ᠬᠥᠬᠡ ᠰᠤᠳᠤᠷ - ᠢᠨᠵᠠᠨᠨᠠᠰᠢ < ᠵᠢᠷᠠᠨ ᠳᠣᠯᠣᠳᠤᠭᠠᠷ ᠪᠦᠯᠦᠭ > Хөх судар - Инжинаш < Жаран долдугар бүлэг > ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠥᠬᠡ ᠰᠤᠳᠤᠷ - ᠢᠨᠵᠠᠨᠨᠠᠰᠢ < ᠵᠢᠷᠠᠨ ᠳᠣᠯᠣᠳᠤᠭᠠᠷ ᠪᠦᠯᠦᠭ > Хөх судар - Инжинаш < Жаран долдугар бүлэг >

ᠬᠥᠬᠡ ᠰᠤᠳᠤᠷ - ᠢᠨᠵᠠᠨᠨᠠᠰᠢ < ᠵᠢᠷᠠᠨ ᠳᠣᠯᠣᠳᠤᠭᠠᠷ ᠪᠦᠯᠦᠭ > Хөх судар - Инжинаш < Жаран долдугар бүлэг >

ᠠᠩᠭᠢᠯᠠᠯ:ᠲᠡᠦᠬᠡ ᠰᠣᠶᠣᠯ
2023-10-26

280

ᠠᠴᠢ ᠵᠢᠷᠤᠮᠲᠤ ᠪᠤᠯᠤ ᠲᠠᠢᠱᠢ ᠢᠨᠢᠶᠡᠵᠦ ᠮᠣᠩᠭᠣᠯ ᠲᠥᠷᠥ ᠶ᠋ᠢᠨ ᠪᠡᠯᠭᠡ ᠢᠷᠦᠭᠡᠯ ᠢ᠋ ᠲᠣᠭᠠᠴᠢᠪᠠ

ᠠᠲᠠᠭᠠᠲᠤ ᠳᠠᠢᠰᠤᠨ ᠠᠢᠽᠦ᠋ᠩ ᠬᠠᠭᠠᠨ ᠦᠬᠦᠵᠦ ᠠᠯᠲᠠᠨ ᠤᠯᠤᠰ ᠤ᠋ᠨ ᠲᠣᠭ᠎ᠠ ᠲᠡᠭᠦᠰᠴᠦ ᠮᠥᠬᠥᠪᠡ


                  ᠵᠢᠷᠠᠨ ᠳᠣᠯᠣᠳᠤᠭᠠᠷ ᠪᠦᠯᠦᠭ  
