ᠨᠢᠭᠡᠳᠦᠭᠰᠡᠨ ᠦᠨᠳᠦᠰᠦᠲᠡᠨ ᠦ᠌ ᠪᠠᠢᠭᠤᠯᠭ᠎ᠠ ᠶ᠋ᠢᠨ ᠶᠡᠷᠦᠩᠬᠡᠢ ᠨᠠᠷᠢᠨ ᠪᠢᠴᠢᠭ ᠦ᠋ᠨ ᠳᠠᠷᠤᠭ᠎ᠠНэгдсэн үндэстэний байгуулаагийн ерөнхий нарийн бичгийн дарга ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠨᠢᠭᠡᠳᠦᠭᠰᠡᠨ ᠦᠨᠳᠦᠰᠦᠲᠡᠨ ᠦ᠌ ᠪᠠᠢᠭᠤᠯᠭ᠎ᠠ ᠶ᠋ᠢᠨ ᠶᠡᠷᠦᠩᠬᠡᠢ ᠨᠠᠷᠢᠨ ᠪᠢᠴᠢᠭ ᠦ᠋ᠨ ᠳᠠᠷᠤᠭ᠎ᠠНэгдсэн үндэстэний байгуулаагийн ерөнхий нарийн бичгийн дарга

ᠨᠢᠭᠡᠳᠦᠭᠰᠡᠨ ᠦᠨᠳᠦᠰᠦᠲᠡᠨ ᠦ᠌ ᠪᠠᠢᠭᠤᠯᠭ᠎ᠠ ᠶ᠋ᠢᠨ ᠶᠡᠷᠦᠩᠬᠡᠢ ᠨᠠᠷᠢᠨ ᠪᠢᠴᠢᠭ ᠦ᠋ᠨ ᠳᠠᠷᠤᠭ᠎ᠠНэгдсэн үндэстэний байгуулаагийн ерөнхий нарийн бичгийн дарга

ᠠᠩᠭᠢᠯᠠᠯ:ᠲᠡᠦᠬᠡ ᠰᠣᠶᠣᠯ
2023-10-29

356

ᠨᠢᠭᠡᠳᠦᠭᠰᠡᠨ ᠦᠨᠳᠦᠰᠦᠲᠡᠨ ᠦ᠌ ᠪᠠᠢᠭᠤᠯᠭ᠎ᠠ ᠶ᠋ᠢᠨ ᠶᠡᠷᠦᠩᠬᠡᠢ ᠨᠠᠷᠢᠨ ᠪᠢᠴᠢᠭ ᠦ᠋ᠨ ᠳᠠᠷᠤᠭ᠎ᠠ
ᠨᠣᠶᠠᠨ ᠲᠷᠦ᠋ᠾᠢ᠊ᠢ ᠯᠢᠷ ᠲᠠᠨ᠎ᠠ᠃
          ᠡᠷᠬᠢᠮᠰᠦᠭ ᠨᠣᠶᠠᠨ ᠠ᠋
    ᠨᠢᠭᠡᠳᠦᠭᠰᠡᠨ ᠦᠨᠳᠦᠰᠦᠲᠡᠨ ᠦ᠌ ᠪᠠᠢᠭᠤᠯᠭ᠎ᠠ ᠶ᠋ᠢᠨ ᠭᠡᠰᠢᠭᠦᠨ ᠳ᠋ᠦ᠍ ᠡᠯᠰᠡᠬᠦ ᠲᠤᠬᠠᠢ ᠪᠦᠭᠦᠳᠡ ᠨᠠᠢᠷᠠᠮᠳᠠᠬᠤ ᠮᠣᠩᠭᠣᠯ ᠠᠷᠠᠳ ᠤᠯᠤᠰ ᠤ᠋ᠨ1947 ᠣᠨ ᠤ᠋ 7 ᠳ᠋ᠤᠭᠠᠷ ᠰᠠᠷ᠎ᠠ ᠶ᠋ᠢᠨ1 ᠦ᠌ ᠡᠳᠦᠷ ᠦᠭᠭᠰᠡᠨ ᠡᠷᠭᠦᠳᠡᠯ ᠢ᠋ ᠵᠠᠷᠢᠮ ᠤᠯᠤᠰ ᠤ᠋ᠳ᠂ ᠮᠣᠩᠭᠣᠯ ᠤ᠋ᠨ ᠠᠷᠠᠳ ᠲᠦᠮᠡᠨ ᠢ᠋ ᠶᠡᠬᠡᠳᠡ ᠭᠠᠢᠬᠠᠮᠠᠷ
ᠲᠠᠲᠠᠭᠠᠯᠵᠠᠭᠰᠠᠨ ᠤᠴᠢᠷ ᠬᠦᠰᠡᠭᠰᠡᠨ ᠶᠣᠰᠣᠭᠠᠷ ᠪᠤᠯᠭᠤᠯ ᠦᠭᠡᠢ ᠤᠷᠭᠢᠵᠤᠬᠤᠢ᠃
    ᠪᠦᠭᠦᠳᠡ ᠨᠠᠢᠷᠠᠮᠳᠠᠬᠤ ᠮᠣᠩᠭᠣᠯ ᠠᠷᠠᠳ ᠤᠯᠤᠰ ᠠᠨᠤ ᠡᠪ ᠨᠠᠢᠷᠠᠮᠳᠠᠯ ᠢ᠋ ᠡᠷᠡᠮᠡᠯᠵᠡᠭᠴᠢ᠂ ᠪᠦᠷᠢᠨ ᠡᠷᠬᠡᠲᠦ ᠠᠷᠠᠳᠴᠢᠯᠠᠭᠰᠠᠨ ᠤᠯᠤᠰ ᠤ᠋ᠨ ᠬᠤᠪᠢ ᠳ᠋ᠤ᠌ ᠥᠩᠭᠡᠷᠡᠭᠴᠢ ᠲᠡᠢᠨ ᠳ᠋ᠦ᠍ ᠨᠢᠭᠡᠳᠦᠭᠰᠡᠨ ᠦᠨᠳᠦᠰᠦᠲᠡᠨ ᠦ᠌ ᠨᠡᠢᠲᠡ ᠶ᠋ᠢᠨ ᠭᠡᠷ᠎ᠡ ᠳ᠋ᠦ᠍ ᠥᠪᠡᠷ ᠦ᠋ᠨ ᠬᠦᠴᠦ ᠴᠢᠨᠡᠭᠡ ᠪᠡᠷ ᠲᠤᠰᠠ ᠨᠡᠮᠡᠷᠢ ᠶ᠋ᠢ ᠣᠷᠣᠭᠤᠯᠤᠭᠰᠠᠨ ᠲᠤᠯᠠ ᠲᠡᠭᠦᠨ ᠡᠴᠡ ᠨᠢᠭᠡᠳᠦᠭᠰᠡᠨ ᠦᠨᠳᠦᠰᠦᠲᠡᠨ ᠦ᠌ ᠪᠠᠢᠭᠤᠯᠭ᠎ᠠ ᠶ᠋ᠢᠨ ᠭᠡᠰᠢᠭᠦᠨ ᠳ᠋ᠦ᠍ ᠣᠷᠣᠬᠤ ᠬᠡᠮᠡᠭᠰᠡᠨ ᠬᠦᠰᠡᠯ ᠢ᠋ ᠬᠦᠯᠢᠶᠡᠵᠦ ᠠᠪᠤᠭᠠᠳᠤᠢ ᠶᠠᠪᠤᠳᠠᠯ ᠢ᠋ ᠡᠰᠡ ᠵᠥᠪᠰᠢᠶᠡᠷᠡᠮᠦᠢ᠃
