ᠬᠥᠬᠡ ᠰᠤᠳᠤᠷ - ᠢᠨᠵᠠᠨᠨᠠᠰᠢ < ᠵᠢᠷᠠᠨ ᠨᠠᠢ᠍ᠮᠠᠳᠤᠭᠠᠷ ᠪᠦᠯᠦᠭ > Хөх судар - Инжинаш < Жаран наймдугаар бүлэг > ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠥᠬᠡ ᠰᠤᠳᠤᠷ - ᠢᠨᠵᠠᠨᠨᠠᠰᠢ < ᠵᠢᠷᠠᠨ ᠨᠠᠢ᠍ᠮᠠᠳᠤᠭᠠᠷ ᠪᠦᠯᠦᠭ > Хөх судар - Инжинаш < Жаран наймдугаар бүлэг >

ᠬᠥᠬᠡ ᠰᠤᠳᠤᠷ - ᠢᠨᠵᠠᠨᠨᠠᠰᠢ < ᠵᠢᠷᠠᠨ ᠨᠠᠢ᠍ᠮᠠᠳᠤᠭᠠᠷ ᠪᠦᠯᠦᠭ > Хөх судар - Инжинаш < Жаран наймдугаар бүлэг >

ᠠᠩᠭᠢᠯᠠᠯ:ᠲᠡᠦᠬᠡ ᠰᠣᠶᠣᠯ
2023-10-28

363

ᠠᠯᠲᠠᠨ ᠤᠯᠤᠰ ᠤ᠋ᠨ ᠦᠯᠡᠳᠡᠭᠰᠡᠨ ᠬᠣᠲᠠ ᠬᠦᠩ ᠴᠧᠩ ᠦᠨ ᠸᠠᠩ ᠰᠢ ᠰᠢᠶᠠᠨ ᠲᠠᠢᠽᠢ ᠬᠥᠶᠦᠭ ᠲᠣᠷ ᠮᠥᠷᠭᠥᠨ ᠳᠠᠭᠠᠪᠠ

ᠰᠥᠩ ᠤᠯᠤᠰ ᠤ᠋ᠨ ᠪᠠᠲᠤ ᠠᠭᠤᠯᠠ ᠮᠢᠶᠠᠨ ᠵᠧᠦ ᠶ᠋ᠢᠨ ᠭᠣᠣ ᠰᠢᠶᠣᠤ ᠵᠢᠶᠧ ᠵᠢᠶᠦ᠋ᠨ ᠵᠤ᠌ ᠢᠦᠢ ᠵᠢᠩ ᠳ᠋ᠦ᠍ᠷ ᠡᠷ᠎ᠡ ᠪᠣᠯᠪᠠ


                 ᠵᠢᠷᠠᠨ ᠨᠠᠢ᠍ᠮᠠᠳᠤᠭᠠᠷ ᠪᠦᠯᠦᠭ  
                           ᠬᠥᠬᠡᠭᠴᠢᠨ ᠬᠣᠨᠢᠨ ᠵᠢᠯ ᠂ 
                           ᠶᠡᠬᠡ ᠬᠥᠬᠡ ᠮᠣᠩᠭᠣᠯ ᠤᠯᠤᠰ ᠤ᠋ᠨ ᠥᠭᠡᠳᠡᠢ ᠬᠠᠭᠠᠨ ᠲᠠᠢᠽᠥ᠋ᠩ ᠦ᠋ᠨ ᠳᠣᠯᠣᠳᠤᠭᠠᠷ ᠣᠨ᠂ 
                           ᠰᠥᠩ ᠤᠯᠤᠰ ᠤ᠋ᠨ ᠯᠢᠽᠥ᠋ᠩ ᠬᠠᠭᠠᠨ ᠵᠣᠣ ᠶᠦᠨ ᠦ᠌ ᠳ᠋ᠤᠸᠠᠨ ᠫᠢᠩ ᠦ᠋ᠨ ᠬᠣᠶᠠᠳᠤᠭᠠᠷ ᠣᠨ᠂ 
                           ᠮᠣᠩᠭᠣᠯ ᠤ᠋ᠨ ᠲᠠᠢᠽᠥ᠋ᠩ ᠬᠠᠭᠠᠨ ᠡᠨᠡ ᠵᠢᠯ ᠲᠠᠪᠢᠨ ᠨᠢᠭᠡᠨ ᠨᠠᠰᠤ ᠲᠠᠢ᠂ 

                ᠠᠯᠲᠠᠨ ᠤᠯᠤᠰ ᠤ᠋ᠨ ᠦᠯᠡᠳᠡᠭᠰᠡᠨ ᠬᠣᠲᠠ ᠬᠦᠩ ᠴᠧᠩ ᠦ᠋ᠨ ᠸᠠᠩ ᠰᠢ ᠰᠢᠶᠠᠨ ᠲᠠᠢᠽᠢ ᠭᠦᠶᠦᠭ ᠲᠣᠷ ᠮᠥᠷᠭᠥᠨ ᠳᠠᠭᠠᠪᠠ    
            ᠰᠥᠩ ᠤᠯᠤᠰ ᠤ᠋ᠨ ᠪᠠᠲᠤ ᠠᠭᠤᠯᠠ ᠮᠢᠶᠠᠨ ᠵᠧᠦ ᠶ᠋ᠢᠨ ᠭᠣᠣ ᠰᠢᠶᠣᠤ ᠵᠢᠶᠧ ᠵᠢᠶᠦ᠋ᠨ ᠵᠤ᠌ ᠢᠦᠢ ᠵᠢᠩ ᠳ᠋ᠦ᠍ᠷ ᠡᠷ᠎ᠡ ᠪᠣᠯᠪᠠ  

       ᠲᠡᠨᠳᠡᠴᠡ ᠭᠠᠤᠯᠢ ᠤᠯᠤᠰ ᠤ᠋ᠨ ᠬᠦᠨᠳᠦ ᠴᠢᠬᠤᠯᠠ ᠬᠡᠷᠡᠭ ᠢ᠋ ᠴᠥᠮ ᠬᠤᠸᠠᠩ ᠹᠦ ᠶᠤᠸᠠᠨ ᠳ᠋ᠤᠷ ᠰᠤᠷᠭᠠᠨ ᠵᠠᠷᠯᠢᠭ ᠪᠣᠯᠵᠤ᠂ ᠰᠣᠯᠣᠩᠭᠣᠰ ᠤ᠋ᠨ ᠴᠧ ᠸᠠᠩ ᠤ᠋ᠨ ᠵᠠᠯᠢᠬᠠᠢ ᠲᠦᠰᠢᠮᠡᠳ ᠢ᠋ ᠰᠡᠷᠭᠡᠢᠯᠡᠬᠦ ᠶ᠋ᠢ ᠰᠤᠷᠭᠠᠵᠤ ᠡᠭᠡᠭᠦᠯᠲᠡᠯ᠎ᠡ ᠡᠮᠦᠨ᠎ᠡ ᠰᠥᠩ ᠤᠯᠤᠰ ᠠ᠋ᠴᠠ ᠶᠣᠰᠣᠯᠠᠯ ᠤ᠋ᠨ ᠵᠤᠷᠭᠠᠨ ᠤ᠋ ᠡᠷᠬᠢᠯᠡᠭᠰᠡᠨ ᠰᠠᠢᠳ ᠴᠧᠩ ᠹᠧᠢ ᠶ᠋ᠢ ᠵᠠᠷᠤᠵᠤ᠂ ᠪᠣᠳᠣᠷᠣᠣᠯ ᠪᠢᠴᠢᠭ ᠠᠢᠯᠠᠳᠬᠠᠨ ᠣᠰᠣᠯ ᠢ᠋ ᠬᠦᠯᠢᠶᠡᠵᠦ ᠡᠪᠰᠡᠬᠦ ᠶ᠋ᠢ ᠭᠤᠶᠤᠭᠰᠠᠨ ᠳ᠋ᠤᠷ ᠮᠣᠩᠭᠣᠯ ᠤ᠋ᠨ ᠲᠠᠢᠽᠥ᠋ᠩ ᠬᠠᠭᠠᠨ ᠰᠡᠭᠦᠷᠡᠰᠦᠨ ᠠᠯᠳᠠᠵᠤ ᠬᠠᠷᠢᠭᠤ ᠵᠠᠷᠯᠢᠭ ᠪᠠᠭᠤᠯᠭᠠᠭᠰᠠᠨ ᠠᠨᠤ ᠄《ᠮᠢᠨᠦ ᠬᠠᠭᠠᠨ ᠡᠴᠢᠭᠡ ᠤᠭ ᠠ᠋ᠴᠠ ᠳᠡᠯᠡᠬᠡᠢ ᠳ᠋ᠠᠬᠢᠨ ᠢ᠋ ᠳᠠᠭᠠᠭᠤᠯᠬᠤ ᠶ᠋ᠢ ᠡᠷᠢᠵᠦ᠂ ᠬᠣᠷᠢᠨ ᠬᠣᠶᠠᠷ ᠣᠨ ᠰᠠᠭᠤᠷᠢᠨ᠎ᠠ ᠰᠠᠭᠤᠲᠠᠯ᠎ᠠ ᠠᠯᠢᠪᠠ ᠤᠯᠤᠰ ᠢ᠋ ᠥᠴᠦᠬᠡᠨ ᠵᠠᠢ ᠠᠪᠠᠰᠤ ᠳᠠᠷᠤᠢ ᠮᠥᠬᠥᠭᠡᠬᠦ ᠦᠭᠡᠢ ᠪᠥᠯᠥᠭᠡ᠃ ᠬᠣᠢᠨ᠎ᠠ ᠪᠢ ᠮᠥᠨ ᠱᠧᠩ ᠡᠦ ᠬᠤᠸᠠᠩᠳᠢ ᠶ᠋ᠢ ᠮᠣᠷᠳᠠᠵᠤ ᠬᠡᠳᠦᠨ ᠵᠢᠯ ᠪᠣᠯᠲᠠᠯ᠎ᠠ ᠠᠯᠲᠠᠨ ᠤᠯᠤᠰ ᠶᠡᠷᠦ ᠦᠨᠡᠨ ᠰᠡᠳᠬᠢᠯ ᠦᠭᠡᠢ ᠲᠡᠢᠨ ᠳᠠᠢᠰᠤᠨ ᠵᠠᠯᠭᠠᠯᠳᠤᠨ᠂ ᠵᠠᠭᠤᠨ ᠣᠪᠣᠭᠲᠠᠨ ᠤᠰᠤ ᠭᠠᠯ ᠤ᠋ᠨ ᠵᠣᠪᠠᠯᠠᠩ ᠳ᠋ᠤᠷ ᠤᠴᠠᠷᠠᠵᠤ ᠶᠡᠷᠦ ᠭᠡᠲᠦᠯᠦᠰᠢ ᠦᠭᠡᠢ ᠲᠤᠯᠠ ᠪᠢ ᠠᠷᠭ᠎ᠠ ᠦᠭᠡᠢ ᠠᠯᠲᠠᠨ ᠤᠯᠤᠰ ᠤ᠋ᠨ ᠤᠳᠠᠭ᠎ᠠ ᠳᠠᠷᠠᠭ᠎ᠠ ᠲᠠᠩᠭᠠᠷᠢᠭ ᠠ᠋ᠴᠠ ᠪᠠᠨ ᠨᠢᠴᠤᠭᠰᠠᠨ ᠳ᠋ᠤ᠌ ᠰᠠᠶᠢ ᠳᠠᠢᠯᠠᠵᠤ ᠠᠷᠢᠯᠭᠠᠭᠠᠳ ᠲᠠᠰᠢᠷᠠᠮ ᠳ᠋ᠤᠷ ᠲᠠᠨ ᠤ᠋ ᠤᠯᠤᠰ ᠢ᠋ ᠮᠥᠨ ᠰᠡᠩᠬᠡᠷᠡᠨ ᠮᠡᠳᠡᠲᠦᠭᠡᠢ ᠭᠡᠮᠡᠨ ᠳᠦᠷᠢᠮ ᠦᠵᠡᠭᠦᠯᠦᠨ ᠠᠲᠠᠯ᠎ᠠ ᠲᠠ ᠥᠴᠥᠭᠡᠳᠦᠷ ᠲᠠᠩᠭᠠᠷᠢᠭᠯᠠᠮᠠᠭᠴᠠ ᠡᠨᠡ ᠡᠳᠦᠷ ᠪᠠᠰᠠ ᠤᠷᠪᠠᠵᠤ᠂ ᠮᠢᠨᠦ ᠡᠰᠡᠷᠭᠦ ᠲᠡᠢᠨ ᠳᠡᠭᠳᠡᠬᠦ ᠳ᠋ᠦ᠍ᠷ ᠪᠢ ᠬᠡᠷᠬᠢᠨ ᠪᠠᠲᠤ ᠰᠠᠨᠠᠨ ᠡᠶᠡᠳᠡᠬᠦ ? ᠮᠠᠨ ᠤ᠋ ᠬᠣᠢᠲᠤ ᠭᠠᠵᠠᠷ ᠤ᠋ᠨ ᠬᠥᠮᠦᠨ᠂ ᠪᠠᠲᠤ ᠦᠭᠡᠢ ᠶ᠋ᠢ ᠵᠢᠭᠰᠢᠬᠦ ᠢᠨᠤ ᠥᠰᠢᠶᠡᠲᠡᠨ ᠮᠡᠲᠦ᠂ ᠬᠡᠷᠡᠭ ᠦᠭᠡᠢ ᠡᠭᠡᠭᠲᠦᠨ!》 ᠭᠡᠮᠡᠨ ᠬᠤᠷᠢᠮ ᠬᠦᠷᠲᠡᠭᠡᠨ ᠡᠭᠡᠭᠦᠯᠪᠡᠢ᠃ ᠰᠥᠩ ᠤᠯᠤᠰ ᠤ᠋ᠨ ᠴᠧᠩ ᠹᠧᠢ ᠠᠶᠤᠨ ᠰᠦᠷᠳᠡᠵᠦ ᠦᠭᠡ ᠠᠢᠯᠠᠳᠬᠠᠨ ᠴᠢᠳᠠᠭᠰᠠᠨ ᠦᠭᠡᠢ᠂ ᠶᠡᠬᠡᠯ᠎ᠡ ᠭᠡᠮᠰᠢᠨ ᠢᠴᠢᠩᠭᠦᠷᠡᠵᠦ᠂ ᠦᠭᠡ ᠬᠠᠭᠠᠭᠳᠠᠨ ᠤᠯᠤᠰ ᠲᠤᠷ ᠢ᠋ᠶ᠋ᠠᠨ ᠡᠭᠡᠵᠦ ᠠᠢᠯᠠᠳᠬᠠᠭᠰᠠᠨ ᠳ᠋ᠤᠷ ᠤᠯᠤᠰ ᠤ᠋ᠨ ᠬᠣᠲᠠᠯᠠᠭᠠᠷ ᠶᠡᠬᠡᠯ᠎ᠡ ᠪᠤᠷᠬᠢᠷᠠᠯᠳᠤᠨ ᠠᠶᠤᠯᠳᠤᠪᠠᠢ᠃ ᠡᠭᠦᠨᠴᠡ ᠲᠠᠢᠽᠥ᠋ᠩ ᠬᠠᠭᠠᠨ ᠰᠥᠩ ᠤᠯᠤᠰ ᠤ᠋ᠨ ᠡᠯᠴᠢ ᠶ᠋ᠢ ᠡᠭᠡᠭᠦᠯᠦᠭᠡᠳ ᠬᠣᠶᠠᠷ ᠰᠠᠷ᠎ᠠ ᠳ᠋ᠤᠷ ᠵᠠᠷᠯᠢᠭ ᠪᠠᠭᠤᠯᠭᠠᠨ ᠬᠠᠷ᠎ᠠ ᠬᠣᠷᠢᠨ ᠤ᠋ ᠭᠠᠵᠠᠷ ᠲᠤᠷ ᠪᠠᠰᠠ ᠨᠢᠭᠡᠨ ᠴᠢᠭᠤᠯᠭᠠᠨ ᠤ᠋ ᠬᠣᠲᠠ ᠶ᠋ᠢ ᠨᠡᠮᠡᠵᠦ ᠪᠠᠷᠢᠭᠤᠯᠤᠨ᠂ ᠬᠠᠷ᠎ᠠ ᠬᠣᠷᠢᠨ ᠬᠡᠮᠡᠭᠴᠢ ᠡᠷᠲᠡᠨ ᠦ᠌ ᠳᠠᠩ ᠤᠯᠤᠰ ᠤ᠋ᠨ ᠦᠶ᠎ᠡ ᠤᠢᠭᠤᠷ ᠤᠯᠤᠰ ᠤ᠋ᠨ ᠪᠢ ᠴᠢᠶᠧ ᠬᠠᠨ ᠤ᠋ ᠬᠠᠭᠤᠴᠢᠨ ᠬᠣᠲᠠ ᠪᠥᠯᠥᠭᠡ᠂ ᠮᠣᠩᠭᠣᠯ ᠤᠯᠤᠰ ᠲᠡᠭᠦᠨ ᠢ᠋ ᠰᠢᠨᠡᠳᠬᠡᠨ ᠵᠠᠰᠠᠵᠤ ᠂ ᠳᠣᠲᠣᠷ᠎ᠠ ᠬᠠᠭᠠᠨ ᠤ᠋ ᠵᠤᠰᠠᠬᠤ 《ᠲᠦᠮᠡᠨ ᠠᠮᠤᠭᠤᠯᠠᠩ ᠤᠷᠲᠤ - ᠸᠠᠨ ᠠᠨ ᠬᠦᠩ 》 ᠴᠣᠭᠴᠠᠯᠠᠵᠤ᠂ ᠲᠣᠭᠣᠷᠢᠨ ᠨᠢᠭᠡᠨ ᠡᠲᠡᠭᠡᠳ ᠲᠠᠪᠤᠨ ᠭᠠᠵᠠᠷ ᠤ᠋ᠨ ᠬᠣᠲᠠᠨ ᠢ᠋ ᠵᠠᠰᠠᠵᠤ᠂ ᠪᠠᠷᠠᠭᠤᠨ ᠡᠲᠡᠭᠡᠳ ᠲᠣᠷ ᠣᠢᠷ᠎ᠠ ᠴᠢᠭᠤᠯᠭᠠᠨ ᠤ᠋ ᠭᠠᠵᠠᠷ ᠪᠣᠯᠭᠠᠵᠤᠬᠤᠢ᠃ ᠲᠡᠳᠦᠢ ᠬᠠᠭᠠᠨ ᠵᠣᠭᠣᠭᠬᠢᠷ᠎ᠠ ᠮᠣᠷᠢᠯᠠᠬᠤᠢ ᠳ᠋ᠤᠷ ᠵᠠᠭᠤᠨ ᠲᠦᠰᠢᠮᠡᠳ ᠢ᠋ ᠴᠤᠭᠯᠠᠭᠤᠯᠤᠨ ᠵᠥᠪᠯᠡᠵᠦ ᠵᠠᠷᠯᠢᠭ ᠪᠣᠯᠤᠷᠤᠨ᠄《ᠬᠠᠭᠠᠨ ᠡᠴᠢᠭᠡ ᠱᠧᠩ ᠡᠦ ᠬᠤᠸᠠᠩᠳᠢ ᠶ᠋ᠢᠨ ᠣᠯᠵᠤ ᠥᠭᠭᠦᠭᠰᠡᠨ ᠳᠡᠯᠡᠬᠡᠢ ᠳ᠋ᠠᠬᠢᠨ ᠢ᠋ ᠪᠢ ᠡᠳᠦᠭᠡ ᠡᠰᠡ ᠬᠢᠴᠢᠶᠡᠪᠡᠰᠦ ᠪᠣᠯᠬᠤ ᠦᠭᠡᠢ᠃ ᠡᠳᠦᠭᠡ ᠵᠦᠭ ᠪᠦᠷᠢ ᠪᠠᠲᠤ ᠦᠭᠡᠢ ᠡᠭᠡᠨᠡᠭᠲᠡ ᠪᠠᠷᠠᠲᠠᠯ᠎ᠠ ᠳᠠᠢᠯᠠᠭᠠᠳᠤᠢ᠂ ᠡᠰᠡ ᠠᠷᠢᠯᠭᠠᠪᠠᠰᠤ ᠡᠳᠡᠭᠡᠷ ᠵᠢᠷᠤᠮ ᠦᠭᠡᠢ ᠠᠷᠠᠳ ᠤ᠋ᠨ ᠰᠠᠮᠠᠭᠤᠷᠠᠭᠤᠯᠬᠤ ᠠᠨᠤ ᠮᠠᠭᠠᠳ!》 ᠬᠡᠮᠡᠵᠦ᠂ ᠶᠡᠬᠡ ᠲᠠᠢᠽᠢ ᠭᠦᠶᠦᠭ ᠲᠣᠷ ᠶᠡᠬᠡ ᠵᠠᠩᠵᠤᠨ ᠳ᠋ᠠᠬᠠᠢ ᠶ᠋ᠢ ᠬᠠᠪᠰᠤᠷᠤᠭᠤᠯᠤᠨ ᠥᠭᠴᠦ ᠮᠣᠩᠭᠣᠯ ᠬᠢᠲᠠᠳ ᠵᠠᠩᠵᠤᠨ ᠠᠷᠪᠠᠨ ᠬᠥᠮᠦᠨ ᠵᠠᠬᠢᠷᠤᠭᠤᠯᠵᠤ᠂ ᠲᠠᠪᠤᠨ ᠲᠦᠮᠡᠨ ᠴᠡᠷᠢᠭ ᠢ᠋ᠶ᠋ᠡᠷ ᠱᠤ᠌ ᠶ᠋ᠢᠨ ᠭᠠᠵᠠᠷ ᠢ᠋ᠶ᠋ᠠᠷ ᠪᠠᠢᠯᠳᠤᠵᠤ᠂ ᠰᠥᠩ ᠤᠯᠤᠰ ᠲᠤᠷ ᠣᠷᠣ᠂ ᠶᠡᠬᠡ ᠵᠠᠩᠵᠤᠨ ᠲᠦᠮᠡᠨᠲᠡᠢ᠂ ᠬᠡᠳᠦᠨ ᠮᠣᠩᠭᠣᠯ ᠵᠠᠩᠵᠤᠨ᠂ ᠬᠡᠳᠦᠨ ᠬᠢᠲᠠᠳ ᠵᠠᠩᠵᠤᠨ ᠳ᠋ᠤᠷ ᠠᠷᠪᠠᠨ ᠬᠥᠮᠦᠨ ᠢ᠋ ᠵᠠᠬᠢᠷᠤᠭᠤᠯᠤᠨ ᠲᠠᠪᠤᠨ ᠲᠦᠮᠡᠨ ᠴᠡᠷᠢᠭ ᠥᠭᠴᠦ ᠬᠠᠨ ᠤ᠋ ᠭᠠᠵᠠᠷ ᠢ᠋ᠶ᠋ᠠᠷ ᠪᠠᠢᠯᠳᠤᠵᠤ᠂ ᠰᠥᠩ ᠤᠯᠤᠰ ᠲᠤᠷ ᠣᠷᠣ᠃ ᠪᠠᠰᠠ ᠤᠭᠰᠠᠭ᠎ᠠ ᠶ᠋ᠢᠨ ᠬᠤ᠌ ᠸᠠ ᠪᠦ ᠭᠦᠸᠧ᠂ ᠴᠠᠭᠠᠨ ᠬᠣᠶᠠᠭᠤᠯᠠ ᠶ᠋ᠢ ᠬᠠᠪᠰᠤᠷᠤᠭᠤᠯᠵᠤ᠂ ᠮᠣᠩᠭᠣᠯ ᠵᠠᠩᠵᠤᠨ ᠠᠷᠪᠠᠨ ᠬᠥᠮᠦᠨ ᠢ᠋ ᠵᠠᠬᠢᠷᠤᠭᠤᠯᠤᠨ ᠲᠠᠪᠤᠨ ᠲᠦᠮᠡᠨ ᠮᠣᠩᠭᠣᠯ ᠴᠡᠷᠢᠭ ᠥᠭᠴᠦ ᠵᠢᠶᠠᠩ ᠬᠤᠸᠠᠢ ᠭᠠᠵᠠᠷ ᠢ᠋ ᠪᠠᠢᠯᠳᠤ᠃ ᠪᠠᠰᠠ ᠦᠷᠡᠴᠢᠯᠡᠵᠦ ᠲᠡᠵᠢᠭᠡᠭᠰᠡᠨ ᠶᠡᠬᠡ ᠲᠠᠢᠽᠢ᠂ ᠦᠶᠡᠯᠢᠳ ᠬᠥᠪᠡᠭᠦᠨ ᠮᠥᠩᠬᠡ ᠳ᠋ᠦ᠍ᠷ ᠡᠭᠦᠯᠡᠨ ᠴᠡᠷᠪᠢ᠂ ᠹᠦ ᠮᠠ ᠴᠡᠴᠡᠭ᠂ ᠨᠠᠨᠰᠠᠷ ᠢ᠋ ᠬᠠᠪᠰᠤᠷᠤᠭᠤᠯᠤᠨ ᠥᠭᠴᠦ ᠳᠣᠣᠷ᠎ᠠ ᠮᠣᠩᠭᠣᠯ ᠬᠢᠲᠠᠳ ᠠᠷᠪᠠᠨ ᠵᠠᠩᠵᠤᠨ ᠢ᠋ ᠵᠠᠬᠢᠷᠤᠭᠤᠯᠤᠨ ᠠᠷᠪᠠᠨ ᠲᠦᠮᠡᠨ ᠮᠣᠩᠭᠣᠯ ᠬᠢᠲᠠᠳ ᠴᠡᠷᠢᠭ ᠥᠭᠴᠦ ᠬᠣᠲᠣᠩ ᠤ᠋ᠨ ᠴᠠ‍ ᠴᠢᠨ ᠸᠠᠩ ᠠᠪᠠᠭ᠎ᠠ ᠴᠠᠭᠠᠲᠠᠢ ᠶ᠋ᠢᠨ ᠶᠡᠬᠡ ᠲᠠᠢᠽᠢ ᠠᠪᠳᠠᠯᠠ ᠶ᠋ᠢᠨ ᠴᠡᠷᠢᠭ ᠯᠦ᠍ᠭᠡ ᠨᠡᠢᠯᠡᠵᠦ᠂ ᠤᠢᠭᠤᠷ ᠤᠯᠤᠰ᠂ ᠰᠢ ᠢᠦᠢ ᠤᠯᠤᠰ ᠤ᠋ᠨ ᠤᠷᠪᠠᠭᠰᠠᠨ ᠬᠤᠯᠠᠭᠠᠢ ᠶ᠋ᠢ ᠲᠠᠢᠯᠠ᠃ ᠵᠢᠴᠢ ᠬᠦᠯᠦᠭ ᠪᠤᠭᠤᠷᠤᠯ ᠤ᠋ᠨ ᠵᠢᠴᠢ ᠲᠠᠬᠠᠳ ᠬᠤᠷᠴᠠ ᠮᠣᠩᠭᠣᠯ ᠬᠢᠲᠠᠳ ᠲᠠᠪᠤᠨ ᠵᠠᠩᠵᠤᠨ ᠢ᠋ ᠠᠪᠴᠤ ᠬᠢᠲᠠᠳ ᠮᠣᠩᠭᠣᠯ ᠲᠠᠪᠤᠨ ᠲᠦᠮᠡᠨ ᠴᠡᠷᠢᠭ ᠥᠭᠴᠦ ᠰᠣᠯᠣᠩᠭᠣᠰ ᠤᠯᠤᠰ ᠤ᠋ᠨ ᠬᠤᠸᠠᠩ ᠹᠦ ᠶᠤᠸᠠᠨ ᠤ᠋ ᠴᠡᠷᠢᠭ ᠯᠦ᠍ᠭᠡ ᠨᠡᠢᠯᠡᠵᠦ᠂ ᠳᠠᠯᠠᠢ ᠶ᠋ᠢᠨ ᠬᠣᠢᠭ ᠲᠤᠷ ᠳᠤᠲᠠᠭᠠᠨ ᠣᠷᠣᠭᠰᠠᠨ ᠭᠠᠤᠯᠢ ᠶ᠋ᠢᠨ ᠴᠧ ᠸᠠᠩ ᠢ᠋ ᠳᠠᠢᠯᠠ ᠭᠡᠮᠡᠨ ᠲᠤᠰ ᠲᠤᠰ ᠵᠠᠷᠯᠢᠭ ᠪᠠᠭᠤᠯᠭᠠᠭᠰᠠᠨ ᠠᠨᠤ ᠄《ᠮᠣᠩᠭᠣᠯ ᠤ᠋ᠨ ᠨᠢᠭᠡᠨ ᠭᠠᠯ ᠠᠷᠪᠠᠨ ᠬᠥᠮᠦᠨ ᠪᠤᠶᠤ᠂ ᠨᠢᠭᠡᠨ ᠭᠠᠯ ᠠ᠋ᠴᠠ ᠨᠢᠭᠡᠨ ᠬᠥᠮᠦᠨ ᠪᠠᠷᠠᠭᠤᠨ ᠳ᠋ᠤᠷ ᠡᠴᠢᠵᠦ᠂ ᠨᠢᠭᠡᠨ ᠬᠥᠮᠦᠨ ᠡᠮᠦᠨ᠎ᠡ ᠶ᠋ᠢ ᠲᠡᠢᠯᠡ᠂ ᠶᠦᠩ ᠵᠧᠦ ᠶ᠋ᠢᠨ ᠬᠢᠲᠠᠳ ᠤ᠋ᠨ ᠠᠷᠪᠠᠨ ᠡᠷᠦᠬᠡ ᠡᠴᠡ ᠨᠢᠭᠡᠨ ᠬᠥᠮᠦᠨ ᠡᠮᠦᠨ᠎ᠡ ᠶ᠋ᠢ ᠳᠠᠢᠯᠠ ᠂ ᠨᠢᠭᠡᠨ ᠬᠥᠮᠦᠨ ᠭᠠᠤᠯᠢ ᠶ᠋ᠢ ᠲᠠᠢᠯᠠ ᠲᠡᠷᠡᠴᠢᠯᠡᠨ ᠲᠡᠭᠰᠢᠳᠭᠡ !》 ᠭᠡᠮᠡᠨ ᠲᠣᠭᠲᠠᠭᠠᠵᠤ᠂ ᠶᠧ ᠯᠢᠦᠢ ᠴᠦ ᠼᠠᠢ ᠠ᠋ᠴᠠ ᠠᠰᠠᠭᠤᠷᠤᠨ ᠄《ᠰᠠᠢᠳ ᠴᠢ ᠡᠭᠦᠨ ᠦ᠌ ᠳᠣᠲᠣᠷ᠎ᠠ ᠶ᠋ᠢᠨ ᠠᠯᠳᠠᠭᠳᠠᠯ ᠭᠡᠮ ᠢ᠋ ᠪᠣᠳᠣᠵᠤ ᠠᠢᠯᠠᠳᠬ᠎ᠠ᠂ ᠰᠡᠪ ᠢ᠋ ᠢᠨᠤ ᠠᠷᠢᠯᠭ᠎ᠠ !》 ᠬᠡᠮᠡᠭᠰᠡᠨ ᠳ᠋ᠦ᠍ᠷ ᠶᠧ ᠯᠢᠦᠢ ᠴᠦ ᠼᠠᠢ ᠠᠢᠯᠠᠳᠬᠠᠷᠤᠨ ᠄ 《ᠪᠤᠰᠤ ᠠᠨᠤ ᠴᠥᠮ ᠭᠠᠢ ᠦᠭᠡᠢ᠂ ᠭᠠᠭᠴᠠ ᠰᠢ ᠢᠦᠢ ᠤᠯᠤᠰ ᠠᠷᠠᠬᠠᠨ ᠬᠣᠯᠠ ᠲᠤᠯᠠ ᠵᠦᠩ ᠶᠤᠸᠠᠨ ᠤ᠋ ᠴᠡᠷᠢᠭ ᠲᠦ᠍ᠷ ᠤᠰᠤ ᠰᠢᠷᠣᠢ ᠬᠠᠷᠰᠢᠭᠤᠵᠠᠢ ᠬᠡᠮᠡᠮᠦᠢ᠃ ᠬᠠᠭᠠᠨ ᠴᠠᠭ ᠦᠶᠡᠰ ᠢ᠋ ᠢᠨᠤ ᠲᠡᠩᠴᠡᠭᠦᠯᠦᠮᠦ !》 ᠬᠡᠮᠡᠭᠰᠡᠨ ᠳ᠋ᠦ᠍ᠷ ᠬᠠᠭᠠᠨ ᠵᠥᠪᠰᠢᠶᠡᠵᠦ᠂ ᠲᠠᠢᠽᠢ ᠪᠠ‍ ᠴᠢᠨ ᠸᠠᠩ ᠪᠠᠲᠤ᠂ ᠭᠤᠷᠪᠠᠳᠤᠭᠠᠷ ᠳᠡᠭᠦᠦ ᠬᠥᠶᠦᠭ ᠨᠠᠷ ᠤ᠋ᠨ ᠮᠣᠩᠭᠣᠯ ᠴᠡᠷᠢᠭ ᠢ᠋ ᠬᠠᠪᠰᠤᠷᠤᠭᠤᠯᠤᠨ ᠥᠭᠴᠦ ᠳᠠᠢᠯᠠ ᠭᠡᠮᠡᠨ ᠶᠡᠬᠡ ᠬᠤᠷᠢᠮ ᠬᠤᠷᠢᠮᠯᠠᠵᠤ᠂ ᠬᠦᠨᠳᠦ ᠱᠠᠩ ᠥᠭᠴᠦ ᠲᠤᠰ ᠲᠤᠰ ᠲᠤᠷ ᠮᠣᠷᠳᠠᠭᠤᠯᠪᠠ᠃  