                             ᠬᠥᠬᠡ ᠮᠣᠷᠢᠨ ᠵᠢᠯ᠂ ᠶᠡᠬᠡ ᠬᠥᠬᠡ ᠮᠣᠩᠭᠣᠯ ᠤᠯᠤᠰ ᠤ᠋ᠨ ᠥᠭᠡᠳᠡᠢ ᠬᠠᠭᠠᠨ ᠲᠠᠢᠽᠦ᠋ᠩ ᠦ᠋ᠨ ᠵᠢᠷᠭᠤᠳᠤᠭᠠᠷ ᠣᠨ᠂ 
                             ᠰᠥᠩ ᠤᠯᠤᠰ ᠤ᠋ᠨ ᠯᠢᠽᠦ᠋ᠩ ᠬᠠᠭᠠᠨ ᠵᠣᠣ ᠶᠦᠨ ᠤ ᠳ᠋ᠤᠸᠠᠨ ᠫᠢᠩ ᠦ᠋ᠨ ᠲᠡᠷᠢᠭᠦᠨ ᠣᠨ᠂ 
                             ᠠᠯᠲᠠᠨ ᠤᠯᠤᠰ ᠤ᠋ᠨ ᠠᠢᠽᠦ᠋ᠩ ᠬᠠᠭᠠᠨ ᠱᠧᠦ ᠰᠢᠦᠢ ᠶ᠋ᠢᠨ ᠲᠢᠶᠠᠨ ᠰᠢᠩ ᠦ᠋ᠨ ᠭᠤᠷᠪᠠᠳᠤᠭᠠᠷ ᠣᠨ 

             ᠠᠴᠢ ᠵᠢᠷᠤᠮᠲᠤ ᠪᠤᠯᠤ ᠲᠠᠢᠰᠢ ᠢᠨᠢᠶᠡᠵᠦ ᠮᠣᠩᠭᠣᠯ ᠲᠥᠷᠥ ᠶ᠋ᠢᠨ ᠪᠡᠯᠭᠡ ᠢᠷᠦᠭᠡᠯ ᠢ᠋ ᠲᠣᠭᠠᠴᠢᠪᠠ 
             ᠠᠲᠠᠭᠠᠲᠤ ᠳᠠᠢᠰᠤᠨ ᠠᠢᠽᠦ᠋ᠩ ᠬᠠᠭᠠᠨ ᠦᠬᠦᠵᠦ ᠠᠯᠲᠠᠨ ᠤᠯᠤᠰ ᠤ᠋ᠨ ᠲᠣᠭ᠎ᠠ ᠲᠡᠭᠦᠰᠴᠦ ᠮᠥᠬᠥᠪᠡ  

       ᠲᠡᠭᠦᠨᠴᠡ ᠮᠣᠩᠭᠣᠯ ᠰᠥᠩ ᠬᠣᠶᠠᠷ ᠤᠯᠤᠰ ᠤ᠋ᠨ ᠴᠡᠷᠢᠭ ᠲᠠᠪᠤᠨ ᠵᠢᠩ ᠦ᠋ᠨ ᠦᠶ᠎ᠡ ᠳ᠋ᠦ᠍ᠷ ᠶᠡᠬᠡ ᠬᠡᠩᠭᠡᠷᠭᠡ ᠳᠡᠯᠡᠳᠦᠨ᠂ ᠶᠡᠬᠡ ᠫᠤᠤ ᠲᠠᠯᠪᠢᠵᠤ ᠬᠥᠭᠵᠢᠮ ᠡᠭᠦᠰᠬᠡᠨ ᠲᠡᠭᠷᠢ ᠭᠠᠵᠠᠷ ᠢ᠋ ᠲᠠᠢᠵᠤ᠂ ᠥᠪᠡᠷ ᠥᠪᠡᠷ ᠦ᠋ᠨ ᠬᠠᠭᠠᠨ ᠡᠵᠡᠨ ᠦ᠌ ᠵᠦᠭ ᠬᠠᠨᠳᠤᠵᠤ ᠮᠥᠷᠭᠥᠭᠡᠳ ᠴᠡᠷᠢᠭ ᠴᠡᠷᠢᠭ ᠦ᠋ᠨ ᠡᠵᠡᠳ ᠲᠣᠷ ᠢ᠋ᠶ᠋ᠠᠨ ᠶᠣᠰᠣᠯᠠᠵᠤ᠂ ᠬᠠᠷᠢᠯᠴᠠᠨ ᠨᠠᠢᠷ ᠢ᠋ᠶ᠋ᠠᠨ ᠭᠦᠢᠴᠡᠳᠬᠡᠵᠦ ᠶᠣᠰᠣᠯᠠᠯᠴᠠᠬᠤᠶ᠎ᠠ᠂ ᠭᠡᠨᠡᠳᠲᠡ ᠡᠮᠦᠨ᠎ᠡ ᠡᠲᠡᠭᠡᠳ ᠡᠴᠡ ᠮᠣᠩᠭᠣᠯ ᠤ᠋ᠨ ᠶᠡᠬᠡ ᠭᠦᠸᠧ ᠸᠠᠩ ᠲᠡᠢᠰᠢ ᠪᠤᠯᠤ ᠶᠡᠬᠡ ᠴᠡᠷᠢᠭ ᠦ᠋ᠨ ᠡᠮᠦᠨ᠎ᠡ ᠮᠣᠷᠢᠯᠠᠨ ᠬᠦᠷᠴᠦ ᠢᠷᠡᠭᠰᠡᠨ ᠳ᠋ᠦ᠍ᠷ ᠪᠤᠯᠤ ᠶ᠋ᠢᠨ ᠶᠡᠬᠡ ᠬᠥᠪᠡᠭᠦᠨ ᠶᠡᠬᠡ ᠳᠦ ᠶᠤᠸᠠᠨᠱᠤᠸᠠᠢ ᠳᠡᠰ ᠲᠣᠭᠣᠰ ᠬᠣᠶᠠᠷ ᠬᠠᠲᠤᠨ ᠢ᠋ᠶ᠋ᠠᠨ ᠠᠪᠴᠤ ᠤᠭᠲᠤᠨ ᠮᠥᠷᠭᠥᠵᠦ ᠶᠣᠰᠣᠯᠠᠭᠠᠳ ᠳᠠᠭᠠᠯᠳᠤᠭ᠎ᠠ ᠰᠥᠩ ᠤᠯᠤᠰ ᠤ᠋ᠨ ᠶᠡᠬᠡ ᠶᠤᠸᠠᠨᠱᠤᠸᠠᠢ ᠮᠧᠩ ᠬᠦᠩ ᠮᠥᠨ ᠭᠠᠷᠴᠤ ᠤᠭᠲᠤᠨ ᠵᠣᠯᠭᠠᠯᠳᠤᠵᠤ ᠬᠠᠷᠢᠯᠴᠠᠨ ᠨᠠᠢᠷ ᠲᠠᠯᠪᠢᠯᠴᠠᠨ ᠪᠠᠶᠠᠰᠤᠯᠳᠤᠵᠤ᠂ ᠨᠠᠷᠠᠨ ᠮᠠᠨᠳᠤᠬᠤ ᠶ᠋ᠢᠨ ᠦᠶ᠎ᠡ ᠳ᠋ᠦ᠍ᠷ ᠼᠠᠢ ᠵᠧᠦ ᠶ᠋ᠢ ᠬᠠᠭᠠᠬᠤ ᠴᠡᠷᠢᠭ ᠦ᠋ᠨ ᠬᠦᠷᠢᠶ᠎ᠡ ᠳ᠋ᠦ᠍ᠷ ᠬᠦᠷᠴᠦ ᠢᠷᠡᠭᠡᠳ ᠶᠡᠬᠡ ᠬᠥᠭᠵᠢᠮ ᠡᠭᠦᠰᠬᠡᠨ ᠰᠢᠨ᠎ᠡ ᠵᠢᠯ ᠦ᠋ᠨ ᠴᠠᠭᠠᠯᠠᠬᠤ ᠥᠷᠯᠥᠭᠡ ᠶ᠋ᠢᠨ ᠪᠠᠶᠠᠷ ᠤ᠋ᠨ ᠶᠣᠰᠣᠭᠠᠷ ᠶᠡᠬᠡ ᠬᠤᠷᠢᠮ ᠬᠤᠷᠢᠮᠯᠠᠵᠤ᠂ ᠮᠣᠩᠭᠣᠯ ᠰᠥᠩ ᠬᠣᠶᠠᠷ ᠤᠯᠤᠰ ᠤ᠋ᠨ ᠴᠡᠷᠢᠭ ᠡᠵᠡᠳ ᠬᠠᠷᠢᠯᠴᠠᠨ ᠨᠢᠭᠡᠨ ᠰᠢᠷᠡᠭᠡᠨ ᠳ᠋ᠦ᠍ᠷ ᠬᠤᠷᠢᠮᠯᠠᠵᠤ᠂ ᠳᠣᠣᠷᠠᠲᠤ ᠴᠡᠷᠢᠭ ᠡᠭᠡᠯᠵᠢᠯᠡᠨ ᠬᠤᠷᠢᠮ ᠳ᠋ᠤᠷ ᠰᠠᠭᠤᠯᠴᠠᠵᠤ᠂ ᠡᠮᠦᠨ᠎ᠡ ᠭᠠᠵᠠᠷ ᠤ᠋ᠨ ᠬᠥᠭᠵᠢᠮ ᠪᠠ ᠠᠷᠤ ᠭᠠᠵᠠᠷ ᠤ᠋ᠨ ᠠᠶᠠᠯᠭᠤ ᠶ᠋ᠢ ᠡᠭᠦᠰᠬᠡᠯᠴᠡᠨ ᠠᠷᠢᠬᠢᠳᠠᠨ ᠴᠡᠩᠭᠡᠯᠳᠦᠵᠦ ᠦᠢᠮᠡᠨ ᠬᠥᠭᠡᠷᠦᠯᠴᠡᠵᠦ ᠵᠢᠷᠭᠠᠯᠳᠤᠬᠤᠶ᠎ᠠ᠂ ᠬᠡᠩᠭᠡᠷᠭᠡ ᠪᠢᠰᠬᠢᠭᠦᠷ ᠦ᠋ᠨ ᠳᠠᠭᠤᠨ᠂ ᠳᠠᠭᠤᠯᠠᠬᠤ ᠡᠭᠡᠰᠢᠭᠯᠡᠬᠦ ᠠᠶᠠᠯᠭᠤ ᠥᠷᠯᠥᠭᠡ ᠡᠷᠲᠡ ᠶ᠋ᠢᠨ ᠰᠠᠯᠬᠢᠨ ᠤ᠋ ᠠᠶ᠎ᠠ ᠪᠠᠷ ᠬᠣᠲᠠᠨ ᠤ᠋ ᠳᠣᠲᠣᠷ᠎ᠠ ᠰᠣᠨᠣᠰᠳᠠᠬᠤ᠂ ᠳᠥᠷᠪᠡᠨ ᠵᠦᠭ ᠲᠦ᠍ᠷ ᠬᠥᠩᠭᠢᠷᠡᠰᠦᠨ ᠳᠠᠭᠤᠷᠢᠰᠬᠤᠢ ᠳ᠋ᠤᠷ ᠼᠠᠢ ᠵᠧᠦ ᠬᠣᠲᠠ ᠶ᠋ᠢᠨ ᠳᠣᠲᠣᠷ᠎ᠠ ᠬᠣᠷᠢᠭᠳᠠᠨ ᠥᠯᠪᠡᠷᠴᠦ ᠪᠠᠢᠬᠤ ᠴᠡᠷᠢᠭ ᠦ᠋ᠳ ᠦ᠋ᠨ ᠭᠡᠳᠡᠰᠦ ᠬᠣᠭᠣᠰᠣᠨ ᠬᠡᠬᠦᠳᠡᠭ ᠥᠯᠥᠨ ᠪᠣᠯᠵᠤ᠂ ᠬᠠᠷᠢᠯᠴᠠᠨ ᠨᠢᠭᠡᠨ ᠨᠢᠭᠡᠨ ᠢ᠋ᠶ᠋ᠡᠨ ᠥᠯᠪᠡᠷᠴᠦ ᠦᠬᠦᠭᠰᠡᠨ ᠴᠡᠷᠢᠭ ᠪᠠ ᠢᠷᠭᠡᠨ ᠤ ᠮᠢᠬ᠎ᠠ ᠶ᠋ᠢ ᠢᠳᠡᠯᠴᠡᠬᠦᠢ ᠳ᠋ᠡᠭᠡᠨ ᠮᠣᠩᠭᠣᠯ ᠤ᠋ᠨ ᠴᠡᠷᠢᠭ ᠦ᠋ᠨ ᠡᠨᠡ ᠮᠡᠲᠦ ᠬᠥᠷ ᠨᠠᠢᠷ ᠢ᠋ ᠦᠵᠡᠭᠡᠳ ᠪᠦᠭᠦᠳᠡᠭᠡᠷ ᠰᠡᠭᠦᠷᠡᠰᠦᠨ ᠠᠯᠳᠠᠵᠤ ᠤᠬᠢᠯᠠᠯᠴᠠᠨ ᠭᠠᠰᠢᠭᠤᠳᠠᠯᠴᠠᠪᠠᠢ᠃ 
       ᠲᠡᠳᠦᠢ ᠰᠥᠩ ᠤᠯᠤᠰ ᠤ᠋ᠨ ᠮᠧᠩ ᠬᠦᠩ ᠮᠣᠩᠭᠣᠯ ᠤ᠋ᠨ ᠶᠡᠬᠡ ᠲᠠᠢᠰᠢ ᠪᠤᠯᠤ ᠯᠤᠭ᠎ᠠ ᠬᠤᠷᠢᠮᠯᠠᠬᠤᠢ ᠳ᠋ᠤᠷ ᠥᠷᠯᠥᠭᠡ ᠶ᠋ᠢᠨ ᠨᠠᠷᠠᠨ ᠤ᠋ ᠲᠤᠶᠠᠭ᠎ᠠ ᠳ᠋ᠤᠷ ᠦᠵᠡᠪᠡᠰᠦ ᠠᠯᠲᠠᠨ ᠤᠯᠤᠰ ᠤ᠋ᠨ ᠼᠠᠢ ᠵᠧᠦ ᠬᠣᠲᠠᠨ ᠤ᠋ ᠳᠡᠭᠡᠷ᠎ᠡ ᠨᠢᠭᠡᠨ ᠠᠩᠭᠢ ᠬᠠᠷ᠎ᠠ ᠠᠭᠤᠷ ᠮᠠᠨᠠᠨᠲᠤᠨ ᠪᠦᠷᠬᠦᠵᠦ᠂ ᠨᠠᠷᠠᠨ ᠤ᠋ ᠭᠡᠷᠡᠯ ᠪᠦᠷᠬᠦᠭ ᠪᠣᠯᠵᠤ᠂ ᠬᠠᠷᠠᠩᠭᠤᠢ ᠪᠣᠷᠣᠩᠭᠤᠢ ᠳ᠋ᠤᠷ ᠬᠠᠵᠠᠭᠤ ᠠ᠋ᠴᠠ ᠦᠵᠡᠬᠦᠯ᠎ᠡ ᠬᠠᠷ᠎ᠠ ᠡᠭᠦᠯᠡᠨ ᠢ᠋ ᠬᠥᠨᠳᠡᠯᠢᠳᠦᠭᠰᠡᠨ ᠮᠡᠲᠦ ᠳ᠋ᠦ᠍ᠷ ᠮᠧᠩ ᠬᠦᠩ ᠮᠣᠩᠭᠣᠯ ᠤ᠋ᠨ ᠲᠠᠢᠰᠢ ᠪᠤᠯᠤ ᠶ᠋ᠢᠨ ᠵᠦᠭ ᠥᠭᠦᠯᠡᠷᠦᠨ : 《ᠶᠡᠬᠡ ᠲᠡᠢᠰᠢ ᠡᠨᠡ ᠪᠠᠢᠳᠠᠯ ᠢ᠋ ᠦᠵᠡ᠂ ᠡᠨᠡ ᠶᠠᠮᠪᠠᠷ ᠢᠷᠣ᠎ᠠ ᠪᠣᠢ ? 