    ᠪᠦᠭᠦᠳᠡ ᠨᠠᠢᠷᠠᠮᠳᠠᠬᠤ ᠮᠣᠩᠭᠣᠯ ᠠᠷᠠᠳ ᠤᠯᠤᠰ ᠠᠨᠤ ᠠᠷᠠᠳᠴᠢᠯᠠᠭᠰᠠᠨ ᠦᠨᠳᠦᠰᠦᠨ ᠳᠡᠭᠡᠷ᠎ᠡ ᠬᠥᠭᠵᠢᠵᠦ ᠤᠯᠤᠰ ᠲᠦᠮᠡᠨ ᠦ᠌ ᠬᠣᠭᠣᠷᠣᠨᠳᠣ ᠶ᠋ᠢᠨ ᠡᠪ ᠨᠠᠢᠷᠠᠮᠳᠠᠯ ᠪᠠ ᠬᠠᠮᠲᠤᠷᠠᠨ ᠠᠵᠢᠯᠯᠠᠬᠤ ᠪᠣᠳᠣᠯᠭ᠎ᠠ ᠶ᠋ᠢ ᠲᠤᠢᠯᠪᠤᠷᠢ ᠲᠠᠢ ᠪᠠᠷ ᠪᠡᠶᠡᠯᠡᠭᠦᠯᠵᠦ ᠪᠣᠢ ᠲᠤᠯᠠ ᠨᠢᠭᠡᠳᠦᠭᠰᠡᠨ ᠦᠨᠳᠦᠰᠦᠲᠡᠨ ᠦ᠌
ᠪᠠᠢᠭᠤᠯᠭ᠎ᠠ ᠶ᠋ᠢᠨ ᠭᠡᠰᠢᠭᠦᠨ ᠪᠣᠯᠬᠤ ᠪᠦᠬᠦ ᠡᠷᠬᠡ ᠪᠠ ᠦᠨᠳᠦᠰᠦᠯᠡᠯ ᠦ᠋ᠳ ᠲᠡᠢ (ᠪᠣᠯᠤᠨ᠎ᠠ)᠃
ᠪᠦᠭᠦᠳᠡ ᠨᠠᠢᠷᠠᠮᠳᠠᠬᠤ ᠮᠣᠩᠭᠣᠯ ᠠᠷᠠᠳ ᠤᠯᠤᠰ ᠤ᠋ᠨ ᠵᠠᠰᠠᠭ ᠤ᠋ᠨ ᠭᠠᠵᠠᠷ ᠤ᠋ᠨ ᠳᠠᠭᠠᠭᠠᠯᠭᠠᠪᠤᠷᠢ ᠪᠠᠷ ᠨᠢᠭᠡᠳᠦᠭᠰᠡᠨ ᠦᠨᠳᠦᠰᠦᠲᠡᠨ ᠦ᠌ ᠠᠶᠤᠯ ᠦᠭᠡᠢ ᠶ᠋ᠢᠨ ᠵᠥᠪᠯᠡᠯ ᠪᠠ ᠶᠡᠷᠦᠩᠬᠡᠢ ᠠᠰᠰᠠᠮᠪᠯᠧᠢ ᠶ᠋ᠢᠨ ᠭᠤᠷᠪᠠᠳᠤᠭᠠᠷ ᠪᠠᠭ᠎ᠠ ᠬᠤᠷᠠᠯ ᠳ᠋ᠤ᠌ ᠨᠢᠭᠡᠳᠦᠭᠰᠡᠨ ᠦᠨᠳᠦᠰᠦᠲᠡᠨ ᠦ᠌ ᠪᠠᠢᠭᠤᠯᠭ᠎ᠠ ᠶ᠋ᠢᠨ ᠭᠡᠰᠢᠭᠦᠨ ᠳ᠋ᠦ᠍ ᠡᠯᠰᠡᠬᠦ ᠲᠤᠬᠠᠢ ᠪᠦᠭᠦᠳᠡ ᠨᠠᠢᠷᠠᠮᠳᠠᠬᠤ ᠮᠣᠩᠭᠣᠯ ᠠᠷᠠᠳ ᠤᠯᠤᠰ ᠤ᠋ᠨ ᠬᠦᠰᠡᠯᠲᠡ ᠶ᠋ᠢ ᠳᠠᠬᠢᠨ ᠲᠠᠯᠪᠢᠵᠤ ᠬᠡᠯᠡᠯᠴᠡᠭᠦᠯᠬᠦ ᠶ᠋ᠢ ᠲᠠᠨ ᠠ᠋ᠴᠠ ᠬᠦᠰᠡᠬᠦ ᠵᠠᠪᠰᠢᠶᠠᠨ ᠨᠠᠳᠠ ᠳ᠋ᠤ᠌ ᠲᠣᠬᠢᠶᠠᠯᠳᠤᠪᠠ᠃ ᠨᠢᠭᠡᠳᠦᠭᠰᠡᠨ ᠦᠨᠳᠦᠰᠦᠲᠡᠨ ᠦ᠌ ᠶᠡᠷᠦᠩᠬᠡᠢ ᠠᠰᠰᠠᠮᠪᠯᠧᠢ ᠶ᠋ᠢᠨ ᠡᠨᠡ ᠪᠠᠭ᠎ᠠ ᠬᠤᠷᠠᠯ ᠳᠡᠭᠡᠷ᠎ᠡ ᠮᠠᠨ ᠤ᠋ ᠬᠦᠰᠡᠯᠲᠡ ᠶ᠋ᠢ ᠬᠠᠩᠭᠠᠬᠤ ᠪᠣᠢ ᠊ᠢ᠎ᠡ ᠭᠡᠮᠡᠨ ᠪᠦᠭᠦᠳᠡ ᠨᠠᠢᠷᠠᠮᠳᠠᠬᠤ ᠮᠣᠩᠭᠣᠯ ᠠᠷᠠᠳ ᠤᠯᠤᠰ ᠤ᠋ᠨ ᠵᠠᠰᠠᠭ ᠤ᠋ᠨ ᠭᠠᠵᠠᠷ᠂ ᠪᠦᠬᠦ ᠮᠣᠩᠭᠣᠯ ᠤ᠋ᠨ ᠠᠷᠠᠳ ᠲᠦᠮᠡᠨ ᠪᠠ ᠮᠢᠨᠦ ᠪᠡᠶ᠎ᠡ ᠢᠲᠡᠭᠡᠵᠦ ᠪᠠᠢᠮᠤᠢ᠃

    ᠲᠠᠨ  ᠢ ᠬᠦᠨᠳᠦᠳᠬᠡᠭᠰᠡᠨ 
            ᠪᠦᠭᠦᠳᠡ ᠨᠠᠢᠷᠠᠮᠳᠠᠬᠤ ᠮᠣᠩᠭᠣᠯ ᠠᠷᠠᠳ ᠤᠯᠤᠰ ᠤ᠋ᠨ 
            ᠶᠡᠷᠦᠩᠬᠡᠢ ᠰᠠᠢᠳ ᠪᠥᠭᠡᠳ ᠭᠠᠳᠠᠭᠠᠳᠤ ᠶᠠᠪᠤᠳᠠᠯ ᠤ᠋ᠨ 
            ᠶᠠᠮᠤᠨ  ᠤ ᠰᠠᠢᠳ ᠴᠣᠢᠪᠠᠯᠰᠠᠩ

                        ᠤᠯᠠᠭᠠᠨᠪᠠᠭᠠᠲᠤᠷ ᠬᠣᠲᠠ
                        1948 ᠣᠨ ᠤ᠋10 ᠳ᠋ᠤᠭᠠᠷ ᠰᠠᠷ᠎ᠠ ᠶ᠋ᠢᠨ11 ᠦ᠌ ᠡᠳᠦᠷ᠃