ᠪᠢᠳᠡ ᠶᠠᠭᠤ ᠪᠠᠷ ᠳᠤᠲᠠᠵᠤ ᠪᠠᠢᠨ᠎ᠠБид юугээр дутаж байна
ᠪᠢᠳᠡ ᠶᠠᠭᠤ ᠪᠠᠷ ᠳᠤᠲᠠᠵᠤ ᠪᠠᠢᠨ᠎ᠠ
ᠠᠯᠳᠠᠬᠤ ᠶ᠋ᠢ ᠴᠢᠨᠢ ᠦᠵᠡᠭᠡᠳ ᠬᠡᠯᠡᠬᠦ ᠬᠥᠮᠦᠨ ᠢ᠋ᠶ᠋ᠡᠷ ᠳᠤᠲᠠᠭᠤ
ᠤᠨᠠᠬᠤ ᠶ᠋ᠢ ᠴᠢᠨᠢ ᠦᠵᠡᠭᠡᠳ ᠲᠦᠰᠢᠬᠦ ᠬᠥᠮᠦᠨ ᠢ᠋ᠶ᠋ᠡᠷ ᠳᠤᠲᠠᠭᠤ
ᠤᠨᠲᠠᠬᠤ ᠶ᠋ᠢ ᠴᠢᠨᠢ ᠦᠵᠡᠭᠡᠳ ᠳᠠᠭᠤᠳᠠᠬᠤ ᠬᠥᠮᠦᠨ ᠢ᠋ᠶ᠋ᠡᠷ ᠳᠤᠲᠠᠭᠤ
ᠦᠭᠡᠢᠷᠡᠬᠦ ᠶ᠋ᠢ ᠴᠢᠨᠢ ᠦᠵᠡᠭᠡᠳ ᠲᠤᠰᠠᠯᠠᠬᠤ ᠬᠥᠮᠦᠨ ᠢ᠋ᠶ᠋ᠡᠷ ᠳᠤᠲᠠᠭᠤ
ᠠᠢᠯ ᠠᠢᠮᠠᠭ ᠬᠣᠭᠣᠷᠣᠨᠳᠣ ᠪᠠᠨ ᠪᠦᠯᠬᠦᠮᠳᠡᠯ ᠢ᠋ᠶ᠋ᠡᠷ ᠳᠤᠲᠠᠭᠤ
ᠠᠬ᠎ᠠ ᠳᠡᠭᠦᠦ ᠬᠣᠭᠣᠷᠣᠨᠳᠣ ᠪᠠᠨ ᠡᠪ ᠢ᠋ᠶ᠋ᠡᠷ ᠳᠤᠲᠠᠭᠤ
ᠠᠷᠠᠳ ᠢᠷᠭᠡᠳ ᠬᠣᠭᠣᠷᠣᠨᠳᠣ ᠪᠠᠨ ᠢᠲᠡᠭᠡᠯ ᠢ᠋ᠶ᠋ᠡᠷ ᠳᠤᠲᠠᠭᠤ
ᠠᠨᠳᠠ ᠨᠥᠬᠥᠳ ᠬᠣᠭᠣᠷᠣᠨᠳᠣ ᠪᠠᠨ ᠵᠢᠷᠤᠮ ᠢ᠋ᠶ᠋ᠠᠷ ᠳᠤᠲᠠᠭᠤ
ᠠᠯᠢᠮ᠎ᠠ ᠠᠯᠮᠤᠷᠠᠳ ᠭᠡᠵᠦ ᠮᠣᠩᠭᠣᠯ ᠢ᠋ᠶ᠋ᠠᠷ ᠬᠡᠯᠡᠳᠡᠭ ᠬᠥᠮᠦᠨ ᠳᠤᠲᠠᠭᠤ
ᠠᠴᠢ ᠵᠢᠭᠡ ᠭᠡᠵᠦ ᠮᠣᠩᠭᠣᠯ ᠢ᠋ᠶ᠋ᠠᠷ ᠬᠡᠯᠡᠳᠡᠭ ᠠᠬᠠᠮᠠᠳ ᠳᠤᠲᠠᠭᠤ