》 ᠪᠤᠯᠤ ᠭᠤᠨᠢᠶᠠᠨ ᠥᠭᠦᠯᠡᠷᠦᠨ : 《ᠡᠨᠡ ᠠᠯᠲᠠᠨ ᠤᠯᠤᠰ ᠤ᠋ᠨ ᠡᠵᠡᠨ ᠴᠢᠬᠤᠯᠳᠠᠵᠤ ᠶᠠᠯ᠎ᠠ ᠦᠭᠡᠢ ᠢᠷᠭᠡᠨ ᠢ᠋ ᠠᠯᠠᠵᠤ ᠬᠥᠮᠦᠨ ᠦ᠌ ᠲᠣᠰᠣᠨ ᠤ᠋ ᠫᠤᠤ ᠬᠢᠵᠦ᠂ ᠪᠠᠰᠠ ᠰᠤᠯᠠ ᠢᠷᠭᠡᠨ ᠢ᠋ ᠬᠣᠲᠠᠨ ᠳ᠋ᠤᠷ ᠬᠣᠷᠢᠭ᠍ᠳᠠᠭᠤᠯᠵᠤ ᠥᠯᠪᠡᠷᠦᠭᠡᠵᠦ ᠦᠬᠦᠭᠦᠯᠦᠭᠰᠡᠨ ᠠᠰᠤᠷᠤ ᠣᠯᠠᠨ ᠪᠣᠯᠤᠭᠰᠠᠨ ᠤ᠋ ᠲᠤᠯᠠ ᠣᠯᠠᠨ ᠢᠷᠭᠡᠨ ᠦ᠌ ᠬᠢᠯᠢᠰᠳᠡᠭᠰᠡᠨ ᠠᠭᠤᠷ ᠦᠯᠦ ᠰᠠᠷᠨᠢᠬᠤ ᠶ᠋ᠢᠨ ᠮᠠᠭᠤ ᠠᠭᠤᠷ ᠪᠣᠯᠠᠢ᠃ ᠠᠯᠲᠠᠨ ᠤᠯᠤᠰ ᠤ᠋ᠨ ᠡᠵᠡᠨ ᠶᠠᠭᠤᠨ ᠤ᠋ ᠡᠨᠡ ᠰᠠᠷ᠎ᠠ ᠶ᠋ᠢ ᠭᠡᠲᠦᠯᠦᠨ ᠴᠢᠳᠠᠮᠤᠢ ᠬᠡᠮᠡᠮᠦᠢ ᠤᠤ ?  ᠪᠢ ᠪᠢᠶᠠᠨ ᠵᠢᠩ ᠪᠠᠯᠭᠠᠰᠤᠨ ᠢ᠋ ᠪᠠᠢᠯᠳᠤᠨ ᠠᠪᠬᠤ ᠲᠤᠬᠠᠢ ᠰᠥᠨᠢ ᠪᠦᠷᠢ ᠦᠵᠡᠪᠡᠰᠦ ᠪᠢᠶᠠᠨ ᠵᠢᠩ ᠬᠣᠲᠠᠨ ᠤ᠋ ᠳᠡᠭᠡᠷ᠎ᠡ ᠰᠠᠷᠨᠢᠰᠢ ᠦᠭᠡᠢ ᠨᠢᠭᠡᠨ ᠵᠦᠢᠯ ᠦ᠋ᠨ ᠬᠠᠷᠠᠩᠭᠤᠢ ᠮᠠᠨᠠᠨ ᠪᠦᠷᠬᠦᠵᠦ᠂ ᠶᠡᠷᠦ ᠤᠲᠤᠭ᠎ᠠ ᠤᠨᠢᠶᠠᠷ ᠤ᠋ᠨ ᠪᠠᠢᠳᠠᠯ ᠪᠤᠰᠤ᠂ ᠤᠳᠠᠭᠰᠠᠨ ᠦᠭᠡᠢ ᠪᠢᠶᠠᠨ ᠵᠢᠩ ᠠᠪᠲᠠᠪᠠ᠃ ᠡᠨᠡ ᠬᠣᠲᠠ ᠶ᠋ᠢ ᠬᠠᠮᠠᠭᠠᠯᠠᠮᠤᠢ ᠭᠡᠮᠡᠨ ᠣᠯᠠᠨ ᠢᠷᠭᠡᠨ ᠢ᠋ ᠦᠬᠦᠭᠦᠯᠬᠦ ᠢᠨᠦ ᠡᠭᠡᠨᠡᠭᠲᠡ ᠰᠠᠢᠨ ᠬᠡᠷᠡᠭ ᠪᠤᠰᠤ᠃ ᠬᠡᠳᠦᠢᠪᠡᠷ ᠳᠠᠢᠰᠤᠨ ᠤ᠋ ᠴᠡᠷᠢᠭ ᠦ᠋ᠨ ᠰᠢᠯᠲᠠᠭᠠᠨ ᠪᠣᠯᠪᠠᠴᠤ ᠪᠠᠰᠠ ᠴᠤ᠌ ᠬᠣᠲᠠ ᠶ᠋ᠢᠨ ᠡᠵᠡᠨ ᠦ᠌ ᠲᠡᠭᠷᠢ ᠶ᠋ᠢᠨ ᠴᠠᠭ ᠢ᠋ ᠬᠡᠲᠦᠷᠬᠡᠶ᠎ᠡ ᠵᠥᠷᠢᠴᠡᠭᠦᠯᠬᠦ ᠳ᠋ᠦ᠍ᠷ ᠣᠯᠠᠨ ᠤ᠋ ᠰᠦᠨᠡᠰᠦᠨ ᠬᠢᠯᠢᠰᠳᠡᠬᠦ ᠪᠤᠶᠤ᠃ ᠲᠡᠢᠨ ᠬᠦ᠌ ᠲᠡᠭᠷᠢ ᠢᠷᠣ᠎ᠠ ᠵᠢᠭᠠᠵᠤ ᠬᠣᠷᠢᠭᠯᠠᠬᠤ ᠪᠣᠯᠠᠢ ! 》ᠬᠡᠮᠡᠭᠰᠡᠨ ᠳ᠋ᠦ᠍ᠷ ᠮᠧᠩ ᠬᠦᠩ ᠬᠢᠷᠳ᠋ᠬᠢᠵᠦ ᠥᠪᠡᠷ ᠦ᠋ᠨ ᠤᠯᠤᠰ ᠢ᠋ᠶ᠋ᠠᠨ ᠰᠠᠨᠠᠭᠠᠯᠵᠠᠵᠤ ᠶᠠᠭᠠᠷᠠᠨ ᠠᠰᠠᠭᠤᠷᠤᠨ : 《ᠲᠡᠭᠷᠢ ᠶ᠋ᠢᠨ ᠴᠠᠭ ᠯᠠᠪ ᠮᠣᠩᠭᠣᠯ ᠳ᠋ᠤᠷ ᠪᠣᠯᠤᠭᠰᠠᠨ ᠢ᠋ ᠶᠡᠬᠡ ᠸᠠᠩ ᠯᠠᠪ ᠮᠡᠳᠡᠭᠰᠡᠨ ᠭᠠᠵᠠᠷ ᠪᠣᠢ ᠤᠤ ?  ᠶᠠᠮᠪᠠᠷ ᠪᠠᠷᠢᠮᠲᠠᠲᠤ ᠢᠲᠡᠭᠡᠯ ᠲᠡᠢ ᠭᠠᠵᠠᠷ ᠪᠣᠢ ? 