡᠬᠢᠯᠡᠪᠡ᠃  ᠰᠠᠩᠵᠢ ᠭᠠᠰᠠᠯᠤᠨ ᠴᠢᠷᠠᠯᠠᠵᠤ᠂ ᠪᠣᠰᠤᠨ ᠬᠠᠷᠠᠢᠬᠤ ᠶ᠋ᠢ ᠣᠷᠣᠯᠳᠤᠭᠰᠠᠨ ᠪᠣᠯᠪᠠᠴᠤ ᠪᠦᠲᠦᠭᠰᠡᠨ ᠦᠭᠡᠢ᠃ ᠬᠥᠯ ᠢ᠋ ᠨᠢ ᠳᠠᠭᠠᠷᠢᠨ ᠬᠠᠶᠠᠯ᠎ᠠ᠃ ᠭᠠᠷ ᠢ᠋ ᠨᠢ ᠬᠢᠷᠦᠭᠡᠳᠡᠵᠦ ᠡᠬᠢᠯᠡᠪᠡ᠃ 《ᠬᠠᠯᠠᠭᠤᠨ᠂ ᠬᠦᠢᠲᠡᠨ ᠬᠣᠶᠠᠷ ᠲᠠᠮᠤ ᠪᠡᠷ ᠠᠯᠢ ᠠᠯᠢᠨ ᠢ᠋ᠶ᠋ᠠᠷ ᠳᠠᠮᠵᠢᠭᠤᠯᠵᠤ ᠠᠷᠪᠠᠨ ᠵᠢᠷᠭᠤᠭᠠᠨ ᠶᠠᠩᠵᠤ ᠶ᠋ᠢᠨ ᠴᠡᠭᠡᠷᠯᠡᠯ ᠦᠵᠡᠪᠡᠯ ᠵᠣᠬᠢᠨ᠎ᠠ》 ᠭᠡᠵᠦ ᠡᠷᠯᠢᠭ ᠦ᠋ᠨ ᠬᠢᠷᠥᠭᠡᠴᠢᠨ ᠬᠡᠯᠡᠵᠦ ᠪᠠᠢᠬᠤ ᠶ᠋ᠢ ᠰᠠᠩᠵᠢ ᠲᠣᠳᠣᠬᠠᠨ ᠰᠣᠨᠣᠰᠴᠠᠢ᠃ ᠬᠠᠯᠠᠭᠤᠨ᠂ ᠬᠦᠢᠲᠡᠨ ᠨᠡᠢᠯᠡᠭᠰᠡᠨ ᠠᠷᠪᠠᠨ ᠵᠢᠷᠭᠤᠭᠠᠨ ᠲᠠᠮᠤ ᠳ᠋ᠤ᠌ ᠨᠢᠭᠦᠯᠲᠦ ᠬᠥᠮᠦᠰ ᠬᠣᠢᠲᠤ ᠨᠠᠰᠤᠨ ᠳ᠋ᠠᠭᠠᠨ ᠴᠡᠭᠡᠷᠯᠡᠯ ᠦᠵᠡᠵᠦ ᠲᠠᠷᠴᠢᠯᠠᠨ ᠵᠣᠪᠠᠳᠠᠭ ᠶᠤᠮ ᠭᠡᠳᠡᠭ ᠢ᠋ ᠰᠠᠩᠵᠢ ᠭᠡᠰᠦᠯ ᠳ᠋ᠦ᠍ ᠪᠠᠷᠤᠭ ᠯᠠ ᠪᠤᠷᠬᠠᠨ ᠤ᠋ ᠨᠣᠮ ᠵᠢᠭᠠᠬᠤ ᠠ᠋ᠴᠠ ᠪᠠᠨ ᠡᠮᠦᠨ᠎ᠡ ᠯᠠᠮᠠ ᠪᠠᠭᠰᠢ ᠨᠠᠷ ᠨᠢ ᠰᠤᠷᠭᠠᠨ ᠨᠣᠮᠯᠠᠵᠤ ᠪᠢᠯᠡ᠃ ᠲᠡᠷᠡ ᠯᠠ ᠶᠣᠰᠣᠭᠠᠷ ᠲᠠᠮᠤ ᠶ᠋ᠢᠨ ᠪᠦᠬᠦᠢ ᠯᠡ ᠣᠷᠣᠨ ᠨᠤᠭᠤᠳ ᠨᠢᠳᠦᠨ ᠤ ᠨᠢ ᠡᠮᠦᠨ᠎ᠡ ᠢᠷᠠᠢᠵᠤ ᠦᠵᠡᠭᠳᠡᠪᠡ᠃
       - ᠲᠡᠮᠦᠷ ᠥᠷᠭᠡᠰᠦᠨ ᠳᠡᠭᠡᠷ᠎ᠡ ᠬᠥᠪᠰᠢᠬᠦ ᠲᠠᠮᠤ ᠳ᠋ᠤ᠌ ᠡᠭᠦᠨ ᠢ᠋ ᠣᠳᠣ ᠠᠪᠠᠴᠢ ᠭᠡᠵᠦ ᠲᠠᠮᠤᠯᠠᠭᠴᠢᠳ ᠤᠨ ᠨᠢᠭᠡ ᠨᠢ ᠬᠡᠯᠡᠬᠦ ᠰᠢᠭ ᠪᠣᠯᠪᠠ᠃  ᠰᠠᠩᠵᠢ ᠭᠡᠰᠦᠯ ᠠᠶᠤᠨ ᠪᠠᠯᠮᠠᠭᠳᠠᠵᠤ᠂ ᠰᠠᠷᠪᠠᠯᠵᠠᠨ ᠴᠢᠷᠭᠠᠭᠤᠴᠠᠯᠳᠤᠯ᠎ᠠ᠃ ᠭᠡᠪᠡᠴᠦ ᠲᠤᠰᠠ ᠪᠣᠯᠤᠭᠰᠠᠨ ᠦᠭᠡᠢ᠃ ᠵᠠᠷᠠᠭᠠᠨ ᠤ᠋ ᠦᠰᠦ ᠰᠢᠭ ᠠᠷᠵᠠᠢᠭ᠍ᠰᠠᠨ ᠲᠡᠮᠦᠷ ᠥᠷᠭᠡᠰᠦ ᠲᠡᠢ ᠬᠠᠪᠲᠠᠭᠠᠢ ᠪᠠᠨᠲᠠᠩ ᠳᠡᠭᠡᠷ᠎ᠡ ᠲᠡᠭᠦᠨ ᠢ᠋ ᠨᠢᠴᠦᠭᠦᠨ ᠪᠡᠶ᠎ᠡ ᠪᠡᠷ ᠨᠢ ᠴᠢᠯᠠᠭᠤᠳᠠᠪᠠ᠃ ᠬᠠᠪᠢᠷᠭ᠎ᠠ ᠰᠦᠪᠡᠷᠭᠡ ᠪᠡᠷ ᠨᠢ ᠲᠡᠮᠦᠷ ᠥᠷᠭᠡᠰᠦ ᠨᠡᠪᠲᠡ ᠨᠡᠪᠲᠡ ᠬᠠᠳᠬᠤᠨ ᠣᠷᠣᠯ᠎ᠠ᠃ ᠲᠡᠭᠡᠳᠡᠯ ᠎ᠡ ᠲᠠᠮᠤᠯᠠᠭᠴᠢ ᠤᠯᠠᠢᠳᠠᠮᠠᠯ ᠲᠡᠮᠦᠷ ᠰᠢᠯᠪᠢᠭᠦᠷ ᠢ᠋ᠶ᠋ᠡᠷ ᠢ᠋ᠶ᠋ᠡᠨ ᠰᠠᠩᠵᠢ ᠵᠢ ᠣᠷᠢᠶᠠᠯᠭᠠᠵᠤ ᠡᠬᠢᠯᠡᠪᠡ᠃ ᠣᠷᠢᠶᠠᠯᠭᠠᠬᠤ ᠲᠣᠰᠤᠮ ᠲᠡᠮᠦᠷ ᠥᠷᠭᠡᠰᠦ ᠨᠦ᠍ᠭᠦᠳ ᠪᠡᠶᠡᠨ ᠳ᠋ᠦ᠍ ᠤᠯᠠᠮ ᠯᠠᠪ ᠣᠷᠣᠵᠤ᠂ ᠲᠡᠰᠬᠦᠶ᠎ᠡ ᠪᠡᠷᠬᠡ ᠡᠪᠡᠳᠬᠡᠵᠦ ᠪᠠᠢᠯ᠎ᠠ᠃
       - ᠥᠷᠥᠰᠢᠶᠡᠭᠡᠴᠢ ᠨᠠᠮᠠᠶ᠋ᠢ ᠪᠠᠨ! ᠭᠡᠵᠦ ᠰᠠᠩᠵᠢ ᠭᠤᠶᠤᠬᠤ ᠭᠡᠲᠡᠯ᠎ᠡ ᠬᠣᠭᠣᠯᠠᠢ ᠲᠠᠭ᠃ ᠲᠡᠭᠡᠲᠡᠯ᠎ᠡ ᠲᠡᠮᠦᠷ ᠰᠢᠯᠪᠢᠭᠦᠷ ᠢ᠋ᠶ᠋ᠡᠷ ᠣᠷᠢᠶᠠᠯᠭᠠᠭᠴᠢ ᠬᠥᠮᠦᠨ ᠨᠢ ᠨᠢᠭᠡ  ᠵᠢᠩᠳᠠᠭᠠᠨ ᠤ ᠨᠥᠬᠥᠷ ᠠᠨᠳᠤᠤ ᠶ᠋ᠢᠨ ᠫᠠᠭᠰᠠᠩ ᠪᠠᠢᠬᠤ ᠶ᠋ᠢ ᠰᠠᠩᠵᠢ ᠨᠢᠭᠤᠷ᠎ ᠢᠶᠠᠷ ᠨᠢ ᠲᠠᠨᠢᠯ᠎ᠠ᠃  ᠰᠠᠩᠵᠢ ᠪᠦᠷ ᠴᠤ᠌ ᠠᠶᠤᠵᠤ:
       -  ᠫᠠᠭᠰᠠᠩ ᠮᠢᠨᠢ᠂  ᠨᠠᠮᠠᠶ᠋ᠢ ᠪᠠᠨ ᠥᠷᠥᠰᠢᠶᠡᠭᠡᠴᠢ! ᠪᠢ ᠴᠢᠮ᠎ᠠ ᠳ᠋ᠤ᠌ ᠮᠠᠭᠤ ᠶᠠᠭᠤᠮ᠎ᠠ ᠬᠢᠭᠡ ᠦᠭᠡᠢ ᠰᠢᠦ ᠳ᠋ᠡ ᠭᠡᠵᠦ ᠭᠤᠶᠤᠬᠤ ᠶ᠋ᠢ ᠵᠠᠪᠳᠤᠪᠠ᠃ ᠲᠡᠭᠡᠲᠡᠯ᠎ᠡ ᠰᠠᠩᠵᠢ ᠵᠢ ᠲᠡᠮᠦᠷ ᠥᠷᠭᠡᠰᠦᠲᠦ ᠪᠠᠨᠲᠠᠩ ᠠ᠋ᠴᠠ ᠤᠭᠵᠠ ᠲᠠᠲᠠᠨ ᠰᠠᠯᠭᠠᠵᠤ ᠠᠪᠤᠭᠠᠳ ᠥᠭᠡᠷ᠎ᠡ ᠨᠢᠭᠡ ᠬᠠᠪᠲᠠᠭᠠᠢ ᠲᠠᠨᠵᠠᠨ ᠳᠡᠭᠡᠷ᠎ᠡ ᠬᠠᠶᠠᠵᠤ ᠳᠥᠷᠪᠡᠨ ᠮᠥᠴᠢ ᠶᠢ ᠳᠥᠷᠪᠡᠨ ᠲᠡᠰᠢ ᠲᠡᠯᠡᠭᠦᠷᠳᠡᠨ ᠬᠠᠳᠠᠯ᠎ᠠ᠃ ᠭᠠᠷ ᠤ᠋ᠨ ᠰᠠᠷᠪᠠᠭᠤ ᠶ᠋ᠢ ᠨᠤᠵᠢᠭᠠᠨᠠᠲᠠᠯ᠎ᠠ ᠨᠢ ᠨᠡᠪᠲᠡ ᠬᠠᠳᠠᠬᠤ ᠳ᠋ᠤ᠌ ᠮᠥᠨ ᠯᠡ ᠲᠡᠰᠪᠦᠷᠢᠯᠡᠰᠢ ᠦᠭᠡᠢ ᠶᠡᠬᠡ ᠡᠪᠡᠳᠪᠡ᠃
       - ᠣᠳᠣ ᠲᠥᠭᠡᠨᠡᠭᠦᠷ ᠠᠪᠤᠭᠠᠳ ᠢᠷ᠎ᠡ! ᠡᠭᠦᠨ ᠢ᠋ ᠲᠠᠯ᠎ᠠ ᠪᠦᠷᠢ ᠡᠴᠡ ᠨᠢ ᠲᠥᠭᠡᠨᠡ ᠭᠡᠵᠦ  ᠫᠠᠭᠰᠠᠩ ᠬᠠᠰᠬᠢᠷᠬᠤ ᠶ᠋ᠢ ᠰᠠᠩᠵᠢ ᠰᠣᠨᠣᠰᠤᠭᠠᠳ ᠤᠬᠢᠯᠠᠩᠨᠠᠨ ᠴᠢᠷᠠᠯᠠᠪᠠ᠃ ᠲᠡᠭᠡᠲᠡᠯ᠎ᠡ:
       - ᠬᠥᠭᠡᠷᠦᠬᠦᠢ ᠶ᠋ᠢ ᠶᠠᠭᠠᠬᠢᠬᠤ ᠨᠢ ᠪᠣᠢ? ᠪᠢᠲᠡᠭᠡᠢ ᠲᠥᠭᠡᠨᠡᠭᠡᠴᠢ! ᠭᠡᠵᠦ ᠨᠢᠭᠡ ᠲᠠᠨᠢᠯ ᠳᠠᠭᠤ ᠲᠠᠢ ᠬᠦᠮᠦᠨ ᠬᠡᠯᠡᠬᠦ ᠰᠣᠨᠣᠰᠳᠠᠪᠠ᠃ ᠠᠵᠢᠨ ᠬᠠᠷᠠᠪᠠᠯ ᠢᠨᠢᠶᠡᠪᠬᠢᠯᠡᠭᠰᠡᠨ ᠴᠢᠷᠠᠢ ᠲᠠᠢ ᠴᠣᠭᠰᠣᠩ ᠵᠣᠭᠰᠣᠵᠤ ᠪᠠᠢᠯ᠎ᠠ᠃  ᠰᠠᠩᠵᠢ ᠲᠡᠭᠦᠨ ᠤᠷᠤᠭᠤ ᠲᠡᠮᠡᠦᠯᠲᠡᠯ᠎ᠡ᠂