       ᠲᠠᠪᠤᠨ ᠠᠩᠭᠢ ᠶᠡᠬᠡ ᠴᠡᠷᠢᠭ ᠲᠠᠪᠤᠨ ᠵᠦᠭ ᠫᠤᠤ ᠲᠠᠯᠪᠢᠵᠤ ᠬᠡᠩᠭᠡᠷᠭᠡ ᠳᠡᠯᠡᠳᠦᠨ ᠮᠣᠷᠳᠠᠬᠤ ᠠᠨᠤ ᠮᠥᠷᠡᠨ ᠴᠠᠯᠭᠢᠯᠠᠵᠤ ᠳᠠᠯᠠᠢ ᠳᠠᠪᠠᠯᠭᠠᠯᠠᠬᠤ ᠮᠡᠲᠦ᠃ 
       ᠲᠡᠭᠦᠨᠴᠡ ᠨᠠᠮᠤᠷ ᠤ᠋ᠨ ᠳᠣᠯᠣᠭᠠᠨ ᠰᠠᠷ᠎ᠠ ᠳ᠋ᠤᠷ ᠮᠣᠩᠭᠣᠯ ᠤ᠋ᠨ ᠤᠭᠰᠠᠭ᠎ᠠ ᠶ᠋ᠢᠨ  ᠵᠤ᠌ ᠸᠠᠩ –  ᠬᠤ᠌ ᠸᠧᠨ ᠪᠦ ᠭᠦᠸᠧ ᠶ᠋ᠢᠨ ᠶᠡᠬᠡ ᠴᠡᠷᠢᠭ ᠰᠥᠩ ᠤᠯᠤᠰ ᠤ᠋ᠨ ᠳ᠋ᠧᠩ ᠵᠧᠦ ᠶ᠋ᠢ ᠪᠠᠢᠯᠳᠤᠵᠤ᠂ ᠾᠧ ᠲᠡᠢ ᠢᠦᠢ ᠶ᠋ᠢ ᠠᠮᠢᠳᠤ ᠪᠠᠷᠢᠭᠰᠠᠨ ᠳ᠋ᠤᠷ ᠴᠢᠤᠸᠠᠨ ᠽᠢ ᠼᠠᠢ ᠨᠠᠷ ᠴᠡᠷᠢᠭ ᠢ᠋ᠶ᠋ᠡᠨ ᠣᠷᠬᠢᠵᠤ ᠳᠤᠲᠠᠭᠠᠬᠤᠶ᠎ᠠ᠂ ᠮᠣᠩᠭᠣᠯ ᠤ᠋ᠨ ᠴᠡᠷᠢᠭ ᠭᠦᠢᠴᠡᠵᠦ ᠢᠷᠡᠭᠡᠳ ᠰᠠᠶᠢ ᠬᠠᠭᠠᠵᠤ ᠠᠪᠲᠠᠯ᠎ᠠ ᠰᠥᠩ ᠤᠯᠤᠰ ᠤ᠋ᠨ ᠵᠣᠣ ᠹᠠᠨ ᠴᠡᠷᠢᠭ ᠢ᠋ᠶ᠋ᠡᠷ ᠥᠮᠥᠭᠯᠡᠨ ᠪᠠᠢᠯᠳᠤᠭᠰᠠᠨ ᠳ᠋ᠤᠷ ᠠᠷᠠᠢ ᠴᠢᠤᠸᠠᠨ ᠽᠢ ᠼᠠᠢ ᠶ᠋ᠢ ᠭᠠᠷᠭᠠᠵᠤ ᠠᠪᠤᠭᠠᠳ ᠡᠭᠡᠵᠦ ᠡᠴᠢᠨ《ᠮᠣᠩᠭᠣᠯ ᠤ᠋ᠨ ᠵᠣᠪᠠᠯᠠᠩ ᠲᠡᠭᠦᠨ ᠦ᠌ ᠬᠡᠯᠡᠭᠰᠡᠨ ᠶᠣᠰᠣᠭᠠᠷ ᠬᠦᠷᠴᠦ ᠢᠷᠡᠭᠰᠡᠨ ᠦᠭᠡᠢ ᠤᠤ ?》 ᠭᠡᠮᠡᠨ ᠭᠠᠰᠠᠯᠪᠠ᠃ ᠡᠨᠡ ᠬᠢᠷᠢ ᠳ᠋ᠦ᠍ᠷ ᠠᠯᠲᠠᠨ ᠤᠯᠤᠰ ᠤ᠋ᠨ ᠡᠯ᠎ᠡ ᠭᠠᠵᠠᠷ ᠴᠥᠮ ᠠᠪᠲᠠᠭᠰᠠᠨ ᠪᠥᠭᠡᠲᠡᠯ᠎ᠡ ᠬᠦᠩ ᠴᠧᠩ ᠬᠣᠲᠠ ᠶ᠋ᠢ ᠰᠠᠬᠢᠭᠰᠠᠨ ᠸᠠᠩ ᠰᠢ ᠰᠢᠶᠠᠨ ᠬᠣᠲᠠ ᠪᠠᠨ ᠪᠡᠬᠢᠯᠡᠨ ᠳᠠᠭᠠᠬᠤ ᠦᠭᠡᠢ ᠳ᠋ᠦ᠍ᠷ ᠣᠯᠠᠨ ᠢᠷᠭᠡᠨ ᠶᠡᠬᠡᠯ᠎ᠡ ᠠᠶᠤᠯᠳᠤᠮᠤᠢ᠃ 
       ᠡᠪᠦᠯ ᠦ᠋ᠨ ᠲᠡᠷᠢᠭᠦᠨ ᠰᠠᠷ᠎ᠠ ᠳ᠋ᠤᠷ ᠲᠡᠢᠰᠢ ᠳᠡᠰ ᠲᠣᠭᠣᠰ ᠨᠠᠷ ᠤ᠋ᠨ ᠶᠡᠬᠡ ᠴᠡᠷᠢᠭ ᠰᠥᠩ ᠤᠯᠤᠰ ᠤ᠋ᠨ ᠱᠧᠦ ᠶᠠᠩ ᠬᠣᠲᠠ ᠶ᠋ᠢ ᠬᠠᠭᠠᠵᠤ ᠵᠠᠪ ᠰᠡᠪ ᠦᠭᠡᠢ ᠪᠠᠢᠯᠳᠤᠵᠤ᠂ ᠳᠥᠷᠪᠡᠨ ᠵᠦᠭ ᠡᠴᠡ ᠬᠣᠲᠠᠨ ᠢ᠋ ᠳᠠᠪᠠᠵᠤ ᠠᠪᠤᠭᠠᠳ ᠳᠠᠷᠤᠢ ᠬᠤ᠌ ᠭᠤᠸᠠᠩ ᠤ᠋ᠨ ᠮᠣᠵᠢ ᠳ᠋ᠤᠷ ᠣᠷᠣᠵᠤ᠂ ᠰᠢᠶᠠᠩ ᠭᠠᠩ ᠤ᠋ᠨ ᠭᠠᠵᠠᠷ ᠪᠠ ᠢᠩ ᠰᠢᠶᠠᠨ ᠤ᠋ ᠭᠠᠵᠠᠷ ᠲᠤᠷ ᠬᠦᠷᠲᠡᠯ᠎ᠡ ᠴᠥᠮ ᠣᠯᠵᠠᠯᠠᠵᠤ ᠳᠠᠭᠠᠭᠤᠯᠤᠭᠠᠳ ᠰᠠᠶᠢ ᠴᠡᠷᠢᠭ ᠡᠭᠡᠪᠡᠢ᠃ 
       ᠡᠨᠡ ᠲᠤᠬᠠᠢ ᠳ᠋ᠤᠷ ᠮᠣᠩᠭᠣᠯ ᠤ᠋ᠨ ᠶᠡᠬᠡ ᠲᠠᠢᠽᠢ ᠭᠦᠶᠦᠭ ᠦ᠋ᠨ ᠴᠡᠷᠢᠭ ᠰᠥᠩ ᠤᠯᠤᠰ ᠤ᠋ᠨ ᠴᠸᠨ ᠵᠧᠦ ᠶ᠋ᠢᠨ ᠵᠠᠮ ᠢ᠋ᠶ᠋ᠠᠷ ᠰᠥᠩ ᠤᠯᠤᠰ ᠤ᠋ᠨ ᠱᠢ ᠮᠸᠨ ᠭᠤᠸᠠᠨ ᠪᠣᠭᠣᠮᠲᠠ ᠪᠠᠷ ᠰᠢᠪᠲᠤᠯᠤᠨ ᠣᠷᠣᠵᠤ᠂ ᠬᠦᠩ ᠴᠧᠩ ᠢ᠋ ᠬᠠᠭᠠᠭᠰᠠᠨ ᠳ᠋ᠤᠷ ᠬᠦᠩ ᠴᠧᠩ ᠢ᠋ ᠰᠠᠬᠢᠭᠰᠠᠨ ᠠᠯᠲᠠᠨ ᠤᠯᠤᠰ ᠤ᠋ᠨ ᠬᠠᠭᠤᠴᠢᠨ ᠶᠡᠬᠡ ᠶᠤᠸᠠᠨᠱᠤᠸᠠᠢ ᠸᠠᠩ ᠰᠢ ᠰᠢᠶᠠᠨ ᠲᠡᠩᠰᠡᠵᠦ ᠦᠵᠡᠪᠡᠰᠦ ᠢᠷᠭᠡᠨ ᠦ᠌ ᠰᠡᠳᠬᠢᠯ ᠨᠢᠭᠡᠨᠲᠡ ᠬᠡᠮᠬᠡᠷᠡᠭᠰᠡᠨ ᠲᠤᠯᠠ ᠲᠤᠯᠵᠤ ᠦᠯᠦ ᠪᠣᠯᠬᠤ ᠶ᠋ᠢ ᠮᠡᠳᠡᠭᠡᠳ ᠶᠠᠭᠠᠷᠠᠨ ᠶᠡᠬᠡ ᠬᠡᠩᠭᠡᠷᠭᠡ ᠴᠣᠬᠢᠵᠤ ᠬᠣᠲᠠ ᠶ᠋ᠢᠨ ᠬᠣᠲᠠᠯᠠᠭᠠᠷ ᠲᠦᠰᠢᠮᠡᠯ ᠴᠡᠷᠢᠭ ᠵᠠᠭᠤᠨ ᠣᠪᠣᠭᠲᠠᠨ ᠢ᠋ ᠬᠤᠷᠢᠶᠠᠵᠤ ᠥᠭᠦᠯᠡᠷᠦᠨ᠄《ᠮᠠᠨ ᠤ᠋ ᠤᠯᠤᠰ ᠲᠥᠷᠥ ᠨᠢᠭᠡᠨᠲᠡ ᠮᠥᠬᠥᠵᠦ ᠲᠠᠰᠤᠷᠠᠪᠠ᠂ ᠪᠢ ᠶᠠᠭᠤᠨ ᠳ᠋ᠤᠷ ᠥᠪᠡᠷ ᠦ᠋ᠨ ᠨᠢᠭᠡᠨ ᠠᠮᠢᠨ ᠢ᠋ ᠬᠠᠢᠷᠠᠯᠠᠬᠤ ᠲᠦᠭ ᠲᠦᠮᠡᠨ ᠬᠥᠮᠦᠨ ᠢ᠋ ᠮᠢᠨᠦ ᠭᠠᠷ ᠲᠤᠷ ᠡᠯᠭᠦᠭᠳᠡᠭᠦᠯᠦᠨ ᠳᠡᠭᠦᠵᠢᠯᠡᠭᠦᠯᠵᠦ ᠵᠣᠪᠠᠭᠠᠮᠤᠢ ! ᠡᠵᠡᠨ ᠢ᠋ᠶ᠋ᠡᠨ ᠬᠦᠨᠳᠦ ᠬᠡᠰᠢᠭ ᠶᠡᠬᠡ ᠲᠤᠰᠢᠶᠠᠯ ᠢ᠋ ᠬᠦᠷᠲᠡᠭᠰᠡᠨ ᠪᠥᠭᠡᠲᠡᠯ᠎ᠡ ᠮᠣᠩᠭᠣᠯ ᠳ᠋ᠤᠷ ᠳᠠᠭᠠᠵᠤ ᠠᠯᠠᠭᠳᠠᠬᠤ ᠠ᠋ᠴᠠ ᠠᠶᠤᠵᠤ ᠪᠣᠯᠤᠮᠤᠢ ᠤᠤ? ᠮᠢᠨᠦ ᠠᠯᠠᠭᠳᠠᠬᠤ ᠠᠨᠤ ᠵᠦᠢ ᠪᠣᠯᠠᠢ᠂ ᠣᠯᠠᠨ ᠬᠥᠮᠦᠨ ᠢ᠋ ᠡᠯᠭᠦᠭᠳᠡᠭᠦᠯᠬᠦ ᠢᠨᠤ ᠵᠣᠬᠢᠬᠤ ᠦᠭᠡᠢ᠂ ᠲᠠᠨ ᠤ᠋ ᠣᠯᠠᠨ ᠳ᠋ᠤᠷ ᠶᠠᠮᠪᠠᠷ ᠶᠠᠯ᠎ᠠ ᠪᠣᠢ ! ᠮᠣᠩᠭᠣᠯ ᠳ᠋ᠤᠷ ᠡᠰᠡ ᠳᠠᠭᠠᠭᠰᠠᠨ ᠠᠨᠤ ᠴᠥᠮ ᠮᠢᠨᠦ ᠶᠠᠯ᠎ᠠ ᠪᠣᠯᠠᠢ᠂ ᠲᠡᠭᠦᠨ ᠯᠦ᠍ᠭᠡ ᠲᠡᠮᠡᠴᠡᠵᠦ ᠬᠥᠮᠦᠨ ᠦᠭᠡᠢ ᠭᠠᠵᠠᠷ ᠭᠣᠣ ᠰᠤᠪᠠᠭ ᠲᠤᠷ ᠰᠠᠮᠠᠭᠤᠨ ᠴᠡᠷᠢᠭ ᠦ᠋ᠨ ᠳᠣᠲᠣᠷ᠎ᠠ ᠦᠬᠦᠵᠦ ᠨᠢᠭᠡᠨ ᠴᠠᠭ ᠤ᠋ᠨ ᠵᠢᠷᠤᠮᠲᠤ ᠨᠡᠷ᠎ᠡ ᠶ᠋ᠢ ᠣᠯᠬᠤ ᠶ᠋ᠢ ᠡᠷᠬᠢᠯᠡᠬᠦ ᠡᠴᠡ ᠰᠢᠭᠤᠳ ᠢᠯᠡᠷᠡᠨ ᠭᠠᠷᠴᠤ ᠲᠠᠨ ᠤ᠋ ᠬᠣᠲᠠ ᠲᠦᠭ ᠲᠦᠮᠡᠨ ᠢ᠋ ᠠᠪᠤᠷᠠᠬᠤ ᠠᠨᠤ ᠳᠡᠭᠡᠷ᠎ᠡ᠂ ᠡᠨᠡ ᠰᠢᠳᠤᠷᠭᠤ ᠪᠥᠭᠡᠳ ᠥᠷᠥᠰᠢᠶᠡᠯᠲᠡᠢ ! 》ᠬᠡᠮᠡᠭᠰᠡᠨ ᠳ᠋ᠦ᠍ᠷ ᠪᠦᠭᠦᠳᠡᠭᠡᠷ ᠮᠠᠭᠲᠠᠯᠴᠠᠨ ᠳᠠᠭᠤᠳᠠᠯᠴᠠᠪᠠ᠃  
       ᠲᠡᠳᠦᠢ ᠤᠷᠢᠳᠠ ᠡᠯᠴᠢ ᠢᠯᠡᠭᠡᠵᠦ ᠪᠡᠶ᠎ᠡ ᠠᠯᠠᠭᠳᠠᠵᠤ ᠢᠷᠭᠡᠨ ᠦ᠌ ᠶᠠᠯ᠎ᠠ ᠶ᠋ᠢ ᠬᠡᠯᠲᠦᠷᠢᠭᠦᠯᠬᠦ ᠶ᠋ᠢ ᠭᠤᠶᠤᠭᠰᠠᠨ ᠳ᠋ᠤᠷ ᠲᠠᠢᠽᠢ ᠬᠥᠶᠦᠭ ᠭᠠᠷᠴᠤ ᠢᠷᠡᠲᠦᠭᠡᠢ ᠬᠡᠮᠡᠭᠰᠡᠨ ᠳ᠋ᠦ᠍ᠷ ᠬᠣᠲᠠ ᠶ᠋ᠢᠨ ᠬᠣᠲᠠᠯᠠᠭᠠᠷ ᠦᠬᠡᠷ ᠬᠣᠨᠢ ᠬᠥᠲᠥᠯᠵᠦ᠂ ᠠᠷᠢᠬᠢ ᠰᠠᠷᠬᠤᠳ ᠳᠡᠮᠨᠡᠯᠴᠡᠨ ᠭᠠᠷᠴᠤ ᠳᠠᠭᠠᠭᠰᠠᠨ ᠳ᠋ᠤᠷ ᠲᠠᠢᠽᠢ ᠬᠥᠶᠦᠭ ᠸᠠᠩ ᠰᠢ ᠰᠢᠶᠠᠨ ᠠ᠋ᠴᠠ ᠠᠰᠠᠭᠤᠷᠤᠨ᠄《ᠮᠠᠨ ᠤ᠋ ᠴᠡᠷᠢᠭ ᠡᠬᠢᠯᠡᠵᠦ ᠳᠥᠷᠪᠡᠨ ᠵᠦᠭ ᠢ ᠳᠠᠢᠯᠠᠨ ᠶᠠᠪᠤᠭᠰᠠᠭᠠᠷ ᠳᠥᠴᠢᠨ ᠵᠢᠯ ᠪᠣᠯᠵᠤ᠂ ᠬᠦᠷᠦᠭᠰᠡᠨ ᠡᠯ᠎ᠡ ᠭᠠᠵᠠᠷ ᠲᠡᠭᠷᠢ ᠶ᠋ᠢᠨ ᠴᠠᠭ ᠢ᠋ ᠳᠠᠭᠠᠵᠤ ᠰᠠᠯᠬᠢᠨ ᠤ᠋ ᠠᠶ᠎ᠠ ᠪᠠᠷ ᠴᠥᠮ ᠳᠠᠭᠠᠵᠤ᠂ ᠨᠡᠩ ᠪᠠᠰᠠ ᠲᠠᠨ ᠤ᠋ ᠠᠯᠲᠠᠨ ᠤᠯᠤᠰ ᠨᠢᠭᠡᠨᠲᠡ ᠮᠥᠬᠥᠭᠰᠡᠨ ᠪᠥᠭᠡᠲᠡᠯ᠎ᠡ ᠴᠢ ᠭᠠᠭᠴᠠᠭᠠᠷ ᠪᠡᠬᠢᠯᠡᠨ ᠰᠠᠬᠢᠵᠤ ᠬᠡᠷᠬᠢᠰᠦᠭᠡᠢ ᠬᠡᠮᠡᠮᠦᠢ?》 ᠬᠡᠮᠡᠭᠰᠡᠨ ᠳ᠋ᠦ᠍ᠷ ᠸᠠᠩ ᠰᠢ ᠰᠢᠶᠠᠨ ᠮᠥᠷᠭᠥᠵᠦ ᠮᠡᠳᠡᠭᠦᠯᠦᠷᠦᠨ ᠄《ᠤᠷᠢᠳᠠ ᠮᠢᠨᠦ ᠡᠵᠡᠨ ᠳᠡᠭᠡᠷ᠎ᠡ ᠪᠠᠢᠲᠠᠯ᠎ᠠ ᠰᠠᠢᠳ ᠪᠢ ᠶᠠᠮᠪᠠᠷ ᠠᠶᠤᠮᠰᠢᠭ ᠦᠭᠡᠢ ᠥᠪᠡᠷ ᠦ᠋ᠨ ᠡᠵᠡᠨ ᠦ᠌ ᠬᠡᠰᠢᠭ ᠢ᠋ ᠦᠲᠡᠭᠡᠷᠴᠦ ᠤᠯᠤᠰ ᠢ᠋ ᠬᠤᠳᠠᠯᠳᠤᠨ ᠤᠷᠢᠳᠠ ᠳᠠᠭᠠᠵᠤ ᠪᠣᠯᠤᠮᠤᠢ?》ᠬᠡᠮᠡᠬᠦᠢ ᠳ᠋ᠦ᠍ᠷ ᠲᠠᠢᠽᠢ ᠠᠰᠠᠭᠤᠷᠤᠨ ᠤᠷᠢᠳᠠ ᠴᠤ᠌ ᠲᠡᠢᠮᠦ ᠪᠣᠯᠲᠤᠭᠠᠢ᠂ ᠬᠣᠢᠨ᠎ᠠ ᠠᠯᠲᠠᠨ ᠤᠯᠤᠰ ᠨᠢᠭᠡᠨᠲᠡ ᠮᠥᠬᠥᠵᠦ ᠲᠠᠰᠤᠷᠠᠭᠰᠠᠨ ᠳ᠋ᠤᠷ ᠣᠳᠣ ᠣᠷᠣᠵᠤ ᠥᠭᠬᠦ ᠦᠭᠡᠢ ᠪᠠᠰᠠ ᠬᠡᠨ ᠦ᠌ ᠲᠤᠯᠠ ᠰᠠᠬᠢᠮᠤᠢ?》 ᠸᠠᠩ ᠰᠢ ᠰᠢᠶᠠᠨ ᠮᠡᠳᠡᠭᠦᠯᠦᠷᠦᠨ ᠄《ᠶᠡᠬᠡ ᠸᠠᠩ ᠤ᠋ᠨ ᠲᠡᠭᠷᠢ ᠶ᠋ᠢᠨ ᠴᠡᠷᠢᠭ ᠦ᠋ᠨ ᠳᠠᠷᠠᠭ᠎ᠠ ᠳᠠᠷᠠᠭ᠎ᠠ ᠪᠠᠷ ᠣᠷᠣᠵᠤ ᠢᠷᠡᠬᠦ ᠰᠦᠷ ᠠᠰᠤᠷᠤ ᠠᠶᠤᠮᠰᠢᠭᠲᠠᠢ ᠲᠤᠯᠠ ᠥᠪᠡᠷ ᠦ᠋ᠨ ᠠᠯᠠᠭᠳᠠᠬᠤ ᠠ᠋ᠴᠠ ᠠᠶᠤᠭᠰᠠᠭᠠᠷ ᠡᠳᠦᠢ ᠪᠣᠯᠤᠭᠰᠠᠨ ᠠᠨᠤ ᠦᠨᠡᠨ ᠂ ᠡᠳᠦᠭᠡ ᠪᠣᠳᠣᠵᠤ ᠦᠵᠡᠬᠦᠯ᠎ᠡ ᠠᠶᠤᠪᠠᠴᠤ ᠦᠬᠦᠬᠦ ᠡᠴᠡ ᠬᠡᠯᠲᠦᠷᠢᠨ ᠴᠢᠳᠠᠬᠤ ᠦᠭᠡᠢ ᠪᠥᠭᠡᠳ ᠣᠯᠠᠨ ᠢ᠋ ᠪᠠᠰᠠ ᠦᠬᠦᠭᠦᠯᠬᠦ ᠲᠤᠯᠠ ᠭᠠᠭᠴᠠᠭᠠᠷ ᠦᠬᠦᠵᠦ ᠣᠯᠠᠨ ᠢ᠋ ᠠᠪᠤᠷᠠᠰᠤᠭᠠᠢ ᠭᠡᠮᠡᠨ ᠰᠠᠨᠠᠬᠤᠶ᠎ᠠ ᠴᠢᠪᠬᠢᠲᠡᠯ᠎ᠡ ᠶᠡᠬᠡ ᠸᠠᠩ ᠤ᠋ᠨ ᠶᠣᠰᠣ ᠲᠡᠷᠢᠭᠦᠯᠡᠭᠰᠡᠳ ᠢ᠋ ᠠᠯᠠᠬᠤ ᠪᠣᠢ ‍ᠶ᠎ᠠ᠂ ᠢᠷᠭᠡᠨ ᠢ᠋ ᠬᠥᠳᠡᠯᠭᠡᠬᠦ ᠦᠭᠡᠢ ᠬᠡᠮᠡᠬᠦᠢ ᠳ᠋ᠦ᠍ᠷ ᠳᠤᠷᠠᠲᠠᠶ᠎ᠠ ᠡᠷᠲᠡ ᠡᠰᠡ ᠳᠠᠭᠠᠭᠰᠠᠨ ᠶᠠᠯ᠎ᠠ ᠶ᠋ᠢ ᠬᠦᠯᠢᠶᠡᠵᠦ ᠠᠯᠠᠭᠳᠠᠭᠠᠳ ᠡᠵᠡᠨ ᠳ᠋ᠦ᠍ᠷ ᠢ᠋ᠶ᠋ᠡᠨ ᠰᠢᠳᠤᠷᠭᠤ᠂ ᠢᠷᠭᠡᠨ ᠳ᠋ᠦ᠍ᠷ ᠢ᠋ᠶ᠋ᠡᠨ ᠥᠷᠥᠰᠢᠶᠡᠯ ᠬᠣᠶᠠᠷ ᠨᠡᠷ᠎ᠡ ᠶ᠋ᠢ ᠣᠯᠰᠤᠭᠠᠢ ᠭᠡᠮᠡᠨ ᠭᠠᠷᠴᠤ ᠢᠷᠡᠪᠡ᠃ ᠡᠨᠡ ᠬᠡᠰᠢᠭ ᠢ᠋ ᠭᠠᠭᠴᠠ ᠶᠡᠬᠡ ᠸᠠᠩ ᠬᠠᠢᠷᠠᠯᠠᠵᠤ ᠣᠯᠭᠣᠭᠤᠯᠤᠮᠤ !》ᠬᠡᠮᠡᠭᠰᠡᠨ ᠳ᠋ᠦ᠍ᠷ ᠲᠠᠢᠽᠢ ᠭᠦᠶᠦᠭ ᠡᠳᠡᠭᠡᠷ ᠲᠣᠷ ᠭᠤᠷᠪᠠᠨ ᠵᠠᠮ ᠢ᠋ᠶ᠋ᠠᠷ ᠶᠣᠰᠣ ᠵᠢᠷᠤᠮ ᠥᠷᠥᠰᠢᠶᠡᠯ ᠳ᠋ᠦ᠍ᠷ ᠨᠡᠢᠴᠡᠭᠰᠡᠨ ᠢ᠋ ᠰᠣᠨᠣᠰᠴᠤ ᠶᠡᠬᠡᠯ᠎ᠡ ᠪᠡᠶᠡᠰᠦᠨ ᠰᠠᠢᠰᠢᠶᠠᠵᠤ ᠥᠭᠦᠯᠡᠷᠦᠨ ᠄《 ᠸᠠᠩ ᠰᠢ ᠰᠢᠶᠠᠨ ᠢ᠋ ᠡᠷᠳᠡᠮᠲᠡᠨ ᠳ᠋ᠦ᠍ᠷ ᠲᠣᠭᠠᠴᠠᠵᠤ ᠪᠣᠯᠤᠮᠤᠢ᠂ ᠴᠢᠨᠦ ᠡᠨᠡ ᠨᠢᠭᠡᠨ ᠵᠡᠷᠭᠡ ᠶ᠋ᠢᠨ ᠦᠭᠡ ᠶᠠᠪᠤᠳᠠᠯ ᠳ᠋ᠤᠷ ᠬᠡᠳᠦᠢ ᠡᠰᠡ ᠠᠯᠠᠭᠳᠠᠪᠠᠴᠤ ᠶᠣᠰᠣᠯᠠᠯ᠂ ᠵᠢᠷᠤᠮ᠂ ᠮᠡᠷᠭᠡᠨ ᠭᠤᠷᠪᠠᠨ ᠵᠦᠢᠯ ᠢ᠋ ᠮᠠᠭᠠᠳ ᠬᠠᠮᠠᠭᠠᠯᠠᠵᠤ ᠪᠣᠯᠤᠮᠤᠢ᠃ ᠪᠢ ᠲᠡᠷᠡ ᠼᠠᠢ ᠵᠧᠦ ᠳ᠋ᠦ᠍ᠷ ᠡᠵᠡᠨ ᠢ᠋ᠶ᠋ᠡᠨ ᠳᠠᠭᠠᠵᠤ ᠦᠬᠦᠮᠦᠢ ᠭᠡᠮᠡᠨ ᠬᠠᠭᠤᠷᠮᠠᠭ ᠨᠡᠷ᠎ᠡ ᠠᠪᠴᠤ ᠡᠴᠦᠰ ᠲᠦ᠍ᠷ ᠥᠪᠡᠷ ᠦ᠋ᠨ ᠴᠡᠷᠢᠭ ᠲᠦ᠍ᠷ ᠠᠯᠠᠭᠳᠠᠬᠤ ᠠ᠋ᠴᠠ ᠪᠠᠨ ᠠᠶᠤᠵᠤ ᠦᠬᠦᠭᠰᠡᠨ ᠲᠡᠳᠡᠭᠡᠷ ᠠᠷᠠᠳ ᠢ᠋ ᠦᠨᠡᠬᠡᠷ ᠵᠢᠭᠰᠢᠮᠦᠢ᠂ ᠴᠢᠨᠦ ᠡᠭᠦᠨ ᠢ᠋ ᠴᠢᠬᠡ ᠪᠡᠷ ᠲᠤᠯᠵᠤ ᠵᠢᠷᠤᠮ ᠢ᠋ ᠰᠠᠬᠢᠪᠠ ᠬᠡᠮᠡᠬᠦ ᠪᠣᠯᠠᠢ᠃ ᠴᠢ ᠬᠡᠳᠦᠢ ᠡᠷᠲᠡ ᠡᠰᠡ ᠳᠠᠭᠠᠭᠰᠠᠨ ᠪᠣᠯᠪᠠᠴᠤ ᠡᠳᠦᠭᠡ ᠮᠥᠨ ᠬᠠᠷᠢᠭᠤᠴᠠᠭᠰᠠᠨ ᠦᠭᠡᠢ ᠪᠣᠯᠣᠢ᠃ ᠴᠢᠮ᠎ᠠ ᠳ᠋ᠤᠷ ᠶᠠᠭᠤᠨ ᠤ᠋ ᠶᠠᠯ᠎ᠠ !  ᠮᠢᠨᠦ ᠤᠯᠤᠰ ᠲᠤᠷ ᠨᠢᠭᠡᠨ ᠬᠤᠪᠢᠯᠠᠢ ᠬᠡᠮᠡᠬᠦ ᠡᠷᠳᠡᠮᠲᠦ ᠳᠡᠭᠦᠦ ᠪᠣᠢ᠂ ᠲᠡᠷᠡ ᠴᠢᠮᠠᠶ᠋ᠢ ᠦᠵᠡᠵᠦ ᠬᠡᠯᠡᠯᠴᠡᠪᠡᠰᠦ ᠶᠠᠮᠪᠠᠷ ᠬᠢᠷᠢ ᠳ᠋ᠦ᠍ᠷ ᠪᠠᠶᠠᠷᠯᠠᠬᠤ ᠶ᠋ᠢ ᠮᠡᠳᠡᠬᠦ ᠦᠭᠡᠢ !》 ᠭᠡᠮᠡᠨ ᠬᠦᠯᠢᠶᠡᠰᠦᠨ ᠢ᠋ ᠲᠠᠢᠯᠵᠤ ᠲᠡᠳᠬᠦᠨ ᠪᠤᠰᠬᠠᠵᠤ᠂ ᠬᠤᠷᠢᠮ ᠬᠠᠢᠷᠠᠯᠠᠨ ᠳᠠᠭᠠᠭᠤᠯᠵᠤ᠂ ᠳᠠᠷᠤᠢ ᠤᠭ ᠲᠤᠰᠢᠶᠠᠯ ᠳ᠋ᠤᠷ ᠠᠬᠤᠭᠤᠯᠵᠤ ᠶᠠᠭᠠᠷᠠᠨ ᠠᠢᠯᠠᠳᠬᠠᠷ᠎ᠠ ᠳᠣᠪᠲᠣᠯᠭᠠᠵᠤ᠂ ᠬᠣᠲᠠᠨ ᠤ᠋ ᠳᠣᠲᠣᠷ᠎ᠠ ᠨᠢᠭᠡᠨ ᠴᠡᠷᠢᠭ ᠢ᠋ ᠴᠦ᠍ ᠦᠯᠦ ᠣᠷᠣᠭᠤᠯᠤᠨ᠂ ᠬᠠᠷᠢᠶᠠᠲᠤ ᠭᠠᠵᠠᠷ ᠣᠷᠣᠨ ᠢ᠋ ᠠᠨᠤ ᠦᠰᠦᠨ ᠦ᠌ ᠲᠡᠳᠦᠢ ᠬᠥᠨᠳᠡᠭᠦᠯᠦᠭᠰᠡᠨ ᠦᠭᠡᠢ ᠳ᠋ᠦ᠍ᠷ ᠸᠠᠩ ᠰᠢ ᠰᠢᠶᠠᠨ ᠡᠴᠢᠭᠡ ᠬᠥᠪᠡᠭᠦᠨ ᠲᠡᠷᠢᠭᠦᠯᠡᠨ ᠰᠤᠯᠠ ᠬᠥᠮᠦᠨ ᠬᠠᠷ᠎ᠠ ᠲᠡᠷᠢᠭᠦᠲᠦ ᠢᠷᠭᠡᠨ ᠳ᠋ᠦ᠍ᠷ ᠬᠦᠷᠲᠡᠯ᠎ᠡ ᠲᠠᠢᠽᠢ ᠶ᠋ᠢᠨ ᠬᠦᠨᠳᠦ ᠬᠡᠰᠢᠭ ᠥᠷᠥᠰᠢᠶᠡᠯ ᠳ᠋ᠦ᠍ᠷ ᠰᠡᠳᠬᠢᠯ ᠢᠭᠲᠦᠯᠵᠦ ᠨᠢᠯᠪᠤᠰᠤ ᠤᠨᠠᠭᠠᠯᠴᠠᠨ ᠪᠠᠶᠠᠷᠯᠠᠯᠴᠠᠨ ᠮᠠᠭᠲᠠᠯᠴᠠᠵᠤ ᠳᠠᠭᠤᠳᠠᠯᠴᠠᠬᠤ ᠳᠠᠭᠤᠨ ᠳ᠋ᠤᠷ ᠬᠦᠩ ᠴᠧᠩ ᠬᠣᠲᠠ ᠳᠣᠷᠬᠢᠯᠪᠠᠢ᠃ 