ᠠᠪᠠᠢ ᠮᠥᠮᠥ ᠭᠡᠵᠦ ᠮᠣᠩᠭᠣᠯ ᠢ᠋ᠶ᠋ᠠᠷ ᠳᠠᠭᠤᠳᠠᠳᠠᠭ ᠬᠡᠦᠬᠡᠳ ᠳᠤᠲᠠᠭᠤ
ᠡᠪᠦᠭᠡ ᠡᠮᠡᠭᠡ ᠭᠡᠵᠦ ᠮᠣᠩᠭᠣᠯ ᠢ᠋ᠶ᠋ᠠᠷ ᠳᠠᠭᠤᠳᠠᠳᠠᠭ ᠣᠮᠪᠣᠯᠣ ᠳᠤᠲᠠᠭᠤ
ᠠᠷᠢᠭᠤᠨ ᠬᠥᠯᠥᠰᠥ ᠪᠡᠨ ᠤᠷᠤᠰᠬᠠᠵᠤ ᠬᠥᠳᠡᠯᠮᠦᠷᠢᠯᠡᠳᠡᠭ ᠡᠷ᠎ᠡ ᠳᠤᠲᠠᠭᠤ
ᠠᠷᠪᠠᠨ ᠬᠤᠷᠤᠭᠤ ᠪᠠᠨ ᠴᠢᠯᠡᠭᠡᠵᠦ ᠦᠢᠯᠡ ᠣᠶᠣᠳᠠᠭ ᠡᠮ᠎ᠡ ᠳᠤᠲᠠᠭᠤ
ᠠᠷᠤ ᠭᠡᠷ ᠢ᠋ᠶ᠋ᠡᠨ ᠭᠡᠵᠦ ᠭᠦᠶᠦᠳᠡᠭ ᠬᠦᠷᠭᠡᠨ ᠳᠤᠲᠠᠭᠤ
ᠠᠪᠤ ᠡᠵᠢ ᠪᠡᠨ ᠭᠡᠵᠦ ᠬᠦᠨᠳᠦᠯᠡᠳᠡᠭ ᠪᠡᠷᠢ ᠳᠤᠲᠠᠭᠤ᠁᠃
ᠦᠨᠡᠨ ᠢ᠋ ᠥᠭᠦᠯᠡᠭᠰᠡᠨ ᠡᠨᠡ ᠰᠢᠯᠦᠭ ᠵᠢᠷᠭᠢᠭᠡ ᠪᠡᠷ ᠶᠠᠪᠤᠵᠤ ᠪᠠᠢᠨ᠎ᠠ
ᠥᠴᠦᠬᠡᠨ ᠪᠢ ᠶᠣᠰᠣᠲᠠᠢ ᠭᠡᠳ ᠡᠨᠳᠡ ᠰᠢᠯᠵᠢᠭᠦᠯᠵᠦ ᠪᠠᠢᠨ᠎ᠠ
ᠤᠭ ᠢ᠋ ᠨᠢ ᠳ᠋ᠦᠩᠨᠡᠪᠡᠯ ᠮᠣᠩᠭᠣᠯ ᠮᠢᠨᠢ ᠪᠦᠯᠬᠦᠮᠳᠡᠯ ᠢ᠋ᠶ᠋ᠡᠷ ᠳᠤᠲᠠᠭᠤ ᠪᠠᠢᠨ᠎ᠠ
ᠣᠳᠣ ᠠ᠋ᠴᠠ ᠡᠬᠢᠯᠡᠨ ᠰᠡᠷᠢᠭᠡᠴᠢ ᠭᠡᠵᠦ ᠤᠷᠢᠶᠠᠯᠠᠵᠤ ᠪᠠᠢᠨ᠎ᠠ
ᠢᠷᠡᠯᠲᠡ᠄ ᠸᠢᠴᠠᠲ ᠬᠣᠯᠪᠣᠭ᠎ᠠ
ᠦᠰᠦᠭ ᠠᠮᠢᠯᠠᠭᠤᠯᠤᠭᠴᠢ᠄ ᠵ᠂ ᠪᠤᠶᠠᠨᠲᠣᠭᠲᠠᠬᠤ
ᠬᠢᠨᠠᠭᠴᠢ᠄ ᠰᠡᠬᠡᠭᠡᠷᠡᠯ᠂ ᠮᠥᠩᠬᠡ ᠭᠠᠯ