       - ᠰᠡᠷᠢ᠂ᠰᠡᠷᠢ! ᠵᠦᠭᠡᠷ᠂ ᠵᠦᠭᠡᠷ! ᠭᠡᠵᠦ  ᠴᠣᠭᠰᠣᠩ ᠬᠡᠯᠡᠬᠦ ᠰᠢᠭ ᠪᠣᠯᠤᠭᠠᠳ ᠠᠶᠤᠯᠲᠤ ᠵᠡᠭᠦᠳᠦ ᠨᠣᠢᠷ ᠠ᠋ᠴᠠ ᠪᠠᠨ ᠰᠠᠩᠵᠢ ᠠᠷᠠᠢᠬᠠᠨ ᠰᠠᠯᠵᠤ ᠰᠡᠷᠡᠯ᠎ᠡ᠃
       -  ᠶᠠᠭᠠᠬᠢᠭ᠍ᠰᠠᠨ ᠶᠡᠬᠡ ᠵᠡᠭᠦᠳᠦᠯᠡᠨ᠎ᠡ ᠪᠣᠢ?  ᠷᠤᠩᠬᠠᠨ ᠳᠣᠲᠣᠷ᠎ᠠ ᠳᠤᠭᠤᠯᠳᠠᠭᠠᠳ ᠴᠣᠴᠢᠭᠠᠴᠢᠬᠠᠯ᠎ᠠ ᠭᠡᠵᠦ ᠪᠡᠷᠢᠮᠦᠭ ᠡᠮᠡᠭᠡᠨ ᠭᠠᠯ ᠵᠤᠤᠬᠠᠨ ᠠ᠋ᠴᠠ ᠭᠠᠷᠴᠤ ᠢᠷᠡᠭᠡᠳ ᠰᠠᠩᠵᠢ ᠵᠢ ᠰᠡᠷᠢᠭᠡᠭᠰᠡᠨ ᠪᠣᠯᠬᠤ ᠵᠢ ᠰᠠᠶᠢ ᠯᠠ ᠤᠬᠠᠭᠠᠷᠠᠯ᠎ᠠ᠃
       - ᠮᠠᠭᠤᠬᠠᠢ ᠲᠠᠮᠤ ᠳ᠋ᠤ᠌ ᠤᠨᠠᠵᠤ ᠪᠠᠢᠨ᠎ᠠ ᠭᠡᠵᠦ ᠵᠡᠭᠦᠳᠦᠯᠡᠯ᠎ᠡ ᠰᠢᠦ!  ᠭᠡᠵᠦ ᠰᠠᠩᠵᠢ ᠳᠤᠬᠤᠨ ᠤ᠋ ᠪᠠᠨ ᠬᠥᠯᠥᠰᠥ ᠶ᠋ᠢ ᠠᠷᠴᠢᠨ ᠬᠡᠯᠡᠬᠦ ᠳ᠋ᠦ᠍ ᠪᠡᠷᠢᠮᠦᠭ ᠡᠮᠡᠭᠡᠨ:
       - ᠵᠠᠬ᠎ᠠ ᠪᠠᠷ  ᠶᠤᠮ ᠤᠤ ᠣᠯᠠᠨ ᠬᠥᠮᠦᠨ ᠦ ᠭᠠᠵᠠᠷ ᠢ᠋ᠶ᠋ᠠᠷ ᠲᠡᠨᠦᠭᠰᠡᠨ ᠬᠣᠢᠨ᠎ᠠ ᠵᠡᠭᠦᠳᠦᠯᠡᠯ ᠦᠭᠡᠢ  ᠶᠠᠭᠠᠬᠢᠬᠤ ᠪᠤᠢ᠃ ᠡᠯᠳᠡᠪ ᠮᠠᠭᠤ ᠶᠠᠭᠤᠮ᠎ᠠ ᠬᠠᠷᠠᠭ᠎ᠠ ᠪᠢᠵᠡ᠃ ᠲᠡᠭᠡᠭᠡᠳ ᠲᠡᠭᠦᠨ ᠢ᠋ ᠪᠡᠨ ᠨᠣᠢᠷ ᠳᠤᠮᠳᠠ ᠪᠠᠨ ᠦᠵᠡᠵᠦ ᠯᠠ ᠲᠠᠭᠠᠷᠠᠨ᠎ᠠ ᠭᠡᠪᠡ᠃ ᠡᠮᠡᠭᠡᠨ ᠭᠣᠣᠯ ᠢ ᠨᠢ ᠣᠯᠤᠭᠠᠳ ᠬᠡᠯᠡᠴᠢᠬᠡᠵᠡᠢ᠃《ᠨᠡᠭᠡᠷᠡᠨ ᠵᠡᠯᠰᠡᠩ ᠵᠢᠨᠵᠦᠭ ᠢ᠋ ᠳᠠᠭᠠᠵᠤ ᠵᠠᠬ᠎ᠠ ᠳᠡᠭᠡᠭᠦᠷ ᠲᠡᠨᠦᠭᠦᠯᠴᠢᠯᠡᠭᠰᠡᠨ ᠡᠴᠡ ᠯᠠ ᠡᠢᠮᠦ ᠶᠠᠭᠤᠮ᠎ᠠ ᠵᠡᠭᠦᠳᠦᠯᠡᠯ᠎ᠡ᠃ ᠳᠠᠬᠢᠵᠤ  ᠲᠡᠢᠨ ᠬᠦ᠌ ᠲᠡᠨᠦᠭᠦᠴᠢᠯᠡᠬᠦ ᠪᠠᠨ ᠯᠠ ᠪᠣᠯᠢᠶ᠎ᠠ》 ᠭᠡᠵᠦ ᠰᠠᠩᠵᠢ ᠭᠡᠰᠦᠯ ᠪᠣᠳᠣᠭᠠᠳ ᠨᠢᠭᠤᠷ ᠭᠠᠷ ᠢ᠋ᠶ᠋ᠠᠨ ᠤᠬᠢᠶᠠᠬᠤ ᠵᠠᠭᠤᠷ᠎ᠠ ᠰᠥᠨᠢ ᠪᠠᠰᠠ ᠥᠭᠡᠷ᠎ᠡ ᠨᠢᠭᠡᠨ ᠴᠢᠬᠤᠯᠠ ᠶᠠᠭᠤᠮ᠎ᠠ ᠪᠣᠳᠣᠵᠤ ᠪᠠᠢᠭ᠍ᠰᠠᠨ ᠢ᠋ᠶ᠋ᠠᠨ ᠰᠡᠷᠭᠦᠭᠡᠨ ᠰᠠᠨᠠᠯ᠎ᠠ᠃ ᠭᠤᠷᠪᠠᠨ ᠠᠢᠮᠠᠭ ᠰᠠᠪᠠ ᠤᠬᠠᠭᠠᠨ ᠢ᠋ ᠰᠢᠯᠭᠠᠭᠤᠯᠵᠤ ᠰᠢᠭᠤᠳ ᠬᠡᠪᠰᠢ ᠪᠣᠯᠵᠤ ᠴᠠᠭ ᠢ᠋ ᠲᠣᠪᠴᠢᠯᠠᠬᠤ ᠶ᠋ᠢ ᠬᠦᠰᠡᠵᠦ ᠪᠠᠢᠭ᠍ᠰᠠᠨ ᠢ᠋ᠶ᠋ᠠᠨ ᠡᠷᠭᠢᠨ ᠪᠣᠳᠣᠵᠤ ᠥᠨᠥᠳᠥᠷ ᠯᠠ ᠥᠷᠯᠥᠭᠡᠨ ᠡᠴᠡ ᠡᠬᠢᠯᠡᠨ ᠡᠨᠡ ᠲᠤᠬᠠᠢ ᠰᠢᠷᠡᠭᠡᠲᠦ ᠯᠠᠮᠠ ᠠ᠋ᠴᠠ ᠭᠤᠶᠤᠬᠤ ᠪᠠᠷ ᠰᠢᠢᠳᠦᠭᠡᠳ ᠰᠠᠩᠵᠢ ᠭᠡᠰᠦᠯ ᠲᠦᠷᠭᠡᠨ ᠵᠠᠭᠤᠷ᠎ᠠ ᠥᠷᠯᠥᠭᠡᠨ ᠦ᠌ ᠴᠠᠢ ᠶ᠋ᠢ ᠪᠡᠨ ᠤᠤᠭᠤᠯ᠎ᠠ᠃ ᠴᠣᠬᠣᠮ ᠶᠠᠮᠠᠷ ᠶᠠᠮᠠᠷ ᠰᠢᠯᠭᠠᠯᠲᠠ ᠥᠭᠬᠦ ᠪᠢᠯᠡ ᠭᠡᠵᠦ ᠡᠷᠭᠢᠴᠡᠭᠦᠯᠦᠨ ᠪᠣᠳᠣᠯ᠎ᠠ᠃《ᠨᠠᠮᠳᠡᠯ ᠦ᠋ᠨ ᠰᠠᠪᠠ ᠠ᠋ᠴᠠ ᠬᠠᠳᠠᠭ᠂ ᠵᠤᠮᠪᠷᠠᠢ ᠪᠤᠶᠤ ᠰᠢᠯᠲᠠᠭᠠᠨ ᠤ᠋ ᠦᠷ᠎ᠡ᠂  ᠰᠢᠲᠦᠪ ᠢ  ᠥᠭᠴᠢᠬᠡᠭᠰᠡᠨ᠃ ᠫᠠᠷᠴᠢᠩ ᠤ᠋ᠨ ᠲᠠᠪᠤᠨ ᠠᠢᠮᠠᠭ ᠰᠠᠪᠠ᠂ ᠣᠮ ᠤ᠋ᠨ ᠬᠣᠶᠠᠷ᠂ ᠵᠣᠳ᠋  ᠤ᠋ᠨ ᠬᠣᠶᠠᠷ ᠠᠢᠮᠠᠭ ᠰᠠᠪᠠ ᠶ᠋ᠢᠨ ᠰᠢᠯᠭᠠᠯᠲᠠ ᠥᠭᠬᠦ ᠦᠯᠡᠳᠡᠭᠰᠡᠨ ᠶᠦᠮ ᠪᠠᠢᠨ᠎ᠠ᠃  ᠳ᠋ᠣᠨ  -  ᠳ᠋ᠣᠨ  - ᠵᠣ ᠴᠤᠩᠰᠠᠷ - ᠤᠭ᠂ ᠴᠤᠩᠰᠠᠷ ᠭᠣᠩ᠂  ᠭᠠᠪᠳᠠᠭᠪᠤ ᠁ ᠵᠠ ᠶᠡᠷᠦ ᠨᠢ ᠭᠠᠢᠭᠤᠢ ᠶᠤᠮ ᠰᠢᠭ ᠪᠣᠢ ᠳᠠ᠃ ᠥᠨᠥᠳᠥᠷ ᠵᠥᠪᠰᠢᠶᠡᠷᠡᠭᠦᠯᠦᠭᠡᠳ ᠠᠪᠤᠪᠠᠯ ᠮᠠᠷᠭᠠᠰᠢ ᠠ᠋ᠴᠠ ᠡᠬᠢᠯᠡᠭᠡᠳ ᠰᠢᠯᠭᠠᠭᠤᠯᠤᠶ᠎ᠠ》 ᠭᠡᠵᠦ ᠰᠠᠩᠵᠢ ᠰᠢᠢᠳᠦᠯ᠎ᠡ᠃
      ᠁ ᠰᠢᠷᠡᠭᠡᠲᠦ ᠯᠠᠮᠠ ᠰᠠᠩᠵᠢ ᠭᠡᠰᠦᠯ ᠦ᠋ᠨ ᠭᠤᠶᠤᠯᠲᠠ ᠶ᠋ᠢ ᠬᠠᠢᠬᠤᠷᠤᠮᠵᠢ ᠦᠭᠡᠢ ᠬᠦᠢᠲᠡᠨ ᠢ᠋ᠶ᠋ᠡᠷ ᠤᠭᠲᠤᠯ᠎ᠠ᠃ ᠲᠡᠷᠡ ᠠᠩᠬᠠᠨ ᠠ᠋ᠴᠠ ᠪᠠᠨ ᠰᠠᠩᠵᠢ ᠭᠡᠰᠦᠯ ᠳ᠋ᠦ᠍ ᠲᠠᠯ᠎ᠠ ᠦᠭᠡᠢ ᠪᠠᠢᠭ᠍ᠰᠠᠨ ᠶᠣᠰᠣᠭᠠᠷ ᠢ᠋ᠶ᠋ᠠᠨ ᠲᠡᠭᠦᠨ ᠦ᠌ ᠭᠤᠶᠤᠯᠲᠠ ᠶᠢ ᠳᠡᠮᠡᠢ ᠲᠥᠷᠬᠦ ᠦᠭᠡᠢᠲᠡᠭᠰᠡᠨ ᠶᠠᠪᠤᠳᠠᠯ ᠭᠡᠵᠦ ᠦᠵᠡᠪᠡ
       -  ᠵᠢᠩᠳᠠᠭ᠎ᠠ ᠠᠯᠭᠠᠰᠠᠵᠤ ᠶᠠᠪᠤᠳᠠᠭ ᠶᠣᠰᠣ  ᠪᠠᠢᠬᠤ ᠦᠭᠡᠢ᠃ ᠦᠭᠡ ᠳᠠᠭᠤᠨ ᠦᠭᠡᠢ ᠯᠡ ᠶᠠᠪᠤᠬᠤ ᠶᠣᠰᠣᠲᠠᠢ ᠵᠠᠮ ᠢ᠋ᠶ᠋ᠠᠷ ᠢ᠋ᠶ᠋ᠠᠨ ᠶᠠᠪᠤ ᠭᠡᠵᠦ ᠰᠢᠷᠡᠭᠡᠲᠦ ᠯᠠᠮᠠ ᠬᠠᠷᠢᠭᠤ ᠠᠢᠯᠠᠳᠴᠠᠢ᠃
       - ᠲᠡᠭᠡᠪᠡᠯ ᠨᠠᠮᠠᠶ᠋ᠢ ᠭᠠᠩᠯᠢᠩᠴᠢ ᠪᠣᠯᠬᠤ ᠠ᠋ᠴᠠ ᠴᠢᠯᠥᠭᠡᠯᠡᠵᠦ ᠥᠭᠭᠦᠭᠡᠴᠢ! ᠭᠡᠵᠦ ᠰᠠᠩᠵᠢ ᠬᠠᠷᠢᠭᠤ ᠰᠥᠷᠭᠡᠦᠯᠡᠨ ᠭᠤᠶᠤᠯ᠎ᠠ᠃ ᠲᠡᠷᠡ ᠭᠤᠶᠤᠯᠲᠠ ᠳ᠋ᠤ᠌ ᠲᠠᠲᠠᠭᠠᠯᠵᠠᠬᠤ ᠠ᠋ᠴᠠ ᠰᠢᠷᠡᠭᠡᠲᠦ ᠯᠠᠮᠠ ᠨᠡᠷᠡᠯᠬᠢᠭᠰᠡᠨ ᠪᠣᠯᠤᠯᠲᠠᠢ:
