ᠳᠠᠭᠤᠴᠢᠨ ᠪᠦᠰᠡᠭᠦᠢ- ᠠ᠊ ∙ ᠮᠥᠩᠬᠡᠪᠠᠲᠤDuuchin büsgüi-A.MönkhbatДуучин бүсгүй-А.Мөнхбат
ᠳᠠᠭᠤᠴᠢᠨ ᠪᠦᠰᠡᠭᠦᠢ
ᠦᠭᠡ᠄ ᠵ᠊᠂ ᠦᠯᠵᠡᠢᠪᠠᠭᠠᠲᠤᠷ
ᠠᠶ᠎ᠠ᠄ ᠨ᠂ ᠵᠠᠩᠴᠢᠨᠨᠤᠷᠪᠤ
ᠳᠠᠭᠤᠴᠢᠨ᠄ ᠠ᠊᠂ ᠮᠥᠩᠬᠡᠪᠠᠲᠤ
ᠳᠠᠭᠤᠴᠢᠨ ᠪᠦᠰᠡᠭᠦᠢ ᠮᠢᠨᠢ ᠳᠠᠭᠤᠯᠠᠭᠠᠷᠠᠢ
ᠳᠠᠭᠤᠤ ᠶ᠋ᠢᠨ ᠴᠢᠨᠢ ᠠᠶ᠎ᠠ ᠳ᠋ᠤ᠌ ᠤᠴᠢᠷ ᠪᠠᠢᠨ᠎ᠠ ᠬᠦ᠋
ᠳᠠᠭᠤᠯᠠᠯᠲᠤ ᠡᠬᠡᠴᠦᠳ ᠦ᠋ᠨ ᠠᠷᠢᠭᠤᠨ ᠰᠡᠳᠬᠢᠯ ᠢ᠋ᠶ᠋ᠡᠷ
ᠲᠤᠤᠯᠢᠮ᠎ᠠ ᠬᠣᠷᠸ᠎ᠠ ᠶ᠋ᠢ ᠰᠡᠭᠦᠳᠡᠷ ᠲᠡᠢ ᠨᠢ ᠤᠶᠠᠷᠠᠭᠠᠨ᠎ᠠ
ᠠ᠁ ᠠᠢ ᠬᠦ᠋
ᠳᠠᠭᠤᠷᠢᠰᠬᠤ ᠡᠩᠬᠡ ᠶ᠋ᠢᠨ ᠡᠭᠡᠰᠢᠭ ᠰᠣᠨᠣᠰᠳᠠᠵᠤ ᠪᠠᠢᠨ᠎ᠠ
ᠰᠡᠷᠭᠦᠯᠡᠩ ᠪᠦᠰᠡᠭᠦᠢ ᠮᠢᠨᠢ ᠳᠠᠭᠤᠯᠠᠭᠠᠷᠠᠢ
ᠴᠡᠭᠡᠯᠬᠡᠨ ᠬᠣᠭᠣᠯᠠᠢ ᠳ᠋ᠤ᠌ ᠴᠢᠨᠢ ᠤᠴᠢᠷ ᠪᠠᠢᠨ᠎ᠠ ᠬᠦ᠋
ᠴᠡᠩᠭᠡᠯ ᠵᠢᠷᠭᠠᠯ ᠢ᠋ ᠡᠳ᠋ᠯᠡᠬᠦ ᠬᠦᠰᠡᠯᠡᠩ ᠢ᠋ᠶ᠋ᠡᠷ
ᠴᠡᠴᠡᠭᠲᠦ ᠲᠠᠯ᠎ᠠ ᠶ᠋ᠢᠨ ᠢᠷᠭᠤᠢ ᠨᠢᠳᠦᠯᠡᠨ᠎ᠡ
ᠠ᠁ ᠠᠢ ᠬᠦ᠋
ᠰᠡᠳᠬᠢᠯ ᠳ᠋ᠦ᠍ ᠮᠢᠨᠢ ᠦᠷ᠎ᠡ ᠶ᠋ᠢᠨ ᠳᠠᠭᠤ ᠰᠣᠨᠣᠰᠳᠠᠵᠤ ᠪᠠᠢᠨ᠎ᠠ
ᠬᠥᠭᠡᠷᠦᠬᠦᠨ ᠪᠦᠰᠡᠭᠦᠢ ᠮᠢᠨᠢ ᠳᠠᠭᠤᠯᠠᠭᠠᠷᠠᠢ
ᠬᠥᠭ ᠠᠶᠠᠯᠠᠭᠤᠨ ᠳ᠋ᠤ᠌ ᠴᠢᠨᠢ ᠤᠴᠢᠷ ᠪᠠᠢᠨ᠎ᠠ ᠬᠦ᠋
ᠬᠦᠢ ᠣᠷᠴᠢᠯᠠᠩ ᠳ᠋ᠤ᠌ ᠤᠴᠠᠷᠠᠬᠤ ᠵᠦᠩ ᠢ᠋ᠶ᠋ᠡᠷ
ᠬᠥᠳᠡᠯᠬᠦ ᠰᠡᠳᠬᠢᠯ ᠦ᠋ᠨ ᠣᠩᠭᠣᠳ ᠢ᠋ ᠰᠡᠷᠭᠦᠭᠡᠨ᠎ᠡ
ᠠ᠁ ᠠᠢ ᠬᠦ᠋
ᠬᠦᠰᠡᠯ ᠦ᠋ᠨ ᠰᠠᠢᠬᠠᠨ ᠤᠶᠠᠩᠭ᠎ᠠ ᠰᠣᠨᠣᠰᠳᠠᠵᠤ ᠪᠠᠢᠨ᠎ᠠ
ᠦᠰᠦᠭ ᠬᠠᠲᠠᠵᠤ ᠠᠮᠢᠯᠠᠭᠤᠯᠤᠭᠰᠠᠨ ᠨᠢ ᠠᠯᠲᠠᠨᠴᠢᠮᠡᠭ
ᠬᠢᠨᠠᠭᠴᠢ᠄ ᠭᠦᠩᠭᠠᠷ