》ᠬᠡᠮᠡᠭᠰᠡᠨ ᠳ᠋ᠦ᠍ᠷ ᠪᠤᠯᠤ ᠪᠠᠬᠠᠨ ᠢᠨᠢᠶᠡᠵᠦ ᠠᠯᠭᠤᠷ ᠠᠭᠠᠵᠢᠮ ᠢ᠋ᠶ᠋ᠠᠷ ᠥᠭᠦᠯᠡᠷᠦᠨ : 《ᠮᠠᠭᠠᠳ ᠪᠠᠷᠢᠮᠲᠠ ᠲᠠᠢ ᠢᠲᠡᠭᠡᠯᠲᠦ ᠵᠢᠷᠭᠤᠭᠠᠨ ᠵᠦᠢᠯ ᠪᠣᠢ᠂ ᠠᠯᠢ ᠵᠢᠷᠭᠤᠭᠠᠨ ᠵᠦᠢᠯ ᠬᠡᠮᠡᠪᠡᠰᠦ : ᠮᠠᠨ ᠤ᠋ ᠤᠯᠤᠰ ᠲᠤᠷ ᠳᠣᠲᠤᠷᠬᠠᠶ᠎ᠠ ᠮᠠᠨᠳᠤᠬᠤ ᠭᠤᠷᠪᠠᠨ ᠪᠡᠯᠭᠡ ᠢᠷᠦᠭᠡᠯ ᠪᠣᠢ᠂ ᠭᠠᠳᠠᠭᠠᠳᠤ ᠤᠯᠤᠰ ᠲᠤᠷ ᠮᠠᠭᠠᠳ ᠮᠥᠬᠥᠬᠦ ᠭᠤᠷᠪᠠᠨ ᠵᠦᠢᠯ ᠦ᠋ᠨ ᠮᠠᠭᠤ ᠢᠷᠣ᠎ᠠ ᠪᠣᠢ᠂ ᠡᠷᠭᠢᠨ ᠶᠤᠸᠠᠨᠱᠤᠸᠠᠢ ᠮᠢᠨᠦ ᠲᠠᠢᠯᠤᠨ ᠮᠡᠳᠡᠭᠦᠯᠬᠦ ᠶ᠋ᠢ ᠬᠢᠨᠠᠨ ᠰᠣᠨᠣᠰ : ᠲᠡᠷᠢᠭᠦᠨ ᠳ᠋ᠦ᠍ᠷ ᠡᠷᠲᠡ ᠡᠴᠡ ᠢᠨᠠᠭᠰᠢ ᠮᠠᠨ ᠤ᠋ ᠮᠣᠩᠭᠣᠯ ᠤᠯᠤᠰ ᠡᠮᠦᠨ᠎ᠡ ᠵᠦᠩᠶᠤᠸᠠᠨ ᠤ᠋ ᠭᠠᠵᠠᠷ ᠬᠠᠭᠠᠨ ᠰᠠᠭᠤᠭᠰᠠᠨ ᠤᠳᠠᠭ᠎ᠠ ᠨᠢᠭᠡᠨ ᠴᠦ᠍ ᠭᠠᠷᠤᠭᠰᠠᠨ ᠦᠭᠡᠢ ᠪᠥᠭᠡᠲᠡᠯ᠎ᠡ ᠭᠡᠨᠡᠳᠲᠡ ᠮᠠᠨ ᠤ᠋ ᠭᠠᠵᠠᠷ᠎ᠠ ᠲᠠᠢᠽᠦ ᠱᠧᠩ ᠡᠦ ᠬᠤᠸᠠᠩᠳᠢ ᠮᠡᠨᠳᠦᠯᠡᠭᠡᠳ ᠮᠥᠨ ᠪᠡᠶ᠎ᠡ ᠳ᠋ᠦ᠍ᠷ ᠲᠠᠪᠢᠨ ᠵᠢᠯ ᠦ᠋ᠨ ᠳᠣᠲᠣᠷ᠎ᠠ ᠵᠦᠩ ᠶᠤᠸᠠᠨ ᠤ᠋ ᠬᠢᠵᠠᠭᠠᠷ ᠢ᠋ ᠳᠠᠢᠯᠠᠨ ᠳᠠᠭᠠᠭᠤᠯᠵᠤ᠂ ᠢᠷᠭᠡᠨ ᠦ᠌ ᠶᠡᠬᠡ ᠰᠥᠩ ᠤᠯᠤᠰ ᠠ᠋ᠴᠠ ᠲᠡᠷᠢᠭᠦᠯᠡᠨ᠂ ᠠᠯᠲᠠᠨ ᠤᠯᠤᠰ᠂ ᠯᠢᠶᠣᠣ ᠤᠯᠤᠰ᠂ ᠰᠢᠶᠠ ᠤᠯᠤᠰ᠂ ