ᠪᠡᠷᠢ ᠴᠡᠴᠡᠭ-ᠴᠠᠩᠴᠠᠯᠳᠤᠯᠮ᠎ᠠ᠂ ᠣᠷᠲ᠋ᠶᠠᠪᠠᠷChantsaldulam ft Oktyabr - Ber tsetseg Бэр цэцэг Чанцалдулам ft Октябрь ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠡᠷᠢ ᠴᠡᠴᠡᠭ-ᠴᠠᠩᠴᠠᠯᠳᠤᠯᠮ᠎ᠠ᠂ ᠣᠷᠲ᠋ᠶᠠᠪᠠᠷChantsaldulam ft Oktyabr - Ber tsetseg Бэр цэцэг Чанцалдулам ft Октябрь

ᠪᠡᠷᠢ ᠴᠡᠴᠡᠭ-ᠴᠠᠩᠴᠠᠯᠳᠤᠯᠮ᠎ᠠ᠂ ᠣᠷᠲ᠋ᠶᠠᠪᠠᠷChantsaldulam ft Oktyabr - Ber tsetseg Бэр цэцэг Чанцалдулам ft Октябрь

ᠠᠩᠭᠢᠯᠠᠯ:ᠳᠠᠭᠤᠤ ᠬᠥᠭᠵᠢᠮ
2023-10-29

1764

ᠪᠡᠷᠢ ᠴᠡᠴᠡᠭ


       ᠦᠭᠡ᠄ ᠵᠢᠱ᠂ ᠪᠠᠳᠠᠷᠴᠢ 
       ᠠᠶ᠎ᠠ᠄ ᠨᠠ᠊᠂ ᠶᠠᠩᠬᠢᠭ 
       ᠳᠠᠭᠤᠴᠢᠨ᠄ ᠴᠠᠩᠴᠠᠯᠳᠤᠯᠮ᠎ᠠ᠂ ᠣᠷᠲ᠋ᠶᠠᠪᠠᠷ 

ᠬᠤᠨᠳᠠᠭᠠᠨ ᠳᠡᠯᠪᠡᠭᠡᠲᠦ ᠪᠡᠷᠢ ᠴᠡᠴᠡᠭ ᠨᠢ ᠬᠦ᠋  
ᠬᠤᠷ᠎ᠠ ᠪᠠᠨ ᠦᠵᠡᠬᠦ ᠪᠡᠷ ᠰᠡᠷᠭᠦᠨ᠎ᠡ ᠭᠡᠪᠡᠦ ᠠᠢ ᠬᠦ᠋ 
ᠬᠤᠪᠢᠲᠠᠢ ᠴᠢ ᠮᠢᠨᠢ ᠬᠣᠯᠠᠬᠠᠨ ᠴᠤ᠌ ᠭᠡᠯ᠎ᠡ 
ᠬᠤᠷᠮᠤᠰᠲᠠ ᠶ᠋ᠢᠨ ᠪᠤᠳᠠᠩ ᠢ᠋ᠶ᠋ᠠᠷ ᠵᠣᠯᠭᠠᠨ᠎ᠠ ᠭᠡᠪᠡᠦ ᠠᠢ ᠬᠦ᠋ 

ᠬᠤᠨᠳᠠᠭᠠᠨ ᠳᠡᠯᠪᠡᠭᠡᠲᠦ ᠪᠡᠷᠢ ᠴᠡᠴᠡᠭ ᠨᠢ ᠬᠦ᠋ 
ᠬᠤᠷ᠎ᠠ ᠪᠠᠨ ᠦᠵᠡᠬᠦ ᠪᠡᠷ ᠰᠡᠷᠭᠦᠨ᠎ᠡ ᠳ᠋ᠠ ᠠᠢ ᠬᠦ᠋ 
ᠬᠤᠪᠢ ᠵᠠᠶᠠᠭᠠᠨ ᠤ᠋ ᠬᠠᠨᠢ ᠴᠢᠮ᠎ᠠ ᠲᠠᠢ ᠪᠠᠨ
ᠬᠤᠷᠮᠤᠰᠲᠠ ᠶ᠋ᠢᠨ ᠪᠤᠳᠠᠩ ᠢ᠋ᠶ᠋ᠠᠷ ᠵᠣᠯᠭᠠᠨ᠎ᠠ ᠳ᠋ᠠ ᠠᠢ ᠬᠦ᠋ 

ᠬᠣᠩᠬᠣᠨ ᠲᠡᠯᠪᠡᠭᠡᠲᠦ ᠪᠡᠷᠢ ᠴᠡᠴᠡᠭ ᠨᠢ ᠬᠦ᠋ 
ᠬᠣᠣᠰᠯᠠᠨ ᠪᠠᠢᠵᠤ ᠯᠠ ᠳᠡᠯᠭᠡᠷᠡᠨ᠎ᠡ ᠭᠡᠪᠡᠦ ᠠᠢ ᠬᠦ᠋
ᠬᠣᠩᠭᠣᠷ ᠬᠠᠢᠷᠠᠲᠠᠢ ᠴᠢᠮ᠎ᠠ ᠲᠠᠢ ᠪᠠᠨ
ᠬᠣᠶᠠᠷ ᠪᠤᠳᠠᠩ ᠢ᠋ᠶ᠋ᠠᠷ ᠠᠭᠤᠯᠵᠠᠨ᠎ᠠ ᠭᠡᠪᠡᠦ ᠠᠢ ᠬᠦ᠋ 

ᠬᠣᠩᠬᠣᠨ ᠳᠡᠯᠪᠡᠭᠡᠲᠦ ᠪᠡᠷᠢ ᠴᠡᠴᠡᠭ ᠨᠢ ᠬᠦ᠋
ᠬᠣᠣᠰᠯᠠᠨ ᠪᠠᠢᠵᠤ ᠯᠠ ᠳᠡᠯᠭᠡᠷᠡᠨ᠎ᠡ ᠳ᠋ᠠ ᠠᠢ ᠬᠦ᠋ 
ᠬᠣᠩᠭᠣᠷ ᠬᠠᠢᠷᠠᠲᠠᠢ ᠴᠢᠮ᠎ᠠ ᠲᠠᠢ ᠪᠠᠨ
ᠬᠣᠶᠠᠷ ᠪᠤᠳᠠᠩ ᠢ᠋ᠶ᠋ᠠᠷ ᠠᠭᠤᠯᠵᠠᠨ᠎ᠠ ᠳ᠋ᠠ ᠠᠢ ᠬᠦ᠋ 

ᠦᠨᠳᠦᠰᠦ ᠲᠥᠯᠵᠢᠬᠦ ᠪᠡᠷᠢ ᠴᠡᠴᠡᠭ ᠨᠢ ᠬᠦ᠋ 
ᠦᠷ ᠦ᠋ᠨ ᠲᠤᠶᠠᠭᠠᠨ ᠳᠣᠣᠷ᠎ᠠ ᠠᠮᠢᠯᠠᠨ᠎ᠠ ᠳ᠋ᠠ ᠠᠢ ᠬᠦ᠋ 
ᠦᠨᠡᠨᠴᠢ ᠬᠣᠩᠭᠣᠷ ᠴᠢᠮ᠎ᠠ ᠲᠠᠢ ᠪᠠᠨ
ᠡᠭᠦᠯᠡ ᠮᠠᠨᠠᠨ ᠢ᠋ᠶ᠋ᠠᠷ ᠴᠤ᠌ ᠠᠭᠤᠯᠵᠠᠯ᠎ᠠ ᠳ᠋ᠠ ᠠᠢ ᠬᠦ᠋

ᠳᠡᠯᠢᠨ ᠬᠣᠩᠬᠣᠷ ᠴᠡᠴᠡᠭ ᠨᠢ ᠡᠰᠢᠨ ᠳ᠋ᠡᠭᠡᠨ
ᠲᠣᠭᠲᠠᠵᠤ ᠶᠠᠳᠠᠨ ᠭᠠᠩᠬᠤᠨ᠎ᠠ ᠭᠡᠪᠡᠦ ᠠᠢ ᠬᠦ᠋ 
ᠳᠠᠰᠤᠭᠰᠠᠨ ᠠᠮᠠᠷᠠᠭ ᠴᠢ ᠪᠢᠳᠡ ᠬᠣᠶᠠᠷ
ᠳᠠᠭᠠᠭᠠᠮᠠᠭᠠᠢ ᠦᠨᠡᠨᠴᠢ ᠪᠡᠷ ᠤᠴᠠᠷᠠᠯ᠎ᠠ ᠳ᠋ᠠ ᠠᠢ ᠬᠦ᠋ 

ᠳᠠᠰᠤᠭᠰᠠᠨ ᠠᠮᠠᠷᠠᠭ ᠴᠢ ᠪᠢᠳᠡ ᠬᠣᠶᠠᠷ
ᠳᠠᠭᠠᠭᠠᠮᠠᠭᠠᠢ ᠦᠨᠡᠨᠴᠢ ᠪᠡᠷ ᠤᠴᠠᠷᠠᠯ᠎ᠠ ᠳ᠋ᠠ ᠠᠢ ᠬᠦ᠋ 

  ᠦᠰᠦᠭ ᠬᠠᠲᠠᠵᠤ᠂ ᠠᠮᠢᠯᠠᠭᠤᠯᠤᠭᠰᠠᠨ ᠨᠢ ᠠᠯᠲᠠᠨᠴᠢᠮᠡᠭ
  ᠬᠢᠨᠠᠭᠴᠢ᠄ ᠭᠦᠩᠭᠠᠷ