       - ᠵᠢᠩᠳᠠᠭᠠᠨ ᠤ᠋ ᠬᠢᠨ ᠳᠣᠲᠣᠷ᠎ᠠ ᠴᠢᠨᠢ ᠭᠠᠩᠯᠢᠩᠴᠢ ᠪᠣᠯᠬᠤ ᠳᠤᠷᠠᠲᠠᠢ ᠥᠭᠡᠷ᠎ᠡ ᠬᠥᠮᠦᠨ ᠪᠠᠢᠪᠠᠯ ᠲᠡᠭᠦᠨ ᠲᠡᠢ ᠬᠣᠭᠣᠷᠣᠨᠳᠣ ᠪᠠᠨ ᠲᠣᠬᠢᠷᠠᠵᠤ ᠪᠣᠯᠤᠨ᠎ᠠ ᠪᠢᠵᠡ᠃ ᠭᠡᠬᠦ ᠳ᠋ᠡᠭᠡᠨ ᠵᠢᠨᠵᠦᠭ  ᠵᠡᠯᠰᠡᠩ ᠰᠢᠢᠳᠦᠨ᠎ᠡ ᠪᠠᠢᠬᠤ ᠭᠡᠵᠦ ᠰᠢᠷᠡᠭᠡᠲᠦ ᠯᠠᠮᠠ ᠬᠡᠯᠡᠵᠡᠢ᠃ 
       ᠵᠢᠩᠵᠸ ᠯᠠᠮᠠ ᠵᠡᠯᠰᠡᠩ ᠳᠤᠭᠤᠯᠭᠠᠪᠤᠷᠢ ᠲᠠᠢ᠂ ᠪᠠᠰᠠ ᠲᠡᠭᠡᠭᠡᠳ ᠰᠣᠨᠢᠭᠤᠴᠢ ᠰᠠᠩᠵᠢ ᠠ᠋ᠴᠠ ᠰᠠᠯᠬᠤ ᠳᠤᠷ᠎ᠠ ᠦᠭᠡᠢ ᠪᠠᠢᠯ᠎ᠠ᠃ ᠭᠡᠪᠡᠴᠦ ᠰᠠᠩᠵᠢ ᠲᠡᠭᠦᠨ ᠳ᠋ᠦ᠍ ᠬᠠᠮᠤᠭ ᠪᠠᠢᠳᠠᠭ ᠢ᠋ᠶ᠋ᠠᠷ ᠢ᠋ᠶ᠋ᠠᠨ ᠤᠴᠢᠷᠯᠠᠨ ᠶᠠᠷᠢᠵᠤ ᠡᠴᠦᠰ ᠲᠦ᠋ᠨᠢ ᠪᠦᠷ ᠱᠠᠯ ᠎ᠳᠠᠭᠠᠨ ᠪᠠᠭᠤᠭᠠᠳ ᠰᠥᠨᠢ ᠶ᠋ᠢᠨ ᠢ᠋ᠶ᠋ᠡᠨ ᠵᠡᠭᠦᠳᠦ ᠶ᠋ᠢ ᠶᠠᠷᠢᠪᠠ᠃
       - ᠬᠠ ᠬᠠ ᠬᠠ! ᠭᠡᠵᠦ ᠵᠡᠯᠰᠡᠩ ᠭᠤᠷᠪᠠ ᠨᠤᠭᠤᠷᠠᠨ ᠤᠲᠠᠲᠠᠯ᠎ᠠ ᠬᠦᠬᠦᠷᠡᠵᠦ ᠳᠣᠭᠣᠭᠢᠯᠠᠵᠤ  ᠪᠠᠢᠭ᠍ᠰᠠᠨ ᠢ᠋ᠶ᠋ᠠᠨ᠄
       - ᠵᠠ ᠵᠠ! ᠦᠨᠡᠬᠡᠷ ᠴᠢᠨᠦ ᠰᠡᠳᠬᠢᠯ ᠮᠣᠷᠣᠢᠭ᠍ᠰᠠᠨ ᠪᠠᠢᠨ᠎ᠠ᠃  ᠵᠢᠩᠳᠠᠭᠠᠨ ᠤ᠋ ᠬᠢᠨ ᠡᠴᠡ ᠪᠡᠨ ᠬᠡᠨ ᠨᠢᠭᠡ ᠶ᠋ᠢ ᠢᠳᠬᠠᠵᠤ ᠣᠷᠣᠨ ᠳ᠋ᠠᠭᠠᠨ ᠥᠭᠪᠡᠯ ᠪᠢ ᠴᠢᠯᠥᠭᠡᠯᠡᠶ᠎ᠡ᠃ ᠬᠣᠪᠣᠭᠰᠠᠢᠷ ᠤ᠋ᠨ ᠲᠣᠷᠭᠤᠳ ᠪᠠᠯᠲᠠ ᠶ᠋ᠢ ᠢᠳᠬᠠᠭᠠᠳ ᠦᠵᠡ! ᠭᠡᠵᠦ ᠬᠡᠯᠡᠭᠰᠡᠨ ᠢ᠋ᠶ᠋ᠡᠷ ᠲᠡᠳᠡ ᠶᠠᠷᠢᠶ᠎ᠠ ᠲᠣᠬᠢᠷᠠᠪᠠ᠃ ᠬᠣᠪᠣᠭᠰᠠᠢᠷ ᠤ᠋ᠨ ᠲᠣᠷᠭᠤᠳ ᠪᠠᠯᠲᠠ ᠶ᠋ᠢ ᠰᠠᠩᠵᠢ ᠭᠡᠰᠦᠯ ᠥᠪᠡᠷ ᠦ᠋ᠨ ᠣᠷᠣᠨ ᠳ᠋ᠤ᠌ ᠭᠠᠩᠯᠢᠩᠴᠢ ᠪᠣᠯᠭᠠᠬᠤ ᠪᠠᠷ ᠢᠳᠬᠠᠭᠰᠠᠨ ᠳ᠋ᠤ᠌ ᠲᠡᠷᠡ ᠮᠠᠰᠢ ᠳᠤᠷᠠᠲᠠᠢ ᠵᠥᠪᠰᠢᠶᠡᠷᠡᠪᠡ᠃
       - ᠨᠣᠮ ᠴᠡᠭᠡᠵᠢᠯᠡᠬᠦ ᠪᠡᠷ ᠶᠠᠳᠠᠷᠠᠭᠠᠳ ᠪᠠᠢᠬᠤ ᠶᠤᠮ᠃ ᠭᠠᠩᠯᠢᠩᠴᠢ ᠪᠣᠯᠪᠠᠯ ᠳᠡᠭᠡᠷ᠎ᠡ ᠪᠠᠢᠬ᠎ᠠ! ᠭᠡᠵᠦ ᠲᠡᠷᠡ ᠬᠡᠯᠡᠵᠡᠢ᠃ ᠡᠨᠡ ᠦᠭᠡ ᠰᠠᠩᠵᠢ ᠳ᠋ᠤ᠌ ᠪᠥᠭᠡᠮ ᠣᠯᠵᠠ ᠪᠠᠢᠯ᠎ᠠ᠃ 
       ᠲᠡᠢᠨ ᠬᠦ᠌  ᠰᠠᠩᠵᠢ ᠭᠠᠩᠯᠢᠩᠴᠢ ᠶ᠋ᠢᠨ ᠵᠣᠪᠠᠯᠠᠩᠲᠤ ᠠᠵᠢᠯ ᠠ᠋ᠴᠠ ᠰᠠᠯᠵᠤ ᠵᠥᠪᠬᠡᠨ ᠪᠢᠰᠢᠯᠭᠠᠬᠤ ᠨᠣᠮ ᠤ᠋ᠨ ᠮᠥᠷ ᠬᠥᠭᠡᠭᠡᠬᠦ ᠪᠣᠯᠪᠠ᠃ ᠣᠯᠠᠨ ᠳᠠᠬᠢᠨ ᠭᠣᠶᠣᠭᠰᠠᠭᠠᠷ ᠪᠠᠢᠲᠠᠯ᠎ᠠ ᠨᠢᠭᠡ ᠡᠳᠦᠷ ᠰᠢᠷᠡᠭᠡᠲᠦ ᠯᠠᠮᠠ ᠶ᠋ᠢᠨ ᠰᠠᠢᠨ ᠳᠤᠷ᠎ᠠ ᠬᠥᠳᠡᠯᠵᠦ ᠴᠢᠨᠠᠲᠤ ( ᠪᠡᠯᠭᠡ ᠴᠢᠨᠠᠷ ᠤ᠋ᠨ)  ᠶ᠋ᠢᠨ ᠨᠣᠮ ᠳ᠋ᠤ᠌ ᠴᠣᠭᠣᠷᠣᠨ ᠭᠠᠷᠤᠭᠰᠠᠨ ᠭᠡᠨᠳᠡᠨᠪᠠᠯᠳᠠᠨ ᡀᠠᠷᠠᠮᠪᠠ ᠶ᠋ᠢ ᠰᠠᠩᠵᠢ ᠶ᠋ᠢᠨ ᠨᠣᠮ ᠤ᠋ᠨ ᠰᠢᠭᠦᠯᠭᠡ ᠠᠪᠬᠤ ᠯᠠᠮᠠ ᠪᠠᠷ  ᠲᠣᠬᠢᠶᠠᠵᠠᠢ᠃  ᠴᠢᠨᠠᠲᠤ ᡀᠠᠷᠠᠮᠪᠠ  ᠭᠡᠨᠳᠡᠨᠪᠠᠯᠳᠠᠨ ᠨᠠᠰᠤ ᠥᠨᠳᠥᠷ ᠪᠣᠯᠤᠭᠰᠠᠨ ᠪᠦᠳᠦᠭᠦᠨ ᠱᠠᠯᠬᠠᠭᠠᠷ ᠡᠪᠦᠭᠡᠨ ᠯᠠᠮ᠎ᠠ ᠪᠥᠭᠡᠳ ᠬᠣᠶᠠᠷ ᠬᠥᠯ ᠳᠡᠭᠡᠷ᠎ᠡ ᠪᠡᠨ ᠠᠷᠠᠢ ᠭᠡᠵᠦ ᠬᠥᠳᠡᠯᠳᠡᠭ ᠠᠵᠢ᠃ ᠳ᠋ᠠᠴᠠᠩ ᠳ᠋ᠤ᠌ ᠣᠷᠣᠵᠤ ᠭᠠᠷᠬᠤ ᠳ᠋ᠠᠭᠠᠨ ᠳᠣᠪᠵᠢᠶᠠᠨ ᠤ᠋ ᠱᠠᠲᠤ ᠪᠡᠷ ᠥᠭᠰᠥᠬᠦ ᠪᠠᠭᠤᠬᠤ ᠭᠡᠵᠦ ᠶᠡᠬᠡ ᠶᠠᠳᠠᠷᠠᠵᠤ᠂ ᠠᠮᠢᠰᠬᠤᠭᠠᠳᠠᠳᠠᠭ  ᠪᠠᠢᠯ᠎ᠠ᠃
       - ᠴᠢ ᠲᠡᠷᠡ ᠰᠢᠭᠦᠯᠭᠡ  ᠪᠠᠨ ᠥᠭᠴᠦ ᠪᠣᠯᠤᠨ᠎ᠠ᠃ ᠭᠡᠬᠦ ᠳ᠋ᠡᠭᠡᠨ ᠨᠠᠳᠠ ᠳ᠋ᠤ᠌ ᠵᠠᠪ  ᠪᠠᠢᠬᠤ ᠦᠭᠡᠢ᠃ ᠬᠤᠷᠠᠯ ᠨᠣᠮ ᠭᠠᠳᠠᠭᠠᠯᠠᠬᠤ᠂ ᠥᠷᠯᠥᠭᠡ ᠣᠷᠣᠢ ᠴᠤᠭᠯᠠᠷᠠᠬᠤ ᠦᠶ᠎ᠡ ᠪᠡᠷ ᠨᠠᠮᠠᠶ᠋ᠢ ᠱᠠᠲᠤ ᠤᠷᠤᠭᠤ ᠪᠠᠭᠤᠯᠭᠠᠵᠤ ᠥᠭᠴᠦ ᠪᠠᠢ᠃ ᠲᠡᠷᠡ ᠬᠣᠭᠣᠷᠣᠨᠳᠣ ᠴᠡᠭᠡᠵᠢᠯᠡᠭᠰᠡᠨ ᠨᠣᠮ ᠢ᠋ᠶ᠋ᠠᠨ ᠤᠩᠰᠢᠵᠤ ᠰᠢᠯᠭᠠᠭᠤᠯᠬᠤ ᠪᠢᠵᠡ! ᠭᠡᠵᠦ  ᠭᠡᠨᠳᠡᠨᠪᠠᠯᠳᠠᠨ ᡀᠠᠷᠠᠮᠪᠠ ᠬᠡᠯᠡᠵᠡᠢ᠃ ᠲᠡᠷᠡ ᠶᠣᠰᠣᠭᠠᠷ ᠰᠠᠩᠵᠢ ᠥᠷᠯᠥᠭᠡ᠂ ᠡᠳᠦᠷ᠂ ᠣᠷᠣᠢ ᠶᠢᠨ ᠴᠣᠢᠮᠴᠠᠮ ᠤ᠋ᠨ ᠦᠶ᠎ᠡ ᠪᠡᠷ ᠡᠪᠦᠭᠡᠨ ᡀᠠᠷᠠᠮᠪᠠ ᠶ᠋ᠢ ᠰᠤᠭᠤᠳᠠᠨ ᠶᠠᠪᠤᠬᠤ ᠪᠣᠯᠪᠠ᠃ ᠡᠬᠢᠨ ᠦ᠌ ᠡᠳᠦᠷ ᠱᠠᠲᠤ ᠥᠭᠰᠥᠵᠦ ᠶᠠᠪᠤᠬᠤ ᠳ᠋ᠠᠭᠠᠨ ᡀᠠᠷᠠᠮᠪᠠ:
