ᠭᠡᠷ ᠦ᠋ᠨ ᠮᠦᠽᠧᠢ ᠶ᠋ᠢᠨ ᠲᠠᠨᠢᠯᠴᠠᠭᠤᠯᠭ᠎ᠠГэрийн музейн танилцуулга ᠲᠣᠷᠭᠠᠨ ᠵᠢᠯᠣᠭᠣ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠭᠡᠷ ᠦ᠋ᠨ ᠮᠦᠽᠧᠢ ᠶ᠋ᠢᠨ ᠲᠠᠨᠢᠯᠴᠠᠭᠤᠯᠭ᠎ᠠГэрийн музейн танилцуулга

ᠭᠡᠷ ᠦ᠋ᠨ ᠮᠦᠽᠧᠢ ᠶ᠋ᠢᠨ ᠲᠠᠨᠢᠯᠴᠠᠭᠤᠯᠭ᠎ᠠГэрийн музейн танилцуулга

2023-10-30

534

ᠭᠡᠷ ᠦ᠋ᠨ ᠮᠦᠽᠧᠢ ᠶ᠋ᠢᠨ ᠲᠠᠨᠢᠯᠴᠠᠭᠤᠯᠭ᠎ᠠ

   ᠵᠠ᠂ ᠲᠡᠭᠡᠭᠡᠳ ᠣᠯᠠᠨ ᠳᠠᠶᠠᠭᠠᠷ ᠳᠤ ᠪᠠᠨ ᠪᠢ ᠥᠪᠡᠷ ᠦ᠋ᠨ ᠬᠠᠳᠠᠭᠠᠯᠠᠵᠤ ᠪᠠᠢᠭ᠎ᠠ ᠬᠡᠰᠡᠭ ᠪᠣᠰᠤᠭ ᠶᠠᠭᠤᠮᠠᠨ ᠠ᠋ᠴᠠ ᠪᠠᠰᠠ ᠵᠢᠭᠠᠬᠠᠨ ᠲᠠᠨᠢᠯᠴᠠᠭᠤᠯᠤᠶ᠎ᠠ ᠭᠡᠵᠦ ᠪᠣᠳᠣᠯ᠎ᠠ᠃
   ᠵᠠ᠂ ᠡᠨᠡ ᠪᠣᠯ ᠲᠡᠮᠡᠭᠡᠨ ᠳᠡᠪᠢᠰᠬᠡᠷ ᠭᠡᠵᠦ ᠶᠡᠬᠡ ᠰᠠᠢᠬᠠᠨ ᠵᠣᠭᠳᠣᠷ ᠢ᠋ᠶ᠋ᠠᠷ ᠬᠢᠭᠰᠡᠨ ᠪᠠᠢᠳᠠᠭ ᠠ᠋᠃ ᠠᠷᠤ ᠳ᠋ᠠᠬᠢ ᠶ᠋ᠢ ᠨᠢ ᠪᠣᠯ ᠢᠩᠭᠢᠵᠦ ᠰᠠᠢᠬᠠᠨ ᠰᠤᠮᠠᠯ ᠣᠳᠣ ᠭᠡᠳᠡᠭ ᠪᠢᠯᠡ ᠤᠤ⁈ ᠲᠡᠭᠦᠨ ᠳᠡᠭᠡᠷ᠎ᠡ ᠣᠳᠣ ᠢᠩᠭᠢᠵᠦ ᠰᠠᠢᠬᠠᠨ ᠬᠢᠭᠰᠡᠨ ᠪᠠᠢᠳᠠᠭ᠃
   ᠵᠠ᠂ ᠡᠨᠡ ᠪᠣᠯ ᠣᠳᠣ ᠳᠠᠯᠠ᠂ ᠨᠠᠶᠠᠭᠠᠳ ᠣᠨ ᠤ᠋ ᠡᠬᠢ ᠬᠦᠷᠲᠡᠯ᠎ᠡ ᠵᠠᠷᠤᠵᠤ ᠪᠠᠢᠭᠰᠠᠨ ᠫᠣᠣᠷ ᠭᠡᠵᠦ ᠬᠥᠪᠥᠩ ᠤᠲᠠᠰᠤ ᠪᠠᠷ ᠬᠢᠭᠰᠡᠨ ᠪᠦᠳᠦᠭᠦᠨ ᠨᠠᠷᠢᠨ ᠭᠤᠯᠢᠷ ᠤ᠋ᠨ ᠤᠭᠤᠲᠠ ᠪᠠᠢᠳᠠᠭ ᠠ᠋᠃
   ᠵᠠ᠂ ᠢᠩᠭᠢᠭᠡᠳ ᠡᠢᠰᠢ ᠪᠡᠨ ᠲᠠᠨᠢᠯᠴᠠᠭᠤᠯᠤᠶ᠎ᠠ!
