ᠬᠥᠬᠡ ᠰᠤᠳᠤᠷ - ᠢᠨᠵᠠᠨᠨᠠᠰᠢ < ᠵᠢᠷᠠ ᠶᠢᠰᠦᠳᠦᠭᠡᠷ ᠪᠦᠯᠦᠭ > Хөх судар - Инжинаш < Жар есдүгээр бүлэг >
ᠴᠡᠷᠢᠭ ᠦ᠋ᠨ ᠶᠤᠸᠠᠨᠱᠤᠸᠠᠢ ᠵᠣᠣ ᠹᠠᠨ ᠤᠳᠬ᠎ᠠ ᠤᠶᠠᠩᠭ᠎ᠠ ᠳ᠋ᠤᠷ ᠰᠢᠨᠤᠬᠠᠢᠷᠠᠨ ᠬᠣᠲᠠ ᠪᠠᠯᠭᠠᠳ ᠢ᠋ᠶ᠋ᠠᠨ ᠠᠯᠳᠠᠪᠠ
ᠲᠥᠷᠥ ᠶ᠋ᠢᠨ ᠰᠠᠢᠳ ᠶᠧ ᠯᠢᠦᠢ ᠴᠦ ᠼᠠᠢ ᠰᠢᠳᠤᠷᠭᠤ ᠦᠭᠡ ᠪᠡᠷ ᠢᠳᠬᠠᠵᠤ ᠭᠠᠢᠯᠢ ᠲᠦᠷᠢᠶᠡᠰᠦᠨ ᠢ᠋ ᠬᠥᠩᠭᠡᠯᠡᠪᠡ
ᠵᠢᠷᠠ ᠶᠢᠰᠦᠳᠦᠭᠡᠷ ᠪᠦᠯᠦᠭ
ᠤᠯᠠᠭᠠᠨ ᠪᠡᠴᠢᠨ ᠵᠢᠯ ᠂ ᠶᠡᠬᠡ ᠬᠥᠬᠡ ᠮᠣᠩᠭᠣᠯ ᠤᠯᠤᠰ ᠤ᠋ᠨ ᠥᠭᠡᠳᠡᠢ ᠲᠠᠢᠽᠥ᠋ᠩ ᠬᠠᠭᠠᠨ ᠤ᠋
ᠨᠠᠢ᠍ᠮᠠᠳᠤᠭᠠᠷ ᠣᠨ ᠂ ᠰᠥᠩ ᠤᠯᠤᠰ ᠤ᠋ᠨ ᠯᠢᠽᠦ᠋ᠩ ᠬᠠᠭᠠᠨ ᠵᠣᠣ ᠶᠦᠨ ᠦ᠌ ᠳ᠋ᠤᠸᠠᠨ ᠫᠢᠩ ᠦ᠋ᠨ
ᠭᠤᠷᠪᠠᠳᠤᠭᠠᠷ ᠣᠨ ᠂ ᠲᠠᠢᠽᠥ᠋ᠩ ᠥᠭᠡᠳᠡᠢ ᠬᠠᠭᠠᠨ ᠡᠨᠡ ᠵᠢᠯ ᠲᠠᠪᠢᠨ ᠬᠣᠶᠠᠷ ᠰᠡᠭᠦᠳᠡᠷ ᠲᠡᠢ ᠪᠥᠯᠥᠭᠡ
ᠴᠡᠷᠢᠭ ᠦ᠋ᠨ ᠶᠤᠸᠠᠨᠱᠤᠸᠠᠢ ᠵᠣᠣ ᠹᠠᠨ ᠤᠳᠬ᠎ᠠ ᠤᠶᠠᠩᠭ᠎ᠠ ᠳ᠋ᠤᠷ ᠰᠢᠨᠤᠬᠠᠢᠷᠠᠨ ᠬᠣᠲᠠ ᠪᠠᠯᠭᠠᠳ ᠢ᠋ᠶ᠋ᠠᠨ ᠠᠯᠳᠠᠪᠠ
ᠲᠥᠷᠥ ᠶ᠋ᠢᠨ ᠰᠠᠢᠳ ᠶᠧ ᠯᠢᠦᠢ ᠴᠦ ᠼᠠᠢ ᠰᠢᠳᠤᠷᠭᠤ ᠦᠭᠡ ᠪᠡᠷ ᠢᠳᠬᠠᠵᠤ ᠭᠠᠢᠯᠢ ᠲᠦᠷᠢᠶᠡᠰᠦᠨ ᠢ᠋ ᠬᠥᠩᠭᠡᠯᠡᠪᠡ
ᠲᠡᠨᠳᠡᠴᠡ ᠼᠤᠤ ᠢᠦ ᠸᠸᠨ ᠦ᠌ ᠰᠢᠶᠠᠨ ᠿᠸᠨ ᠭᠤᠸᠠᠨ ᠪᠣᠭᠣᠮᠲᠠ ᠶ᠋ᠢ ᠪᠡᠬᠢᠯᠡᠨ ᠰᠠᠬᠢᠭᠰᠠᠨ ᠢ᠋ ᠲᠦᠷ ᠥᠭᠦᠯᠡᠬᠦ ᠦᠭᠡᠢ᠃ ᠣᠳᠣ ᠥᠭᠦᠯᠡᠬᠦ ᠢᠨᠦ᠂ ᠶᠡᠬᠡ ᠰᠥᠩ ᠤᠯᠤᠰ ᠤ᠋ᠨ ᠬᠡᠴᠡᠭᠦᠦ ᠵᠠᠩᠵᠤᠨ ᠨᠢᠳᠤᠨᠤᠨ ᠬᠥᠬᠡᠭᠡ ᠰᠠᠷ᠎ᠠ ᠶ᠋ᠢᠨ ᠰᠢᠨ᠎ᠡ ᠶ᠋ᠢᠨ ᠭᠤᠷᠪᠠᠨ᠎ᠠ ᠮᠣᠩᠭᠣᠯ ᠤᠯᠤᠰ ᠤ᠋ᠨ ᠶᠡᠬᠡ ᠴᠡᠷᠢᠭ ᠢ᠋ ᠰᠡᠷᠭᠡᠢᠯᠡᠨ ᠰᠢᠶᠠᠩ ᠶᠠᠩ ᠬᠣᠲᠠ ᠶ᠋ᠢᠨ ᠪᠠᠶᠠᠨ ᠡᠯᠪᠡᠭᠳᠡᠨ ᠳ᠋ᠦ᠍ᠷ ᠰᠢᠲᠦᠵᠦ᠂ ᠯᠠᠪ ᠮᠣᠩᠭᠣᠯ ᠂ ᠸᠠᠩ ᠰᠢ ᠰᠢᠶᠠᠨ᠂ ᠰᠢᠶᠠᠨ ᠿᠸᠨ ᠭᠤᠸᠠᠨ ᠪᠣᠭᠣᠮᠲᠠᠨ ᠤ᠋ ᠭᠠᠳᠠᠨ᠎ᠠ ᠼᠤᠤ ᠢᠦ ᠸᠸᠨ ᠦ᠌ ᠴᠡᠷᠢᠭ ᠲᠦ᠍ᠷ ᠬᠠᠯᠠᠬᠠᠯᠠᠭᠳᠠᠨ ᠣᠷᠣᠵᠤ ᠢᠷᠡᠨ ᠴᠢᠳᠠᠬᠤ ᠦᠭᠡᠢ ᠭᠡᠮᠡᠨ ᠪᠠᠲᠤ ᠰᠠᠨᠠᠵᠤ ᠰᠠᠭᠤᠬᠤᠶ᠎ᠠ᠂ ᠳᠣᠣᠷᠠᠲᠤ ᠮᠥᠷᠥ ᠶ᠋ᠢᠨ ᠵᠠᠩᠵᠤᠨ ᠸᠠᠩ ᠮᠢᠨ᠂ ᠯᠢ ᠪᠦᠸᠧ ᠶᠤᠸᠠᠨ᠂ ᠹᠠᠨ ᠸᠸᠨ ᠪᠢᠨ᠂ ᠬᠤᠸᠠᠩ ᠭᠦᠸᠧ ᠪᠢ ᠲᠠᠨ ᠲᠩᠷᠢ ᠶ᠋ᠢᠨ ᠪᠠᠢᠳᠠᠯ ᠢ᠋ ᠲᠠᠨᠢᠭᠠᠳ ᠵᠥᠪᠯᠡᠨ ᠥᠭᠦᠯᠡᠷᠦᠨ: 《ᠮᠠᠨ ᠤ᠋ ᠶᠡᠬᠡ ᠶᠤᠸᠠᠨᠱᠤᠸᠠᠢ ᠵᠣᠣ ᠹᠠᠨ ᠲᠥᠷᠥ ᠪᠠ ᠭᠠᠳᠠᠨ᠎ᠠ ᠡᠷᠬᠡ ᠶ᠋ᠢ ᠵᠡᠷᠭᠡ ᠪᠡᠷ ᠪᠠᠷᠢᠵᠤᠬᠤᠢ᠂ ᠡᠨᠡ ᠬᠥᠮᠦᠨ ᠤ ᠪᠠᠢᠳᠠᠯ ᠢ᠋ ᠦᠵᠡᠬᠦᠯ᠎ᠡ ᠤᠳᠬ᠎ᠠ ᠤᠶᠠᠩᠭ᠎ᠠ ᠨᠠᠷᠢᠨ ᠵᠢᠭᠰᠠᠭᠠᠯ ᠠ᠋ᠴᠠ ᠪᠤᠰᠤ ᠵᠦᠢᠯ ᠢ᠋ᠶ᠋ᠡᠷ ᠲᠡᠭᠦᠨ ᠦ᠌ ᠴᠢᠨᠠᠷ ᠢ᠋ ᠳᠡᠪᠰᠢᠭᠦᠯᠦᠨ ᠴᠢᠳᠠᠬᠤ ᠦᠭᠡᠢ᠃ ᠬᠣᠶᠠᠷ ᠲᠤᠷ ᠲᠡᠷᠡ ᠮᠣᠩᠭᠣᠯ ᠨᠢᠭᠡᠨᠲᠡ ᠲᠩᠷᠢ ᠶ᠋ᠢᠨ ᠴᠠᠭ ᠢ᠋ ᠣᠯᠵᠤ᠂ ᠰᠦᠷ ᠬᠦᠴᠦᠨ ᠶᠡᠬᠡ᠂ ᠪᠢᠳᠡ ᠡᠷᠲᠡᠬᠡᠨ ᠪᠡᠶ᠎ᠡ ᠣᠷᠣᠰᠢᠬᠤ ᠭᠠᠵᠠᠷ ᠢ᠋ ᠪᠡᠯᠡᠳᠬᠡᠬᠦ ᠢᠨᠤ ᠡᠷᠬᠢᠮ᠂ ᠮᠠᠨ ᠤ᠋ ᠶᠤᠸᠠᠨᠱᠤᠸᠠᠢ ᠡᠳᠦᠭᠡ ᠰᠢᠶᠠᠨ ᠿᠸᠨ ᠭᠤᠸᠠᠨ ᠤ᠋ ᠼᠤᠤ ᠢᠦ ᠸᠸᠨ ᠳ᠋ᠦ᠍ᠷ ᠢᠲᠡᠭᠡᠭᠰᠡ ᠰᠡᠳᠬᠢᠯ ᠭᠦᠶᠦᠬᠡᠨ ᠦᠭᠡᠢ᠂ ᠡᠨᠡ ᠲᠠᠰᠢᠷᠠᠮ ᠳ᠋ᠤᠷ ᠨᠡᠢᠴᠡᠭᠦᠯᠵᠦ᠂ ᠲᠡᠭᠦᠨ ᠢ᠋ ᠤᠳᠬ᠎ᠠ ᠤᠶᠠᠩᠭ᠎ᠠ ᠪᠠᠷ ᠰᠣᠭᠲᠣᠭᠠᠵᠤ ᠪᠢᠳᠡᠨ ᠥᠪᠡᠷ ᠦ᠋ᠨ ᠶᠡᠬᠡ ᠦᠢᠯᠡ ᠶ᠋ᠢ ᠪᠦᠲᠦᠭᠡᠬᠦ ᠢᠨᠤ ᠡᠷᠬᠢᠮ ! 》ᠭᠡᠮᠡᠨ ᠰᠡᠳᠬᠢᠯ ᠲᠣᠭᠲᠠᠵᠤ᠂ ᠵᠢᠴᠢ ᠡᠳᠦᠷ ᠰᠢᠶᠠᠩ ᠶᠠᠩ ᠬᠣᠲᠠᠨ ᠤ᠋ ᠳᠣᠲᠣᠷᠠᠬᠢ ᠶᠡᠬᠡ ᠦᠵᠡᠮᠵᠢᠲᠦ ᠬᠦᠷᠢᠶᠡᠯᠡᠩ ᠢ ᠡᠷᠢᠵᠦ᠂ ᠣᠯᠠᠨ ᠪᠢᠴᠢᠭ ᠦ᠋ᠨ ᠡᠷᠳᠡᠮᠲᠡᠨ ᠢ᠋ ᠴᠢᠭᠤᠯᠤᠭᠤᠯᠤᠨ 《ᠭᠤᠸᠠᠩ ᠵᠢᠩ ᠫᠦ 》ᠬᠡᠮᠡᠬᠦ ᠬᠦᠷᠢᠶᠡᠯᠡᠩ ᠦ᠋ᠨ ᠡᠷᠭᠢᠬᠦ ᠰᠠᠷᠠᠪᠴᠢ ᠂ ᠥᠨᠳᠥᠷ ᠠᠰᠠᠷ᠂ ᠴᠡᠴᠡᠭ ᠦ᠋ᠨ ᠲᠠᠩᠬᠢᠮ᠂ ᠤᠰᠤᠨ ᠤ᠋ ᠬᠠᠷᠰᠢ᠂ ᠲᠣᠭᠣᠷ ᠤ᠋ᠨ ᠰᠡᠭᠦᠭᠡᠪᠴᠢ᠂ ᠬᠤᠯᠤᠰᠤᠨ ᠤ᠋ ᠭᠡᠭᠡᠪᠴᠢ ᠪᠦᠬᠦᠨ ᠳ᠋ᠦ᠍ᠷ ᠴᠥᠮ ᠰᠢᠨ᠎ᠡ ᠰᠢᠯᠦᠭ ᠵᠣᠬᠢᠶᠠᠯᠭᠠᠨ᠂ ᠨᠠᠭᠤᠷ ᠤ᠋ᠨ ᠬᠥᠪᠡᠭᠡ᠂ ᠮᠣᠳᠣᠨ ᠤ᠋ ᠬᠠᠯᠢᠰᠤ ᠳ᠋ᠤᠷ ᠴᠤ᠌ ᠴᠥᠮ ᠪᠢᠴᠢᠭᠦᠯᠦᠨ ᠨᠠᠭᠠᠯᠳᠤᠭᠤᠯᠤᠭᠰᠠᠨ ᠳ᠋ᠤᠷ ᠶᠡᠬᠡ ᠶᠤᠸᠠᠨᠱᠤᠸᠠᠢ ᠵᠣᠣ ᠹᠠᠨ ᠤᠭ ᠠ᠋ᠴᠠ ᠪᠢᠴᠢᠭ ᠦ᠋ᠨ ᠬᠥᠮᠦᠨ ᠡᠴᠡ ᠪᠡᠶ᠎ᠡ ᠭᠠᠷᠤᠭᠰᠠᠨ ᠲᠤᠯᠠ ᠡᠨᠡ ᠭᠤᠸᠠᠩ ᠵᠢᠩ ᠫᠦ ᠬᠦᠷᠢᠶᠡᠯᠡᠩ ᠦ᠋ᠨ ᠬᠠᠪᠤᠷ ᠤ᠋ᠨ ᠵᠣᠭᠣᠭ ᠤ᠋ᠨ ᠳᠡᠷᠡᠰᠦᠨ ᠳ᠋ᠦ᠍ᠷ ᠰᠡᠳᠬᠢᠯ ᠢ᠋ ᠰᠡᠷᠭᠦᠭᠡᠨ᠂ ᠳᠣᠣᠷᠠᠲᠤ ᠵᠠᠩᠵᠤᠨ ᠨᠠᠷ ᠤ᠋ᠨ ᠤᠷᠢᠯᠭᠠᠨ ᠳ᠋ᠤᠷ ᠡᠴᠢᠵᠦ᠂ ᠡᠳᠡᠭᠡᠷ ᠰᠢᠨ᠎ᠡ ᠰᠢᠯᠦᠭ ᠦ᠋ᠳ ᠢ᠋ ᠦᠵᠡᠭᠡᠳ ᠦᠨᠡᠬᠡᠷ ᠳᠡᠷᠡᠰᠦᠨ ᠦ᠌ ᠨᠡᠮᠡᠷᠢ ᠪᠣᠯᠵᠤ ᠰᠣᠭᠲᠣᠬᠤᠢ ᠳ᠋ᠤᠷ ᠮᠥᠨ ᠨᠡᠮᠡᠷᠢᠯᠡᠨ᠂ ᠳᠡᠮᠡᠢ ᠬᠠᠭᠠᠰ ᠰᠠᠷ᠎ᠠ ᠵᠢᠷᠭᠠᠭᠰᠠᠨ ᠦᠭᠡᠢ ᠶᠡᠬᠡ ᠴᠡᠷᠢᠭ ᠦ᠋ᠨ ᠬᠡᠷᠡᠭ ᠨᠡᠯᠢᠶᠡᠳ ᠠᠯᠤᠰ ᠪᠣᠯᠵᠤ ᠡᠴᠢᠪᠡ᠃ ᠰᠢᠯᠦᠭ ᠳᠡᠷᠡᠰᠦᠨ ᠦ᠌ ᠠᠮᠲᠠ ᠬᠡᠮᠡᠭᠴᠢ ᠥᠩᠭᠡ ᠤᠵᠢᠳ ᠤ᠋ᠨ ᠴᠡᠩᠭᠡᠯ ᠡᠴᠡ ᠬᠡᠲᠦᠢᠳᠳᠡᠭ ᠲᠤᠯᠠ ᠵᠣᠣ ᠹᠠᠨ ᠤ᠋ ᠭᠠᠩ ᠤ᠋ᠨ ᠵᠢᠷᠦᠬᠡ ᠪᠣᠯᠣᠳ ᠤ᠋ᠨ ᠰᠥᠰᠥ ᠬᠡᠳᠦᠢᠨᠡᠢ ᠤᠶᠠᠷᠠᠨ ᠬᠥᠳᠡᠯᠵᠦ᠂ ᠣᠳᠣ ᠳᠠᠷᠤᠢ ᠬᠥᠭᠵᠢᠮ ᠦ᠋ᠨ ᠥᠬᠢᠳ᠂ ᠪᠥᠵᠢᠭ ᠦ᠋ᠨ ᠬᠡᠦᠬᠡᠳ ᠦ᠋ᠨ ᠬᠤᠷᠢᠮ ᠳ᠋ᠤᠷ ᠵᠡᠷᠭᠡᠴᠡᠭᠦᠯᠬᠦᠢ ᠳ᠋ᠦ᠍ᠷ ᠬᠦᠷᠴᠦ ᠰᠠᠢᠨ ᠤᠳᠬ᠎ᠠ ᠤᠶᠠᠩᠭᠠᠲᠠᠨ ᠨᠤᠭᠤᠳ ᠢ᠋ ᠴᠡᠷᠢᠭ ᠦ᠋ᠨ ᠭᠠᠪᠢᠶᠠᠲᠠᠨ ᠤ᠋ ᠵᠠᠪᠰᠠᠷ ᠲᠤᠷ ᠨᠡᠷ᠎ᠡ ᠬᠣᠯᠢᠴᠠᠭᠤᠯᠤᠨ ᠶᠠᠪᠤᠭᠤᠯᠵᠤ᠂ ᠤᠳᠬ᠎ᠠ ᠤᠶᠠᠩᠭ᠎ᠠ ᠪᠠᠷ ᠲᠦᠰᠢᠮᠡᠯ ᠵᠡᠷᠭᠡ ᠬᠤᠳᠠᠯᠳᠤᠬᠤᠢ ᠳ᠋ᠤᠷ ᠭᠦᠷᠦᠭᠰᠡᠨ᠎ᠡ᠂ ᠬᠣᠩᠰᠢᠶᠠᠷ ᠬᠤᠳᠠᠯᠳᠤᠭᠴᠢ ᠢᠰᠬᠦᠯᠡᠩ ᠣᠷᠣᠭᠰᠠᠳ ᠰᠢᠭᠤᠢ ᠮᠡᠲᠦ ᠬᠤᠷᠠᠵᠤ ᠢᠷᠡᠨ ᠳᠠᠭᠤᠯᠠᠬᠤ ᠠᠶᠠᠰ᠂ ᠨᠡᠢᠯᠡᠭᠦᠯᠬᠦ ᠦᠭᠡᠰ᠂ ᠮᠠᠭᠲᠠᠭᠠᠯ ᠰᠢᠯᠦᠭ᠂ ᠡᠷᠭᠦᠮᠵᠢᠯᠡᠯ ᠤᠳᠬ᠎ᠠ ᠦᠨᠡᠬᠡᠷ ᠮᠠᠩᠨᠤᠭ ᠤ᠋ᠨ ᠳᠡᠭᠡᠷ᠎ᠡ ᠴᠡᠴᠡᠭ ᠨᠡᠮᠡᠲᠡᠯᠡ ᠳᠡᠯᠭᠡᠷᠡᠵᠦ᠂ ᠵᠣᠣ ᠹᠠᠨ ᠤ᠋ ᠰᠢᠯᠦᠭ ᠦ᠋ᠨ ᠠᠨᠳᠠ ᠨᠢᠭᠡᠨᠲᠡ ᠬᠥᠭᠵᠢᠵᠦ᠂ ᠴᠡᠷᠢᠭ ᠦ᠋ᠨ ᠬᠡᠷᠡᠭ ᠭᠤᠷᠪᠠᠨ ᠶᠢᠷᠲᠢᠨᠴᠦ ᠠᠯᠤᠰ ᠪᠣᠯᠵᠤ᠂ ᠰᠠᠢᠬᠠᠨ ᠰᠢᠯᠦᠭ ᠡᠴᠡ ᠰᠠᠢᠬᠠᠨ ᠳᠠᠷᠠᠰᠤ᠂ ᠰᠠᠢᠬᠠᠨ ᠳᠠᠷᠠᠰᠤ ᠠ᠋ᠴᠠ ᠰᠠᠢᠬᠠᠨ ᠡᠭᠡᠰᠢᠭ᠂ ᠰᠠᠢᠬᠠᠨ ᠡᠭᠡᠰᠢᠭ ᠡᠴᠡ ᠰᠠᠢᠬᠠᠨ ᠥᠩᠭᠡ ᠳ᠋ᠦ᠍ᠷ ᠠᠯᠳᠠᠷᠰᠢᠭᠰᠠᠭᠠᠷ ᠵᠢᠷᠭᠤᠭᠠᠨ ᠤᠵᠢᠳ ᠤ᠋ᠨ ᠴᠡᠩᠭᠡᠯ ᠨᠢᠭᠡᠨᠲᠡ ᠬᠥᠭᠵᠢᠵᠦ᠂ ᠶᠡᠬᠡ ᠴᠡᠷᠢᠭ ᠦ᠋ᠨ ᠬᠡᠷᠡᠭ ᠨᠢᠭᠡᠮᠦᠰᠦᠨ ᠠᠯᠤᠰ ᠪᠣᠯᠤᠭᠠᠳ ᠸᠠᠩ ᠮᠢᠨ᠂ ᠯᠢ ᠪᠦᠸᠧ ᠶᠤᠸᠠᠨ᠂ ᠹᠠᠨ ᠸᠸᠨ ᠪᠢᠨ᠂ ᠬᠤᠸᠠᠩ ᠭᠦᠸᠧ ᠪᠢ ᠨᠠᠷ ᠤ᠋ᠨ ᠤᠳᠬ᠎ᠠ ᠤᠶᠠᠩᠭ᠎ᠠ ᠮᠥᠨ ᠥᠲᠡᠯ᠎ᠡ ᠴᠡᠷᠢᠭ ᠦ᠋ᠨ ᠵᠠᠩᠵᠤᠨ ᠤ᠋ ᠪᠠᠢᠳᠠᠯ ᠦᠭᠡᠢ ᠲᠤᠯᠠ ᠠᠷᠢᠭᠤᠨ ᠬᠦᠷᠢᠶᠡᠯᠡᠩ᠂ ᠬᠡᠭᠡᠨᠴᠢᠷ ᠰᠢᠯᠦᠭ᠂ ᠠᠩᠬᠢᠯᠤᠮᠠᠯ ᠳᠡᠷᠡᠰᠦᠨ ᠦ᠌ ᠰᠠᠢᠬᠠᠨ ᠡᠬᠡᠰᠢᠭ᠂ ᠤᠷᠠᠨ ᠬᠣᠭᠣᠯᠠᠢᠲᠦ ᠰᠠᠢᠬᠠᠨ ᠥᠩᠭᠡ ᠳ᠋ᠦ᠍ᠷ ᠬᠡᠳᠦᠢ ᠲᠡᠮᠦᠷ ᠴᠢᠯᠠᠭᠤ ᠴᠤ᠌ ᠲᠡᠰᠬᠦᠶ᠎ᠡ ᠪᠡᠷᠬᠡ᠃ ᠵᠣᠣ ᠹᠠᠨ ᠥᠪᠡᠷ ᠦ᠋ᠨ ᠵᠢᠷᠭᠠᠯ ᠳ᠋ᠤᠷ ᠬᠡᠯᠪᠡᠷᠢᠬᠦ ᠪᠡᠨ ᠬᠡᠳᠦᠢ ᠮᠡᠳᠡᠪᠡᠴᠦ ᠨᠢᠭᠡᠨ ᠴᠠᠭ ᠲᠤᠷ ᠲᠡᠪᠴᠢᠨ ᠴᠢᠳᠠᠬᠤ ᠦᠭᠡᠢ ᠪᠣᠯᠤᠭᠠᠳ ᠲᠤᠩᠭᠠᠯᠠᠭ ᠵᠢᠷᠭᠠᠯ ᠢ᠋ ᠨᠢᠭᠡᠨᠲᠡ ᠲᠡᠪᠴᠢᠬᠦᠶᠡ ᠪᠡᠷᠬᠡ ᠪᠣᠯᠪᠠᠢ᠃ ᠡᠨᠡ ᠦᠨᠡᠬᠡᠷ 《ᠰᠠᠷᠠᠨ ᠬᠦᠷᠢᠶᠡᠯᠡᠪᠡᠰᠦ ᠰᠠᠭᠠᠷ ᠦᠭᠡᠢ ᠰᠠᠯᠬᠢᠯᠠᠮᠤᠢ᠂ ᠰᠠᠨᠠᠭᠠᠨ ᠣᠰᠤᠯᠳᠤᠪᠠᠰᠤ ᠰᠠᠨᠠᠯᠲᠠ ᠦᠭᠡᠢ ᠲᠠᠰᠢᠶᠠᠷᠠᠮᠤᠢ 》ᠬᠡᠮᠡᠭᠰᠡᠨᠴᠢᠯᠡᠨ᠂ ᠵᠣᠣ ᠹᠠᠨ ᠨᠢᠭᠡᠨ ᠶᠡᠬᠡ ᠵᠠᠩᠵᠤᠨ ᠪᠥᠭᠡᠳ ᠥᠴᠦᠬᠡᠨ ᠵᠢᠷᠭᠠᠯ ᠳ᠋ᠤᠷ ᠬᠡᠯᠪᠡᠷᠢᠨ ᠰᠢᠨ᠎ᠡ ᠵᠢᠯ ᠳ᠋ᠦ᠍ᠷ ᠣᠷᠣᠵᠤ ᠬᠠᠪᠤᠷ ᠤ᠋ᠨ ᠦᠵᠡᠮᠵᠢ ᠳ᠋ᠦ᠍ᠷ ᠵᠣᠭᠤᠭᠬᠢᠬᠦ ᠶ᠋ᠢ ᠪᠠᠰᠠ ᠬᠡᠯᠡᠯᠴᠡᠬᠦ ᠦᠭᠡᠢ᠃
ᠥᠭᠦᠯᠡᠬᠦ ᠢᠨᠤ ᠡᠨᠡ ᠵᠢᠯ ᠦ᠋ᠨ ᠴᠠᠭᠠᠨ ᠰᠠᠷ᠎ᠠ ᠶ᠋ᠢᠨ ᠴᠠᠭᠠᠯᠠᠬᠤ ᠥᠷᠯᠥᠭᠡ ᠶ᠋ᠢᠨ ᠶᠣᠰᠣᠭᠠᠷ ᠣᠯᠠᠨ ᠭᠠᠳᠠᠭᠠᠳᠤ ᠸᠠᠩ ᠰᠠᠢᠳ ᠤ᠋ᠳ ᠪᠠ ᠤᠭᠰᠠᠭ᠎ᠠ ᠶ᠋ᠢᠨ ᠨᠣᠶᠠᠳ ᠶᠣᠰᠣᠲᠤ ᠪᠡᠯᠡᠭ ᠢ᠋ᠶ᠋ᠡᠨ ᠬᠦᠷᠭᠡᠵᠦ ᠢᠷᠡᠨ ᠪᠠᠷᠠᠯᠬᠠᠨ ᠮᠥᠷᠭᠥᠵᠦ᠂ ᠸᠠᠨ ᠠᠨ ᠬᠦᠩ ᠣᠷᠳᠣᠨ ᠢ᠋ ᠪᠠᠢᠭᠤᠯᠵᠤ ᠲᠡᠭᠦᠰᠦᠭᠰᠡᠨ ᠪᠠᠶᠠᠷ ᠲᠤᠷ ᠨᠡᠢᠯᠡᠭᠦᠯᠦᠨ ᠶᠡᠬᠡ ᠬᠤᠷᠢᠮ ᠬᠤᠷᠢᠮᠯᠠᠬᠤᠶ᠎ᠠ᠂ ᠬᠠᠭᠠᠨ ᠤ᠋ ᠭᠡᠭᠡᠨ ᠬᠠᠭᠤᠴᠢᠨ ᠭᠠᠪᠢᠶᠠᠲᠤ ᠰᠠᠢᠳ ᠪᠠ ᠶᠡᠬᠡ ᠸᠠᠩ ᠤ᠋ᠳ ᠬᠢᠭᠡᠳ ᠤᠭᠰᠠᠭ᠎ᠠ ᠶ᠋ᠢᠨ ᠨᠣᠶᠠᠳ ᠲᠤᠷ ᠠᠷᠢᠬᠢ ᠬᠠᠢᠷᠠᠯᠠᠨ ᠬᠥᠬᠢᠭᠦᠯᠦᠭᠰᠡᠨ ᠬᠣᠢᠨ᠎ᠠ᠂ ᠣᠯᠠᠨ ᠤᠯᠤᠰ ᠠ᠋ᠴᠠ ᠰᠢᠨ᠎ᠡ ᠳᠠᠭᠠᠭᠰᠠᠨ ᠲᠦᠰᠢᠮᠡᠳ ᠢ᠋ ᠬᠤᠷᠢᠮᠯᠠᠬᠤᠢ ᠳ᠋ᠤᠷ ᠪᠦᠭᠦᠳᠡ ᠶ᠋ᠢᠨ ᠤᠷᠢᠳᠠ ᠭᠠᠭᠴᠠ ᠶᠧ ᠯᠢᠦᠢ ᠴᠦ ᠼᠠᠢ ᠶ᠋ᠢ ᠬᠠᠮᠤᠭ ᠤ᠋ᠨ ᠡᠮᠦᠨ᠎ᠡ ᠳᠠᠭᠤᠳᠠᠵᠤ ᠬᠠᠭᠠᠨ ᠤ᠋ ᠭᠡᠭᠡᠨ ᠮᠣᠳᠣᠷ ᠢ᠋ᠶ᠋ᠠᠷ ᠠᠷᠢᠬᠢ ᠬᠠᠢᠷᠠᠯᠠᠵᠤ ᠵᠠᠷᠯᠢᠭ ᠪᠣᠯᠤᠷᠤᠨ : 《ᠮᠢᠨᠦ ᠳᠡᠭᠡᠳᠦ ᠪᠣᠭᠳᠠ ᠪᠠᠭᠠᠲᠤᠷ ᠬᠤᠸᠠᠩᠳᠢ ᠬᠠᠭᠠᠨ ᠡᠴᠢᠭᠡ ᠶ᠋ᠢᠨ ᠭᠠᠰᠢᠭᠤᠨ ᠢ᠋ ᠬᠠᠮᠲᠤᠳᠬᠠᠭᠰᠠᠨ ᠂ ᠬᠥᠭᠰᠢᠨ ᠭᠠᠪᠢᠶᠠᠲᠤ ᠰᠠᠢᠳ ᠤ᠋ᠳ ᠢ᠋ ᠭᠠᠷᠭᠠᠪᠠᠰᠤ᠂ ᠡᠮᠦᠨ᠎ᠡ ᠵᠦᠭ ᠦ᠋ᠨ ᠣᠯᠠᠨ ᠤᠯᠤᠰ ᠤ᠋ᠨ ᠡᠷᠢᠵᠦ ᠳᠠᠭᠠᠭᠰᠠᠨ ᠵᠠᠭᠤᠨ ᠲᠦᠰᠢᠮᠡᠳ ᠦ᠋ᠨ ᠳᠣᠲᠣᠷ᠎ᠠ ᠠ᠋ᠴᠠ ᠶᠧ ᠯᠢᠦᠢ ᠴᠦ ᠼᠠᠢ ᠴᠢ ᠬᠡᠮᠡᠭᠴᠢ ᠮᠢᠨᠦ ᠡᠴᠢᠭᠡ ᠬᠠᠭᠠᠨ ᠤ᠋ ᠨᠠᠳᠠ ᠳ᠋ᠤᠷ ᠭᠡᠷᠢᠶᠡᠰᠦᠯᠡᠨ ᠲᠤᠰᠢᠶᠠᠭᠰᠠᠨ ᠤᠴᠢᠷ ᠪᠣᠢ᠂ ᠡᠭᠦᠨ ᠦ᠌ ᠳᠡᠭᠡᠷ᠎ᠡ ᠮᠠᠨ ᠤ᠋ ᠬᠥᠭᠰᠢᠨ ᠪᠣᠯᠭᠣᠮᠵᠢᠲᠤ ᠮᠡᠷᠭᠡᠨ ᠲᠡᠢᠰᠢ ᠭᠦᠸᠧ ᠸᠠᠩ ᠮᠤᠬᠤᠯᠢ ᠮᠥᠨ ᠭᠦᠨ᠎ᠡ ᠲᠠᠨᠢᠵᠤ ᠡᠷᠭᠦᠭᠰᠡᠨ ᠭᠠᠵᠠᠷ ᠪᠣᠢ ᠂ ᠡᠨᠡ ᠢᠨᠤ ᠳᠡᠭᠡᠳᠦ ᠳᠣᠣᠷᠠᠲᠤ ᠨᠡᠢᠲᠡ ᠪᠡᠷ ᠲᠣᠷ ᠨᠡᠢᠴᠡᠵᠦ ᠴᠢᠩ ᠦᠨᠡᠨ ᠰᠠᠢᠨ ᠤ᠋ ᠰᠢᠯᠲᠠᠭᠠᠨ ᠳ᠋ᠤᠷ ᠪᠣᠯᠠᠢ ᠃ ᠮᠡᠬᠦᠰ ᠬᠥᠮᠦᠨ ᠮᠢᠨᠦ ᠴᠢᠩ ᠴᠢᠮᠠᠶ᠋ᠢ ᠭᠦᠨ᠎ᠡ ᠢᠲᠡᠭᠡᠭᠰᠡᠨ ᠢᠨᠦ ᠡᠨᠡ ᠭᠤᠷᠪᠠᠨ ᠵᠦᠢᠯ ᠬᠠᠪᠰᠤᠭᠰᠠᠨ ᠳ᠋ᠤᠷ ᠨᠢᠭᠡᠨᠲᠡ ᠮᠠᠭᠠᠳ ᠢᠲᠡᠭᠡᠭᠰᠡᠨ ᠪᠤᠶᠤ᠃ ᠴᠢᠩ ᠴᠢ ᠡᠳᠦᠷ ᠰᠥᠨᠢ ᠦᠭᠡᠢ ᠮᠢᠨᠦ ᠤᠯᠤᠰ ᠲᠥᠷᠥ ᠶ᠋ᠢᠨ ᠲᠤᠯᠠ ᠪᠣᠳᠣᠵᠤ ᠰᠠᠨᠠᠨ᠂ ᠠᠳᠠᠯᠢ ᠵᠡᠷᠭᠡ ᠶ᠋ᠢᠨ ᠲᠦᠰᠢᠮᠡᠳ ᠲᠣᠷ ᠮᠠᠭᠤ ᠪᠣᠯᠬᠤ ᠠ᠋ᠴᠠ ᠦᠯᠦ ᠠᠶᠤᠨ᠂ ᠡᠷᠬᠡᠪᠰᠢ ᠮᠠᠨ ᠤ᠋ ᠤᠯᠤᠰ ᠲᠥᠷᠥ ᠶ᠋ᠢᠨ ᠲᠥᠯᠥᠭᠡ ᠪᠣᠳᠣᠵᠤ᠂ ᠲᠦᠮᠡᠨ ᠦᠶ᠎ᠡ ᠨᠡᠷ᠎ᠡ ᠬᠣᠴᠣᠷᠤᠭᠤᠯᠬᠤ ᠶ᠋ᠢ ᠰᠠᠨᠠᠬᠤ ᠠᠨᠤ ᠮᠡᠷᠭᠡᠨ ᠪᠠᠲᠤ ᠰᠠᠢᠳ ᠪᠣᠯᠠᠢ ! ᠮᠡᠬᠦᠰ ᠬᠥᠮᠦᠨ ᠪᠢ ᠮᠥᠨ ᠬᠡᠳᠦ ᠬᠡᠳᠦᠨ ᠤᠳᠠᠭ᠎ᠠ ᠵᠣᠷᠢᠮᠠᠭ ᠢ᠋ᠶ᠋ᠠᠷ ᠵᠠᠰᠠᠭ ᠬᠠᠤᠯᠢ ᠠ᠋ᠴᠠ ᠥᠴᠦᠬᠡᠨ ᠵᠥᠷᠢᠴᠡᠨ ᠶᠠᠪᠤᠪᠠᠰᠤ᠂ ᠴᠢᠩ ᠴᠢ ᠡᠷᠬᠡᠪᠰᠢ ᠡᠷᠢᠨ ᠬᠣᠷᠢᠭᠯᠠᠬᠤ ᠠᠨᠤ ᠡᠵᠡᠨ ᠢ᠋ ᠦᠯᠦ ᠦᠲᠡᠭᠡᠷᠦᠨ ᠲᠠᠰᠢᠮᠠᠭᠠᠢ ᠬᠡᠯᠪᠡᠢᠭᠦᠦ ᠶ᠋ᠢ ᠦᠯᠦ ᠬᠡᠷᠡᠭᠯᠡᠬᠦ ᠴᠢᠩ ᠦᠨᠡᠨ ᠢᠨᠤ ᠢᠯᠡᠷᠡᠪᠡ᠃ ᠨᠡᠩ ᠪᠠᠰᠠ ᠡᠨᠡ ᠵᠢᠯ ᠪᠠᠷᠢᠭᠳᠠᠵᠤ ᠢᠷᠡᠭᠰᠡᠨ ᠴᠡᠷᠢᠭ ᠦ᠋ᠨ ᠢᠷᠭᠡᠨ ᠢ᠋ ᠬᠣᠷᠢᠭᠤᠯᠵᠤ ᠶᠠᠪᠤᠬᠤᠶ᠎ᠠ᠂ ᠵᠠᠷᠯᠢᠭ ᠢ᠋ᠶ᠋ᠠᠷ ᠭᠤᠶᠤᠭᠰᠠᠨ ᠭᠠᠵᠠᠷ ᠪᠦᠷᠢ ᠶ᠋ᠢ ᠬᠠᠮᠲᠤ ᠪᠠᠷ ᠶᠠᠯ᠎ᠠ ᠬᠡᠯᠡᠯᠴᠡᠬᠦᠢ ᠳ᠋ᠦ᠍ᠷ ᠵᠠᠮ ᠭᠣᠳᠣᠰ ᠦᠬᠦᠭᠰᠡᠨ ᠬᠥᠮᠦᠨ ᠣᠯᠠᠨ ᠪᠣᠯᠤᠭᠰᠠᠨ ᠳ᠋ᠤᠷ ᠶᠧ ᠯᠢᠦᠢ ᠴᠦ ᠼᠠᠢ ᠠᠢᠯᠠᠳᠬᠠᠵᠤ ᠡᠨᠡ ᠵᠠᠷᠯᠢᠭ ᠢ᠋ ᠬᠣᠷᠢᠭᠯᠠᠨ᠂ ᠪᠠᠰᠠ ᠴᠸᠨ ᠵᠧᠦ᠂ ᠬᠦᠩ ᠵᠧᠦ ᠶ᠋ᠢᠨ ᠢᠷᠭᠡᠨ ᠢ᠋ ᠬᠡᠯᠲᠦᠷᠢᠭᠦᠯᠦᠨ ᠬᠣᠷᠢᠨ ᠬᠡᠳᠦᠨ ᠬᠣᠲᠠᠨ ᠢ᠋ ᠳᠠᠭᠠᠭᠤᠯᠪᠠ᠃ ᠡᠳᠡᠭᠡᠷ ᠴᠥᠮ ᠥᠪᠡᠷ ᠦ᠋ᠨ ᠮᠠᠭᠤ ᠪᠣᠯᠬᠤ ᠠ᠋ᠴᠠ ᠦᠯᠦ ᠵᠠᠢᠯᠠᠨ᠂ ᠤᠯᠤᠰ ᠲᠥᠷᠥ ᠶ᠋ᠢᠨ ᠲᠤᠯᠠ ᠪᠣᠳᠣᠭᠰᠠᠨ ᠰᠢᠳᠤᠷᠭᠤ ᠭᠠᠵᠠᠷ ᠪᠣᠯᠠᠢ ! ᠨᠡᠩ ᠪᠠᠰᠠ ᠦᠢᠯᠡᠳᠬᠦ ᠵᠣᠷᠭᠠᠨᠠ ᠦᠢᠯᠡ ᠦᠢᠯᠡᠳᠬᠦᠢ ᠳ᠋ᠦ᠍ᠷ ᠠᠯᠪᠠᠨ ᠤ᠋ ᠠᠷᠠᠳ ᠤ᠋ᠨ ᠬᠣᠨᠵᠢᠵᠤ ᠬᠣᠯᠲᠣᠯᠬᠤ ᠶ᠋ᠢ ᠪᠠᠢᠴᠠᠭᠠᠨ ᠭᠠᠷᠭᠠᠵᠤ ᠰᠢᠳᠬᠡᠭᠡᠳ ᠳᠣᠷᠣᠭᠰᠢ ᠬᠡᠮᠵᠢᠶ᠎ᠡ ᠵᠢᠱ᠌ᠢᠶ᠎ᠡ ᠶ᠋ᠢ ᠲᠣᠭᠲᠠᠭᠠᠭᠰᠠᠨ ᠠᠨᠤ ᠮᠠᠰᠢ ᠲᠣᠳᠣᠷᠬᠠᠢ ᠳ᠋ᠤᠷ ᠮᠡᠬᠦᠰ ᠬᠥᠮᠦᠨ ᠪᠢ ᠦᠨᠡᠬᠡᠷ ᠲᠡᠭᠦᠨ ᠦ᠌ ᠴᠢᠩ ᠦᠨᠡᠨ ᠢ᠋ ᠲᠣᠯᠢᠳᠠᠨ ᠪᠡᠶᠡᠰᠦᠮᠦᠢ᠃ ᠲᠡᠢᠨ ᠬᠦ᠌ ᠬᠤᠷᠴᠠ ᠲᠠᠰᠤᠷᠬᠠᠢ ᠶ᠋ᠢ ᠡᠵᠡᠨ ᠴᠢᠨᠦ ᠪᠢ ᠶᠠᠪᠤᠭᠤᠯᠰᠤᠭᠠᠢ᠂ ᠵᠠᠯᠭᠠᠮᠵᠢᠯᠠᠨ ᠤᠯᠠᠷᠢᠬᠤ ᠶ᠋ᠢ ᠠᠨᠤ ᠴᠢᠩ ᠴᠢ ᠮᠡᠳᠡᠲᠦᠭᠡᠢ᠂ ᠮᠡᠬᠦᠰ ᠬᠥᠮᠦᠨ ᠡᠮᠦᠨ᠎ᠡ ᠵᠦᠭ ᠦ᠋ᠨ ᠤᠯᠠᠭᠠᠨ ᠥᠩᠭᠡᠲᠦ ᠬᠢᠳᠠᠨ ᠨᠠᠷ ᠢ᠋ ᠲᠣᠭᠲᠠᠨᠢᠭᠤᠯᠤᠨ᠂ ᠵᠦᠩ ᠶᠤᠸᠠᠨ ᠤ᠋ ᠭᠠᠵᠠᠷ ᠢ᠋ ᠠᠮᠤᠷ ᠪᠣᠯᠭᠠᠨ᠂ ᠮᠡᠬᠦᠰ ᠬᠥᠮᠦᠨ ᠪᠢ ᠬᠢᠲᠠᠳ ᠭᠠᠵᠠᠷ ᠤ᠋ᠨ ᠭᠤᠷᠪᠠᠨ ᠮᠣᠵᠢ ᠶ᠋ᠢ ᠡᠩᠬᠡ ᠲᠦᠪᠰᠢᠨ ᠢ᠋ᠶ᠋ᠡᠷ ᠡᠵᠡᠯᠡᠵᠦ᠂ ᠯᠤᠤ ᠶ᠋ᠢᠨ ᠬᠠᠷᠰᠢ ᠳ᠋ᠤᠷ ᠠᠮᠤᠷ ᠨᠣᠢᠷᠰᠤᠵᠤ᠂ ᠴᠡᠷᠢᠭ ᠲᠡᠢᠨ ᠦ᠌ ᠬᠡᠭᠡᠷ᠎ᠡ ᠲᠠᠯ᠎ᠠ ᠳ᠋ᠤᠷ ᠪᠣᠯᠪᠠᠴᠤ ᠰᠡᠳᠬᠢᠯ ᠠᠮᠤᠭᠤᠯᠠᠩ ᠠᠨᠤ ᠴᠥᠮ ᠴᠢᠩ ᠴᠢᠨᠦ ᠭᠠᠵᠠᠷ ᠣᠷᠣᠨ ᠤ᠋ ᠡᠶ᠎ᠡ ᠡᠪ ᠢ᠋ ᠮᠡᠳᠡᠵᠦ᠂ ᠮᠡᠬᠦᠰ ᠬᠥᠮᠦᠨ ᠨᠠᠳᠠ ᠳ᠋ᠤᠷ ᠴᠢᠩ ᠦᠨᠡᠨ ᠢ᠋ᠶ᠋ᠡᠷ ᠳᠤᠷᠠᠳᠬᠠᠨ ᠠᠢᠯᠠᠳᠬᠠᠭᠰᠠᠨ ᠤ᠋ ᠰᠠᠢᠨ ᠳ᠋ᠤᠷ ᠪᠣᠯᠠᠢ ! 》ᠬᠡᠮᠡᠭᠡᠳ ᠰᠢᠳᠠᠷ ᠰᠠᠢᠳ ᠲᠤᠷ ᠵᠠᠷᠯᠢᠭ ᠪᠠᠭᠤᠯᠭᠠᠨ 《ᠰᠢ ᠢᠦᠢ᠂ ᠲᠠᠩᠭᠤᠳ᠂ ᠤᠢᠭᠤᠷ᠂ ᠬᠣᠲᠣᠩ ᠤ᠋ᠨ ᠵᠡᠷᠭᠡ ᠶ᠋ᠢᠨ ᠣᠯᠠᠨ ᠤᠯᠤᠰ ᠪᠠ ᠵᠢᠴᠢ ᠡᠮᠦᠨ᠎ᠡ ᠶᠡᠬᠡ ᠰᠥᠩ ᠤᠯᠤᠰ ᠬᠢᠭᠡᠳ ᠪᠠᠰᠠ ᠭᠠᠤᠯᠢ ᠤᠯᠤᠰ ᠤ᠋ᠨ ᠵᠡᠷᠭᠡ ᠶ᠋ᠢᠨ ᠣᠯᠠᠨ ᠮᠥᠷᠭᠥᠷ᠎ᠡ ᠢᠷᠡᠭᠰᠡᠨ᠂ ᠰᠢᠨᠡᠯᠡᠬᠦ ᠶ᠋ᠢᠨ ᠵᠢᠰᠢᠶᠡᠨ ᠳ᠋ᠦ᠍ᠷ ᠣᠷᠣᠭᠰᠠᠨ ᠡᠯᠴᠢ ᠶᠡᠬᠡᠬᠡᠨ ᠰᠠᠢᠳ ᠤ᠋ᠳ ᠢ᠋ ᠬᠠᠷᠰᠢ ᠶ᠋ᠢᠨ ᠳᠡᠭᠡᠷ᠎ᠡ ᠵᠠᠷᠯᠠᠨ ᠠᠪᠠᠷᠢᠭᠤᠯᠵᠤ᠂ ᠡᠳᠡᠭᠡᠷ ᠵᠠᠷᠯᠢᠭ ᠤ᠋ᠳ ᠢ᠋ ᠤᠯᠠᠮᠵᠢᠯᠠᠨ ᠰᠣᠨᠣᠰᠬᠠᠵᠤ᠂ ᠳᠠᠬᠢᠨ ᠳᠣᠬᠢᠵᠤ ᠣᠢᠷ᠎ᠠ ᠳᠡᠪᠰᠢᠭᠦᠯᠦᠨ᠂ ᠬᠠᠭᠠᠨ ᠤ᠋ ᠭᠡᠭᠡᠨ ᠠᠮᠠᠨ ᠢ᠋ᠶ᠋ᠠᠷ ᠵᠠᠷᠯᠢᠭ ᠪᠣᠯᠤᠨ ᠶᠧ ᠯᠢᠦᠢ ᠴᠦ ᠼᠠᠢ ᠶ᠋ᠢ ᠮᠣᠳᠣᠷ ᠢ᠋ᠶ᠋ᠠᠷ ᠵᠢᠭᠠᠵᠤ᠂ ᠭᠠᠳᠠᠭᠠᠳᠤ ᠰᠠᠢᠳ ᠤ᠋ᠨ ᠵᠦᠭ ᠠᠰᠠᠭᠤᠷᠤᠨ : 《ᠲᠠᠨ ᠤ᠋ ᠭᠠᠳᠠᠭᠠᠳᠤ ᠤᠯᠤᠰ ᠲᠤᠷ ᠮᠢᠨᠦ ᠡᠨᠡ ᠶᠧ ᠯᠢᠦᠢ ᠴᠦ ᠼᠠᠢ ᠮᠡᠲᠦ ᠰᠠᠢᠳ ᠪᠣᠢ ᠤᠤ ? 》 ᠬᠡᠮᠡᠭᠰᠡᠨ ᠳ᠋ᠦ᠍ᠷ ᠣᠯᠠᠨ ᠡᠯᠴᠢ ᠨᠦ᠍ᠭᠦᠳ ᠮᠥᠷᠭᠥᠨ ᠠᠢᠯᠠᠳᠬᠠᠷᠤᠨ : 《ᠮᠠᠨ ᠤ᠋ ᠳᠣᠣᠷᠠᠲᠤ ᠤᠯᠤᠰ ᠲᠤᠷ ᠦᠨᠡᠬᠡᠷ ᠡᠨᠡ ᠮᠡᠲᠦ ᠰᠠᠢᠳ ᠦᠭᠡᠢ᠂ ᠪᠣᠭᠣᠯ ᠰᠠᠢᠳ ᠪᠢᠳᠡ ᠲᠡᠭᠷᠢ ᠶ᠋ᠢᠨ ᠤᠯᠤᠰ ᠤ᠋ᠨ ᠵᠠᠭᠤᠨ ᠣᠪᠣᠭᠲᠠᠨ ᠤ᠋ ᠬᠡᠯᠡᠯᠴᠡᠬᠦ ᠶ᠋ᠢ ᠰᠣᠨᠣᠰᠬᠤᠯ᠎ᠠ ᠦᠨᠡᠬᠡᠷ ᠬᠤᠪᠢᠯᠭᠠᠨ ᠮᠡᠲᠦ ᠰᠠᠢᠳ ᠮᠥᠨ᠂ ᠶᠡᠷᠦ ᠡᠩ ᠦ᠋ᠨ ᠥᠲᠡᠯ᠎ᠡ ᠬᠥᠮᠦᠨ ᠪᠤᠰᠤ᠃ ᠪᠣᠭᠣᠯ ᠰᠠᠢᠳ ᠠᠶᠤᠮᠰᠢᠭ ᠦᠭᠡᠢ ᠡᠷᠭᠦᠯᠬᠢᠯᠡᠨ ᠦᠯᠦ ᠠᠢᠯᠠᠳᠬᠠᠮᠤᠢ ! 》ᠬᠡᠮᠡᠭᠰᠡᠨ ᠳ᠋ᠦ᠍ᠷ ᠬᠠᠭᠠᠨ ᠤ᠋ ᠭᠡᠭᠡᠨ ᠪᠠᠬᠠᠨ ᠮᠦᠰᠢᠶᠡᠵᠦ ᠵᠠᠷᠯᠢᠭ ᠪᠣᠯᠤᠷᠤᠨ :《ᠡᠨᠡ ᠦᠭᠡ ᠬᠠᠷᠢᠨ ᠴᠤ᠌ ᠦᠨᠡᠨ ᠦᠭᠡ ᠪᠣᠢ ᠢ᠋᠎ᠡ ᠂ ᠮᠡᠬᠦᠰ ᠬᠥᠮᠦᠨ ᠪᠢ ᠴᠦ᠍ ᠲᠡᠢᠨ ᠬᠦ᠌ ᠰᠠᠨᠠᠮᠤᠢ᠂ ᠯᠠᠪ ᠮᠠᠨᠳᠤᠬᠤ ᠲᠥᠷᠥ ᠶ᠋ᠢᠨ ᠮᠡᠷᠭᠡᠳ ᠢ ᠮᠥᠬᠥᠬᠦ ᠤᠯᠤᠰ ᠤ᠋ᠨ ᠡᠷᠳᠡᠮᠲᠡᠨ ᠳ᠋ᠦ᠍ᠷ ᠦᠯᠢᠳᠬᠡᠵᠦ ᠦᠯᠦ ᠪᠣᠯᠤᠨᠠᠮ ᠢ᠋᠎ᠡ ! ᠬᠡᠷᠪᠡ ᠡᠢᠮᠦ ᠬᠥᠮᠦᠨ ᠢ᠋ ᠮᠥᠬᠥᠬᠦ ᠤᠯᠤᠰ ᠲᠤᠷ ᠬᠡᠷᠡᠭᠯᠡᠪᠡᠰᠦ ᠯᠠᠪ ᠤᠯᠤᠰ ᠢ᠋ᠶ᠋ᠠᠨ ᠦᠯᠦ ᠮᠥᠬᠥᠭᠡᠮᠦᠢ ! 》ᠭᠡᠮᠡᠨ ᠵᠡᠭᠦᠨ ᠪᠠᠷᠠᠭᠤᠨ ᠡᠲᠡᠭᠡᠳ ᠦ᠋ᠨ ᠰᠢᠳᠠᠷ ᠸᠠᠩ ᠰᠠᠢᠳ ᠤ᠋ᠳ ᠢ᠋ ᠬᠠᠷᠠᠵᠤ ᠮᠦᠰᠢᠶᠡᠪᠡ ᠃ ᠭᠠᠳᠠᠭᠠᠳᠤ ᠤᠯᠤᠰ ᠤ᠋ᠨ ᠲᠦᠰᠢᠮᠡᠳ ᠨᠠᠷ ᠡᠨᠡ ᠵᠠᠷᠯᠢᠭ ᠲᠤᠷ ᠴᠥᠮ ᠬᠢᠷᠳ᠋ᠬᠢᠵᠦ ᠠᠶᠤᠨ ᠰᠣᠴᠢᠪᠠᠢ᠃
ᠲᠡᠳᠦᠢ ᠬᠠᠭᠠᠨ ᠤ᠋ ᠭᠡᠭᠡᠨ ᠶᠧ ᠯᠢᠦᠢ ᠴᠦ ᠼᠠᠢ ᠳ᠋ᠤᠷ ᠮᠣᠳᠣᠷ ᠢ᠋ᠶ᠋ᠠᠷ ᠠᠷᠢᠬᠢ ᠬᠠᠢᠷᠠᠯᠠᠨ ᠣᠯᠠᠨ ᠤ᠋ ᠡᠮᠦᠨ᠎ᠡ ᠶᠡᠬᠡ ᠲᠥᠷᠥ ᠳ᠋ᠦ᠍ᠷ ᠬᠥᠬᠢᠭᠦᠯᠬᠦ ᠶ᠋ᠢ ᠦᠵᠡᠭᠦᠯᠪᠡ᠃ ᠭᠤᠷᠪᠠᠨ ᠰᠠᠷ᠎ᠠ ᠳ᠋ᠤᠷ ᠡᠮᠦᠨ᠎ᠡ ᠰᠢᠶᠠᠩ ᠶᠠᠩ ᠢ᠋ ᠪᠠᠢᠯᠳᠤᠬᠤ ᠲᠠᠢᠽᠢ ᠬᠥᠶᠦᠭ ᠦ᠋ᠨ ᠲᠡᠨᠳᠡ ᠡᠴᠡ ᠳᠡᠢᠯᠦᠭᠰᠡᠨ ᠮᠡᠳᠡᠭᠡᠨ ᠦ᠌ ᠤᠯᠠᠭᠠᠨ ᠲᠤᠭ ᠳᠣᠪᠲᠣᠯᠤᠨ ᠠᠢᠯᠠᠳᠬᠠᠷ᠎ᠠ ᠢᠷᠡᠪᠡ᠃ ᠰᠢᠶᠠᠩ ᠶᠠᠩ ᠤ᠋ᠨ ᠬᠣᠲᠠᠨ ᠢ᠋ ᠬᠡᠷᠬᠢᠨ ᠣᠯᠪᠠ ? ᠬᠡᠮᠡᠪᠡᠰᠦ : ᠤᠭ ᠠ᠋ᠴᠠ ᠶᠡᠬᠡ ᠰᠥᠩ ᠤᠯᠤᠰ ᠤ᠋ᠨ ᠵᠣᠣ ᠹᠠᠨ᠂ ᠰᠢᠶᠠᠩ ᠵᠢᠶᠠᠩ ᠳ᠋ᠤᠷ ᠪᠠᠢᠵᠤ᠂ ᠮᠣᠩᠭᠣᠯ ᠢ᠋ ᠰᠡᠷᠭᠡᠢᠯᠡᠨ ᠪᠠᠢᠯᠳᠤᠬᠤ ᠵᠠᠩᠵᠤᠨ ᠸᠠᠩ ᠮᠢᠨ᠂ ᠯᠢ ᠪᠦᠸᠧ ᠶᠤᠸᠠᠨ᠂ ᠹᠠᠨ ᠸᠸᠨ ᠪᠢᠨ᠂ ᠬᠤᠸᠠᠩ ᠭᠦᠸᠧ ᠪᠢ ᠲᠠᠨ ᠬᠠᠷᠢᠯᠴᠠᠨ ᠰᠡᠳᠬᠢᠯ ᠨᠢᠭᠡᠳᠴᠦ ᠵᠥᠪᠯᠡᠨ ᠨᠡᠢᠯᠡᠭᠡᠳ ᠮᠣᠩᠭᠣᠯ ᠳ᠋ᠤᠷ ᠬᠣᠲᠠᠨ ᠢ᠋ ᠡᠷᠭᠦᠵᠦ ᠭᠠᠪᠢᠶ᠎ᠠ ᠪᠣᠯᠭᠠᠬᠤ ᠶ᠋ᠢ ᠰᠡᠳᠬᠢᠵᠦ᠂ ᠥᠷᠯᠥᠭᠡ ᠦᠳᠡᠰᠢ ᠬᠠᠭᠠᠴᠠᠰᠢ ᠦᠭᠡᠢ᠂ ᠳᠡᠭᠡᠷ᠎ᠡ ᠳᠣᠣᠷ᠎ᠠ ᠶ᠋ᠢᠨ ᠢᠯᠭᠠᠯ ᠢ᠋ ᠪᠣᠳᠣᠬᠤ ᠦᠭᠡᠢ᠂ ᠵᠣᠣ ᠹᠠᠨ ᠢ᠋ ᠰᠢᠯᠦᠭ ᠳᠡᠷᠡᠰᠦᠨ ᠥᠩᠭᠡ ᠡᠬᠡᠰᠢᠭ ᠦ᠋ᠨ ᠵᠢᠭᠰᠠᠭᠠᠯ ᠳ᠋ᠤᠷ ᠬᠣᠷᠢᠭᠳᠠᠭᠤᠯᠵᠤ᠂ ᠢᠷᠭᠡᠨ ᠦ᠌ ᠵᠠᠷᠭᠤ ᠵᠠᠭᠠᠯᠢᠬᠠᠢ ᠪᠠ ᠬᠢᠵᠠᠭᠠᠷ ᠤ᠋ᠨ ᠬᠡᠷᠡᠭ ᠶᠠᠪᠤᠳᠠᠯ ᠢ᠋ ᠨᠢᠭᠡᠮᠦᠰᠦᠨ ᠰᠢᠳᠬᠡᠬᠦ ᠦᠭᠡᠢ ᠪᠣᠯᠤᠭᠠᠳ ᠶᠤᠸᠠᠨᠱᠤᠸᠠᠢ ᠵᠠᠩᠵᠤᠨ ᠳᠡᠭᠡᠷ᠎ᠡ ᠳᠣᠣᠷ᠎ᠠ ᠢᠯᠭᠠᠯ ᠦᠭᠡᠢ ᠪᠣᠯᠵᠤ᠂ ᠡᠮᠦᠨ᠎ᠡ ᠤᠮᠠᠷ᠎ᠠ ᠶ᠋ᠢᠨ ᠴᠡᠷᠢᠭ ᠬᠠᠷᠢᠯᠴᠠᠨ ᠲᠡᠮᠡᠴᠡᠯᠳᠦᠬᠦᠢ ᠳ᠋ᠦ᠍ᠷ ᠵᠣᠣ ᠹᠠᠨ ᠳᠠᠷᠤᠩᠭᠤᠢᠯᠠᠬᠤ᠂ ᠢᠯᠭᠠᠬᠤ᠂ ᠬᠠᠮᠠᠭᠠᠯᠠᠬᠤ᠂ ᠲᠡᠳᠬᠦᠬᠦ ᠶ᠋ᠢ ᠠᠯᠳᠠᠭᠰᠠᠨ ᠢ᠋ᠶ᠋ᠠᠷ ᠸᠠᠩ ᠮᠢᠨ᠂ ᠯᠢ ᠪᠦᠸᠧ ᠶᠤᠸᠠᠨ ᠨᠠᠷ ᠤᠷᠢᠳᠠ ᠡᠳᠦᠷ ᠲᠣᠭᠲᠠᠵᠤ ᠮᠣᠩᠭᠣᠯ ᠤ᠋ᠨ ᠲᠠᠢᠽᠢ ᠭᠦᠶᠦᠭ ᠦ᠋ᠨ ᠴᠡᠷᠢᠭ ᠦ᠋ᠨ ᠬᠦᠷᠢᠶ᠎ᠡ ᠳ᠋ᠦ᠍ᠷ ᠬᠤᠯᠠᠭᠤᠨ ᠡᠯᠴᠢ ᠵᠠᠷᠤᠵᠤ᠂ ᠰᠢᠶᠠᠩ ᠶᠠᠩ ᠬᠣᠲᠠ ᠶ᠋ᠢᠨ ᠳᠣᠲᠣᠷ᠎ᠠ ᠭᠠᠯ ᠮᠠᠨᠳᠤᠬᠤ ᠪᠠᠷ ᠲᠡᠮᠳᠡᠭ ᠪᠣᠯᠭᠠᠨ ᠢᠯᠡᠭᠡᠵᠦ᠂ ᠮᠣᠩᠭᠣᠯ ᠤ᠋ᠨ ᠬᠠᠭᠠᠰ ᠴᠡᠷᠢᠭ ᠢ᠋ ᠪᠢᠴᠢᠭ ᠲᠠᠷᠢᠶᠠᠯᠠᠩ ᠤᠷᠠᠴᠤᠳ ᠬᠤᠳᠤᠯᠳᠤᠭ᠎ᠠ ᠨᠠᠷ ᠤ᠋ᠨ ᠶᠠᠩᠵᠤ ᠪᠠᠷ ᠴᠢᠮᠡᠭᠦᠯᠦᠨ ᠠᠷᠪᠠᠨ ᠠᠩᠭᠢ ᠪᠠᠷ ᠰᠠᠯᠭᠠᠵᠤ᠂ ᠰᠢᠶᠠᠩ ᠶᠠᠩ ᠬᠣᠲᠠᠨ ᠳ᠋ᠤᠷ ᠣᠷᠣᠭᠤᠯᠵᠤ ᠴᠡᠷᠢᠭ ᠦ᠋ᠨ ᠵᠡᠪᠰᠡᠭ ᠪᠠ ᠬᠤᠶᠠᠭ ᠳᠤᠭᠤᠯᠠᠭ᠎ᠠ ᠶ᠋ᠢ ᠱᠠᠭᠠᠯᠤᠭᠰᠠᠨ ᠣᠯᠣᠰᠣ ᠬᠢᠮ᠎ᠠ ᠬᠤᠳᠠᠯᠳᠤᠬᠤ ᠲᠡᠷᠭᠡ ᠳ᠋ᠦ᠍ᠷ ᠳᠡᠭᠡᠬᠡᠨ ᠬᠣᠲᠠᠨ ᠳ᠋ᠤᠷ ᠣᠷᠣᠭᠤᠯᠵᠤ ᠢᠯᠡᠭᠡᠭᠡᠳ ᠦᠯᠡᠭᠰᠡᠨ ᠴᠡᠷᠢᠭ ᠰᠢᠭᠤᠳ ᠪᠠᠭ᠎ᠠ ᠵᠠᠮ ᠢ᠋ᠶ᠋ᠠᠷ ᠰᠢᠶᠠᠩ ᠶᠠᠩ ᠤ᠋ᠨ ᠵᠦᠭ ᠴᠣᠬᠢᠨ ᠡᠳᠦᠷ ᠰᠥᠨᠢ ᠦᠭᠡᠢ ᠳᠣᠪᠲᠣᠯᠤᠨ᠂ ᠰᠢᠶᠠᠩ ᠶᠠᠩ ᠤ᠋ᠨ ᠣᠢᠷ᠎ᠠ ᠬᠦᠷᠦᠮᠡᠭᠴᠡ ᠮᠣᠷᠢᠨ ᠤ᠋ ᠬᠣᠩᠬᠣ ᠶ᠋ᠢ ᠲᠠᠢᠯᠵᠤ᠂ ᠬᠥᠮᠦᠨ ᠦ᠌ ᠠᠮᠠᠨ ᠳ᠋ᠤᠷ ᠰᠢᠪᠠᠭ᠎ᠠ ᠡᠮᠬᠦᠭᠦᠯᠵᠦ᠂ ᠵᠤᠯᠠ ᠰᠢᠲᠠᠭᠠᠮᠠᠭᠴᠠ ᠮᠣᠩᠭᠣᠯ ᠤ᠋ᠨ ᠴᠡᠷᠢᠭ ᠳᠣᠪᠲᠣᠯᠵᠤ ᠰᠢᠶᠠᠩ ᠶᠠᠩ ᠬᠣᠲᠠᠨ ᠳ᠋ᠤᠷ ᠬᠦᠷᠦᠭᠰᠡᠨ᠎ᠡ᠂ ᠰᠢᠶᠠᠩ ᠶᠠᠩ ᠳ᠋ᠤᠷ ᠤᠷᠢᠳᠠ ᠬᠦᠷᠦᠭᠰᠡᠨ ᠵᠠᠩᠵᠤᠨ ᠲᠦᠮᠡᠨᠲᠡᠢ ᠨᠠᠢ᠍ᠮᠠᠨ ᠵᠠᠭᠤᠨ ᠴᠡᠷᠢᠭ ᠢ᠋ᠶ᠋ᠡᠷ ᠳᠥᠷᠪᠡᠨ ᠬᠠᠭᠠᠯᠭ᠎ᠠ ᠶ᠋ᠢ ᠪᠤᠯᠢᠶᠠᠨ ᠠᠪᠴᠤ ᠬᠠᠭᠠᠯᠭ᠎ᠠ ᠨᠡᠭᠡᠭᠡᠵᠦ ᠤᠭᠲᠤᠭᠰᠠᠨ ᠳ᠋ᠤᠷ ᠵᠠᠭᠤᠨ ᠣᠪᠣᠭᠲᠠᠨ ᠴᠤ᠌ ᠮᠡᠳᠡᠬᠦ ᠶ᠋ᠢᠨ ᠤᠷᠢᠳᠠ ᠮᠣᠩᠭᠣᠯ ᠤ᠋ᠨ ᠴᠡᠷᠢᠭ ᠬᠣᠲᠠᠨ ᠳ᠋ᠤᠷ ᠣᠷᠣᠭᠰᠠᠨ᠎ᠠ᠂ ᠡᠨᠡ ᠦᠶ᠎ᠡ ᠬᠠᠷᠠᠬᠠᠨ ᠵᠣᠣ ᠹᠠᠨ ᠲᠣᠭᠣᠷ ᠤ᠋ᠨ ᠬᠦᠷᠢᠶᠡᠯᠡᠩ ᠳ᠋ᠦ᠍ᠷ ᠮᠡᠷᠭᠡᠳ ᠦ᠋ᠨ ᠬᠤᠷᠠᠯ ᠬᠢᠵᠦ᠂ ᠰᠢᠨ᠎ᠡ ᠶ᠋ᠢᠨ ᠠᠷᠪᠠᠨ ᠤ᠋ ᠰᠠᠷᠠᠨ ᠳ᠋ᠤᠷ ᠤᠯᠠᠭᠠᠨ ᠲᠣᠭᠣᠷ ᠤ᠋ᠨ ᠰᠢᠭᠤᠢ ᠳ᠋ᠤᠷ ᠬᠡᠳᠦᠨ ᠮᠢᠩᠭᠠᠨ ᠪᠣᠯᠣᠷ ᠵᠤᠯᠠ ᠰᠢᠲᠠᠭᠠᠵᠤ ᠂ ᠲᠤᠩᠭᠠᠯᠠᠭ ᠳᠡᠷᠡᠰᠦᠨ ᠠᠷᠢᠭᠤᠨ ᠰᠢᠯᠦᠭ ᠦ᠋ᠨ ᠬᠤᠷᠠᠯ᠂ ᠢᠷᠠᠭᠤ ᠡᠭᠡᠰᠢᠭ ᠰᠠᠢᠬᠠᠨ ᠥᠩᠭᠡ ᠶ᠋ᠢᠨ ᠴᠡᠩᠭᠡᠯ ᠬᠢᠵᠦ ᠨᠠᠷᠢᠨ ᠬᠥᠭᠵᠢᠮ ᠡᠭᠦᠰᠬᠡᠵᠦ ᠬᠤᠷᠢᠮᠯᠠᠬᠤᠶ᠎ᠠ᠂ ᠭᠡᠨᠡᠳᠲᠡ ᠨᠠᠷᠢᠨ ᠠᠶᠠᠯᠭᠤ ᠢᠷᠠᠭᠤ ᠡᠬᠡᠰᠢᠭ ᠦ᠋ᠨ ᠴᠠᠭᠠᠨ᠎ᠠ ᠬᠠᠷᠢᠨ ᠪᠠᠢᠯᠳᠤᠭᠠᠨ ᠤ᠋ ᠬᠡᠩᠭᠡᠷᠭᠡ ᠬᠦᠷᠴᠢᠭᠢᠨᠡᠵᠦ ᠬᠠᠰᠬᠢᠷᠬᠤ ᠳᠠᠭᠤᠨ ᠲᠡᠭᠷᠢ ᠲᠤᠯᠤᠭᠰᠠᠨ ᠳ᠋ᠤᠷ ᠵᠣᠣ ᠹᠠᠨ ᠭᠠᠷ ᠲᠤᠷ ᠠᠳᠬᠤᠭᠰᠠᠨ ᠰᠠᠢᠬᠠᠨ ᠬᠥᠮᠦᠨ ᠦ᠌ ᠬᠠᠰ ᠭᠠᠷ ᠢ᠋ ᠠᠯᠳᠠᠵᠤ᠂ ᠠᠮᠠᠨ ᠳ᠋ᠤᠷ ᠣᠭᠣᠴᠢᠭᠰᠠᠨ ᠠᠩᠬᠢᠯᠤᠮᠠᠯ ᠳᠡᠷᠡᠰᠦᠨ ᠳ᠋ᠦ᠍ᠷ ᠬᠠᠬᠠᠨ ᠦᠯᠢᠶᠡᠨ ᠭᠠᠷᠭᠠᠲᠠᠯ᠎ᠠ ᠬᠣᠲᠠ ᠶ᠋ᠢᠨ ᠳᠥᠷᠪᠡᠨ ᠬᠠᠭᠠᠯᠭ᠎ᠠ ᠳ᠋ᠤᠷ ᠬᠡᠳᠦᠢᠨᠡᠢ ᠶᠡᠬᠡ ᠭᠠᠯ ᠮᠠᠨᠳᠤᠪᠠ᠃ ᠵᠣᠣ ᠹᠠᠨ ᠰᠠᠶᠢ ᠰᠡᠵᠢᠭᠯᠡᠵᠦ ᠰᠢᠳᠠᠷ ᠠᠷᠠᠳ ᠢ᠋ ᠬᠠᠰᠬᠢᠷᠤᠨ ᠵᠠᠷᠯᠠᠲᠠᠯᠠ ᠬᠦᠷᠢᠶᠡᠯᠡᠩ ᠦ᠋ᠨ ᠳᠣᠲᠣᠷ᠎ᠠ ᠵᠠᠷᠤᠭᠳᠠᠬᠤ ᠠᠷᠠᠳ ᠴᠤ᠌ ᠴᠥᠮ ᠵᠡᠪᠰᠡᠭ ᠪᠠᠷᠢᠭᠰᠠᠨ ᠳ᠋ᠤᠷ ᠵᠣᠣ ᠹᠠᠨ ᠶᠡᠬᠡ ᠬᠤᠪᠢᠰᠬᠠᠯ ᠪᠣᠯᠤᠭᠰᠠᠨ ᠢ᠋ ᠦᠵᠡᠭᠡᠳ ᠶᠠᠭᠠᠷᠠᠨ ᠬᠠᠰ ᠤ᠋ᠨ ᠶᠠᠲᠤᠭ᠎ᠠ ᠶ᠋ᠢ ᠪᠠᠷᠢᠵᠤ᠂ ᠲᠠᠩᠬᠢᠮ ᠤ᠋ᠨ ᠵᠤᠯᠠ ᠪᠦᠷᠢ ᠶ᠋ᠢ ᠴᠣᠬᠢᠨ ᠤᠮᠳᠠᠷᠠᠭᠠᠵᠤ᠂ ᠣᠯᠠᠨ ᠥᠬᠢᠳ ᠦ᠋ᠨ ᠰᠦᠷᠦᠭ ᠲᠦ᠍ᠷ ᠣᠷᠣᠵᠤ ᠵᠢᠭᠤᠷᠠᠯᠳᠤᠨ᠂ ᠨᠢᠭᠡᠨ ᠬᠡᠭᠡᠨᠴᠢᠷ ᠥᠬᠢᠨ ᠦ᠌ ᠰᠤᠪᠤᠳ ᠤ᠋ᠨ ᠤᠨᠵᠢᠯᠭᠠᠲᠤ ᠮᠠᠯᠠᠭ᠎ᠠ ᠴᠢᠮᠡᠭ ᠢ ᠠᠪᠴᠤ ᠡᠮᠦᠰᠦᠭᠡᠳ ᠪᠠᠰᠠ ᠨᠢᠭᠡᠨ ᠥᠬᠢᠨ ᠦ᠌ ᠣᠷᠳᠣᠨ ᠤ᠋ ᠥᠬᠢᠳ ᠦ᠋ᠨ ᠳᠡᠪᠡᠯ ᠢ᠋ ᠲᠠᠢᠯᠤᠨ ᠠᠪᠴᠤ ᠨᠥᠮᠥᠷᠦᠭᠡᠳ ᠡᠬᠡᠨᠡᠷ ᠥᠬᠢᠳ ᠦ᠋ᠨ ᠰᠦᠷᠦᠭ ᠲᠣᠷ ᠬᠣᠯᠢᠯᠴᠠᠯᠳᠤᠨ ᠳᠤᠲᠠᠭᠠᠨ ᠰᠥᠨᠢ ᠪᠡᠷ ᠬᠣᠲᠠ ᠭᠠᠷᠴᠤ ᠡᠴᠢᠪᠡ᠃
ᠲᠡᠳᠦᠢ ᠸᠠᠩ ᠮᠢᠨ᠂ ᠯᠢ ᠪᠦᠸᠧ ᠶᠤᠸᠠᠨ᠂ ᠹᠠᠨ ᠸᠸᠨ ᠪᠢᠨ᠂ ᠬᠤᠸᠠᠩ ᠭᠦᠸᠧ ᠪᠢ ᠲᠠᠨ ᠰᠢᠶᠠᠩ ᠶᠠᠩ ᠤ᠋ᠨ ᠰᠠᠩ ᠬᠥᠮᠥᠷᠭᠡ ᠪᠠ ᠲᠦᠰᠢᠮᠡᠯ ᠢᠷᠭᠡᠨ ᠨᠡᠢᠲᠡ ᠳᠥᠷᠪᠡᠨ ᠲᠦᠮᠡᠨ ᠳᠣᠯᠣᠭᠠᠨ ᠮᠢᠩᠭᠠᠨ ᠡᠷᠦᠬᠡ ᠶ᠋ᠢ ᠠᠪᠴᠤ ᠮᠣᠩᠭᠣᠯ ᠳ᠋ᠤᠷ ᠳᠠᠭᠠᠪᠠ᠃ ᠭᠠᠢᠬᠠᠯᠲᠠᠢ ᠨᠠᠷᠢᠨ ᠡᠳ᠋ ᠪᠠ ᠨᠠᠷᠢᠨ ᠲᠤᠲᠤᠷᠭ᠎ᠠ ᠠᠮᠤ ᠬᠡᠳᠦᠨ ᠵᠠᠭᠤᠨ ᠲᠦᠮᠡᠨ ᠲᠠᠭᠠᠷ ᠠ᠋ᠴᠠ ᠭᠠᠳᠠᠨ᠎ᠠ ᠴᠡᠷᠢᠭ ᠦ᠋ᠨ ᠵᠡᠪᠰᠡᠭ ᠭᠤᠴᠢᠨ ᠲᠦᠮᠡᠨ ᠢᠯᠡᠭᠦᠦ ᠡᠬᠢ᠂ ᠬᠣᠷᠢᠨ ᠳᠥᠷᠪᠡᠨ ᠬᠦᠦ ᠶ᠋ᠢ ᠨᠡᠢᠲᠡ ᠪᠡᠷ ᠠᠪᠴᠤ ᠳᠠᠭᠠᠪᠠᠢ᠃ ᠠᠯᠲᠠᠨ ᠮᠥᠩᠭᠥᠨ ᠰᠤᠪᠤᠳ ᠲᠠᠨ᠎ᠠ ᠪᠠ ᠳᠠᠪᠤᠰᠤ ᠳᠠᠷᠠᠰᠤ ᠲᠣᠷᠭ᠎ᠠ ᠵᠣᠭᠣᠰ ᠢ᠋ ᠬᠡᠯᠡᠬᠦ ᠡᠴᠡ ᠭᠠᠳᠠᠨ᠎ᠠ᠂ ᠡᠭᠦᠨ ᠳ᠋ᠦ᠍ᠷ ᠵᠣᠣ ᠹᠠᠨ ᠤ᠋ ᠳᠤᠲᠠᠭᠠᠨ ᠭᠠᠷᠤᠭᠰᠠᠨ ᠴᠡᠷᠢᠭ ᠡᠭᠡᠬᠦ ᠶ᠋ᠢ ᠪᠠᠢᠲᠤᠭᠠᠢ᠂ ᠡᠮᠦᠨᠡᠲᠦ ᠴᠡᠷᠢᠭ ᠦ᠋ᠨ ᠵᠠᠩᠵᠤᠨ ᠯᠢ ᠬᠤ᠌ ᠴᠤ᠌ ᠮᠥᠨ ᠸᠠᠩ ᠮᠢᠨ ᠢ᠋ ᠳᠠᠭᠠᠵᠤ ᠤᠷᠪᠠᠭᠰᠠᠨ ᠳ᠋ᠤᠷ ᠨᠢᠭᠡᠨ ᠶᠡᠬᠡ ᠰᠢᠶᠠᠩ ᠶᠠᠩ ᠬᠣᠲᠠ ᠶ᠋ᠢ ᠴᠢᠬᠢᠷᠰᠦ ᠡᠪᠬᠡᠬᠦ ᠮᠡᠲᠦ ᠬᠣᠭᠣᠰᠣᠷᠠᠲᠠᠯ᠎ᠠ ᠡᠪᠬᠡᠨ ᠠᠪᠴᠤ ᠮᠣᠩᠭᠣᠯ ᠳ᠋ᠤᠷ ᠳᠠᠭᠠᠪᠠᠢ᠃ ᠮᠣᠩᠭᠣᠯ ᠡᠨᠡ ᠭᠠᠵᠠᠷ ᠢ᠋ ᠬᠠᠳᠠᠭᠠᠯᠠᠪᠠᠴᠤ ᠬᠦᠴᠦᠨ ᠦᠯᠡᠮᠵᠢ ᠣᠷᠣᠬᠤ ᠲᠤᠯᠠ ᠬᠣᠭᠣᠰᠣᠨ ᠬᠣᠲᠠᠨ ᠢ᠋ ᠭᠠᠯ ᠲᠠᠯᠪᠢᠨ ᠡᠪᠳᠡᠭᠡᠳ ᠱᠤ᠌ ᠭᠠᠵᠠᠷ ᠤ᠋ᠨ ᠵᠦᠭ ᠵᠣᠷᠢᠪᠠ᠃ ᠬᠠᠢᠷᠠᠬᠠᠨ ᠡᠷᠲᠡ ᠶᠤᠸᠠᠢ ᠹᠧᠢ ᠡᠨᠡ ᠰᠢᠶᠠᠩ ᠶᠠᠩ ᠢ᠋ ᠯᠢᠶᠣᠣ ᠤᠯᠤᠰ ᠠ᠋ᠴᠠ ᠪᠤᠯᠢᠶᠠᠨ ᠠᠪᠴᠤ ᠬᠥᠮᠦᠵᠢᠭᠦᠯᠦᠨ ᠴᠤᠭᠯᠠᠭᠤᠯᠵᠤ ᠪᠠᠭᠴᠠᠯᠠᠨ ᠨᠢᠭᠡᠳᠬᠡᠭᠰᠡᠨ ᠡᠴᠡ ᠬᠣᠲᠠᠨ ᠢ᠋ ᠥᠨᠳᠥᠷᠲᠡᠭᠡᠨ ᠤᠨᠠᠭᠤᠯᠢ ᠶ᠋ᠢ ᠬᠥᠨᠡᠮᠯᠡᠵᠦ᠂ ᠶᠡᠬᠡ ᠰᠥᠩ ᠤᠯᠤᠰ ᠤ᠋ᠨ ᠪᠠᠷᠠᠭᠤᠨ ᠡᠲᠡᠭᠡᠳ ᠦ᠋ᠨ ᠬᠠᠰᠢᠶ᠎ᠠ ᠲᠦᠰᠢᠶ᠎ᠡ ᠬᠠᠯᠬᠠᠪᠴᠢ ᠲᠦᠰᠢᠯᠭᠡ ᠪᠣᠯᠭᠠᠭᠰᠠᠨ ᠢ᠋ ᠨᠢᠭᠡᠬᠡᠨ ᠥᠷᠯᠥᠭᠡ ᠶ᠋ᠢᠨ ᠵᠠᠭᠤᠷ᠎ᠠ ᠡᠨᠡ ᠮᠡᠲᠦ ᠪᠣᠯᠭᠠᠭᠰᠠᠨ ᠠᠨᠤ ᠶᠠᠭᠤᠲᠠᠢ ᠬᠠᠢᠷᠠᠬᠠᠨ ! ᠨᠢᠭᠡᠨ ᠰᠠᠢᠬᠠᠨ ᠪᠠᠶᠠᠯᠢᠭ ᠬᠣᠲᠠ ᠴᠠᠭ ᠭᠱᠠᠨ᠎ᠠ ᠦᠨᠡᠰᠦᠨ ᠲᠣᠪᠷᠠᠭ ᠪᠣᠯᠪᠠ᠃ ᠡᠭᠦᠨ ᠳ᠋ᠦ᠍ᠷ ᠰᠥᠩ ᠤᠯᠤᠰ ᠤ᠋ᠨ ᠯᠢᠽᠦ᠋ᠩ ᠬᠠᠭᠠᠨ ᠵᠠᠷᠯᠢᠭ ᠢ᠋ᠶ᠋ᠠᠷ ᠵᠣᠣ ᠹᠠᠨ ᠲᠡᠷᠢᠭᠦᠯᠡᠨ᠂ ᠵᠣᠣ ᠶᠠᠨ ᠨᠠ᠂ ᠼᠤᠤ ᠢᠦ ᠸᠸᠨ ᠨᠠᠷ ᠢ᠋ ᠴᠥᠮ ᠵᠡᠷᠭᠡ ᠶ᠋ᠢ ᠬᠠᠰᠤᠵᠤ᠂ ᠮᠥᠨ ᠬᠦ᠌ ᠤᠭ ᠲᠤᠰᠢᠶᠠᠯ ᠳ᠋ᠤᠷ ᠠᠬᠤᠭᠤᠯᠵᠤ᠂ ᠴᠡᠷᠢᠭ ᠲᠦ᠍ᠷ ᠵᠢᠳᠬᠦᠵᠦ ᠭᠠᠪᠢᠶ᠎ᠠ ᠪᠠᠢᠭᠤᠯᠤᠨ ᠶᠠᠯ᠎ᠠ ᠶ᠋ᠢ ᠵᠣᠯᠢᠬᠤ ᠪᠠᠷ ᠪᠣᠯᠭᠠᠪᠠ᠃
ᠲᠡᠳᠦᠢ ᠶᠠᠨ ᠤ᠋ ᠭᠠᠵᠠᠷ ᠪᠠᠶᠠᠷ ᠤ᠋ᠨ ᠮᠡᠳᠡᠭᠡ ᠬᠦᠷᠴᠦ ᠢᠷᠡᠭᠰᠡᠨ ᠳ᠋ᠦ᠍ᠷ ᠮᠣᠩᠭᠣᠯ ᠤ᠋ᠨ ᠥᠭᠡᠳᠡᠢ ᠲᠠᠢᠽᠥ᠋ᠡᠭ ᠬᠠᠭᠠᠨ ᠪᠡᠶᠡᠰᠦᠨ ᠰᠠᠢᠰᠢᠶᠠᠵᠤ᠂ ᠬᠦᠨᠳᠦ ᠱᠠᠩ᠂ ᠬᠥᠬᠢᠭᠦᠯᠬᠦ ᠵᠠᠷᠯᠢᠭ ᠢ᠋ ᠶᠠᠪᠤᠭᠤᠯᠵᠤ᠂ ᠮᠣᠩᠭᠣᠯ ᠬᠢᠲᠠᠳ ᠬᠣᠶᠠᠷ ᠵᠥᠪᠰᠢᠶᠡᠯ ᠦ᠋ᠨ ᠣᠯᠠᠨ ᠰᠠᠢᠳ ᠤ᠋ᠳ ᠢ᠋ ᠬᠠᠭᠤᠴᠢᠨ ᠰᠢᠨ᠎ᠡ ᠮᠣᠩᠭᠣᠯ ᠬᠢᠲᠠᠳ ᠰᠠᠢᠳ ᠲᠦᠰᠢᠮᠡᠳ ᠪᠠ ᠴᠡᠷᠢᠭ ᠢᠷᠭᠡᠨ ᠦ᠌ ᠭᠠᠪᠢᠶ᠎ᠠ ᠵᠢᠳᠬᠦᠯᠭᠡ ᠶ᠋ᠢ ᠬᠢᠨᠠᠨ ᠢᠯᠭᠠᠵᠤ ᠲᠣᠭᠲᠠᠭᠠᠨ ᠠᠢᠯᠠᠳᠬ᠎ᠠ ᠭᠡᠮᠡᠨ ᠳᠥᠷᠪᠡᠨ ᠰᠠᠷ᠎ᠠ ᠶ᠋ᠢᠨ ᠰᠢᠨ᠎ᠡ ᠶ᠋ᠢᠨ ᠨᠢᠭᠡᠨ᠎ᠡ ᠵᠠᠷᠯᠢᠭ ᠪᠠᠭᠤᠯᠭᠠᠪᠠ᠃ ᠮᠥᠨ ᠰᠠᠷ᠎ᠠ ᠳ᠋ᠤᠷ ᠲᠡᠢᠰᠢ ᠭᠦᠸᠧ ᠸᠠᠩ ᠳᠡᠰ ᠲᠣᠭᠣᠰ᠂ ᠰᠥᠩ ᠤᠯᠤᠰ ᠤ᠋ᠨ ᠴᠧᠩ ᠵᠧᠦ ᠶ᠋ᠢᠨ ᠵᠢᠩ ᠮᠸᠨ ᠵᠢᠶᠦ᠋ᠨ ᠦ᠌ ᠴᠡᠷᠢᠭ ᠢ᠋ ᠳᠠᠷᠠᠭ᠎ᠠ ᠪᠠᠷ ᠬᠡᠳᠦ ᠬᠡᠳᠦᠨ ᠵᠡᠷᠭᠡ ᠳᠠᠷᠤᠵᠤ ᠰᠢᠪᠲᠤᠯᠤᠨ ᠣᠷᠣᠪᠠ᠃
ᠲᠡᠳᠦᠢ ᠮᠡᠳᠡᠭᠦᠯᠦᠨ ᠬᠦᠷᠴᠦ ᠢᠷᠡᠭᠰᠡᠨ ᠢ᠋ ᠳᠡᠭᠡᠭᠰᠢ ᠠᠢᠯᠠᠳᠬᠠᠵᠤ ᠬᠥᠬᠢᠭᠦᠯᠦᠯ ᠱᠠᠩᠨᠠᠵᠤ ᠶᠠᠪᠤᠭᠤᠯᠪᠠ᠃ ᠳᠠᠭᠠᠯᠳᠤᠭ᠎ᠠ ᠣᠯᠠᠨ ᠲᠦᠰᠢᠮᠡᠳ ᠵᠥᠪᠯᠡᠬᠦᠶᠡ ᠤᠭ ᠠ᠋ᠴᠠ ᠵᠦᠩ ᠶᠤᠸᠠᠨ ᠤ᠋ ᠴᠡᠷᠢᠭ ᠢ᠋ ᠴᠥᠮ ᠢᠷᠭᠡᠨ ᠵᠠᠩᠵᠤᠨ ᠨᠠᠷ ᠲᠤᠷ ᠬᠤᠪᠢᠶᠠᠨ ᠡᠵᠡᠯᠡᠭᠦᠯᠬᠦᠢ ᠳ᠋ᠦ᠍ᠷ ᠣᠯᠠᠨ ᠢᠷᠭᠡᠨ ᠥᠪᠡᠷ ᠥᠪᠡᠷ ᠦ᠋ᠨ ᠳᠠᠭᠠᠭᠠᠴᠢᠯᠠᠭᠰᠠᠨ ᠡᠵᠡᠳ ᠢ᠋ᠶ᠋ᠡᠨ ᠳᠠᠭᠠᠵᠤ ᠂ ᠤᠯᠤᠰ ᠲᠤᠷ ᠬᠦᠴᠦᠯᠡᠯᠳᠦᠬᠦ ᠦᠭᠡᠢ ᠳ᠋ᠦ᠍ᠷ ᠬᠥᠭᠰᠢᠨ ᠸᠠᠩ ᠬᠤᠳᠠᠷᠭ᠎ᠠ ᠪᠠᠭᠠᠲᠤᠷ ᠲᠤᠷ ᠨᠡᠢᠭᠡᠮᠯᠡᠨ ᠵᠠᠬᠢᠷᠤᠭᠤᠯᠵᠤ ᠪᠠᠢᠭᠰᠠᠨ ᠲᠤᠯᠠ ᠳᠠᠷᠤᠢ ᠵᠧᠦ ᠰᠢᠶᠠᠨ ᠳ᠋ᠤᠷ ᠲᠠᠷᠬᠠᠭᠠᠨ ᠰᠠᠭᠤᠯᠭᠠᠵᠤ ᠂ ᠨᠢᠭᠡᠨ ᠡᠷ᠎ᠡ ᠡᠴᠡ ᠨᠢᠭᠡᠨ ᠡᠷᠦᠬᠡ ᠶ᠋ᠢᠨ ᠠᠯᠪᠠ ᠠᠪᠰᠤᠭᠠᠢ ᠬᠡᠮᠡᠬᠦᠢ ᠳ᠋ᠦ᠍ᠷ ᠶᠧ ᠯᠢᠦᠢ ᠴᠦ᠍ ᠼᠠᠢ ᠥᠭᠦᠯᠡᠷᠦᠨ : 《ᠲᠡᠷᠡ ᠦᠯᠦ ᠪᠣᠯᠬᠤ ᠪᠣᠢ ᠢ᠋᠎ᠡ ᠂ ᠠᠷᠠᠬᠠᠨ ᠬᠦᠨᠳᠦᠳᠪᠡᠰᠦ ᠰᠠᠮᠠᠭᠤᠨ ᠤ᠋ ᠦᠨᠳᠦᠰᠦᠨ ᠪᠣᠯᠭᠤᠵᠠᠢ ! 》 ᠬᠡᠮᠡᠬᠦᠢ ᠳ᠋ᠦ᠍ᠷ ᠣᠯᠠᠨ ᠸᠠᠩ ᠤ᠋ᠳ ᠥᠭᠦᠯᠡᠷᠦᠨ : 《ᠮᠠᠨ ᠤᠯᠤᠰ ᠲᠤᠭᠲᠠᠮ ᠲᠥᠪᠡᠳ ᠲᠠᠩᠭᠤᠳ ᠠ᠋ᠴᠠ ᠳᠠᠷᠠᠭᠠᠯᠠᠨ ᠲᠣᠭᠲᠠᠭᠠᠭᠰᠠᠭᠠᠷ ᠢᠷᠡᠭᠰᠡᠨ ᠶᠡᠬᠡ ᠲᠥᠷᠥ ᠶ᠋ᠢᠨ ᠬᠠᠭᠤᠴᠢᠨ ᠬᠠᠤᠯᠢ ᠶ᠋ᠢ ᠭᠡᠭᠡᠵᠦ ᠂ ᠶᠠᠭᠤ ᠬᠢᠵᠦ ᠮᠥᠬᠥᠭᠰᠡᠨ ᠤᠯᠤᠰ ᠤ᠋ᠨ ᠵᠠᠰᠠᠭ ᠬᠠᠤᠯᠢ ᠶ᠋ᠢ ᠮᠣᠷᠳᠠᠵᠤ ᠶᠠᠪᠤᠮᠤᠢ ? 》 ᠶᠧ ᠯᠢᠦᠢ ᠴᠦ᠍ ᠼᠠᠢ ᠥᠴᠢᠷᠦᠨ :《ᠡᠷᠲᠡᠨ ᠡᠴᠡ ᠢᠨᠠᠭᠰᠢ ᠳᠤᠮᠳᠠᠳᠤ ᠤᠯᠤᠰ ᠢ ᠡᠵᠡᠯᠡᠭᠰᠡᠨ ᠪᠦᠬᠦᠨ ᠣᠯᠠᠨ ᠢᠷᠭᠡᠨ ᠢ ᠡᠷ᠎ᠡ ᠶ᠋ᠢᠨ ᠲᠣᠭ᠎ᠠ ᠪᠠᠷ ᠡᠷᠦᠬᠡ ᠶ᠋ᠢᠨ ᠠᠯᠪᠠ ᠠᠪᠤᠭᠰᠠᠨ ᠳᠦᠷᠢᠮ ᠭᠠᠷᠤᠭᠠᠳᠤᠢ᠂ ᠡᠳᠦᠭᠡ ᠦᠨᠡᠬᠡᠷ ᠡᠨᠡ ᠶᠣᠰᠣᠭᠠᠷ ᠲᠣᠭᠲᠠᠭᠠᠪᠠᠰᠤ ᠤᠳᠠᠯ ᠦᠭᠡᠢ ᠴᠥᠮ ᠤᠷᠭᠤᠨ ᠰᠠᠷᠨᠢᠬᠤᠢ ᠳ᠋ᠤᠷ ᠬᠦᠷᠦᠮᠦᠢ ᠢ᠋᠎ᠡ ! 》ᠭᠡᠮᠡᠨ ᠵᠥᠪᠳᠡᠬᠦᠶ᠎ᠡ᠂ ᠬᠠᠭᠠᠨ ᠪᠠᠰᠠ ᠵᠠᠷᠯᠢᠭ ᠪᠠᠭᠤᠯᠭᠠᠨ ᠂ ᠶᠧ ᠯᠢᠦᠢ ᠴᠦ᠍ ᠼᠠᠢ ᠶ᠋ᠢᠨ ᠵᠥᠪᠯᠡᠯ ᠢ᠋ ᠵᠥᠪᠰᠢᠶᠡᠪᠡ᠃