       ᠲᠡᠳᠦᠢ ᠲᠠᠢᠽᠢ ᠬᠡᠳᠦᠨ ᠡᠳᠦᠷ ᠲᠣᠷ ᠸᠠᠩ ᠰᠢ ᠰᠢᠶᠠᠨ ᠤ᠋ ᠡᠷᠳᠡᠮ ᠢ᠋ ᠮᠡᠳᠡᠭᠰᠡᠨ᠎ᠡ᠂ ᠳᠠᠷᠤᠢ ᠲᠡᠭᠦᠨ ᠢ᠋ ᠴᠡᠷᠢᠭ ᠢ᠋ᠶ᠋ᠡᠨ ᠠᠪᠴᠤ ᠨᠠᠮᠠᠶ᠋ᠢ ᠳᠠᠭᠠᠵᠤ ᠰᠥᠩ ᠤᠯᠤᠰ ᠤ᠋ᠨ ᠤ᠋ ᠯᠢᠩ ᠢ᠋ ᠪᠠᠢᠯᠳᠤ ᠬᠡᠮᠡᠭᠰᠡᠨ ᠳ᠋ᠦ᠍ᠷ ᠸᠠᠩ ᠰᠢ ᠰᠢᠶᠠᠨ ᠨᠠᠷ ᠳᠡᠭᠡᠷ᠎ᠡ ᠳᠣᠣᠷ᠎ᠠ ᠪᠦᠭᠦᠳᠡᠭᠡᠷ ᠳᠤᠷᠠᠲᠠᠶ᠎ᠠ ᠴᠡᠷᠢᠭ ᠦ᠋ᠨ ᠡᠮᠦᠨ᠎ᠡ ᠣᠷᠣᠵᠤ᠂ ᠳᠠᠷᠤᠢ ᠨᠢᠭᠡᠬᠡᠨ ᠤᠳᠠᠭ᠎ᠠ ᠳ᠋ᠤᠷ ᠤ᠋ᠨ ᠯᠢᠩ ᠢ᠋ ᠣᠯᠵᠤ ᠳᠠᠭᠠᠭᠤᠯᠤᠨ ᠠᠪᠤᠭᠠᠳ ᠲᠠᠢ ᠠᠨ ᠤ᠋ ᠵᠦᠭ ᠳᠠᠢᠯᠠᠨ ᠣᠷᠣᠵᠤ᠂ ᠵᠠᠮ ᠳ᠋ᠤᠷ ᠴᠡᠷᠢᠭ ᠦ᠋ᠨ ᠵᠠᠷ ᠵᠡᠪᠰᠡᠭ ᠪᠠ ᠨᠤᠮᠤ ᠰᠤᠮᠤ᠂ ᠬᠤᠶᠠᠭ ᠳᠤᠭᠤᠯᠠᠭ᠎ᠠ ᠶᠡᠬᠡᠯ᠎ᠡ ᠨᠡᠮᠡᠨ ᠦᠢᠯᠡᠳᠦᠭᠦᠯᠵᠦ ᠪᠡᠯᠡᠳᠬᠡᠮᠦᠢ᠃ ᠡᠨᠡ ᠦᠶ᠎ᠡ ᠰᠥᠩ ᠤᠯᠤᠰ ᠤ᠋ᠨ ᠭᠠᠳᠠᠭᠠᠳᠤ ᠲᠦᠰᠢᠮᠡᠯ ᠭᠣᠣ ᠵᠢᠶᠧ᠂ ᠰᠥᠩ ᠤᠯᠤᠰ ᠤ᠋ᠨ ᠮᠢᠶᠠᠨ ᠵᠧᠦ ᠪᠣᠭᠣᠮᠲᠠ ᠳ᠋ᠤᠷ ᠪᠠᠢᠵᠤ᠂ ᠮᠣᠩᠭᠣᠯ ᠤ᠋ᠨ ᠴᠡᠷᠢᠭ ᠠᠢᠰᠤᠢ ᠬᠡᠮᠡᠬᠦᠢ ᠳ᠋ᠦ᠍ᠷ ᠲᠣᠭᠣᠷᠢᠭᠰᠠᠨ ᠠᠢᠯ ᠪᠦᠯᠦᠭ ᠹᠦ᠂ ᠵᠧᠦ᠂ ᠰᠢᠶᠠᠨ ᠤ᠋ ᠣᠯᠠᠨ ᠢᠷᠭᠡᠨ ᠢ᠋ ᠠᠶᠤᠯᠭᠠᠨ ᠥᠭᠦᠯᠡᠷᠦᠨ᠄ 《 ᠮᠠᠨ ᠤ᠋ ᠰᠥᠩ ᠤᠯᠤᠰ ᠬᠡᠳᠦᠨ ᠵᠡᠷᠭᠡ ᠲᠠᠩᠭᠠᠷᠢᠭ ᠢ᠋ ᠡᠪᠳᠡᠨ ᠮᠣᠩᠭᠣᠯ ᠢ᠋ ᠡᠰᠡᠷᠭᠦᠴᠡᠪᠡ᠃ ᠡᠨᠡ ᠤᠳᠠᠭ᠎ᠠ ᠮᠣᠩᠭᠣᠯ ᠤ᠋ᠨ ᠴᠡᠷᠢᠭ ᠢᠷᠠᠪᠠᠰᠤ ᠮᠠᠭᠠᠳ ᠡᠪᠡᠰᠦ ᠮᠣᠳᠣᠨ ᠢ᠋ ᠦᠯᠡᠳᠡᠭᠡᠯ ᠦᠭᠡᠢ ᠴᠥᠮ ᠴᠠᠪᠴᠢᠮᠤᠢ᠂ ᠲᠡᠷᠡ ᠮᠡᠲᠦ ᠠᠯᠠᠭᠳᠠᠬᠤ ᠠ᠋ᠴᠠ ᠲᠤᠯᠬᠤᠢ ᠳ᠋ᠤᠷ ᠬᠦᠷᠬᠦ ᠦᠭᠡᠢ !》 ᠭᠡᠮᠡᠨ ᠵᠠᠷᠯᠠᠭᠰᠠᠨ ᠳ᠋ᠤᠷ ᠣᠯᠠᠨ ᠢᠷᠭᠡᠨ ᠮᠡᠬᠡᠯᠡᠭᠳᠡᠵᠦ ᠬᠥᠭᠰᠢᠨ ᠢ᠋ᠶ᠋ᠡᠨ ᠲᠡᠳᠬᠦᠵᠦ᠂ ᠨᠢᠯᠬ᠎ᠠ ᠶᠤᠭᠠᠨ ᠡᠷᠭᠦᠵᠦ ᠡᠭᠦᠷᠦᠨ ᠮᠢᠶᠠᠨ ᠵᠧᠦ ᠳ᠋ᠦ᠍ᠷ ᠢᠷᠡᠵᠦ ᠳᠠᠭᠠᠭᠰᠠᠨ ᠠᠨᠤ ᠮᠠᠰᠢ ᠣᠯᠠᠨ᠃ ᠳᠠᠭᠠᠯᠳᠤᠭ᠎ᠠ ᠮᠣᠩᠭᠣᠯ ᠤ᠋ᠨ ᠴᠡᠷᠢᠭ ᠬᠦᠷᠴᠦ ᠢᠷᠡᠭᠡᠳ ᠬᠡᠳᠦᠨ ᠤᠳᠠᠭ᠎ᠠ ᠪᠠᠢᠯᠳᠤᠵᠤ ᠲᠤᠯᠤᠨ ᠡᠭᠡᠭᠦᠯᠦᠭᠰᠡᠨ ᠳ᠋ᠦ᠍ᠷ ᠰᠥᠩ ᠤᠯᠤᠰ ᠡᠭᠦᠨ ᠢ᠋ ᠬᠡᠲᠦᠷᠬᠡᠢ ᠶᠡᠬᠡ ᠭᠠᠪᠢᠶ᠎ᠠ ᠪᠣᠯᠭᠠᠨ ᠠᠢᠯᠠᠳᠬᠠᠵᠤ ᠲᠡᠮᠳᠡᠭᠯᠡᠭᠰᠡᠨ ᠪᠥᠯᠥᠭᠡ᠃ ᠡᠭᠦᠨ ᠳ᠋ᠦ᠍ᠷ ᠾᠧ ᠲᠤᠸᠠᠨ᠂ ᠬᠥᠶᠦᠭ ᠲᠠᠢᠽᠢ ᠹᠧᠩ ᠵᠧᠦ ᠡᠴᠡ ᠰᠢ ᠴᠤᠸᠠᠨ ᠳ᠋ᠤᠷ ᠣᠷᠣᠬᠤᠢ ᠳ᠋ᠤᠷ ᠰᠥᠩ ᠤᠯᠤᠰ ᠤ᠋ᠨ ᠴᠡᠷᠢᠭ ᠦ᠋ᠨ ᠵᠡᠭᠦᠨ ᠵᠠᠮ ᠣᠯᠠᠩᠬᠢ ᠨᠢ ᠴᠥᠮ ᠳᠠᠷᠤᠭᠳᠠᠵᠤ ᠳᠠᠭᠠᠭᠰᠠᠨ ᠲᠤᠯᠠ ᠳᠠᠷᠤᠢ ᠭᠡᠨᠡᠳᠲᠡ ᠡᠭᠡᠵᠦ ᠮᠢᠶᠠᠨ ᠵᠧᠦ ᠶ᠋ᠢᠨ ᠬᠣᠲᠠ ᠠ᠋ᠴᠠ ᠶᠡᠷᠡᠨ ᠭᠠᠵᠠᠷ ᠤ᠋ᠨ ᠡᠴᠦᠰ ᠲᠦ᠍ᠷ ᠪᠠᠢᠬᠤ ᡂᠢ ᠬᠦ ᠬᠣᠲᠠᠨ ᠢ᠋ ᠰᠣᠴᠢᠮᠬᠠᠨ᠎ᠠ ᠪᠠᠢᠯᠳᠤᠭᠰᠠᠨ ᠳ᠋ᠤᠷ ᡂᠢ ᠬᠦ ᠬᠣᠲᠠ ᠶ᠋ᠢᠨ ᠲᠦᠰᠢᠮᠡᠯ ᠴᠡᠷᠢᠭ ᠲᠤᠯᠵᠤ ᠴᠢᠳᠠᠬᠤ ᠦᠭᠡᠢ ᠲᠤᠯᠠ ᠪᠦᠭᠦᠳᠡᠭᠡᠷ ᠵᠥᠪᠯᠡᠨ ᠬᠣᠢᠰᠢ ᠤᠬᠤᠷᠢᠵᠤ᠂ ᠲᠠᠢ ᠠᠨ ᠵᠧᠦ ᠶ᠋ᠢ ᠰᠠᠬᠢᠰᠤᠭᠠᠢ ᠬᠡᠮᠡᠬᠦᠶ᠎ᠡ᠂ ᠭᠣᠣ ᠵᠢᠶᠧ᠂ ᡁᠢ ᡁᠢ ᠱᠢ ᠲᠦᠰᠢᠮᠡᠯ ᠵᠣᠣ ᠶᠠᠨ ᠨᠠ ᠶ᠋ᠢᠨ ᠵᠦᠭ ᠥᠭᠦᠯᠡᠷᠦᠨ ᠄《ᠡᠨᠡ ᠦᠶ᠎ᠡ ᠶ᠋ᠢᠨ ᠶᠠᠪᠤᠳᠠᠯ ᠤᠷᠤᠭᠰᠢ ᠣᠷᠣᠬᠤ ᠶ᠋ᠢ ᠪᠣᠯᠬᠤ ᠪᠣᠢ ‍ᠶ᠎ᠠ᠂ ᠬᠣᠢᠰᠢ ᠤᠬᠤᠷᠢᠵᠤ ᠦᠯᠦ ᠪᠣᠯᠤᠮᠤᠢ᠂ ᠬᠡᠷᠪᠡ ᠵᠣᠷᠢᠭ ᠢ᠋ ᠬᠠᠲᠠᠭᠤᠳᠬᠠᠨ ᠳᠠᠪᠰᠢᠨ ᠴᠢᠳᠠᠪᠠᠰᠤ ᠴᠢᠬᠤᠯᠠ ᠭᠠᠵᠠᠷ ᠲᠤᠷ ᠲᠣᠰᠴᠤ ᠳᠠᠢᠰᠤᠨ ᠤ᠋ ᠴᠡᠷᠢᠭ ᠬᠣᠢᠲᠤᠬᠢ ᠪᠠᠨ ᠬᠠᠷᠠᠭᠠᠯᠵᠠᠨ ᠬᠠᠢᠭᠤᠯᠭᠠᠯᠠᠬᠤ ᠲᠤᠯᠠ ᠡᠷᠬᠡᠡᠦ᠋ᠭᠡᠢ ᠮᠠᠨ ᠤ᠋ ᠭᠠᠵᠠᠷ ᠭᠦᠨ᠎ᠡ ᠣᠷᠣᠬᠤ ᠦᠭᠡᠢ᠃ ᠬᠡᠷᠪᠡ ᠪᠢᠳᠡ ᠳᠠᠷᠤᠢ ᠲᠦᠷᠭᠡᠨ ᠴᠡᠷᠢᠭ ᠴᠢᠭᠤᠯᠤᠭᠤᠯᠤᠨ ᠬᠣᠢᠰᠢ ᠤᠬᠤᠷᠢᠵᠤ ᠳᠣᠲᠣᠭᠠᠳᠤ ᠭᠠᠵᠠᠷ ᠢ᠋ ᠬᠢᠴᠢᠶᠡᠨ ᠰᠠᠬᠢᠪᠠᠰᠤ᠂ ᠮᠣᠩᠭᠣᠯ ᠴᠡᠷᠢᠭ ᠬᠡᠷᠪᠡ ᠬᠡᠲᠦᠷᠬᠡᠶ᠎ᠡ ᠭᠦᠨ᠎ᠡ ᠣᠷᠣᠪᠠᠰᠤ ᠱᠤ᠌ ᠶ᠋ᠢᠨ ᠭᠠᠵᠠᠷ ᠤ᠋ᠨ ᠪᠡᠷᠬᠡ ᠵᠠᠮ ᠳ᠋ᠤᠷ ᠮᠠᠨ ᠤ᠋ ᠴᠡᠷᠢᠭ ᠳᠡᠢᠯᠬᠦ ᠢᠨᠦ ᠮᠠᠭᠠᠳ ᠪᠣᠯᠤᠮᠤᠢ!》ᠬᠡᠮᠡᠭᠰᠡᠨ ᠳ᠋ᠦ᠍ᠷ ᠵᠣᠣ ᠶᠠᠨ ᠨᠠ ᠥᠭᠦᠯᠡᠷᠦᠨ ᠄《ᠡᠨᠡ ᠶᠠᠪᠤᠳᠠᠯ ᠤᠭ ᠠ᠋ᠴᠠ ᠮᠢᠨᠦ ᠰᠠᠨᠠᠭᠠᠨ ᠳ᠋ᠤᠷ ᠪᠠᠢᠭᠰᠠᠨ ᠪᠥᠯᠥᠭᠡ᠂ ᠭᠠᠭᠴᠠ ᠰᠠᠢᠨ ᠬᠥᠮᠦᠨ ᠢ᠋ ᠣᠯᠬᠤ ᠦᠭᠡᠢ ᠲᠤᠯᠠ ᠲᠦᠳᠡᠭᠡᠯᠵᠡᠭᠰᠡᠨ ᠪᠥᠯᠥᠭᠡ᠂ ᠡᠳᠦᠭᠡ ᠳᠠᠷᠤᠢ ᠵᠠᠩᠵᠤᠨ ᠴᠢᠨᠦ ᠰᠠᠨᠠᠭᠠᠨ ᠢ᠋ ᠳᠠᠭᠠᠰᠤᠭᠠᠢ !》 ᠬᠡᠮᠡᠭᠡᠳ ᠳᠠᠷᠤᠢ ᠮᠣᠷᠳᠠᠨ ᠡᠴᠢᠬᠦᠢ ᠳ᠋ᠦ᠍ᠷ ᠭᠣᠣ ᠵᠢᠶᠧ ᠶ᠋ᠢᠨ ᠨᠢᠭᠡᠨ ᠠᠩᠭᠢ ᠴᠡᠷᠢᠭ ᠢ ᠦᠯᠡᠳᠡᠭᠡᠵᠦ ᠮᠢᠶᠠᠨ ᠵᠧᠦ ᠶ᠋ᠢ ᠰᠠᠬᠢᠭᠤᠯᠪᠠᠢ᠃ ᠡᠨᠡ ᠬᠦ᠌ ᠭᠣᠣ ᠵᠢᠧ ᠶ᠋ᠢᠨ ᠡᠮ᠎ᠡ ᠹᠧᠩ ᠱᠢ ᠡᠴᠡ ᠭᠠᠭᠴᠠ ᠨᠢᠭᠡᠨ ᠥᠬᠢᠨ ᠲᠡᠢ ᠪᠥᠯᠥᠭᠡ᠂ ᠥᠬᠢᠨ ᠦ᠌ ᠨᠡᠷ᠎ᠡ ᠭᠣᠣ ᠶ᠋ᠢᠨ ᠶᠠᠩ᠂ ᠲᠥᠷᠥᠭᠰᠡᠨ ᠢᠨᠤ ᠴᠡᠴᠡᠭ ᠲᠣᠷ ᠦᠯᠢᠳᠬᠡᠪᠡᠰᠦ ᠴᠡᠴᠡᠭ ᠡᠴᠡ ᠠᠩᠬᠢᠯᠤᠮᠠᠯ᠂ ᠰᠠᠷᠠᠨ ᠳ᠋ᠤᠷ ᠦᠯᠢᠳᠬᠡᠪᠡᠰᠦ ᠰᠠᠷᠠᠨ ᠠ᠋ᠴᠠ ᠲᠤᠩᠭᠠᠯᠠᠭ᠂ ᠡᠨᠡ ᠵᠢᠯ  ᠰᠠᠶᠢ ᠠᠷᠪᠠᠨ ᠲᠠᠪᠤᠨ ᠨᠠᠰᠤ ᠲᠠᠢ᠂ ᠰᠡᠴᠡᠨ ᠰᠡᠷᠭᠦᠯᠡᠩ ᠭᠤᠸ᠎ᠠ ᠦᠵᠡᠰᠬᠦᠯᠡᠩ ᠢᠨᠦ ᠣᠯᠠᠨ ᠠ᠋ᠴᠠ ᠴᠣᠯᠭᠣᠷᠠᠭᠰᠠᠨ ᠲᠤᠯᠠ ᠡᠴᠢᠭᠡ ᠡᠬᠡ ᠢᠨᠤ ᠠᠮᠠᠨ ᠳ᠋ᠤᠷ ᠡᠮᠬᠦᠪᠡᠰᠦ ᠬᠠᠢᠯᠤᠮᠠᠷ᠂ ᠠᠯᠠᠭᠠᠨ ᠳ᠋ᠤᠷ ᠲᠠᠯᠪᠢᠪᠠᠰᠤ ᠥᠩᠬᠥᠷᠢᠮᠦ ᠭᠡᠮᠡᠨ ᠠᠮᠢᠳᠤ ᠡᠷᠳᠡᠨᠢ ᠮᠡᠲᠦ ᠦᠵᠡᠮᠦᠢ᠃ ᠡᠨᠡ ᠭᠣᠣ ᠰᠢᠶᠣᠤ ᠵᠢᠶᠧ ᠴᠦ᠍ ᠣᠯᠠᠨ ᠠ᠋ᠴᠠ ᠬᠡᠲᠦᠢᠳᠦᠭᠰᠡᠨ ᠰᠠᠢᠬᠠᠨ ᠬᠥᠮᠦᠨ ᠲᠤᠯᠠ ᠪᠢᠴᠢᠭ᠂ ᠶᠠᠲᠤᠭ᠎ᠠ᠂ ᠮᠢᠭᠮᠡᠨ᠂ ᠵᠢᠷᠤᠭ ᠢ᠋ ᠦᠯᠦ ᠲᠥᠰᠥᠭᠯᠡᠬᠦ ᠢᠨᠤ ᠦᠭᠡᠢ᠃ ᠨᠡᠩ ᠪᠠᠰᠠ ᠨᠢᠭᠡᠨ ᠵᠤᠷᠪᠤᠰ ᠡᠷᠳᠡᠨᠢ ᠶ᠋ᠢᠨ ᠰᠡᠯᠡᠮ᠎ᠡ ᠪᠥᠵᠢᠭᠯᠡᠬᠦ ᠢᠨᠤ ᠯᠤᠤ ᠮᠣᠭᠠᠢ ᠭᠤᠷᠪᠠᠯᠵᠠᠬᠤ ᠮᠡᠲᠦ᠂ ᠮᠤᠷᠤᠢ ᠬᠥᠮᠥᠰᠬᠡ᠂ ᠱᠤᠪᠲᠤᠩ ᠮᠥᠷᠥ᠂ ᠨᠠᠷᠢᠨ ᠨᠢᠷᠤᠭᠤ᠂ ᠪᠢᠴᠢᠬᠠᠨ ᠬᠥᠯ᠂ ᠵᠢᠶᠠᠩ ᠨᠠᠨ ᠤ᠋ ᠭᠠᠵᠠᠷ ᠤ᠋ᠨ ᠭᠤᠸ᠎ᠠ ᠦᠵᠡᠰᠬᠦᠯᠡᠩ ᠨᠠᠷ ᠢ᠋ ᠳᠠᠷᠤᠵᠤᠬᠤᠢ᠃ ᠡᠭᠦᠨ ᠦ᠌ ᠥᠩᠭᠡ ᠵᠢᠰᠦ ᠣᠷᠴᠢᠨ ᠲᠣᠭᠣᠷᠢᠨ ᠨᠡᠷ᠎ᠡ ᠠᠯᠳᠠᠷᠰᠢᠵᠤ᠂ ᠣᠯᠠᠨ ᠢ᠋ᠶ᠋ᠠᠷ《 ᠭᠣᠣ ᠰᠢᠶᠣᠤ ᠵᠢᠶᠧ》 ᠭᠡᠮᠡᠨ ᠳᠠᠭᠤᠳᠠᠯᠴᠠᠳᠠᠭ ᠪᠥᠯᠥᠭᠡ᠃ ᠲᠡᠳᠦᠢ ᠭᠣᠣ ᠰᠢᠶᠣᠤ ᠵᠢᠶᠧ ᠮᠣᠩᠭᠣᠯ ᠤ᠋ᠨ ᠴᠡᠷᠢᠭ ᠣᠢᠷ᠎ᠠ ᠪᠣᠯᠵᠤ ᠦᠬᠦᠬᠦ ᠡᠳᠡᠭᠡᠬᠦ ᠵᠣᠪᠠᠯᠠᠩ ᠨᠢᠳᠦᠨ ᠦ᠌ ᠡᠮᠦᠨ᠎ᠡ ᠢᠷᠡᠭᠰᠡᠨ ᠢ ᠦᠵᠡᠭᠡᠳ ᠡᠴᠢᠭᠡ  ᠭᠣᠣ ᠵᠢᠶᠧ ᠳ᠋ᠦ᠍ᠷ ᠥᠭᠦᠯᠡᠷᠦᠨ ᠄《ᠬᠡᠦᠬᠡᠨ ᠪᠢ ᠦᠵᠡᠪᠡᠰᠦ ᠮᠠᠨ ᠤ᠋ ᠡᠨᠡ ᠰᠠᠬᠢᠭᠰᠠᠨ ᠮᠢᠶᠠᠨ ᠵᠧᠦ ᠬᠣᠲᠠ ᠬᠡᠳᠦᠢ ᠠᠭᠤᠯᠠᠨ ᠤ᠋ ᠪᠡᠷᠬᠡ ᠶ᠋ᠢ ᠡᠵᠡᠯᠡᠭᠰᠡᠨ ᠪᠣᠯᠪᠠᠴᠤ ᠡᠭᠡᠨᠡᠭᠲᠡ ᠢᠲᠡᠭᠡᠵᠦ ᠬᠠᠮᠠᠭᠠᠯᠠᠬᠤ ᠬᠣᠲᠠ ᠬᠡᠷᠡᠮ ᠦᠭᠡᠢ᠃ ᠲᠡᠷᠡ ᠬᠡᠳᠦᠨ ᠡᠯᠰᠡᠭᠰᠡᠨ ᠴᠡᠷᠢᠭ ᠪᠠ ᠢᠷᠭᠡᠨ ᠳ᠋ᠦ᠍ᠷ ᠬᠡᠷᠬᠢᠨ ᠢᠲᠡᠭᠡᠵᠦ ᠪᠣᠯᠬᠤ ᠠᠵᠢ !  ᠮᠠᠨ ᠳ᠋ᠤᠷ ᠲᠡᠳᠡᠭᠡᠷ ᠢᠷᠭᠡᠨ ᠦ᠌ ᠰᠡᠳᠬᠢᠯ ᠢ᠋ ᠭᠦᠨ᠎ᠡ ᠣᠯᠤᠭᠰᠠᠨ ᠭᠠᠵᠠᠷ ᠦᠭᠡᠢ᠃ ᠠᠩᠬ᠎ᠠ ᠤᠳᠠᠭ᠎ᠠ ᠬᠡᠳᠦᠢ ᠬᠡᠳᠦᠨ ᠵᠡᠷᠭᠡ ᠲᠤᠯᠤᠭᠰᠠᠨ ᠪᠣᠯᠪᠠᠴᠤ ᠢᠷᠭᠡᠨ ᠴᠥᠮ ᠬᠦᠦ ᠶ᠋ᠢᠨ ᠮᠥᠩᠭᠥ᠂ ᠰᠠᠩ ᠤ᠋ᠨ ᠠᠮᠤ ᠳ᠋ᠤᠷ ᠳᠤᠷᠠᠯᠠᠵᠤᠬᠤᠢ᠃ ᠡᠳᠦᠭᠡ ᠬᠦᠦ ᠳᠠᠭᠤᠰᠴᠤ ᠰᠠᠩ ᠬᠣᠭᠣᠰᠣᠷᠠᠭᠰᠠᠨ ᠢ᠋ ᠢᠷᠭᠡᠨ ᠮᠡᠳᠡᠬᠦ ᠦᠭᠡᠢ ᠶᠣᠰᠣ ᠪᠣᠢ ᠤᠤ ! ᠶᠠᠭᠤᠨ ᠤ᠋ ᠮᠠᠨ ᠳ᠋ᠤᠷ ᠬᠠᠭᠤᠷᠲᠠᠵᠤ ᠮᠣᠩᠭᠣᠯ ᠤ᠋ᠨ ᠴᠡᠷᠢᠭ ᠯᠦ᠍ᠭᠡ ᠦᠬᠦᠨ ᠲᠤᠯᠬᠤ ᠠᠵᠢ !  ᠰᠢᠬᠠᠮᠳᠠᠪᠠᠰᠤ ᠡᠴᠢᠭᠡ ᠴᠢᠮᠠᠶ᠋ᠢ ᠪᠠᠷᠢᠵᠤ ᠥᠭᠭᠦᠭᠡᠳ ᠮᠣᠩᠭᠣᠯ ᠳ᠋ᠤᠷ ᠳᠠᠭᠠᠬᠤ ᠴᠤ᠌ ᠶᠠᠭᠤᠨ ᠮᠠᠭᠠᠳ᠂ ᠡᠨᠡ ᠮᠡᠲᠦ ᠲᠦᠭᠰᠢᠭᠦᠷᠢᠲᠡᠢ ᠪᠡᠷ ᠵᠢᠷᠭᠠᠯ ᠳ᠋ᠤᠷ ᠰᠢᠨᠤᠬᠠᠢᠷᠠᠭᠰᠠᠨ ᠡᠵᠡᠨ ᠳ᠋ᠦ᠍ᠷ ᠵᠢᠳᠬᠦᠬᠦ ᠡᠴᠡ ᠡᠷᠲᠡᠬᠡᠨ ᠶᠡᠬᠡ ᠲᠤᠰᠢᠶᠠᠯ ᠢ᠋ ᠭᠡᠭᠡᠵᠦ ᠲᠠᠷᠢᠶᠠᠯᠠᠩ ᠳ᠋ᠤᠷ ᠡᠭᠡᠪᠡᠰᠦ ᠳᠡᠭᠡᠷ᠎ᠡ ᠪᠣᠢ ‍ᠶ᠎ᠠ !》 ᠬᠡᠮᠡᠬᠦᠢ ᠳ᠋ᠦ᠍ᠷ ᠡᠴᠢᠭᠡ ᠢᠨᠤ ᠭᠣᠣ ᠵᠢᠶᠧ ᠢᠨᠢᠶᠡᠨ ᠥᠭᠦᠯᠡᠷᠦᠨ ᠄《 ᠪᠢᠴᠢᠬᠠᠨ ᠬᠡᠦᠬᠡᠨ ᠴᠢ ᠤᠯᠤᠰ ᠲᠥᠷᠥ ᠶ᠋ᠢᠨ ᠶᠡᠬᠡ ᠬᠡᠷᠡᠭ ᠢ᠋ ᠬᠡᠷᠬᠢᠨ ᠮᠡᠳᠡᠬᠦ ᠪᠣᠢ !》 ᠬᠡᠮᠡᠬᠦᠢ ᠳ᠋ᠦ᠍ᠷ ᠭᠣᠣ ᠰᠢᠶᠣᠤ ᠵᠢᠶᠧ ᠰᠡᠭᠦᠷᠡᠰᠦᠨ ᠠᠯᠳᠠᠵᠤ ᠥᠭᠦᠯᠡᠷᠦᠨ ᠄《ᠡᠴᠢᠭᠡ ᠨᠠᠰᠤᠵᠢᠬᠤ ᠰᠢᠬᠠᠪᠠ᠂ ᠮᠢᠨᠦ ᠳᠡᠭᠡᠷ᠎ᠡ ᠠᠬ᠎ᠠ ᠦᠭᠡᠢ᠂ ᠳᠣᠣᠷ᠎ᠠ ᠪᠠᠰᠠ ᠳᠡᠭᠦᠦ ᠪᠠᠢᠬᠤ ᠪᠤᠰᠤ᠂ ᠡᠴᠢᠭᠡ ᠳᠡᠮᠡᠢᠯᠡ ᠬᠡᠨ ᠦ᠌ ᠲᠥᠯᠥᠭᠡ ᠡᠨᠡ ᠮᠡᠲᠦ ᠦᠬᠦᠨ ᠴᠢᠷᠮᠠᠢᠮᠤᠢ ! ᠨᠡᠩ ᠪᠠᠰᠠ ᠮᠣᠩᠭᠣᠯ ᠤ᠋ᠨ ᠴᠡᠷᠢᠭ ᠬᠠᠷᠠᠬᠠᠨ ᠪᠠᠳᠠᠷᠠᠬᠤ ᠴᠠᠭ᠂ ᠠᠯᠲᠠᠨ ᠤᠯᠤᠰ ᠤ᠋ᠨ ᠲᠡᠷᠡ ᠮᠡᠲᠦ ᠲᠦᠷᠢᠮᠡᠬᠡᠢ ᠪᠡᠷ ᠪᠠᠰᠠ ᠲᠤᠯᠵᠤ ᠡᠰᠡ ᠴᠢᠳᠠᠨ ᠮᠥᠬᠥᠭᠰᠡᠨ ᠢ᠋ ᠦᠵᠡᠬᠦᠯ᠎ᠡ ᠬᠢᠯᠪᠠᠷ ᠦᠵᠡᠵᠦ ᠦᠯᠦ ᠪᠣᠯᠤᠮᠤᠢ !》 ᠬᠡᠮᠡᠬᠦᠢ ᠳ᠋ᠦ᠍ᠷ ᠡᠴᠢᠭᠡ ᠢᠨᠤ ᠥᠭᠦᠯᠡᠷᠦᠨ ᠄《ᠡᠳᠦᠭᠡ ᠨᠢᠭᠡᠨᠲᠡ ᠤᠬᠤᠷᠢᠵᠤ ᠪᠣᠯᠬᠤ ᠦᠭᠡᠢ ᠪᠣᠯᠵᠤᠬᠤᠢ᠂ ᠬᠡᠦᠬᠡᠨ ᠴᠢ ᠠᠶᠤᠪᠠᠰᠤ ᠬᠠᠷᠢᠨ ᠦᠨᠡᠬᠡᠷ ᠳᠠᠷᠤᠭᠳᠠᠪᠠᠰᠤ ᠳᠤᠲᠠᠭᠠᠬᠤ ᠲᠡᠷᠭᠡ ᠮᠣᠷᠢ ᠶ᠋ᠢ ᠪᠡᠯᠡᠳ !》 ᠬᠡᠮᠡᠪᠡ᠃ 