   ᠵᠠ᠂ ᠡᠨᠡ ᠦᠳᠡᠭᠡᠷᠢ ᠪᠣᠯ ᠡᠪᠡᠰᠦ ᠬᠡᠷᠴᠢᠳᠡᠭ᠂ ᠮᠠᠨᠤᠰ ᠣᠳᠣ ᠵᠠᠳᠤᠤ ᠭᠡᠵᠦ ᠪᠠᠭ᠎ᠠ ᠳᠤ ᠪᠠᠨ ᠶᠠᠷᠢᠳᠠᠭ ᠪᠠᠢᠭᠰᠠᠨ ᠶᠤᠮ ᠠ᠋᠃
   ᠵᠠ᠂ ᠢᠩᠭᠢᠭᠡᠳ ᠬᠠᠪᠬ᠎ᠠ ᠣᠳᠣ ᠬᠥᠮᠦᠨ ᠪᠦᠬᠦᠨ ᠪᠦᠷ ᠮᠡᠳᠡᠳᠡᠭ ᠪᠠᠢᠯᠭᠦᠢ᠂ ᠬᠠᠪᠬ᠎ᠠ ᠭᠡᠵᠦ᠂
   ᠵᠠ᠂ ᠲᠡᠭᠡᠭᠡᠳ ᠡᠨᠡ ᠳᠡᠭᠡᠷ᠎ᠡ ᠦᠶ᠎ᠡ ᠶ᠋ᠢᠨ ᠳᠤᠭᠤᠢ᠂ ᠲᠡᠷᠡ ᠦᠶ᠎ᠡ ᠳ᠋ᠦ᠍ ᠴᠢᠨᠢ ᠣᠳᠣ ᠬᠢᠲᠠᠳ ᠢ᠋ᠶ᠋ᠠᠷ ᠨᠡᠷᠡᠯᠡᠳᠡᠭ᠂ ᠹᠧᠢ ᠭᠧ᠂ ᠶᠦᠨ ᠵᠢᠦ ᠭᠡᠵᠦ ᠣᠳᠣ ᠢᠩᠭᠢᠵᠦ ᠨᠡᠷᠡᠢᠳᠳᠡᠭ᠂ ᠡᠢᠮᠦ ᠳᠤᠭᠤᠢ ᠨᠤᠭᠤᠳ ᠪᠠᠢᠨ᠎ᠠ᠂ ᠪᠢ ᠪᠠᠰᠠ ᠡᠳᠦᠢ ᠬᠠᠳᠠᠭᠠᠯᠠᠵᠤ ᠪᠠᠢᠳᠠᠭ᠃
ᠡᠭᠦᠨ ᠢ᠋ ᠣᠳᠣ ᠫᠣᠣᠯᠤᠤ ᠭᠡᠵᠦ ᠬᠡᠯᠡᠨ᠎ᠡ᠂ ᠵᠠᠷᠢᠮ ᠨᠢ ᠣᠳᠣ ᠤᠰᠤ ᠲᠠᠲᠠᠵᠤ ᠪᠠᠢᠳᠠᠭ᠃
   ᠵᠠ᠂ ᠢᠩᠭᠢᠪᠡᠯ ᠡᠨᠡ ᠬᠣᠪᠣᠭᠣ ᠣᠳᠣ ᠬᠣᠪᠣᠷ ᠪᠣᠯᠴᠢᠬᠠᠵᠠᠢ᠃ ᠡᠨᠡ ᠬᠣᠪᠣᠭᠣ ᠶ᠋ᠢ ᠣᠳᠣ ᠬᠠᠷ᠎ᠠ ᠪᠠᠭ᠎ᠠ ᠠ᠋ᠴᠠ ᠪᠠᠨ ᠲᠠᠲᠠᠵᠤ ᠪᠠᠢᠯ᠎ᠠ᠂ ᠠᠳᠤᠭᠤ ᠦᠬᠡᠷ ᠤᠰᠤᠯᠠᠳᠠᠭ᠃