       - ᠴᠢ ᠬᠠᠳᠠᠭ᠂ ᠵᠤᠮᠪᠷᠠᠢ ᠬᠣᠶᠠᠷ ᠢ᠋ ᠰᠢᠯᠭᠠᠭᠤᠯᠴᠢᠬᠠᠭᠰᠠᠨ ᠭᠡᠳᠡᠭ ᠪᠢᠵᠡ᠃ ᠣᠳᠣ ᠰᠢᠳᠤᠪ ᠡᠬᠢᠯᠡᠨ ᠤᠩᠰᠢ! ᠭᠡᠵᠦ ᠲᠤᠰᠢᠶᠠᠵᠠᠢ᠃  ᠰᠠᠩᠵᠢ ᠰᠢᠳᠤᠪ ᠪᠤᠶᠤ ᠰᠢᠲᠦᠭᠡᠨ ᠪᠦᠲᠦᠭᠰᠡᠨ ᠲᠤᠬᠠᠢ ᠨᠣᠮᠨᠠᠯ ᠢ᠋ ᠴᠡᠭᠡᠵᠢ ᠪᠡᠷ ᠤᠩᠰᠢᠵᠤ ᠡᠬᠢᠯᠡᠪᠡ᠃ ᠭᠡᠪᠡᠴᠦ ᠲᠡᠷᠡ ᠨᠣᠮ ᠢ᠋ ᠭᠠᠭᠴᠠ ᠨᠢᠭᠡ ᠡᠳᠦᠷ ᠤᠩᠰᠢᠵᠤ ᠪᠠᠷᠠᠬᠤ ᠪᠠᠷ ᠦᠭᠡᠢ ᠪᠢᠯᠡ᠃ ᡀᠠᠷᠠᠮᠪᠠ ᠲᠡᠭᠦᠨ ᠲᠤᠬᠠᠢ ᠣᠭᠲᠣ ᠪᠣᠳᠣᠭ᠎ᠠ ᠦᠭᠡᠢ ᠪᠣᠯᠤᠯᠲᠠᠢ᠃  ᠰᠠᠩᠵᠢ ᠭᠡᠰᠦᠯ ᠦ᠋ᠨ ᠤᠩᠰᠢᠯᠭ᠎ᠠ ᠶ᠋ᠢ ᠴᠢᠬᠢᠨ ᠦ᠌ ᠬᠠᠵᠠᠭᠤ ᠪᠠᠷ ᠥᠩᠭᠡᠷᠡᠭᠡᠵᠦ᠂ ᠥᠭᠡᠷ᠎ᠡ ᠎ᠶᠠᠭᠤᠮ᠎ᠠ ᠪᠣᠳᠣᠵᠤ ᠶᠠᠪᠤᠭᠰᠠᠭᠠᠷ  ᠳᠤᠭᠠᠩ᠎ ᠤᠨ ᠬᠠᠭᠠᠯᠭ᠎ᠠ ᠪᠠᠷ ᠣᠷᠣᠬᠤ ᠳ᠋ᠠᠭᠠᠨ:
       - ᠵᠠ ᠪᠣᠯᠤᠨ᠎ᠠ᠃ ᠳᠠᠷᠠᠭ᠎ᠠ ᠵᠣᠭᠰᠣᠭᠰᠠᠨ ᠭᠠᠵᠠᠷ ᠠ᠋ᠴᠠ ᠪᠠᠨ ᠴᠢᠨᠠᠭᠰᠢ ᠦᠷᠭᠦᠯᠵᠢᠯᠡᠭᠦᠯᠦᠨ ᠤᠩᠰᠢᠭᠠᠷᠠᠢ! ᠭᠡᠪᠡ᠃ ᠶᠡᠬᠡ ᠯᠠᠮᠠᠲᠠᠨ ᠡᠢᠮᠦ ᠯᠡ ᠲᠥᠷᠬᠦ ᠲᠡᠢ ᠪᠠᠢᠯ᠎ᠠ᠃ 
       ᠡᠨᠡᠴᠢᠯᠡᠨ ᠢ᠋ᠶ᠋ᠡᠷ ᠡᠳᠦᠷ ᠪᠦᠷᠢ ᠦᠷᠭᠦᠯᠵᠢᠯᠡᠵᠦ ᠰᠠᠩᠵᠢ ᠲᠡᠷᠡᠭᠦ ᠡᠪᠦᠭᠡᠨ ᡀᠠᠷᠠᠮᠪᠠ ᠶ᠋ᠢᠨ  ᠪᠡᠶ᠎ᠡ ᠬᠠᠮᠠᠭᠠᠯᠠᠭᠴᠢ ᠨᠢ ᠡᠰᠡᠪᠡᠯ ᠭᠣᠴᠣᠭ ᠨᠢ ᠪᠣᠯᠵᠤ ᠬᠤᠪᠢᠷᠠᠵᠠᠢ᠃ ᡀᠠᠷᠠᠮᠪᠠ ᠴᠤ ᠥᠪᠡᠷ ᠢ᠋ᠶ᠋ᠡᠨ ᠰᠡᠭᠦᠯ ᠳ᠋ᠦ᠍ᠨᠢ  ᠵᠠᠯᠬᠠᠭᠤᠷᠠᠵᠤ ᠤᠩᠰᠢᠬᠤ ᠨᠣᠮ ᠤ᠋ᠨ ᠡᠬᠢᠨ᠂ ᠳᠤᠮᠳᠠ᠂ ᠠᠳᠠᠭ ᠠ᠋ᠴᠠ ᠨᠢ ᠰᠣᠨᠣᠰᠤᠭᠠᠳ ᠯᠠ ᠰᠢᠭᠦᠯᠭᠡᠭᠰᠡᠨ ᠳᠦ ᠲᠣᠭᠠᠴᠠᠳᠠᠭ ᠪᠣᠯᠪᠠ᠃  ᠲᠡᠢᠨ ᠬᠦ᠌ ᠰᠠᠷ᠎ᠠ ᠰᠢᠬᠠᠮ ᠦᠷᠭᠦᠯᠵᠢᠯᠡᠵᠡᠢ᠃ ᠨᠢᠭᠡᠨ ᠡᠳᠦᠷ ᡀᠠᠷᠠᠮᠪᠠ  ᠭᠡᠨᠳᠡᠨᠪᠠᠯᠳᠠᠨ ᠭᠣᠮᠠᠨ ᠳ᠋ᠠᠴᠠᠩ ᠤ᠋ᠨ  ᠬᠢᠷᠭᠠᠴᠤᠤᠯ ᠢ᠋ ᠴᠤᠭᠯᠠᠭᠤᠯᠵᠠᠢ᠃  ᠭᠡᠢᠳ ᠦ᠋ᠨ ᠬᠠᠮᠪᠤ᠂ ᠴᠣᠷᠵᠢ᠂ ᠰᠢᠷᠡᠭᠡᠲᠦ ᠯᠠᠮᠠ᠂ ᠳᠡᠳ᠋ ᠰᠢᠷᠡᠭᠡᠲᠦ ᠪᠤᠶᠤ ᠯᠠᠢᠴᠠᠪ᠂ ᠭᠡᠰᠬᠦᠢ᠂  ᠣᠩᠵᠠᠳ᠂ ᠳᠣᠨᠢᠷ ᠡᠳᠡᠭᠡᠷ ᠢ᠋ ᠴᠤᠭᠯᠠᠭᠤᠯᠤᠨ:
       - ᠡᠨᠡ ᠬᠦ᠌  ᠰᠠᠩᠵᠢ ᠭᠡᠭᠴᠢ ᠪᠤᠷᠬᠠᠨ ᠤ᠋ ᠱᠠᠪᠢ ᠠ᠋ᠴᠠ ᠰᠤᠳᠤᠷ ᠤ᠋ᠨ ᠠᠢᠮᠠᠭ ᠰᠠᠪᠠ ᠲᠠᠪᠤᠨ ᠵᠦᠢᠯ  ᠳ᠋ᠦ᠋ᠯᠪᠡ᠂ ᠸᠢᠨᠠᠢ ᠶ᠋ᠢᠨ ᠶᠣᠰᠣ ᠶ᠋ᠢ ᠰᠢᠭᠦᠵᠦ ᠦᠵᠡᠯ᠎ᠡ᠃ ᠴᠥᠮ ᠢ᠋ ᠨᠡᠩ ᠰᠠᠢᠨ ᠴᠡᠭᠡᠵᠢᠯᠡᠵᠦ ᠲᠣᠷᠬᠤ ᠦᠭᠡᠢ ᠤᠩᠰᠢᠯ᠎ᠠ᠃ ᠡᠭᠦᠨ ᠢ᠋ ᠬᠡᠪᠰᠢ ᠪᠣᠯᠭᠠᠬᠤ ᠳ᠋ᠤ᠌ ᠳᠤᠲᠠᠬᠤ ᠶᠠᠭᠤᠮ᠎ᠠ ᠠᠯᠠᠭ᠎ᠠ᠃ ᠭᠡᠪᠰᠢ ᠪᠣᠯᠭᠠᠭᠠᠳ ᠵᠢᠩᠳᠠᠭ᠎ᠠ ᠳᠡᠭᠡᠭᠰᠢᠯᠡᠭᠦᠯᠬᠦ ᠰᠠᠨᠠᠯ ᠲᠠᠢ ᠪᠠᠢᠨ᠎ᠠ ᠭᠡᠵᠦ ᠭᠡᠨᠳᠡᠨᠪᠠᠯᠳᠠᠨ ᡀᠠᠷᠠᠮᠪᠠ ᠲᠡᠳᠡᠨ ᠳᠦ ᠰᠠᠨᠠᠯ ᠲᠠᠯᠪᠢᠯ᠎ᠠ᠃  ᠰᠠᠩᠵᠢ ᠶ᠋ᠢᠨ ᠵᠢᠷᠦᠬᠡ ᠴᠣᠬᠢᠯᠠᠵᠤ᠂ ᠪᠡᠶ᠎ᠡ ᠪᠡᠨ ᠠᠷᠠᠢᠬᠠᠨ ᠪᠠᠷᠢᠵᠤ  ᠪᠠᠢᠯ᠎ᠠ᠃
       - ᠸᠢᠨᠠᠢ ᠶ᠋ᠢ  ᠰᠠᠢᠨ ᠮᠡᠳᠡᠵᠦ ᠪᠠᠢᠭ᠎ᠠ ᠪᠣᠯ  ᠪᠣᠳᠢᠰᠠᠳ᠋ᠸ᠎ᠠ ᠶ᠋ᠢᠨ ᠪᠣᠯᠤᠨ ᠲᠠᠷᠨᠢ ᠶ᠋ᠢᠨ ᠰᠠᠨᠸᠠᠷ ᠬᠦᠷᠲᠡᠭᠡ ᠦᠭᠡᠢ ᠪᠠᠢᠵᠤ ᠪᠣᠯᠬᠤ ᠦᠭᠡᠢ᠃  ᠡᠢᠮᠦ ᠳ᠋ᠦ᠍ ᠡᠨᠡᠬᠡᠨ ᠳ᠋ᠡᠭᠡᠨ ᠲᠣᠬᠢᠷᠠᠭᠠᠳ ᠸᠢᠨᠠᠢ ᠶ᠋ᠢ ᠳᠠᠬᠢᠨ ᠨᠡᠯᠢᠶᠡᠳ ᠬᠤᠭᠤᠴᠠᠭᠠᠨ ᠳ᠋ᠤ᠌ ᠦᠵᠡᠭᠦᠯᠦᠭᠡᠳ ᠰᠠᠬᠢᠯ ᠢ᠋ ᠬᠦᠷᠲᠡᠭᠰᠡᠨ  ᠬᠣᠢᠨ᠎ᠠ ᠨᠢ ᠵᠣᠳ᠋  (ᠦᠨᠳᠦᠰᠦ) ᠦᠵᠡᠭᠦᠯᠪᠡᠯ ᠲᠠᠭᠠᠷᠠᠨ᠎ᠠ ᠭᠡᠵᠦ ᠰᠢᠷᠡᠭᠡᠲᠦ ᠯᠠᠮᠠ ᠠᠢᠯᠠᠳᠪᠠ᠃
       - ᠪᠢ ᠰᠠᠨᠠᠯ ᠨᠢᠭᠡ ᠪᠠᠢᠨ᠎ᠠ ᠭᠡᠵᠦ ᠯᠠᠢᠴᠠᠪ ᠳᠤᠤᠭᠠᠷᠪᠠ᠃
       - ᠷᠠᠪᠵᠠᠮᠪᠠ ᠶ᠋ᠢᠨ ᠮᠢᠨᠳᠠᠭ ᠠᠪᠤᠭ᠎ᠠ ᠦᠭᠡᠢ ᠪᠣᠯᠬᠣᠷ ᠬᠡᠴᠡᠭᠦᠦ ᠯᠡ ᠪᠠᠢᠨ᠎ᠠ᠃ ᠮᠠᠨ ᠤ᠋ ᠭᠣᠮᠠᠨ ᠳ᠋ᠠᠴᠠᠩ ᠳ᠋ᠤ᠌ ᠳᠣᠯᠣᠭᠠᠨ ᠵᠢᠩᠳᠠᠭ᠎ᠠ ᠳᠠᠭᠤᠰᠬᠠᠵᠤ ᠪᠠᠢᠵᠤ ᠡᠭᠦᠨ ᠳ᠋ᠦ᠍ ᠬᠦᠷᠳᠡᠭ᠃ ᠭᠡᠲᠡᠯ᠎ᠡ ᠡᠨᠡᠬᠦ ᠰᠠᠩᠵᠢ ᠪᠣᠯᠪᠠᠯ ᠳᠥᠩᠭᠡᠵᠢ ᠬᠣᠶᠠᠷ ᠵᠢᠩᠳᠠᠭ᠎ᠠ ᠳᠠᠭᠤᠰᠬᠠᠵᠤ ᠪᠠᠢᠨ᠎ᠠ ᠭᠡᠵᠦ ᠴᠣᠷᠵᠢ ᠯᠠᠮᠠ ᠠᠢᠯᠠᠳᠪᠠ᠃ ᠲᠡᠭᠦᠨ ᠦ᠌ ᠦᠭᠡ ᠦᠨ᠎ᠡ ᠳ᠋ᠦ᠍ ᠬᠦᠷᠳᠡᠭ ᠠᠵᠢ᠃
       - ᠲᠡᠷᠡ ᠴᠣ  ᠲᠡᠢᠮᠦ ᠶᠦᠮ᠃ ᠲᠡᠭᠡᠬᠦᠯᠡᠷ ᠣᠮ᠂ ᠶᠤᠮ ᠬᠣᠶᠠᠷ ᠢ᠋ ᠦᠵᠡᠬᠦ ᠵᠢᠩᠳᠠᠭᠠᠨ ᠳ᠋ᠤ᠌ ᠨᠡᠯᠢᠶᠡᠳ ᠰᠠᠭᠤᠯᠭᠠᠪᠠᠯ ᠲᠠᠭᠠᠷᠠᠨ᠎ᠠ ᠭᠡᠵᠦ ᠬᠠᠮᠪᠤ ᠯᠠᠮᠠ  ᠠᠢᠯᠠᠳᠤᠭᠰᠠᠨ ᠢ᠋ᠶ᠋ᠠᠷ ᠬᠡᠷᠡᠭ ᠶᠠᠪᠤᠳᠠᠯ ᠪᠦᠷᠢᠨ ᠰᠢᠢᠳᠦᠭᠳᠡᠵᠡᠢ᠃ 