ᠲᠡᠳᠦᠢ ᠬᠤᠳᠠᠷᠭ᠎ᠠ ᠪᠠᠭᠠᠲᠤᠷ ᠤ᠋ᠨ ᠬᠠᠮᠢᠶᠠᠷᠬᠤ ᠨᠢᠭᠡᠨ ᠵᠠᠭᠤᠨ ᠲᠦᠮᠡᠨ ᠢᠷᠭᠡᠨ ᠦ᠌ ᠲᠣᠭ᠎ᠠ ᠳᠠᠩᠰᠠᠨ ᠢ᠋ᠶ᠋ᠠᠨ ᠪᠠᠢᠴᠠᠭᠠᠨ ᠡᠷᠭᠦᠭᠰᠡᠨ ᠢᠨᠦ ᠨᠡᠢᠲᠡ ᠨᠢᠭᠡᠨ ᠵᠠᠭᠤᠨ ᠪᠥᠭᠡᠳ ᠳᠥᠷᠪᠡᠨ ᠲᠦᠮᠡᠨ ᠢᠯᠡᠭᠦᠦ ᠲᠣᠭ᠎ᠠ ᠶ᠋ᠢ ᠪᠠᠷᠢᠪᠠ᠃ ᠡᠭᠦᠨ ᠦ᠌ ᠳᠣᠲᠣᠷ᠎ᠠ ᠠ᠋ᠴᠠ ᠨᠢᠭᠡᠨ ᠬᠤᠪᠢ ᠶ᠋ᠢ ᠣᠯᠠᠨ ᠴᠢᠨ ᠸᠠᠩ ᠤ᠋ᠳ ᠪᠠ ᠭᠠᠪᠢᠶᠠᠲᠤ ᠡᠷᠬᠢᠮ ᠤᠭᠰᠠᠭ᠎ᠠ ᠶ᠋ᠢᠨ ᠰᠠᠢᠳ ᠲᠦᠰᠢᠮᠡᠳ ᠲᠣᠷ ᠴᠠᠢ ᠱᠥᠯᠥ ᠶ᠋ᠢᠨ ᠰᠦᠢᠳᠬᠡᠯ ᠪᠣᠯᠭᠠᠨ ᠱᠠᠩᠨᠠᠨ ᠥᠭᠰᠦᠭᠡᠢ ᠭᠡᠮᠡᠨ ᠵᠥᠪᠯᠡᠨ ᠠᠢᠯᠠᠳᠬ᠎ᠠ ᠭᠡᠮᠡᠨ ᠵᠠᠷᠯᠢᠭ ᠪᠠᠭᠤᠯᠭᠠᠭᠰᠠᠨ ᠳ᠋ᠤᠷ ᠶᠧ ᠯᠢᠦᠢ ᠴᠦ᠍ ᠼᠠᠢ ᠠᠢᠯᠠᠳᠬᠠᠷᠤᠨ : 《ᠢᠷᠭᠡᠨ ᠢ᠋ ᠬᠤᠪᠢᠶᠠᠨ ᠥᠮᠴᠢᠯᠡᠭᠦᠯᠪᠡᠰᠦ ᠣᠯᠠᠨ ᠸᠠᠩ ᠤ᠋ᠳ ᠤ᠋ᠨ ᠠᠮᠢᠳᠤᠷᠠᠯ ᠳ᠋ᠤᠷ ᠲᠤᠰᠠ ᠦᠭᠡᠢ ᠶ᠋ᠢᠨ ᠳᠡᠭᠡᠷ᠎ᠡ ᠢᠷᠭᠡᠨ ᠪᠠᠰᠠ ᠭᠡᠭᠡᠭᠳᠡᠨ ᠣᠷᠬᠢᠭᠳᠠᠵᠤ ᠶᠡᠬᠡ ᠲᠥᠷᠥ ᠳ᠋ᠦ᠍ᠷ ᠲᠤᠰᠠ ᠦᠭᠡᠢ᠂ ᠮᠥᠨ ᠬᠦ᠌ ᠪᠦᠭᠦᠳᠡ ᠶ᠋ᠢ ᠨᠡᠢᠯᠡᠭᠦᠯᠦᠨ ᠠᠯᠪᠠ ᠪᠠ ᠭᠠᠢᠯᠢ ᠠᠪᠴᠤ ᠸᠠᠩ ᠰᠠᠢᠳ ᠤ᠋ᠳ ᠪᠠ ᠭᠠᠪᠢᠶᠠᠲᠤ ᠲᠦᠰᠢᠮᠡᠳ ᠲᠣᠷ ᠠᠯᠲᠠᠨ ᠲᠣᠷᠭ᠎ᠠ ᠶ᠋ᠢ ᠦᠯᠡᠮᠵᠢᠬᠡᠨ ᠥᠭᠬᠦ ᠢᠨᠤ ᠳᠡᠭᠡᠷ᠎ᠡ ᠮᠡᠲᠦ ᠃ ᠡᠢᠨ ᠪᠣᠯᠪᠠᠴᠤ ᠬᠣᠶᠠᠷ ᠲᠤᠷ ᠪᠦᠷᠢᠨ ᠪᠥᠭᠡᠳ ᠥᠷᠥᠰᠢᠶᠡᠯ ᠢᠯᠡᠷᠡᠮᠦᠢ ! 》ᠬᠡᠮᠡᠭᠰᠡᠨ ᠳ᠋ᠦ᠍ᠷ ᠬᠠᠭᠠᠨ ᠵᠠᠷᠯᠢᠭ ᠪᠣᠯᠤᠷᠤᠨ : 《ᠪᠢ ᠤᠷᠢᠳᠤ ᠡᠳᠦᠷ ᠨᠢᠭᠡᠨᠲᠡ ᠠᠮᠠᠨ ᠠᠯᠳᠠᠵᠤ ᠵᠠᠷᠯᠢᠭ ᠪᠣᠯᠤᠭᠰᠠᠨ ᠢ᠋ ᠬᠡᠷᠬᠢᠮᠦᠢ ? 》ᠶᠧ ᠯᠢᠦᠢ ᠴᠦ᠍ ᠼᠠᠢ ᠠᠢᠯᠠᠳᠬᠠᠷᠤᠨ : 《ᠲᠡᠷᠡ ᠵᠠᠷᠯᠢᠭ ᠠᠨᠤ ᠡᠳ᠋ ᠦ᠋ᠨ ᠲᠤᠯᠠ ᠰᠠᠶᠢ ᠲᠡᠳᠡᠨ ᠦ᠌ ᠠᠯᠪᠠᠨ ᠢ᠋ ᠲᠦᠭᠡᠭᠡᠬᠦ ᠪᠣᠯᠠᠢ᠂ ᠢᠷᠭᠡᠨ ᠢ ᠦᠭᠪᠡᠴᠦ ᠮᠥᠨ ᠬᠦ᠌ ᠠᠰᠢᠭ ᠤ᠋ᠨ ᠲᠤᠯᠠ ᠥᠭᠬᠦ ᠲᠤᠯᠠ ᠨᠢᠭᠡᠨ ᠠᠳᠠᠯᠢ ᠬᠡᠷᠡᠭ᠂ ᠢᠷᠭᠡᠨ ᠢ᠋ ᠡᠷᠬᠡᠪᠰᠢ ᠬᠠᠭᠠᠨ ᠤ᠋ ᠡᠮᠦᠨ᠎ᠡ ᠡᠴᠡ ᠲᠤᠰᠬᠠᠢᠯᠠᠨ ᠬᠠᠮᠢᠶᠠᠷᠬᠤ ᠹᠦ᠂ ᠵᠧᠦ᠂ ᠰᠢᠶᠠᠨ ᠤ᠋ ᠤᠯᠠᠷᠢᠬᠤ ᠲᠦᠰᠢᠮᠡᠯ ᠲᠠᠯᠪᠢᠨ ᠵᠠᠬᠢᠷᠤᠭᠤᠯᠪᠠᠰᠤ ᠢᠷᠭᠡᠨ ᠦ᠌ ᠶᠠᠮᠠᠷᠪᠠ ᠬᠡᠷᠡᠭ ᠢ᠋ ᠲᠡᠳᠡᠭᠡᠷ ᠲᠦᠰᠢᠮᠡᠯ ᠳᠤᠷ᠎ᠠ ᠪᠠᠷ ᠵᠣᠷᠢᠭ ᠮᠡᠳᠡᠵᠦ ᠠᠪᠠᠴᠢᠨ ᠴᠢᠳᠠᠬᠤ ᠦᠭᠡᠢ᠂ ᠡᠷᠬᠡᠪᠰᠢ ᠶᠡᠬᠡ ᠲᠥᠷᠥ ᠡᠴᠡ ᠵᠠᠷᠯᠢᠭ ᠭᠤᠶᠤᠬᠤ ᠬᠡᠷᠡᠭᠲᠡᠢ᠂ ᠬᠡᠷᠪᠡ ᠣᠯᠠᠨ ᠸᠠᠩ ᠤ᠋ᠳ ᠲᠤᠷ ᠥᠮᠴᠢᠯᠡᠨ ᠥᠭᠪᠡᠰᠦ ᠶᠡᠬᠡ ᠲᠥᠷᠥ ᠨᠡᠢᠭᠡᠮᠯᠡᠨ ᠵᠠᠬᠢᠷᠠᠬᠤ ᠶ᠋ᠢ ᠠᠯᠳᠠᠬᠤ ᠲᠤᠯᠠ ᠬᠣᠢᠴᠢ ᠡᠳᠦᠷ ᠰᠠᠮᠠᠭᠤᠨ ᠪᠣᠯᠭᠤᠵᠠᠢ ᠬᠡᠮᠡᠮᠦᠢ ᠃ ᠪᠣᠭᠳᠠ ᠡᠵᠡᠨ ᠬᠢᠨᠠᠨ ᠲᠣᠭᠲᠠᠭᠠᠮᠤ ! 》ᠬᠡᠮᠡᠭᠰᠡᠨ ᠳ᠋ᠦ᠍ᠷ ᠬᠠᠭᠠᠨ ᠤ᠋ ᠭᠡᠭᠡᠨ ᠵᠥᠪᠰᠢᠶᠡᠵᠦ ᠂ ᠣᠯᠠᠨ ᠤ᠋ ᠠᠯᠪᠠ ᠪᠠ ᠭᠠᠢᠯᠢ ᠶ᠋ᠢ ᠲᠣᠭᠲᠠᠭᠠᠭᠰᠠᠨ ᠢ᠋ ᠦᠵᠡᠪᠡᠰᠦ ᠶᠧ ᠯᠢᠦᠢ ᠴᠦ ᠼᠠᠢ ᠶ᠋ᠢᠨ ᠨᠤᠭᠤᠯᠪᠤᠷᠢ ᠳ᠋ᠤᠷ ᠠᠢᠯᠠᠳᠬᠠᠨ ᠲᠣᠭᠲᠠᠭᠠᠬᠤ ᠶ᠋ᠢ ᠭᠤᠶᠤᠭᠰᠠᠨ ᠠᠨᠤ : 《ᠢᠷᠭᠡᠨ ᠦ᠌ ᠬᠣᠶᠠᠷ ᠡᠷᠦᠬᠡ ᠡᠴᠡ ᠨᠢᠭᠡᠨ ᠦ᠌ ᠲᠣᠷᠭᠠᠮᠰᠤᠭ ᠤ᠋ᠨ ᠰᠢᠷᠬᠡᠭ ᠠᠪᠴᠤ ᠤᠯᠤᠰ ᠲᠥᠷᠥ ᠶ᠋ᠢᠨ ᠬᠣᠭᠣᠷᠣᠨᠳᠣ ᠶ᠋ᠢᠨ ᠰᠦᠢᠳᠬᠡᠯ ᠳ᠋ᠦ᠍ᠷ ᠬᠡᠷᠡᠭᠯᠡᠶ᠎ᠡ᠂ ᠵᠢᠴᠢ ᠲᠠᠪᠤᠨ ᠡᠷᠦᠬᠡ ᠶ᠋ᠢᠨ ᠳᠤᠮᠳᠠ ᠠ᠋ᠴᠠ ᠨᠢᠭᠡᠨ ᠦ᠌ ᠲᠣᠷᠭᠠᠮᠰᠤᠭ ᠤ᠋ᠨ ᠰᠢᠷᠬᠡᠭ ᠠᠪᠴᠤ ᠣᠯᠠᠨ ᠴᠢᠨ ᠸᠠᠩ ᠤ᠋ᠳ ᠪᠠ ᠭᠠᠪᠢᠶᠠᠲᠤ ᠰᠠᠢᠳ ᠤ᠋ᠨ ᠱᠠᠩ ᠬᠥᠬᠢᠭᠦᠯᠦᠯ ᠳ᠋ᠦ᠍ᠷ ᠬᠡᠷᠡᠭᠯᠡᠶ᠎ᠡ᠂ ᠵᠢᠴᠢ ᠳᠡᠭᠡᠳᠦ ᠶ᠋ᠢᠨ ᠳᠡᠭᠡᠳᠦ ᠤᠰᠤᠨ ᠲᠠᠷᠢᠶᠠᠨ ᠠ᠋ᠴᠠ ᠨᠢᠭᠡᠨ ᠮᠦ᠍ ᠡᠴᠡ ᠲᠠᠪᠤᠨ ᠱᠧᠩ ᠂ ᠶᠡᠷᠦ ᠶ᠋ᠢᠨ ᠳᠡᠭᠡᠳᠦ ᠶ᠋ᠢᠨ ᠰᠠᠢᠨ ᠲᠠᠷᠢᠶ᠎ᠠ ᠠ᠋ᠴᠠ ᠭᠤᠷᠪᠠᠨ ᠱᠧᠩ ᠬᠠᠭᠠᠰ ᠂ ᠳᠤᠮᠳᠠᠳᠤ ᠬᠢᠷᠢ ᠶ᠋ᠢᠨ ᠲᠠᠷᠢᠶ᠎ᠠ ᠠ᠋ᠴᠠ ᠨᠢᠭᠡᠨ ᠮᠦ᠍ ᠡᠴᠡ ᠬᠣᠶᠠᠷ ᠱᠧᠩ ᠬᠠᠭᠠᠰ᠂ ᠳᠣᠣᠷᠠᠲᠤ ᠲᠠᠷᠢᠶ᠎ᠠ ᠨᠢᠭᠡᠨ ᠮᠦ᠍ ᠡᠴᠡ ᠬᠣᠶᠠᠷ ᠱᠧᠩ᠂ ᠵᠢᠴᠢ ᠬᠤᠳᠠᠯᠳᠤᠭᠠᠨ ᠤ᠋ ᠠᠰᠢᠭ ᠠ᠋ᠴᠠ ᠭᠤᠴᠢᠨ ᠬᠤᠪᠢ ᠠ᠋ᠴᠠ ᠨᠢᠭᠡ ᠬᠤᠪᠢ᠂ ᠨᠢᠭᠡᠨ ᠯᠠᠩ ᠮᠥᠩᠭᠥᠨ ᠦ᠌ ᠳᠠᠪᠤᠰᠤ ᠠ᠋ᠴᠠ ᠳᠥᠴᠢᠨ ᠵᠢᠩ ᠦ᠋ᠨ ᠦᠨ᠎ᠡ ᠭᠠᠢᠯᠢ ᠪᠣᠯᠭᠠᠵᠤ᠂ ᠡᠭᠦᠨ ᠢ᠋ ᠡᠭᠦᠷᠢᠳᠡ ᠡᠴᠡ ᠲᠣᠭᠲᠠᠭᠠᠯ ᠪᠣᠯᠭᠠᠰᠤᠭᠠᠢ ! 》ᠬᠡᠮᠡᠬᠦᠢ ᠳ᠋ᠦ᠍ᠷ ᠬᠠᠭᠠᠨ ᠵᠥᠪᠰᠢᠶᠡᠯ ᠦ᠋ᠨ ᠰᠠᠢᠳ ᠤ᠋ᠳ ᠲᠤᠷ ᠲᠤᠰᠢᠶᠠᠨ ᠵᠥᠪᠯᠡᠭᠦᠯᠬᠦᠢ ᠳ᠋ᠦ᠍ᠷ ᠣᠯᠠᠨ ᠲᠦᠰᠢᠮᠡᠳ ᠠᠷᠠᠬᠠᠨ ᠬᠥᠩᠭᠡᠨ ᠬᠡᠮᠡᠬᠦᠢ ᠳ᠋ᠦ᠍ᠷ ᠶᠧ ᠯᠢᠦᠢ ᠴᠦ᠍ ᠼᠠᠢ ᠠᠢᠯᠠᠳᠬᠠᠷᠤᠨ : 《ᠡᠴᠦᠰ ᠲᠦ᠍ᠷ ᠢᠷᠡᠭᠰᠡᠭᠡᠷ᠂ ᠳᠠᠯᠳᠠᠭᠤᠷ ᠠᠰᠢᠭ ᠲᠤᠷ ᠰᠢᠨᠤᠭᠴᠢᠳ ᠨᠡᠮᠡᠭᠰᠡᠭᠡᠷ ᠤᠯᠠᠮ ᠬᠣᠢᠨ᠎ᠠ ᠨᠡᠩ ᠬᠠᠷᠢᠨ ᠬᠦᠨᠳᠦᠳᠡᠭᠦᠵᠡᠢ ᠭᠡᠮᠡᠨ ᠪᠣᠯᠭᠣᠮᠵᠢᠯᠠᠵᠤ ᠠᠲᠠᠯ᠎ᠠ ᠬᠡᠷᠬᠢᠨ ᠬᠥᠩᠭᠡᠨ ᠬᠡᠮᠡᠵᠦ ᠪᠣᠯᠬᠤ ? ᠪᠣᠭᠳᠠ ᠡᠵᠡᠨ ᠬᠢᠨᠠᠨ ᠲᠣᠯᠢᠳᠠᠵᠤ ᠠᠢᠯᠠᠳᠤᠨ ᠲᠣᠭᠲᠠᠭᠠᠮᠤ ! 》ᠭᠡᠮᠡᠨ ᠮᠥᠷᠭᠥᠨ ᠠᠢᠯᠠᠳᠬᠠᠭᠰᠠᠨ ᠳ᠋ᠤᠷ ᠬᠠᠭᠠᠨ ᠳᠠᠷᠤᠢ ᠮᠥᠨ ᠶᠣᠰᠣᠭᠠᠷ ᠵᠥᠪᠰᠢᠶᠡᠨ ᠲᠣᠭᠲᠠᠭᠠᠵᠤ ᠢᠷᠭᠡᠨ ᠢ ᠥᠷᠥᠰᠢᠶᠡᠬᠦᠢ ᠶ᠋ᠢ ᠢᠷᠭᠡᠨ ᠳ᠋ᠦ᠍ᠷ ᠦᠵᠡᠭᠦᠯ ᠭᠡᠮᠡᠨ ᠲᠣᠭᠲᠠᠭᠠᠨ ᠵᠠᠷᠯᠢᠭ ᠪᠠᠭᠤᠯᠭᠠᠪᠠ᠃
ᠲᠡᠳᠦᠢ ᠬᠠᠭᠠᠨ ᠤ᠋ ᠭᠡᠭᠡᠨ ᠪᠠᠭ᠎ᠠ ᠠ᠋ᠴᠠ ᠡᠮᠦᠨ᠎ᠡ ᠤᠯᠤᠰ ᠤ᠋ᠨ ᠬᠢᠲᠠᠳ ᠪᠢᠴᠢᠭ ᠲᠣᠷ ᠳᠤᠷᠠᠲᠠᠢ ᠲᠤᠯᠠ ᠤᠷᠲᠤᠳᠠ ᠡᠮᠦᠨ᠎ᠡ ᠤᠯᠤᠰ ᠤ᠋ᠨ ᠴᠡᠷᠢᠭ ᠢᠷᠭᠡᠨ ᠡᠴᠡ ᠪᠢᠴᠢᠭ ᠦ᠋ᠨ ᠡᠷᠳᠡᠮᠲᠡᠨ ᠢ ᠰᠢᠯᠭᠠᠭᠤᠯᠤᠨ ᠢᠷᠡᠭᠦᠯᠳᠡᠭ ᠪᠥᠯᠥᠭᠡ᠃ ᠡᠷᠲᠡ ᠲᠠᠢᠽᠦ ᠱᠧᠩ ᠡᠦ ᠬᠣᠲᠠᠩᠲᠢ ᠴᠢᠩᠭᠢᠰ ᠬᠠᠭᠠᠨ ᠤ᠋ ᠦᠶ᠎ᠡ ᠳ᠋ᠦ᠍ᠷ ᠠᠯᠲᠠᠨ ᠤᠯᠤᠰ ᠤ᠋ᠨ ᠰᠢᠦᠢ ᠵᠧᠦ ᠶ᠋ᠢ ᠣᠯᠵᠤ ᠴᠡᠷᠢᠭ ᠢᠷᠭᠡᠨ ᠢ᠋ ᠪᠠᠢᠴᠠᠭᠠᠬᠤᠢ ᠳ᠋ᠤᠷ ᠰᠢᠦᠢ ᠵᠧᠦ ᠶ᠋ᠢᠨ ᠨᠠᠷᠢᠨ ᠡᠳ᠋ ᠦ᠋ᠨ ᠬᠦᠦ ᠶ᠋ᠢ ᠬᠠᠮᠢᠶᠠᠷᠤᠭᠰᠠᠨ ᠨᠢᠭᠡᠨ ᠪᠢᠴᠢᠬᠠᠨ ᠲᠦᠰᠢᠮᠡᠯ ᠣᠪᠣᠭ ᠡᠦ᠂ ᠨᠡᠷ᠎ᠡ ᠶᠠᠩ ᠬᠡᠮᠡᠭᠴᠢ ᠶ᠋ᠢ ᠣᠯᠵᠤ ᠂ ᠲᠡᠭᠦᠨ ᠦ᠌ ᠪᠢᠴᠢᠭ ᠦ᠋ᠨ ᠡᠷᠳᠡᠮ ᠦᠯᠡᠮᠵᠢ ᠳ᠋ᠦ᠍ᠷ ᠥᠷᠥᠰᠢᠶᠡᠨ ᠬᠥᠮᠦᠵᠢᠭᠦᠯᠵᠦ᠂ ᠵᠡᠷᠭᠡ ᠲᠤᠰᠢᠶᠠᠯ ᠥᠭᠴᠦ ᠮᠣᠩᠭᠣᠯ ᠰᠠᠢᠳ ᠤ᠋ᠨ ᠬᠡᠦᠬᠡᠳ ᠳᠡᠭᠦᠦ ᠨᠠᠷ ᠲᠤᠷ ᠬᠢᠲᠠᠳ ᠪᠢᠴᠢᠭ ᠰᠤᠷᠭᠠᠯᠭᠠᠨ ᠨᠠᠢ᠍ᠮᠠᠨ ᠤ᠋ ᠳ᠋ᠠᠳᠠᠳᠤᠩᠭ᠎ᠠ ᠶ᠋ᠢ ᠵᠠᠯᠭᠠᠮᠵᠢᠯᠠᠭᠤᠯᠤᠭᠰᠠᠨ ᠪᠥᠯᠥᠭᠡ᠃ ᠡᠨᠡ ᠤᠳᠠᠭ᠎ᠠ ᠲᠠᠢᠽᠢ ᠬᠥᠶᠦᠭ ᠡᠮᠦᠨ᠎ᠡ ᠰᠥᠩ ᠤᠯᠤᠰ ᠢ᠋ ᠳᠠᠢᠯᠠᠷ᠎ᠠ ᠮᠣᠷᠳᠠᠬᠤᠢ ᠳ᠋ᠤᠷ ᠡᠨᠡ ᠡᠦ ᠶᠠᠩ ᠢ᠋ ᠡᠮᠦᠨ᠎ᠡ ᠭᠠᠵᠠᠷ ᠤ᠋ᠨ ᠡᠶ᠎ᠡ ᠵᠠᠩ ᠢ᠋ ᠮᠡᠳᠡᠮᠦᠢ ᠭᠡᠮᠡᠨ ᠳᠠᠭᠠᠭᠤᠯᠤᠨ ᠠᠴᠢᠷᠠᠭᠠᠳ ᠼᠤᠤ ᠶᠠᠩ ᠢ ᠪᠠᠢᠯᠳᠤᠨ ᠠᠪᠤᠭᠰᠠᠨ ᠳ᠋ᠤᠷ ᠲᠠᠢᠽᠢ ᠭᠦᠶᠦᠭ ᠦ᠋ᠨ ᠮᠥᠷᠥ ᠶ᠋ᠢᠨ ᠵᠠᠩᠵᠤᠨ ᠲᠦᠮᠡᠨᠲᠡᠢ ᠡᠳᠡᠭᠡᠷ ᠬᠢᠲᠠᠳ ᠨᠠᠷ ᠤ᠋ᠨ ᠪᠠᠢᠨ ᠪᠠᠢᠨ ᠤᠷᠪᠠᠵᠤ ᠬᠥᠷᠪᠡᠬᠦ ᠢᠨᠤ ᠴᠥᠮ ᠡᠳᠡᠭᠡᠷ ᠵᠡᠷᠭᠡ ᠶ᠋ᠢᠨ ᠵᠠᠯᠢᠬᠠᠢ ᠵᠢᠰᠤᠷ ᠪᠢᠴᠢᠭ ᠦ᠋ᠨ ᠠᠷᠠᠳ ᠠ᠋ᠴᠠ ᠡᠪᠳᠡᠷᠬᠡᠢ ᠠᠷᠭ᠎ᠠ ᠡᠳᠦᠮᠦᠢ᠂ ᠡᠳᠡᠭᠡᠷ ᠠᠷᠠᠳ ᠢ᠋ ᠡᠰᠡ ᠬᠢᠨᠠᠨ ᠪᠠᠢᠴᠠᠭᠠᠪᠠᠰᠤ ᠪᠣᠯᠬᠤ ᠦᠭᠡᠢ ᠭᠡᠮᠡᠨ ᠪᠠᠢᠴᠠᠭᠠᠭᠰᠠᠭᠠᠷ ᠠᠷᠪᠠᠭᠠᠳ ᠢᠯᠡᠭᠦᠦ ᠨᠡᠷ᠎ᠡ ᠲᠡᠢ ᠪᠢᠴᠢᠭᠡᠴᠢ ᠨᠠᠷ ᠢ᠋ ᠣᠯᠵᠤ᠂ ᠲᠡᠷᠢᠭᠦᠯᠡᠭᠡᠨ ᠢᠨᠤ ᠣᠪᠣᠭ ᠵᠣᠣ᠂ ᠨᠡᠷ᠎ᠡ ᠹᠦ᠂ ᠡᠷᠭᠦᠭᠰᠡᠨ ᠨᠡᠷ᠎ᠡ ᠵᠢᠶᠠᠩ ᠬᠠᠨ ᠰᠢᠶᠠᠨᠱᠧᠩ᠂ ᠡᠳᠡᠨ ᠦ᠌ ᠠᠷᠪᠠᠭᠠᠳ ᠬᠥᠮᠦᠨ ᠢ᠋ ᠠᠪᠴᠤ ᠢᠷᠡᠭᠰᠡᠨ᠎ᠡ᠂ ᠲᠡᠷᠡ ᠵᠢᠶᠠᠩ ᠬᠠᠨ ᠰᠢᠶᠠᠨᠱᠧᠩ ᠵᠣᠣ ᠹᠦ ᠡᠷᠬᠡᠪᠰᠢ ᠦᠬᠦᠬᠦ ᠶ᠋ᠢ ᠡᠷᠢᠬᠦᠢ ᠳ᠋ᠦ᠍ᠷ ᠡᠦ ᠶᠠᠩ ᠲᠡᠭᠦᠨ ᠢ᠋ ᠪᠠᠭᠤᠳᠠᠯ ᠳ᠋ᠤᠷ ᠢ᠋ᠶ᠋ᠠᠨ ᠬᠣᠨᠣᠭᠤᠯᠵᠤ᠂ ᠰᠥᠨᠢ ᠵᠠᠭᠤᠨ ᠵᠦᠢᠯ ᠢ᠋ᠶ᠋ᠡᠷ ᠳᠤᠷᠠᠳᠬᠠᠨ ᠥᠭᠦᠯᠡᠷᠦᠨ : 《ᠡᠷᠭᠢᠨ ᠠᠬ᠎ᠠ ᠴᠢ ᠦᠬᠦᠭᠡᠳ ᠨᠢᠭᠡᠨ ᠴᠠᠭ ᠤ᠋ᠨ ᠵᠢᠷᠤᠮ ᠢ ᠭᠦᠢᠴᠡᠳᠬᠡᠬᠦᠢ ᠳ᠋ᠦ᠍ᠷ ᠬᠢᠯᠪᠠᠷ᠂ ᠬᠠᠢᠷᠠᠬᠠᠨ ᠰᠤᠷᠤᠭᠰᠠᠨ ᠡᠷᠳᠡᠮ ᠢ᠋ ᠲᠠᠯᠠᠭᠠᠷ ᠰᠦᠢᠳᠬᠡᠬᠦ ᠢᠨᠤ ᠪᠡᠷᠬᠡ᠂ ᠨᠢᠭᠡᠨ ᠪᠡᠶ᠎ᠡ ᠦᠬᠦᠬᠦᠢ ᠳ᠋ᠦ᠍ᠷ ᠬᠠᠢᠷᠠᠨ ᠦᠭᠡᠢ᠂ ᠲᠦᠮᠡᠨ ᠦᠶ᠎ᠡ ᠶ᠋ᠢᠨ ᠡᠷᠳᠡᠮ ᠢ᠋ ᠮᠥᠬᠥᠭᠡᠬᠦ ᠢᠨᠤ ᠬᠠᠢᠷᠠᠨ᠃ ᠮᠣᠩᠭᠣᠯ ᠬᠡᠮᠡᠭᠴᠢ ᠡᠷᠳᠡᠮᠲᠡᠨ ᠢ᠋ ᠦᠯᠦ ᠵᠢᠭᠰᠢᠮᠦᠢ᠂ ᠴᠢᠩ ᠦᠨᠡᠨ ᠢ᠋ᠶ᠋ᠡᠷ ᠬᠠᠢᠷᠠᠯᠠᠬᠤ ᠠᠨᠤ ᠮᠠᠨ ᠤ᠋ ᠬᠢᠲᠠᠳ ᠠ᠋ᠴᠠ ᠦᠨᠡᠮᠴᠢ᠂ ᠡᠳᠦᠭᠡ ᠮᠣᠩᠭᠣᠯ ᠤ᠋ᠨ ᠲᠥᠷᠥ ᠳ᠋ᠦ᠍ᠷ ᠨᠡᠷ᠎ᠡ ᠲᠡᠢ ᠡᠷᠳᠡᠮᠲᠡᠨ ᠴᠤᠭᠯᠠᠭᠰᠠᠨ ᠠᠨᠤ ᠰᠢᠭᠤᠢ ᠮᠡᠲᠦ ᠪᠣᠯᠵᠤᠬᠤᠢ᠃ ᠮᠢᠨᠦ ᠵᠡᠷᠭᠡ ᠬᠥᠮᠦᠨ ᠢ᠋ ᠪᠠᠰᠠ ᠡᠷᠭᠢᠨ ᠲᠦᠰᠢᠮᠡᠯ ᠳ᠋ᠦ᠍ᠷ ᠦᠵᠡᠵᠦ ᠥᠷᠥᠰᠢᠶᠡᠬᠦ ᠪᠡᠷ ᠦᠵᠡᠪᠡᠰᠦ ᠳᠠᠷᠤᠢ ᠣᠯᠵᠤ ᠮᠡᠳᠡᠬᠦ ᠪᠣᠯᠠᠢ ! 》ᠬᠡᠮᠡᠭᠰᠡᠨ ᠳ᠋ᠦ᠍ᠷ ᠵᠣᠣ ᠹᠦ ᠠᠷᠬ᠎ᠠ ᠦᠭᠡᠢ ᠡᠪᠦᠳᠦᠭ ᠨᠤᠭᠤᠯᠵᠤ ᠮᠥᠷᠭᠥᠨ ᠳᠠᠭᠠᠭᠰᠠᠨ ᠳ᠋ᠤᠷ ᠭᠦᠶᠦᠭ ᠶᠡᠬᠡᠯ᠎ᠡ ᠪᠠᠶᠠᠷᠯᠠᠨ᠂ ᠳᠠᠷᠤᠢ ᠲᠡᠭᠦᠨ ᠯᠦ᠍ᠭᠡ ᠣᠯᠤᠭᠰᠠᠨ ᠠᠷᠪᠠᠭᠠᠳ ᠪᠢᠴᠢᠭᠡᠴᠢ ᠨᠠᠷ ᠢ᠋ ᠡᠦ ᠶᠠᠩ ᠢ᠋ᠶ᠋ᠠᠷ ᠶᠠᠨ ᠤ᠋ ᠭᠠᠵᠠᠷ ᠤ᠋ᠨ ᠪᠡᠭᠡᠵᠢᠩ ᠳ᠋ᠦ᠍ᠷ ᠬᠦᠷᠭᠡᠨ ᠢᠯᠡᠭᠡᠭᠰᠡᠨ ᠳ᠋ᠦ᠍ᠷ ᠬᠠᠭᠠᠨ ᠤ᠋ ᠭᠡᠭᠡᠨ ᠪᠠᠷᠠᠳᠠᠭᠤᠯᠤᠨ ᠬᠡᠯᠡᠯᠴᠡᠵᠦ ᠦᠵᠡᠭᠡᠳ ᠦᠨᠡᠬᠡᠷ ᠡᠷᠳᠡᠮᠲᠡᠨ ᠮᠥᠨ ᠢ᠋ ᠲᠠᠨᠢᠵᠤ ᠳᠠᠷᠤᠢ ᠵᠠᠷᠯᠢᠭ ᠪᠠᠭᠤᠯᠭᠠᠨ ᠶᠠᠨ ᠵᠢᠩ ᠬᠣᠲᠠᠨ ᠳ᠋ᠤᠷ ᠪᠢᠶᠠᠨ ᠰᠢᠦ ᠱᠤ᠋ ᠬᠡᠮᠡᠬᠦ ᠰᠤᠷᠭᠠᠭᠤᠯᠢ ᠶ᠋ᠢᠨ ᠶᠠᠮᠤᠨ ᠪᠠᠢᠭᠤᠯᠵᠤ᠂ ᠵᠢᠶᠠᠩ ᠬᠠᠨ ᠰᠢᠶᠠᠨᠱᠧᠩ ᠵᠣᠣ ᠹᠦ ᠶ᠋ᠢ ᠳᠡᠭᠡᠷ᠎ᠡ ᠢᠨᠤ ᠪᠠᠭᠰᠢ ᠪᠣᠯᠭᠠᠨ ᠮᠣᠩᠭᠣᠯ ᠠᠷᠠᠳ ᠲᠦᠰᠢᠮᠡᠯ ᠦ᠋ᠨ ᠬᠡᠦᠬᠡᠳ ᠳᠡᠭᠦᠦ ᠨᠠᠷ ᠢ᠋ ᠨᠢᠭᠡᠨ ᠵᠠᠭᠤᠨ ᠬᠥᠮᠦᠨ ᠢ᠋ ᠰᠣᠩᠭᠣᠨ ᠲᠡᠭᠦᠨ ᠳ᠋ᠦ᠍ᠷ ᠱᠠᠪᠢ ᠪᠣᠯᠭᠠᠨ ᠲᠤᠰᠢᠶᠠᠵᠤ ᠥᠭᠭᠦᠭᠡᠳ 《ᠳᠥᠷᠪᠡᠨ ᠪᠢᠴᠢᠭ 》 《ᠲᠠᠪᠤᠨ ᠨᠣᠮ 》 ᠢ ᠰᠤᠷᠭᠠᠪᠠ᠃ ᠡᠭᠦᠨ ᠡᠴᠡ ᠭᠠᠳᠠᠨ᠎ᠠ ᠪᠠᠰᠠ ᠴᠣᠯᠭᠣᠷᠠᠭᠰᠠᠨ ᠡᠷᠳᠡᠮᠲᠡᠨ ᠯᠢᠶᠠᠩ ᠵᠢᠢ ᠂ ᠸᠠᠩ ᠸᠸᠨ ᠴᠠᠩ ᠬᠡᠮᠡᠬᠦ ᠬᠣᠶᠠᠭᠤᠯᠠ ᠶ᠋ᠢ ᠬᠠᠪᠰᠤᠷᠤᠭᠤᠯᠤᠨ ᠥᠭᠴᠦ ᠽᠢᠰᠸ ᠦ᠋ᠨ ᠵᠣᠬᠢᠶᠠᠭᠰᠠᠨ 《ᠶᠢᠰᠦᠨ ᠠᠩᠭᠢ ᠰᠤᠳᠤᠷ 》 ᠢ ᠨᠠᠷᠢᠪᠴᠢᠯᠠᠨ ᠲᠠᠢᠯᠤᠨ ᠪᠢᠴᠢᠭᠦᠯᠵᠦ ᠬᠠᠭᠠᠨ ᠤ᠋ ᠭᠡᠭᠡᠨ ᠡᠮᠦᠨ᠎ᠡ ᠪᠡᠨ ᠤᠩᠰᠢᠭᠤᠯᠵᠤ ᠢᠯᠭᠠᠨ ᠨᠠᠢᠷᠠᠭᠤᠯᠤᠭᠰᠠᠨ ᠳ᠋ᠤ᠌ ᠵᠣᠣ ᠹᠦ ᠨᠠᠷ ᠲᠡᠭᠷᠢ ᠶ᠋ᠢᠨ ᠬᠥᠪᠡᠭᠦᠨ ᠦ᠌ ᠲᠥᠷᠥᠯᠬᠢ ᠮᠠᠲᠠᠯ ᠣᠶᠤᠨ ᠤ᠋ ᠬᠤᠷᠴᠠ ᠭᠠᠢᠬᠠᠮᠰᠢᠭ ᠢ ᠳᠣᠲᠣᠷ᠎ᠠ ᠪᠠᠨ ᠰᠡᠮᠡᠬᠡᠷ ᠰᠣᠴᠢᠨ ᠭᠠᠢᠬᠠᠵᠤ ᠱᠠᠭᠰᠢᠨ ᠪᠢᠰᠢᠷᠡᠪᠡᠢ᠃ ᠡᠭᠦᠨ ᠳ᠋ᠦ᠍ᠷ ᠬᠠᠭᠠᠨ ᠤ᠋ ᠠᠴᠢ ᠬᠤᠪᠢᠯᠠᠢ ᠰᠡᠴᠡᠨ ᠡᠨᠡ ᠦᠶ᠎ᠡ ᠳ᠋ᠦ᠍ᠷ ᠬᠣᠷᠢᠨ ᠬᠣᠶᠠᠷ ᠰᠡᠭᠦᠳᠡᠷ ᠲᠡᠢ ᠪᠣᠯᠵᠤ᠂ ᠰᠤᠷᠲᠠᠯ ᠤ᠋ᠨ ᠬᠥᠷᠥᠩᠭᠡ ᠶᠡᠬᠡᠳᠡ ᠮᠠᠨᠳᠤᠵᠤ᠂ ᠣᠯᠠᠨ ᠡᠷᠳᠡᠮᠲᠡᠨ ᠢ᠋ ᠶᠠᠮᠤᠨ ᠳ᠋ᠠᠭᠠᠨ ᠴᠤᠭᠯᠠᠭᠤᠯᠤᠨ ᠠᠰᠠᠭᠤᠬᠤ ᠰᠢᠭᠦᠮᠵᠢᠯᠡᠬᠦ ᠥᠴᠢᠬᠦ ᠥᠭᠦᠯᠡᠬᠦᠢ ᠳ᠋ᠦ᠍ᠷ ᠰᠥᠩ ᠤᠯᠤᠰ᠂ ᠠᠯᠲᠠᠨ ᠤᠯᠤᠰ ᠤ᠋ᠨ ᠨᠡᠷᠡᠲᠦ ᠪᠢᠴᠢᠭᠡᠴᠢ ᠨᠠᠷ ᠨᠡᠢᠲᠡ ᠪᠡᠷ ᠲᠥᠯᠥᠪᠷᠡᠨ ᠱᠦᠯᠬᠦᠲᠦᠵᠦ ᠰᠣᠴᠢᠯᠴᠠᠨ ᠭᠠᠢᠬᠠᠯᠳᠤᠮᠤᠢ᠃ ᠨᠡᠩ ᠡᠨᠡ ᠵᠣᠣ ᠹᠦ ᠳ᠋ᠦ᠍ᠷ ᠠᠭᠤᠯᠵᠠᠭᠰᠠᠨ ᠠ᠋ᠴᠠ ᠰᠤᠷᠲᠠᠯ ᠠᠰᠠᠭᠤᠯᠲᠠ ᠶ᠋ᠢᠨ ᠡᠷᠳᠡᠮ ᠶᠡᠬᠡ ᠨᠡᠮᠡᠭᠳᠡᠵᠦ᠂ ᠢᠯᠭᠠᠬᠤ ᠰᠢᠭᠦᠮᠵᠢᠯᠡᠬᠦ ᠠᠰᠤᠷᠤ ᠭᠡᠭᠡᠬᠡᠨ ᠳ᠋ᠦ᠍ᠷ ᠠᠪᠠᠭ᠎ᠠ ᠠᠨᠤ ᠲᠠᠢᠽᠥ᠋ᠡᠭ ᠬᠠᠭᠠᠨ ᠥᠷᠥᠰᠢᠶᠡᠨ ᠶᠡᠬᠡ ᠰᠡᠴᠡᠨ ᠴᠢᠨ ᠸᠠᠩ ᠭᠡᠮᠡᠨ ᠡᠷᠭᠦᠵᠦ ᠹᠦᠩᠯᠦ ᠶ᠋ᠢ ᠬᠣᠶᠠᠷ ᠬᠤᠪᠢ ᠨᠡᠮᠡᠪᠡ᠃ ᠲᠡᠭᠦᠨᠴᠡ ᠲᠡᠢ ᠴᠠᠩ ᠰᠧ ᠶᠠᠮᠤᠨ ᠢ᠋ ᠪᠠᠷᠢᠭᠤᠯᠵᠤ ᠶᠣᠰᠣᠯᠠᠯ ᠬᠥᠭᠵᠢᠮ ᠢ᠋ ᠢᠯᠭᠠᠯᠭᠠᠪᠠ᠃ ᠪᠠᠰᠠ ᠫᠢᠩ ᠶᠠᠩ ᠹᠦ ᠳ᠋ᠦ᠍ᠷ ᠵᠢᠩ ᠨᠢ ᠱᠤ᠌ ᠨᠡᠷᠡᠲᠦ ᠶᠠᠮᠤᠨ ᠪᠠᠢᠭᠤᠯᠵᠤ᠂ ᠨᠣᠮ ᠪᠢᠴᠢᠭ ᠦ᠋ᠨ ᠲᠥᠷᠥ ᠶ᠋ᠢ ᠶᠡᠬᠡᠯ᠎ᠡ ᠬᠥᠭᠵᠢᠭᠦᠯᠪᠡ᠃ ᠺᠦᠩ ᠹᠦᠽᠢ ᠪᠣᠭᠳᠠ ᠶ᠋ᠢᠨ ᠰᠦᠮ᠎ᠡ ᠪᠦᠭᠦᠳᠡ ᠶ᠋ᠢ ᠰᠢᠨᠡᠳᠬᠡᠨ ᠪᠠᠢᠭᠤᠯᠤᠭᠤᠯᠪᠠᠢ᠃ ᠶᠠᠨ ᠵᠢᠩ ᠳ᠋ᠦ᠍ᠷ ᠪᠠᠰᠠ ᠲᠡᠭᠷᠢ ᠶ᠋ᠢᠨ ᠤᠳᠬ᠎ᠠ ᠶ᠋ᠢ ᠰᠢᠨᠵᠢᠬᠦ ᠰᠧ ᠲᠢᠶᠠᠨ ᠲᠠᠢ ᠶᠠᠮᠤᠨ ᠨᠡᠮᠡᠵᠦ ᠪᠠᠢᠭᠤᠯᠪᠠ᠃ ᠡᠳᠡᠭᠡᠷ ᠵᠦᠢᠯ ᠳ᠋ᠦ᠍ᠷ ᠴᠥᠮ ᠰᠡᠴᠡᠨ ᠴᠢᠨ ᠸᠠᠩ ᠬᠤᠪᠢᠯᠠᠢ ᠶ᠋ᠢᠨ ᠨᠢᠳᠦ ᠰᠠᠨᠠᠭᠠᠨ ᠬᠦᠷᠴᠦᠬᠦᠢ᠃ ᠡᠭᠦᠨᠴᠡ ᠬᠤᠪᠢᠯᠠᠢ ᠰᠡᠴᠡᠨ ᠴᠢᠨ ᠸᠠᠩ ᠤ᠋ᠨ ᠶᠠᠮᠤᠨ ᠳ᠋ᠤᠷ ᠨᠡᠷ᠎ᠡ ᠲᠡᠢ ᠡᠷᠳᠡᠮᠲᠡᠨ ᠰᠢᠭᠤᠢ ᠮᠡᠲᠦ ᠴᠤᠭᠯᠠᠷᠠᠨ ᠬᠤᠷᠠᠵᠤ ᠵᠢᠶᠠᠩ ᠬᠠᠨ ᠰᠢᠶᠠᠨᠱᠧᠩ ᠦ᠋ᠨ ᠨᠡᠷ᠎ᠡ ᠶᠠᠨ ᠤ᠋ ᠭᠠᠵᠠᠷ ᠲᠤᠷ ᠶᠡᠬᠡᠯ᠎ᠡ ᠠᠯᠳᠠᠷᠰᠢᠭᠰᠠᠨ ᠠᠨᠤ ᠴᠥᠮ ᠬᠤᠪᠢᠯᠠᠢ ᠰᠡᠴᠡᠨ ᠴᠢᠨ ᠸᠠᠩ ᠤ᠋ᠨ ᠮᠡᠷᠭᠡᠨ ᠳ᠋ᠦ᠍ᠷ ᠠᠵᠤᠭᠤ᠃ ᠲᠡᠭᠦᠨᠴᠡ ᠬᠤᠪᠢᠯᠠᠢ ᠰᠡᠴᠡᠨ ᠴᠢᠨ ᠸᠠᠩ ᠤ᠋ᠨ ᠵᠣᠣ ᠹᠦ ᠯᠤᠭ᠎ᠠ ᠨᠡᠢᠯᠡᠵᠦ ᠮᠣᠩᠭᠣᠯ ᠤ᠋ᠨ ᠲᠥᠷᠥ ᠳ᠋ᠦ᠍ᠷ ᠪᠢᠴᠢᠭ ᠰᠤᠳᠤᠷ ᠢ᠋ ᠬᠥᠭᠵᠢᠭᠡᠬᠦ ᠶ᠋ᠢ ᠲᠦᠷ ᠬᠡᠯᠡᠯᠴᠡᠬᠦ ᠦᠭᠡᠢ᠃
ᠡᠨᠡ ᠦᠶ᠎ᠡ ᠳ᠋ᠦ᠍ᠷ ᠠᠯᠲᠠᠨ ᠤᠯᠤᠰ ᠤ᠋ᠨ ᠤᠭᠰᠠᠭ᠎ᠠ ᠸᠠᠨ ᠶᠠᠨ ᠬᠤᠸᠠᠨ ᠬᠡᠮᠡᠭᠴᠢ ᠣᠪᠣᠭ ᠢ᠋ᠶ᠋ᠠᠨ ᠬᠠᠯᠠᠵᠤ ᠳᠦ ᠬᠤᠸᠠᠨ ᠬᠡᠮᠡᠭᠡᠳ ᠲᠠᠢᠽᠥ᠋ᠡᠭ ᠬᠠᠭᠠᠨ ᠳ᠋ᠤᠷ ᠳᠠᠭᠠᠭᠰᠠᠨ ᠳ᠋ᠤᠷ ᠬᠠᠭᠠᠨ ᠲᠡᠭᠦᠨ ᠦ᠌ ᠪᠢᠴᠢᠭ ᠦ᠋ᠨ ᠡᠷᠳᠡᠮ ᠢ᠋ ᠰᠠᠢᠨ ᠬᠡᠮᠡᠵᠦ ᠰᠢᠳᠠᠷ ᠪᠠᠢᠯᠭᠠᠭᠰᠠᠨ ᠠᠵᠤᠭᠤ᠃ ᠡᠳᠦᠭᠡ ᠳᠦ ᠬᠤᠸᠠᠨ ᠣᠨᠴᠠ ᠶᠧ ᠯᠢᠦᠢ ᠴᠦ᠍ ᠼᠠᠢ ᠳ᠋ᠤᠷ ᠠᠲᠠᠭᠠᠷᠬᠠᠨ ᠬᠠᠭᠠᠨ ᠳ᠋ᠤᠷ ᠶᠧ ᠯᠢᠦᠢ ᠴᠦ᠍ ᠼᠠᠢ ᠶ᠋ᠢᠨ ᠡᠷᠬᠡ ᠠᠷᠠᠬᠠᠨ ᠶᠡᠬᠡᠳᠡᠪᠡ ᠭᠡᠮᠡᠨ ᠠᠢᠯᠠᠳᠬᠠᠭᠰᠠᠨ ᠳ᠋ᠤᠷ ᠬᠠᠭᠠᠨ ᠵᠠᠷᠯᠢᠭ ᠪᠣᠯᠤᠷᠤᠨ : 《ᠲᠡᠷᠡ ᠦᠨᠡᠨᠴᠢ ᠰᠢᠳᠤᠷᠭᠤ᠂ ᠢᠳᠬᠠᠬᠤ ᠬᠣᠷᠢᠭᠯᠠᠬᠤᠢ ᠳ᠋ᠤᠷ ᠪᠡᠶ᠎ᠡ ᠪᠡᠨ ᠦᠯᠦ ᠪᠣᠳᠣᠮᠤᠢ ! 》 ᠬᠡᠮᠡᠬᠦᠢ ᠳ᠋ᠦ᠍ᠷ ᠳᠦ ᠬᠤᠸᠠᠨ ᠥᠭᠦᠯᠡᠷᠦᠨ : 《ᠲᠡᠷᠡ ᠬᠠᠭᠠᠨ ᠤ᠋ ᠪᠠᠷᠤᠭ ᠢ᠋ ᠦᠵᠡᠵᠦ ᠠᠶ᠎ᠠ ᠶ᠋ᠢ ᠳᠠᠭᠠᠭᠤᠯᠬᠤ ᠪᠣᠯᠠᠢ᠂ ᠬᠠᠭᠠᠨ ᠬᠡᠷᠪᠡ ᠴᠢᠩᠳᠠᠯᠠᠨ ᠵᠠᠷᠯᠢᠭ ᠪᠠᠭᠤᠯᠭᠠᠪᠠᠰᠤ ᠲᠡᠷᠡ ᠯᠠᠪ ᠪᠠᠰᠠ ᠪᠢᠯᠳᠠᠤᠴᠢᠯᠠᠨ ᠬᠡᠳᠦᠢ ᠬᠠᠷᠰᠢᠯᠲᠠᠢ ᠬᠡᠷᠡᠭ ᠪᠣᠯᠪᠠᠴᠤ ᠯᠠᠪ ᠦᠯᠦ ᠬᠣᠷᠢᠭᠯᠠᠮᠤᠢ᠃ ᠡᠨᠡ ᠵᠢᠯ ᠣᠷᠳᠣᠨ ᠤ᠋ ᠥᠬᠢᠳ ᠰᠢᠯᠭᠠᠬᠤ ᠵᠢᠯ᠂ ᠬᠠᠭᠠᠨ ᠴᠢᠩᠳᠠ ᠵᠠᠷᠯᠢᠭ ᠪᠠᠭᠤᠯᠭᠠᠨ᠂ ᠳᠡᠯᠡᠬᠡᠢ ᠳ᠋ᠠᠬᠢᠨ ᠤ᠋ ᠰᠠᠢᠨ ᠥᠩᠭᠡ ᠲᠡᠢ ᠶ᠋ᠢ ᠴᠥᠮ ᠰᠢᠯᠭᠠᠭᠤᠯᠤᠮᠤᠢ᠂ ᠪᠠᠰᠠ ᠳᠡᠯᠡᠬᠡᠢ ᠳ᠋ᠠᠬᠢᠨ ᠤ᠋ ᠪᠠᠶᠠᠨ ᠢᠷᠭᠡᠳ ᠦ᠋ᠨ ᠰᠠᠢᠨ ᠮᠣᠷᠢᠨ ᠢ᠋ ᠬᠣᠭᠣᠷᠣᠨᠳᠣ ᠦᠨ᠎ᠡ ᠲᠣᠭᠲᠠᠭᠠᠵᠤ ᠴᠥᠮ ᠰᠣᠩᠭᠣᠨ ᠠᠪᠴᠤ ᠣᠯᠠᠨ ᠭᠠᠪᠢᠶᠠᠲᠤ ᠸᠠᠩ ᠰᠠᠢᠳ ᠤ᠋ᠳ ᠤ᠋ᠨ ᠪᠠ ᠡᠷᠭᠢᠨ ᠤᠭᠰᠠᠭ᠎ᠠ ᠲᠥᠷᠥᠯ ᠦ᠋ᠨ ᠲᠠᠢᠽᠢ ᠨᠠᠷ ᠲᠤᠷ ᠱᠠᠩᠨᠠᠬᠤ ᠶ᠋ᠢ ᠪᠡᠯᠡᠳᠬᠡᠮᠦᠢ᠂ ᠬᠡᠷᠬᠢᠪᠡᠴᠦ ᠣᠰᠣᠯᠳᠠᠨ ᠠᠯᠭᠤᠷᠯᠠᠵᠤ ᠪᠣᠯᠬᠤ ᠦᠭᠡᠢ ᠭᠡᠮᠡᠨ ᠳᠠᠷᠤᠢ ᠶᠧ ᠯᠢᠦᠢ ᠴᠦ᠍ ᠼᠠᠢ ᠳ᠋ᠤᠷ ᠵᠠᠷᠯᠢᠭ ᠪᠠᠭᠤᠯᠭᠠᠨ ᠴᠢᠬᠤᠯᠠ ᠪᠠᠷ ᠲᠤᠰᠢᠶᠠᠰᠤᠭᠠᠢ᠂ ᠲᠡᠭᠦᠨ ᠦ᠌ ᠬᠡᠷᠬᠢᠬᠦ ᠶ᠋ᠢ ᠦᠵᠡᠶ᠎ᠡ ! 》ᠬᠡᠮᠡᠬᠦᠢ ᠳ᠋ᠦ᠍ᠷ ᠲᠠᠢᠽᠥ᠋ᠡᠭ ᠬᠠᠭᠠᠨ ᠮᠦᠰᠢᠶᠡᠵᠦ ᠵᠠᠷᠯᠢᠭ ᠪᠣᠯᠤᠷᠤᠨ : 《ᠴᠢ ᠦᠵᠡᠵᠦ ᠪᠠᠢᠭᠲᠤᠨ᠂ ᠶᠧ ᠯᠢᠦᠢ ᠴᠦ᠍ ᠼᠠᠢ ᠯᠠᠪ ᠦᠬᠦᠨ ᠬᠣᠷᠢᠭᠯᠠᠮᠤᠢ᠂ ᠴᠢ ᠢᠲᠡᠭᠡᠪᠡᠰᠦ ᠮᠢᠨᠦ ᠴᠢᠩᠳᠠᠯᠠᠨ ᠪᠠᠭᠤᠯᠭᠠᠬᠤ ᠵᠠᠷᠯᠢᠭ ᠤ᠋ᠨ ᠡᠬᠡ ᠶ᠋ᠢ ᠴᠢ ᠪᠢᠴᠢ ! 》 ᠭᠡᠮᠡᠨ ᠪᠢᠴᠢᠭᠦᠯᠵᠦ ᠳᠠᠷᠤᠢ ᠵᠠᠷᠯᠢᠭ ᠪᠠᠭᠤᠯᠭᠠᠵᠤ ᠂ ᠶᠧ ᠯᠢᠦᠢ ᠴᠦ ᠼᠠᠢ ᠶ᠋ᠢ ᠲᠠᠰᠢᠶᠠᠷᠠᠭᠤᠵᠠᠢ ᠭᠡᠮᠡᠨ ᠰᠡᠭᠦᠯ ᠳ᠋ᠦ᠍ᠷ ᠮᠣᠳᠣᠷ ᠢ᠋ᠶ᠋ᠠᠷ 《ᠰᠠᠢᠲᠤᠷ ᠬᠣᠷᠢᠭᠯᠠᠨ ᠲᠥᠷᠥ ᠶ᠋ᠢᠨ ᠲᠦᠰᠢᠮᠡᠳ ᠢ᠋ ᠪᠢᠰᠢᠷᠡᠭᠦᠯ ! 》ᠭᠡᠮᠡᠨ ᠪᠢᠴᠢᠭᠡᠳ ᠰᠢᠳᠠᠷ ᠰᠠᠢᠳ ᠢ᠋ᠶ᠋ᠠᠷ ᠡᠭᠦᠷᠦᠭᠦᠯᠦᠨ ᠶᠧ ᠯᠢᠦᠢ ᠴᠦ ᠼᠠᠢ ᠳ᠋ᠤᠷ ᠬᠥᠷᠭᠡᠯᠭᠡᠪᠡ᠃ ᠶᠧ ᠯᠢᠦᠢ ᠴᠦ ᠼᠠᠢ ᠨᠡᠭᠡᠭᠡᠵᠦ ᠦᠵᠡᠮᠡᠭᠴᠡ ᠬᠠᠭᠠᠨ ᠤ᠋ ᠨᠢᠭᠤᠴᠠ ᠣᠨᠢᠰᠣ ᠶ᠋ᠢ ᠮᠡᠳᠡᠭᠡᠳ ᠶᠡᠬᠡᠯ᠎ᠡ ᠪᠠᠶᠠᠷᠯᠠᠨ ᠰᠠᠨᠠᠭᠠᠨ ᠳ᠋ᠤᠷ ᠨᠡᠢᠴᠡᠵᠦ᠂ ᠵᠠᠷᠯᠢᠭ ᠢ᠋ ᠭᠤᠷᠪᠠᠨ ᠡᠳᠦᠷ ᠳᠠᠷᠤᠭᠰᠠᠨ ᠳ᠋ᠤᠷ ᠨᠢᠭᠡᠨ ᠥᠷᠯᠥᠭᠡ ᠶ᠋ᠢᠨ ᠲᠥᠷᠥ ᠳ᠋ᠦ᠍ᠷ ᠬᠠᠭᠠᠨ ᠵᠠᠷᠯᠢᠭ ᠪᠣᠯᠤᠷᠤᠨ :《ᠮᠢᠨᠦ ᠥᠬᠢᠳ ᠰᠣᠩᠭᠣᠬᠤ ᠪᠠ ᠮᠣᠷᠢ ᠰᠢᠯᠭᠠᠬᠤ ᠶ᠋ᠢ ᠬᠡᠷᠬᠢᠪᠡ ? 》ᠬᠡᠮᠡᠭᠰᠡᠨ ᠳ᠋ᠦ᠍ᠷ ᠶᠧ ᠯᠢᠦᠢ ᠴᠦ ᠼᠠᠢ ᠰᠦᠷᠦᠭ ᠡᠴᠡ ᠴᠣᠭᠣᠷᠣᠨ ᠭᠠᠷᠴᠤ ᠰᠥᠭᠥᠳᠴᠦ ᠨᠢᠭᠡᠨ ᠨᠤᠭᠤᠯᠪᠤᠷᠢ ᠠᠢᠯᠠᠳᠬᠠᠪᠠ᠃ ᠬᠠᠭᠠᠨ ᠰᠢᠳᠠᠷ ᠠᠭᠰᠠᠨ ᠳᠦ ᠬᠤᠸᠠᠨ ᠢ᠋ᠶ᠋ᠠᠷ ᠳᠠᠭᠤᠳᠠᠭᠤᠯᠪᠠᠰᠤ ᠲᠡᠭᠦᠨ ᠦ᠌ ᠦᠭᠡ : 《ᠮᠠᠨ ᠤ᠋ ᠮᠣᠩᠭᠣᠯ ᠤᠯᠤᠰ ᠲᠤᠯᠭᠤᠷ ᠨᠡᠭᠡᠭᠡᠵᠦ ᠱᠧᠩ ᠡᠦ ᠬᠤᠸᠠᠩᠳᠢ ᠲᠠᠢᠽᠦ ᠬᠠᠭᠠᠨ ᠠ᠋ᠴᠠ ᠡᠬᠢᠯᠡᠨ ᠡᠨᠳᠡ ᠬᠦᠷᠲᠡᠯ᠎ᠡ ᠵᠢᠷᠭᠤᠭᠠᠨ ᠤᠵᠢᠳ ᠤ᠋ᠨ ᠬᠡᠯᠪᠡᠢᠭᠦᠦ ᠵᠢᠷᠭᠠᠯ ᠴᠡᠩᠭᠡᠯ ᠢ ᠥᠴᠦᠬᠡᠨ ᠴᠦ᠍ ᠬᠡᠷᠡᠭᠯᠡᠭᠰᠡᠨ ᠦᠭᠡᠢ ᠪᠡᠷ ᠡᠳᠦᠭᠡ ᠠᠷᠠᠬᠠᠨ ᠳᠡᠯᠡᠬᠡᠢ ᠳ᠋ᠠᠬᠢᠨ ᠤ᠋ ᠶᠡᠬᠡ ᠬᠠᠭᠠᠰ ᠢ ᠲᠣᠭᠲᠠᠭᠠᠪᠠ᠃ ᠪᠣᠭᠳᠠ ᠡᠵᠡᠨ ᠣᠯᠳᠠᠬᠤᠯ᠎ᠠ ᠮᠥᠨ ᠬᠦ᠌ ᠤᠭ ᠭᠠᠰᠢᠭᠤᠨ ᠭᠣᠰᠢᠭᠤᠨ ᠢ ᠮᠥᠷᠳᠡᠨ ᠶᠠᠪᠤᠵᠤ᠂ ᠶᠡᠬᠡ ᠲᠥᠷᠥ ᠶ᠋ᠢ ᠪᠦᠲᠦᠭᠡᠬᠦ ᠢᠨᠦ ᠴᠢᠬᠤᠯᠠ᠃ ᠣᠷᠳᠣᠨ ᠳ᠋ᠤᠷ ᠵᠠᠷᠤᠴᠠᠯᠠᠬᠤ ᠥᠬᠢᠳ ᠦ᠋ᠨ ᠲᠤᠯᠠ ᠡᠵᠡᠨ ᠢ᠋ ᠬᠡᠯᠡᠯᠴᠡᠭᠡᠲᠡᠢ ᠪᠣᠯᠭᠠᠬᠤ ᠢᠨᠦ ᠠᠮᠲᠠ ᠦᠭᠡᠢ᠃ ᠵᠢᠴᠢ ᠳᠣᠲᠣᠷ᠎ᠠ ᠭᠠᠵᠠᠷ ᠪᠣᠯᠪᠠᠰᠤ᠂ ᠮᠣᠳᠣ ᠲᠡᠵᠢᠭᠡᠵᠦ ᠰᠢᠷᠬᠡᠭ ᠠᠪᠬᠤ ᠭᠠᠵᠠᠷ ᠶᠠᠭᠤᠨ ᠤ᠋ ᠮᠣᠷᠢ ᠠᠳᠤᠭᠤ ᠲᠡᠵᠢᠭᠡᠬᠦ ᠪᠡᠯᠴᠢᠭᠡᠷ ᠪᠣᠢ ? ᠡᠭᠦᠨ ᠢ᠋ ᠬᠠᠭᠠᠨ ᠤ᠋ ᠭᠡᠭᠡᠨ ᠬᠢᠨᠠᠨ ᠳᠤᠯᠢᠳᠠᠨ ᠠᠢᠯᠠᠳᠤᠨ ᠲᠣᠭᠲᠠᠭᠠᠮᠤ ! 》ᠬᠡᠮᠡᠵᠦᠬᠦᠢ᠃ ᠬᠠᠭᠠᠨ ᠶᠡᠬᠡᠯ᠎ᠡ ᠪᠡᠶᠡᠰᠦᠨ ᠰᠠᠢᠰᠢᠶᠠᠵᠤ᠂ ᠶᠧ ᠯᠢᠦᠢ ᠴᠦ ᠼᠠᠢ ᠰᠢᠳᠤᠷᠭᠤ ᠴᠢᠬᠡᠴᠢ ᠭᠡᠮᠡᠨ ᠵᠠᠷᠯᠢᠭ ᠪᠠᠭᠤᠯᠭᠠᠨ ᠱᠠᠩᠨᠠᠵᠤ᠂ ᠲᠥᠷᠥ ᠶ᠋ᠢᠨ ᠣᠯᠠᠨ ᠰᠠᠢᠳ ᠢ᠋ ᠪᠢᠰᠢᠷᠡᠭᠦᠯᠪᠡ᠃ ᠲᠡᠳᠦᠢ ᠳᠦ ᠬᠤᠸᠠᠨ ᠶᠡᠬᠡᠯ᠎ᠡ ᠢᠴᠢᠩᠭᠦᠷᠡᠨ ᠡᠭᠡᠪᠡ᠃
ᠲᠡᠭᠦᠨᠴᠡ ᠨᠠᠮᠤᠷ ᠤ᠋ᠨ ᠰᠡᠭᠦᠯ ᠰᠠᠷ᠎ᠠ ᠳ᠋ᠤᠷ ᠲᠠᠢᠽᠢ ᠬᠥᠶᠦᠭ ᠴᠢᠨ ᠸᠠᠩ᠂ ᠰᠥᠩ ᠤᠯᠤᠰ ᠤ᠋ᠨ ᠪᠠᠷᠠᠭᠤᠨ ᠱᠤ᠌ ᠭᠠᠵᠠᠷ ᠣᠷᠣᠬᠤᠢ ᠳ᠋ᠤᠷ ᠰᠢᠶᠠᠨ ᠿᠸᠨ ᠭᠤᠸᠠᠨ ᠪᠣᠭᠣᠮᠲᠠ ᠶ᠋ᠢ ᠪᠠᠢᠯᠳᠤᠷ᠎ᠠ ᠣᠷᠣᠭᠰᠠᠨ ᠳ᠋ᠤᠷ ᠰᠥᠩ ᠤᠯᠤᠰ ᠤ᠋ᠨ ᠰᠢᠶᠠᠨ ᠿᠸᠨ ᠭᠤᠸᠠᠨ ᠪᠣᠭᠣᠮᠲᠠ ᠶ᠋ᠢ ᠰᠠᠬᠢᠭᠰᠠᠨ ᠬᠣᠶᠠᠷ ᠶᠡᠬᠡ ᠵᠠᠩᠵᠤᠨ ᠼᠤᠤ ᠼᠤᠤ ᠶ᠋ᠢᠨ ᠦᠷᠡᠰ ᠼᠤᠤ ᠢᠦ ᠸᠸᠨ᠂ ᠼᠤᠤ ᠢᠦ ᠸᠠᠨ ᠠᠬ᠎ᠠ ᠳᠡᠭᠦᠦ ᠬᠣᠶᠠᠭᠤᠯᠠ ᠲᠤᠷᠰᠢᠭᠤᠯ ᠠ᠋ᠴᠠ ᠰᠣᠨᠣᠰᠬᠤᠯ᠎ᠠ ᠮᠣᠩᠭᠣᠯ ᠤᠯᠤᠰ ᠤ᠋ᠨ ᠲᠠᠢᠽᠦᠶ᠋ᠩ ᠬᠠᠭᠠᠨ ᠤ᠋ ᠬᠣᠶᠠᠳᠤᠭᠠᠷ ᠲᠠᠢᠽᠢ ᠬᠥᠶᠦᠭ ᠴᠢᠨ ᠸᠠᠩ ᠲᠥᠪᠡᠳ᠂ ᠰᠢ ᠢᠦᠢ᠂ ᠤᠢᠭᠤᠷ᠂ ᠲᠠᠩᠭᠤᠳ ᠬᠢᠭᠡᠳ ᠪᠠᠰᠠ ᠮᠣᠩᠭᠣᠯ ᠬᠢᠲᠠᠳ ᠴᠡᠷᠢᠭ ᠨᠡᠢᠲᠡ ᠲᠠᠪᠢᠨ ᠢᠯᠡᠭᠦᠦ ᠲᠦᠮᠡᠨ ᠢ᠋ ᠠᠪᠴᠤ ᠪᠠᠢᠯᠳᠤᠵᠤ ᠠᠢᠰᠤᠢ ᠬᠡᠮᠡᠬᠦᠢ ᠳ᠋ᠦ᠍ᠷ ᠼᠤᠤ ᠢᠦ ᠸᠸᠨ᠂ ᠼᠤᠤ ᠢᠦ ᠸᠠᠨ ᠠᠬ᠎ᠠ ᠳᠡᠭᠦᠦ ᠬᠣᠶᠠᠭᠤᠯᠠ ᠵᠥᠪᠯᠡᠨ ᠥᠭᠦᠯᠡᠷᠦᠨ : 《ᠮᠠᠨ ᠤ᠋ ᠴᠡᠷᠢᠭ ᠪᠠᠭᠤᠷᠠᠢ ᠶ᠋ᠢᠨ ᠳᠡᠭᠡᠷ᠎ᠡ ᠴᠥᠭᠡᠨ᠂ ᠮᠣᠩᠭᠣᠯ ᠤ᠋ᠨ ᠴᠡᠷᠢᠭ ᠬᠦᠴᠦᠲᠡᠢ ᠶ᠋ᠢᠨ ᠳᠡᠭᠡᠷ᠎ᠡ ᠣᠯᠠᠨ ᠂ ᠪᠢᠳᠡ ᠬᠡᠷᠬᠢᠨ ᠡᠰᠡᠷᠭᠦᠴᠡᠨ ᠪᠠᠢᠯᠳᠤᠵᠤ ᠪᠣᠯᠤᠮᠤᠢ᠂ ᠲᠡᠢᠮᠦ ᠬᠡᠮᠡᠭᠡᠳ ᠵᠠᠢᠯᠠᠨ ᠳᠤᠲᠠᠭᠠᠵᠤ ᠪᠣᠯᠤᠮᠤᠢ ᠤᠤ ? ᠮᠠᠨ ᠤ᠋ ᠣᠷᠣᠨ ᠠᠮᠤᠷ ᠪᠣᠯᠬᠤ ᠲᠦᠭᠰᠢᠯᠲᠡᠢ ᠪᠣᠯᠬᠤ ᠴᠥᠮ ᠡᠨᠡ ᠨᠢᠭᠡᠨ ᠤᠳᠠᠭ᠎ᠠ ᠳ᠋ᠤᠷ ᠪᠣᠢ ! ᠡᠳᠦᠭᠡ ᠣᠳᠣ ᠪᠢᠳᠡᠨ ᠭᠠᠭᠴᠠ ᠭᠠᠢᠬᠠᠯᠲᠠᠢ ᠪᠠᠷ ᠭᠠᠷᠴᠤ ᠨᠢᠭᠤᠵᠤ ᠪᠦᠭᠭᠦᠨ᠂ ᠰᠣᠨᠢᠨ ᠢ᠋ᠶ᠋ᠠᠷ ᠬᠤᠪᠢᠰᠬᠠᠨ ᠨᠢᠭᠤᠴᠠ ᠪᠠᠷ ᠭᠡᠨᠡᠳᠡᠭᠦᠯᠪᠡᠰᠦ ᠰᠠᠶᠢ ᠬᠠᠮᠠᠭᠠᠯᠠᠵᠤ ᠪᠣᠯᠤᠮᠤᠢ !》 ᠭᠡᠮᠡᠨ ᠵᠥᠪᠳᠡᠵᠦ ᠪᠥᠬᠥᠶ᠎ᠡ᠂ ᠰᠥᠩ ᠤᠯᠤᠰ ᠤ᠋ᠨ ᠶᠡᠬᠡ ᠶᠤᠸᠠᠨᠱᠤᠸᠠᠢ ᡁᠢ ᡁᠢ ᠱᠢ ᠲᠦᠰᠢᠮᠡᠯ ᠵᠣᠣ ᠶᠠᠨ ᠨᠠ ᠶ᠋ᠢ ᠰᠠᠬᠢᠵᠤ ᠠᠲᠠᠯ᠎ᠠ ᠮᠣᠩᠭᠣᠯ ᠤ᠋ᠨ ᠴᠡᠷᠢᠭ ᠰᠥᠩ ᠤᠯᠤᠰ ᠤ᠋ᠨ ᠡᠦ ᠰᠢᠶᠣᠤ ᠭᠤᠸᠠᠨ ᠪᠣᠭᠣᠮᠲᠠ ᠶ᠋ᠢ ᠰᠠᠬᠢᠭᠴᠢ ᠳ᠋ᠦᠲ᠋ᠦᠶ᠋ᠩ ᠲᠦᠰᠢᠮᠡᠯ ᠢ ᠰᠢᠶᠠᠨ ᠶᠦᠩ ᠢ᠋ ᠤᠩᠭᠤᠰᠤ ᠠᠯᠳᠠᠲᠠᠯ᠎ᠠ ᠳᠠᠷᠤᠵᠤ᠂ ᠪᠣᠭᠣᠮᠲᠠ ᠶ᠋ᠢ ᠨᠡᠪᠲᠡᠯᠦᠨ ᠣᠷᠣᠵᠤ ᠳᠠᠷᠠᠭ᠎ᠠ ᠪᠠᠷ ᠰᠢᠶᠠᠩ ᠶᠦᠨ ᠦ᠌ ᠭᠠᠵᠠᠷ ᠢ᠋ ᠡᠪᠳᠡᠵᠦ᠂ ᠳᠠᠷᠤᠢ ᠳᠠ ᠠᠨ ᠵᠢᠶᠦ᠋ᠨ ᠦ᠌ ᠵᠦᠭ ᠰᠢᠭᠤᠳ ᠠᠯᠠᠨ ᠢᠷᠡᠬᠦᠢ ᠳ᠋ᠦ᠍ᠷ ᠳᠡ ᠠᠨ ᠵᠢᠶᠦ᠋ᠨ ᠢ᠋ ᠰᠠᠬᠢᠭᠰᠠᠨ ᡁᠢ ᡁᠢ ᠱᠢ ᠲᠦᠰᠢᠮᠡᠯ ᠵᠣᠣ ᠶᠠᠨ ᠨᠠ ᠶᠡᠬᠡᠯ᠎ᠡ ᠠᠶᠤᠵᠤ᠂ ᠳᠠᠷᠤᠢ ᠳᠠ ᠠᠨ ᠢ ᠣᠷᠬᠢᠵᠤ ᠪᠤᠷᠤᠭᠤᠯᠠᠨ ᠬᠦᠷᠴᠦ ᠢᠷᠡᠭᠰᠡᠨ ᠳ᠋ᠦ᠍ᠷ ᠼᠤᠤ ᠢᠦ ᠸᠸᠨ ᠤᠭᠲᠤᠨ ᠵᠣᠯᠭᠠᠵᠤ ᠤᠴᠢᠷ ᠢ᠋ ᠠᠰᠠᠭᠤᠪᠠᠰᠤ᠂ ᠵᠣᠣ ᠶᠠᠨ ᠨᠠ ᠪᠠᠷᠠᠭᠤᠨ ᠱᠤ᠌ ᠭᠠᠵᠠᠷ ᠤ᠋ᠨ ᠠᠮᠠᠨ ᠢ᠋ ᠰᠠᠬᠢᠷᠠ ᠡᠴᠢᠮᠦᠢ ᠬᠡᠮᠡᠬᠦᠢ ᠳ᠋ᠦ᠍ᠷ ᠼᠤᠤ ᠢᠦ ᠸᠸᠨ ᠬᠣᠷᠢᠭᠯᠠᠨ ᠥᠭᠦᠯᠡᠷᠦᠨ: ᠶᠡᠬᠡ ᠶᠤᠸᠠᠨᠱᠤᠸᠠᠢ ᠡᠨᠡ ᠭᠠᠵᠠᠷ ᠢ᠋ ᠣᠷᠬᠢᠵᠤ ᠦᠯᠦ ᠪᠣᠯᠤᠮᠤᠢ᠂ ᠡᠷᠬᠡᠪᠰᠢ ᠡᠨᠳᠡ ᠲᠤᠯᠵᠤ ᠪᠠᠢᠯᠳᠤᠪᠠᠰᠤ ᠰᠠᠶᠢ ᠰᠠᠢᠨ᠂ ᠬᠡᠷᠪᠡ ᠶᠡᠬᠡ ᠴᠡᠷᠢᠭ ᠢ᠋ ᠠᠪᠴᠤ ᠡᠴᠢᠪᠡᠰᠦ ᠡᠨᠡ ᠭᠠᠵᠠᠷ ᠲᠦᠭᠰᠢᠭᠦᠷᠢᠲᠡᠢ ᠪᠣᠯᠤᠮᠤᠢ ! ᠡᠨᠡ ᠭᠠᠵᠠᠷ ᠡᠪᠳᠡᠷᠡᠪᠡᠰᠦ ᠱᠤ᠌ ᠶ᠋ᠢᠨ ᠠᠮᠠᠨ ᠢ ᠮᠥᠨ ᠬᠠᠮᠭᠠᠯᠠᠬᠤᠶᠠ ᠪᠡᠷᠬᠡ ᠪᠣᠯᠤᠭᠠᠳ ᠱᠤ᠌ ᠭᠠᠵᠠᠷ ᠤ᠋ᠨ ᠶᠡᠬᠡ ᠴᠧᠩ ᠳᠦ ᠬᠣᠲᠠ ᠴᠤ᠌ ᠡᠪᠳᠡᠷᠡᠬᠦᠶ᠎ᠡ ᠪᠡᠷᠬᠡ ᠦᠭᠡᠢ ᠪᠣᠯᠤᠮᠤᠢ ! 》 ᠭᠡᠮᠡᠨ ᠬᠡᠷᠬᠢᠨ ᠬᠣᠷᠢᠭᠯᠠᠪᠠᠴᠤ ᠵᠣᠣ ᠶᠠᠨ ᠨᠠ ᠦᠭᠡ ᠠᠪᠤᠭᠰᠠᠨ ᠦᠭᠡᠢ ᠡᠴᠢᠭᠰᠡᠨ ᠳ᠋ᠦ᠍ᠷ ᠼᠤᠤ ᠢᠦ ᠸᠸᠨ ᠤᠷᠲᠤ ᠰᠡᠭᠦᠷᠡᠰᠦ ᠠᠯᠳᠠᠵᠤ ᠦᠳᠡᠭᠡᠳ ᠠᠷᠭ᠎ᠠ ᠦᠭᠡᠢ ᠼᠤᠤ ᠢᠦ ᠸᠠᠨ ᠳ᠋ᠤᠷ ᠴᠡᠷᠢᠭ ᠢ᠋ᠶ᠋ᠡᠨ ᠬᠤᠪᠢᠶᠠᠨ ᠥᠭᠴᠦ ᠲᠠᠬᠢᠶ᠎ᠠ ᠶ᠋ᠢᠨ ᠰᠡᠴᠢᠭᠲᠦ ᠠᠭᠤᠯᠠ – ᠵᠢᠢ ᠭᠤᠸᠠᠨ ᠱᠠᠨ ᠤ᠋ ᠬᠠᠪᠴᠢᠯ ᠠᠮᠠᠨ ᠳ᠋ᠤᠷ ᠢᠯᠡᠭᠡᠵᠦ ᠪᠦᠭᠭᠦᠭᠦᠯᠦᠭᠡᠳ ᠥᠪᠡᠷ ᠢ᠋ᠶ᠋ᠡᠨ ᠨᠢᠭᠡᠨ ᠲᠦᠮᠡᠨ ᠱᠠᠯᠠᠮᠠᠭᠠᠢ ᠴᠡᠷᠢᠭ ᠢ᠋ ᠠᠪᠴᠤ ᠰᠥᠨᠢ ᠪᠡᠷ ᠮᠥᠷᠡᠨ ᠢ᠋ ᠬᠤᠯᠠᠭᠤᠨ ᠭᠡᠲᠦᠯᠵᠦ᠂ ᠪᠠᠢᠯᠳᠤᠬᠤ ᠠᠷᠭ᠎ᠠ ᠶ᠋ᠢ ᠵᠥᠪᠯᠡᠨ ᠲᠣᠭᠲᠠᠭᠰᠠᠨ ᠠᠨᠤ : ᠮᠣᠩᠭᠣᠯ ᠤ᠋ᠨ ᠴᠡᠷᠢᠭ ᠬᠡᠷᠪᠡ ᠬᠦᠷᠴᠦ ᠢᠷᠡᠪᠡᠰᠦ ᠲᠠ ᠳᠣᠲᠣᠷ᠎ᠠ ᠠ᠋ᠴᠠ ᠬᠡᠩᠭᠡᠷᠭᠡ ᠳᠡᠯᠡᠳᠴᠦ ᠶᠡᠬᠡ ᠭᠠᠯ ᠡᠷᠭᠦᠵᠦ ᠲᠡᠮᠳᠡᠭ ᠪᠣᠯᠭ᠎ᠠ᠂ ᠭᠠᠳᠠᠨ᠎ᠠ ᠠ᠋ᠴᠠ ᠪᠢᠳᠡ ᠬᠠᠰᠬᠢᠷᠤᠨ ᠠᠯᠠᠰᠤᠭᠠᠢ ᠭᠡᠮᠡᠨ ᠲᠣᠭᠲᠠᠭᠰᠠᠨ ᠠᠵᠤᠭᠤ᠃ ᠤᠳᠠᠭᠰᠠᠨ ᠦᠭᠡᠢ ᠮᠣᠩᠭᠣᠯ ᠤ᠋ᠨ ᠡᠮᠦᠨᠡᠲᠦ ᠶᠡᠬᠡ ᠴᠡᠷᠢᠭ ᠵᠢᠢ ᠭᠤᠸᠠᠨ ᠱᠠᠨ ᠳ᠋ᠤᠷ ᠬᠦᠷᠴᠦ ᠢᠷᠡᠭᠰᠡᠨ ᠳ᠋ᠦ᠍ᠷ ᠬᠠᠪᠴᠢᠯ ᠠᠮᠠᠨ ᠢ᠋ ᠪᠦᠭᠭᠦᠭᠰᠡᠨ ᠼᠤᠤ ᠢᠦ ᠸᠸᠨ ᠳᠠᠷᠤᠢ ᠤᠭᠲᠤᠨ ᠪᠠᠢᠯᠳᠤᠭᠰᠠᠨ ᠳ᠋ᠤᠷ ᠮᠣᠩᠭᠣᠯ ᠤ᠋ᠨ ᠬᠣᠰᠢᠭᠤᠴᠢ ᠪᠤᠭᠤᠷᠵᠢ ᠸᠠᠩ ᠠᠴᠢ ᠪᠠᠭᠠᠲᠤᠷ ᠂ ᠵᠢᠴᠢ ᠣᠶᠤᠲᠤ ᠰᠡᠴᠡᠨ ᠦ᠌ ᠬᠥᠪᠡᠭᠦᠨ ᠤᠷᠠᠨ ᠵᠠᠳᠠᠤᠯᠢ ᠬᠣᠶᠠᠷ ᠮᠥᠷᠥ ᠶ᠋ᠢᠨ ᠵᠠᠩᠵᠤᠨ ᠨᠢᠭᠡᠨ ᠲᠦᠮᠡᠨ ᠢᠯᠡᠭᠦᠦ ᠮᠣᠷᠢᠲᠤ ᠶᠠᠪᠠᠭᠠᠨ ᠴᠡᠷᠢᠭ ᠢ ᠠᠪᠴᠤ ᠲᠡᠭᠰᠢ ᠭᠠᠵᠠᠷ ᠮᠣᠷᠢᠲᠤ ᠴᠡᠷᠢᠭ ᠢ᠋ᠶ᠋ᠡᠷ ᠪᠠᠢᠯᠳᠤᠵᠤ᠂ ᠠᠭᠤᠯᠠᠨ ᠭᠠᠵᠠᠷ ᠲᠤᠷ ᠶᠠᠪᠠᠭᠠᠨ ᠴᠡᠷᠢᠭ ᠢ᠋ᠶ᠋ᠡᠷ ᠪᠠᠢᠯᠳᠤᠵᠤ᠂ ᠬᠣᠶᠠᠷ ᠵᠠᠩᠵᠤᠨ ᠦᠬᠦᠨ ᠪᠠᠢᠯᠳᠤᠵᠤ ᠬᠦᠴᠦᠯᠡᠨ ᠣᠷᠣᠵᠤ᠂ ᠰᠥᠩ ᠤᠯᠤᠰ ᠤ᠋ᠨ ᠴᠡᠷᠢᠭ ᠢ᠋ ᠬᠥᠨᠳᠡᠯᠡᠨ ᠭᠤᠯᠳᠤ ᠨᠡᠪᠲᠡ ᠰᠢᠪᠲᠤ ᠪᠠᠢᠯᠳᠤᠨ ᠣᠷᠣᠭᠰᠠᠨ ᠳ᠋ᠤᠷ ᠰᠥᠩ ᠤᠯᠤᠰ ᠤ᠋ᠨ ᠴᠡᠷᠢᠭ ᠲᠤᠯᠤᠨ ᠴᠢᠳᠠᠬᠤ ᠦᠭᠡᠢ ᠪᠣᠯᠵᠤ᠂ ᠳᠡᠭᠡᠳᠦ ᠣᠷᠣᠨ ᠢ ᠪᠤᠯᠢᠶᠠᠭᠳᠠᠭᠠᠳ ᠬᠥᠯ ᠵᠣᠭᠰᠣᠨ ᠴᠢᠳᠠᠬᠤ ᠦᠭᠡᠢ ᠪᠤᠷᠤᠭᠤᠯᠠᠬᠤᠢ ᠳ᠋ᠤᠷ ᠮᠣᠩᠭᠣᠯ ᠤ᠋ᠨ ᠴᠡᠷᠢᠭ ᠦ᠋ᠨ ᠵᠡᠪᠡ ᠴᠢᠯᠠᠭᠤᠨ ᠤ᠋ ᠪᠠᠭᠤᠬᠤ ᠠᠨᠤ ᠳᠣᠭᠰᠢᠨ ᠬᠤᠷ᠎ᠠ ᠴᠢᠳᠬᠤᠬᠤ ᠮᠡᠲᠦ᠂ ᠭᠡᠳᠡᠷᠭᠦ ᠳᠠᠷᠤᠨ ᠣᠷᠣᠭᠰᠠᠨ ᠳ᠋ᠤᠷ ᠼᠤᠤ ᠢᠦ ᠸᠸᠨ ᠦ᠌ ᠪᠡᠶ᠎ᠡ ᠳ᠋ᠦ᠍ᠷ ᠬᠡᠳᠦ ᠬᠡᠳᠦᠨ ᠵᠢᠳᠠ ᠪᠠ ᠰᠤᠮᠤ ᠶ᠋ᠢᠨ ᠰᠢᠷᠬ᠎ᠠ ᠣᠯᠪᠠᠴᠤ ᠶᠠᠳᠠᠩᠭᠢᠷᠠᠨ ᠴᠢᠯᠡᠬᠦ ᠶ᠋ᠢ ᠬᠦᠯᠢᠴᠡᠨ ᠲᠡᠰᠪᠦᠷᠢᠯᠡᠵᠦ ᠴᠢᠷᠮᠠᠢᠨ ᠬᠠᠲᠠᠭᠤᠵᠢᠨ᠂ ᠳᠠᠷᠤᠢ ᠴᠠᠭᠠᠵᠠ ᠵᠠᠷᠯᠠᠨ ᠬᠡᠩᠭᠡᠷᠭᠡ ᠳᠡᠯᠡᠳᠦᠭᠦᠯᠦᠨ ᠭᠠᠯ ᠡᠷᠭᠦᠭᠦᠯᠦᠭᠰᠡᠨ ᠳ᠋ᠦ᠍ᠷ ᠠᠬ᠎ᠠ ᠠᠨᠤ ᠼᠤᠤ ᠢᠦ ᠸᠸᠨ ᠲᠡᠮᠳᠡᠭ ᠳᠣᠬᠢᠶ᠎ᠠ ᠶ᠋ᠢ ᠣᠯᠵᠤ ᠶᠠᠭᠠᠷᠠᠨ ᠥᠪᠡᠷ ᠦ᠋ᠨ ᠶᠡᠬᠡ ᠴᠡᠷᠢᠭ ᠢ᠋ ᠠᠪᠴᠤ ᠭᠤᠷᠪᠠᠨ ᠠᠩᠭᠢ ᠬᠤᠪᠢᠶᠠᠨ ᠵᠢᠭᠰᠠᠭᠠᠵᠤ᠂ ᠮᠣᠩᠭᠣᠯ ᠤ᠋ᠨ ᠴᠡᠷᠢᠭ ᠦ᠋ᠨ ᠵᠦᠭ ᠳᠣᠪᠲᠣᠯᠤᠨ ᠢᠷᠡᠵᠦ ᠤᠭᠲᠤᠨ ᠪᠠᠢᠯᠳᠤᠭᠰᠠᠨ ᠳ᠋ᠤᠷ ᠥᠪᠡᠷ ᠦ᠋ᠨ ᠪᠡᠶ᠎ᠡ ᠪᠡᠷ ᠭᠤᠷᠪᠠᠨ ᠮᠢᠩᠭᠠᠨ ᠰᠢᠯᠭᠠᠳᠠᠭ ᠴᠡᠷᠢᠭ ᠢ ᠠᠪᠴᠤ ᠲᠡᠷᠢᠭᠦᠯᠡᠨ ᠣᠷᠣᠵᠤ᠂ ᠳᠡᠭᠦᠦ ᠼᠤᠤ ᠢᠦ ᠸᠠᠨ ᠤ᠋ ᠬᠠᠭᠠᠭᠳᠠᠭᠰᠠᠨ ᠭᠠᠵᠠᠷ ᠲᠤᠷ ᠬᠦᠷᠴᠦ ᠢᠷᠡᠭᠡᠳ ᠡᠮᠦᠨ᠎ᠡ ᠶᠠᠪᠤᠬᠤ ᠲᠦᠩᠯᠢᠩ ᠲᠦᠰᠢᠮᠡᠯ ᠯᠢᠦ ᠬᠤ᠌ ᠳ᠋ᠤᠷ ᠴᠢᠩᠳᠠ ᠵᠠᠬᠢᠵᠤ ᠲᠠᠪᠤᠨ ᠵᠠᠭᠤᠨ ᠴᠡᠷᠢᠭ ᠥᠭᠴᠦ ᠮᠣᠩᠭᠣᠯ ᠤ᠋ᠨ ᠡᠮᠦᠨᠡᠲᠦ ᠠᠩᠭᠢ ᠶ᠋ᠢ ᠰᠢᠪᠲᠤᠯᠤᠨ ᠪᠠᠢᠯᠳᠤᠭᠤᠯᠪᠠᠰᠤ ᠮᠣᠩᠭᠣᠯ ᠤ᠋ᠨ ᠴᠡᠷᠢᠭ ᠦ᠋ᠨ ᠴᠠᠭᠠᠵᠠ ᠬᠠᠲᠠᠭᠤ ᠪᠥᠭᠡᠳ ᠢᠳᠡᠷᠬᠡᠭ ᠲᠤᠯᠠ ᠥᠴᠦᠬᠡᠨ ᠴᠦ᠍ ᠬᠥᠳᠡᠯᠭᠡᠨ ᠴᠢᠳᠠᠬᠤ ᠦᠭᠡᠢ ᠳ᠋ᠦ᠍ᠷ ᠼᠤᠤ ᠢᠦ ᠸᠸᠨ ᠶᠡᠬᠡᠯ᠎ᠡ ᠰᠢᠬᠠᠮᠳᠠᠨ᠂ ᠪᠠᠰᠠ ᠭᠤᠷᠪᠠᠨ ᠵᠠᠭᠤᠨ ᠰᠢᠯᠭᠠᠳᠠᠭ ᠴᠡᠷᠢᠭ ᠢ ᠬᠠᠪᠴᠢᠯ ᠠᠮᠠᠨ ᠤ᠋ ᠵᠠᠮ ᠤ᠋ᠨ ᠬᠠᠵᠠᠭᠤᠳᠠ ᠪᠦᠭᠭᠦᠭᠦᠯᠦᠨ᠂ ᠪᠠᠰᠠ ᠪᠡᠶ᠎ᠡ ᠡᠷᠭᠢᠵᠦ ᠯᠢᠦ ᠬᠤ᠌ ᠶ᠋ᠢᠨ ᠨᠢᠭᠡᠨ ᠠᠩᠭᠢ ᠴᠡᠷᠢᠭ ᠲᠦ᠍ᠷ ᠬᠥᠮᠦᠨ ᠦ᠌ ᠠᠮᠠᠨ ᠳ᠋ᠤᠷ ᠰᠢᠪᠠᠭ᠎ᠠ ᠡᠮᠬᠦᠭᠦᠯᠦᠨ᠂ ᠮᠣᠷᠢᠨ ᠤ᠋ ᠬᠣᠩᠬᠣ ᠶ᠋ᠢ ᠲᠠᠢᠯᠵᠤ᠂ ᠮᠣᠩᠭᠣᠯ ᠤ᠋ᠨ ᠴᠡᠷᠢᠭ ᠲᠦ᠍ᠷ ᠴᠣᠬᠢᠨ ᠣᠷᠣᠬᠤᠶ᠎ᠠ᠂ ᠴᠢᠪᠬᠢᠲᠡᠯ᠎ᠡ ᠲᠡᠭᠷᠢ ᠮᠣᠩᠭᠣᠯ ᠤᠯᠤᠰ ᠢ ᠲᠤᠰᠠᠯᠠᠵᠤ᠂ ᠰᠥᠩ ᠤᠯᠤᠰ ᠤ᠋ᠨ ᠡᠰᠡᠷᠭᠦ ᠶᠡᠬᠡ ᠰᠠᠯᠬᠢᠨ ᠬᠤᠷ᠎ᠠ ᠴᠢᠳᠬᠠᠳ ᠣᠷᠣᠵᠤ᠂ ᠴᠡᠷᠢᠭ ᠦ᠋ᠨ ᠠᠷᠠᠳ ᠨᠢᠳᠦ ᠨᠡᠭᠡᠭᠡᠵᠦ ᠴᠢᠳᠠᠬᠤ ᠦᠭᠡᠢ ᠪᠠᠬᠠᠨ ᠴᠤ᠌ ᠪᠠᠢᠯᠳᠤᠵᠤ ᠪᠣᠯᠬᠤ ᠦᠭᠡᠢ ᠳ᠋ᠦ᠍ᠷ ᠬᠦᠷᠦᠭᠰᠡᠨ ᠳ᠋ᠦ᠍ᠷ ᠰᠥᠩ ᠤᠯᠤᠰ ᠤ᠋ᠨ ᠣᠯᠠᠨ ᠵᠠᠩᠵᠤᠨ ᠨᠠᠷ ᠼᠤᠤ ᠢᠦ ᠸᠸᠨ ᠡᠴᠡ ᠵᠠᠬᠢᠶ᠎ᠠ ᠡᠷᠢᠵᠦ ᠮᠡᠳᠡᠭᠦᠯᠦᠷᠦᠨ : 《ᠶᠡᠬᠡ ᠪᠣᠷᠣᠭᠠᠨ ᠴᠢᠳᠬᠠᠳ ᠣᠷᠣᠵᠤ ᠨᠢᠭᠡᠨᠲᠡ ᠵᠣᠭᠰᠣᠬᠤ ᠦᠭᠡᠢ᠂ ᠰᠢᠪᠠᠷ ᠤᠰᠤ ᠲᠠᠰᠤᠷᠠᠬᠤ ᠦᠭᠡᠢ ᠲᠦᠷᠭᠡᠨ ᠪᠥᠭᠡᠳ ᠭᠦᠨ ᠂ ᠮᠠᠨ ᠤ᠋ ᠴᠡᠷᠢᠭ ᠬᠥᠯ ᠰᠢᠪᠠᠷᠳᠠᠵᠤ ᠥᠭᠡᠳᠡ ᠪᠠᠢᠯᠳᠤᠵᠤ ᠲᠤᠩ ᠪᠣᠯᠬᠤ ᠦᠭᠡᠢ ᠪᠣᠯᠪᠠ᠃ ᠲᠦᠷ ᠪᠠᠬᠠᠨ ᠲᠦᠳᠡᠭᠡᠯᠵᠡᠵᠦ ᠵᠢᠴᠢ ᠥᠷᠯᠥᠭᠡ ᠪᠠᠢᠯᠳᠤᠵᠤ ᠪᠣᠯᠬᠤ ᠪᠣᠯᠪᠠᠤ ?》ᠬᠡᠮᠡᠭᠰᠡᠨ ᠳ᠋ᠦ᠍ᠷ ᠼᠤᠤ ᠢᠦ ᠸᠸᠨ ᠶᠡᠬᠡᠯ᠎ᠡ ᠵᠠᠩᠳᠠᠵᠤ ᠥᠭᠦᠯᠡᠷᠦᠨ :《ᠮᠣᠩᠭᠣᠯ ᠤ᠋ᠨ ᠴᠡᠷᠢᠭ ᠪᠠᠬᠠᠨ ᠤᠳᠠᠪᠠᠰᠤ ᠮᠠᠨ ᠤ᠋ ᠴᠡᠷᠢᠭ ᠪᠦᠭᠭᠦᠭᠰᠡᠨ ᠢ᠋ ᠮᠡᠳᠡᠪᠡᠰᠦ ᠪᠢᠳᠡᠨ ᠦ᠌ ᠠᠷᠭ᠎ᠠ ᠴᠥᠮ ᠵᠠᠳᠠᠷᠠᠵᠤ ᠲᠠᠯᠠᠭᠠᠷ ᠪᠣᠯᠬᠤ ᠦᠭᠡᠢ ᠤᠤ ? 》ᠭᠡᠮᠡᠨ ᠴᠢᠩᠳᠠ ᠴᠠᠭᠠᠵᠠᠯᠠᠭᠠᠳ ᠣᠯᠠᠨ ᠴᠡᠷᠢᠭ ᠢᠶᠠᠨ ᠬᠠᠮᠲᠤ ᠪᠠᠷ ᠠᠪᠴᠤ ᠪᠦᠬᠦᠨ ᠢ᠋ ᠨᠡᠢᠯᠡᠭᠦᠯᠦᠨ ᠡᠭᠡᠵᠦ ᠴᠣᠬᠢᠨ ᠣᠷᠣᠭᠰᠠᠨ ᠳ᠋ᠤᠷ ᠲᠠᠬᠢᠶᠠᠨ ᠰᠡᠴᠢᠭᠲᠦ ᠠᠭᠤᠯᠠ – ᠵᠢᠢ ᠭᠤᠸᠠᠨ ᠱᠠᠨ ᠤ᠋ ᠮᠧᠩ ᠸᠧᠢ ᠹᠦ ᠳ᠋ᠦ᠍ᠷ ᠠᠷᠠᠬᠠᠨ ᠣᠷᠣᠵᠤ᠂ ᠭᠠᠳᠠᠨ᠎ᠠ ᠠ᠋ᠴᠠ ᠬᠡᠩᠭᠡᠷᠭᠡ ᠴᠣᠬᠢᠵᠤ ᠬᠠᠰᠬᠢᠷᠤᠭᠰᠠᠨ ᠳ᠋ᠤᠷ ᠵᠡᠪᠡ ᠳ᠋ᠦ᠍ᠷ ᠬᠠᠭᠠᠭᠳᠠᠭᠰᠠᠨ ᠳᠡᠭᠦᠦ ᠢᠨᠦ ᠼᠤᠤ ᠢᠦ ᠸᠠᠨ ᠲᠡᠮᠳᠡᠭ ᠢ ᠣᠯᠵᠤ᠂ ᠰᠥᠨᠢ ᠲᠠᠪᠤᠨ ᠵᠢᠩ ᠦ᠋ᠨ ᠦᠶ᠎ᠡ ᠳ᠋ᠦ᠍ᠷ ᠭᠡᠨᠡᠳᠲᠡ ᠴᠠᠩ ᠴᠣᠬᠢᠵᠤ ᠰᠢᠪᠲᠤᠯᠤᠨ ᠭᠠᠷᠴᠤ ᠢᠷᠡᠭᠡᠳ ᠠᠬ᠎ᠠ ᠳᠡᠭᠦᠦ ᠬᠠᠷᠢᠯᠴᠠᠨ ᠵᠣᠯᠭᠠᠯᠳᠤᠵᠤ᠂ ᠨᠢᠭᠡᠨ ᠵᠡᠷᠭᠡ ᠤᠬᠢᠯᠠᠨ ᠳᠣᠲᠣᠭᠠᠳᠤ ᠭᠠᠳᠠᠭᠠᠳᠤ ᠬᠠᠮᠲᠤ ᠪᠠᠷ ᠪᠠᠢᠯᠳᠤᠵᠤ ᠲᠤᠯᠬᠤᠶ᠎ᠠ᠂ ᠮᠣᠩᠭᠣᠯ ᠤ᠋ᠨ ᠬᠥᠶᠦᠭ ᠲᠠᠢᠽᠢ ᠴᠢᠨ ᠸᠠᠩ ᠲᠠᠢᠽᠢ ᠶ᠋ᠢᠨ ᠶᠡᠬᠡ ᠴᠡᠷᠢᠭ ᠬᠦᠷᠴᠦ ᠢᠷᠡᠭᠡᠳ ᠰᠥᠩ ᠤᠯᠤᠰ ᠤ᠋ᠨ ᠵᠦᠳᠡᠭᠰᠡᠨ ᠴᠡᠷᠢᠭ ᠢ᠋ ᠲᠠᠪᠢᠨ ᠲᠦᠮᠡᠨ ᠦ᠌ ᠠᠮᠤᠷ ᠴᠡᠷᠢᠭ ᠢ᠋ᠶ᠋ᠡᠷ ᠳᠠᠷᠤᠨ ᠠᠯᠠᠵᠤ ᠣᠷᠣᠭᠰᠠᠨ ᠳ᠋ᠤᠷ ᠰᠥᠩ ᠤᠯᠤᠰ ᠤ᠋ᠨ ᠬᠣᠶᠠᠷ ᠠᠩᠭᠢ ᠴᠡᠷᠢᠭ ᠦᠬᠦᠭᠰᠡᠨ ᠴᠢᠰᠤ ᠦᠶᠡᠷ ᠯᠦ᠍ᠭᠡ ᠨᠡᠢᠯᠡᠨ ᠤᠯᠠᠭᠠᠨ ᠢ᠋ᠶ᠋ᠠᠷ ᠦᠶᠡᠷᠯᠡᠪᠡ᠃ ᠨᠡᠩ ᠪᠠᠰᠠ ᠰᠥᠩ ᠤᠯᠤᠰ ᠤ᠋ᠨ ᠡᠨᠡ ᠬᠣᠶᠠᠷ ᠠᠩᠭᠢ ᠴᠡᠷᠢᠭ ᠴᠥᠮ ᠡᠮᠦᠨ᠎ᠡ ᠭᠠᠵᠠᠷ ᠤ᠋ᠨ ᠵᠥᠭᠡᠯᠡᠨ ᠪᠠᠭᠤᠷᠠᠢ ᠡᠩ ᠦ᠋ᠨ ᠠᠷᠠᠳ ᠲᠤᠯᠠ ᠲᠡᠮᠦᠷ ᠬᠤᠶᠠᠭ ᠡᠮᠦᠰᠴᠦ ᠳᠠᠭᠠᠭᠠᠬᠤ ᠦᠭᠡᠢ᠂ ᠴᠥᠮ ᠮᠢᠨᠳᠠᠰᠤ ᠲᠠᠯᠪᠢᠭᠰᠠᠨ ᠳᠡᠪᠡᠯ ᠢ᠋ᠶ᠋ᠡᠷ ᠬᠤᠶᠠᠭ ᠢ᠋ ᠣᠷᠣᠯᠠᠭᠤᠯᠵᠤ ᠶᠠᠪᠤᠬᠤ ᠲᠤᠯᠠ ᠡᠨᠡ ᠨᠢᠭᠡᠨ ᠪᠣᠷᠣᠭᠠᠨ ᠳ᠋ᠤᠷ ᠨᠢᠭᠡᠨᠲᠡ ᠵᠢᠭᠤᠷᠠᠯᠳᠤᠵᠤ ᠬᠥᠯ ᠭᠠᠷ ᠬᠥᠰᠢᠭᠦᠷᠯᠡᠨ᠂ ᠤᠯᠠᠮ ᠪᠠᠰᠠ ᠡᠨᠡ ᠰᠢᠪᠠᠷ ᠤᠰᠤᠨ ᠳ᠋ᠤᠷ ᠶᠠᠪᠠᠭᠠᠨ ᠢ᠋ᠶ᠋ᠠᠷ ᠪᠠᠢᠯᠳᠤᠵᠤ ᠮᠠᠰᠢᠳᠠ ᠵᠦᠳᠡᠭᠦᠷᠢ ᠲᠡᠢ ᠪᠣᠯᠤᠭᠰᠠᠨ ᠳ᠋ᠤᠷ ᠬᠠᠷᠠᠬᠠᠨ ᠠᠷᠭ᠎ᠠ ᠵᠠᠪᠬᠠᠷᠠᠵᠤ ᠪᠥᠬᠥᠶ᠎ᠡ ᠤᠳᠠᠭᠰᠠᠨ ᠦᠭᠡᠢ ᠭᠡᠭᠡᠷᠡᠵᠦ᠂ ᠮᠣᠩᠭᠣᠯ ᠤ᠋ᠨ ᠴᠡᠷᠢᠭ ᠮᠣᠷᠢᠨ ᠳ᠋ᠤᠷ ᠴᠥᠮ ᠲᠡᠮᠦᠷ ᠬᠤᠶᠠᠭ ᠡᠮᠦᠰᠬᠡᠭᠰᠡᠨ ᠲᠤᠯᠠ ᠡᠨᠡ ᠪᠣᠷᠣᠭᠠᠨ ᠳ᠋ᠤᠷ ᠣᠭᠲᠣᠬᠠᠨ ᠴᠤ᠌ ᠠᠯᠵᠢᠬᠤ ᠦᠭᠡᠢ ᠃ ᠮᠣᠷᠢᠲᠤ ᠶᠠᠪᠠᠭᠠᠨ ᠴᠡᠷᠢᠭ ᠨᠢᠭᠡᠨᠲᠡ ᠳᠡᠯᠭᠡᠵᠦ ᠰᠥᠩ ᠤᠯᠤᠰ ᠤ᠋ᠨ ᠴᠡᠷᠢᠭ ᠢ᠋ ᠳᠥᠷᠪᠡᠨ ᠵᠦᠭ ᠨᠠᠢ᠍ᠮᠠᠨ ᠵᠣᠪᠬᠢᠰ ᠠ᠋ᠴᠠ ᠬᠠᠭᠠᠵᠤ ᠂ ᠰᠠᠭᠤᠯᠠᠭ᠎ᠠ ᠶ᠋ᠢᠨ ᠴᠠᠭᠠᠷᠢᠭ ᠮᠡᠲᠦ ᠬᠠᠭᠠᠵᠤ ᠪᠠᠢᠯᠳᠤᠬᠤ ᠠᠨᠤ ᠬᠥᠮᠦᠨ ᠦᠭᠡᠢ ᠭᠠᠵᠠᠷ ᠠᠳᠠᠯᠢ ᠬᠤᠮᠪᠢᠵᠤ ᠠᠪᠤᠭᠠᠳ ᠰᠥᠩ ᠤᠯᠤᠰ ᠤ᠋ᠨ ᠴᠡᠷᠢᠭ ᠨᠢᠭᠡᠨᠲᠡ ᠭᠠᠷᠴᠤ ᠴᠢᠳᠠᠬᠤ ᠦᠭᠡᠢ ᠪᠣᠯᠵᠤ ᠂ ᠣᠯᠠᠨ ᠴᠡᠷᠢᠭ ᠬᠠᠰᠬᠢᠷᠤᠯᠳᠤᠨ ᠤᠬᠢᠯᠠᠬᠤ ᠠᠨᠤ ᠬᠥᠭᠡᠷᠦᠬᠦᠢ ᠳ᠋ᠦ᠍ᠷ ᠼᠤᠤ ᠢᠦ ᠸᠸᠨ ᠮᠣᠷᠢᠨ ᠤ᠋ ᠳᠡᠭᠡᠷ᠎ᠡ ᠲᠡᠭᠷᠢ ᠶ᠋ᠢ ᠬᠠᠨᠳᠤᠵᠤ : 《ᠪᠢ ᠭᠠᠭᠴᠠ ᠦᠬᠦᠬᠦ ᠡᠴᠡ ᠥᠭᠡᠷ᠎ᠡ ᠵᠠᠮ ᠦᠭᠡᠢ ᠪᠣᠯᠪᠠ᠃ ᠣᠯᠠᠨ ᠴᠡᠷᠢᠭ ᠬᠡᠨ ᠮᠣᠩᠭᠣᠯ ᠳ᠋ᠤᠷ ᠳᠠᠭᠠᠰᠤᠭᠠᠢ ᠬᠡᠮᠡᠪᠡᠰᠦ ᠲᠡᠭᠦᠨ ᠢ᠋ ᠳᠠᠷᠤᠢ ᠡᠨᠡ ᠮᠣᠷᠢ ᠮᠡᠲᠦ ᠵᠣᠭᠰᠣᠭ᠎ᠠ ᠪᠠᠷ ᠴᠠᠪᠴᠢᠮᠤᠢ ! 