       ᠡᠨᠡ ᠦᠶ᠎ᠡ ᠳ᠋ᠦ᠍ᠷ ᠮᠣᠩᠭᠣᠯ ᠤ᠋ᠨ ᠲᠠᠢᠽᠢ ᠬᠥᠶᠦᠭ ᠦ᠋ᠨ ᠴᠡᠷᠢᠭ ᠬᠡᠳᠦᠢᠨᠡᠢ ᠪᠠᠢ ᠱᠦᠢ ᠭᠤᠸᠠᠨ ᠪᠣᠭᠣᠮᠲᠠ ᠪᠠᠷ ᠣᠷᠣᠵᠤ᠂ ᠢᠦ ᠬᠦ ᠴᠢᠶᠣᠤ ᠳ᠋ᠤᠷ ᠬᠦᠷᠪᠡᠢ᠃ ᠡᠨᠡ ᠭᠠᠵᠠᠷ ᠮᠢᠶᠠᠨ ᠵᠧᠦ ᠡᠴᠡ ᠵᠢᠷᠠᠬᠠᠨ ᠭᠠᠵᠠᠷ ᠤ᠋ᠨ ᠲᠡᠳᠦᠢ ᠬᠣᠯᠠ ᠲᠤᠯᠠ ᠮᠢᠶᠠᠨ ᠵᠧᠦ ᠬᠡᠳᠦᠢᠨᠡᠢ ᠲᠤᠷᠰᠢᠭᠤᠯ ᠠ᠋ᠴᠠ ᠰᠣᠨᠣᠰᠴᠤ ᠭᠣᠣ ᠵᠢᠶᠧ ᠶᠠᠭᠠᠷᠠᠨ ᠶᠡᠬᠡ ᠬᠡᠩᠭᠡᠷᠭᠡ ᠳᠡᠯᠡᠳᠦᠭᠦᠯᠦᠨ ᠣᠯᠠᠨ ᠴᠡᠷᠢᠭ ᠢ᠋ ᠴᠤᠭᠯᠠᠭᠤᠯᠵᠤ᠂ ᠠᠭᠤᠯᠠ ᠪᠦᠷᠢ ᠶ᠋ᠢᠨ ᠥᠨᠳᠥᠷ ᠣᠷᠣᠢ ᠳ᠋ᠤᠷ ᠠᠪᠠᠷᠢᠭᠤᠯᠵᠤ ᠲᠤᠭ ᠬᠢᠭᠢᠷᠢ ᠶᠡᠬᠡᠯ᠎ᠡ ᠪᠣᠰᠬᠠᠵᠤ᠂ ᠮᠣᠩᠭᠣᠯ ᠢ᠋ ᠰᠡᠵᠢᠭᠯᠡᠭᠦᠯᠬᠦ ᠴᠡᠷᠢᠭ ᠪᠣᠯᠭᠠᠪᠠᠢ᠃  ᠱᠤ᠌ ᠭᠠᠵᠠᠷ ᠲᠤᠷ ᠵᠣᠣ ᠶᠠᠨ ᠨᠠ ᠬᠦᠷᠴᠦ ᠽᠦᠩ ᠭᠤᠸᠠᠨ ᠲᠦᠰᠢᠮᠡᠯ ᠶᠠᠩ ᠵᠢᠶᠦ᠋ᠨ᠂ ᠾᠧ ᠯᠢᠨ ᠬᠣᠶᠠᠭᠤᠯᠠ ᠶ᠋ᠢ ᠴᠢᠮᠡᠭᠡ ᠠᠪᠴᠤ ᠨᠡᠢᠯᠡᠵᠦ ᠲᠤᠰᠠᠯᠠ ᠭᠡᠮᠡᠨ ᠲᠣᠭᠲᠠᠭᠠᠭᠠᠳ ᠪᠠᠰᠠ ᠨᠢᠭᠡᠨ ᠮᠢᠩᠭᠠᠨ ᠰᠢᠯᠭᠠᠳᠠᠭ ᠴᠡᠷᠢᠭ ᠰᠣᠩᠭᠣᠵᠤ ᠸᠠᠩ ᠵᠢᠶᠦ᠋ᠨ ᠳ᠋ᠦ᠍ᠷ ᠥᠭᠴᠦ ᠲᠤᠰᠠᠯᠠᠭᠤᠯᠪᠠᠢ᠃  
       ᠲᠡᠳᠦᠢ ᠮᠣᠩᠭᠣᠯ ᠤ᠋ᠨ ᠲᠠᠢᠽᠢ ᠬᠥᠶᠦᠭ ᠮᠢᠶᠠᠨ ᠵᠧᠦ ᠶ᠋ᠢᠨ ᠠᠭᠤᠯᠠ ᠶ᠋ᠢ ᠰᠠᠬᠢᠭᠰᠠᠨ ᠢ᠋ ᠰᠣᠨᠣᠰᠴᠤ ᠰᠢᠳᠠᠷ ᠵᠠᠩᠵᠤᠨ ᠨᠠᠷ ᠲᠤᠷ ᠥᠭᠦᠯᠡᠷᠦᠨ:《ᠮᠢᠶᠠᠨ ᠵᠧᠦ ᠶ᠋ᠢᠨ ᠭᠣᠣ ᠵᠢᠶᠧ ᠭᠠᠭᠴᠠ ᠥᠨᠳᠥᠷ ᠠᠭᠤᠯᠠ ᠶ᠋ᠢ ᠰᠠᠬᠢᠬᠤ ᠶ᠋ᠢ ᠮᠡᠳᠡᠪᠡᠴᠦ ᠴᠢᠬᠢ ᠳᠦᠯᠡᠢ ᠪᠥᠭᠡᠳ ᠴᠡᠭᠡᠵᠢ ᠪᠠᠰᠠ ᠪᠢᠲᠡᠭᠦᠦ᠂ ᠮᠠᠨ ᠤ᠋ ᠴᠡᠷᠢᠭ ᠴᠠᠪᠴᠢᠮ᠎ᠠ ᠬᠠᠳᠠ ᠶ᠋ᠢᠨ ᠬᠣᠲᠠ ᠶ᠋ᠢ ᠪᠠᠢᠯᠳᠤᠨ ᠠᠪᠬᠤᠢ ᠳ᠋ᠤᠷ ᠲᠡᠭᠰᠢ ᠭᠠᠵᠠᠷ ᠶᠠᠪᠤᠬᠤ ᠠᠳᠠᠯᠢ᠂ ᠭᠤᠴᠢᠨ ᠣᠨ ᠤ᠋ ᠬᠣᠭᠣᠷᠣᠨᠳᠣ ᠮᠢᠩᠭᠠᠨ ᠬᠣᠲᠠ ᠶ᠋ᠢ ᠠᠪᠤᠭᠰᠠᠨ ᠢ᠋ ᠲᠡᠷᠡ ᠡᠰᠡ ᠰᠣᠨᠣᠰᠤᠭᠰᠠᠨ ᠠᠵᠤᠭᠤ !》 ᠭᠡᠮᠡᠨ ᠴᠡᠷᠢᠭ ᠦ᠋ᠨ ᠠᠷᠠᠳ ᠤ᠋ᠨ ᠭᠤᠲᠤᠯ ᠤ᠋ᠨ ᠪᠣᠷᠪᠢ ᠳ᠋ᠤᠷ ᠥᠨᠳᠥᠷ ᠲᠠᠬ᠎ᠠ ᠬᠠᠳᠠᠭᠤᠯᠵᠤ ᠥᠯᠮᠡᠢ ᠳ᠋ᠦ᠍ᠷ ᠨᠢᠮᠭᠡᠨ ᠭᠣᠬ᠎ᠠ ᠤᠶᠠᠭᠤᠯᠵᠤ ᠪᠠᠢᠯᠳᠤ ᠭᠡᠮᠡᠨ ᠴᠡᠷᠢᠭ ᠢ᠋ ᠲᠦᠷ ᠵᠣᠭᠰᠣᠭᠠᠵᠤ᠂ ᠳᠠᠷᠤᠢ ᠲᠠᠬ᠎ᠠ ᠭᠣᠬ᠎ᠠ ᠬᠢᠯᠭᠡᠵᠦ ᠭᠡᠨᠡᠳᠲᠡ ᠰᠥᠨᠢ ᠳᠦᠯᠢ ᠳ᠋ᠦ᠍ᠷ ᠴᠡᠷᠢᠭ ᠡᠬᠡ ᠭᠡᠮᠡᠨ ᠰᠣᠴᠢᠮᠠᠭᠠᠢ ᠵᠠᠷᠯᠠᠵᠤ ᠡᠭᠡᠵᠦ ᠲᠠᠪᠢᠨ ᠭᠠᠵᠠᠷ ᠪᠠᠭᠤᠳᠠᠯᠯᠠᠵᠤ᠂ ᠪᠠᠰᠠ ᠰᠥᠨᠢ ᠪᠡᠷ ᠡᠭᠡᠵᠦ ᠳᠣᠪᠲᠣᠯᠤᠨ ᠣᠷᠣᠬᠤ ᠶ᠋ᠢ ᠰᠤᠷᠭᠠᠵᠤ᠂ ᠮᠠᠷᠭᠠᠰᠢ ᠰᠥᠨᠢ ᠴᠡᠷᠢᠭ ᠦ᠋ᠨ ᠠᠷᠠᠳ ᠢ᠋ ᠴᠠᠳᠲᠠᠯ᠎ᠠ ᠪᠤᠳᠠᠭᠠᠯᠠᠨ᠂ ᠬᠣᠶᠠᠷ ᠡᠳᠦᠷ ᠦ᠋ᠨ ᠬᠠᠭᠤᠷᠠᠢ ᠬᠦᠨᠡᠰᠦ ᠠᠪᠤᠭᠤᠯᠵᠤ᠂ ᠨᠠᠷᠠᠨ ᠤᠨᠠᠮᠠᠭᠴᠠ ᠴᠡᠷᠢᠭ ᠦ᠋ᠨ ᠠᠷᠠᠳ ᠲᠤᠷ ᠰᠢᠪᠠᠭ᠎ᠠ ᠡᠮᠬᠦᠭᠦᠯᠦᠨ ᠳᠣᠪᠲᠣᠯᠤᠨ ᠾᠧ ᠯᠢᠨ ᠦ᠌ ᠴᠡᠷᠢᠭ ᠦ᠋ᠨ ᠬᠦᠷᠢᠶ᠎ᠡ ᠳ᠋ᠦ᠍ᠷ ᠴᠣᠬᠢᠨ ᠣᠷᠣᠵᠤ ᠢᠷᠡᠪᠡ᠃ ᠡᠨᠡ ᠦᠶ᠎ᠡ ᠳ᠋ᠦ᠍ᠷ ᠾᠧ ᠯᠢᠨ ᠮᠣᠩᠭᠣᠯ ᠤ᠋ᠨ ᠴᠡᠷᠢᠭ ᠮᠠᠨ ᠠ᠋ᠴᠠ ᠠᠶᠤᠨ ᠳᠤᠲᠠᠭᠠᠪᠠ ᠭᠡᠮᠡᠨ ᠶᠡᠬᠡᠯ᠎ᠡ ᠣᠮᠣᠭᠰᠢᠵᠤ᠂ ᠮᠢᠶᠠᠨ ᠵᠧᠦ ᠳ᠋ᠦ᠍ᠷ ᠬᠥᠮᠦᠨ ᠳᠣᠪᠲᠣᠯᠭᠠᠨ ᠮᠡᠳᠡᠭᠦᠯᠦᠨ ᠢᠯᠡᠭᠡᠭᠡᠳ ᠥᠪᠡᠷ ᠢ᠋ᠶ᠋ᠡᠨ ᠲᠡᠷᠢᠭᠦᠯᠡᠨ ᠣᠯᠠᠨ ᠴᠡᠷᠢᠭ ᠯᠤᠭᠡ ᠪᠡᠨ ᠶᠡᠬᠡᠯ᠎ᠡ ᠬᠤᠷᠢᠮᠯᠠᠵᠤ ᠠᠷᠢᠬᠢᠳᠠᠭᠠᠳ ᠨᠣᠯᠤᠭ ᠰᠣᠭᠲᠣᠵᠤ ᠬᠠᠷᠠᠬᠠᠨ ᠤᠮᠳᠠᠯᠴᠠᠬᠤᠢ ᠳ᠋ᠤᠷ ᠰᠥᠨᠢ ᠳᠦᠯᠢ ᠶ᠋ᠢᠨ ᠦᠶ᠎ᠡ᠂ ᠮᠣᠩᠭᠣᠯ ᠤ᠋ᠨ ᠶᠡᠬᠡ ᠴᠡᠷᠢᠭ ᠭᠡᠨᠡᠳᠲᠡ ᠴᠣᠬᠢᠨ ᠬᠦᠷᠴᠦ ᠢᠷᠡᠭᠡᠳ ᠴᠡᠷᠢᠭ ᠦ᠋ᠨ ᠬᠦᠷᠢᠶ᠎ᠡ ᠳ᠋ᠦ᠍ᠷ ᠭᠠᠯ ᠲᠠᠯᠪᠢᠨ ᠪᠠᠢᠯᠳᠤᠵᠤ ᠣᠷᠣᠭᠰᠠᠨ ᠳ᠋ᠤᠷ ᠾᠧ ᠯᠢᠨ ᠳᠠᠩ ᠳᠡᠪᠡᠯ ᠥᠮᠥᠳᠥ ᠦᠭᠡᠢ ᠵᠠᠢᠳᠠᠩ ᠮᠣᠷᠢ ᠪᠠᠷ ᠳᠤᠲᠠᠭᠠᠨ ᠭᠠᠷᠪᠠ᠃ ᠴᠡᠷᠢᠭ ᠶᠡᠬᠡ ᠬᠠᠭᠠᠰ ᠬᠣᠬᠢᠷᠠᠵᠤ᠂ ᠬᠦᠷᠢᠶ᠎ᠡ ᠪᠠ ᠠᠮᠤ ᠬᠦᠨᠡᠰᠦ ᠴᠥᠮ ᠠᠪᠲᠠᠵᠤ᠂ ᠦᠯᠡᠳᠡᠭᠰᠡᠨ ᠴᠡᠷᠢᠭ ᠾᠧ ᠯᠢᠨ ᠢ᠋ ᠨᠡᠬᠡᠵᠦ ᠬᠦᠷᠪᠡ᠃ ᠲᠡᠳᠦᠢ ᠮᠣᠩᠭᠣᠯ ᠤ᠋ᠨ ᠤᠷᠢᠳᠤ ᠠᠩᠭᠢ ᠶ᠋ᠢᠨ ᠴᠡᠷᠢᠭ ᠵᠣᠭᠰᠣᠯ ᠦᠭᠡᠢ ᠳᠣᠪᠲᠣᠯᠤᠨ ᠮᠢᠶᠠᠨ ᠵᠧᠦ ᠳ᠋ᠦ᠍ᠷ ᠬᠥᠷᠥᠭᠰᠡᠨ᠎ᠡ᠂ ᠮᠢᠶᠠᠨ ᠵᠧᠦ ᠶ᠋ᠢᠨ ᠭᠣᠣ ᠵᠢᠶᠧ᠂ ᠾᠧ ᠯᠢᠨ ᠦ᠌ ᠮᠡᠳᠡᠭᠡ ᠳ᠋ᠦ᠍ᠷ ᠶᠡᠬᠡᠯ᠎ᠡ ᠢᠲᠡᠭᠡᠮᠵᠢᠯᠡᠨ᠂ ᠠᠭᠤᠯᠠᠨ ᠤ᠋ ᠪᠣᠭᠣᠮᠲᠠ ᠶ᠋ᠢ ᠨᠡᠭᠡᠭᠡᠵᠦ ᠣᠯᠠᠨ ᠢᠷᠭᠡᠨ ᠢ᠋ ᠶᠠᠪᠤᠭᠤᠯᠬᠤᠢ ᠳ᠋ᠤᠷ ᠰᠥᠨᠢ ᠨᠢᠭᠡᠨ ᠵᠢᠩ ᠪᠣᠯᠬᠤ ᠶ᠋ᠢᠨ ᠤᠷᠢᠳ ᠮᠣᠩᠭᠣᠯ ᠴᠡᠷᠢᠭ ᠳᠣᠪᠲᠣᠯᠤᠨ ᠬᠦᠷᠴᠦ ᠠᠭᠤᠯᠠᠨ ᠤ᠋ ᠪᠣᠭᠣᠮᠲᠠ ᠶ᠋ᠢ ᠪᠤᠯᠢᠶᠠᠨ ᠠᠪᠴᠤ ᠶᠡᠬᠡ ᠴᠡᠷᠢᠭ ᠠᠯᠠᠨ ᠣᠷᠣᠵᠤ ᠪᠠᠷᠬᠢᠷᠠᠬᠤ ᠠᠨᠤ :《ᠲᠡᠷᠢᠭᠦᠯᠡᠭᠰᠡᠨ ᠵᠠᠩᠵᠤᠨ ᠭᠣᠣ ᠵᠢᠶᠧ ᠶ᠋ᠢ ᠲᠤᠰᠢᠶᠠᠪᠠᠰᠤ ᠵᠠᠭᠤᠨ ᠣᠪᠣᠭᠲᠠᠨ ᠤ᠋ ᠠᠮᠢᠨ ᠢ᠋ ᠬᠡᠯᠲᠦᠷᠢᠭᠦᠯᠵᠦ ᠣᠯᠠᠨ ᠴᠡᠷᠢᠭ ᠢ᠋ ᠨᠢᠭᠡᠨ ᠴᠦ᠍ ᠠᠯᠠᠬᠤ ᠦᠭᠡᠢ !》ᠬᠡᠮᠡᠯᠳᠦᠬᠦᠢ ᠳ᠋ᠦ᠍ᠷ ᠦᠵᠡᠪᠡᠰᠦ ᠴᠡᠷᠢᠭ ᠢᠷᠭᠡᠨ ᠨᠢᠭᠡᠨᠲᠡ ᠭᠡᠲᠦᠯᠦᠰᠢ ᠦᠭᠡᠢ ᠪᠣᠯᠤᠭᠰᠠᠨ ᠳ᠋ᠤᠷ ᠠᠮᠢ ᠭᠡᠯᠳᠦᠷᠢᠰᠦᠭᠡᠢ ᠭᠡᠮᠡᠨ ᠪᠦᠭᠦᠳᠡᠭᠡᠷ ᠴᠤᠭᠯᠠᠨ ᠢᠷᠡᠵᠦ᠂ ᠭᠣᠣ ᠵᠢᠶᠧ ᠶ᠋ᠢ ᠪᠠᠷᠢᠵᠤ ᠲᠦᠯᠬᠢᠨ ᠭᠠᠷᠭᠠᠵᠤ ᠪᠠᠢᠯᠳᠤ ᠭᠡᠮᠡᠨ ᠭᠠᠷ ᠬᠥᠳᠡᠯᠭᠦᠢ ᠳ᠋ᠦ᠍ᠷ ᠭᠣᠣ ᠵᠢᠶᠧ ᠶᠡᠬᠡᠯ᠎ᠡ ᠬᠢᠯᠢᠩᠯᠡᠵᠦ᠂ ᠡᠨᠡ ᠪᠣᠭᠣᠯᠴᠤᠳ ᠰᠠᠮᠠᠭᠤᠷᠠᠪᠠ ᠭᠡᠮᠡᠨ ᠰᠦᠷ ᠢ᠋ᠶ᠋ᠡᠷ ᠳᠠᠷᠤᠰᠤᠭᠠᠢ ᠭᠡᠮᠡᠨ ᠬᠠᠰᠬᠢᠷᠤᠨ ᠵᠠᠩᠳᠠᠬᠤᠢ ᠳ᠋ᠤᠷ ᠣᠯᠠᠨ ᠴᠡᠷᠢᠭ ᠬᠠᠷᠢᠨ ᠬᠠᠳᠠᠭᠠᠨᠠᠲᠠᠯ᠎ᠠ ᠢᠨᠢᠶᠡᠯᠴᠡᠨ ᠭᠣᠣ ᠵᠢᠶᠧ ᠶ᠋ᠢ ᠲᠦᠯᠬᠢᠨ ᠠᠪᠴᠤ ᠭᠠᠷᠴᠤ ᠢᠷᠡᠲᠡᠯ᠎ᠡ ᠥᠬᠢᠨ ᠢᠨᠤ ᠭᠣᠣ ᠶ᠋ᠢᠨ ᠶᠠᠩ ᠶᠡᠬᠡ ᠯᠡ ᠰᠢᠬᠠᠮᠳᠠᠨ ᠰᠡᠯᠡᠮ᠎ᠡ ᠪᠡᠨ ᠠᠪᠴᠤ ᠬᠥᠭᠡᠭᠡᠨ ᠭᠠᠷᠴᠤ ᠢᠷᠡᠭᠡᠳ ᠤᠷᠪᠠᠭᠰᠠᠨ ᠴᠡᠷᠢᠭ ᠦ᠋ᠨ ᠲᠡᠷᠢᠭᠦᠯᠡᠭᠰᠡᠨ ᠬᠡᠳᠦᠨ ᠬᠥᠮᠦᠨ ᠢ᠋ ᠴᠠᠪᠴᠢᠨ ᠤᠨᠠᠭᠠᠵᠤ᠂ ᠡᠴᠢᠭᠡ ᠪᠡᠨ ᠪᠤᠯᠢᠶᠠᠨ ᠠᠪᠰᠤᠭᠠᠢ ᠬᠡᠮᠡᠲᠡᠯ᠎ᠡ ᠮᠣᠩᠭᠣᠯ ᠤ᠋ᠨ ᠶᠡᠬᠡ ᠴᠡᠷᠢᠭ ᠨᠢᠭᠤᠷ ᠨᠢᠳᠦ ᠦᠭᠡᠢ ᠴᠠᠪᠴᠢᠯᠬᠢᠯᠠᠨ ᠢᠷᠡᠵᠦ ᠲᠠᠰᠤᠯᠤᠭᠳᠠᠭᠰᠠᠨ ᠳ᠋ᠤᠷ ᠶᠠᠭᠠᠷᠠᠨ ᠡᠭᠡᠨ ᠣᠷᠣᠵᠤ᠂ ᠡᠬᠡ ᠹᠸᠩ ᠱᠢ ᠶ᠋ᠢ ᠬᠡᠳᠦᠨ ᠰᠢᠳᠠᠷ ᠥᠬᠢᠳ ᠯᠤᠭ᠎ᠠ ᠪᠠᠨ ᠪᠡᠯᠡᠳᠬᠡᠭᠰᠡᠨ ᠮᠣᠷᠢ ᠪᠠᠨ ᠤᠨᠤᠵᠤ᠂ ᠬᠣᠢᠲᠤ ᠡᠭᠦᠳᠡ ᠪᠡᠷ ᠭᠠᠷᠴᠤ ᠪᠠᠷᠠᠭᠤᠨ ᠬᠣᠢᠲᠤ ᠵᠡᠪᠡ ᠥᠭᠡᠳᠡᠯᠡᠨ ᠳᠤᠲᠠᠭᠠᠨ ᠡᠴᠢᠪᠡ᠃ ᠡᠨᠡ ᠦᠶ᠎ᠡ ᠳ᠋ᠦ᠍ᠷ ᠰᠥᠩ ᠤᠯᠤᠰ ᠤ᠋ᠨ ᠮᠢᠶᠠᠨ ᠵᠧᠦ ᠶ᠋ᠢᠨ ᠴᠡᠷᠢᠭ ᠭᠣᠣ ᠵᠢᠶᠧ ᠶ᠋ᠢ ᠬᠦᠷᠭᠡᠵᠦ ᠳᠠᠭᠠᠬᠤ ᠤᠴᠢᠷ ᠢ᠋ ᠬᠡᠯᠡᠵᠦ ᠵᠠᠪᠳᠤᠬᠤᠢ ᠶ᠋ᠢᠨ ᠤᠷᠢᠳ᠂ ᠮᠣᠩᠭᠣᠯ ᠤ᠋ᠨ ᠴᠡᠷᠢᠭ ᠬᠡᠳᠦᠢᠨᠡᠢ ᠬᠠᠭᠠᠵᠤ ᠴᠠᠪᠴᠢᠯᠬᠢᠯᠠᠨ ᠭᠣᠣ ᠵᠢᠶᠧ ᠬᠢᠭᠡᠳ ᠭᠣᠣ ᠵᠢᠶᠧ ᠶ᠋ᠢ ᠪᠠᠷᠢᠭᠰᠠᠨ ᠴᠡᠷᠢᠭ ᠲᠡᠢ ᠴᠥᠮ ᠠᠯᠠᠪᠠ᠃ 
       ᠲᠡᠳᠦᠢ ᠲᠠᠢᠽᠢ ᠭᠦᠶᠦᠭ ᠵᠢᠴᠢ ᠥᠷᠯᠥᠭᠡ ᠢᠷᠭᠡᠨ ᠢ᠋ ᠲᠣᠭᠲᠠᠭᠠᠬᠤᠢ ᠳ᠋ᠤᠷ ᠠᠷᠪᠠᠨ ᠪᠠᠭ᠎ᠠ ᠵᠠᠩᠵᠤᠨ ᠨᠠᠷ ᠢ᠋ ᠠᠮᠠᠯᠠᠨ ᠭᠠᠷᠭᠠᠵᠤ᠂ ᠴᠡᠷᠢᠭ ᠦ᠋ᠨ ᠠᠷᠠᠳ ᠢ᠋ ᠴᠠᠭᠠᠵᠠᠯᠠᠨ ᠢᠷᠭᠡᠨ ᠢ᠋ ᠪᠢᠲᠡᠭᠡᠢ ᠬᠥᠳᠡᠯᠭᠡ ᠭᠡᠮᠡᠨ ᠪᠠᠢᠴᠠᠯᠭᠠᠷ᠎ᠠ ᠢᠯᠡᠭᠡᠬᠦᠢ ᠳ᠋ᠦ᠍ᠷ ᠥᠨᠥᠬᠡᠨ ᠳᠠᠭᠠᠭᠰᠠᠨ ᠠᠯᠲᠠᠨ ᠤᠯᠤᠰ ᠤ᠋ᠨ ᠬᠦᠩ ᠴᠧᠩ ᠦ᠋ᠨ ᠽᠦᠩ ᠱᠤᠸᠠᠢ ᠸᠠᠩ ᠰᠢ ᠰᠢᠶᠠᠨ ᠤ᠋ ᠭᠤᠷᠪᠠᠳᠤᠭᠠᠷ ᠬᠥᠪᠡᠭᠦᠨ ᠸᠠᠩ ᠢᠦᠢ ᠵᠸᠨ᠂ ᠮᠠᠰᠢ ᠬᠡᠲᠦᠷᠬᠡᠢ ᠭᠤᠸ᠎ᠠ ᠦᠵᠡᠰᠬᠦᠯᠡᠩ ᠥᠩᠭᠡ ᠭᠡᠷᠡᠯ ᠲᠡᠢ ᠪᠥᠭᠡᠳ ᠪᠢᠴᠢᠭ ᠴᠡᠷᠢᠭ ᠦ᠋ᠨ ᠡᠷᠳᠡᠮ ᠲᠡᠭᠰᠢ᠂ ᠰᠠᠶᠢ ᠠᠷᠪᠠᠨ ᠳᠣᠯᠣᠭᠠᠨ ᠨᠠᠰᠤ ᠲᠠᠢ ᠪᠥᠭᠡᠳ ᠰᠡᠴᠡᠨ ᠬᠤᠷᠴᠠ ᠣᠯᠠᠨ ᠠ᠋ᠴᠠ ᠬᠡᠲᠦᠢᠳᠴᠦ ᠨᠢᠭᠤᠷ ᠠᠨᠤ ᠠᠷᠢᠯᠤᠭᠰᠠᠨ ᠰᠠᠷᠠᠨ ᠮᠡᠲᠦ᠂ ᠬᠤᠷᠤᠭᠤ ᠠᠨᠤ ᠠᠷᠢᠯᠭᠠᠭᠰᠠᠨ ᠰᠣᠩᠭᠢᠨ᠎ᠠ ᠠᠳᠠᠯᠢ᠂ ᠥᠭᠦᠯᠡᠬᠦ ᠥᠴᠢᠬᠦ ᠡᠶᠡᠪᠡᠷᠭᠦ ᠲᠠᠭᠠᠯᠠᠮᠵᠢᠲᠠᠢ᠃ ᠠᠯᠬᠤᠵᠤ ᠭᠢᠰᠬᠢᠬᠦ ᠬᠡᠭᠡᠨᠴᠢᠷ ᠦᠵᠡᠰᠬᠦᠯᠡᠩ᠂ ᠦᠨᠡᠬᠡᠷ ᠬᠠᠰ ᠤ᠋ᠨ ᠰᠠᠯᠬᠢᠨ ᠮᠥᠯᠰᠥᠨ ᠦ᠌ ᠰᠢᠭᠦᠳᠡᠷᠢ ᠮᠡᠲᠦ ᠠᠷᠢᠭᠤᠨ ᠲᠤᠩᠭᠠᠯᠠᠭ ᠭᠡᠭᠡᠬᠡᠨ ᠰᠠᠢᠬᠠᠨ ᠲᠤᠯᠠ ᠲᠠᠢᠽᠢ ᠭᠦᠶᠦᠭ ᠨᠢᠭᠡᠨ ᠳ᠋ᠦ᠍ᠷ ᠲᠡᠭᠦᠨ ᠦ᠌ ᠰᠡᠴᠡᠨ ᠰᠡᠷᠭᠦᠯᠡᠩ ᠬᠡᠭᠡᠨᠴᠢᠷ ᠲᠤᠩᠭᠠᠯᠠᠭ ᠲᠤᠷ ᠪᠠᠬᠠᠷᠬᠠᠨ᠂ ᠬᠣᠶᠠᠷ ᠲᠤᠷ ᠲᠡᠭᠦᠨ ᠦ᠌ ᠡᠴᠢᠭᠡ ᠶ᠋ᠢᠨ ᠰᠡᠳᠬᠢᠯ ᠢ᠋ ᠠᠪᠰᠤᠭᠠᠢ᠂ ᠭᠤᠷᠪᠠᠨ ᠳ᠋ᠤᠷ ᠵᠥᠭᠡᠯᠡᠨ ᠳᠡᠨᠵᠢ ᠪᠣᠯᠭᠠᠰᠤᠭᠠᠢ ᠬᠡᠮᠡᠵᠦ ᠵᠢᠷᠤᠮ ᠤ᠋ᠨ ᠬᠥᠪᠡᠭᠦᠨ ᠪᠣᠯᠭᠠᠨ ᠮᠥᠷᠭᠥᠭᠦᠯᠵᠦ᠂ ᠸᠠᠩ ᠰᠢ ᠰᠢᠶᠠᠨ ᠤ᠋ ᠨᠢᠭᠡᠨ ᠭᠡᠷ ᠢ᠋ ᠰᠢᠲᠦᠭᠦᠯᠦᠨ ᠪᠢᠰᠢᠷᠡᠭᠦᠯᠦᠭᠰᠡᠨ᠎ᠡ᠂ ᠡᠨᠡ ᠸᠠᠩ ᠢᠦᠢ ᠵᠸᠨ ᠨᠡᠩ ᠬᠠᠷᠢᠨ ᠡᠯᠢᠭᠡᠰᠢᠶᠡᠨ ᠲᠣᠭᠠᠴᠢᠵᠤ ᠰᠠᠯᠬᠤ ᠦᠭᠡᠢ ᠳ᠋ᠦ᠍ᠷ ᠳᠠᠷᠤᠢ ᠴᠡᠷᠢᠭ ᠠᠪᠴᠤ ᠳᠠᠭᠠᠵᠤ ᠢᠷᠡᠭᠰᠡᠨ ᠲᠤᠯᠠ ᠲᠡᠭᠦᠨ ᠢ᠋ ᠮᠥᠨ ᠨᠢᠭᠡᠨ ᠵᠠᠩᠵᠤᠨ ᠤ᠋ ᠲᠣᠭᠠᠨ ᠳ᠋ᠤᠷ ᠣᠷᠣᠭᠤᠯᠵᠤ ᠪᠠᠷᠠᠭᠤᠨ ᠬᠣᠢᠲᠤ ᠶ᠋ᠢ ᠴᠠᠭᠳᠠᠷ᠎ᠠ ᠭᠠᠷᠭᠠᠪᠠ᠃ ᠡᠨᠡ ᠦᠶ᠎ᠡ ᠳ᠋ᠦ᠍ᠷ ᠭᠣᠣ ᠶ᠋ᠢᠨ ᠶᠠᠩ ᠡᠬᠡ ᠥᠬᠢᠨ ᠬᠡᠳᠦᠢᠨᠡᠢ ᠴᠡᠷᠢᠭ ᠲᠦ᠍ᠷ ᠪᠠᠷᠢᠭᠳᠠᠵᠤ ᠮᠠᠲᠠᠯ ᠦᠭᠡᠢ ᠠᠷᠠᠳ ᠥᠬᠢᠨ ᠢ᠋ ᠢᠨᠤ ᠰᠠᠯᠭᠠᠵᠤ ᠤᠵᠢᠳᠯᠠᠬᠤᠶ᠎ᠠ ᠰᠢᠬᠠᠵᠤ᠂ ᠭᠣᠣ ᠰᠢᠶᠣᠤ ᠵᠢᠶᠧ ᠦᠬᠦᠵᠦ ᠮᠥᠨ ᠴᠢᠳᠠᠬᠤ ᠦᠭᠡᠢ ᠪᠣᠯᠤᠭᠠᠳ ᠲᠡᠭᠷᠢ ᠶ᠋ᠢ ᠨᠠᠷᠢᠨ ᠬᠣᠭᠣᠯᠠᠢ ᠪᠠᠷ ᠤᠬᠢᠯᠠᠬᠤᠶ᠎ᠠ ᠴᠢᠪᠬᠢᠲᠡᠯ᠎ᠡ ᠸᠠᠩ ᠢᠦᠢ ᠵᠧᠨ ᠳ᠋ᠦ᠍ᠷ ᠠᠭᠤᠯᠵᠠᠵᠤ᠂ ᠸᠠᠩ ᠢᠦᠢ ᠵᠸᠨ ᠢᠯᠳᠦ ᠰᠤᠭᠤᠯᠵᠤ ᠴᠡᠷᠢᠭ ᠦ᠋ᠨ ᠠᠷᠠᠳ ᠢ ᠵᠠᠩᠳᠠᠵᠤ ᠵᠠᠢᠯᠠᠭᠤᠯᠪᠠ᠃ 
       ᠲᠡᠳᠦᠢ ᠭᠣᠣ ᠰᠢᠶᠣᠤ ᠵᠢᠶᠧ ᠲᠡᠷᠢᠭᠦᠨ ᠡᠷᠭᠦᠵᠦ ᠸᠠᠩ ᠢᠦᠢ ᠵᠸᠨ ᠢ᠋ ᠦᠵᠡᠭᠡᠳ ᠲᠡᠭᠷᠢ ᠶ᠋ᠢᠨ ᠰᠢᠳᠢᠲᠠᠨ᠎ᠠ ᠠᠭᠤᠯᠵᠠᠭᠰᠠᠨ ᠮᠡᠲᠦ ᠪᠣᠯᠪᠠ᠃ ᠨᠢᠳᠦ ᠡᠷᠭᠦᠨ ᠦᠵᠡᠬᠦᠯ᠎ᠡ ᠬᠠᠰ ᠬᠥᠪᠡᠭᠦᠨ ᠠᠯᠲᠠᠨ ᠤ᠋ ᠬᠤᠶᠠᠭ ᠡᠮᠦᠰᠴᠦ ᠨᠧ ᠵᠠ ᠬᠤᠪᠢᠯᠭᠠᠨ ᠴᠠᠭᠠᠨ ᠮᠣᠷᠢ ᠬᠥᠯᠦᠭᠯᠡᠵᠦ᠂ ᠨᠢᠭᠡᠨ ᠲᠡᠷᠭᠡᠯ ᠮᠥᠩᠭᠥᠨ ᠦ᠌ ᠲᠣᠯᠢᠨ ᠴᠢᠷᠠᠢ ᠳ᠋ᠤᠷ ᠬᠣᠣᠰ ᠦᠭᠡᠢ ᠨᠢᠳᠦ ᠬᠥᠮᠥᠰᠬᠡ ᠵᠡᠷᠭᠡᠯᠡᠵᠦᠬᠦᠢ᠃ ᠬᠥᠪᠡᠭᠦᠨ ᠥᠬᠢᠨ ᠬᠣᠶᠠᠭᠤᠯᠠ ᠨᠢᠳᠦᠨ ᠦ᠌ ᠭᠡᠷᠡᠯ ᠬᠠᠷᠢᠯᠴᠠᠨ ᠳᠤᠰᠤᠮᠠᠭᠴᠠ ᠬᠥᠮᠦᠨ ᠦ᠌ ᠬᠣᠭᠣᠷᠣᠨᠳᠣ ᠶ᠋ᠢᠨ ᠨᠠᠢᠷ ᠰᠡᠳᠬᠢᠯᠭᠡ ᠮᠢᠩᠭᠠᠨ ᠳᠠᠪᠬᠤᠷ ᠵᠠᠩᠭᠢᠳᠪᠠ᠃ ᠲᠡᠳᠦᠢ ᠸᠠᠩ ᠢᠦᠢ ᠵᠧᠨ ᠲᠡᠰᠬᠡᠯ ᠦᠭᠡᠢ ᠮᠣᠷᠢᠨ ᠠ᠋ᠴᠠ ᠪᠠᠭᠤᠵᠤ ᠤᠴᠢᠷ ᠢ᠋ ᠠᠰᠠᠭᠤᠭᠰᠠᠨ ᠳ᠋ᠤᠷ ᠭᠣᠣ ᠶ᠋ᠢᠨ ᠶᠠᠩ ᠭᠠᠷ ᠢ᠋ᠶ᠋ᠠᠷ ᠬᠣᠷᠮᠣᠢ ᠠ᠋ᠴᠠ ᠢᠨᠤ ᠠᠳᠬᠤᠵᠤ᠂ ᠣ ᠶ᠋ᠢᠨ ᠡᠪᠦᠳᠦᠭ ᠢ᠋ᠶ᠋ᠡᠷ ᠭᠠᠵᠠᠷ ᠲᠤᠷ ᠰᠥᠭᠥᠳᠴᠦ ᠦᠨᠡᠨ ᠢ᠋ᠶ᠋ᠡᠨ ᠤᠬᠢᠯᠠᠨ ᠬᠡᠯᠡᠭᠰᠡᠨ ᠳ᠋ᠦ᠍ᠷ ᠸᠠᠩ ᠢᠦᠢ ᠵᠸᠨ ᠮᠥᠨ ᠳᠠᠰᠤᠨ ᠴᠢᠳᠠᠬᠤ ᠦᠭᠡᠢ ᠨᠢᠯᠪᠤᠰᠤᠨ ᠤᠨᠠᠭᠠᠵᠤ᠂ ᠡᠬᠡ ᠥᠬᠢᠨ ᠢ᠋ ᠠᠪᠤᠨ ᠢᠷᠡᠵᠦ ᠲᠠᠢᠽᠢ ᠭᠦᠶᠦᠭ ᠲᠣᠷ ᠮᠡᠳᠡᠭᠦᠯᠦᠭᠰᠡᠨ᠎ᠡ᠂ ᠲᠠᠢᠽᠢ ᠮᠥᠨ ᠦᠷᠦ ᠡᠪᠡᠳᠴᠦ ᠥᠬᠢᠨ ᠪᠣᠯᠭᠠᠨ ᠮᠥᠷᠭᠥᠭᠦᠯᠵᠦ᠂ ᠲᠡᠭᠦᠨ ᠢ᠋ᠶ᠋ᠡᠷ ᠡᠴᠢᠭᠡ ᠶ᠋ᠢᠨ ᠬᠡᠭᠦᠷ ᠢ᠋ ᠲᠠᠨᠢᠭᠤᠯᠤᠨ ᠬᠣᠷᠢᠶᠠᠨ ᠠᠪᠤᠭᠤᠯᠵᠤ ᠪᠡᠯᠪᠡᠰᠦᠷᠡᠭᠦᠯᠦᠨ᠂ ᠲᠡᠭᠦᠨ ᠦ᠌ ᠵᠢᠷᠤᠮ ᠢ᠋ ᠭᠦᠢᠴᠡᠳᠬᠡᠯᠭᠡᠭᠰᠡᠨ᠎ᠡ᠂ ᠮᠢᠶᠠᠨ ᠵᠧᠦ ᠶ᠋ᠢᠨ ᠢᠷᠭᠡᠨ ᠦᠬᠦᠲᠡᠯ᠎ᠡ ᠰᠢᠲᠦᠨ ᠳᠠᠭᠠᠪᠠ᠃ 
       ᠲᠡᠳᠦᠢ ᠹᠧᠩ ᠱᠢ᠂ ᠭᠣᠣ ᠶ᠋ᠢᠨ ᠶᠠᠩ ᠢ᠋ ᠤᠷᠤᠭ ᠰᠠᠳᠤᠨ ᠢ᠋ᠶ᠋ᠠᠷ ᠬᠠᠷᠠᠭᠠᠯᠵᠠᠭᠤᠯᠤᠨ ᠴᠡᠷᠢᠭ ᠡᠭᠡᠬᠦ ᠶ᠋ᠢ ᠬᠦᠯᠢᠶᠡ ᠭᠡᠮᠡᠨ ᠶᠡᠬᠡ ᠴᠡᠷᠢᠭ ᠡᠮᠦᠨ᠎ᠡ ᠵᠦᠭ ᠣᠷᠣᠪᠠ᠃ ᠸᠠᠩ ᠢᠦᠢ ᠵᠸᠨ᠂ ᠭᠣᠣ ᠰᠢᠶᠣᠤ ᠵᠢᠶᠧ ᠬᠣᠶᠠᠭᠤᠯᠠ ᠬᠠᠰ ᠭᠠᠷ ᠠᠳᠬᠠᠳ ᠪᠣᠯᠣᠷ ᠨᠢᠯᠪᠤᠰᠤᠨ ᠮᠡᠯᠮᠡᠯᠵᠡᠭᠦᠯᠦᠨ ᠰᠠᠯᠤᠯᠴᠠᠬᠤᠶ᠎ᠠ ᠬᠥᠭᠡᠷᠦᠬᠦᠢ ᠭᠣᠣ ᠶ᠋ᠢᠨ ᠶᠠᠩ ᠰᠢᠶᠣᠤ ᠵᠢᠶᠧ ᠬᠡᠬᠦᠳᠡᠭ ᠳᠦᠭᠦᠷᠡᠩ ᠦᠭᠡᠰ ᠲᠦᠮᠡᠨ ᠪᠠᠳᠠᠭ ᠢ᠋ ᠨᠢᠭᠡᠨ ᠦᠭᠡ ᠴᠦ᠍ ᠬᠡᠯᠡᠵᠦ ᠭᠠᠷᠭᠠᠨ ᠴᠢᠳᠠᠬᠤ ᠦᠭᠡᠢ᠂ ᠨᠢᠭᠡᠨ ᠮᠤᠰᠬᠢᠶ᠎ᠠ ᠦᠰᠦ ᠪᠡᠨ ᠬᠠᠢᠴᠢᠯᠠᠵᠤ ᠥᠭᠭᠦᠭᠰᠡᠨ ᠳ᠋ᠦ᠍ᠷ ᠸᠠᠩ ᠢᠦᠢ ᠵᠧᠨ ᠰᠡᠳᠬᠢᠯ ᠢᠭᠲᠦᠯᠡᠨ ᠬᠠᠰ ᠤ᠋ᠨ ᠪᠦᠰᠡ ᠪᠡᠨ ᠲᠠᠢᠯᠤᠨ ᠪᠦᠰᠡ ᠶ᠋ᠢᠨ ᠨᠢᠭᠡᠨ ᠲᠣᠯᠢ ᠶ᠋ᠢ ᠬᠡᠮᠬᠡ ᠴᠠᠪᠴᠢᠵᠤ ᠥᠭᠦᠯᠡᠷᠦᠨ᠄《 ᠪᠢᠳᠡ ᠬᠣᠶᠠᠭᠤᠯᠠ ᠶ᠋ᠢᠨ ᠬᠡᠨ ᠠᠯᠢᠨ ᠰᠡᠳᠬᠢᠯ ᠬᠤᠪᠢᠯᠪᠠᠰᠤ ᠳᠠᠷᠤᠢ ᠡᠨᠡ ᠮᠡᠲᠦ ᠪᠣᠯᠲᠤᠭᠠᠢ ! 》 ᠬᠡᠮᠡᠭᠰᠡᠨ ᠳ᠋ᠦ᠍ᠷ ᠲᠡᠭᠦᠨ ᠦ᠌ ᠰᠡᠳᠬᠢᠯ ᠴᠢᠩ ᠦᠨᠡᠨ ᠪᠣᠯᠤᠭᠰᠠᠨ ᠢ ᠦᠵᠡᠭᠡᠳ ᠭᠣᠣ ᠶ᠋ᠢᠨ ᠶᠠᠩ ᠰᠢᠶᠣᠤ ᠵᠢᠶᠧ ᠶ᠋ᠢᠨ ᠳᠣᠲᠣᠷ᠎ᠠ ᠡᠨᠡᠷᠢᠵᠦ ᠳᠠᠭᠤᠨ ᠦᠭᠡᠢ ᠬᠡᠯᠬᠢᠶᠡᠲᠦ ᠰᠤᠪᠤᠳ ᠤ᠋ᠨ ᠨᠢᠯᠪᠤᠰᠤ ᠪᠡᠯᠪᠡᠰᠦᠷᠡᠯ ᠦ᠋ᠨ ᠡᠩᠭᠡᠷ ᠲᠣᠷ ᠳᠤᠰᠤᠯᠠᠵᠤ᠂ ᠬᠠᠭᠠᠷᠬᠠᠢ ᠪᠦᠰᠡ ᠶ᠋ᠢ ᠬᠦᠯᠢᠶᠡᠨ ᠠᠪᠴᠤ ᠨᠢᠭᠤᠷ ᠢ᠋ᠶ᠋ᠠᠨ ᠬᠠᠯᠠᠬᠠᠯᠠᠨ ᠱᠣᠭᠰᠢᠨ ᠤᠬᠢᠯᠠᠵᠤ ᠮᠣᠷᠳᠠᠭᠤᠯᠪᠠᠢ᠃ 
       ᠲᠡᠨᠳᠡᠴᠡ ᠵᠣᠣ ᠶᠠᠨ ᠨᠠ᠂ ᠮᠢᠶᠠᠨ ᠵᠧᠦ ᠠᠪᠲᠠᠵᠤ᠂ ᠭᠣᠣ ᠵᠢᠶᠧ ᠦᠬᠦᠭᠰᠡᠨ ᠢ᠋ ᠰᠣᠨᠣᠰᠴᠤ ᠶᠡᠬᠡᠯ᠎ᠡ ᠠᠶᠤᠵᠤ᠂ ᠴᠢᠩ ᠶᠧ ᠶᠤᠸᠠᠨ ᠳ᠋ᠤᠷ ᠳᠠᠪᠰᠢᠨ ᠪᠠᠭᠤᠳᠠᠯᠯᠠᠵᠤ ᠪᠠᠷᠠᠬᠤ ᠶ᠋ᠢᠨ ᠤᠷᠢᠳ ᠮᠣᠩᠭᠣᠯ ᠤ᠋ᠨ ᠴᠡᠷᠢᠭ ᠪᠠᠰᠠ ᠭᠡᠨᠡᠳᠲᠡ ᠢᠷᠡᠵᠦ ᠬᠠᠭᠠᠵᠤ ᠠᠪᠤᠪᠠ᠃ ᠲᠡᠳᠦᠢ ᠰᠥᠩ ᠤᠯᠤᠰ ᠤ᠋ᠨ ᠼᠤᠤ ᠢᠦ ᠸᠧᠨ ᠰᠣᠨᠣᠰᠴᠤ ᠰᠢᠳᠠᠷ ᠨᠠᠷ ᠲᠤᠷ ᠥᠭᠦᠯᠡᠷᠦᠨ᠄《ᠴᠢᠩ ᠶᠧ ᠶᠤᠸᠠᠨ ᠬᠡᠮᠡᠭᠴᠢ ᠱᠤ᠌ ᠭᠠᠵᠠᠷ ᠤ᠋ᠨ ᠠᠮᠠᠨ ᠬᠣᠭᠣᠯᠠᠢ ᠪᠣᠯᠠᠢ᠂ ᠠᠯᠭᠤᠷᠯᠠᠵᠤ ᠦᠯᠦ ᠪᠣᠯᠤᠮᠤᠢ!》 ᠭᠡᠮᠡᠨ ᠰᠥᠨᠢ ᠳᠦᠯᠢ ᠳᠣᠪᠲᠣᠯᠤᠨ ᠬᠦᠷᠴᠦ ᠨᠢᠭᠡᠨ ᠵᠡᠷᠭᠡ ᠦᠬᠦᠨ ᠪᠠᠢᠯᠳᠤᠵᠤ ᠴᠢᠩ ᠶᠧ ᠶᠤᠸᠠᠨ ᠢ᠋ ᠬᠠᠭᠠᠭᠰᠠᠨ ᠢ᠋ ᠲᠡᠩᠬᠡᠷᠡᠭᠦᠯᠪᠡ᠃ ᠡᠨᠡ ᠲᠤᠬᠠᠢ ᠮᠣᠩᠭᠣᠯ ᠤ᠋ᠨ ᠬᠣᠰᠢᠭᠤᠴᠢ ᠸᠠᠩ ᠰᠢ ᠰᠢᠶᠠᠨ ᠲᠠᠢ ᠠᠨ ᠢ᠋ ᠪᠠᠢᠯᠳᠤᠬᠤᠢ ᠳ᠋ᠤᠷ ᠼᠤᠤ ᠢᠦ ᠸᠸᠨ ᠪᠠᠰᠠ ᠲᠡᠩᠬᠡᠷᠡᠭᠦᠯᠦᠷ᠎ᠡ ᠣᠳᠴᠤ ᠰᠠᠢ ᠴᠠᠭᠠᠵᠠ ᠵᠠᠷᠯᠠᠨ ᠪᠠᠷᠠᠬᠤ ᠶ᠋ᠢᠨ ᠤᠷᠢᠳ᠂ ᠮᠣᠩᠭᠣᠯ ᠤ᠋ᠨ ᠶᠡᠬᠡ ᠴᠡᠷᠢᠭ ᠲᠠᠪᠢᠨ ᠲᠦᠮᠡᠨ ᠦ᠌ ᠣᠯᠠᠨ ᠢ᠋ᠶ᠋ᠠᠷ ᠭᠡᠨᠡᠳᠲᠡ ᠬᠦᠷᠴᠦ ᠢᠷᠡᠭᠰᠡᠨ ᠳ᠋ᠦ᠍ᠷ ᠼᠤᠤ ᠢᠦ ᠸᠸᠨ ᠤᠭᠲᠤᠨ ᠪᠠᠢᠯᠳᠤᠵᠤ ᠲᠤᠯᠤᠨ ᠡᠭᠡᠭᠦᠯᠦᠭᠰᠡᠨ᠎ᠡ᠂ ᠮᠣᠩᠭᠣᠯ ᠤ᠋ᠨ ᠴᠡᠷᠢᠭ ᠬᠣᠢᠰᠢ ᠤᠬᠤᠷᠢᠪᠠ᠃ ᠼᠤᠤ ᠢᠦ ᠸᠸᠨ᠂ ᠰᠢᠶᠠᠨ ᠿᠧᠨ ᠭᠤᠸᠠᠨ ᠪᠣᠭᠣᠮᠲᠠ ᠶ᠋ᠢ ᠪᠡᠬᠢᠯᠡᠨ ᠰᠠᠬᠢᠪᠠᠢ᠃ 
       ᠲᠡᠨᠳᠡᠴᠡ ᠥᠭᠦᠯᠡᠬᠦ ᠢᠨᠦ ᠰᠢᠶᠠᠨ ᠿᠧᠨ ᠭᠤᠸᠠᠨ ᠪᠣᠭᠣᠮᠲᠠ ᠶ᠋ᠢᠨ ᠬᠡᠷᠡᠭ ᠢ᠋ ᠲᠦᠷ ᠣᠷᠬᠢᠵᠤ᠂ ᠭᠣᠣ ᠰᠢᠶᠣᠤ ᠵᠢᠶᠧ ᠶ᠋ᠢᠨ ᠬᠡᠷᠡᠭ ᠢ᠋ ᠨᠠᠷᠢᠪᠴᠢᠯᠠᠨ ᠬᠡᠯᠡᠬᠦ ᠢᠨᠤ : ᠡᠷᠲᠡ ᠭᠣᠣ ᠰᠢᠶᠣᠤ ᠵᠢᠶᠧ ᠪᠠᠭ᠎ᠠ ᠠ᠋ᠴᠠ ᠵᠠᠩ ᠰᠠᠨᠠᠭᠠᠨ ᠡᠩ ᠡᠴᠡ ᠡᠲᠡᠭᠡᠳ ᠡᠭᠡᠯ ᠡᠴᠡ ᠣᠨᠴᠠᠭᠠᠢ ᠪᠥᠯᠥᠭᠡ᠂ ᠰᠠᠨᠠᠮᠰᠠᠷ ᠦᠭᠡᠢ ᠡᠨᠡ ᠡᠳᠦᠷ ᠲᠡᠭᠷᠢ ᠶ᠋ᠢᠨ ᠴᠠᠭ ᠢ᠋ᠶ᠋ᠠᠷ ᠴᠡᠷᠢᠭ ᠦ᠋ᠨ ᠭᠠᠮᠰᠢᠭ ᠲᠤᠷ ᠡᠴᠢᠭᠡ ᠪᠡᠨ ᠠᠯᠠᠭᠳᠠᠭᠤᠯᠵᠤ ᠭᠡᠷ ᠪᠤᠰᠠᠨᠢᠨ᠂ ᠠᠷᠠᠢ ᠮᠠᠭᠤ ᠬᠠᠷᠭᠢᠰ ᠴᠡᠷᠢᠭ ᠦ᠋ᠳ ᠦ᠋ᠨ ᠭᠠᠷ ᠲᠤᠷ ᠤᠨᠠᠬᠤ ᠰᠢᠬᠠᠲᠠᠯ᠎ᠠ ᠰᠠᠨᠠᠭᠠᠨ ᠳ᠋ᠤᠷ ᠥᠬᠡᠢ ᠸᠠᠩ ᠢᠦᠢ ᠵᠧᠨ ᠦ᠌ ᠲᠡᠩᠬᠡᠷᠡᠭᠦᠯᠬᠦᠢ ᠳ᠋ᠦ᠍ᠷ ᠲᠣᠬᠢᠶᠠᠯᠳᠤᠵᠤ ᠪᠡᠶ᠎ᠡ ᠪᠦᠷᠢᠨ ᠪᠣᠯᠤᠨ ᠡᠬᠡ ᠬᠡᠦᠬᠡᠨ ᠭᠡᠷ ᠲᠦ᠍ᠷ ᠣᠷᠣᠵᠤ ᠴᠢᠳᠠᠭᠰᠠᠨ ᠪᠣᠯᠪᠠᠴᠤ ᠡᠴᠢᠭᠡ ᠨᠢᠭᠡᠨᠲᠡ ᠰᠠᠮᠠᠭᠤᠨ ᠴᠡᠷᠢᠭ ᠲᠦ᠍ᠷ ᠠᠪᠲᠠᠵᠤ ᠬᠣᠷᠣᠰᠤᠯ ᠭᠡᠩᠭᠡᠷᠡᠯ ᠢ᠋ ᠬᠡᠯᠡᠯᠴᠡᠬᠦ ᠭᠠᠵᠠᠷ ᠦᠭᠡᠢ ᠪᠣᠯᠪᠠᠴᠤ ᠸᠠᠩ ᠢᠦᠢ ᠶ᠋ᠢᠨ ᠵᠸᠨ ᠦ᠌ ᠨᠠᠢᠷ᠂ ᠮᠣᠩᠭᠣᠯ ᠤ᠋ᠨ ᠲᠠᠢᠽᠢ ᠬᠥᠶᠦᠭ ᠴᠢᠨ ᠸᠠᠩ ᠤ᠋ᠨ ᠠᠭᠤᠳᠠᠮ ᠢ᠋ᠶ᠋ᠠᠷ ᠡᠴᠢᠭᠡ ᠭᠣᠣ ᠵᠢᠶᠧ ᠶ᠋ᠢᠨ ᠶᠠᠰᠤᠨ ᠢ᠋ ᠬᠤᠷᠢᠶᠠᠮᠵᠢᠯᠠᠨ ᠠᠪᠴᠤ ᠵᠢᠷᠤᠮᠲᠤ ᠰᠠᠢᠳ ᠤ᠋ᠨ ᠶᠣᠰᠣᠨ ᠢ᠋ᠶ᠋ᠠᠷ ᠪᠡᠯᠪᠡᠰᠦᠷᠡᠯ ᠢ᠋ ᠰᠢᠳᠬᠡᠵᠦ ᠴᠢᠳᠠᠭᠰᠠᠨ ᠲᠤᠯᠠ ᠸᠠᠩ ᠢᠦᠢ ᠵᠸᠨ ᠦ᠌ ᠨᠠᠢᠷ ᠵᠢᠷᠤᠮ ᠢ᠋ ᠰᠠᠨᠠᠵᠤ᠂ ᠪᠠᠰᠠ ᠲᠠᠢᠽᠢ ᠴᠢᠨ ᠸᠠᠩ ᠬᠥᠶᠦᠭ ᠦ᠋ᠨ ᠥᠷᠥᠰᠢᠶᠡᠯ ᠬᠡᠰᠢᠭ ᠢ᠋ ᠰᠢᠲᠦᠵᠦ᠂ ᠡᠴᠢᠭᠡ ᠶ᠋ᠢᠨ ᠥᠰᠢᠶ᠎ᠡ ᠶ᠋ᠢ ᠨᠡᠬᠡᠬᠦ ᠭᠠᠵᠠᠷ ᠦᠭᠡᠢ ᠪᠦᠬᠦᠢ ᠳ᠋ᠦ᠍ᠷ ᠭᠡᠨᠡᠳᠲᠡ ᠪᠠᠰᠠ ᠰᠠᠨᠠᠭᠠᠨ ᠳ᠋ᠤᠷ ᠦᠭᠡᠢ ᠬᠤᠪᠢᠰᠬᠠᠯ ᠭᠠᠷᠴᠤ ᠵᠣᠣ ᠶᠠᠨ ᠨᠠ ᠶ᠋ᠢᠨ ᠴᠡᠷᠢᠭ ᠦ᠋ᠨ ᠬᠦᠷᠢᠶᠡᠨ ᠳ᠋ᠦ᠍ᠷ ᠪᠦᠬᠦᠢ ᠨᠢᠭᠡᠨ ᠪᠠᠭ᠎ᠠ ᠵᠠᠩᠵᠤᠨ ᠣᠪᠣᠭ ᠹᠠᠨ᠂ ᠨᠡᠷ᠎ᠡ ᠬᠦᠢ ᠬᠡᠮᠡᠭᠴᠢ ᠡᠷᠲᠡ ᠴᠠᠭ ᠲᠤᠷ ᠭᠣᠣ ᠵᠢᠶᠧ ᠯᠦ᠍ᠭᠡ ᠥᠰᠢᠶᠡᠲᠡᠢ ᠪᠥᠯᠥᠭᠡ᠃ ᠡᠳᠦᠭᠡ ᠭᠣᠣ ᠵᠢᠶᠧ ᠶ᠋ᠢᠨ ᠬᠠᠳᠠᠭᠠᠯᠠᠭᠰᠠᠨ ᠮᠢᠶᠠᠨ ᠵᠧᠦ ᠠᠪᠲᠠᠵᠤ ᠭᠣᠣ ᠵᠢᠶᠧ ᠶ᠋ᠢᠨ ᠪᠡᠶ᠎ᠡ ᠦᠬᠦᠭᠡᠳ ᠲᠡᠭᠦᠨ ᠦ᠌ ᠥᠬᠢᠨ ᠦ᠌ ᠰᠠᠢᠨ ᠢ᠋ᠶ᠋ᠠᠷ ᠶᠠᠰᠤᠨ ᠢ᠋ ᠡᠷᠢᠨ ᠠᠪᠴᠤ ᠰᠥᠩ ᠤᠯᠤᠰ ᠤ᠋ᠨ ᠵᠢᠷᠤᠮᠲᠤ ᠰᠠᠢᠳ ᠤ᠋ᠨ ᠶᠣᠰᠣ ᠪᠠᠷ ᠮᠣᠩᠭᠣᠯ ᠳ᠋ᠤᠷ ᠲᠠᠯᠪᠢᠵᠤ  ᠥᠭᠭᠦᠭᠰᠡᠨ ᠳ᠋ᠦ᠍ᠷ ᠲᠡᠷᠡ ᠲᠠᠰᠢᠷᠠᠮ ᠳᠠᠷᠤᠢ ᠤᠴᠢᠷ ᠵᠣᠬᠢᠶᠠᠨ᠂ ᠭᠣᠣ ᠵᠢᠶᠧ ᠤᠭ ᠠ᠋ᠴᠠ ᠮᠣᠩᠭᠣᠯ ᠯᠤᠭ᠎ᠠ ᠰᠦᠯᠪᠡᠭᠡ ᠨᠢᠭᠡ᠂ ᠡᠳᠦᠭᠡ ᠬᠠᠭᠤᠷᠮᠠᠭ ᠢ᠋ᠶ᠋ᠠᠷ ᠦᠬᠦᠪᠡ ᠭᠡᠮᠡᠨ ᠬᠠᠭᠤᠷᠮᠠᠭ ᠬᠡᠭᠦᠷ ᠬᠢᠵᠦ᠂ ᠭᠡᠷ ᠡᠷᠦᠬᠡ ᠪᠡᠨ ᠠᠪᠴᠤ ᠮᠣᠩᠭᠣᠯ ᠳ᠋ᠤᠷ ᠳᠠᠭᠠᠭᠠᠳ ᠰᠡᠮᠡᠬᠡᠷ ᠮᠠᠨ ᠤ᠋ ᠤᠯᠤᠰ ᠤ᠋ᠨ ᠵᠠᠢ ᠵᠠᠪᠰᠠᠷ ᠢ᠋ ᠦᠵᠡᠵᠦ ᠶᠡᠬᠡ ᠭᠡᠮ ᠡᠭᠦᠰᠬᠡᠰᠦᠭᠡᠢ ᠬᠡᠮᠡᠮᠦᠢ ᠭᠡᠮᠡᠨ ᠬᠤᠳᠠᠯ ᠢ᠋ᠶ᠋ᠠᠷ ᠠᠯᠳᠠᠷᠰᠢᠭᠤᠯᠤᠨ᠂ ᠭᠣᠣ ᠵᠢᠶᠧ ᠶ᠋ᠢᠨ ᠰᠠᠢᠬᠠᠨ ᠥᠬᠢᠨ ᠭᠣᠣ ᠰᠢᠶᠣᠤ ᠵᠢᠶᠧ ᠶ᠋ᠢᠨ ᠥᠩᠭᠡ ᠵᠢᠰᠦ ᠤᠬᠠᠭᠠᠨ ᠮᠠᠲᠠᠯ ᠣᠯᠠᠨ ᠠ᠋ᠴᠠ ᠴᠣᠯᠭᠣᠷᠠᠭᠰᠠᠨ ᠢ᠋ ᠨᠢᠳᠦ ᠪᠡᠷ ᠦᠵᠡᠭᠰᠡᠨ ᠲᠤᠯᠠ ᠲᠡᠭᠦᠨ ᠦ᠌ ᠥᠬᠢᠨ ᠢ᠋ ᠣᠯᠵᠤ ᠠᠪᠤᠨ ᠬᠠᠭᠠᠨ ᠳ᠋ᠤᠷ ᠡᠷᠭᠦᠵᠦ ᠨᠢᠭᠤᠷ ᠣᠯᠰᠤᠭᠠᠢ ᠭᠡᠮᠡᠨ ᠠᠷᠭ᠎ᠠ ᠭᠠᠷᠭᠠᠵᠤ᠂ ᠴᠤᠤ ᠦᠭᠡᠰ ᠠᠯᠳᠠᠷᠰᠢᠭᠤᠯᠤᠨ ᠭᠣᠣ ᠵᠢᠶᠧ ᠶ᠋ᠢ ᠮᠠᠭᠤ ᠪᠣᠯᠭᠠᠵᠤ᠂ ᠵᠣᠣ ᠶᠠᠨ ᠨᠠ᠂ ᠵᠣᠣ ᠹᠠᠨ ᠨᠠᠷ ᠲᠤᠷ ᠬᠣᠪᠯᠠᠵᠤ᠂ ᠨᠢᠭᠡᠨᠲᠡᠭᠡᠭᠦᠷ ᠥᠪᠡᠷ ᠦ᠋ᠨ ᠰᠡᠳᠬᠢᠯ ᠵᠢᠷᠦᠬᠡ ᠮᠡᠲᠦ ᠬᠥᠮᠦᠨ ᠢ᠋ ᠮᠣᠩᠭᠣᠯ ᠤ᠋ᠨ ᠴᠡᠷᠢᠭ ᠦ᠋ᠨ ᠶᠣᠰᠣᠭᠠᠷ ᠴᠢᠮᠡᠵᠦ᠂ ᠭᠣᠣ ᠰᠢᠶᠣᠤ ᠵᠢᠶᠧ ᠡᠬᠡ ᠥᠬᠢᠨ ᠢ᠋ ᠮᠡᠬᠡᠯᠡᠵᠦ ᠤᠷᠢᠳᠠ ᠬᠣᠢᠲᠤ ᠶᠠᠨ ᠵᠢᠩ ᠳ᠋ᠦ᠍ᠷ ᠬᠦᠷᠭᠡᠰᠦᠭᠡᠢ ᠬᠡᠮᠡᠭᠰᠡᠨ ᠳ᠋ᠦ᠍ᠷ ᠨᠢᠭᠡᠨ ᠭᠡᠷ ᠦ᠋ᠨ ᠬᠣᠲᠠᠯᠠᠭᠠᠷ ᠠᠷᠭ᠎ᠠ ᠦᠭᠡᠢ ᠤᠬᠢᠯᠠᠨ ᠬᠠᠭᠤᠷᠮᠠᠭ ᠲᠡᠮᠳᠡᠭ ᠲᠣᠷ ᠮᠡᠬᠡᠯᠡᠭᠳᠡᠨ᠂ ᠲᠡᠷᠭᠡ ᠰᠡᠦᠬᠡ ᠳ᠋ᠦ᠍ᠷ ᠢᠨᠦ ᠰᠠᠭᠤᠵᠤ ᠨᠢᠭᠡᠨ ᠡᠳᠦᠷ ᠦ᠋ᠨ ᠵᠠᠮ ᠶᠠᠪᠤᠵᠤ ᠦᠵᠡᠪᠡᠰᠦ ᠂ ᠲᠡᠷᠭᠡ ᠰᠡᠦᠬᠡ ᠭᠠᠭᠴᠠ ᠡᠮᠦᠨ᠎ᠡ ᠵᠦᠭ ᠶᠠᠪᠤᠬᠤ ᠪᠣᠢ ‍ᠶ᠎ᠠ᠂ ᠬᠣᠢᠲᠤ ᠵᠦᠭ ᠡᠴᠢᠬᠦ ᠦᠭᠡᠢ ᠳ᠋ᠦ᠍ᠷ ᠭᠣᠣ ᠰᠢᠶᠣᠤ ᠵᠢᠶᠧ ᠰᠡᠵᠢᠭᠯᠡᠵᠦ ᠄《ᠬᠣᠢᠲᠤ ᠵᠦᠭ ᠡᠴᠢᠪᠡᠰᠦ ᠰᠠᠶᠢ ᠵᠣᠬᠢᠬᠤ ᠠᠲᠠᠯ᠎ᠠ ᠶᠠᠭᠤᠨ ᠳ᠋ᠤᠷ ᠡᠮᠦᠨ᠎ᠡ ᠵᠦᠭ ᠡᠴᠢᠮᠦᠢ?》 