       ᠬᠡᠳᠦᠢᠪᠡᠷ ᠣᠮ ᠭᠡᠳᠡᠭ ᠰᠡᠵᠢᠭ ᠰᠡᠳᠬᠢᠯ ᠦ᠋ᠨ ᠤᠬᠠᠭᠠᠨ᠂ ᠶᠤᠮ ᠭᠡᠳᠡᠭ ᠣᠷᠴᠢᠯᠠᠩ ᠠᠴᠠ ᠠᠩᠭᠢᠵᠢᠷᠠᠬᠤ ᠶ᠋ᠢᠨ ᠤᠬᠠᠭᠠᠨ ᠤ᠋ ᠨᠣᠮ ᠢ᠋ ᠰᠠᠩᠵᠢ ᠴᠡᠭᠡᠵᠢ ᠪᠡᠷ ᠮᠡᠳᠡᠵᠦ ᡀᠠᠷᠠᠮᠪᠠ ᠳ᠋ᠤ᠌ ᠰᠠᠢᠨ ᠰᠢᠯᠭᠠᠭᠤᠯᠤᠭᠰᠠᠨ ᠴᠤ᠌ ᠭᠡᠰᠡᠨ ᠨᠢᠭᠡᠨᠲᠡ ᠬᠠᠮᠪᠤ ᠯᠠᠮᠠ ᠲᠡᠭᠦᠨ ᠢ᠋ ᠳᠠᠬᠢᠨ ᠦᠵᠡᠬᠦ ᠬᠡᠷᠡᠭᠲᠡᠢ ᠶᠢ ᠰᠠᠨᠠᠭᠤᠯᠤᠭᠰᠠᠨ ᠲᠤᠯᠠ ᠦᠭᠡ ᠵᠥᠷᠢᠬᠦ ᠬᠥᠮᠦᠨ ᠪᠠᠢᠭ᠍ᠰᠠᠨ ᠦᠭᠡᠢ᠃  ᠰᠠᠩᠵᠢ ᠳᠣᠣᠷ᠎ᠠ ᠬᠠᠶᠠᠭᠠᠳ ᠯᠠ ᠭᠤᠷᠪᠠᠨ ᠵᠢᠯ ᠠᠷᠤ ᠶ᠋ᠢᠨ ᠵᠠᠪᠳᠤᠩ ᠡᠯᠡᠭᠡᠬᠦ ᠬᠤᠭᠤᠴᠠᠭ᠎ᠠ ᠶ᠋ᠢ ᠲᠣᠪᠴᠢᠯᠠᠭᠰᠠᠨ ᠳ᠋ᠠᠭᠠᠨ ᠶᠡᠬᠡ ᠪᠠᠶᠠᠷᠯᠠᠵᠠᠢ᠃ ᠮᠥᠨ ᠲᠡᠷᠡ ᠡᠳᠦᠷ ᠡᠴᠡ ᠡᠬᠢᠯᠡᠨ ᠭᠣᠮᠠᠨ ᠳ᠋ᠠᠴᠠᠩ ᠳ᠋ᠤ᠌ ᠴᠤᠤᠷᠬᠠᠯ  ᠲᠠᠷᠬᠠᠪᠠ᠃ 《ᠠᠷᠤ ᠮᠣᠩᠭᠣᠯ ᠠ᠋ᠴᠠ ᠢᠷᠡᠭᠰᠡᠨ ᠰᠠᠩᠵᠢ ᠬᠡᠪ ᠭᠡᠨᠡᠳᠲᠡ ᠣᠶᠤᠨ ᠤ᠋ ᠨᠢ ᠰᠠᠪᠠ ᠳᠦᠭᠦᠷᠴᠤ᠂ ᠨᠣᠮ ᠳ᠋ᠤ᠌ ᠨᠡᠪᠲᠡᠷᠬᠡᠢ ᠪᠣᠯᠵᠤ ᠭᠡᠨ᠎ᠡ᠃  ᠫᠠᠪᠤᠩ - ᠬᠠ ᠶ᠋ᠢ ᠭᠤᠷᠪᠠᠨ ᠮᠢᠩᠭ᠎ᠠ ᠭᠤᠷᠪᠠᠨ ᠵᠠᠭᠤᠨ ᠭᠤᠴᠢᠨ ᠭᠤᠷᠪᠠ ᠲᠣᠭᠣᠷᠢᠨ ᠭᠣᠷᠢᠶᠠᠯᠠᠭᠠᠳ ᠲᠡᠢᠮᠦ ᠰᠢᠳᠢ ᠵᠢ ᠣᠯᠵᠤ ᠭᠡᠨ᠎ᠡ》 ᠭᠡᠵᠦ ᠨᠢᠭᠡ ᠬᠡᠰᠡᠭ ᠶᠠᠷᠢᠵᠠᠢ᠃ ᠨᠥᠭᠦᠭᠡ ᠬᠡᠰᠡᠭ ᠨᠢ 《  ᠵᠡᠯᠰᠡᠩ ᠵᠢᠩᠵᠸ ᠯᠠᠮᠠ ᠬᠣᠶᠠᠭᠤᠯᠠ ᠪᠠᠨ ᠵᠣᠣ ᠷᠢᠨᠪᠣᠽᠧᠢ ᠶ᠋ᠢᠨ ᠵᠠᠬ᠎ᠠ ᠳᠡᠭᠡᠭᠦᠷ ᠲᠡᠨᠦᠵᠦ ᠶᠠᠪᠤᠭᠠᠳ ᠡᠷᠳᠡᠨᠢ ᠶᠢᠨ ᠭᠠᠪᠠᠯᠠ ᠣᠯᠤᠭᠰᠠᠨ ᠶᠤᠮ ᠭᠡᠨ᠎ᠡ᠃ ᠲᠡᠭᠡᠭᠡᠳ ᠨᠣᠮ ᠳ᠋ᠤ᠌ ᠨᠡᠪᠲᠡᠷᠬᠡᠢ ᠪᠣᠯᠪᠠ》 ᠭᠡᠵᠦ ᠶᠠᠷᠢᠵᠠᠭᠠᠪᠠ᠃ ᠲᠡᠭᠦᠨ ᠳ᠋ᠦ᠍ ᠢᠲᠡᠭᠡᠭᠰᠡᠨ ᠨᠢᠭᠡ ᠵᠢᠩᠳᠠᠭᠠᠨ ᠤ᠋ ᠬᠢᠨ ᠨᠢ ᠬᠤᠷᠠᠯ ᠨᠣᠮ ᠳ᠋ᠠᠭᠠᠨ ᠰᠠᠭᠤᠬᠤ ᠶ᠋ᠢᠨ ᠣᠷᠣᠨ ᠳᠤ ᠫᠠᠪᠤᠩ - ᠬᠠ ᠶ᠋ᠢ ᠲᠣᠭᠣᠷᠢᠨ ᠭᠣᠷᠢᠶᠠᠯᠠᠬᠤ ᠶ᠋ᠢ ᠯᠠᠮ᠎ᠠ ᠪᠠᠭᠰᠢ ᠨᠠᠷ ᠠ᠋ᠴᠠ ᠪᠠᠨ ᠭᠤᠶᠤᠵᠠᠭᠠᠬᠤ ᠪᠣᠯᠪᠠ᠃ ᠨᠢᠭᠡ ᠬᠡᠰᠡᠭ ᠨᠢ ᠵᠡᠯᠰᠡᠩ ᠵᠢᠨᠵᠦᠭ ᠢ᠋ ᠵᠠᠬ᠎ᠠ ᠪᠠᠷ ᠶᠠᠪᠤᠶ᠎ᠠ ᠭᠡᠵᠦ ᠦᠷᠭᠦᠯᠵᠢ ᠭᠤᠶᠤᠵᠤ ᠭᠤᠪᠰᠢᠳᠠᠭ ᠪᠣᠯᠵᠠᠢ᠃ ᠠᠯᠢ ᠠᠯᠢᠨ ᠢ᠋ ᠨᠢ ᠬᠡᠨ ᠳ᠋ᠦ᠍ ᠴᠤ᠌ ᠵᠥᠪᠰᠢᠶᠡᠷᠡᠭᠰᠡᠨ ᠦᠭᠡᠢ᠃ ᠬᠣᠪᠣᠭᠰᠠᠢᠷ ᠤ᠋ᠨ ᠲᠣᠷᠭᠤᠳ ᠪᠠᠯᠳᠠ᠂ ᠬᠥᠬᠡᠨᠠᠭᠤᠷ ᠤ᠋ᠨ ᠥᠭᠡᠯᠡᠳ ᠭᠣᠩᠰᠦ᠋ᠷᠦᠩ ᠬᠣᠶᠠᠷ ᠰᠠᠩᠵᠢ ᠵᠢ ᠶᠠᠭᠠᠬᠢᠭᠠᠳ ᠫᠠᠪᠤᠩ - ᠬᠠ ᠶᠢ ᠲᠤᠭᠤᠷᠢᠬᠤ ᠪᠣᠯᠤᠭᠰᠠᠨ ᠢ᠋ ᠮᠡᠳᠡᠳᠡᠭ  ᠪᠠᠢᠯ᠎ᠠ᠃》ᠲᠡᠳᠡ ᠴᠣᠭᠰᠣᠩ ᠲᠥᠪᠡᠳ ᠡᠴᠡ ᠠᠰᠠᠭᠤᠵᠤ ᠮᠡᠳᠡᠵᠡᠢ᠃ ᠭᠣᠩᠰᠦ᠋ᠷᠦᠩ ᠲᠡᠷᠡ ᠠᠷᠭ᠎ᠠ ᠶ᠋ᠢ ᠬᠡᠷᠡᠭᠯᠡᠵᠦ ᠰᠢᠳᠬᠡᠯ ᠬᠦᠯᠢᠶᠡᠵᠦ ᠫᠠᠪᠤᠩ - ᠬᠠ ᠳ᠋ᠦ᠍ ᠭᠣᠷᠢᠶ᠎ᠠ ᠬᠢᠬᠦ《 ᠶᠠᠯ᠎ᠠ 》 ᠡᠳ᠋ᠯᠡᠬᠦ ᠶ᠋ᠢ ᠬᠦᠰᠡᠵᠡᠢ᠃ ᠲᠡᠭᠡᠭᠡᠳ ᠨᠢᠭᠡᠨ ᠡᠳᠦᠷ ᠦ᠋ᠨ ᠤᠩᠰᠢᠯᠭ᠎ᠠ ᠳᠡᠭᠡᠷ᠎ᠡ ᠮᠣᠩᠭᠣᠯ ᠢᠶᠠᠷ ᠶᠠᠷᠢᠴᠢᠬᠠᠵᠠᠢ᠃ ᠭᠡᠪᠡᠴᠦ ᠲᠡᠭᠦᠨ ᠢ᠋ ᠬᠡᠨ ᠴᠤ᠌ ᠠᠩᠬᠠᠷᠤᠭᠰᠠᠨ ᠦᠭᠡᠢ᠃ ᠳᠠᠷᠠᠭᠠᠬᠢ ᠡᠳᠦᠷ ᠨᠢ ᠪᠠᠰᠠ ᠯᠠ ᠮᠣᠩᠭᠣᠯ ᠢ᠋ᠶ᠋ᠠᠷ ᠤᠩᠰᠢᠯᠭ᠎ᠠ ᠶᠠᠪᠤᠭᠤᠯᠤᠭᠰᠠᠨ ᠳ᠋ᠤ᠌ ᠬᠡᠨ ᠴᠤ᠌ ᠠᠵᠢᠭᠯᠠᠭᠰᠠᠨ ᠴᠤ᠌ ᠦᠭᠡᠢ᠂ ᠲᠣᠭᠣᠭᠰᠠᠨ ᠴᠤ᠌ ᠦᠭᠡᠢ᠃ ᠡᠭᠦᠨ ᠳ᠋ᠦ᠍ ᠭᠣᠩᠰᠦ᠋ᠷᠦᠩ ᠶᠡᠬᠡ ᠯᠡ ᠭᠠᠢᠬᠠᠨ ᠭᠤᠲᠤᠵᠠᠢ᠃
       -  ᠨᠠᠮᠠᠶ᠋ᠢ ᠬᠤᠷᠠᠯ ᠤ᠋ᠨ ᠦᠶ᠎ᠡ ᠪᠡᠷ ᠮᠣᠩᠭᠣᠯ ᠢ᠋ᠶ᠋ᠠᠷ ᠤᠩᠰᠢᠯᠭ᠎ᠠ ᠦᠢᠯᠡᠳᠬᠦ ᠳ᠋ᠦ᠍ ᠶᠡᠷᠦ ᠬᠡᠨ ᠴᠤ᠌ ᠲᠣᠭᠣᠬᠤ ᠦᠭᠡᠢ ᠪᠠᠢᠨ᠎ᠠ ᠶᠠᠭᠠᠬᠢᠬᠤ ᠪᠣᠢ? ᠭᠡᠵᠦ ᠭᠣᠩᠰᠦ᠋ᠷᠦᠩ ᠮᠠᠷᠭᠠᠰᠢ ᠨᠢ ᠰᠠᠩᠵᠢ ᠠ᠋ᠴᠠ ᠠᠮᠢᠨᠴᠢᠯᠠᠨ ᠠᠰᠠᠭᠤᠪᠠ᠃
       - ᠨᠠᠳᠠ ᠳ᠋ᠤ᠌ ᠬᠡᠯᠡᠭᠡᠳ ᠨᠡᠮᠡᠷᠢ ᠦᠭᠡᠢ᠃ ᠬᠠᠷᠢᠨ ᠴᠢ ᠲᠡᠷᠡ ᠲᠤᠬᠠᠢ ᠶ᠋ᠢ ᠪᠡᠨ ᠫᠠᠭᠰᠠᠩ ᠶᠤᠮ ᠤᠤ᠂  ᠴᠣᠭᠰᠣᠩ ᠳ᠋ᠤ᠌ ᠯᠠ ᠰᠠᠨᠠᠭᠠᠨ ᠳ᠋ᠦ᠍ ᠦᠭᠡᠢ ᠶᠠᠷᠢᠵᠤ ᠣᠷᠭᠢ᠃ ᠲᠡᠭᠡᠭᠡᠳ ᠯᠡ ᠬᠡᠷᠡᠭ ᠴᠢᠨᠢ ᠪᠦᠲᠦᠨ᠎ᠡ ᠭᠡᠵᠦ ᠰᠠᠩᠵᠢ ᠵᠥᠪᠯᠡᠪᠡ᠃ ᠭᠠᠰᠢᠭᠤᠨ ᠲᠤᠷᠰᠢᠯᠭ᠎ᠠ ᠬᠡᠯᠡᠭᠰᠡᠨ ᠨᠢ ᠲᠡᠷᠡ!