》ᠭᠡᠮᠡᠨ ᠤᠨᠤᠭᠰᠠᠨ ᠮᠣᠷᠢᠨ ᠢ᠋ᠶ᠋ᠠᠨ ᠬᠦᠵᠦᠭᠦᠨ ᠢ ᠲᠠᠰᠤ ᠴᠠᠪᠴᠢᠨ ᠣᠯᠠᠨ ᠴᠡᠷᠢᠭ ᠲᠦ᠍ᠷ ᠵᠠᠷᠯᠠᠵᠤ᠂ ᠠᠬ᠎ᠠ ᠳᠡᠭᠦᠦ ᠬᠣᠶᠠᠭᠤᠯᠠ ᠡᠷᠬᠡᠪᠰᠢ ᠡᠨᠡ ᠴᠢᠰᠤᠨ ᠪᠠᠢᠯᠳᠤᠭᠠᠨ ᠳ᠋ᠤᠷ ᠦᠬᠦᠵᠦ ᠡᠵᠡᠨ ᠦ᠌ ᠬᠡᠰᠢᠭ ᠲᠣᠷ ᠬᠠᠷᠢᠭᠤᠯᠰᠤᠭᠠᠢ ᠭᠡᠮᠡᠨ ᠴᠢᠷᠮᠠᠢᠨ ᠪᠠᠢᠯᠳᠤᠬᠤᠶ᠎ᠠ᠂ ᠮᠣᠩᠭᠣᠯ ᠤ᠋ᠨ ᠬᠣᠰᠢᠭᠤᠴᠢ – ᠪᠠᠭᠠᠲᠤᠷ᠂ ᠵᠠᠳᠠᠤᠯᠢ ᠬᠣᠶᠠᠭᠤᠯᠠ ᠰᠥᠩ ᠤᠯᠤᠰ ᠤ᠋ᠨ ᠴᠡᠷᠢᠭ ᠲᠦ᠍ᠷ ᠮᠣᠷᠢᠨ ᠢ᠋ᠶ᠋ᠠᠨ ᠳᠣᠪᠲᠣᠯᠤᠨ ᠣᠷᠣᠵᠤ ᠢᠷᠡᠭᠡᠳ ᠼᠤᠤ ᠢᠦ ᠸᠸᠨ ᠢ᠋ ᠨᠢᠭᠡᠨᠲᠡ ᠴᠠᠪᠴᠢᠵᠤ ᠤᠨᠠᠭᠠᠵᠤ᠂ ᠵᠠᠳᠠᠤᠯᠢ ᠮᠣᠷᠢᠨ ᠢ᠋ᠶ᠋ᠠᠨ ᠳᠣᠪᠲᠣᠯᠤᠨ ᠣᠷᠣᠵᠤ ᠼᠤᠤ ᠢᠦ ᠸᠠᠨ ᠤ᠋ ᠵᠦᠭ ᠳᠥᠷᠪᠡ ᠲᠠᠪᠤᠨ ᠵᠡᠷᠭᠡ ᠪᠠᠢᠯᠳᠤᠲᠠᠯᠠ ᠠᠬ᠎ᠠ ᠼᠤᠤ ᠢᠦ ᠸᠸᠨ ᠤᠨᠠᠭᠰᠠᠨ ᠳ᠋ᠤᠷ ᠼᠤᠤ ᠢᠦ ᠸᠠᠨ ᠢ᠋ ᠰᠠᠶᠢ ᠡᠭᠡᠵᠦ ᠪᠤᠷᠤᠭᠤᠯᠠᠰᠤᠭᠠᠢ ᠬᠡᠮᠡᠲᠡᠯ᠎ᠡ ᠵᠠᠳᠠᠤᠯᠢ ᠵᠠᠩᠵᠤᠨ ᠭᠡᠨᠡᠳᠲᠡ ᠠᠶᠤᠩᠭ᠎ᠠ ᠮᠡᠲᠦ ᠨᠢᠭᠡᠨᠲᠡ ᠵᠠᠩᠳᠠᠵᠤ ᠼᠤᠤ ᠢᠦ ᠸᠠᠨ ᠢ ᠪᠠᠰᠠ ᠵᠢᠳᠠᠯᠠᠨ ᠤᠨᠠᠭᠠᠭᠰᠠᠨ ᠳ᠋ᠤᠷ ᠴᠡᠷᠢᠭ ᠦ᠋ᠨ ᠠᠷᠠᠳ ᠼᠤᠤ ᠢᠦ ᠸᠸᠨ ᠠᠬ᠎ᠠ ᠳᠡᠭᠦᠦ ᠬᠣᠶᠠᠭᠤᠯᠠ ᠶ᠋ᠢᠨ ᠲᠣᠯᠣᠭᠠᠢ ᠶ᠋ᠢ ᠴᠥᠮ ᠴᠠᠪᠴᠢᠨ ᠠᠪᠴᠤ ᠪᠠᠷᠢᠭᠠᠳ ᠣᠯᠠᠨ ᠴᠡᠷᠢᠭ ᠦ᠋ᠨ ᠠᠷᠠᠳ ᠲᠡᠭᠦᠨ ᠢ᠋ ᠴᠡᠷᠢᠭ ᠪᠦᠭᠭᠦᠵᠦ ᠮᠠᠨ ᠤ᠋ ᠣᠯᠠᠨ ᠢ᠋ ᠵᠣᠪᠠᠭᠠᠪᠠ ᠭᠡᠮᠡᠨ 《ᠲᠡᠭᠦᠨ ᠦ᠌ ᠶᠠᠰᠤᠨ ᠢ᠋ ᠬᠡᠮᠬᠡᠴᠢᠨ ᠲᠡᠳᠡᠨ ᠦ᠌ ᠡᠮ᠎ᠡ ᠦᠷ᠎ᠡ ᠶ᠋ᠢ ᠬᠢᠳᠤᠨ ᠠᠷᠢᠯᠭᠠᠰᠤᠭᠠᠢ ! 》 ᠬᠡᠮᠡᠬᠦᠢ ᠳ᠋ᠦ᠍ᠷ ᠲᠠᠢᠽᠢ ᠭᠦᠶᠦᠭ ᠴᠢᠨ ᠸᠠᠩ ᠥᠭᠦᠯᠡᠷᠦᠨ :《ᠡᠰᠡᠷᠭᠦᠴᠡᠭᠰᠡᠨ ᠦ᠌ ᠲᠤᠯᠠ ᠠᠯᠠᠪᠠᠰᠤ ᠪᠠᠷᠠᠪᠠᠢ ᠢ᠋᠎ᠡ ᠂ ᠲᠡᠷᠡ ᠮᠡᠲᠦ ᠬᠦᠨᠳᠦ ᠵᠠᠯᠬᠠᠭᠠᠬᠤ ᠠᠨᠤ ᠦᠯᠦ ᠵᠣᠬᠢᠮᠤᠢ᠃ ᠲᠡᠷᠡ ᠮᠥᠨ ᠲᠡᠭᠦᠨ ᠦ᠌ ᠡᠵᠡᠨ ᠳ᠋ᠦ᠍ᠷ ᠢ᠋ᠶ᠋ᠡᠨ ᠰᠢᠳᠤᠷᠭᠤ ᠲᠦᠰᠢᠮᠡᠯ ᠪᠣᠯᠠᠢ ! ᠪᠢᠳᠡ ᠨᠢᠭᠡᠨᠲᠡ ᠬᠥᠮᠦᠨ ᠢ᠋ ᠢᠨᠦ ᠠᠯᠠᠵᠤ᠂ ᠭᠠᠵᠠᠷ ᠢ ᠠᠨᠤ ᠣᠯᠪᠠᠰᠤ ᠪᠠᠷᠠᠪᠠ᠂ ᠶᠠᠮᠪᠠᠷ ᠭᠦᠨ ᠥᠰᠢᠶ᠎ᠡ ᠪᠣᠢ ? ᠵᠢᠴᠢ ᠳ᠋ᠦ᠍ᠷ ᠵᠢᠷᠤᠮᠲᠤ ᠠᠷᠠᠳ ᠢ᠋ ᠬᠥᠬᠢᠭᠦᠯᠪᠡᠰᠦ ᠣᠯᠠᠨ ᠬᠥᠮᠦᠨ ᠪᠢᠰᠢᠷᠡᠮᠦᠢ ! 》ᠭᠡᠮᠡᠨ ᠲᠡᠷᠡ ᠠᠬ᠎ᠠ ᠳᠡᠭᠦᠦ ᠬᠣᠶᠠᠭᠤᠯᠠ ᠶ᠋ᠢᠨ ᠶᠠᠰᠤᠨ ᠢ᠋ ᠵᠢᠢ ᠭᠤᠸᠠᠨ ᠱᠠᠨ ᠤ᠋ ᠢᠷᠭᠡᠳ ᠲᠣᠷ ᠥᠭᠴᠦ ᠰᠥᠩ ᠤᠯᠤᠰ ᠤ᠋ᠨ ᠵᠢᠷᠤᠮᠲᠤ ᠵᠠᠩᠵᠤᠨ ᠭᠡᠮᠡᠨ ᠣᠯᠠᠨ ᠢ᠋ᠶ᠋ᠠᠷ ᠪᠢᠴᠢᠬᠠᠨ ᠰᠦᠮ᠎ᠡ ᠪᠠᠷᠢᠵᠤ ᠲᠠᠬᠢᠭᠤᠯᠪᠠ᠃ ᠡᠳᠦᠭᠡ ᠪᠣᠯᠲᠠᠯ᠎ᠠ ᠮᠥᠨ ᠠᠭᠤᠯᠠᠨ ᠳ᠋ᠤᠷ ᠼᠤᠤ ᠣᠪᠣᠭ ᠤ᠋ᠨ ᠬᠣᠶᠠᠷ ᠵᠠᠩᠵᠤᠨ ᠤ᠋ ᠰᠦᠮ᠎ᠡ ᠪᠣᠢ ᠬᠡᠮᠡᠮᠦᠢ᠃
ᠲᠡᠭᠦᠨ ᠡᠴᠡ ᠼᠤᠤ ᠣᠪᠣᠭ ᠤ᠋ᠨ ᠠᠬ᠎ᠠ ᠳᠡᠭᠦᠦ ᠦᠬᠦᠮᠡᠭᠴᠡ ᠣᠯᠠᠨ ᠴᠡᠷᠢᠭ ᠨᠢᠭᠡᠨᠲᠡ ᠬᠠᠰᠬᠢᠷᠤᠯᠳᠤᠨ ᠴᠥᠮ ᠮᠣᠩᠭᠣᠯ ᠳ᠋ᠤᠷ ᠳᠠᠭᠠᠭᠠᠳ ᠡᠳᠦᠭᠡ ᠪᠠᠰᠠ ᠲᠡᠷᠡ ᠬᠣᠶᠠᠷ ᠢ᠋ ᠡᠵᠡᠨ ᠳ᠋ᠡᠭᠡᠨ ᠵᠢᠷᠤᠮᠲᠠᠢ ᠭᠡᠮᠡᠨ ᠡᠷᠭᠦᠮᠵᠢᠯᠡᠭᠰᠡᠨ ᠳ᠋ᠦ᠍ᠷ ᠣᠯᠠᠨ ᠢᠷᠭᠡᠨ ᠦ᠌ ᠰᠡᠳᠬᠢᠯ ᠢᠭᠲᠦᠯᠦᠨ ᠬᠥᠳᠡᠯᠵᠦ ᠰᠠᠯᠬᠢᠨ ᠤ᠋ ᠠᠶ᠎ᠠ ᠪᠠᠷ ᠮᠣᠩᠭᠣᠯ ᠢ ᠤᠭᠲᠤᠨ ᠳᠠᠭᠠᠮᠤᠢ᠃ ᠡᠭᠦᠨᠴᠡ ᠮᠣᠩᠭᠣᠯ ᠤ᠋ᠨ ᠴᠡᠷᠢᠭ ᠰᠦᠷ ᠬᠡᠰᠢᠭ ᠪᠦᠷᠢᠳᠴᠦ ᠣᠯᠠᠨ ᠢᠷᠭᠡᠨ ᠬᠦᠰᠡᠨ ᠳᠠᠭᠠᠬᠤ ᠠᠨᠤ ᠣᠯᠠᠨ ᠪᠣᠯᠤᠭᠠᠳ ᠪᠠᠬᠠᠨ ᠴᠤ᠌ ᠬᠠᠯᠠᠬᠠᠯᠠᠭᠳᠠᠯ ᠦᠭᠡᠢ ᠪᠡᠷ ᠬᠡᠩᠭᠡᠷᠭᠡ ᠶ᠋ᠢᠨ ᠳᠠᠭᠤᠨ ᠨᠢᠭᠡᠨᠲᠡ ᠭᠠᠷᠤᠮᠠᠭᠴᠠ ᠶᠡᠬᠡ ᠴᠡᠷᠢᠭ ᠪᠠᠷᠠᠭᠤᠨ ᠱᠤ᠌ ᠭᠠᠵᠠᠷ ᠤ᠋ᠨ ᠠᠮᠠ ᠶ᠋ᠢ ᠰᠢᠪᠲᠤᠯᠤᠨ ᠣᠷᠣᠵᠤ᠂ ᠨᠢᠭᠡᠬᠡᠨ ᠰᠠᠷ᠎ᠠ ᠶ᠋ᠢᠨ ᠬᠣᠭᠣᠷᠣᠨᠳᠣ ᠱᠤ᠌ ᠶ᠋ᠢᠨ ᠭᠠᠵᠠᠷ ᠤ᠋ᠨ ᠶᠡᠬᠡ ᠴᠧᠩ ᠳᠦ ᠬᠣᠲᠠᠨ ᠠ᠋ᠴᠠ ᠳᠠᠷᠠᠭᠠᠯᠠᠨ ᠯᠢ ᠵᠧᠦ᠂ ᠲᠦᠩ ᠴᠤᠸᠠᠨ ᠡᠨᠡ ᠭᠤᠷᠪᠠᠨ ᠵᠠᠮ ᠤ᠋ᠨ ᠵᠠᠬᠢᠷᠠᠬᠤ ᠣᠯᠠᠨ ᠹᠦ᠂ ᠵᠧᠦ᠂ ᠰᠢᠶᠠᠨ ᠪᠠ ᠪᠣᠭᠣᠮᠲᠠ ᠬᠠᠪᠴᠢᠯ ᠤ᠋ᠨ ᠥᠷᠲᠡᠭᠡ ᠬᠣᠷᠢᠶ᠎ᠠ ᠶ᠋ᠢ ᠲᠡᠭᠷᠢ ᠳᠤᠤᠭᠠᠷᠬᠤ ᠮᠡᠲᠦ ᠨᠢᠭᠡᠨᠲᠡ ᠪᠠᠢᠯᠳᠤᠨ ᠠᠪᠴᠤ ᠪᠦᠭᠦᠳᠡ ᠮᠣᠩᠭᠣᠯ ᠳ᠋ᠤᠷ ᠪᠣᠯᠪᠠ᠃ ᠡᠨᠡ ᠵᠠᠪᠰᠠᠷ᠎ᠠ ᠮᠣᠩᠭᠣᠯ ᠤ᠋ᠨ ᠶᠡᠬᠡ ᠲᠠᠢᠽᠢ ᠮᠥᠩᠬᠡ ᠴᠢᠨ ᠸᠠᠩ᠂ ᠵᠢᠴᠢ ᠭᠦᠸᠧ ᠸᠠᠩ ᠲᠡᠢᠰᠢ ᠳᠡᠰ ᠲᠣᠭᠣᠰ ᠬᠣᠶᠠᠭᠤᠯᠠ ᠶ᠋ᠢᠨ ᠶᠡᠬᠡ ᠴᠡᠷᠢᠭ ᠳ᠋ᠧᠩ ᠵᠧᠦ ᠬᠣᠲᠠᠨ ᠢ ᠥᠩᠭᠡᠷᠡᠨ ᠴᠢ ᠵᠧᠦ ᠬᠣᠲᠠᠨ ᠳ᠋ᠤᠷ ᠪᠠᠢᠯᠳᠤᠨ ᠬᠦᠷᠦᠭᠰᠡᠨ ᠳ᠋ᠦ᠍ᠷ ᠴᠢ ᠵᠧᠦ ᠶ᠋ᠢ ᠰᠠᠬᠢᠭᠰᠠᠨ ᡁᠢ ᠹᠦ ᠲᠦᠰᠢᠮᠡᠯ ᠱᠦᠨ ᡁᠢ ᠶᠠᠭᠠᠷᠠᠨ ᠠᠯᠲᠠᠨ ᠮᠥᠩᠭᠥ᠂ ᠮᠠᠩᠨᠤᠭ ᠲᠠᠵᠢ ᠲᠠᠪᠢᠨ ᠲᠡᠷᠭᠡ᠂ ᠪᠠᠰᠠ ᠴᠡᠷᠢᠭ ᠦ᠋ᠨ ᠬᠦᠨᠡᠰᠦ ᠵᠠᠭᠤᠨ ᠲᠡᠷᠭᠡ ᠲᠡᠭᠡᠭᠡᠵᠦ ᠭᠤᠸᠠᠩ ᠵᠧᠦ ᠭᠠᠵᠠᠷ ᠤ᠋ᠨ ᠬᠥᠮᠦᠨ ᠢ᠋ᠶ᠋ᠡᠷ ᠤᠭᠲᠤᠨ ᠭᠣᠶᠣᠯᠭᠠᠵᠤ᠂ ᠣᠯᠠᠨ ᠢᠷᠭᠡᠨ ᠢ ᠬᠥᠭᠡᠷᠦᠬᠦᠢᠯᠡᠮᠦ ᠭᠡᠮᠡᠨ ᠪᠠᠰᠠ ᠮᠠᠨ ᠤ᠋ ᠰᠥᠩ ᠤᠯᠤᠰ ᠡᠷᠭᠢᠨ ᠤᠯᠤᠰ ᠲᠤᠷ ᠠᠯᠪᠠ ᠪᠠᠷᠢᠭᠰᠠᠭᠠᠷ ᠬᠡᠲᠦᠴᠢᠨᠡᠬᠡᠨ ᠵᠢᠯ ᠪᠣᠯᠪᠠ᠃ ᠮᠠᠨ ᠳ᠋ᠤᠷ ᠪᠠᠬᠠᠨ ᠴᠢᠯᠥᠭᠡ ᠦᠯᠡᠳᠡᠭᠡᠮᠦ ᠭᠡᠮᠡᠨ ᠭᠤᠶᠤᠭᠰᠠᠨ ᠳ᠋ᠤᠷ ᠳᠡᠰ ᠲᠣᠭᠣᠰ ᠵᠥᠪᠰᠢᠶᠡᠵᠦ᠂ 《ᠤᠯᠤᠰ ᠢ ᠣᠯᠬᠤ ᠠᠨᠤ ᠠᠯᠪᠠ ᠶ᠋ᠢᠨ ᠲᠤᠯᠠ ᠪᠣᠯᠠᠢ ! 》ᠭᠡᠮᠡᠨ ᠲᠦᠷ ᠲᠠᠪᠤᠨ ᠰᠠᠷ᠎ᠠ ᠶ᠋ᠢᠨ ᠴᠢᠯᠥᠭᠡ ᠥᠭᠴᠦ ᠢᠷᠭᠡᠨ ᠢ᠋ ᠠᠨᠤ ᠬᠥᠳᠡᠯᠭᠡᠯ ᠦᠭᠡᠢ ᠪᠡᠷ ᠥᠩᠭᠡᠷᠡᠨ ᠭᠠᠷᠴᠤ᠂ ᠹᠦ ᠶ᠋ᠢᠨ ᠭᠠᠵᠠᠷ ᠪᠠ ᠯᠦ᠍ ᠨᠠᠨ ᠰᠢᠶᠠᠨ᠂ ᠵᠢᠴᠢ ᠵᠣᠣ ᠵᠢᠶᠠᠨ ᠵᠠᠢ ᠶ᠋ᠢᠨ ᠵᠡᠷᠭᠡ ᠭᠠᠵᠠᠷ ᠢ᠋ ᠬᠡᠩᠭᠡᠷᠭᠡ ᠨᠢᠭᠡᠨᠲᠡ ᠳᠡᠯᠡᠳᠦᠮᠡᠭᠴᠡ ᠪᠠᠢᠯᠳᠤᠵᠤ ᠠᠪᠤᠭᠠᠳ ᠠᠢᠯᠠᠳᠬᠠᠵᠤ ᠶᠠᠪᠤᠭᠤᠯᠲᠠᠯᠠ ᠮᠣᠩᠭᠣᠯ ᠤ᠋ᠨ ᠵᠠᠩ ᠿᠦ᠍ ᠠᠨ ᠪᠠᠰᠠ ᠢᠩ ᠵᠧᠦ ᠬᠣᠲᠠᠨ ᠢ ᠪᠠᠢᠯᠳᠤᠨ ᠠᠪᠴᠤ ᠰᠢᠶᠠᠩ ᠹᠦ ᠶ᠋ᠢᠨ ᠲᠣᠭᠣᠷᠢᠭᠰᠠᠨ ᠣᠯᠠᠨ ᠪᠤᠲᠠᠷᠠᠭᠰᠠᠨ ᠠᠢᠮᠠᠭ ᠢᠷᠭᠡᠨ ᠢ ᠬᠤᠷᠢᠶᠠᠮᠵᠢᠯᠠᠨ ᠠᠪᠤᠪᠠ᠃ ᠲᠡᠳᠦᠢ ᠨᠢᠭᠡᠨᠲᠡᠭᠡᠭᠦᠷ ᠸᠠᠩ ᠰᠢ ᠰᠢᠶᠠᠨ ᠡᠴᠢᠭᠡ ᠬᠥᠪᠡᠭᠦᠨ ᠢ᠋ᠶ᠋ᠡᠷ ᠣᠯᠠᠨ ᠵᠠᠩᠵᠤᠨ ᠴᠡᠷᠢᠭ ᠢ ᠬᠦᠨᠳᠦᠳᠡ ᠱᠠᠩᠨᠠᠵᠤ ᠶᠠᠭᠠᠷᠠᠨ ᠠᠢᠯᠠᠳᠬᠠᠷ᠎ᠠ ᠳᠣᠪᠲᠣᠯᠭᠠᠨ᠂ ᠴᠡᠷᠢᠭ ᠢ᠋ ᠪᠠᠬᠠᠨ ᠰᠠᠬᠢᠮᠠᠭᠴᠠ ᠠᠷᠪᠠᠨ ᠰᠠᠷ᠎ᠠ ᠳ᠋ᠤᠷ ᠬᠥᠶᠦᠭ ᠴᠢᠨ ᠸᠠᠩ ᠪᠠᠰᠠ ᠶᠡᠬᠡ ᠴᠡᠷᠢᠭ ᠢ᠋ ᠲᠡᠭᠰᠢᠯᠡᠵᠦ᠂ ᠴᠧᠩ ᠳᠦ ᠶ᠋ᠢ ᠡᠯᠰᠡᠨ ᠠᠪᠴᠤ ᠬᠣᠭᠣᠰᠣᠨ ᠬᠣᠲᠠᠨ ᠢ᠋ ᠦᠯᠡᠳᠡᠭᠡᠨ ᠰᠠᠬᠢᠬᠤᠢ ᠳ᠋ᠤᠷ ᠪᠡᠷᠬᠡ ᠶ᠋ᠢ ᠪᠣᠳᠣᠯ ᠦᠭᠡᠢ᠂ ᠳᠠᠷᠤᠢ ᠴᠧᠩ ᠳᠦ ᠡᠴᠡ ᠭᠠᠷᠴᠤ ᠸᠸᠨ ᠵᠧᠦ ᠬᠣᠲᠠᠨ ᠳ᠋ᠤᠷ ᠪᠠᠢᠯᠳᠤᠨ ᠣᠷᠣᠬᠤᠶ᠎ᠠ᠂ ᠸᠸᠨ ᠵᠧᠦ ᠶ᠋ᠢ ᠰᠠᠬᠢᠭᠰᠠᠨ ᡁᠢ ᠵᠧᠦ ᠲᠦᠰᠢᠮᠡᠯ ᠣᠪᠣᠭ ᠯᠢᠦ ᠨᠡᠷ᠎ᠡ ᠳ᠋ᠦᠢ᠂ ᠵᠢᠴᠢ ᠳ᠋ᠦᠩ ᠪᠢᠨ ᠲᠦᠰᠢᠮᠡᠯ ᠢᠨᠤ ᠣᠪᠣᠭ ᠵᠣᠣ ᠨᠡᠷ᠎ᠡ ᠢᠦ ᠰᠢᠶᠠᠩ᠂ ᠡᠳᠡ ᠬᠣᠶᠠᠭᠤᠯᠠ ᠬᠣᠲᠠ ᠪᠠᠨ ᠪᠡᠬᠢᠯᠡᠨ ᠰᠠᠬᠢᠵᠤ ᠨᠢᠭᠡᠨ ᠰᠠᠷ᠎ᠠ ᠲᠤᠯᠤᠯᠴᠠᠲᠠᠯᠠ ᠰᠥᠩ ᠤᠯᠤᠰ ᠠ᠋ᠴᠠ ᠥᠮᠥᠭᠯᠡᠬᠦ ᠴᠡᠷᠢᠭ ᠢᠷᠡᠬᠦ ᠦᠭᠡᠢ ᠳ᠋ᠦ᠍ᠷ ᠨᠢᠭᠡᠨᠲᠡ ᠮᠥᠬᠥᠬᠦ ᠡᠴᠡ ᠭᠡᠯᠳᠦᠷᠢᠬᠦᠶᠡ ᠪᠡᠷᠬᠡ ᠪᠣᠯᠤᠭᠰᠠᠨ ᠢ᠋ᠶ᠋ᠠᠨ ᠮᠡᠳᠡᠭᠡᠳ ᠭᠡᠷ ᠦ᠋ᠨ ᠠᠷᠠᠳ ᠢ᠋ᠶ᠋ᠠᠨ ᠴᠥᠮ ᠬᠣᠣᠷᠠᠲᠤ ᠡᠮ ᠢ᠋ᠶ᠋ᠡᠷ ᠬᠣᠣᠷᠠᠳᠠᠭᠠᠨ ᠦᠬᠦᠭᠦᠯᠦᠭᠡᠳ ᠦᠬᠦᠳᠡᠯ ᠢ᠋ ᠢᠨᠤ ᠬᠣᠷᠢᠶᠠᠨ ᠲᠠᠯᠪᠢᠭᠠᠳ ᠠᠯᠪᠠᠨ ᠬᠣᠭᠣᠷᠣᠨᠳᠣ ᠶ᠋ᠢᠨ ᠪᠠ ᠥᠪᠡᠷ ᠦ᠋ᠨ ᠬᠤᠪᠢ ᠶ᠋ᠢᠨ ᠠᠯᠲᠠᠨ ᠲᠣᠷᠭ᠎ᠠ ᠲᠠᠵᠢ ᠮᠠᠩᠨᠤᠭ ᠬᠢᠭᠡᠳ ᠲᠠᠮᠠᠭ᠎ᠠ ᠲᠡᠮᠳᠡᠭ ᠡᠷᠭᠦᠮᠵᠢᠯᠡᠯ ᠡᠪᠬᠡᠮᠡᠯ ᠢ᠋ ᠴᠥᠮ ᠭᠠᠯ ᠳ᠋ᠤᠷ ᠬᠤᠢᠬᠠᠯᠠᠵᠤ᠂ ᠰᠠᠶᠢ ᠭᠡᠷ ᠦ᠋ᠨ ᠡᠮ᠎ᠡ ᠲᠠᠲᠠᠪᠤᠷᠢ ᠬᠡᠦᠬᠡᠳ ᠥᠬᠢᠳ ᠲᠦ᠍ᠷ ᠢ᠋ᠶ᠋ᠡᠨ ᠬᠣᠣᠷᠠᠲᠤ ᠠᠷᠢᠬᠢ ᠥᠭᠬᠦᠢ ᠳ᠋ᠦ᠍ᠷ ᠲᠡᠭᠦᠨ ᠦ᠌ ᠭᠡᠷ ᠦ᠋ᠨ ᠵᠠᠩ ᠠᠨᠤ ᠶᠣᠰᠣ ᠳᠦᠷᠢᠮ ᠢ᠋ ᠬᠦᠨᠳᠦᠳᠡ ᠡᠷᠬᠢᠯᠡᠳᠡᠭ ᠲᠤᠯᠠ ᠯᠢᠦ ᠳ᠋ᠦᠢ ᠶ᠋ᠢᠨ ᠵᠢᠷᠭᠤᠭᠠᠬᠠᠨ ᠨᠠᠰᠤ ᠲᠠᠢ ᠭᠤᠷᠪᠠᠳᠤᠭᠠᠷ ᠬᠥᠪᠡᠭᠦᠨ ᠢᠨᠦ ᠯᠢᠦ ᠲᠤᠸᠠᠨ ᠬᠣᠣᠷᠠᠲᠤ ᠠᠷᠢᠬᠢ ᠶ᠋ᠢ ᠮᠥᠷᠭᠥᠨ ᠶᠣᠰᠣᠯᠠᠵᠤ ᠬᠦᠯᠢᠶᠡᠨ ᠠᠪᠴᠤ ᠤᠤᠭᠤᠵᠤ ᠦᠬᠦᠵᠦ ᠪᠠᠷᠠᠪᠠ᠃ ᠡᠭᠦᠨ ᠳ᠋ᠦ᠍ᠷ ᠬᠣᠲᠠ ᠶ᠋ᠢᠨ ᠬᠣᠲᠠᠯᠠᠭᠠᠷ ᠦᠵᠡᠵᠦ ᠲᠦᠪᠳᠡᠬᠦ ᠦᠭᠡᠢ ᠡᠨᠡᠷᠢᠯᠳᠦᠨ ᠤᠬᠢᠯᠠᠯᠳᠤᠪᠠᠢ᠃