   ᠵᠠ᠂ ᠡᠨᠡ ᠭᠣᠬᠠᠨ ᠵᠢᠩ ᠪᠣᠯ ᠣᠳᠣ ᠶᠡᠬᠡ ᠪᠠᠭ᠎ᠠ ᠬᠠᠮᠤᠭ ᠤ᠋ᠨ ᠤᠷᠲᠤ ᠨᠢ ᠣᠳᠣ ᠬᠣᠶᠠᠷ ᠮᠧᠲ᠋ᠷ ᠤᠷᠲᠤ᠂ ᠪᠣᠭᠣᠨᠢ ᠨᠢ ᠪᠣᠯᠪᠠᠯ᠂ ᠡᠭᠦᠨ ᠢ᠋ ᠣᠳᠣ ᠪᠤᠳᠠᠭᠠᠨ ᠳ᠋ᠧᠦ ᠭᠡᠵᠦ ᠶᠠᠷᠢᠳᠠᠭ᠂ ᠳ᠋ᠧᠦ ᠭᠡᠵᠦ ᠣᠳᠣ ᠪᠤᠳᠠᠭ᠎ᠠ ᠬᠡᠮᠵᠢᠳᠡᠭ᠂ ᠬᠡᠳᠦᠨ ᠵᠢᠩ ᠣᠷᠣᠳᠠᠭ ᠶᠤᠮ? ᠭᠤᠷᠪᠠᠨ ᠵᠢᠩ ᠪᠢᠯᠡ ᠤᠤ⁈ ᠡᠭᠦᠨ ᠢ᠋ ᠱᠧᠩ ᠭᠡᠵᠦ ᠶᠠᠷᠢᠳᠠᠭ᠃
   ᠵᠠ᠂ ᠢᠩᠭᠢᠭᠡᠳ ᠰᠢᠷᠢᠨ ᠰᠢᠷᠢᠮᠡᠯ ᠰᠢᠷᠢᠳᠡᠭ ᠢ᠋ ᠬᠠᠷᠢᠭᠤᠯᠤᠶ᠎ᠠ! ᠡᠨᠡ ᠰᠢᠷᠢᠮᠡᠯ ᠰᠢᠷᠢᠳᠡᠭ ᠦ᠋ᠨ ᠬᠤᠸᠠᠷ ᠤ᠋ᠳ ᠨᠢ ᠪᠦᠷ ᠣᠨᠳᠣᠣ ᠶᠤᠮ ᠪᠢᠯᠡ᠂ ᠪᠠᠰᠠ ᠶᠡᠬᠡ ᠵᠥᠷᠢᠶ᠎ᠡ ᠲᠡᠢ ᠪᠠᠢᠳᠠᠭ ᠶᠤᠮ ᠪᠢᠯᠡ᠂ ᠬᠡᠳᠦᠨ ᠵᠦᠢᠯ ᠦ᠋ᠨ ᠪᠠᠢᠳᠠᠭ ᠢ᠋ ᠪᠢ ᠣᠳᠣ ᠰᠠᠢᠨ ᠮᠡᠳᠡᠬᠦ ᠦᠭᠡᠢ ᠪᠠᠢᠨ᠎ᠠ᠃
   ᠵᠠ᠂ ᠡᠨᠡ ᠮᠣᠩᠭᠣᠯ ᠭᠡᠷ ᠦ᠋ᠨ ᠡᠨᠡ ᠳᠤᠭᠤᠢ ᠬᠡᠯᠪᠡᠷᠢ ᠲᠡᠢ ᠥᠨᠴᠥᠭ ᠪᠤᠯᠤᠩ ᠳ᠋ᠤ᠌ ᠨᠢ ᠳᠡᠪᠢᠰᠳᠡᠭ᠂ ᠡᠨᠡ ᠰᠢᠷᠢᠳᠡᠭ ᠦ᠋ᠨ ᠬᠢᠨᠢ ᠬᠤᠸᠠᠷ ᠪᠣᠯ ᠡᠢᠮᠦ ᠬᠤᠸᠠᠷ ᠲᠠᠢ᠃
   ᠵᠠ᠂ ᠲᠡᠭᠡᠪᠡᠯ ᠡᠨᠡ ᠰᠢᠷᠢᠳᠡᠭ ᠦ᠋ᠨ ᠬᠤᠸᠠᠷ ᠨᠢ ᠶᠡᠬᠡ᠂ ᠡᠭᠦᠨ ᠡᠴᠡ ᠪᠡᠨ ᠶᠡᠬᠡ ᠨᠠᠷᠢᠯᠢᠭ ᠪᠠᠢᠨ᠎ᠠ᠂ ᠡᠨᠡ ᠳᠣᠲᠣᠷ᠎ᠠ ᠨᠢ ᠪᠠᠰᠠ ᠵᠣᠭᠣᠰᠤᠨ ᠬᠤᠸᠠᠷ ᠭᠡᠵᠦ ᠬᠡᠯᠡᠨ᠎ᠡ ᠤᠤ⁈
   ᠵᠠ᠂ ᠲᠡᠭᠡᠭᠡᠳ ᠡᠨᠡ ᠬᠣᠶᠠᠷ ᠭᠤᠷᠪᠠᠯᠵᠢᠨ ᠤ᠋ ᠬᠢᠨᠢ ᠪᠠᠰᠠ ᠵᠢᠭᠠᠬᠠᠨ ᠵᠥᠷᠢᠶ᠎ᠡ ᠲᠡᠢ᠂ ᠡᠭᠦᠨ ᠢ᠋ ᠴᠢᠨᠢ ᠪᠠᠰᠠ ᠵᠢᠭᠠᠬᠠᠨ ᠬᠥᠮᠦᠨ ᠬᠥᠮᠦᠨ ᠦ᠌ ᠣᠨᠴᠠᠯᠢᠭ ᠲᠠᠢ ᠪᠠᠢᠳᠠᠭ ᠶᠤᠮ ᠤᠤ⁈ ᠡᠢᠮᠦ ᠵᠥᠷᠢᠶ᠎ᠡ ᠲᠡᠢ ᠪᠠᠢᠨ᠎ᠠ᠃
   ᠵᠠ᠂ ᠲᠡᠭᠡᠪᠡᠯ ᠡᠨᠡ ᠰᠢᠷᠢᠳᠡᠭ ᠨᠢ ᠳᠥᠷᠪᠡᠯᠵᠢᠨ ᠰᠢᠷᠢᠳᠡᠭ ᠪᠣᠯ ᠡᠭᠦᠨ ᠦ᠌ ᠬᠤᠸᠠᠷ ᠨᠢ ᠪᠣᠯ ᠪᠠᠰᠠ ᠨᠢᠭᠡ ᠵᠦᠢᠯ ᠦ᠋ᠨ ᠬᠤᠸᠠᠷ ᠲᠠᠢ᠂ ᠵᠠᠬ᠎ᠠ ᠪᠠᠨ ᠳᠠᠭᠠᠭᠤᠯᠤᠭᠠᠳ ᠣᠳᠣ ᠡᠢᠮᠦ ᠰᠢᠭ ᠬᠤᠸᠠᠷ ᠲᠠᠢ᠃
   ᠵᠠ᠂ ᠲᠡᠭᠡᠪᠡᠯ ᠡᠨᠡ ᠭᠤᠷᠪᠠᠯᠵᠢᠨ ᠰᠢᠷᠢᠳᠡᠭ ᠲᠤ ᠪᠣᠯ ᠡᠨᠡ ᠰᠢᠷᠢᠳᠡᠭ ᠢ᠋ ᠶᠡᠬᠡ ᠨᠠᠷᠢᠯᠢᠭ ᠬᠢᠭᠰᠡᠨ ᠰᠢᠷᠢᠳᠡᠭ ᠪᠠᠢᠨ᠎ᠠ᠃ ᠡᠭᠦᠨ ᠢ᠋ ᠤᠷᠠᠨ ᠬᠥᠮᠦᠨ ᠦ᠌ ᠭᠠᠷ ᠢ᠋ᠶ᠋ᠠᠷ ᠬᠢᠭᠰᠡᠨ ᠮᠠᠶᠢᠭᠲᠠᠢ᠂ ᠡᠨᠡ ᠶᠠᠭᠤ ᠨᠢ ᠪᠣᠯ ᠶᠡᠬᠡ ᠥᠭᠡᠷ᠎ᠡ ᠪᠠᠢᠨ᠎ᠠ᠃
   ᠵᠠ᠂ ᠲᠡᠭᠡᠪᠡᠯ ᠳᠡᠭᠡᠷ᠎ᠡ ᠦᠶ᠎ᠡ ᠶ᠋ᠢᠨ ᠮᠣᠳᠣᠨ ᠬᠡᠷᠡᠭᠰᠡᠯ᠂ ᠠᠪᠳᠠᠷ᠎ᠠ ᠰᠢᠶᠠᠩᠭᠦᠢ ᠡᠴᠡ ᠡᠬᠢᠯᠡᠭᠡᠳ ᠣᠳᠣ ᠪᠠᠢᠳᠠᠭ᠃
   ᠵᠠ᠂ ᠡᠨᠡ ᠳᠡᠭᠡᠷ᠎ᠡ ᠦᠶ᠎ᠡ ᠶ᠋ᠢᠨ ᠰᠦᠮ᠎ᠡ ᠶ᠋ᠢᠨ ᠮᠠᠨᠵᠤ ᠶ᠋ᠢᠨ ᠲᠣᠭᠣᠭ᠎ᠠ ᠭᠡᠵᠦ ᠪᠠᠢᠳᠠᠭ᠂ ᠮᠣᠳᠣᠨ ᠫᠢᠯᠠ ᠭᠡᠵᠦ ᠣᠳᠣ ᠡᠨᠡ ᠠᠷᠪᠢᠨ ᠪᠠᠢᠨ᠎ᠠ᠃
   ᠵᠠ᠂ ᠢᠩᠭᠢᠭᠡᠳ ᠮᠣᠳᠣᠨ ᠣᠭᠣᠷ ᠤ᠋ᠨ ᠶᠡᠬᠡ ᠪᠠᠭ᠎ᠠ ᠶ᠋ᠢᠨ ᠬᠡᠮᠵᠢᠶ᠎ᠡ ᠨᠢ ᠪᠣᠯ ᠠᠳᠠᠯᠢ ᠦᠭᠡᠢ ᠪᠠᠢᠳᠠᠭ᠂ ᠡᠨᠡ ᠮᠣᠳᠣᠨ ᠤᠭᠤᠷ ᠪᠣᠯ ᠣᠳᠣ᠃
   ᠵᠠ᠂ ᠲᠡᠭᠡᠪᠡᠯ ᠡᠨᠡ ᠭᠠᠤᠯᠢᠨ ᠲᠣᠭᠣᠭ᠎ᠠ᠂ ᠭᠠᠤᠯᠢᠨ ᠲᠣᠭᠣᠭ᠎ᠠ ᠪᠣᠯ ᠣᠳᠣ ᠶᠡᠬᠡ ᠰᠠᠢᠬᠠᠨ ᠪᠠᠢᠳᠠᠭ ᠠ᠋᠂ ᠪᠤᠳᠠᠭ᠎ᠠ ᠬᠣᠭᠣᠯᠠ ᠬᠢᠬᠦ ᠳ᠋ᠦ᠍ ᠳᠥᠭᠥᠮ᠃
   ᠵᠠ᠂ ᠢᠩᠭᠢᠭᠡᠳ ᠠᠷᠤᠭ᠂ ᠰᠠᠪᠠᠷ᠂ ᠰᠦᠨ ᠦ᠌ ᠪᠦᠯᠢᠭᠦᠷ᠂ ᠡᠨᠡ ᠮᠢᠨᠦ ᠪᠠᠭ᠎ᠠ ᠶ᠋ᠢᠨ ᠦᠶ᠎ᠡ ᠳ᠋ᠦ᠍ ᠰᠦ ᠪᠦᠯᠢᠵᠦ ᠪᠠᠢᠭᠰᠠᠨ ᠮᠢᠨᠦ ᠡᠵᠢ ᠶ᠋ᠢᠨ ᠸᠠᠭᠠᠷ ᠶᠤᠮ ᠠ᠋᠂ ᠪᠢ ᠣᠳᠣ ᠴᠤ᠌ ᠭᠡᠳ ᠬᠠᠳᠠᠭᠠᠯᠠᠵᠤ ᠪᠠᠢᠳᠠᠭ᠃ ᠪᠦᠯᠢᠭᠦᠷ ᠲᠡᠢ ᠪᠡᠨ ᠪᠦᠷᠢᠨ ᠪᠠᠢᠳᠠᠭ᠃ ᠡᠨᠡ ᠳᠡᠭᠡᠷ᠎ᠡ ᠣᠳᠣ ᠲᠡᠮᠡᠭᠡᠨ ᠬᠣᠮ ᠭᠡᠵᠦ ᠪᠠᠢᠨ᠎ᠠ᠂ ᠲᠡᠮᠡᠭᠡᠨ ᠬᠣᠮ ᠨᠠᠳᠠ ᠳ᠋ᠤ᠌ ᠬᠣᠶᠠᠷ ᠪᠠᠢᠳᠠᠭ ᠠ᠋᠃