ᠭᠡᠮᠡᠨ ᠠᠰᠠᠭᠤᠬᠤᠢ ᠳ᠋ᠤᠷ ᠢᠷᠡᠭᠰᠡᠨ ᠬᠥᠮᠦᠨ ᠮᠡᠬᠡᠯᠡᠨ ᠥᠭᠦᠯᠡᠷᠦᠨ ᠄《ᠪᠢᠳᠡ ᠮᠣᠩᠭᠣᠯ ᠤ᠋ᠨ ᠬᠥᠮᠦᠨ ᠪᠤᠰᠤ᠂ ᠪᠢᠳᠡ ᠵᠣᠣ ᠶᠤᠸᠠᠨᠱᠤᠸᠠᠢ ᠶ᠋ᠢᠨ ᠳᠣᠣᠷᠠᠬᠢ ᠬᠥᠮᠦᠨ᠂ ᠭᠣᠣ ᠵᠠᠩᠵᠤᠨ ᠢ᠋ ᠠᠪᠲᠠᠪᠠ ᠭᠡᠮᠡᠨ ᠰᠣᠨᠣᠰᠴᠤ ᠡᠮ᠎ᠡ ᠦᠷ᠎ᠡ ᠢᠨᠤ ᠮᠣᠩᠭᠣᠯ ᠳ᠋ᠤᠷ ᠰᠢᠪᠠᠷᠳᠠᠬᠤ ᠠ᠋ᠴᠠ ᠠᠶᠤᠵᠤ᠂ ᠠᠷᠭ᠎ᠠ ᠬᠡᠷᠡᠭᠯᠡᠨ ᠲᠠᠨ ᠢ᠋ ᠠᠪᠤᠨ ᠭᠠᠷᠴᠤ ᠢᠷᠡᠪᠡ !》 ᠬᠡᠮᠡᠭᠰᠡᠨ ᠳ᠋ᠦ᠍ᠷ ᠭᠣᠣ ᠶ᠋ᠢᠨ ᠶᠠᠩ ᠰᠢᠶᠣᠤ ᠵᠢᠶᠧ ᠬᠡᠷᠡᠭ ᠰᠡᠵᠢᠭᠯᠡᠯ ᠲᠡᠢ ᠪᠣᠯᠤᠭᠰᠠᠨ ᠢ᠋ ᠮᠡᠳᠡᠵᠦ ᠠᠰᠠᠭᠤᠷᠤᠨ ᠄《ᠮᠠᠨ ᠤ᠋ ᠵᠣᠣ ᠶᠤᠸᠠᠨᠱᠤᠸᠠᠢ ᠰᠢᠶᠠᠩ ᠶᠠᠩ ᠳ᠋ᠤᠷ ᠠᠬᠤ ᠲᠤᠯᠠ ᠮᠠᠨ ᠢ᠋ ᠰᠢᠶᠠᠩ ᠶᠠᠩ ᠳ᠋ᠤᠷ ᠠᠪᠠᠴᠢᠪᠠᠰᠤ ᠵᠣᠬᠢᠬᠤ ᠠᠲᠠᠯ᠎ᠠ ᠶᠠᠭᠤᠨ ᠳ᠋ᠤᠷ ᠵᠠᠮ ᠵᠥᠷᠢᠪᠡ ?  ᠡᠨᠡ ᠬᠡᠷᠡᠭ ᠰᠡᠵᠢᠭᠯᠡᠯᠲᠡᠢ !》 ᠭᠡᠮᠡᠨ ᠡᠬᠡ ᠬᠡᠦᠬᠡᠨ ᠰᠡᠮᠡᠬᠡᠷ ᠵᠥᠪᠯᠡᠨ ᠄《ᠡᠨᠡ ᠶᠠᠪᠤᠳᠠᠯ ᠰᠣᠨᠢᠨ ᠰᠡᠵᠢᠭᠲᠡᠢ᠂ ᠦᠨᠡᠨ ᠮᠠᠨ ᠤ᠋ ᠤᠯᠤᠰ ᠤ᠋ᠨ ᠵᠣᠣ ᠶᠠᠨ ᠨᠠ ᠶᠤᠸᠠᠨᠱᠤᠸᠠᠢ ᠮᠠᠨ ᠢ᠋ ᠲᠡᠩᠬᠡᠷᠡᠭᠦᠯᠬᠦ ᠪᠥᠭᠡᠰᠦ ᠮᠠᠨ ᠢ᠋ ᠰᠢᠭᠤᠳ ᠰᠢᠶᠠᠩ ᠶᠠᠩ ᠳ᠋ᠤᠷ ᠠᠪᠠᠴᠢᠪᠠᠰᠤ ᠵᠣᠬᠢᠮᠤᠢ᠂ ᠶᠠᠭᠤᠨ ᠳ᠋ᠤᠷ ᠮᠠᠨ ᠢ᠋ ᠪᠠᠷᠠᠭᠤᠨ ᠱᠤ᠌ ᠭᠠᠵᠠᠷ ᠤ᠋ᠨ ᠵᠦᠭ ᠠᠪᠠᠴᠢᠮᠤᠢ?  ᠬᠣᠶᠠᠷ ᠲᠤᠷ ᠮᠣᠩᠭᠣᠯ ᠤ᠋ᠨ ᠴᠡᠷᠢᠭ ᠱᠤ᠌ ᠭᠠᠵᠠᠷ ᠤ᠋ᠨ ᠵᠦᠭ ᠣᠷᠣᠪᠠ᠃ ᠭᠤᠷᠪᠠᠨ ᠳ᠋ᠤᠷ ᠮᠣᠩᠭᠣᠯ ᠤ᠋ᠨ ᠸᠠᠩ ᠢᠦᠢ ᠵᠸᠨ ᠪᠠ ᠲᠠᠢᠽᠢ ᠴᠢᠨ ᠸᠠᠩ ᠨᠠᠷ ᠮᠠᠨ ᠤ᠋ ᠡᠬᠡ ᠬᠡᠦᠬᠡᠨ ᠦ᠌ ᠪᠡᠶ᠎ᠡ ᠳ᠋ᠦ᠍ᠷ ᠣᠨᠴᠠᠭᠠᠢ ᠥᠷᠥᠰᠢᠶᠡᠯ ᠪᠣᠢ᠃ ᠳᠥᠷᠪᠡᠨ ᠳ᠋ᠦ᠍ᠷ ᠵᠣᠣ ᠶᠠᠨ ᠨᠠ ᠪᠢᠳᠡ ᠣᠢᠷ᠎ᠠ ᠤᠷᠤᠭ ᠰᠠᠳᠤᠨ ᠤ᠋ ᠨᠠᠢᠷ ᠤᠴᠢᠷ ᠦᠭᠡᠢ᠂ ᠮᠠᠨ ᠳ᠋ᠤᠷ ᠠᠳᠠᠯᠢ ᠬᠣᠲᠠ ᠠᠪᠲᠠᠭᠰᠠᠨ ᠲᠦᠰᠢᠮᠡᠯ ᠦ᠋ᠨ ᠡᠮ᠎ᠡ ᠦᠷ᠎ᠡ ᠶ᠋ᠢ ᠢᠨᠤ ᠠᠯᠢᠨ ᠢ᠋ ᠡᠨᠡ ᠠᠳᠠᠯᠢ ᠡᠷᠢᠨ ᠠᠪᠠᠴᠢᠪᠠ᠃ ᠪᠢ ᠪᠣᠳᠣᠬᠤᠯ᠎ᠠ ᠮᠢᠨᠦ ᠡᠴᠢᠭᠡ ᠶ᠋ᠢᠨ ᠥᠰᠢᠶᠡᠲᠦ ᠹᠠᠨ ᠬᠦᠢ᠂ ᠵᠣᠣ ᠶᠤᠸᠠᠨᠱᠤᠸᠠᠢ ᠶ᠋ᠢᠨ ᠴᠡᠷᠢᠭ ᠦ᠋ᠨ ᠬᠦᠷᠢᠶ᠎ᠡ ᠳ᠋ᠦ᠍ᠷ ᠪᠣᠢ ᠬᠡᠮᠡᠬᠦ ᠪᠥᠯᠥᠭᠡ᠂ ᠬᠠᠷᠢᠨ ᠲᠡᠷᠡ ᠪᠣᠭᠣᠯ ᠨᠢᠭᠡᠨ ᠨᠠᠰᠤᠨ ᠳ᠋ᠤᠷ ᠡᠴᠢᠭᠡ ᠶ᠋ᠢ ᠮᠢᠨᠦ ᠤᠨᠠᠭᠠᠵᠤ ᠴᠢᠳᠠᠭᠰᠠᠨ ᠦᠭᠡᠢ᠂ ᠡᠳᠦᠭᠡ ᠪᠠᠰᠠ ᠡᠴᠢᠭᠡ ᠶ᠋ᠢᠨ ᠶᠠᠰᠤᠨ ᠢ᠋ ᠮᠣᠩᠭᠣᠯ ᠪᠠᠰᠠ ᠰᠥᠩ ᠤᠯᠤᠰ ᠤ᠋ᠨ ᠵᠢᠷᠤᠮᠲᠤ ᠰᠠᠢᠳ ᠤ᠋ᠨ ᠶᠣᠰᠣᠨ ᠢ᠋ᠶ᠋ᠠᠷ ᠲᠠᠯᠪᠢᠭᠤᠯᠪᠠ᠂ ᠬᠠᠷᠢᠨ ᠡᠨᠡ ᠰᠡᠳᠦᠪ ᠲᠣᠷ ᠹᠠᠨ ᠬᠦᠢ ᠮᠠᠨ ᠢ᠋ ᠭᠡᠨᠡᠳᠡᠭᠦᠯᠦᠨ ᠮᠣᠩᠭᠣᠯ ᠳ᠋ᠤᠷ ᠳᠠᠭᠠᠵᠤ ᠤᠷᠪᠠᠭᠰᠠᠨ ᠲᠦᠰᠢᠮᠡᠯ ᠦ᠋ᠨ ᠡᠮ᠎ᠡ ᠦᠷ᠎ᠡ ᠶ᠋ᠢ ᠣᠯᠵᠤ ᠪᠠᠷᠢᠪᠠ ᠭᠡᠮᠡᠨ ᠭᠠᠪᠢᠶ᠎ᠠ ᠠᠪᠴᠤ ᠥᠬᠢᠨ ᠪᠡᠶ᠎ᠡ ᠨᠠᠮᠠᠶ᠋ᠢ ᠳᠠᠷᠤᠯᠠᠬᠤ ᠮᠠᠭᠠᠳ ᠦᠭᠡᠢ᠂ ᠡᠰᠡ ᠬᠢᠨᠠᠪᠠᠰᠤ ᠦᠯᠦ ᠪᠣᠯᠤᠮᠤᠢ᠃ ᠡᠨᠡ ᠢᠷᠡᠭᠰᠡᠨ ᠬᠥᠮᠦᠨ ᠦᠭᠡ ᠲᠣᠭᠲᠠᠨᠢᠭᠤᠨ ᠦᠭᠡᠢ !》 ᠭᠡᠮᠡᠨ ᠠᠪᠤᠷ᠎ᠠ ᠢᠷᠡᠭᠰᠡᠨ ᠡᠯᠴᠢ ᠶ᠋ᠢᠨ ᠳᠣᠣᠷᠠᠲᠤ ᠠᠷᠠᠳ ᠤ᠋ᠨ ᠳᠣᠲᠣᠷ᠎ᠠ ᠠ᠋ᠴᠠ ᠠᠷᠢᠬᠢ ᠤᠤᠭᠤᠯᠭᠠᠨ ᠳᠣᠣᠷᠠᠲᠤ ᠠᠷᠠᠳ ᠠ᠋ᠴᠠ ᠠᠰᠠᠭᠤᠵᠤ᠂ ᠹᠠᠨ ᠬᠦᠢ ᠶ᠋ᠢᠨ ᠭᠡᠮ ᠡᠭᠦᠰᠬᠡᠭᠰᠡᠨ ᠢ᠋ ᠨᠠᠷᠢᠪᠴᠢᠯᠠᠨ ᠣᠯᠵᠤ ᠮᠡᠳᠡᠭᠡᠳ ᠭᠣᠣ ᠶ᠋ᠢᠨ ᠶᠠᠩ ᠶᠡᠬᠡᠯ᠎ᠡ ᠭᠡᠯᠮᠡᠵᠦ᠂ ᠡᠬᠡ ᠶ᠋ᠢᠨ ᠵᠦᠭ ᠤᠬᠢᠯᠠᠨ ᠥᠭᠦᠯᠡᠷᠦᠨ ᠄《ᠡᠨᠡ ᠬᠡᠷᠡᠭ ᠮᠠᠭᠤ ᠪᠣᠯᠪᠠ᠂ ᠪᠢᠳᠡ ᠰᠥᠩ ᠤᠯᠤᠰ᠂ ᠮᠣᠩᠭᠣᠯ ᠤᠯᠤᠰ ᠲᠤᠷ ᠴᠥᠮ ᠣᠷᠣᠵᠤ ᠪᠣᠯᠬᠤ ᠦᠭᠡᠢ ᠪᠣᠯᠪᠠ᠃ ᠮᠣᠩᠭᠣᠯ ᠪᠣᠯᠪᠠᠰᠤ ᠥᠷᠥᠰᠢᠶᠡᠯ ᠢ᠋ ᠦᠲᠡᠭᠡᠷᠪᠡ ᠬᠡᠮᠡᠮᠦᠢ᠂ ᠰᠥᠩ ᠤᠯᠤᠰ ᠪᠣᠯᠪᠠᠰᠤ ᠤᠷᠪᠠᠭᠰᠠᠨ ᠰᠠᠢᠳ ᠤ᠋ᠨ ᠡᠮ᠎ᠡ ᠦᠷ᠎ᠡ ᠬᠡᠮᠡᠮᠦᠢ᠂ ᠣᠳᠣ ᠬᠡᠷᠬᠢᠮᠦᠢ ?》 ᠭᠡᠮᠡᠨ ᠬᠡᠯᠡᠭᠰᠡᠨ ᠳ᠋ᠦ᠍ᠷ ᠡᠬᠡ ᠢᠨᠤ ᠹᠧᠩ ᠱᠢ ᠮᠥᠨ ᠠᠷᠭ᠎ᠠ ᠠᠯᠳᠠᠷᠠᠨ ᠣᠭᠲᠣ ᠠᠮᠢᠳᠤᠷᠠᠬᠤ ᠵᠠᠮ ᠦᠭᠡᠢ ᠪᠣᠯᠪᠠ᠃ ᠲᠡᠭᠦᠨ ᠳ᠋ᠦ᠍ᠷ ᠥᠬᠢᠨ ᠢᠨᠤ ᠭᠣᠣ ᠶ᠋ᠢᠨ ᠶᠠᠩ ᠰᠥᠨᠢ ᠵᠤᠯᠠ ᠶ᠋ᠢᠨ ᠳᠣᠣᠷ᠎ᠠ ᠵᠣᠪᠠᠯᠠᠩ ᠠ᠋ᠴᠠ ᠬᠡᠯᠲᠦᠷᠢᠬᠦ ᠠᠷᠭ᠎ᠠ ᠶ᠋ᠢ ᠪᠣᠳᠣᠭᠰᠠᠭᠠᠷ ᠰᠠᠨᠠᠮᠰᠠᠷ ᠦᠭᠡᠢ ᠨᠣᠢᠷ ᠬᠦᠷᠴᠦ ᠪᠠᠬᠠᠨ ᠦᠷᠭᠡᠯᠡᠮᠡᠭᠴᠡ ᠭᠡᠨᠡᠳᠲᠡ ᠦᠬᠦᠭᠰᠡᠨ ᠡᠴᠢᠭᠡ ᠢᠨᠤ ᠭᠣᠣ ᠵᠢᠶᠧ ᠵᠤᠯᠠ ᠶ᠋ᠢᠨ ᠰᠡᠭᠦᠳᠡᠷ ᠲᠣᠷ ᠵᠣᠭᠰᠣᠵᠤ ᠰᠤᠷᠭᠠᠨ ᠥᠭᠦᠯᠡᠷᠦᠨ ᠄《 ᠪᠢ ᠬᠡᠦᠬᠡᠨ ᠴᠢᠨᠦ ᠦᠭᠡ ᠶ᠋ᠢ ᠡᠰᠡ ᠠᠪᠤᠭᠰᠠᠨ ᠢ᠋ᠶ᠋ᠠᠷ ᠡᠢᠮᠦ ᠪᠣᠯᠪᠠ᠂ ᠡᠳᠦᠭᠡ ᠮᠢᠨᠦ ᠥᠰᠢᠶᠡᠲᠦ ᠹᠠᠨ ᠬᠦᠢ ᠲᠠᠨ ᠤ᠋ ᠡᠬᠡ ᠬᠡᠦᠬᠡᠨ ᠢ᠋ ᠭᠡᠨᠡᠳᠡᠭᠦᠯᠦᠷ᠎ᠡ ᠠᠪᠠᠴᠢᠮᠤᠢ᠂ ᠲᠡᠭᠦᠨ ᠦ᠌ ᠤᠷᠠᠬ᠎ᠠ ᠳ᠋ᠤᠷ ᠣᠷᠣᠪᠠᠰᠤ ᠠᠴᠢᠲᠤ ᠬᠥᠮᠦᠨ ᠸᠠᠩ ᠢᠦᠢ ᠵᠸᠨ ᠳ᠋ᠦ᠍ᠷ ᠠᠭᠤᠯᠵᠠᠬᠤᠶ᠎ᠠ ᠪᠡᠷᠬᠡ ᠪᠣᠯᠤᠮᠤᠢ᠃ ᠪᠠᠰᠠ ᠥᠬᠢᠨ ᠴᠢᠮ᠎ᠠ ᠳ᠋ᠤᠷ ᠰᠠᠢᠨ ᠦᠭᠡᠢ᠂ ᠡᠷᠲᠡᠬᠡᠨ ᠵᠠᠢᠯᠠᠨ ᠨᠢᠭᠤᠬᠤ ᠠᠨᠤ ᠡᠷᠬᠢᠮ᠃ ᠡᠳᠦᠭᠡ ᠳᠠᠷᠤᠢ ᠮᠣᠩᠭᠣᠯ ᠤ᠋ᠨ ᠴᠡᠷᠢᠭ ᠦ᠋ᠨ ᠬᠦᠷᠢᠶ᠎ᠡ ᠶ᠋ᠢ ᠡᠷᠢᠨ ᠡᠴᠢᠪᠡᠰᠦ ᠵᠣᠬᠢᠮᠤᠢ!》 ᠬᠡᠮᠡᠭᠰᠡᠨ ᠳ᠋ᠦ᠍ᠷ ᠭᠣᠣ ᠰᠢᠶᠣᠤ ᠵᠢᠶᠧ ᠰᠣᠴᠢᠨ ᠰᠡᠷᠢᠵᠦ ᠰᠠᠢ ᠨᠢᠯᠪᠤᠰᠤᠨ ᠤᠨᠠᠭᠠᠲᠠᠯ᠎ᠠ ᠡᠬᠡ ᠢᠨᠤ ᠹᠧᠩ ᠱᠢ ᠮᠥᠨ ᠰᠣᠴᠢᠨ ᠰᠡᠷᠢᠭᠡᠳ ᠡᠬᠡ ᠬᠡᠦᠬᠡᠨ ᠦ᠌ ᠵᠡᠭᠦᠳᠦᠨ ᠨᠢᠭᠡᠨ ᠠᠳᠠᠯᠢ ᠪᠣᠯᠤᠭᠰᠠᠨ ᠳ᠋ᠤᠷ ᠡᠬᠡ ᠬᠡᠦᠬᠡᠨ ᠬᠣᠶᠠᠭᠤᠯᠠ ᠶᠡᠬᠡ ᠯᠡ ᠰᠡᠵᠢᠭᠯᠡᠨ ᠣᠳᠣ ᠬᠡᠷᠬᠢᠬᠦ ᠶ᠋ᠢ ᠵᠥᠪᠳᠡᠬᠦᠢ ᠳ᠋ᠦ᠍ᠷ ᠭᠣᠣ ᠰᠢᠶᠣᠤ ᠵᠢᠶᠧ ᠭᠡᠨᠡᠳᠲᠡ ᠨᠢᠭᠡᠨ ᠠᠷᠭ᠎ᠠ ᠣᠯᠵᠤ᠂ ᠲᠡᠷᠡ ᠰᠥᠨᠢ ᠡᠯᠴᠢ ᠶ᠋ᠢᠨ ᠰᠡᠯᠡᠮ᠎ᠡ ᠶ᠋ᠢ ᠬᠤᠯᠠᠭᠤᠵᠤ ᠴᠠᠪᠴᠢᠨ ᠠᠯᠠᠭᠠᠳ ᠦᠯᠡᠭᠰᠡᠨ ᠠᠷᠠᠳ ᠢ᠋ ᠠᠶᠤᠯᠭᠠᠨ᠂ ᠳᠠᠷᠤᠢ ᠮᠣᠩᠭᠣᠯ ᠤ᠋ᠨ ᠴᠡᠷᠢᠭ ᠦ᠋ᠨ ᠬᠦᠷᠢᠶ᠎ᠡ ᠶ᠋ᠢᠨ ᠵᠦᠭ ᠵᠣᠷᠢᠬᠤᠢ ᠳ᠋ᠤᠷ ᠭᠣᠣ ᠶ᠋ᠢᠨ ᠶᠠᠩ ᠰᠢᠶᠣᠤ ᠵᠢᠶᠧ ᠶᠠᠭᠠᠷᠠᠨ ᠡᠷᠡᠴᠢᠯᠡᠨ ᠴᠢᠮᠡᠵᠦ ᠮᠣᠷᠢ ᠤᠨᠤᠵᠤ ᠰᠡᠯᠡᠮ᠎ᠡ ᠵᠡᠭᠦᠨ᠂ ᠡᠬᠡ ᠪᠡᠨ ᠮᠥᠨ ᠮᠣᠷᠢ ᠤᠨᠤᠭᠤᠯᠤᠨ ᠲᠡᠷᠭᠡ ᠰᠡᠦᠬᠡ ᠪᠡᠨ ᠣᠷᠬᠢᠵᠤ ᠬᠠᠷᠠᠬᠠᠨ ᠳᠣᠪᠲᠣᠯᠤᠨ ᠶᠠᠪᠤᠬᠤᠶ᠎ᠠ᠂ ᠮᠣᠩᠭᠣᠯ ᠤ᠋ᠨ ᠴᠡᠷᠢᠭ ᠦ᠋ᠨ ᠬᠦᠷᠢᠶ᠎ᠡ ᠶ᠋ᠢᠨ ᠮᠡᠳᠡᠭᠡ ᠶ᠋ᠢ ᠠᠪᠤᠪᠠᠰᠤ ᠰᠢᠶᠠᠩ ᠶᠠᠩ ᠬᠣᠲᠠ ᠶ᠋ᠢᠨ ᠵᠦᠭ ᠪᠠᠢᠯᠳᠤᠮᠤᠢ ᠬᠡᠮᠡᠬᠦᠢ ᠳ᠋ᠦ᠍ᠷ ᠬᠠᠷᠠᠬᠠᠨ ᠰᠢᠶᠠᠩ ᠶᠠᠩ ᠬᠣᠲᠠ ᠶ᠋ᠢᠨ ᠵᠦᠭ ᠳᠣᠪᠲᠣᠯᠤᠨ ᠡᠴᠢᠬᠦᠶ᠎ᠡ᠂ ᠡᠨᠡ ᠦᠶ᠎ᠡ ᠳ᠋ᠦ᠍ᠷ ᠨᠢᠭᠡᠨᠲᠡ ᠶᠡᠬᠡ ᠰᠠᠮᠠᠭᠤᠨ ᠳᠡᠭᠳᠡᠵᠦ᠂ ᠵᠠᠮ ᠵᠡᠭᠡᠯᠢ ᠶ᠋ᠢᠨ ᠠᠷᠠᠯᠵᠢᠶ᠎ᠠ ᠬᠤᠳᠠᠯᠳᠤᠭ᠎ᠠ ᠵᠣᠴᠢᠳ ᠤ᠋ᠨ ᠪᠠᠭᠤᠳᠠᠯ ᠨᠢᠭᠡᠨᠲᠡ ᠦᠭᠡᠢ ᠪᠣᠯᠵᠤ᠂ ᠣᠯᠠᠨ ᠢᠷᠭᠡᠨ ᠭᠡᠷ ᠨᠤᠲᠤᠭ ᠢ᠋ᠶ᠋ᠠᠨ ᠲᠣᠯᠣᠭᠠᠢ ᠮᠡᠳᠡᠵᠦ ᠴᠢᠳᠠᠬᠤ ᠴᠠᠭ ᠪᠣᠯᠤᠭᠰᠠᠨ ᠲᠤᠯᠠ ᠢᠷᠭᠡᠨ ᠦ᠌ ᠭᠡᠷ ᠢ᠋ ᠵᠢᠭᠡᠯᠡᠨ ᠬᠣᠨᠣᠵᠤ᠂ ᠰᠢᠶᠠᠩ ᠶᠠᠩ ᠬᠣᠲᠠ ᠶ᠋ᠢᠨ ᠵᠦᠭ ᠡᠴᠢᠮᠦᠢ᠃ 
       ᠡᠨᠡ ᠵᠠᠪᠰᠠᠷ ᠪᠠᠰᠠ ᠨᠢᠭᠡᠨ ᠬᠡᠷᠡᠭ ᠢ᠋ ᠲᠠᠲᠠᠵᠤ ᠡᠨᠳᠡ ᠲᠣᠬᠢᠶᠠᠯᠳᠤᠭᠰᠠᠨ ᠢ᠋ ᠬᠡᠯᠡᠬᠦ ᠢᠨᠦ – ᠠᠯᠢ ᠬᠡᠷᠡᠭ ? ᠬᠡᠮᠡᠪᠡᠰᠦ : ᠡᠷᠲᠡᠨ ᠦ᠌ ᠲᠠᠪᠢᠨ ᠲᠠᠪᠤᠳᠤᠭᠠᠷ ᠪᠦᠯᠦᠭ ᠦ᠋ᠨ ᠲᠠᠢᠽᠦ ᠴᠢᠩᠭᠢᠰ ᠦ᠋ᠨ ᠬᠣᠷᠢᠳᠤᠭᠠᠷ ᠣᠨ ᠳ᠋ᠤᠷ ᠰᠥᠩ ᠤᠯᠤᠰ ᠤ᠋ᠨ ᠲᠠᠢᠽᠢ ᠵᠣᠣ ᠾᠧᠩ ᠢ᠋ ᠪᠠᠭᠤᠷᠠᠭᠤᠯᠤᠨ᠂ ᠬᠣᠢᠨ᠎ᠠ ᠪᠠᠰᠠ ᠰᠥᠩ ᠯᠢᠽᠥ᠋ᠩ ᠬᠠᠭᠠᠨ ᠰᠠᠭᠤᠮᠠᠭᠴᠠ ᠵᠢᠢ ᠸᠠᠩ ᠠᠨᠤ ᠵᠣᠣ ᠾᠧᠩ ᠢ᠋ ᠬᠣᠣᠷᠠᠳᠠᠭᠠᠨ ᠠᠯᠠᠭᠰᠠᠨ ᠳ᠋ᠤᠷ ᠲᠡᠭᠦᠨ ᠦ᠌ ᠬᠥᠪᠡᠭᠦᠨ ᠵᠣᠣ ᠢᠦᠢ ᠵᠤ᠌ ᠥᠬᠢᠨ ᠵᠣᠣ ᠢᠦᠢ ᠵᠢᠩ ᠴᠥᠮ ᠲᠠᠪᠤ ᠵᠢᠷᠭᠤᠭᠠᠨ ᠨᠠᠰᠤᠨ ᠤ᠋ ᠴᠠᠭ ᠲᠤᠯᠠ ᠵᠢᠢ ᠸᠠᠩ ᠤ᠋ᠨ ᠳᠥᠴᠢᠭᠡᠳ ᠰᠤᠯᠠᠴᠤᠳ ᠪᠠ ᠵᠠᠭᠤᠨ ᠬᠥᠭᠵᠢᠮ ᠦ᠋ᠨ ᠥᠬᠢᠳ ᠴᠥᠮ ᠨᠡᠢᠰᠯᠡᠯ ᠬᠠᠩ ᠵᠧᠦ ᠳ᠋ᠦ᠍ᠷ ᠡᠴᠢᠲᠡᠯ᠎ᠡ ᠡᠭᠦᠨ ᠦ᠌ ᠳᠣᠲᠣᠷ᠎ᠠ ᠠ᠋ᠴᠠ ᠨᠢᠭᠡᠨ ᠪᠢᠴᠢᠬᠠᠨ ᠰᠤᠯᠠ ᠠᠨᠤ ᠣᠪᠣᠭ ᠵᠢᠶᠧ ᠨᠡᠷ᠎ᠡ ᠹᠧᠩ᠂ ᠲᠡᠭᠦᠨ ᠦ᠌ ᠬᠥᠬᠥᠯᠲᠦ ᠡᠬᠡ ᠯᠦ᠍ᠭᠡ ᠵᠥᠪᠯᠡᠵᠦ ᠵᠢᠢ ᠸᠠᠩ ᠢ᠋ ᠠᠯᠠᠭᠰᠠᠨ ᠲᠤᠯᠠ ᠬᠥᠪᠡᠭᠦᠨ ᠵᠣᠣ ᠢᠦᠢ ᠵᠤ᠌ ᠳ᠋ᠤᠷ ᠮᠥᠨ ᠯᠠᠪ ᠨᠢᠭᠤᠴᠠ ᠬᠣᠣᠷ ᠢᠷᠡᠬᠦ ᠢᠨᠤ ᠮᠠᠭᠠᠳ ᠬᠡᠷᠬᠢᠪᠡᠴᠦ ᠲᠡᠭᠦᠨ ᠦ᠌ ᠦᠷ᠎ᠡ ᠶ᠋ᠢ ᠦᠯᠡᠳᠡᠭᠡᠨ ᠬᠣᠢᠴᠢ ᠡᠳᠦᠷ ᠦ᠋ᠨ ᠦᠰ ᠠᠪᠬᠤ ᠦᠨᠳᠦᠰᠦᠨ ᠢ᠋ ᠦᠯᠡᠳᠡᠭᠡᠮᠦᠢ ᠭᠡᠮᠡᠨ ᠡᠷᠲᠡ ᠡᠴᠡ ᠵᠠᠢᠯᠠᠨ ᠨᠢᠭᠤᠬᠤᠢ ᠳ᠋ᠤᠷ ᠦᠯᠦ ᠬᠥᠷᠥᠮᠦᠢ ᠭᠡᠮᠡᠨ ᠵᠢᠶᠧ ᠹᠧᠩ ᠬᠠᠲᠤᠨ᠂ ᠵᠧᠨ ᠹᠦᠧᠧ ᠬᠡᠳᠦᠨ ᠵᠢᠷᠤᠮᠲᠤ ᠲᠠᠢᠭᠠᠨ ᠨᠠᠷ ᠯᠤᠭ᠎ᠠ ᠵᠥᠪᠯᠡᠵᠦ᠂ ᠬᠦᠨᠳᠦ ᠨᠠᠷᠢᠨ ᠢ᠋ ᠴᠥᠮ ᠡᠪᠬᠡᠨ ᠠᠪᠴᠤ ᠤᠷᠭᠤᠨ ᠭᠠᠷᠴᠤ ᠨᠡᠷ᠎ᠡ ᠣᠪᠣᠭ ᠭᠠᠵᠠᠷ ᠣᠷᠣᠨ ᠢ᠋ ᠴᠥᠮ ᠬᠠᠯᠠᠵᠤ᠂ ᠤᠭ ᠨᠤᠲᠤᠭ ᠤ᠋ᠨ ᠡᠪᠦᠭᠡ ᠳ᠋ᠦ᠍ᠷ ᠢᠨᠤ ᠬᠦᠷᠭᠡᠨ ᠠᠪᠠᠴᠢᠵᠤ᠂ ᠠᠷᠪᠠᠨ ᠨᠢᠭᠡᠨ ᠵᠢᠯ ᠨᠢᠭᠤᠨ ᠲᠡᠵᠢᠭᠡᠵᠦ᠂ ᠬᠥᠪᠡᠭᠦᠨ ᠥᠬᠢᠨ ᠴᠥᠮ ᠥᠰᠴᠦ ᠬᠥᠪᠡᠭᠦᠨ ᠵᠣᠣ ᠢᠦᠢ ᠵᠤ᠌ ᠠᠷᠪᠠᠨ ᠨᠠᠢ᠍ᠮᠠᠨ ᠨᠠᠰᠤᠯᠠᠵᠤ᠂ ᠥᠬᠢᠨ ᠵᠣᠣ ᠢᠦᠢ ᠵᠢᠩ ᠠᠷᠪᠠᠨ ᠲᠠᠪᠤᠨ ᠨᠠᠰᠤᠯᠠᠭᠠᠳ ᠵᠣᠣ ᠢᠦᠢ ᠵᠢᠩ ᠵᠢᠶᠦ᠋ᠨ ᠳ᠋ᠦ᠍ ᠨᠢᠭᠡᠨᠲᠡ ᠥᠰᠦᠭᠰᠡᠨ ᠳ᠋ᠦ᠍ᠷ ᠴᠡᠴᠡᠭ ᠢ᠋ ᠢᠴᠢᠭᠡᠵᠦ ᠰᠠᠷᠠᠨ ᠢ᠋ ᠭᠤᠲᠤᠭᠠᠬᠤ ᠬᠢᠷᠢ ᠲᠡᠢ᠂ ᠬᠠᠰ ᠤ᠋ᠨ ᠵᠢᠰᠦ᠂ ᠮᠥᠯᠰᠥᠨ ᠦ᠌ ᠶᠠᠰᠤ᠂ ᠣ ᠶ᠋ᠢᠨ ᠴᠣᠭᠴᠠ᠂ ᠴᠠᠰᠤ ᠶ᠋ᠢᠨ ᠮᠠᠬᠠᠪᠣᠳ᠂ ᠮᠢᠩᠭᠠᠨ ᠯᠠᠩ ᠤ᠋ᠨ ᠰᠢᠶᠣᠤ ᠵᠢᠶᠧ ᠪᠣᠯᠪᠠ᠃ 