       - ᠲᠡᠳᠡᠨ ᠳ᠋ᠦ᠍ ᠶᠠᠷᠢᠵᠤ ᠶᠠᠭᠠᠬᠢᠬᠤ ᠶᠤᠮ ᠪᠣᠢ?
       - ᠬᠡᠷᠡᠭ ᠢ᠋ᠶ᠋ᠡᠨ ᠪᠦᠲᠦᠭᠡᠶ᠎ᠡ ᠯᠡ ᠭᠡᠵᠦ ᠪᠠᠢᠭ᠎ᠠ ᠪᠣᠯ ᠲᠡᠳᠡᠨ ᠳ᠋ᠦ᠍ ᠯᠡ ᠶᠠᠷᠢ᠃ ᠲᠡᠷᠡ ᠳᠣᠣᠷ᠎ᠠ ᠪᠠᠨ ᠯᠠ ᠬᠡᠷᠡᠭ ᠮᠠᠨᠳᠤᠵᠤ ᠴᠢᠮᠠᠶ᠋ᠢ ᠫᠠᠪᠤᠩ - ᠬᠠ ᠳ᠋ᠦ᠍ ᠶᠠᠪᠤᠭᠤᠯᠤᠭᠠᠳ ᠦᠭᠭᠦᠨ᠎ᠡ ᠭᠡᠵᠦ  ᠰᠠᠩᠵᠢ ᠠᠵᠢᠭ ᠴᠤ᠌ ᠦᠭᠡᠢ ᠬᠡᠯᠡᠬᠦ ᠳ᠋ᠦ᠍ ᠭᠣᠩᠰᠦ᠋ᠷᠦᠩ ᠦᠨᠡᠮᠰᠢᠯ᠎ᠡ᠃ ᠴᠣᠬᠣᠮ ᠶᠠᠭᠠᠬᠢᠵᠤ ᠲᠡᠳᠡᠨ ᠳ᠋ᠦ᠍ ᠬᠡᠯᠡᠬᠦ ᠪᠡᠨ ᠮᠡᠳᠡᠬᠦ ᠦᠭᠡᠢ ᠬᠡᠰᠡᠭ ᠡᠷᠡᠭᠡᠯᠵᠡᠭᠰᠡᠨ ᠢ᠋ᠶ᠋ᠡᠨ᠂ ᠡᠳᠦᠷ ᠦ᠋ᠨ ᠳ᠋ᠣᠩᠭᠤ ᠪᠤᠶᠤ ᠵᠣᠭᠣᠭ ᠲᠦᠭᠡᠭᠡᠬᠦ ᠦᠶ᠎ᠡ ᠪᠡᠷ  ᠫᠠᠭᠰᠠᠩ ᠳ᠋ᠤ᠌ ᠭᠣᠩᠰᠦ᠋ᠷᠦᠩ᠂  ᠴᠣᠭᠰᠣᠩ ᠳ᠋ᠤ᠌  ᠪᠠᠯᠳᠠ ᠨᠠᠷ ᠬᠡᠯᠡᠬᠦ ᠪᠡᠷ ᠰᠢᠢᠳᠴᠦ:
       - ᠲᠥᠪᠡᠳ ᠬᠡᠯᠡ ᠳᠤᠲᠠᠭᠤ ᠰᠤᠷᠤᠭᠰᠠᠨ ᠪᠣᠯᠬᠣᠷ ᠢ᠋ᠶ᠋ᠠᠨ ᠰᠢᠳᠤᠪ ᠤᠩᠰᠢᠬᠤ ᠳ᠋ᠤ᠌ ᠲᠦᠭᠳᠡᠷᠡᠭᠡᠳ ᠪᠠᠷᠠᠳᠠᠭ ᠦᠭᠡᠢ᠃  ᠠᠱ᠌ᠢᠭᠦᠢ ᠮᠣᠩᠭᠣᠯ ᠢ᠋ᠶ᠋ᠠᠷ ᠤᠩᠰᠢᠵᠤ ᠳᠠᠭᠤᠰᠤᠭᠰᠠᠨ ᠴᠢᠨᠢ ᠣᠯᠠᠨ ᠤ᠋ ᠲᠦᠢᠪᠡᠭᠡᠨ ᠳ᠋ᠦ᠍ ᠬᠡᠨ ᠴᠤ᠌ ᠮᠡᠳᠡᠭᠰᠡᠨ ᠦᠭᠡᠢ ᠭᠡᠵᠦ ᠭᠣᠩᠰᠦ᠋ᠷᠦᠩ  ᠫᠠᠭᠰᠠᠩ ᠲᠥᠪᠡᠳ ᠲᠦ᠍ ᠰᠣᠨᠢᠨ ᠪᠣᠯᠭᠠᠨ ᠶᠠᠷᠢᠪᠠ᠃ ᠴᠠᠭᠠᠳᠤᠬᠢ ᠨᠢ ᠲᠣᠭᠣᠭᠰᠠᠨ ᠰᠢᠨᠵᠢ ᠦᠭᠡᠢ ᠥᠩᠭᠡᠷᠡᠵᠡᠢ᠃
       - ᠮᠣᠩᠭᠣᠯ ᠢ᠋ᠶ᠋ᠠᠷ ᠤᠩᠰᠢᠯᠭ᠎ᠠ ᠤᠩᠰᠢᠴᠢᠬᠠᠬᠤ ᠳ᠋ᠤ᠌ ᠮᠠᠨ ᠤ᠋ ᠠᠷᠤ ᠶ᠋ᠢᠨ ᠵᠠᠪᠳᠤᠩ ᠳᠡᠭᠡᠷᠡᠬᠢ  ᠭᠠᠢᠬᠠᠯ ᠤᠳ ᠶᠠᠭᠤ ᠴᠤ᠌ ᠰᠡᠵᠢᠭᠯᠡᠭᠰᠡᠨ ᠦᠭᠡᠢ᠃ ᠮᠣᠩᠭᠣᠯ ᠢ᠋ᠶ᠋ᠠᠷ ᠴᠤ᠌ ᠭᠡᠵᠦ ᠳᠡ ᠶᠡᠷᠦ ᠳ᠋ᠡᠭᠡᠨ ᠲᠤᠷᠭᠤᠳ ᠢ᠋ᠶ᠋ᠠᠷ ᠤᠩᠰᠢᠭᠰᠠᠨ ᠯᠠ ᠳᠠ ᠭᠡᠵᠦ  ᠪᠠᠯᠳᠠ ᠴᠣᠭᠰᠣᠩ  ᠳ᠋ᠤ᠌ ᠰᠠᠨᠠᠭᠠᠨ ᠳ᠋ᠦ᠍ ᠦᠭᠡᠢ ᠮᠡᠲᠦ ᠶᠠᠷᠢᠵᠠᠢ᠃
       - ᠥᠭᠡᠷ᠎ᠡ ᠬᠡᠨ ᠴᠤ᠌ ᠡᠭᠦᠨ ᠢ ᠴᠢᠨᠢ ᠮᠡᠳᠡᠭᠡ ᠦᠭᠡᠢ ᠤᠤ? ᠭᠡᠵᠦ ᠴᠣᠭᠰᠣᠩ ᠰᠣᠨᠢᠭᠤᠴᠢᠯᠠᠪᠠ᠃  ᠪᠠᠯᠳᠠ ᠳᠠᠭᠤ ᠪᠠᠨ ᠨᠠᠮᠰᠠᠭᠠᠵᠤ:
       -  ᠠᠱᠢᠭᠦᠢ ᠬᠡᠨ ᠴᠤ᠌ ᠮᠡᠳᠡᠭᠡ ᠦᠭᠡᠢ᠃ ᠪᠢ ᠪᠣᠯ ᠴᠢᠮ᠎ᠠ ᠳ᠋ᠤ᠌ ᠢᠲᠡᠭᠡᠵᠦ ᠶᠠᠷᠢᠵᠤ  ᠪᠠᠢᠭ᠎ᠠ ᠶᠤᠮ ᠳᠠ ᠭᠡᠪᠡ᠃ ᠴᠣᠭᠰᠣᠩ  ᠳ᠋ᠤ᠌ ᠲᠡᠷᠡ ᠨᠢ ᠡᠪ ᠦᠭᠡᠢ ᠰᠠᠨᠠᠭᠳᠠᠵᠠᠢ᠃
       - ᠨᠠᠳᠠ ᠢᠲᠡᠭᠡᠬᠦ ᠪᠡᠷ ᠡᠷᠡᠬᠡᠢ ᠬᠤᠷᠤᠭᠤᠨ ᠳ᠋ᠠᠭᠠᠨ ᠢᠳᠡᠭᠡ! ᠭᠡᠵᠦ ᠴᠣᠭᠰᠣᠩ ᠠᠭᠤᠷᠲᠠᠢ ᠬᠡᠯᠡᠭᠡᠳ ᠥᠩᠭᠡᠷᠡᠨ ᠶᠠᠪᠤᠪᠠ᠃ ᠬᠣᠪᠯᠠᠬᠤ ᠰᠢᠨᠵᠢ ᠪᠦᠷᠢᠨ ᠲᠣᠳᠣᠷᠠᠵᠠᠢ᠃
       《ᠣᠳᠣ ᠯᠠ ᠨᠢᠭᠡ ᠪᠣᠯᠳᠠᠭ ᠲᠠᠭᠠᠨ ᠬᠦᠷᠦᠯ᠎ᠡ᠃ ᠡᠨᠡ ᠴᠣᠭᠰᠣᠩ ᠯᠠᠪ ᠠᠯᠲᠠᠨ ᠬᠣᠰᠢᠭᠤ ᠬᠦᠷᠭᠡᠨ ᠡ ᠳᠡ᠃ ᠲᠡᠭᠡᠪᠡᠯ ᠨᠠᠮᠠᠶ᠋ᠢ ᠴᠤ᠌ ᠳᠣᠣᠷ᠎ᠠ ᠨᠢ ᠯᠡ ᠫᠠᠪᠤᠩ - ᠬᠠ ᠳ᠋ᠦ᠍ ᠢᠯᠡᠭᠡᠨ᠎ᠡ》 ᠭᠡᠵᠦ  ᠪᠠᠯᠳᠠ ᠳᠣᠲᠣᠷ᠎ᠠ ᠪᠠᠨ ᠪᠠᠶᠠᠰᠤᠨ ᠪᠣᠳᠣᠵᠠᠢ᠃ 
       ᠲᠡᠷᠡ ᠡᠳᠦᠷ ᠦ᠋ᠨ ᠬᠤᠷᠠᠯ ᠴᠢᠭᠯᠡᠵᠦ ᠯᠠᠮᠠ ᠨᠠᠷ ᠭᠠᠳᠠᠭᠰᠢ ᠪᠠᠨ ᠭᠠᠳᠠᠭᠠᠯᠠᠯ᠎ᠠ᠃  ᠭᠡᠢᠳ ᠦᠨ ᠭᠡᠰᠬᠦᠢ ᠬᠠᠮᠠᠷ ᠤ᠋ᠨ ᠲᠠᠮᠠᠬᠢ ᠪᠠᠨ ᠰᠤᠷᠤᠭᠠᠳ ᠵᠠᠶᠢᠭ᠋ ᠡᠪᠳᠡᠭᠰᠡᠳ ᠢ᠋ ᠵᠠᠯᠬᠠᠭᠠᠬᠤ ᠱᠣᠩ ᠤᠨ ᠳᠡᠷᠭᠡᠳᠡ ᠵᠣᠭᠰᠣᠵᠤ  ᠪᠠᠢᠯ᠎ᠠ᠃
       - ᠪᠠᠯᠳᠠ ᠨᠡᠰᠢ ᠢᠷ᠎ᠡ! ᠭᠡᠵᠦ ᠲᠡᠷᠡ ᠲᠠᠭᠤᠲᠠᠯ᠎ᠠ. 《ᠣᠳᠣ ᠯᠠ ᠥᠨᠥᠬᠢ ᠫᠠᠪᠤᠩ - ᠬᠠ ᠤᠷᠤᠭᠤ ᠬᠥᠭᠡᠭᠡᠬᠦ ᠪᠢᠵᠡ ᠳᠡ᠃ ᠠᠯᠲᠠᠨ ᠬᠣᠰᠢᠭᠤ ᠡᠷᠭᠦᠵᠡᠢ᠂ ᠭᠡᠰᠬᠦᠢ ᠳ᠋ᠦ᠍》 ᠭᠡᠵᠦ  ᠪᠠᠯᠳᠠ ᠪᠣᠳᠣᠭᠠᠳ ᠭᠦᠶᠦᠨ ᠣᠴᠢᠯ᠎ᠠ᠃ ᠭᠡᠰᠬᠦᠢ ᠴᠤ᠌ ᠠᠭᠤᠷ ᠢ᠋ᠶ᠋ᠠᠨ ᠪᠠᠷᠢᠵᠤ ᠶᠠᠳᠠᠵᠤ ᠪᠠᠢᠬᠤ ᠬᠠᠷᠠᠭᠳᠠᠯ᠎ᠠ᠃
       - ᠭᠣᠩᠰᠦ᠋ᠷᠦᠩ ᠢ᠋ ᠣᠯᠤᠭᠠᠳ ᠢᠷ᠎ᠡ! ᠭᠡᠵᠦ ᠭᠡᠰᠬᠦᠢ ᠲᠤᠰᠢᠶᠠᠪᠠ᠃
       ᠪᠠᠯᠳᠠ ᠭᠣᠩᠰᠦ᠋ᠷᠦᠩ ᠢ᠋ ᠲᠡᠷᠡ  ᠳᠣᠣᠷ᠎ᠠ ᠪᠠᠨ ᠣᠯᠵᠤ ᠳᠠᠭᠠᠭᠤᠯᠤᠨ ᠠᠪᠴᠢᠷᠠᠪᠠ᠃ ᠭᠡᠰᠬᠦᠢ ᠲᠡᠳᠡᠨ  ᠤᠷᠤᠭᠤ ᠢᠷᠪᠠᠯᠵᠠᠨ ᠬᠠᠷᠠᠭᠰᠠᠨ ᠢ᠋ᠶ᠋ᠠᠨ:
       - ᠲᠠ ᠬᠣᠶᠠᠷ ᠳᠣᠯᠣᠭ᠎ᠠ ᠬᠣᠨᠣᠭ ᠤ᠋ᠨ ᠲᠤᠷᠰᠢ ᠭᠡᠢᠳ ᠦ᠋ᠨ ᠬᠣᠭ ᠴᠡᠪᠡᠷᠯᠡᠨ᠎ᠡ᠃ ᠥᠨᠥᠳᠥᠷ ᠡᠴᠡ ᠡᠬᠢᠯᠡᠨ᠎ᠡ ᠭᠡᠵᠦ ᠵᠠᠷᠯᠢᠭ ᠪᠠᠭᠤᠯᠭᠠᠪᠠ᠃  ᠪᠠᠯᠳᠠ᠂ ᠭᠣᠩᠰᠦ᠋ᠷᠦᠩ ᠬᠣᠶᠠᠷ ᠠᠶᠤᠩᠭ᠎ᠠ ᠳ᠋ᠤ᠌ ᠴᠣᠬᠢᠭᠤᠯᠤᠭᠰᠠᠨ ᠮᠡᠲᠦ ᠴᠣᠴᠢᠨ ᠭᠠᠢᠬᠠᠵᠤ:
       - ᠪᠢᠳᠡ ᠬᠣᠶᠠᠷ ᠶᠠᠭᠠᠬᠢᠯ᠎ᠠ ᠭᠡᠵᠦ ᠬᠣᠭ ᠴᠡᠪᠡᠷᠯᠡᠬᠦ ᠶᠦᠮ ᠪᠣᠢ? ᠭᠡᠮᠡᠨ  ᠪᠠᠯᠳᠠ ᠭᠠᠢᠬᠠᠰᠢ ᠲᠠᠰᠤᠷᠠᠨ ᠠᠰᠠᠭᠤᠪᠠᠯ:
       - ᠠ ᠲᠠ ᠬᠣᠶᠠᠷ ᠶᠠᠭᠠᠬᠢᠭ᠍ᠰᠠᠨ ᠢ᠋ᠶ᠋ᠠᠨ ᠮᠡᠳᠡᠬᠦ ᠦᠭᠡᠢ ᠪᠠᠢᠨ᠎ᠠ ᠤᠤ? ᠭᠡᠵᠦ ᠭᠡᠰᠬᠦᠢ ᠴᠢᠩᠭ᠎ᠠ ᠬᠠᠰᠬᠢᠷᠤᠭᠠᠳ ᠵᠣᠭᠪᠣ ᠭᠡᠳᠡᠭ ᠲᠡᠮᠦᠷ ᠪᠠᠷᠢᠶ᠎ᠠ ᠪᠠᠨ ᠳᠠᠯᠠᠶ᠋ᠢᠨ ᠪᠠᠯᠲᠠ ᠶ᠋ᠢᠨ ᠮᠥᠷᠦᠨ ᠳᠡᠭᠡᠷ᠎ᠡ ᠴᠢᠩᠭ᠎ᠠ ᠪᠠᠭᠤᠯᠭᠠᠪᠠ᠃ ᠡᠭᠡᠮ ᠨᠢ ᠬᠤᠭᠤᠷᠠᠬᠤ ᠰᠢᠭ᠋ ᠪᠣᠯᠵᠤ ᠪᠠᠯᠲᠠ ᠶ᠋ᠢᠨ ᠲᠣᠯᠣᠭᠠᠢ ᠡᠷᠭᠢᠪᠡ᠃
       - ᠬᠦᠶᠢ᠂ ᠬᠤᠸᠠᠷᠠᠭ ᠤ᠋ᠳ! ᠨᠡᠰᠢ ᠢᠷ᠎ᠡ᠂ ᠡᠨᠡ ᠬᠣᠶᠠᠷ ᠢ᠋ ᠵᠠᠯᠬᠠᠭ᠎ᠠ! ᠭᠡᠵᠦ ᠭᠡᠰᠬᠦᠢ ᠬᠠᠰᠬᠢᠷᠬᠤ ᠳ᠋ᠦ᠍ ᠭᠡᠪ ᠭᠡᠨᠡᠳᠲᠡ ᠳᠥᠷᠪᠡᠨ ᠮᠠᠩᠭᠠᠷ ᠬᠤᠸᠠᠷᠠᠭ ᠬᠠᠮᠢᠭ᠎ᠠ ᠨᠢᠭᠡᠲᠡᠭᠡ ᠡᠴᠡ ᠭᠠᠷᠴᠤ ᠢᠷᠡᠭᠡᠳ ᠰᠠᠭᠠᠷᠢ ᠲᠠᠢ ᠨᠢᠳᠤᠷᠭᠤ ᠪᠠᠷ ᠢ᠋ᠶ᠋ᠠᠨ ᠪᠠᠯᠲᠠ᠂ ᠭᠣᠩᠰᠦ᠋ᠷᠦᠩ ᠬᠣᠶᠠᠷ ᠢ᠋ ᠲᠣᠯᠣᠭᠠᠢ ᠲᠦᠷᠦᠭᠦᠦ ᠦᠭᠡᠢ ᠵᠣᠳᠣᠵᠤ ᠡᠬᠢᠯᠡᠪᠡ᠃  ᠡᠢᠮᠦ ᠮᠠᠶᠢᠭ᠋ ᠢ᠋ᠶ᠋ᠠᠷ ᠭᠡᠰᠬᠡᠨ᠎ᠡ ᠭᠡᠵᠦ ᠰᠠᠨᠠᠭᠰᠠᠨ ᠦᠭᠡᠢ᠃
       - ᠬᠠᠰᠢᠷᠠᠯ᠎ᠠ! ᠪᠣᠯᠢᠶ᠎ᠠ! ᠥᠷᠥᠰᠢᠶᠡᠭᠡᠴᠢ! ᠭᠡᠵᠦ ᠲᠡᠷᠡ ᠬᠣᠶᠠᠷ ᠲᠣᠯᠣᠭᠠᠢ ᠪᠡᠨ ᠬᠠᠭᠠᠴᠠᠢᠯᠠᠨ ᠣᠷᠢᠯᠠᠯᠳᠤᠪᠠ᠃ ᠨᠣᠮ ᠡᠷᠳᠡᠮ ᠰᠠᠢᠨ ᠰᠤᠷᠬᠤ ᠠᠪᠢᠶᠠᠰ ᠢ᠋ᠶ᠋ᠠᠷ ᠲᠠᠭᠠᠷᠠᠤᠬᠠᠨ ᠪᠣᠯᠪᠠᠴᠤ ᠮᠠᠩᠭᠠᠷ ᠱᠠᠪᠢ ᠨᠠᠷ ᠠ᠋ᠴᠠ ᠪᠠᠨ ᠬᠤᠸᠠᠷᠠᠭ ᠪᠣᠯᠭᠠᠵᠤ ᠣᠢᠷ᠎ᠠ ᠵᠠᠭᠤᠷ᠎ᠠ ᠵᠠᠷᠤᠳᠠᠭ ᠭᠣᠮᠠᠨ ᠳ᠋ᠠᠴᠠᠩ ᠳ᠋ᠤ᠌ ᠵᠠᠶᠢᠭ᠋ ᠰᠠᠬᠢᠭᠤᠯᠬᠤ ᠠᠯᠪᠠᠲᠠᠨ ᠵᠣᠳᠣᠭᠠᠴᠢ ᠬᠤᠸᠠᠷᠠᠭ ᠨᠠᠷ ᠤ᠋ᠨ ᠲᠤᠰᠬᠠᠢ ᠪᠦᠯᠦᠭ ᠪᠠᠢᠳᠠᠭ ᠠᠵᠢ᠃ ᠲᠡᠳᠡ ᠨᠠᠷ ᠭᠡᠰᠬᠦᠢ ᠶᠤᠮ ᠤᠤ ᠡᠰᠡᠪᠡᠯ ᠱᠠᠰᠢᠨ ᠤ᠋ ᠵᠠᠬᠢᠷᠭᠠᠨ ᠤ ᠳᠠᠭᠠᠭᠠᠯᠭᠠᠪᠤᠷᠢ ᠪᠠᠷ ᠯᠠᠮᠠ ᠨᠠᠷ ᠢ᠋ ᠵᠠᠯᠬᠠᠭᠠᠨ ᠴᠡᠭᠡᠷᠯᠡᠭᠦᠯᠳᠡᠭ ᠪᠠᠢᠯ᠎ᠠ᠃ ᠪᠠᠯᠲᠠ᠂ ᠭᠣᠩᠰᠦ᠋ᠷᠦᠩ ᠬᠣᠶᠠᠷ ᠲᠤ᠌ ᠲᠡᠳᠡᠨ ᠦ᠌  ᠨᠢᠳᠤᠷᠭ᠎ᠠ ᠶ᠋ᠢᠨ ᠠᠮᠲᠠ ᠶ᠋ᠢ ᠬᠠᠩᠭᠠᠯᠲᠠᠲᠠᠢ ᠦᠵᠡᠭᠦᠯᠦᠭᠰᠡᠨ ᠦ᠌ ᠳᠠᠷᠠᠭ᠎ᠠ:
       - ᠵᠠ ᠪᠣᠯᠤᠨ᠎ᠠ᠃ ᠬᠤᠸᠠᠷᠠᠭ ᠤ᠋ᠳ ᠶᠠᠪᠤᠵᠠᠭ᠎ᠠ! ᠲᠠ ᠬᠣᠶᠠᠷ ᠬᠣᠭ ᠴᠡᠪᠡᠷᠯᠡᠬᠦ  ᠱᠦᠭᠦᠷ ᠰᠠᠪᠠ ᠪᠠᠨ ᠠᠪᠴᠠᠭ᠎ᠠ! ᠭᠡᠵᠦ ᠭᠡᠰᠬᠦᠢ ᠬᠡᠯᠡᠵᠡᠢ᠃
       ᠪᠠᠯᠲᠠ᠂ ᠭᠣᠩᠰᠦ᠋ᠷᠦᠩ ᠬᠣᠶᠠᠷ ᠳᠡᠷᠡᠰᠦᠨ ᠱᠦᠭᠦᠷ᠂  ᠭᠠᠦᠯᠢᠨ ᠰᠠᠪᠠ ᠪᠠᠨ ᠠᠪᠤᠭᠠᠳ ᠬᠣᠭ ᠴᠡᠪᠡᠷᠯᠡᠬᠦ ᠪᠡᠷ ᠶᠠᠪᠤᠬᠤ ᠵᠠᠭᠤᠷ᠎ᠠ ᠬᠣᠭᠣᠷᠣᠨᠳᠣ ᠪᠠᠨ ᠭᠡᠷᠡᠯᠲᠦᠪᠡ᠃
       - ᠴᠢᠮ᠎ᠠ ᠠ᠋ᠴᠠ ᠯᠠ ᠪᠣᠯᠤᠭᠰᠠᠨ ᠶᠤᠮ ᠭᠡᠵᠦ ᠪᠠᠯᠲᠠ ᠡᠬᠢᠯᠡᠭᠡᠳ ᠠᠮᠠ ᠮᠤᠷᠤᠢᠨ ᠦᠭᠡ ᠡᠳᠦᠬᠦ ᠳ᠋ᠦ᠍ ᠭᠣᠩᠰᠦ᠋ᠷᠦᠩ:
       - ᠪᠠᠯᠠᠢ ᠮᠢᠨᠢ᠂ ᠴᠢᠮ᠎ᠠ ᠠ᠋ᠴᠠ ᠯᠠ ᠡᠭᠦᠰᠦᠭᠡ ᠦᠭᠡᠢ ᠤᠤ? ᠫᠠᠪᠤᠩ - ᠬᠠ ᠶ᠋ᠢ ᠲᠣᠭᠣᠷᠢᠵᠤ ᠪᠤᠷᠬᠠᠨ ᠤ᠋ ᠨᠣᠮ ᠲᠦᠷᠭᠡᠨ ᠰᠤᠷᠬᠤ ᠶ᠋ᠢᠨ ᠲᠤᠬᠠᠢ ᠴᠢ ᠯᠡ ᠡᠬᠢᠯᠡᠵᠦ ᠦᠭᠡ ᠡᠭᠦᠰᠬᠡᠭᠡ ᠪᠢᠵᠡ ᠳᠡ ᠭᠡᠵᠦ ᠠᠭᠤᠷᠲᠠᠢ ᠠᠰᠠᠭᠤᠬᠤ ᠳ᠋ᠦ᠍  ᠪᠠᠯᠳᠠ :
        - ᠴᠢ ᠯᠡ ᠳᠠᠬᠢᠨ ᠳᠠᠬᠢᠨ ᠦᠭᠡᠯᠡᠵᠦ ᠪᠠᠢᠭ᠍ᠰᠠᠭᠠᠷ ᠡᠢᠮᠦ ᠬᠡᠷᠡᠭ ᠲᠠᠷᠢᠬᠤ ᠳ᠋ᠤ᠌ ᠬᠦᠷᠭᠡᠪᠡ᠃ ᠶᠡᠷᠦ ᠨᠢ ᠥᠭᠡᠯᠡᠳ ᠦ᠋ᠳ ᠵᠠᠯᠬᠠᠭᠤ ᠠ᠋ᠴᠠ ᠪᠠᠨ ᠯᠠ ᠪᠣᠯᠤᠨ᠎ᠠ ᠳᠠ! ᠭᠡᠴᠢᠬᠡᠭᠰᠡᠨ ᠴᠢᠨᠢ ᠭᠣᠩᠰᠦ᠋ᠷᠦᠩ ᠦ᠋ᠨ ᠠᠭᠤᠷ ᠬᠦᠷᠴᠦ  ᠨᠠᠢᠵᠠ ᠶ᠋ᠢ ᠪᠡᠨ ᠨᠢᠳᠤᠷᠭᠠᠯᠠᠭᠠᠳ ᠠᠪᠤᠯ᠎ᠠ᠃  ᠪᠠᠯᠳᠠ ᠬᠠᠷᠢᠭᠤ ᠳ᠋ᠤ᠌ ᠨᠢ ᠳᠡᠷᠡᠰᠦᠨ  ᠱᠦᠭᠦᠷ ᠢ᠋ᠶ᠋ᠡᠷ ᠢᠶᠡᠨ ᠲᠣᠯᠣᠭᠠᠢ ᠳᠤᠮᠳᠠᠭᠤᠷ ᠨᠢ ᠰᠠᠪᠠᠵᠤ ᠣᠷᠬᠢᠪᠠ᠃ ᠲᠡᠭᠡᠲᠡᠯ᠎ᠡ ᠵᠠᠯᠬᠠᠭᠠᠭᠴᠢ ᠬᠤᠸᠠᠷᠠᠭ ᠨᠤᠭᠤᠳ ᠳᠠᠬᠢᠨ ᠭᠠᠷᠴᠤ ᠢᠷᠡᠭᠡᠳ ᠲᠡᠷᠡ ᠬᠣᠶᠠᠷ ᠢ᠋ ᠪᠦᠰᠡᠯᠡᠨ ᠠᠪᠴᠤ ᠪᠡᠶ᠎ᠡ ᠪᠡᠶ᠎ᠡ ᠤᠷᠤᠭᠤ ᠪᠠᠨ ᠲᠦᠯᠬᠢᠨ ᠵᠣᠳᠣᠵᠤ᠂ ᠴᠢᠷᠴᠦ ᠭᠤᠯᠳᠤᠷᠤᠨ ᠭᠡᠢᠳ ᠦ᠋ᠨ ᠬᠠᠷ᠎ᠠ ᠭᠡᠷ ᠲᠦ᠍ ᠬᠦᠷᠭᠡᠵᠦ  ᠪᠣᠱᠣᠭ᠎ᠠ ᠪᠠᠷ ᠨᠢ ᠣᠷᠣᠭᠤᠯᠤᠮᠠᠭᠴᠠ ᠭᠠᠳᠠᠨ᠎ᠠ ᠠᠴᠠ ᠬᠠᠭᠠᠯᠭ᠎ᠠ ᠶ᠋ᠢ ᠬᠠᠭᠠᠵᠤ ᠲᠡᠮᠦᠷ ᠴᠣᠣᠵᠢ ᠪᠠᠷ  ᠳᠠᠵᠢᠭᠢᠨᠠᠲᠠᠯ᠎ᠠ ᠴᠣᠣᠵᠢᠯᠠᠪᠠ᠃
       ᠪᠠᠢᠰᠢᠩ ᠳᠣᠲᠣᠷ᠎ᠠ ᠴᠢᠭᠢᠭᠯᠢᠭ ᠬᠠᠷᠠᠩᠭᠤᠢ᠂ ᠪᠠᠰᠠ ᠱᠠᠯᠠ ᠦᠭᠡᠢ ᠤᠴᠢᠷ ᠳᠣᠣᠷ᠎ᠠ ᠠ᠋ᠴᠠ ᠬᠦᠢᠲᠡ ᠳᠠᠭᠠᠭᠠᠵᠤ ᠪᠠᠢᠪᠠ᠃
       - ᠢᠩᠭᠢᠭᠡᠳ ᠯᠡ ᠪᠤᠶᠠᠨ ᠤ᠋ ᠦᠢᠯᠡᠰ ᠮᠠᠨᠢ ᠥᠩᠭᠡᠷᠡᠯ᠎ᠡ ᠳᠡ᠃ ᠴᠢᠮ᠎ᠠ ᠠ᠋ᠴᠠ ᠯᠠ ᠪᠣᠯᠤᠭᠰᠠᠨ ᠶᠤᠮ ᠭᠡᠵᠦ  ᠪᠠᠯᠳᠠ ᠬᠠᠷᠠᠮᠰᠠᠨ ᠳᠤᠤᠭᠠᠷᠪᠠ᠃
       - ᠴᠢᠮ᠎ᠠ ᠠ᠋ᠴᠠ ᠯᠠ ᠪᠣᠯᠤᠭᠰᠠᠨ ᠶᠤᠮ᠃ ᠪᠢ ᠪᠣᠯ ᠤᠭ ᠠ᠋ᠴᠠ ᠪᠠᠨ  ᠫᠠᠪᠤᠩ - ᠬᠠ ᠶ᠋ᠢ ᠲᠣᠭᠣᠷᠢᠨ ᠭᠣᠷᠢᠶᠠᠯᠠᠬᠤ ᠳ᠋ᠦ᠍ ᠨᠢᠭᠡ ᠶᠡᠬᠡ ᠳᠤᠷᠠᠯᠠᠭ᠎ᠠ ᠦᠭᠡᠢ ᠪᠠᠢᠭ᠍ᠰᠠᠨ᠃ ᠴᠥᠮ ᠯᠡ 《 ᠫᠠᠪᠤᠩ - ᠬᠠ ᠳ᠋ᠦ᠍ ᠭᠤᠷᠪᠠᠨ ᠮᠢᠩᠭ᠎ᠠ ᠶ᠋ᠢᠨ ᠭᠤᠷᠢᠶ᠎ᠠ ᠬᠢᠭᠡᠳ ᠰᠠᠩᠵᠢ ᠶ᠋ᠢᠨ ᠣᠶᠤᠨ ᠤ᠋ ᠰᠠᠪᠠ ᠳᠦᠭᠦᠷᠴᠦ ᠡᠷᠳᠡᠮ ᠨᠢ ᠴᠤᠭᠤᠷᠤᠵᠠᠢ ᠭᠡᠨ᠎ᠡ》 ᠭᠡᠵᠡᠭᠡᠭᠡᠳ ᠪᠠᠢᠬᠤ ᠪᠠᠷ ᠴᠢᠨᠦ ᠦᠭᠡᠨ ᠳ᠋ᠦ᠍ ᠣᠷᠣᠭᠰᠠᠨ ᠮᠢᠨᠢ ᠭᠠᠢ ᠪᠣᠯᠤᠯ᠎ᠠ ᠭᠡᠵᠦ ᠭᠣᠩᠰᠦ᠋ᠷᠦᠩ  ᠭᠣᠩᠰᠣᠢᠨ ᠶᠠᠷᠢᠬᠤ ᠳ᠋ᠤ᠌ ᠪᠠᠯᠲᠠ:
       - ᠲᠡᠭᠡᠪᠡᠯ ᠶᠡᠷᠦ ᠡᠴᠡ ᠪᠡᠨ ᠴᠢ ᠪᠢᠳᠡ ᠬᠣᠶᠠᠷ ᠠᠯᠢ ᠠᠯᠢᠨ ᠠ᠋ᠴᠠ ᠪᠠᠨ ᠪᠢᠰᠢ ᠬᠠᠷᠢᠨ ᠲᠡᠷᠡ ᠮᠠᠭᠤ ᠬᠠᠯᠬ᠎ᠠ ᠶ᠋ᠢᠨ ᠪᠠᠳᠢᠷᠴᠢᠨ ᠰᠠᠩᠵᠢ ᠠ᠋ᠴᠠ ᠪᠣᠯᠤᠭᠰᠠᠨ ᠬᠡᠷᠡᠭ ᠪᠠᠢᠨ᠎ᠠ ᠭᠡᠵᠦ ᠠᠭᠤᠷᠲᠠᠢᠶ᠎ᠠ ᠳᠤᠤᠭᠠᠷᠤᠯ᠎ᠠ᠃ ᠲᠡᠷᠡ ᠰᠥᠨᠢ ᠳ᠋ᠡᠭᠡᠨ ᠬᠣᠶᠠᠭᠤᠯᠠ ᠨᠢᠭᠡ ᠶᠡᠬᠡ ᠵᠣᠪᠠᠯ ᠦᠭᠡᠢ ᠨᠣᠢᠷ ᠢ᠋ᠶ᠋ᠠᠨ ᠪᠠᠷᠠᠲᠠᠯ᠎ᠠ ᠬᠤᠷᠬᠢᠷᠠᠵᠤ ᠥᠩᠭᠡᠷᠡᠵᠡᠢ᠃ ᠭᠡᠲᠡᠯ᠎ᠡ ᠲᠡᠳᠡᠨ ᠢ᠋ ᠮᠠᠷᠭᠠᠰᠢ ᠨᠢ᠂ ᠨᠥᠭᠥᠭᠡᠳᠦᠷ ᠨᠢ᠂ ᠨᠥᠭᠥᠭᠡᠳᠦᠷ ᠦᠨ ᠮᠠᠷᠭᠠᠰᠢ ᠨᠢ ᠬᠡᠨ ᠴᠤ᠌ ᠲᠣᠭᠣᠭᠰᠠᠨ ᠦᠭᠡᠢ᠃ ᠭᠤᠷᠪᠠ ᠬᠣᠨᠣᠭ ᠬᠣᠭᠣᠰᠣᠨ ᠰᠠᠭᠤᠭᠰᠠᠨ ᠳ᠋ᠤ᠌ ᠲᠡᠳᠡ ᠭᠤᠷᠠᠩᠬᠤᠯᠠᠵᠤ ᠦᠬᠦᠬᠦ ᠳᠥᠭᠥᠯ᠎ᠡ᠃ ᠲᠡᠳᠡᠨ ᠢ᠋ ᠮᠠᠷᠲᠠᠴᠢᠬᠠᠵᠠᠢ ᠭᠡᠵᠦ ᠪᠣᠳᠣᠭᠠᠳ ᠬᠣᠶᠠᠭᠤᠯᠠ ᠬᠠᠰᠬᠢᠷᠤᠯᠳᠤᠨ ᠬᠠᠭᠠᠯᠭ᠎ᠠ ᠪᠠᠨ ᠨᠦᠳᠦᠵᠦ ᠢᠰᠬᠦᠯᠵᠦ ᠭᠠᠷᠴᠠᠢ᠃ ᠭᠡᠪᠡᠴᠦ ᠲᠠᠭ ᠴᠢᠭ ᠪᠠᠢᠯ᠎ᠠ᠃