   ᠵᠠ᠂ ᠲᠡᠭᠡᠪᠡᠯ ᠡᠨᠡ ᠮᠣᠩᠭᠣᠯ ᠭᠡᠷ ᠪᠣᠯᠪᠠᠯ ᠳᠥᠷᠪᠡᠨ ᠬᠠᠨ᠎ᠠ ᠲᠠᠢ ᠪᠤᠷᠭᠠᠰᠤᠨ ᠭᠡᠷ᠂ ᠵᠠ᠂ ᠳᠡᠭᠡᠷ᠎ᠡ ᠪᠢ ᠶᠠᠷᠢᠭᠰᠠᠨ ᠰᠢᠭ᠋ ᠲᠠᠩᠳᠠ ᠪᠠᠨ ᠪᠤᠷᠭᠠᠰᠤᠨ ᠬᠠᠨ᠎ᠠ ᠲᠠᠢ ᠭᠡᠷ ᠪᠠᠢᠨ᠎ᠠ᠃ ᠳᠣᠲᠣᠷ᠎ᠠ ᠨᠢ ᠴᠤ᠌ ᠪᠠᠷᠤᠭ ᠪᠦᠷᠢᠨ ᠪᠠᠢᠳᠠᠭ ᠠ᠋᠂ ᠮᠢᠨᠦ ᠡᠨᠡ! ᠬᠠᠪᠰᠢ ᠭᠡᠨ᠎ᠡ᠂ ᠡᠷᠭᠢᠨᠴᠡᠭ ᠭᠡᠨ᠎ᠡ᠂ ᠭᠠᠤᠯᠢᠨ ᠰᠢᠨᠠᠭ᠎ᠠ᠂ ᠪᠤᠳᠠᠭᠠᠨ᠂ ᠪᠤᠳᠠᠭᠠᠨ ᠲᠤᠯᠤᠮ᠃
   ᠵᠠ᠂ ᠲᠡᠭᠡᠪᠡᠯ ᠠᠷᠠᠰᠤᠨ ᠬᠥᠨᠵᠢᠯᠡ ᠳᠡᠪᠢᠰᠬᠡᠷ᠂ ᠵᠠ᠂ ᠢᠩᠭᠢᠭᠡᠳ ᠠᠪᠳᠠᠷ᠎ᠠ ᠬᠣᠷᠭᠣ᠂ ᠪᠤᠷᠬᠠᠨ ᠬᠣᠷᠭᠣ᠂ ᠪᠠᠷᠠᠭᠤᠨ ᠲᠠᠯ᠎ᠠ ᠪᠠᠷ ᠢ᠋ᠶ᠋ᠠᠨ ᠣᠳᠣ ᠢᠮᠠᠭᠠᠨ ᠳᠡᠪᠢᠰᠬᠡᠷ᠂ ᠢᠮᠠᠭᠠᠨ ᠳᠡᠪᠡᠯ᠂ ᠡᠢᠮᠦ ᠰᠢᠭ ᠶᠠᠭᠤᠮ᠎ᠠ ᠪᠠᠢᠨ᠎ᠠ᠃ ᠪᠠᠷᠠᠭᠤᠨ ᠤᠷᠢᠳᠤ ᠲᠠᠯ᠎ᠠ ᠳᠤ ᠪᠠᠨ ᠪᠣᠯᠪᠠᠯ ᠲᠡᠯᠢᠩ᠂ ᠰᠢᠤᠳᠠᠢ᠂ ᠡᠢᠮᠦ ᠭᠡᠷ᠂ ᠮᠢᠨᠦ ᠡᠨᠡ ᠪᠣᠯ ᠳᠥᠷᠪᠡᠨ ᠬᠠᠨ᠎ᠠ ᠲᠠᠢ ᠬᠠᠭᠤᠴᠢᠨ ᠭᠡᠷ ᠠ᠋᠂ ᠪᠠᠢᠰᠢᠩ ᠳᠣᠲᠣᠷ᠎ᠠ ᠪᠠᠷᠢᠭᠰᠠᠨ ᠪᠣᠯᠬᠣᠷ ᠢᠩᠭᠢᠭᠡᠳ ᠵᠢᠭᠠᠬᠠᠨ ᠣᠴᠣᠢᠯᠭᠠᠭᠠᠳ ᠪᠠᠷᠢᠭᠰᠠᠨ ᠶᠤᠮ ᠠ᠋!
   ᠵᠠ᠂ ᠢᠩᠭᠢᠭᠡᠳ ᠲᠣᠲᠣᠭᠣ ᠶ᠋ᠢᠨ ᠳᠡᠭᠡᠰᠦ᠂ ᠡᠨᠡ ᠳᠡᠭᠡᠭᠦᠷ ᠢ᠋ᠶ᠋ᠡᠨ ᠪᠠᠰᠠ ᠭᠠᠤᠯᠢᠨ ᠭᠠᠳᠤᠷ᠎ᠠ᠂ ᠸᠠᠭᠠᠷ ᠰᠠᠪᠠ ᠪᠠᠢᠳᠠᠭ᠃
   ᠵᠠ᠂ ᠲᠡᠭᠡᠪᠡᠯ ᠮᠢᠨᠦ ᠡᠨᠡ ᠲᠤᠯᠭ᠎ᠠ ᠲᠣᠭᠣᠭ᠎ᠠ᠂ ᠡᠨᠡ ᠲᠤᠯᠭ᠎ᠠ ᠲᠣᠭᠣᠭ᠎ᠠ ᠪᠣᠯ ᠶᠡᠬᠡ ᠳᠡᠭᠡᠷ᠎ᠡ ᠦᠶ᠎ᠡ᠂ ᠣᠳᠣ ᠬᠠᠪᠴᠢᠭᠤᠷ ᠲᠠᠢ ᠪᠠᠨ ᠪᠠᠢᠨ᠎ᠠ᠂ ᠲᠡᠭᠡᠪᠡᠯ ᠡᠨᠡ ᠬᠠᠪᠬᠠᠭᠠᠰᠤ ᠨᠢ ᠭᠠᠤᠯᠢᠨ ᠬᠠᠪᠬᠠᠭᠠᠰᠤ᠂ ᠡᠨᠡ ᠬᠠᠪᠬᠠᠭᠠᠰᠤ ᠶ᠋ᠢ ᠣᠳᠣ ᠮᠠᠨ ᠤ᠋ ᠵᠠᠯᠠᠭᠤᠴᠤᠳ ᠪᠣᠯ ᠪᠠᠷᠤᠭ ᠮᠡᠳᠡᠳᠡᠭ ᠦᠭᠡᠢ ᠪᠠᠢᠬ᠎ᠠ᠂ ᠡᠨᠡ ᠬᠠᠪᠬᠠᠭᠠᠰᠤ ᠪᠣᠯ ᠪᠠᠰᠠ ᠬᠠᠪᠬᠠᠭᠠᠰᠤ ᠪᠣᠯᠵᠤ ᠪᠣᠯᠤᠨ᠎ᠠ᠂ ᠠᠪᠤᠭᠠᠳ ᠢᠩᠭᠢᠭᠡᠳ ᠡᠷᠭᠢᠭᠦᠯᠦᠭᠡᠳ ᠲᠠᠯᠪᠢᠭᠰᠠᠭᠠᠷ ᠮᠢᠬ᠎ᠠ ᠱᠥᠯᠥ ᠪᠡᠨ ᠪᠠᠭᠤᠯᠭᠠᠴᠢᠬᠠᠳᠠᠭ ᠡᠢᠮᠦ ᠫᠢᠯᠠ ᠪᠣᠯᠳᠠᠭ᠂ ᠢᠩᠭᠢᠭᠡᠳ ᠰᠠᠢᠬᠠᠨ ᠫᠢᠯᠠ ᠪᠣᠯᠴᠢᠬᠠᠳᠠᠭ᠂ ᠡᠨᠡ ᠳᠡᠭᠡᠷ᠎ᠡ ᠪᠡᠨ ᠬᠣᠭᠣᠯᠠ ᠪᠤᠳᠠᠭ᠎ᠠ ᠪᠠᠰᠠ ᠪᠠᠭᠤᠯᠭᠠᠵᠤ ᠪᠣᠯᠳᠠᠭ᠂ ᠡᠷᠭᠢᠭᠦᠯᠦᠭᠡᠳ ᠲᠠᠯᠪᠢᠪᠠᠯ ᠣᠳᠣ᠂ ᠡᠷᠭᠢᠭᠦᠯᠦᠭᠡᠳ ᠲᠠᠯᠪᠢᠭᠰᠠᠭᠠᠷ ᠣᠳᠣ ᠰᠠᠢᠬᠠᠨ ᠬᠠᠪᠬᠠᠭᠠᠰᠤ ᠪᠣᠯᠴᠢᠬᠠᠳᠠᠭ᠃
ᠡᠨᠡ ᠮᠣᠩᠭᠣᠯ ᠬᠥᠮᠦᠨ ᠦ᠌ ᠤᠬᠠᠭᠠᠨ ᠭᠡᠵᠦ ᠣᠳᠣ ᠡᠷᠲᠡ ᠳᠡᠭᠡᠳᠦ ᠡᠴᠡ ᠪᠡᠨ ᠲᠡᠢᠮᠦ ᠰᠠᠢᠬᠠᠨ ᠤᠬᠠᠭᠠᠯᠢᠭ ᠪᠠᠢᠳᠠᠭ ᠨᠢ ᠬᠠᠷᠠᠭᠳᠠᠵᠤ ᠪᠠᠢᠨ᠎ᠠ᠃
   ᠡᠨᠡ ᠡᠳ᠋ ᠪᠣᠯᠤᠭᠰᠠᠭᠠᠷ ᠵᠢᠷᠠᠭᠠᠳ ᠣᠨ ᠳ᠋ᠤ᠌ ᠭᠠᠷᠴᠤ ᠢᠷᠡᠭᠰᠡᠨ ᠮᠣᠩᠭᠣᠯ ᠢ᠋ᠶ᠋ᠠᠷ ᠣᠳᠣ ᠶᠠᠭᠤ᠂ ᠷᠠᠳᠢᠣ᠋ ᠳᠡᠭᠡᠷ᠎ᠡ ᠪᠡᠨ ᠶᠤᠸᠠᠨ ᠰᠢ᠂ ᠭᠡᠵᠦ ᠶᠠᠷᠢᠳᠠᠭ ᠰᠢᠭ᠋᠂ ᠳᠠᠭᠤᠯᠠᠳᠠᠭ ᠡᠢᠮᠦ ᠡᠷᠭᠢᠯᠭᠡ ᠲᠡᠢ᠂ ᠶᠠᠩ ᠰᠢ( ᠬᠠᠷᠢ ᠶ᠋ᠢᠨ ᠳᠠᠭᠤᠤ) ᠭᠡᠵᠦ ᠶᠠᠷᠢᠳᠠᠭ ᠪᠣᠯᠪᠠ ᠤᠤ⁈
   ᠵᠠ᠂ ᠲᠡᠭᠡᠭᠡᠳ ᠲᠠ ᠪᠦᠬᠦᠨ ᠳ᠋ᠦ᠍ ᠪᠡᠨ ᠪᠠᠭ᠎ᠠ ᠲᠠᠨᠢᠯᠴᠠᠭᠤᠯᠭ᠎ᠠ ᠬᠢᠯ᠎ᠡ᠃ ᠵᠠᠷᠢᠮ ᠶᠠᠭᠤᠮᠠᠨ ᠤ᠋ ᠬᠢᠨᠢ ᠨᠡᠷᠡᠢᠳᠦᠯ ᠢ᠋ ᠨᠢ ᠪᠢ ᠪᠠᠰᠠ ᠮᠡᠳᠡᠬᠦ ᠦᠭᠡᠢ ᠰᠢᠦ! ᠡᠨᠡ ᠮᠣᠳᠣᠨ ᠬᠠᠪᠬᠠᠭᠠᠰᠤ᠃

   ᠦᠰᠦᠭ ᠬᠠᠲᠠᠭᠴᠢ᠄ ᠮᠥᠩᠬᠡ ᠭᠠᠯ
   ᠦᠰᠦᠭ ᠠᠮᠢᠯᠠᠭᠤᠯᠤᠭᠴᠢ᠄ ᠮᠥᠩᠬᠡ ᠭᠠᠯ
   ᠬᠢᠨᠠᠭᠴᠢ᠄ ᠢᠷᠡᠭᠡᠳᠦᠢ᠂ ᠭᠠᠷᠮ᠎ᠠ