       ᠲᠡᠳᠦᠢ ᠡᠨᠡ ᠠᠷᠪᠠᠨ ᠨᠢᠭᠡᠨ ᠵᠢᠯ ᠦ᠋ᠨ ᠬᠣᠭᠣᠷᠣᠨᠳᠣ ᠶ᠋ᠢᠨ ᠤᠳᠠᠭᠠᠨ ᠡᠳᠦᠷ ᠵᠤᠵᠠᠭᠠᠨ ᠬᠣᠨᠣᠭ ᠲᠤᠷ ᠦᠭᠡ ᠭᠠᠷᠴᠤ ᠰᠥᠩ ᠯᠢᠽᠥ᠋ᠩ ᠡᠷᠬᠡᠪᠰᠢ ᠠᠯᠠᠮᠤᠢ ᠭᠡᠮᠡᠨ ᠨᠢᠭᠤᠴᠠ ᠵᠠᠷᠯᠢᠭ ᠪᠠᠭᠤᠯᠭᠠᠨ ᠢᠷᠡᠭᠦᠯᠬᠦᠢ ᠳ᠋ᠦ᠍ᠷ ᠵᠣᠣ ᠢᠦᠢ ᠵᠤ᠌᠂ ᠵᠣᠣ ᠢᠦᠢ ᠵᠢᠩ ᠨᠠᠷ ᠰᠣᠨᠣᠰᠴᠤ ᠨᠢᠭᠡᠨ ᠭᠡᠷ ᠦ᠋ᠨ ᠬᠣᠲᠠᠯᠠᠭᠠᠷ ᠶᠡᠬᠡᠯ᠎ᠡ ᠠᠶᠤᠯᠳᠤᠵᠤ᠂ ᠵᠠᠭᠤᠨ ᠵᠦᠢᠯ ᠢ᠋ᠶ᠋ᠡᠷ ᠤᠬᠢᠯᠠᠯᠳᠤᠨ ᠭᠠᠰᠠᠯᠤᠯᠳᠤᠵᠤ ᠵᠥᠪᠯᠡᠪᠡᠰᠦ ᠲᠡᠭᠦᠨ ᠦ᠌ ᠡᠪᠦᠭᠡ ᠪᠠ ᠡᠮᠡᠭᠡ ᠢᠨᠤ ᠴᠥᠮ ᠥᠮᠥᠭᠯᠡᠬᠦ ᠬᠥᠮᠦᠨ ᠦᠭᠡᠢ ᠪᠣᠯᠤᠭᠰᠠᠨ ᠳ᠋ᠤᠷ ᠬᠠᠭᠠᠨ ᠤ᠋ ᠨᠢᠭᠲᠠᠯᠠᠨ ᠪᠠᠢᠴᠠᠭᠠᠬᠤᠢ ᠳ᠋ᠤᠷ ᠨᠣᠴᠣᠭᠳᠠᠬᠤ ᠠ᠋ᠴᠠ ᠠᠶᠤᠵᠤ ᠣᠭᠲᠣ ᠠᠷᠭ᠎ᠠ ᠦᠭᠡᠢ᠂ ᠵᠢᠶᠧ ᠹᠧᠢ᠂ ᠵᠸᠨ ᠹᠦᠸᠸ ᠬᠣᠶᠠᠭᠤᠯᠠ ᠵᠣᠣ ᠢᠦᠢ ᠵᠤ᠌᠂ ᠵᠣᠣ ᠢᠦᠢ ᠵᠢᠩ ᠬᠣᠶᠠᠷ ᠢ᠋ ᠠᠪᠴᠤ ᠰᠢᠶᠠᠨ ᠿᠧᠨ ᠭᠤᠸᠠᠨ ᠪᠣᠭᠣᠮᠲᠠ ᠶ᠋ᠢ ᠭᠠᠷᠴᠤ ᠰᠠᠶᠢ ᠱᠤ᠌ ᠭᠠᠵᠠᠷ ᠤ᠋ᠨ ᠠᠮᠠᠨ ᠳ᠋ᠤᠷ ᠣᠢᠷ᠎ᠠ ᠪᠦᠬᠦᠢ ᠠᠪᠠᠭ᠎ᠠ ᠵᠣᠣ ᠶᠠᠨ ᠨᠠ ᠡᠨᠡ ᠦᠶ᠎ᠡ ᠳ᠋ᠦ᠍ᠷ ᠬᠠᠭᠠᠨ ᠳ᠋ᠤᠷ ᠶᠡᠬᠡᠯ᠎ᠡ ᠡᠷᠬᠢᠯᠡᠭᠳᠡᠬᠦ ᠲᠤᠯᠠ ᠲᠡᠭᠦᠨ ᠦ᠌ ᠳᠣᠣᠷ᠎ᠠ ᠰᠢᠷᠭᠤᠵᠤ ᠠᠮᠢ ᠭᠠᠷᠰᠤᠭᠠᠢ ᠭᠡᠮᠡᠨ ᠰᠤᠷᠪᠤᠯᠵᠢᠯᠠᠨ ᠢᠷᠡᠬᠦᠶ᠎ᠡ᠂ ᠴᠢᠪᠬᠢᠲᠡᠯ᠎ᠡ ᠮᠣᠩᠭᠣᠯ ᠤ᠋ᠨ ᠲᠠᠢᠽᠢ ᠭᠦᠶᠦᠭ ᠴᠢᠨ ᠸᠠᠩ ᠤ᠋ᠨ ᠶᠡᠬᠡ ᠴᠡᠷᠢᠭ ᠲᠦ᠍ᠷ ᠵᠠᠮ ᠬᠠᠯᠬᠠᠯᠠᠭᠳᠠᠨ ᠡᠬᠡᠨᠡᠷ ᠥᠬᠢᠳ ᠵᠠᠮ ᠶᠠᠪᠤᠵᠤ ᠪᠣᠯᠬᠤ ᠦᠭᠡᠢ ᠪᠣᠯᠵᠤ᠂ ᠵᠠᠮ ᠤ᠋ᠨ ᠭᠣᠳᠣᠰ ᠯᠢᠶᠠᠩ ᠢᠦᠢ ᠹᠦ ᠬᠡᠮᠡᠬᠦ ᠠᠢᠯ ᠳ᠋ᠤᠷ ᠮᠧᠢ ᠣᠪᠣᠭᠲᠤ ᠶᠤᠸᠠᠨ ᠸᠠᠢ ᠶ᠋ᠢᠨ ᠭᠡᠷ ᠢ ᠬᠥᠯᠥᠰᠥᠯᠡᠨ ᠰᠠᠭᠤᠵᠤ᠂ ᠠᠬ᠎ᠠ ᠠᠨᠤ ᠵᠣᠣ ᠢᠦᠢ ᠵᠤ᠌᠂ ᠮᠣᠷᠢ ᠤᠨᠤᠵᠤ ᠭᠠᠭᠴᠠᠭᠠᠷ ᠵᠣᠣ ᠶᠠᠨ ᠨᠠ ᠶᠤᠸᠠᠨᠱᠤᠸᠠᠢ ᠶ᠋ᠢ ᠡᠷᠢᠨ ᠡᠴᠢᠪᠡ᠃ ᠡᠨᠡ ᠦᠶ᠎ᠡ ᠳ᠋ᠦ᠍ᠷ ᠭᠣᠣ ᠵᠢᠶᠧ ᠶ᠋ᠢᠨ ᠡᠮ᠎ᠡ ᠹᠧᠩ ᠱᠢ᠂ ᠰᠢᠶᠣᠤ ᠵᠢᠶᠧ ᠭᠣᠣ ᠶ᠋ᠢᠨ ᠶᠠᠩ ᠬᠣᠶᠠᠷ ᠵᠣᠣ ᠶᠠᠨ ᠨᠠ ᠶ᠋ᠢᠨ ᠳᠣᠣᠷᠠᠬᠢ ᠬᠠᠷᠭᠢᠰ ᠵᠠᠩᠵᠤᠨ ᠹᠠᠨ ᠬᠦᠢ ᠶ᠋ᠢᠨ ᠬᠥᠮᠦᠨ ᠳ᠋ᠦ᠍ᠷ ᠮᠡᠬᠡᠯᠡᠭᠳᠡᠨ ᠲᠡᠭᠦᠨ ᠢ᠋ ᠠᠯᠠᠭᠠᠳ ᠭᠠᠷᠴᠤ ᠢᠷᠡᠨ ᠬᠠᠷᠠᠬᠠᠨ ᠰᠢᠶᠠᠩ ᠶᠠᠩ ᠤ᠋ᠨ ᠵᠦᠭ ᠳᠣᠪᠲᠣᠯᠤᠨ ᠶᠠᠪᠤᠬᠤᠶ᠎ᠠ᠂ ᠹᠠᠨ ᠬᠦᠢ ᠡᠳᠦᠷ ᠤᠳᠠᠭᠰᠠᠨ ᠳ᠋ᠤᠷ ᠯᠠᠪ ᠬᠡᠷᠡᠭ ᠡᠰᠡ ᠪᠦᠲᠦᠪᠡ ᠭᠡᠮᠡᠨ ᠨᠢᠭᠡᠨ ᠵᠠᠭᠤᠨ ᠢᠯᠡᠭᠦᠦ ᠬᠠᠷᠢᠶᠠᠲᠤ ᠴᠡᠷᠢᠭ ᠢ᠋ᠶ᠋ᠡᠨ ᠢᠯᠡᠭᠡᠵᠦ᠂ ᠭᠣᠣ ᠵᠢᠶᠧ ᠶ᠋ᠢᠨ ᠣᠢᠷ᠎ᠠ ᠲᠥᠷᠥᠯ ᠲᠥᠷᠥᠭᠰᠡᠨ ᠤᠷᠤᠭ ᠰᠠᠳᠤᠨ ᠢ᠋ ᠮᠥᠨ ᠬᠦ᠌ ᠮᠣᠩᠭᠣᠯ ᠤ᠋ᠨ ᠴᠡᠷᠢᠭ ᠦ᠋ᠨ ᠶᠠᠩᠵᠤ ᠪᠠᠷ ᠴᠢᠮᠡᠵᠦ ᠬᠠᠭᠤᠷᠮᠠᠭ ᠲᠡᠮᠳᠡᠭ ᠵᠡᠪᠡ ᠪᠠᠷᠢᠵᠤ ᠳᠣᠪᠲᠣᠯᠤᠨ ᠢᠷᠡᠬᠦᠶ᠎ᠡ᠂ ᠴᠢᠪᠬᠢᠲᠡᠯ᠎ᠡ ᠬᠠᠷᠢᠨ ᠭᠣᠣ ᠶ᠋ᠢᠨ ᠶᠠᠩ ᠢ᠋ ᠵᠠᠮ ᠳ᠋ᠤᠷ ᠬᠥᠭᠡᠭᠡᠵᠦ ᠭᠦᠢᠴᠡᠭᠡᠳ ᠲᠠᠨᠢᠬᠤ ᠦᠭᠡᠢ ᠲᠤᠯᠠ ᠬᠡᠯᠡᠯᠴᠡᠬᠦ ᠢᠨᠤ ᠄《ᠲᠡᠷᠡ ᠰᠠᠢᠬᠠᠨ ᠥᠬᠢᠨ ᠢ᠋ ᠪᠢ ᠣᠯᠵᠤ ᠦᠵᠡᠭᠰᠡᠨ ᠦᠭᠡᠢ᠂ ᠡᠨᠡ ᠪᠤᠰᠤ ᠪᠣᠢ ᠊ᠶ᠎ᠠ ?》 ᠭᠡᠮᠡᠨ ᠬᠡᠯᠡᠯᠴᠡᠬᠦᠢ ᠳ᠋ᠦ᠍ᠷ ᠭᠣᠣ ᠶ᠋ᠢᠨ ᠶᠠᠩ ᠶᠡᠬᠡ ᠯᠡ ᠠᠶᠤᠵᠤ᠂ ᠥᠪᠡᠷ ᠦ᠋ᠨ ᠤᠷᠤᠭ ᠰᠠᠳᠤᠨ ᠢ᠋ᠶ᠋ᠠᠨ ᠬᠣᠯᠠ ᠠ᠋ᠴᠠ ᠲᠠᠨᠢᠵᠤ᠂ ᠶᠠᠭᠠᠷᠠᠨ ᠡᠬᠡ ᠪᠡᠨ ᠠᠪᠴᠤ ᠵᠠᠮ ᠪᠤᠷᠤᠭᠤᠯᠠᠨ ᠵᠠᠢᠯᠠᠵᠤ᠂ ᠢᠷᠭᠡᠨ ᠦ᠌ ᠭᠡᠷ ᠢ᠋ ᠭᠤᠶᠤᠵᠤ ᠬᠣᠨᠣᠬᠤ ᠳ᠋ᠤᠷ ᠴᠢᠪᠬᠢᠲᠡᠯ᠎ᠡ ᠵᠣᠣ ᠢᠦᠢ ᠵᠢᠩ ᠦ᠋ᠨ ᠪᠠᠷᠠᠭᠤᠨ ᠭᠡᠷ ᠲᠦ᠍ᠷ ᠣᠷᠣᠵᠤ ᠡᠴᠢᠪᠡ᠃ ᠡᠭᠦᠨ ᠳ᠋ᠦ᠍ᠷ ᠵᠣᠣ ᠢᠦᠢ ᠵᠢᠩ ᠦᠵᠡᠪᠡᠰᠦ ᠡᠨᠡ ᠲᠣᠰᠣᠲᠤ ᠭᠠᠷ ᠢ᠋ᠶ᠋ᠠᠷ ᠪᠠᠷᠢᠰᠢ ᠦᠭᠡᠢ ᠬᠠᠰ ᠮᠡᠲᠦ ᠪᠣᠯᠣᠷ ᠠᠳᠠᠯᠢ ᠰᠠᠢᠬᠠᠨ ᠲᠥᠷᠥᠭᠰᠡᠨ ᠭᠦᠩᠽᠢ ᠨᠢᠭᠡᠨ ᠡᠮᠡᠭᠡᠨ ᠢ᠋ ᠲᠦᠰᠢᠵᠦ ᠬᠡᠳᠦᠨ ᠳᠠᠭᠠᠭᠰᠠᠳ ᠢ᠋ ᠠᠪᠤᠨ ᠣᠷᠣᠵᠤ ᠢᠷᠡᠭᠡᠳ ᠳᠣᠣᠷ᠎ᠠ ᠭᠡᠷ ᠲᠦ᠍ᠷ ᠪᠠᠭᠤᠪᠠ᠃ ᠦᠵᠡᠬᠦᠯ᠎ᠡ ᠮᠥᠨ ᠬᠦ᠌ ᠰᠥᠩ ᠤᠯᠤᠰ ᠤ᠋ᠨ ᠬᠥᠮᠦᠨ ᠦ᠌ ᠪᠠᠢᠳᠠᠯ ᠪᠠᠢᠬᠤ ᠪᠣᠢ ᠊ᠶ᠎ᠠ᠃ ᠮᠣᠩᠭᠣᠯ ᠤ᠋ᠨ ᠳᠦᠷᠢᠮ ᠦᠭᠡᠢ᠂ ᠡᠭᠦᠨ ᠳ᠋ᠦ᠍ᠷ ᠲᠡᠷᠡ ᠰᠠᠢᠬᠠᠨ ᠲᠥᠷᠥᠭᠰᠡᠨ ᠭᠦᠩᠽᠢ ᠶ᠋ᠢᠨ ᠭᠠᠷᠴᠤ ᠣᠷᠣᠬᠤ ᠶ᠋ᠢ ᠦᠵᠡᠭᠰᠡᠭᠡᠷ ᠦᠨᠡᠬᠡᠷ ᠪᠠᠬᠠᠷᠬᠠᠨ ᠬᠦᠰᠡᠪᠡ᠃ ᠲᠡᠭᠦᠨᠴᠡ ᠰᠥᠨᠢ ᠪᠣᠯᠵᠤ ᠡᠭᠦᠳᠡ ᠬᠠᠭᠠᠭᠰᠠᠨ ᠬᠣᠢᠨ᠎ᠠ ᠵᠣᠣ ᠢᠦᠢ ᠵᠢᠩ ᠰᠠᠶᠢ ᠭᠠᠷᠴᠤ ᠢᠷᠡᠨ ᠲᠡᠷᠡ ᠭᠡᠷ ᠦ᠋ᠨ ᠴᠣᠩᠬᠣᠨ ᠤ᠋ ᠳᠣᠣᠷ᠎ᠠ ᠰᠣᠨᠣᠰᠪᠠᠰᠤ ᠬᠡᠯᠡᠯᠴᠡᠬᠦ ᠢᠨᠤ ᠄《 ᠡᠰᠡᠬᠦᠯ᠎ᠡ ᠮᠠᠨ ᠤ᠋ ᠤᠯᠤᠰ ᠤ᠋ᠨ ᠵᠣᠣ ᠶᠤᠸᠠᠨᠱᠤᠸᠠᠢ ᠳ᠋ᠤᠷ ᠡᠴᠢᠪᠡᠰᠦ ᠰᠠᠶᠢ ᠵᠣᠪᠠᠯᠠᠩ ᠠ᠋ᠴᠠ ᠭᠡᠲᠦᠯᠦᠮᠦᠢ᠂ ᠡᠰᠡᠬᠦᠯ᠎ᠡ ᠮᠣᠩᠭᠣᠯ ᠤᠯᠤᠰ ᠤ᠋ᠨ ᠲᠠᠢᠽᠢ ᠸᠠᠩ ᠡᠴᠢᠭᠡ ᠳ᠋ᠦ᠍ᠷ ᠡᠴᠢᠪᠡᠰᠦ ᠪᠠᠰᠠ ᠵᠣᠪᠠᠯᠠᠩ ᠠ᠋ᠴᠠ ᠭᠡᠲᠦᠯᠦᠮᠦᠢ᠂ ᠪᠤᠰᠤ ᠪᠣᠯᠪᠠᠰᠤ ᠬᠢᠲᠠᠳ᠂ ᠮᠣᠩᠭᠣᠯ ᠳ᠋ᠤᠷ ᠴᠥᠮ ᠬᠣᠣᠷ ᠣᠯᠤᠮᠤᠢ !》 ᠭᠡᠮᠡᠨ ᠬᠡᠯᠡᠯᠴᠡᠮᠦᠢ᠃ ᠡᠭᠦᠨ ᠳ᠋ᠦ᠍ᠷ ᠵᠣᠣ ᠢᠦᠢ ᠵᠢᠩ ᠵᠢᠴᠢ ᠵᠢᠶᠧ ᠹᠧᠢ᠂ ᠵᠧᠨ ᠹᠦᠧᠧ ᠭᠤᠷᠪᠠᠭᠤᠯᠠ ᠰᠣᠴᠢᠨ ᠭᠠᠢᠬᠠᠵᠤ ᠶᠠᠭᠠᠷᠠᠨ ᠭᠡᠷ ᠲᠡᠭᠡᠨ ᠣᠷᠣᠵᠤ ᠬᠡᠯᠡᠯᠴᠡᠷᠦᠨ᠄《ᠡᠨᠡ ᠵᠣᠪᠠᠯᠠᠩ ᠠ᠋ᠴᠠ ᠵᠠᠢᠯᠠᠬᠤ ᠠᠷᠠᠳ ᠶᠡᠬᠡᠳᠡ ᠰᠣᠨᠢᠨ᠂ ᠶᠠᠭᠠᠬᠢᠨ ᠰᠥᠩ ᠤᠯᠤᠰ ᠪᠠ ᠮᠣᠩᠭᠣᠯ ᠴᠥᠮ ᠲᠡᠭᠦᠨ ᠳ᠋ᠦ᠍ᠷ ᠲᠤᠰᠠᠲᠠᠢ ᠪᠣᠢ ?  ᠨᠡᠩ ᠪᠠᠰᠠ ᠮᠣᠩᠭᠣᠯ ᠤ᠋ᠨ ᠲᠠᠢᠽᠢ ᠸᠠᠩ ᠬᠥᠶᠦᠭ ᠲᠡᠭᠦᠨ ᠦ᠌ ᠵᠢᠷᠤᠮ ᠤ᠋ᠨ ᠡᠴᠢᠭᠡ ᠬᠡᠮᠡᠬᠦ ᠢᠨᠤ ᠶᠠᠭᠤᠨ ?  ᠡᠨᠡ ᠯᠠᠪ ᠨᠠᠷᠢᠨ ᠤᠴᠢᠷ ᠪᠣᠢ ?  ᠪᠢᠳᠡ ᠬᠠᠷᠠᠬᠠᠨ ᠮᠣᠩᠭᠣᠯ ᠠ᠋ᠴᠠ ᠠᠶᠤᠨ ᠵᠠᠢᠯᠠᠬᠤ ᠴᠠᠭ ᠬᠠᠷᠢᠨ ᠡᠨᠡ ᠬᠥᠮᠦᠨ ᠯᠦ᠍ᠭᠡ ᠲᠠᠨᠢᠯᠴᠠᠪᠠᠰᠤ ᠮᠠᠨ ᠳ᠋ᠤᠷ ᠲᠤᠰᠠᠲᠠᠢ ᠪᠣᠯᠬᠤ ᠮᠠᠭᠠᠳ ᠦᠭᠡᠢ!》 ᠭᠡᠮᠡᠨ ᠭᠡᠷ ᠦ᠋ᠨ ᠡᠵᠡᠨ ᠮᠧᠢ ᠶᠤᠸᠠᠨ ᠸᠠᠢ ᠳ᠋ᠤᠷ ᠬᠡᠯᠡᠵᠦ᠂ ᠪᠢᠳᠡ ᠨᠢᠭᠡᠨ ᠠᠳᠠᠯᠢ ᠰᠥᠩ ᠤᠯᠤᠰ ᠤ᠋ᠨ ᠵᠣᠪᠠᠯᠠᠩ ᠠ᠋ᠴᠠ ᠵᠠᠢᠯᠠᠬᠤ ᠬᠥᠮᠦᠨ᠂ ᠪᠢᠳᠡ ᠮᠥᠨ ᠨᠡᠷ᠎ᠡ ᠣᠪᠣᠭ ᠢ᠋ ᠨᠢᠭᠤᠬᠤ ᠦᠭᠡᠢ᠂ ᠪᠢᠳᠡ ᠪᠣᠯᠪᠠᠰᠤ ᠲᠠᠢᠽᠢ ᠵᠢᠢ ᠸᠠᠩ ᠤ᠋ᠨ ᠹᠦ ᠿᠧᠨ᠂ ᠰᠢᠶᠣᠤ ᠵᠢᠶᠧ᠂ ᠮᠠᠨ ᠤ᠋ ᠭᠦᠩᠽᠢ ᠮᠣᠩᠭᠣᠯ ᠠ᠋ᠴᠠ ᠵᠠᠢᠯᠠᠵᠤ ᠵᠣᠣ ᠶᠤᠸᠠᠨᠱᠤᠸᠠᠢ ᠶ᠋ᠢ ᠡᠷᠢᠨ ᠡᠴᠢᠪᠡ᠃ ᠡᠳᠦᠭᠡ ᠰᠣᠨᠣᠰᠬᠤᠯ᠎ᠠ ᠲᠡᠳᠡᠨ ᠦ᠌ ᠬᠡᠯᠡᠬᠦ ᠢᠨᠤ ᠮᠣᠩᠭᠣᠯ ᠤ᠋ᠨ ᠲᠠᠢᠽᠢ ᠪᠠ ᠵᠣᠣ ᠶᠤᠸᠠᠨᠱᠤᠸᠠᠢ ᠬᠣᠶᠠᠷ ᠤ᠋ᠨ ᠠᠯᠢᠨ ᠳ᠋ᠤᠷ ᠤᠴᠠᠷᠠᠪᠠᠰᠤ ᠴᠥᠮ ᠵᠣᠪᠠᠯᠠᠩ ᠠ᠋ᠴᠠ ᠭᠡᠲᠦᠯᠦᠮᠦᠢ ᠬᠡᠮᠡᠬᠦ ᠪᠡᠷ ᠦᠵᠡᠬᠦᠯ᠎ᠡ ᠪᠢᠳᠡᠨ ᠴᠥᠮ ᠬᠠᠷᠢᠯᠴᠠᠨ ᠲᠤᠰᠠ ᠪᠣᠯᠤᠯᠴᠠᠵᠤ ᠪᠣᠯᠤᠮᠤᠢ᠃ ᠰᠥᠩ ᠤᠯᠤᠰ ᠤ᠋ᠨ ᠵᠣᠪᠠᠯᠠᠩ ᠢ ᠪᠢᠳᠡ ᠬᠠᠯᠬᠠᠯᠠᠨ ᠴᠢᠳᠠᠮᠤᠢ᠂ ᠮᠣᠩᠭᠣᠯ ᠤᠯᠤᠰ ᠤ᠋ᠨ ᠵᠣᠪᠠᠯᠠᠩ ᠢ᠋ ᠲᠡᠷᠡ ᠬᠠᠯᠬᠠᠯᠠᠨ ᠴᠢᠳᠠᠮᠤᠢ᠃ ᠲᠡᠢᠮᠦ ᠶ᠋ᠢᠨ ᠲᠤᠯᠠ ᠪᠢᠳᠡ ᠬᠠᠷᠢᠯᠴᠠᠨ ᠤᠴᠠᠷᠠᠵᠤ ᠲᠠᠨᠢᠯᠴᠠᠰᠤᠭᠠᠢ!》 ᠬᠡᠮᠡᠮᠦᠢ ᠬᠡᠮᠡᠭᠰᠡᠨ ᠳ᠋ᠦ᠍ᠷ ᠭᠡᠷ ᠦ᠋ᠨ ᠡᠵᠡᠨ ᠮᠧᠢ ᠶᠤᠸᠠᠨ ᠸᠠᠢ ᠶᠡᠬᠡᠯ᠎ᠡ ᠪᠠᠶᠠᠷᠯᠠᠨ ᠬᠣᠶᠠᠷ ᠠᠮᠢᠳᠤ ᠡᠷᠳᠡᠨᠢ ᠣᠯᠤᠭᠰᠠᠨ ᠮᠡᠲᠦ ᠪᠠᠶᠠᠷᠯᠠᠵᠤ᠂ ᠶᠠᠭᠠᠷᠠᠨ ᠭᠣᠣ ᠶ᠋ᠢᠨ ᠶᠠᠩ ᠤ᠋ᠨ ᠴᠣᠩᠬᠣᠨ ᠤ᠋ ᠳᠣᠣᠷ᠎ᠠ ᠢᠷᠡᠵᠦ 《 ᠭᠦᠩᠽᠢ ᠶ᠋ᠢ ᠵᠠᠯᠠᠮᠤᠢ !》 ᠬᠡᠮᠡᠭᠰᠡᠨ ᠳ᠋ᠦ᠍ᠷ ᠭᠣᠣ ᠶ᠋ᠢᠨ ᠶᠠᠩ ᠰᠣᠴᠢᠨ ᠭᠠᠷᠴᠤ ᠢᠷᠡᠭᠡᠳ ᠵᠣᠯᠭᠠᠵᠤ᠂ ᠡᠳᠡᠭᠡᠷ ᠤᠴᠢᠷ ᠢ ᠰᠣᠨᠣᠰᠴᠤ ᠣᠷᠣᠵᠤ ᠡᠬᠡ ᠯᠦ᠍ᠭᠡ ᠪᠡᠨ ᠵᠥᠪᠯᠡᠨ ᠲᠡᠭᠦᠨ ᠦ᠌ ᠤᠷᠤᠭ ᠲᠥᠷᠥᠯ ᠢ᠋ ᠴᠥᠮ ᠵᠣᠣ ᠶᠠᠨ ᠨᠠ ᠶ᠋ᠢᠨ ᠴᠡᠷᠢᠭ ᠠᠪᠴᠤ ᠶᠠᠪᠤᠬᠤ ᠲᠤᠯᠠ ᠳᠠᠷᠤᠢ ᠡᠭᠦᠨ ᠢ᠋ᠶ᠋ᠡᠷ ᠰᠡᠳᠦᠪ ᠪᠣᠯᠭᠠᠨ ᠵᠣᠯᠭᠠᠰᠤᠭᠠᠢ ᠭᠡᠮᠡᠨ ᠳᠠᠷᠤᠢ ᠶᠡᠬᠡ ᠭᠡᠷ ᠲᠦ᠍ᠷ ᠢᠷᠡᠵᠦ ᠵᠣᠯᠭᠠᠭᠠᠳ ᠥᠪᠡᠷ ᠦ᠋ᠨ ᠦᠨᠡᠨ ᠣᠪᠣᠭ ᠨᠡᠷ᠎ᠡ ᠶ᠋ᠢ ᠴᠥᠮ ᠬᠡᠯᠡᠵᠦ ᠤᠴᠢᠷ ᠰᠢᠯᠲᠠᠭᠠᠨ ᠢ᠋ ᠲᠣᠭᠠᠴᠢᠭᠰᠠᠨ ᠪᠣᠯᠪᠠᠴᠤ ᠭᠠᠭᠴᠠ ᠪᠡᠶ᠎ᠡ ᠪᠡᠨ ᠥᠬᠢᠨ ᠭᠡᠮᠡᠨ ᠬᠡᠯᠡᠭᠰᠡᠨ ᠦᠭᠡᠢ᠃ ᠡᠭᠦᠨ ᠳ᠋ᠦ᠍ᠷ ᠵᠣᠣ ᠢᠦᠢ ᠵᠢᠩ ᠲᠡᠷᠡ ᠰᠠᠢᠬᠠᠨ ᠭᠤᠸ᠎ᠠ ᠭᠣᠣ ᠶ᠋ᠢᠨ ᠶᠠᠩ ᠭᠦᠩᠽᠢ ᠶ᠋ᠢ ᠤᠯᠠᠮ ᠦᠵᠡᠪᠡᠰᠦ ᠤᠯᠠᠮ ᠰᠠᠢᠬᠠᠨ ᠪᠥᠭᠡᠳ ᠦᠭᠡ ᠪᠠᠳᠠᠭ ᠲᠣᠳᠣᠷᠬᠠᠢ᠂ ᠪᠡᠶ᠎ᠡ ᠮᠠᠬᠠᠪᠣᠳ ᠠᠷᠢᠭᠤᠨ ᠳ᠋ᠤᠷ ᠲᠡᠰᠬᠡᠯ ᠦᠭᠡᠢ ᠬᠦᠰᠡᠵᠦ ᠪᠠᠬᠠᠷᠬᠠᠨ ᠰᠢᠷᠳᠡᠵᠦ᠂ ᠭᠠᠭᠴᠠ ᠦᠭᠡ ᠭᠠᠷᠭᠠᠨ ᠬᠡᠯᠡᠯᠴᠡᠵᠦ ᠴᠢᠳᠠᠬᠤ ᠦᠭᠡᠢ᠂ ᠨᠡᠩᠳᠡ ᠵᠢᠶᠧ ᠹᠧᠢ᠂ ᠵᠧᠨ ᠹᠦᠧᠧ ᠬᠣᠶᠠᠭᠤᠯᠠ ᠣᠳᠴᠤ ᠮᠣᠩᠭᠣᠯ ᠤ᠋ᠨ ᠵᠢᠷᠤᠮ ᠤ᠋ᠨ ᠬᠥᠪᠡᠭᠦᠨ ᠳ᠋ᠦ᠍ᠷ ᠤᠴᠠᠷᠠᠪᠠ᠂ ᠲᠠᠨ ᠤ᠋ ᠤᠷᠤᠭ ᠰᠠᠳᠤᠨ ᠢ᠋ ᠠᠪᠤᠷᠠᠬᠤ ᠮᠠᠨ ᠳ᠋ᠤᠷ ᠪᠣᠢ᠂ ᠲᠠ ᠮᠣᠩᠭᠣᠯ ᠤ᠋ᠨ ᠠᠶᠤᠯ ᠠ᠋ᠴᠠ ᠮᠠᠨ ᠢ᠋ ᠠᠪᠤᠷᠠ ᠭᠡᠮᠡᠨ ᠨᠢᠭᠡᠨ ᠰᠥᠨᠢ ᠬᠡᠯᠡᠯᠴᠡᠭᠡᠳ ᠰᠠᠯᠤᠯᠴᠠᠵᠤ᠂ ᠰᠥᠨᠢ ᠵᠢᠶᠧ ᠹᠧᠢ᠂ ᠵᠸᠨ ᠹᠦᠧᠧ ᠬᠣᠶᠠᠭᠤᠯᠠ ᠥᠭᠦᠯᠡᠷᠦᠨ᠄《 ᠡᠨᠡ ᠭᠣᠣ ᠶ᠋ᠢᠨ ᠶᠠᠩ ᠭᠦᠩᠽᠢ ᠶᠠᠭᠤᠲᠠᠢ ᠰᠠᠢᠬᠠᠨ ᠲᠥᠷᠥᠭᠰᠡᠨ ᠪᠣᠢ ?  ᠴᠢᠷᠠᠢ ᠶ᠋ᠢᠨ ᠪᠠᠢᠳᠠᠯ ᠪᠠᠰᠠ ᠪᠤᠶᠠᠨᠲᠤ ᠪᠠᠢᠳᠠᠯ ᠲᠠᠢ ᠪᠥᠭᠡᠳ ᠡᠷᠬᠢᠮ ᠰᠢᠨᠵᠢᠲᠡᠢ ᠲᠡᠷᠡ ᠰᠠᠢᠬᠠᠨ ᠢ᠋ᠶ᠋ᠠᠷ ᠮᠣᠩᠭᠣᠯ ᠤ᠋ᠨ ᠲᠠᠢᠽᠢ ᠳ᠋ᠤᠷ ᠦᠷᠡᠴᠢᠯᠡᠭᠳᠡᠪᠡ᠂ ᠮᠠᠨ ᠤ᠋ ᠵᠢᠶᠦ᠋ᠨ ᠵᠤ᠌ ᠶ᠋ᠢ ᠡᠨᠡ ᠮᠡᠲᠦ ᠬᠥᠮᠦᠨ ᠳ᠋ᠦ᠍ᠷ ᠣᠯᠵᠤ ᠦᠭᠪᠡᠰᠦ ᠮᠥᠨ ᠲᠠᠯᠠᠭᠠᠷ ᠦᠭᠡᠢ ᠪᠣᠯᠠᠢ !》 ᠬᠡᠮᠡᠬᠦᠢ ᠳ᠋ᠦ᠍ᠷ ᠵᠢᠶᠧ ᠹᠧᠢ ᠥᠭᠦᠯᠡᠷᠦᠨ᠄《 ᠪᠢ ᠪᠠᠰᠠ ᠲᠡᠢᠨ ᠰᠠᠨᠠᠪᠠᠴᠤ ᠡᠨᠡ ᠴᠠᠭ ᠦᠶ᠎ᠡ ᠳ᠋ᠦ᠍ᠷ ᠬᠡᠷᠬᠢᠨ ᠢᠲᠡᠭᠡᠵᠦ ᠤᠷᠤᠭ ᠪᠠᠷᠢᠵᠤ ᠪᠣᠯᠤᠮᠤᠢ᠂ ᠪᠢ ᠪᠠᠰᠠ ᠵᠢᠶᠦ᠋ᠨ ᠵᠤ᠌ ᠶ᠋ᠢᠨ ᠲᠥᠷᠥᠭᠰᠡᠨ ᠡᠬᠡ ᠪᠤᠰᠤ᠂ ᠭᠠᠭᠴᠠ ᠤᠷᠢᠳᠤ ᠸᠠᠩ ᠤ᠋ᠨ ᠨᠢᠭᠡᠬᠡᠨ ᠴᠠᠭ ᠤ᠋ᠨ ᠬᠠᠢᠷᠠᠯᠠᠭᠰᠠᠨ ᠢ᠋ ᠰᠠᠨᠠᠵᠤ᠂ ᠲᠡᠭᠦᠨ ᠦ᠌ ᠥᠬᠢᠨ ᠬᠥᠪᠡᠭᠦᠨ ᠯᠦᠭᠡ ᠵᠣᠪᠠᠯᠠᠩ ᠢ᠋ ᠬᠠᠮᠲᠤᠳᠬᠠᠮᠤᠢ᠂ ᠮᠠᠮᠠ ᠴᠢ ᠵᠢᠶᠦ᠋ᠨ ᠵᠤ᠌ ᠠ᠋ᠴᠠ ᠠᠰᠠᠭᠤᠵᠤ ᠦᠵᠡ᠂ ᠵᠢᠶᠦ᠋ᠨ ᠵᠤ᠌ ᠳᠤᠷᠠᠲᠠᠢ ᠪᠣᠯᠪᠠᠴᠤ ᠡᠨᠡ ᠨᠢᠭᠡᠨ ᠵᠦᠢᠯ ᠦ᠋ᠨ ᠬᠡᠷᠡᠭ ᠮᠠᠰᠢ ᠣᠯᠳᠠᠬᠤᠶ᠎ᠠ ᠪᠡᠷᠬᠡ ᠲᠣᠬᠢᠶᠠᠯ ᠪᠣᠯᠠᠢ!》