ᠡᠨᠡ ᠦᠶ᠎ᠡ ᠳ᠋ᠦ᠍ᠷ ᠮᠣᠩᠭᠣᠯ ᠤ᠋ᠨ ᠴᠡᠷᠢᠭ ᠨᠢᠭᠡᠨᠲᠡ ᠬᠣᠲᠠᠨ ᠢ᠋ ᠳᠠᠪᠠᠵᠤ ᠣᠷᠣᠵᠤ ᠢᠷᠡᠭᠡᠳ ᠨᠢᠭᠡᠨᠲᠡ ᠡᠪᠳᠡᠷᠡᠭᠰᠡᠨ ᠳ᠋ᠦ᠍ᠷ ᠰᠠᠮᠠᠭᠤᠨ ᠴᠡᠷᠢᠭ ᠲᠦ᠍ᠷ ᠦᠬᠦᠭᠰᠡᠨ ᠢᠷᠭᠡᠨ ᠢ᠋ ᠲᠡᠷᠢᠭᠦᠯᠡᠨ ᠯᠢᠦ ᠳ᠋ᠦᠢ ᠬᠣᠶᠠᠷ ᠬᠥᠪᠡᠭᠦᠨ ᠢ᠋ᠶ᠋ᠡᠨ ᠠᠪᠴᠤ ᠶᠡᠬᠡ ᠲᠢᠩᠬᠢᠮ ᠦ᠋ᠨ ᠳᠡᠭᠡᠷ᠎ᠡ ᠬᠦᠵᠦᠭᠦᠦ ᠪᠡᠨ ᠣᠭᠲᠣᠯᠵᠤ ᠦᠬᠦᠪᠡ᠃ ᠳ᠋ᠦᠩ ᠪᠢᠨ ᠲᠦᠰᠢᠮᠡᠯ ᠵᠣᠣ ᠢᠦ ᠰᠢᠶᠠᠩ ᠲᠡᠭᠦᠨ ᠦ᠌ ᠳᠣᠣᠷ᠎ᠠ ᠵᠠᠬᠢᠷᠬᠤ ᠴᠡᠷᠢᠭ ᠦ᠋ᠨ ᠠᠷᠠᠳ ᠲᠤᠷ ᠠᠯᠠᠭᠳᠠᠪᠠ᠃ ᠡᠳᠡᠭᠡᠷ ᠯᠦ᠍ᠭᠡ ᠬᠠᠮᠲᠤ ᠦᠬᠦᠭᠰᠡᠨ ᠢᠷᠭᠡᠨ ᠲᠦᠮᠡᠨ ᠰᠢᠬᠠᠮ ᠬᠥᠮᠦᠨ ᠪᠣᠢ᠃ ᠡᠭᠦᠨ ᠳ᠋ᠦ᠍ᠷ ᠲᠠᠢᠽᠢ ᠭᠦᠶᠦᠭ ᠴᠢᠨ ᠸᠠᠩ ᠬᠣᠲᠠ ᠶ᠋ᠢ ᠬᠤᠷᠢᠶᠠᠮᠵᠢᠯᠠᠨ ᠢᠷᠭᠡᠨ ᠢ᠋ ᠲᠣᠭᠲᠠᠭᠠᠭᠰᠠᠨ ᠬᠣᠢᠨ᠎ᠠ᠂ ᠡᠳᠡᠭᠡᠷ ᠤᠴᠢᠷ ᠢ᠋ ᠪᠠᠢᠴᠠᠭᠠᠨ ᠭᠠᠷᠭᠠᠵᠤ᠂ ᠸᠸᠨ ᠵᠧᠦ ᠶ᠋ᠢᠨ ᠢᠷᠭᠡᠳ ᠦ᠋ᠨ ᠵᠦᠭ ᠢᠨᠢᠶᠡᠨ ᠥᠭᠦᠯᠡᠷᠦᠨ :《ᠲᠠᠨ ᠤ᠋ ᠡᠨᠡ ᠯᠢᠦ ᠳ᠋ᠦᠢ ᠥᠪᠡᠷ ᠦ᠋ᠨ ᠥᠴᠦᠬᠡᠨ ᠠᠳᠬᠠᠭ ᠢ᠋ᠶ᠋ᠠᠷ ᠦᠬᠦᠭᠡᠳ ᠪᠠᠰᠠ ᠡᠵᠡᠨ ᠢ᠋ᠶ᠋ᠡᠨ ᠲᠥᠯᠥᠭᠡ ᠦᠬᠦᠭᠰᠡᠨ ᠨᠡᠷ᠎ᠡ ᠶ᠋ᠢ ᠠᠪᠰᠤᠭᠠᠢ ᠬᠡᠮᠡᠬᠦ ᠢᠨᠦ ᠬᠡᠷᠬᠢᠨ ᠪᠣᠯᠬᠤ ? ᠪᠦᠲᠦᠯ ᠦᠭᠡᠢ ᠥᠴᠦᠬᠡᠨ ᠠᠳᠬᠠᠭᠲᠤ ᠪᠣᠭᠣᠯ ᠪᠣᠯᠠᠢ᠃ ᠶᠠᠭᠤᠨ ᠤ᠋ ᠸᠠᠩ ᠰᠢ ᠰᠢᠶᠠᠨ ᠤ᠋ ᠭᠠᠭᠴᠠ ᠪᠡᠶ᠎ᠡ ᠪᠡᠷ ᠶᠠᠯ᠎ᠠ ᠬᠦᠯᠢᠶᠡᠨ ᠢᠷᠭᠡᠨ ᠢ᠋ ᠠᠪᠤᠷᠠᠭᠰᠠᠨ ᠳ᠋ᠤᠷ ᠬᠦᠷᠬᠦ ? ᠶᠠᠭᠤᠨ ᠤ᠋ ᠮᠢᠶᠠᠨ ᠵᠧᠦ ᠶ᠋ᠢᠨ ᠭᠣᠣ ᠵᠢᠶ᠋ᠸ ᠦ᠋ᠨ ᠭᠠᠭᠴᠠ ᠪᠡᠶ᠎ᠡ ᠪᠠᠢᠯᠳᠤᠵᠤ ᠦᠬᠦᠭᠰᠡᠨ ᠳ᠋ᠦ᠍ᠷ ᠬᠦᠷᠴᠦ ᠴᠢᠳᠠᠮᠤᠢ ? ᠨᠢᠭᠡᠨ ᠬᠣᠲᠠ ᠶ᠋ᠢᠨ ᠢᠷᠭᠡᠨ ᠢ᠋ ᠭᠠᠮᠰᠢᠭ ᠠ᠋ᠴᠠ ᠠᠪᠤᠷᠠᠵᠤ ᠦᠯᠦ ᠴᠢᠳᠠᠬᠤ ᠪᠥᠭᠡᠳ ᠪᠠᠰᠠ ᠨᠢᠭᠡᠨ ᠭᠡᠷ ᠦ᠋ᠨ ᠬᠡᠳᠦᠨ ᠵᠠᠭᠤᠨ ᠠᠷᠠᠳ ᠢ᠋ ᠮᠡᠬᠡᠯᠡᠨ ᠬᠣᠣᠷᠠᠳᠠᠭᠠᠨ ᠠᠯᠠᠭᠰᠠᠨ ᠠᠨᠤ ᠥᠴᠦᠬᠡᠨ ᠠᠳᠬᠠᠭ ᠥᠪᠡᠷᠴᠢᠯᠡᠯ ᠦᠭᠡᠢ ᠤᠤ ? ᠬᠡᠷᠬᠢᠨ ᠶᠡᠬᠡ ᠵᠢᠷᠤᠮ ᠳ᠋ᠤᠷ ᠣᠷᠣᠵᠤ ᠪᠣᠯᠬᠤ ᠠᠵᠢ ! 》ᠬᠡᠮᠡᠪᠡ᠃ ᠳᠠᠭᠠᠯᠳᠤᠭ᠎ᠠ ᠮᠣᠩᠭᠣᠯ ᠤ᠋ᠨ ᠪᠠᠷᠠᠭᠤᠨ ᠵᠠᠮ ᠤ᠋ᠨ ᠶᠡᠬᠡ ᠶᠤᠸᠠᠨᠱᠤᠸᠠᠢ ᠴᠢᠯᠠᠭᠤᠨ ᠴᠢᠨ ᠸᠠᠩ ᠤ᠋ᠨ ᠭᠤᠷᠪᠠᠳᠤᠭᠠᠷ ᠬᠥᠪᠡᠭᠦᠨ ᠬᠡᠦᠬᠡᠨ ᠪᠥᠬᠡ ᠶ᠋ᠢᠨ ᠨᠢᠭᠡᠨ ᠠᠩᠭᠢ ᠴᠡᠷᠢᠭ ᠰᠥᠩ ᠤᠯᠤᠰ ᠤ᠋ᠨ ᠸᠧᠢ ᠰᠢ ᠭᠠᠵᠠᠷ ᠢ᠋ᠶ᠋ᠠᠷ ᠨᠡᠪᠲᠡ ᠴᠣᠬᠢᠨ ᠣᠷᠣᠵᠤ ᠢᠷᠡᠭᠰᠡᠨ ᠳ᠋ᠦ᠍ᠷ ᠵᠠᠮ ᠳ᠋ᠤᠷ ᠪᠦᠬᠦᠢ ᠰᠢᠨ ᠵᠧᠦ᠂ ᠭᠤᠸᠠᠩ ᠵᠧᠦ ᠶ᠋ᠢᠨ ᠵᠡᠷᠭᠡ ᠭᠠᠵᠠᠷ ᠢ᠋ ᠰᠠᠬᠢᠭᠰᠠᠨ ᠲᠦᠰᠢᠮᠡᠯ ᠴᠥᠮ ᠰᠠᠷᠨᠢᠨ ᠪᠤᠷᠤᠭᠤᠯᠠᠭᠰᠠᠨ ᠳ᠋ᠤᠷ ᠰᠥᠩ ᠯᠢᠽᠦ᠋ᠩ ᠵᠠᠷᠯᠢᠭ ᠢ᠋ᠶ᠋ᠠᠷ ᠱᠢ ᠽᠦᠩ ᡁᠢ ᠶ᠋ᠢ ᠸᠧᠢ ᠰᠢ ᠭᠠᠵᠠᠷ ᠤ᠋ᠨ ᠴᠡᠷᠢᠭ ᠢ ᠠᠪᠴᠤ ᠸᠧᠢ ᠽᠦᠩ ᠡᠴᠡ ᠵᠣᠣ ᠬᠦᠢ᠂ ᠴᠢᠨ ᠭᠦᠸᠧ ᠨᠠᠷ ᠢ᠋ ᠴᠡᠷᠢᠭ ᠠᠪᠴᠤ ᠲᠤᠯᠤᠭᠲᠤᠨ ᠬᠡᠮᠡᠭᠰᠡᠨ ᠳ᠋ᠦ᠍ᠷ ᠱᠢ ᠽᠦᠩ ᡁᠢ ᠰᠢᠨ ᠶᠠᠩ ᠠ᠋ᠴᠠ ᠴᠡᠷᠢᠭ ᠠᠪᠴᠤ ᠢᠷᠡᠪᠡ᠃ ᠵᠣᠣ ᠬᠦᠢ ᠴᠡᠷᠢᠭ ᠠᠪᠤᠨ ᠬᠥᠳᠡᠯᠵᠦ᠂ ᠾᠧ ᠵᠧᠦ ᠡᠴᠡ ᠴᠧᠨ ᠭᠦᠸᠧ ᠴᠡᠷᠢᠭ ᠠᠪᠤᠨ ᠬᠥᠳᠡᠯᠵᠦ᠂ ᠮᠣᠩᠭᠣᠯ ᠤ᠋ᠨ ᠬᠡᠦᠬᠡᠨ ᠪᠥᠬᠡ ᠶ᠋ᠢᠨ ᠭᠤᠷᠪᠠᠨ ᠹᠦ ᠶ᠋ᠢᠨ ᠴᠡᠷᠢᠭ ᠢ᠋ ᠠᠷᠠᠬᠠᠨ ᠲᠤᠯᠤᠨ ᠵᠣᠭᠰᠣᠭᠠᠵᠤ᠂ ᠸᠧᠢ ᠰᠢ ᠶ᠋ᠢᠨ ᠣᠯᠠᠨ ᠢ᠋ ᠬᠠᠮᠠᠭᠠᠯᠠᠨ ᠭᠠᠷᠭᠠᠭᠰᠠᠨ ᠳ᠋ᠤᠷ ᠱᠢ ᠽᠦᠩ ᡁᠢ᠂ ᠵᠣᠣ ᠬᠦᠢ᠂ ᠴᠢᠨ ᠭᠦᠸᠧ ᠡᠨᠡ ᠭᠤᠷᠪᠠᠨ ᠵᠠᠩᠵᠤᠨ ᠤ᠋ ᠨᠡᠷ᠎ᠡ ᠶᠡᠬᠡᠯ᠎ᠡ ᠠᠯᠳᠠᠷᠰᠢᠵᠤ᠂ ᠰᠥᠩ ᠤᠯᠤᠰ ᠬᠣᠲᠠᠯᠠ ᠪᠠᠷ ᠭᠠᠢᠬᠠᠯᠳᠤᠨ ᠬᠡᠯᠡᠯᠴᠡᠪᠡ᠃ ᠲᠡᠭᠦᠨᠴᠡ ᠱᠢ ᠽᠦᠩ ᡁᠢ ᠸᠧᠢ ᠰᠢ ᠭᠠᠵᠠᠷ ᠬᠡᠦᠬᠡᠨ ᠪᠥᠬᠡ ᠶ᠋ᠢᠨ ᠴᠡᠷᠢᠭ ᠢ ᠲᠤᠯᠵᠤ ᠴᠢᠳᠠᠭᠠᠳ ᠠᠯᠲᠠᠨ ᠤᠯᠤᠰ ᠢ᠋ ᠠᠪᠤᠭᠰᠠᠨ ᠮᠧᠩ ᠬᠦᠩ ᠢ᠋ ᠢᠯᠡᠭᠡᠵᠦ ᠵᠢᠶᠠᠩ ᠯᠢᠩ ᠦ᠋ᠨ ᠭᠠᠵᠠᠷ ᠢ᠋ ᠰᠡᠷᠭᠡᠢᠯᠡᠨ ᠰᠠᠬᠢᠭᠤᠯᠬᠤᠶᠠ᠂ ᠴᠢᠪᠬᠢᠲᠡᠯ᠎ᠡ ᠭᠦᠶᠦᠭ ᠴᠢᠨ ᠸᠠᠩ ᠤ᠋ᠨ ᠳᠣᠣᠷᠠᠬᠢ ᠲᠦᠮᠡᠨᠲᠡᠢ ᠨᠢᠭᠡᠨ ᠰᠠᠯᠠᠭᠠᠨ ᠤ᠋ ᠴᠡᠷᠢᠭ ᠠᠪᠴᠤ ᠵᠢᠶᠠᠩ ᠯᠢᠩ ᠦ᠋ᠨ ᠵᠠᠮ ᠢ᠋ᠶ᠋ᠠᠷ ᠰᠢᠪᠲᠤᠯᠤᠨ ᠢᠷᠡᠬᠦᠢ ᠳ᠋ᠦ᠍ᠷ ᠮᠧᠩ ᠬᠦᠩ ᠳᠣᠣᠷᠠᠲᠤ ᠵᠠᠩᠵᠤᠨ ᠵᠠᠩ ᠱᠦᠨ ᠳ᠋ᠦ᠍ᠷ ᠮᠣᠩᠭᠣᠯ ᠢ᠋ ᠰᠡᠵᠢᠭᠯᠡᠭᠦᠯᠬᠦ ᠠᠷᠭ᠎ᠠ ᠶ᠋ᠢ ᠰᠤᠷᠭᠠᠵᠤ ᠬᠣᠰᠢᠭᠤᠴᠢ ᠪᠣᠯᠭᠠᠨ ᠤᠷᠢᠳᠠ ᠢᠯᠡᠭᠡᠭᠡᠳ ᠳᠠᠭᠠᠯᠳᠤᠭ᠎ᠠ ᠥᠪᠡᠷ ᠢ᠋ᠶ᠋ᠡᠨ ᠶᠡᠬᠡ ᠴᠡᠷᠢᠭ ᠢ᠋ ᠠᠪᠴᠤ ᠣᠷᠣᠭᠠᠳ ᠣᠯᠠᠨ ᠴᠡᠷᠢᠭ ᠢ᠋ ᠠᠩᠭᠢ ᠠᠩᠭᠢ ᠪᠠᠷ ᠰᠠᠯᠭᠠᠵᠤ᠂ ᠡᠳᠦᠷ ᠪᠦᠷᠢ ᠳᠡᠪᠡᠯ ᠬᠤᠪᠴᠠᠳ ᠲᠤᠭ ᠳᠠᠯᠪᠠᠭ᠎ᠠ ᠶ᠋ᠢ ᠬᠠᠯᠠᠭᠤᠯᠤᠨ᠂ ᠰᠥᠨᠢ ᠪᠣᠯᠪᠠᠰᠤ ᠮᠥᠷᠡᠨ ᠦ᠌ ᠳᠣᠲᠣᠷ᠎ᠠ ᠠᠷᠪᠠᠭᠠᠳ ᠭᠠᠵᠠᠷ ᠵᠠᠯᠭᠠᠯᠳᠤᠭᠰᠠᠨ ᠣᠩᠭᠣᠴᠠ ᠳ᠋ᠤᠷ ᠵᠤᠯᠠ ᠭᠡᠷᠡᠯ ᠡᠷᠭᠢᠭᠦᠯᠦᠨ ᠲᠣᠭᠣᠷᠢᠭᠤᠯᠵᠤ ᠮᠣᠩᠭᠣᠯ ᠢ᠋ ᠰᠡᠵᠢᠭᠯᠡᠭᠦᠯᠬᠦᠢ ᠳ᠋ᠦ᠍ᠷ ᠬᠡᠦᠬᠡᠨ ᠪᠥᠬᠡ ᠦᠨᠡᠬᠡᠷ ᠢᠲᠡᠭᠡᠵᠦ ᠰᠡᠵᠢᠭᠯᠡᠭᠡᠳ ᠳᠠᠪ ᠲᠣᠪ ᠬᠥᠳᠡᠯᠬᠦ ᠦᠭᠡᠢ ᠪᠦᠬᠦᠢ ᠳ᠋ᠦ᠍ᠷ ᠮᠧᠩ ᠬᠦᠩ ᠪᠠᠰᠠ ᠵᠣᠣ ᠡᠦ ᠲᠠᠨ ᠢ᠋ ᠢᠯᠡᠭᠡᠵᠦ ᠵᠠᠩ ᠱᠦᠨ ᠳ᠋ᠦ᠍ᠷ ᠬᠠᠪᠰᠤᠷᠤᠭᠤᠯᠤᠨ᠂ ᠮᠧᠩ ᠬᠦᠩ ᠥᠪᠡᠷ ᠢ᠋ᠶ᠋ᠡᠨ ᠰᠥᠨᠢ ᠬᠠᠪᠴᠢᠯ ᠠᠮᠠ ᠣᠯᠣᠮ ᠢ᠋ ᠰᠠᠬᠢᠨ᠂ ᠬᠡᠩᠭᠡᠷᠭᠡ ᠴᠣᠬᠢᠨ ᠰᠣᠴᠢᠭᠠᠨ ᠪᠠᠢᠯᠳᠤᠭᠰᠠᠨ ᠳ᠋ᠤᠷ ᠬᠡᠦᠬᠡᠨ ᠪᠥᠬᠡ ᠭᠤᠷᠪᠠᠨ ᠹᠦ ᠶ᠋ᠢᠨ ᠬᠣᠶᠠᠷ ᠲᠦᠮᠡᠨ ᠢᠯᠡᠭᠦᠦ ᠰᠤᠯᠠ ᠢᠷᠭᠡᠨ ᠦ᠌ ᠬᠣᠷᠢᠨ ᠳᠥᠷᠪᠡᠨ ᠬᠦᠷᠢᠶ᠎ᠡ ᠶ᠋ᠢ ᠨᠡᠭᠦᠯᠭᠡᠨ ᠵᠠᠪᠳᠤᠭᠰᠠᠨ ᠦᠭᠡᠢ ᠴᠡᠷᠢᠭ ᠤᠬᠤᠷᠢᠪᠠ᠃ ᠡᠭᠦᠨ ᠳ᠋ᠦ᠍ᠷ ᠮᠧᠩ ᠬᠦᠩ ᠰᠥᠩ ᠤᠯᠤᠰ ᠤ᠋ᠨ ᠬᠣᠶᠠᠷ ᠲᠦᠮᠡᠨ ᠢᠯᠡᠭᠦᠦ ᠢᠷᠭᠡᠨ ᠢ᠋ᠶ᠋ᠡᠨ ᠭᠡᠳᠡᠷᠭᠦ ᠡᠭᠡᠭᠦᠯᠦᠨ ᠣᠯᠵᠤ᠂ ᠣᠯᠠᠨ ᠵᠠᠩᠵᠤᠨ ᠨᠠᠷ ᠤ᠋ᠨ ᠵᠦᠭ ᠥᠭᠦᠯᠡᠷᠦᠨ: 《ᠮᠣᠩᠭᠣᠯ ᠤ᠋ᠨ ᠲᠠᠢᠰᠢ ᠭᠦᠸᠧ ᠸᠠᠩ ᠪᠤᠯᠤ ᠥᠩᠭᠡᠷᠡᠭᠰᠡᠨ ᠡᠴᠡ ᠮᠣᠩᠭᠣᠯ ᠤ᠋ᠨ ᠴᠡᠷᠢᠭ ᠨᠡᠯᠢᠶᠡᠳ ᠴᠠᠯᠠᠭᠠᠢ ᠪᠣᠯᠪᠠ᠃ ᠲᠡᠷᠡ ᠪᠤᠯᠤ ᠦᠨᠡᠬᠡᠷ ᠨᠢᠭᠡᠨ ᠮᠡᠷᠭᠡᠨ ᠪᠠᠭᠠᠲᠤᠷ ᠬᠣᠣᠰ ᠪᠦᠷᠢᠳᠦᠭᠰᠡᠨ ᠬᠥᠮᠦᠨ ᠪᠥᠯᠥᠭᠡ ᠂ ᠲᠡᠷᠡ ᠪᠠᠢᠭᠰᠠᠨ ᠪᠥᠭᠡᠰᠦ ᠪᠢ ᠬᠡᠷᠬᠢᠨ ᠲᠠᠢᠯᠤᠨ ᠴᠢᠳᠠᠬᠤ ? 》ᠬᠡᠮᠡᠪᠡ ᠃
ᠡᠨᠡ ᠦᠶ᠎ᠡ ᠳ᠋ᠦ᠍ᠷ ᠮᠣᠩᠭᠣᠯ ᠤ᠋ᠨ ᠲᠠᠢᠽᠢ ᠴᠠᠭᠠᠨ ᠵᠠᠩᠵᠤᠨ ᠢ ᠨᠢᠭᠡᠨ ᠭᠠᠪᠢᠶ᠎ᠠ ᠪᠠᠢᠭᠤᠯᠵᠤ᠂ ᠡᠵᠡᠨ ᠬᠠᠭᠠᠨ ᠳ᠋ᠤᠷ ᠭᠠᠪᠢᠶ᠎ᠠ ᠲᠠᠢ ᠭᠡᠮᠡᠨ ᠨᠢᠭᠡᠨ ᠰᠠᠯᠠᠭᠠᠨ ᠤ᠋ ᠴᠡᠷᠢᠭ ᠥᠭᠴᠦ ᠰᠥᠩ ᠤᠯᠤᠰ ᠤ᠋ᠨ ᠵᠸᠨ ᠵᠧᠦ ᠬᠣᠲᠠᠨ ᠢ᠋ ᠪᠠᠢᠯᠳᠤᠭᠤᠯᠬᠤᠢ ᠳ᠋ᠤᠷ ᠵᠧᠨ ᠵᠧᠦ ᠶ᠋ᠢ ᠵᠠᠬᠢᠷᠠᠬᠤ ᡁᠢ ᠵᠧᠦ ᠲᠦᠰᠢᠮᠡᠯ ᠣᠪᠣᠭ ᠴᠢᠶᠣᠤ᠂ ᠨᠡᠷ᠎ᠡ ᠶᠤᠸᠠᠢ᠂ ᠵᠧᠨ ᠵᠧᠦ ᠬᠣᠲᠠ ᠪᠠᠨ ᠴᠢᠩᠳᠠᠯᠠᠨ ᠰᠠᠬᠢᠬᠤᠢ ᠳ᠋ᠤᠷ ᠴᠢᠩᠭ᠎ᠠ ᠪᠥᠭᠡᠳ ᠲᠣᠳᠣᠷᠬᠠᠢ ᠳ᠋ᠤᠷ ᠮᠣᠩᠭᠣᠯ ᠤ᠋ᠨ ᠴᠠᠭᠠᠨ ᠵᠠᠩᠵᠤᠨ ᠣᠯᠠᠨ ᠬᠣᠲᠠ ᠶ᠋ᠢ ᠪᠠᠢᠯᠳᠤᠭᠰᠠᠭᠠᠷ ᠬᠢᠯᠪᠠᠷ ᠲᠤᠷ ᠡᠷᠡᠮᠰᠢᠵᠦ ᠰᠡᠷᠭᠡᠢᠯᠡᠭᠰᠡᠨ ᠦᠭᠡᠢ ᠳ᠋ᠦ᠍ᠷ ᠵᠧᠨ ᠵᠧᠦ ᠶ᠋ᠢᠨ ᠴᠢᠶᠣᠤ ᠶᠤᠸᠠᠢ ᠴᠠᠭᠠᠨ ᠵᠠᠩᠵᠤᠨ ᠢ ᠨᠢᠭᠡᠨ ᠵᠡᠷᠭᠡ ᠳᠠᠷᠤᠭᠠᠳ ᠳᠡᠢᠯᠦᠭᠰᠡᠨ ᠬᠦᠴᠦᠨ ᠳ᠋ᠦ᠍ᠷ ᠥᠪᠡᠷ ᠦ᠋ᠨ ᠪᠡᠶ᠎ᠡ ᠪᠡᠷ ᠴᠢᠭᠢᠷᠠᠭ ᠱᠠᠯᠠᠮᠠᠭᠠᠢ ᠴᠡᠷᠢᠭ ᠢ᠋ ᠠᠪᠴᠤ ᠪᠠᠢᠯᠳᠤᠨ ᠭᠠᠷᠤᠭᠠᠳ ᠰᠢᠦᠢ ᠹᠦ ᠴᠢᠶᠣᠤ ᠬᠥᠭᠥᠷᠭᠡ ᠳ᠋ᠦ᠍ᠷ ᠴᠡᠷᠢᠭ ᠪᠦᠭᠭᠦᠵᠦ᠂ ᠮᠣᠩᠭᠣᠯ ᠤ᠋ᠨ ᠴᠠᠭᠠᠨ ᠵᠠᠩᠵᠤᠨ ᠤ᠋ ᠳᠣᠬᠢᠶ᠎ᠠ ᠥᠭᠬᠦ ᠲᠤᠭ ᠢ᠋ ᠪᠠᠷᠢᠭᠰᠠᠨ ᠴᠡᠷᠢᠭ ᠦ᠋ᠨ ᠬᠥᠮᠦᠨ ᠢ᠋ ᠬᠠᠷᠪᠤᠵᠤ ᠤᠨᠠᠭᠠᠭᠰᠠᠨ ᠳ᠋ᠤᠷ ᠴᠠᠭᠠᠨ ᠵᠠᠩᠵᠤᠨ ᠤ᠋ ᠴᠡᠷᠢᠭ ᠳᠣᠬᠢᠶ᠎ᠠ ᠲᠡᠮᠳᠡᠭ ᠢ᠋ᠶ᠋ᠡᠨ ᠠᠯᠳᠠᠵᠤ ᠳᠥᠷᠪᠡᠨ ᠵᠦᠭ ᠤᠬᠤᠷᠢᠵᠤ ᠰᠠᠷᠨᠢᠪᠠ᠃ ᠴᠠᠭᠠᠨ ᠵᠠᠩᠵᠤᠨ ᠡᠭᠡᠨᠡᠭᠲᠡ ᠨᠠᠰᠤ ᠵᠠᠯᠠᠭᠤ ᠪᠣᠯᠭᠣᠮᠵᠢ ᠦᠭᠡᠢ ᠲᠤᠯᠠ ᠡᠨᠳᠡ ᠨᠢᠭᠡᠨ ᠵᠡᠷᠭᠡ ᠳᠠᠷᠤᠭᠳᠠᠪᠠ᠃
ᠲᠡᠳᠦᠢ ᠮᠣᠩᠭᠣᠯ ᠴᠡᠷᠢᠭ ᠳᠥᠴᠢᠨ ᠭᠠᠵᠠᠷ ᠤᠬᠤᠷᠢᠵᠤ ᠪᠠᠭᠤᠳᠠᠯᠯᠠᠪᠠ ᠃ ᠵᠧᠨ ᠵᠧᠦ ᠶ᠋ᠢᠨ ᡁᠢ ᠵᠧᠦ ᠲᠦᠰᠢᠮᠡᠯ ᠴᠢᠶᠣᠤ ᠶᠤᠸᠠᠢ ᠣᠯᠠᠨ ᠤ᠋ ᠪᠠᠨ ᠵᠦᠭ ᠥᠬᠦᠯᠡᠳ: 《ᠮᠣᠩᠭᠣᠯ ᠤ᠋ᠨ ᠴᠡᠷᠢᠭ ᠶᠠᠭᠤᠨ ᠢ᠋ᠶ᠋ᠠᠷ ᠪᠣᠯᠪᠠᠴᠤ ᠮᠠᠨ ᠤ᠋ ᠴᠡᠷᠢᠭ ᠡᠴᠡ ᠲᠦᠮᠡᠨ ᠬᠤᠪᠢ ᠳᠡᠭᠡᠷ᠎ᠡ ᠂ ᠪᠢᠳᠡᠨ ᠲᠡᠭᠦᠨ ᠯᠦ᠍ᠭᠡ ᠠᠷᠭ᠎ᠠ ᠤᠬᠠᠭᠠᠨ ᠠ᠋ᠴᠠ ᠪᠤᠰᠤ ᠬᠦᠴᠦᠨ ᠢ᠋ᠶ᠋ᠡᠷ ᠪᠠᠢᠯᠳᠤᠵᠤ ᠪᠣᠯᠬᠤ ᠦᠭᠡᠢ᠃ ᠲᠡᠢᠨ ᠬᠦ᠌ ᠪᠢ ᠫᠤᠤ ᠵᠡᠪᠡ ᠶ᠋ᠢ ᠪᠦᠭᠭᠦᠵᠦ ᠪᠠᠢᠯᠳᠤᠭᠰᠠᠨ ᠢ᠋ᠶ᠋ᠠᠷ ᠰᠠᠶᠢ ᠲᠠᠢᠯᠪᠠ᠂ ᠳᠠᠬᠢᠨ ᠢᠷᠡᠪᠡᠰᠦ ᠮᠥᠨ ᠬᠦ᠌ ᠭᠠᠯ ᠫᠤᠤ ᠪᠠᠷ ᠪᠠᠢᠯᠳᠤᠰᠤᠭᠠᠢ ! 》 ᠭᠡᠮᠡᠨ ᠵᠥᠪᠯᠡᠬᠦᠶᠡ ᠮᠥᠨ ᠰᠥᠨᠢ ᠪᠠᠰᠠ ᠬᠣᠲᠠ ᠶ᠋ᠢᠨ ᠪᠠᠷᠠᠭᠤᠨ ᠡᠲᠡᠭᠡᠳ ᠲᠦ᠍ᠷ ᠨᠢᠭᠡᠨ ᠵᠡᠷᠭᠡ ᠪᠠᠢᠯᠳᠤᠵᠤ᠂ ᠮᠣᠩᠭᠣᠯ ᠴᠡᠷᠢᠭ ᠪᠠᠰᠠ ᠳᠠᠷᠤᠭᠳᠠᠭᠠᠳ ᠳᠠᠭᠠᠯᠳᠤᠭ᠎ᠠ ᠬᠣᠶᠠᠷ ᠵᠡᠷᠭᠡ ᠭᠠᠯ ᠢ᠋ᠶ᠋ᠠᠷ ᠪᠠᠢᠯᠳᠤᠭᠰᠠᠨ ᠳ᠋ᠤᠷ ᠮᠣᠩᠭᠣᠯ ᠤ᠋ᠨ ᠴᠡᠷᠢᠭ ᠦ᠋ᠨ ᠬᠦᠷᠢᠶ᠎ᠡ ᠰᠢᠳᠡᠵᠦ ᠰᠠᠶᠢ ᠴᠡᠷᠢᠭ ᠤᠬᠤᠷᠢᠪᠠ᠃ ᠡᠭᠦᠨ ᠳ᠋ᠦ᠍ᠷ ᠬᠣᠭᠣᠰᠣᠨ ᠴᠧᠩ ᠳᠦ ᠶ᠋ᠢ ᠪᠠᠰᠠ ᠡᠭᠡᠭᠦᠯᠦᠨ ᠣᠯᠪᠠ᠃ ᠡᠨᠡ ᠬᠣᠶᠠᠷ ᠲᠦᠮᠡᠨ ᠢᠯᠡᠭᠦᠦ ᠢᠷᠭᠡᠨ ᠢ᠋ ᠰᠥᠩ ᠤᠯᠤᠰ ᠭᠡᠳᠡᠷᠭᠦ ᠪᠤᠯᠢᠶᠠᠨ ᠠᠪᠠᠴᠢᠭᠰᠠᠨ ᠡᠨᠡ ᠶᠡᠬᠡ ᠦᠢᠮᠡᠭᠡᠨ ᠳ᠋ᠦ᠍ᠷ ᠭᠣᠣ ᠶ᠋ᠢᠨ ᠶᠠᠩ ᠰᠢᠶᠣᠤ ᠵᠢᠶᠧ ᠪᠠ ᠵᠣᠣ ᠢᠦᠢ ᠵᠣ᠌ ᠠᠭᠡ᠂ ᠵᠣᠣ ᠢᠦᠢ ᠵᠢᠩ ᠵᠢᠶᠦ᠋ᠨ ᠵᠣ᠌ ᠨᠠᠷ ᠬᠡᠷᠬᠢᠭᠰᠡᠨ ᠢ᠋ ᠮᠡᠳᠡᠬᠦ ᠦᠭᠡᠢ ᠪᠣᠯᠪᠠ᠂ ᠦᠵᠡᠬᠦ ᠮᠡᠷᠭᠡᠳ ᠶᠠᠭᠠᠷᠠᠪᠠᠰᠤ ᠲᠠᠯᠪᠢᠯ ᠦᠭᠡᠢ ᠳᠣᠣᠷᠠᠲᠤ ᠳᠡᠪᠲᠡᠷ ᠲᠣᠷ ᠦᠵᠡᠭᠳᠡᠬᠦᠢ᠃ ᠾᠧ ᠽᠢ ᠳ᠋ᠧᠩ ᠦᠵᠡᠷ᠎ᠡ ᠡᠴᠢᠭᠰᠡᠨ ᠵᠠᠷᠤᠴᠠ ᠨᠠᠷ ᠢ᠋ ᠢᠷᠡᠭᠰᠡᠨ ᠬᠣᠢᠨ᠎ᠠ ᠢᠯᠭᠠᠨ ᠪᠢᠴᠢᠬᠦ ᠶ᠋ᠢ ᠬᠦᠯᠢᠶᠡᠭᠳᠡᠬᠦᠢ᠃