ᠭᠡᠮᠡᠨ ᠬᠡᠯᠡᠭᠰᠡᠨ ᠢ᠋ ᠵᠣᠣ ᠢᠦᠢ ᠵᠢᠩ ᠰᠣᠨᠣᠰᠴᠤ ᠶᠡᠬᠡᠯ᠎ᠡ ᠪᠠᠶᠠᠷᠯᠠᠨ ᠪᠥᠬᠥᠶ᠎ᠡ᠂ ᠦᠨᠡᠬᠡᠷ ᠵᠸᠨ ᠮᠠᠮᠠ ᠣᠷᠣᠵᠤ ᠢᠷᠡᠨ ᠵᠥᠪᠯᠡᠬᠦᠢ ᠳ᠋ᠦ᠍ᠷ ᠵᠣᠣ ᠢᠦᠢ ᠵᠢᠩ ᠬᠠᠭᠠᠰ ᠴᠠᠭ ᠪᠣᠳᠣᠵᠤ ᠴᠠᠭ ᠠ᠋ᠴᠠ ᠵᠥᠷᠢᠴᠡᠵᠦ ᠪᠣᠯᠬᠤ ᠦᠭᠡᠢ ᠲᠤᠯᠠ ᠳᠠᠷᠤᠢ ᠴᠢᠷᠠᠢ ᠪᠠᠨ ᠬᠠᠯᠬᠠᠯᠠᠨ ᠥᠭᠦᠯᠡᠷᠦᠨ ᠄《ᠨᠢᠭᠡᠨᠲᠡ ᠴᠠᠭ ᠲᠤᠷ ᠬᠦᠷᠴᠦ ᠲᠣᠬᠢᠶᠠᠯᠳᠤᠭᠰᠠᠨ ᠲᠤᠯᠠ ᠪᠦᠷᠢᠨ ᠪᠣᠯᠬᠤ ᠠᠷᠭ᠎ᠠ ᠪᠠᠷ ᠶᠠᠪᠤᠬᠤ ᠠᠨᠤ ᠵᠦᠢ ᠪᠣᠯᠠᠢ᠂ ᠲᠠ ᠴᠥᠮ ᠪᠢᠳᠡᠨ ᠦ᠌ ᠠᠬ᠎ᠠ ᠳᠡᠭᠦᠦ ᠶ᠋ᠢᠨ ᠲᠥᠯᠥᠭᠡ ᠡᠨᠡ ᠮᠡᠲᠦ ᠵᠢᠳᠬᠦᠨ ᠠᠲᠠᠯ᠎ᠠ ᠲᠠᠨ ᠤ᠋ ᠵᠥᠪᠳᠡᠭᠰᠡᠨ ᠢ᠋ ᠪᠢ ᠶᠠᠭᠤᠨ ᠳ᠋ᠤᠷ ᠦᠯᠦ ᠪᠣᠯᠬᠤ ᠪᠣᠢ ?  ᠲᠡᠷᠡ ᠭᠦᠩᠽᠢ ᠴᠦ᠍ ᠮᠥᠨ ᠭᠦᠨ ᠭᠡᠷ ᠦ᠋ᠨ ᠬᠥᠮᠦᠨ ᠪᠣᠯᠠᠢ ᠂ ᠪᠢ ᠦᠯᠦ ᠲᠦᠯᠬᠢᠮᠦᠢ !》 ᠬᠡᠮᠡᠭᠰᠡᠨ ᠳ᠋ᠦ᠍ᠷ ᠵᠢᠶᠧ ᠹᠧᠢ᠂ ᠵᠧᠨ ᠹᠦᠧᠧ ᠶᠡᠬᠡᠯ᠎ᠡ ᠪᠠᠶᠠᠷᠯᠠᠯᠴᠠᠨ ᠠᠷᠪᠠᠨ ᠯᠠᠩ ᠠᠯᠲᠠ ᠭᠠᠷᠭᠠᠵᠤ᠂ ᠭᠡᠷ ᠦ᠋ᠨ ᠡᠵᠡᠨ ᠳ᠋ᠦ᠍ᠷ ᠥᠭᠴᠦ ᠵᠠᠭᠤᠴᠢ ᠪᠣᠯᠭᠠᠭᠰᠠᠨ ᠳ᠋ᠤᠷ ᠭᠣᠣ ᠶ᠋ᠢᠨ ᠶᠠᠩ ᠶᠡᠬᠡᠯ᠎ᠡ ᠰᠣᠴᠢᠵᠤ ᠡᠬᠡ ᠶ᠋ᠢᠨ ᠵᠦᠭ ᠥᠭᠦᠯᠡᠷᠦᠨ᠄《ᠡᠨᠡ ᠣᠳᠣ ᠪᠣᠯᠬᠤ ᠬᠡᠷᠡᠭ ᠪᠤᠰᠤ ᠶᠠᠭᠠᠬᠢᠨ ᠬᠦᠯᠢᠶᠡᠨ ᠠᠪᠤᠮᠤᠢ ?》 ᠡᠬᠡ ᠢᠨᠤ ᠥᠭᠦᠯᠡᠷᠦᠨ ᠄《ᠠᠶ᠎ᠠ ᠦᠨᠡᠬᠡᠷ ᠬᠥᠪᠡᠭᠦᠨ ᠪᠣᠯᠪᠠᠰᠤ ᠮᠠᠨ ᠤ᠋ ᠤᠷᠤᠭ ᠰᠠᠳᠤᠨ ᠴᠥᠮ ᠡᠨᠡ ᠬᠥᠮᠦᠨ ᠦ᠌ ᠤᠴᠢᠷ ᠢ᠋ᠶ᠋ᠠᠷ ᠬᠡᠯᠲᠦᠷᠢᠨ ᠴᠢᠳᠠᠬᠤ ᠪᠣᠯᠠᠢ!》ᠬᠡᠮᠡᠬᠦᠢ ᠳ᠋ᠦ᠍ᠷ ᠭᠣᠣ ᠶ᠋ᠢᠨ ᠶᠠᠩ ᠠᠷᠭ᠎ᠠ ᠵᠠᠪᠬᠠᠷᠠᠨ ᠪᠣᠳᠣᠭᠰᠠᠭᠠᠷ ᠭᠡᠨᠡᠳᠲᠡ ᠨᠢᠭᠡᠨ ᠠᠷᠭ᠎ᠠ ᠣᠯᠵᠤ ᠥᠭᠦᠯᠡᠷᠦᠨ ᠄《 ᠨᠡᠩ ᠬᠢᠯᠪᠠᠷ ᠠᠷᠭ᠎ᠠ ᠪᠣᠢ᠂ ᠡᠳᠦᠭᠡ ᠳᠠᠷᠤᠢ ᠡᠬᠡ ᠡᠴᠢᠵᠦ ᠮᠠᠨ ᠤ᠋ ᠠᠪᠴᠤ ᠶᠠᠪᠤᠬᠤ ᠬᠦᠨᠡᠰᠦᠨ ᠡᠴᠡ ᠨᠢᠭᠡᠨ ᠵᠠᠭᠤᠨ ᠯᠠᠩ ᠮᠥᠩᠭᠥᠨ ᠦ᠌ ᠪᠡᠯᠡᠭ ᠲᠤᠰᠢᠶᠠᠭᠠᠳ ᠬᠠᠷᠢᠯᠴᠠᠨ ᠪᠡᠯᠡᠭ ᠰᠣᠯᠢᠯᠴᠠᠶ᠎ᠠ᠂ ᠡᠳᠦᠭᠡ ᠮᠢᠨᠦ ᠡᠴᠢᠭᠡ ᠶ᠋ᠢᠨ ᠵᠠᠭᠤᠨ ᠬᠣᠨᠣᠭ ᠤ᠋ᠨ ᠪᠡᠯᠪᠡᠰᠦᠷᠡᠯ ᠥᠩᠭᠡᠷᠡᠭᠡᠳᠦᠢ ᠲᠤᠯᠠ ᠬᠣᠯᠪᠣᠬᠤ ᠶ᠋ᠢ ᠲᠦᠷ ᠠᠭᠠᠵᠢᠮ ᠬᠡᠯᠡᠯᠴᠡᠶ᠎ᠡ ᠭᠡᠮᠡᠨ ᠤᠷᠤᠭ ᠪᠠᠷᠢᠭᠲᠤᠨ᠂ ᠡᠢᠮᠦ ᠪᠣᠯᠪᠠᠰᠤ ᠡᠨᠡ ᠰᠢᠯᠲᠠᠭᠠᠨ ᠢ᠋ᠶ᠋ᠠᠷ ᠤᠷᠤᠭ ᠰᠠᠳᠤᠨ ᠢ᠋ ᠨᠡᠢᠲᠡ ᠪᠡᠷ ᠠᠪᠤᠷᠠᠵᠤ ᠪᠣᠯᠤᠮᠤᠢ!》 ᠬᠡᠮᠡᠭᠰᠡᠨ ᠳ᠋ᠦ᠍ᠷ ᠡᠬᠡ ᠢᠨᠤ ᠮᠥᠨ ᠶᠡᠬᠡᠯ᠎ᠡ ᠪᠠᠶᠠᠷᠯᠠᠨ ᠳᠠᠷᠤᠢ ᠵᠠᠭᠤᠨ ᠯᠠᠩ ᠤ᠋ᠨ ᠪᠡᠯᠡᠭ ᠲᠠᠯᠪᠢᠵᠤ ᠤᠷᠤᠭ ᠲᠣᠭᠲᠠᠭᠠᠳ ᠭᠠᠭᠴᠠ ᠪᠡᠯᠪᠡᠰᠦᠷᠡᠯ ᠲᠡᠭᠦᠰᠬᠦ ᠶ᠋ᠢ ᠬᠦᠯᠢᠶᠡᠰᠦᠭᠡᠢ ᠬᠡᠮᠡᠬᠦᠢ ᠳ᠋ᠦ᠍ᠷ ᠴᠢᠨᠠᠳᠤ ᠡᠲᠡᠭᠡᠳ ᠪᠡᠯᠡᠭ ᠢ᠋ ᠰᠠᠨᠠᠬᠤ ᠦᠭᠡᠢ᠂ ᠭᠠᠭᠴᠠ ᠡᠳᠦᠭᠡ ᠳᠠᠷᠤᠢ ᠬᠣᠯᠪᠣᠪᠠᠰᠤ ᠰᠠᠶᠢ ᠪᠣᠯᠤᠮᠤᠢ᠂ ᠪᠤᠰᠤ ᠪᠥᠭᠡᠰᠦ ᠴᠡᠷᠢᠭ ᠲᠡᠢᠨ ᠦ᠌ ᠰᠠᠮᠠᠭᠤᠨ ᠴᠠᠭ ᠬᠠᠮᠢᠭᠠᠰᠢ ᠪᠣᠯᠬᠤ ᠶ᠋ᠢ ᠮᠡᠳᠡᠬᠦ ᠦᠭᠡᠢ ᠭᠡᠮᠡᠨ ᠵᠢᠭᠤᠷᠠᠬᠤᠶ᠎ᠠ ᠹᠧᠩ ᠱᠢ ᠪᠡᠷᠬᠡᠰᠢᠶᠡᠵᠦ ᠥᠬᠢᠨ ᠭᠣᠣ ᠶ᠋ᠢᠨ ᠶᠠᠩ ᠯᠤᠭ᠎ᠠ ᠵᠥᠪᠳᠡᠬᠦᠢ ᠳ᠋ᠦ᠍ᠷ ᠭᠣᠣ ᠶ᠋ᠢᠨ ᠶᠠᠩ ᠪᠠᠬᠠᠨ ᠬᠥᠮᠥᠰᠬᠡ ᠠᠲᠤᠷᠢᠮᠠᠭᠴᠠ ᠪᠠᠰᠠ ᠨᠢᠭᠡᠨ ᠠᠷᠭ᠎ᠠ ᠪᠣᠳᠣᠵᠤ ᠥᠭᠦᠯᠡᠷᠦᠨ᠄《ᠡᠨᠡ ᠮᠠᠰᠢ ᠬᠢᠯᠪᠠᠷ᠂ ᠬᠣᠯᠪᠣᠰᠤᠭᠠᠢ ᠬᠡᠮᠡᠪᠡᠰᠦ ᠳᠠᠷᠤᠢ ᠬᠦᠯᠢᠶᠡᠭᠲᠦᠨ᠂ ᠲᠡᠷᠡ ᠴᠠᠭ ᠲᠤᠷ ᠪᠢ ᠳᠠᠷᠤᠢ ᠵᠢᠶᠦ᠋ᠨ ᠵᠤ᠌ ᠳ᠋ᠤᠷ ᠡᠴᠢᠭᠡ ᠶ᠋ᠢᠨ ᠪᠡᠯᠪᠡᠰᠦᠷᠡᠯ ᠳᠦᠭᠦᠷᠦᠭᠰᠡᠨ ᠬᠣᠢᠨ᠎ᠠ ᠶᠡᠬᠡ ᠶᠣᠰᠣ ᠶ᠋ᠢ ᠲᠡᠭᠦᠰᠬᠡᠶ᠎ᠡ᠂ ᠤᠷᠢᠳᠠ ᠲᠡᠭᠷᠢ ᠭᠠᠵᠠᠷ ᠲᠤᠷ ᠮᠥᠷᠭᠥᠵᠦ ᠶᠣᠰᠣᠯᠠᠶ᠎ᠠ ᠬᠡᠮᠡᠪᠡᠰᠦ ᠪᠠᠷᠠᠪᠠ !》 ᠬᠡᠮᠡᠭᠰᠡᠨ ᠳ᠋ᠦ᠍ᠷ ᠡᠬᠡ ᠹᠧᠩ ᠱᠢ ᠪᠣᠳᠣᠪᠠᠰᠤ ᠴᠢᠬᠤᠯᠠ ᠴᠠᠭ ᠲᠤᠯᠠ ᠮᠥᠨ ᠪᠣᠯᠬᠤ ᠮᠡᠲᠦ᠂ ᠳᠠᠷᠤᠢ ᠮᠥᠨ ᠶᠣᠰᠣᠭᠠᠷ ᠬᠡᠯᠡᠵᠦ᠂ ᠵᠢᠴᠢ ᠡᠳᠦᠷ ᠳᠠᠷᠤᠢ ᠲᠡᠭᠷᠢ ᠶ᠋ᠢᠨ ᠡᠷᠳᠡᠮᠲᠦ ᠰᠠᠢᠨ ᠡᠳᠦᠷ ᠲᠤᠯᠠ ᠳᠠᠷᠤᠢ ᠮᠧᠢ ᠶᠤᠸᠠᠨ ᠸᠠᠢ ᠶ᠋ᠢᠨ ᠭᠡᠷ ᠢ᠋ ᠵᠢᠭᠡᠯᠡᠵᠦ ᠲᠡᠭᠷᠢ ᠭᠠᠵᠠᠷ ᠲᠤᠷ ᠮᠥᠷᠭᠥᠵᠦ ᠂ ᠡᠵᠡᠳ ᠰᠠᠬᠢᠭᠤᠯᠰᠤᠨ᠎ᠠ ᠲᠡᠮᠳᠡᠭᠯᠡᠵᠦ ᠡᠷ᠎ᠡ ᠡᠮ᠎ᠡ ᠪᠣᠯᠪᠠ᠃ ᠡᠨᠡ ᠦᠶ᠎ᠡ ᠳ᠋ᠦ᠍ᠷ ᠬᠠᠷᠠᠬᠠᠨ ᠶᠡᠬᠡ ᠡᠪᠦᠯ ᠦ᠋ᠨ ᠴᠠᠭ ᠲᠤᠯᠠ ᠭᠣᠣ ᠶ᠋ᠢᠨ ᠶᠠᠩ ᠭᠦᠩᠽᠢ ᠴᠢᠬᠢ ᠬᠥᠯᠳᠡᠪᠡ ᠭᠡᠮᠡᠨ ᠭᠣᠶᠣᠣ ᠪᠠᠷ ᠨᠠᠭᠠᠵᠤ᠂ ᠰᠥᠨᠢ ᠪᠠᠰᠠ ᠵᠣᠣ ᠢᠦᠢ ᠵᠢᠩ ᠵᠢᠶᠦ᠋ᠨ ᠵᠤ᠌ ᠶ᠋ᠢ ᠲᠠᠰᠤ ᠲᠡᠪᠡᠷᠢᠨ᠂ ᠭᠠᠭᠴᠠ ᠡᠴᠢᠭᠡ ᠶ᠋ᠢᠨ ᠵᠠᠭᠤᠨ ᠬᠣᠨᠣᠭ ᠤ᠋ᠨ ᠪᠡᠯᠪᠡᠰᠦᠷᠡᠯ ᠣᠳᠣ ᠨᠢᠭᠡᠨ ᠰᠠᠷ᠎ᠠ ᠦᠯᠡᠳᠡᠪᠡ ᠭᠡᠮᠡᠨ ᠵᠠᠭᠤᠨ ᠵᠦᠢᠯ ᠢ᠋ᠶ᠋ᠡᠷ ᠠᠮᠠᠷᠠᠭᠯᠠᠬᠤ ᠳᠦᠷᠢ ᠶ᠋ᠢ ᠭᠠᠷᠭᠠᠭᠰᠠᠨ ᠳ᠋ᠤᠷ ᠵᠣᠣ ᠵᠢᠶᠦ᠋ᠨ ᠵᠤ᠌ ᠪᠦᠬᠦᠯᠢ ᠪᠡᠶ᠎ᠡ ᠤᠮᠳᠠᠷᠠᠨ᠂ ᠶᠠᠰᠤ ᠦᠰᠦ ᠰᠠᠮᠠᠭᠤᠷᠠᠵᠤ ᠪᠡᠶ᠎ᠡ ᠶ᠋ᠢᠨ ᠴᠣᠭᠴᠠ ᠡᠭᠦᠯᠡᠨ᠎ᠡ ᠬᠥᠪᠬᠡᠯᠵᠡᠨ᠂ ᠬᠤᠷᠢᠴᠠᠯ ᠤ᠋ᠨ ᠤᠰᠤ ᠨᠢᠰᠸᠠᠨᠢᠰ ᠤ᠋ᠨ ᠭᠠᠯ ᠢ᠋ ᠳᠠᠷᠤᠨ ᠴᠢᠳᠠᠬᠤ ᠦᠭᠡᠢ ᠬᠠᠷᠢᠯᠴᠠᠨ ᠲᠡᠪᠡᠷᠢᠯᠴᠡᠨ ᠡᠭᠦᠰᠬᠡᠪᠡ᠃ ᠭᠠᠭᠴᠠ ᠭᠣᠣ ᠶ᠋ᠢᠨ ᠶᠠᠩ ᠭᠤᠲᠤᠯ ᠢ᠋ᠶ᠋ᠠᠨ ᠦᠯᠦ ᠲᠠᠢᠯᠬᠤ ᠠᠨᠤ ᠡᠴᠢᠭᠡ ᠶ᠋ᠢᠨ ᠪᠡᠯᠪᠡᠰᠦᠷᠡᠯ ᠳ᠋ᠦ᠍ᠷ ᠰᠢᠯᠲᠠᠵᠤ ᠵᠣᠣ ᠵᠢᠶᠦ᠋ᠨ ᠵᠤ᠌ ᠶ᠋ᠢ ᠬᠣᠶᠠᠷ ᠡᠳᠦᠷ ᠮᠡᠬᠡᠯᠡᠵᠦ᠂ ᠰᠥᠩ ᠤᠯᠤᠰ᠂ ᠮᠣᠩᠭᠣᠯ ᠤ᠋ᠨ ᠬᠣᠶᠠᠷ ᠡᠲᠡᠭᠡᠳ ᠦ᠋ᠨ ᠴᠡᠷᠢᠭ ᠦ᠋ᠨ ᠮᠡᠳᠡᠭᠡ ᠶ᠋ᠢ ᠠᠪᠬᠤᠶ᠎ᠠ᠂ ᠨᠢᠭᠡᠨ ᠡᠳᠦᠷ ᠡᠭᠦᠳᠡᠨ ᠦ᠌ ᠭᠠᠳᠠᠨ᠎ᠠ ᠲᠤᠭ ᠬᠢᠭᠢᠷᠢ ᠨᠠᠷᠠᠨ ᠢ᠋ ᠬᠠᠯᠠᠬᠠᠯᠠᠨ᠂ ᠨᠢᠭᠡᠨ ᠶᠡᠬᠡ ᠵᠠᠩᠵᠤᠨ ᠨᠠᠰᠤᠨ ᠠᠷᠪᠠᠨ ᠵᠢᠷᠭᠤᠭ᠎ᠠ ᠳᠣᠯᠣᠭᠠᠨ ᠢ᠋ ᠭᠠᠷᠴᠤ ᠲᠥᠷᠥᠭᠰᠡᠨ ᠢᠨᠤ ᠬᠠᠰ ᠠᠭᠤᠯᠠ ᠠᠯᠲᠠᠨ ᠮᠥᠷᠡᠨ ᠮᠡᠲᠦ᠂ ᠴᠢᠷᠠᠢ ᠶ᠋ᠢᠨ ᠥᠩᠭᠡ ᠲᠣᠭᠣᠷ ᠤ᠋ᠨ ᠴᠡᠴᠡᠭ ᠠᠳᠠᠯᠢ᠂ ᠨᠢᠳᠦ ᠬᠥᠮᠥᠰᠬᠡ ᠬᠤᠪᠢᠯᠭᠠᠨ ᠰᠠᠬᠢᠭᠤᠯᠰᠤᠨ ᠮᠡᠲᠦ᠂ ᠣᠷᠣᠵᠤ ᠢᠷᠡᠭᠡᠳ ᠡᠨᠡ ᠨᠢᠭᠡᠨ ᠰᠦᠷᠦᠭ ᠬᠥᠮᠦᠨ ᠢ ᠦᠵᠡᠭᠡᠳ ᠬᠢᠨᠠᠨ ᠪᠠᠢᠴᠠᠭᠠᠵᠤ ᠴᠥᠮ ᠪᠠᠷᠢᠭᠤᠯᠪᠠ᠃ ᠡᠨᠡ ᠬᠡᠨ ?  ᠬᠡᠮᠡᠪᠡᠰᠦ ᠄ ᠮᠣᠩᠭᠣᠯ ᠤ᠋ᠨ ᠳᠡᠭᠡᠳᠦ ᠲᠠᠢᠽᠦ ᠬᠠᠭᠠᠨ ᠤ᠋ ᠵᠦᠭ ᠪᠠ ᠴᠠᠭ ᠢ ᠬᠠᠮᠢᠶᠠᠷᠴᠤ ᠰᠢᠲᠠᠷ᠎ᠠ ᠲᠠᠯᠪᠢᠭᠴᠢ ᠡᠷ᠎ᠡ ᠮᠠᠨᠵᠢᠨ ᠤ᠋ ᠲᠠᠪᠤᠳᠤᠭᠠᠷ ᠬᠥᠪᠡᠭᠦᠨ ᠲᠥᠷᠥᠭᠰᠡᠨ ᠢᠨᠤ ᠴᠠᠭᠠᠨ ᠳ᠋ᠤᠷ ᠴᠠᠭᠠᠨ ᠵᠠᠩᠵᠤᠨ ᠭᠡᠮᠡᠨ ᠨᠡᠷᠡᠳᠴᠦᠬᠦᠢ᠃ ᠡᠳᠦᠭᠡ ᠲᠠᠢᠽᠥ᠋ᠩ ᠬᠠᠭᠠᠨ ᠤ᠋ ᠵᠠᠷᠯᠢᠭ ᠢ᠋ᠶ᠋ᠠᠷ ᠲᠠᠢᠽᠢ ᠬᠥᠶᠦᠭ ᠲᠣᠷ ᠱᠠᠩᠨᠠᠬᠤ ᠶᠠᠭᠤᠮ᠎ᠠ ᠶ᠋ᠢ ᠠᠪᠴᠤ ᠢᠷᠡᠭᠡᠳ ᠵᠠᠮ ᠳ᠋ᠤᠷ ᠡᠨᠡ ᠠᠢᠯ ᠪᠠᠬᠠᠨ ᠶᠡᠬᠡ ᠲᠤᠯᠠ ᠦᠳᠡᠯᠡᠷ᠎ᠡ ᠣᠷᠣᠵᠤ ᠢᠷᠡᠭᠡᠳ ᠡᠨᠡ ᠨᠢᠭᠡᠨ ᠰᠦᠷᠦᠭ ᠤᠯᠤᠰ ᠢ᠋ ᠪᠠᠷᠢᠵᠤᠬᠤᠢ᠃ ᠭᠣᠣ ᠶ᠋ᠢᠨ ᠶᠠᠩ ᠰᠢᠶᠣᠤ ᠵᠢᠶᠧ ᠳᠠᠷᠤᠢ ᠥᠪᠡᠷ ᠦ᠋ᠨ ᠡᠴᠢᠭᠡ ᠮᠢᠶᠠᠨ ᠵᠧᠦ ᠳ᠋ᠦ᠍ᠷ ᠦᠬᠦᠵᠦ᠂ ᠲᠠᠢᠽᠢ ᠥᠷᠥᠰᠢᠶᠡᠨ ᠵᠢᠷᠤᠮ ᠤ᠋ᠨ ᠬᠥᠪᠡᠭᠦᠨ ᠪᠣᠯᠭᠠᠭᠰᠠᠨ ᠤᠴᠢᠷ ᠢ᠋ ᠬᠡᠯᠡᠭᠰᠡᠨ ᠳ᠋ᠦ᠍ᠷ ᠲᠡᠷᠡ ᠰᠠᠢᠬᠠᠨ ᠲᠥᠷᠥᠭᠰᠡᠨ ᠴᠠᠭᠠᠨ ᠵᠠᠩᠵᠤᠨ ᠶᠠᠭᠠᠷᠠᠨ ᠥᠪᠡᠷ ᠦ᠋ᠨ ᠭᠠᠷ ᠢ᠋ᠶ᠋ᠠᠷ ᠬᠦᠯᠢᠶᠡᠰᠦᠨ ᠢ᠋ ᠲᠠᠢᠯᠪᠠ᠂ ᠶᠠᠭᠠᠷᠠᠨ ᠲᠡᠭᠦᠨ ᠦ᠌ ᠤᠷᠤᠭ ᠰᠠᠳᠤᠨ ᠢ᠋ ᠠᠰᠠᠭᠤᠵᠤ ᠴᠠᠢ ᠪᠠᠷᠢᠬᠤᠢ ᠳ᠋ᠤᠷ ᠭᠡᠨᠡᠳᠲᠡ ᠬᠦᠷᠢᠶᠡᠨ ᠦ᠌ ᠳᠣᠲᠣᠷ᠎ᠠ ᠨᠢᠭᠡᠨ ᠬᠥᠮᠦᠨ ᠥᠨᠳᠥᠷ ᠳᠠᠭᠤᠨ ᠢ᠋ᠶ᠋ᠠᠷ ᠤᠬᠢᠯᠠᠭᠰᠠᠨ ᠢ᠋ ᠭᠣᠣ ᠶ᠋ᠢᠨ ᠶᠠᠩ᠂ ᠵᠣᠣ ᠢᠦᠢ ᠵᠢᠩ ᠦᠵᠡᠪᠡᠰᠦ ᠬᠠᠷᠢᠨ ᠲᠡᠭᠦᠨ ᠦ᠌ ᠠᠬ᠎ᠠ ᠵᠣᠣ ᠢᠦᠢ ᠵᠤ᠋ ᠶ᠋ᠢ ᠲᠡᠳᠡᠨ ᠪᠠᠷᠢᠵᠤ ᠵᠠᠨᠴᠢᠮᠤᠢ᠃ ᠦᠵᠡᠰᠡ ᠵᠣᠣ ᠢᠦᠢ ᠵᠤ᠋ ᠵᠠᠮ ᠡᠨᠳᠡᠭᠦᠷᠡᠵᠦ ᠡᠳᠡᠨ ᠳ᠋ᠦ᠍ᠷ ᠪᠠᠷᠢᠭᠳᠠᠭᠰᠠᠨ ᠳ᠋ᠤᠷ ᠵᠣᠣ ᠢᠦᠢ ᠵᠢᠩ ᠶᠡᠬᠡᠯ᠎ᠡ ᠤᠬᠢᠯᠠᠭᠰᠠᠨ ᠳ᠋ᠤᠷ ᠭᠣᠣ ᠶ᠋ᠢᠨ ᠶᠠᠩ ᠶᠠᠭᠠᠷᠠᠨ ᠤᠴᠢᠷ ᠢ᠋ ᠠᠰᠠᠭᠤᠵᠤ᠂ ᠴᠠᠭᠠᠨ ᠵᠠᠩᠵᠤᠨ ᠳ᠋ᠤᠷ ᠬᠡᠯᠡᠭᠰᠡᠨ ᠳ᠋ᠦ᠍ᠷ ᠴᠠᠭᠠᠨ ᠵᠠᠩᠵᠤᠨ ᠶᠠᠭᠠᠷᠠᠨ ᠪᠠᠷᠢᠶᠠᠰᠤ ᠶ᠋ᠢ ᠲᠠᠢᠯᠤᠨ ᠠᠴᠢᠷᠠᠵᠤ ᠤᠴᠠᠷᠠᠭᠤᠯᠤᠨ᠂ ᠪᠦᠭᠦᠳᠡ ᠶ᠋ᠢ ᠠᠪᠴᠤ ᠰᠢᠶᠠᠩ ᠶᠠᠩ ᠤ᠋ᠨ ᠵᠦᠭ ᠢᠷᠡᠵᠦ᠂ ᠲᠠᠢᠽᠢ ᠭᠦᠶᠦᠭ ᠲᠣᠷ ᠵᠣᠯᠭᠠᠵᠤ ᠵᠠᠮ ᠤ᠋ᠨ ᠤᠴᠢᠷ ᠢ᠋ ᠬᠢᠨᠠᠨ ᠬᠡᠯᠡᠭᠰᠡᠨ ᠳ᠋ᠦ᠍ᠷ ᠲᠠᠢᠽᠢ ᠶᠡᠬᠡᠯ᠎ᠡ ᠰᠣᠨᠢᠷᠬᠠᠨ ᠭᠠᠢᠬᠠᠵᠤ ᠥᠭᠦᠯᠡᠷᠦᠨ ᠄《ᠦᠵᠡᠰᠡ ᠡᠢᠮᠦ ᠠᠵᠤᠭᠤ!》 ᠭᠡᠮᠡᠨ ᠳᠠᠭᠤᠳᠠᠨ ᠣᠷᠣᠭᠤᠯᠵᠤ ᠤᠴᠠᠷᠠᠭᠰᠠᠨ ᠳ᠋ᠤᠷ ᠭᠣᠣ ᠶ᠋ᠢᠨ ᠶᠠᠩ ᠰᠢᠶᠣᠤ ᠵᠢᠶᠧ ᠤᠬᠢᠯᠠᠵᠤ ᠡᠬᠢᠨ ᠡᠴᠡ ᠠᠳᠠᠭ ᠲᠤᠷ ᠬᠦᠷᠲᠡᠯ᠎ᠡ ᠬᠡᠯᠡᠭᠰᠡᠨ ᠳ᠋ᠦ᠍ᠷ ᠲᠠᠢᠽᠢ ᠶᠡᠬᠡᠯ᠎ᠡ ᠬᠢᠯᠢᠩᠯᠡᠵᠦ᠂ ᠮᠢᠶᠠᠨ ᠵᠧᠦ ᠶ᠋ᠢ ᠴᠢᠩᠳᠠᠯᠠᠨ ᠰᠡᠷᠭᠡᠢᠯᠡ ᠭᠡᠮᠡᠨ ᠵᠠᠬᠢᠶ᠎ᠠ ᠪᠠᠭᠤᠯᠭᠠᠵᠤ᠂ ᠨᠢᠭᠡᠨᠲᠡᠭᠡᠭᠦᠷ ᠪᠠᠰᠠ ᠡᠳᠡᠨ ᠦ᠌ ᠡᠷ᠎ᠡ ᠡᠮ᠎ᠡ ᠪᠠ ᠤᠷᠤᠭ ᠰᠠᠳᠤᠨ ᠢ᠋ ᠰᠢᠶᠠᠩ ᠶᠠᠩ ᠤ᠋ᠨ ᠣᠢᠷ᠎ᠠ ᠰᠠᠭᠤᠯᠭᠠᠵᠤ᠂ ᠴᠡᠷᠢᠭ ᠡᠭᠡᠬᠦ ᠶ᠋ᠢ ᠬᠦᠯᠢᠶᠡ ᠬᠡᠮᠡᠵᠦ᠂ ᠳᠠᠷᠤᠢ ᠰᠢᠶᠠᠩ ᠶᠠᠩ ᠢ᠋ ᠡᠪᠳᠡᠵᠦ ᠭᠣᠣ ᠶ᠋ᠢᠨ ᠶᠠᠩ ᠤ᠋ᠨ ᠤᠷᠤᠭ ᠰᠠᠳᠤᠨ ᠢ᠋ ᠠᠪᠤᠷᠠᠮᠤᠢ ᠬᠡᠮᠡᠪᠡ᠃ ᠡᠭᠦᠨ ᠦ᠌ ᠬᠡᠷᠬᠢᠬᠦ ᠶ᠋ᠢ ᠳᠣᠣᠷᠠᠲᠤ ᠪᠦᠯᠦᠭ ᠲᠣᠷ ᠦᠵᠡᠭᠳᠡᠬᠦᠢ᠃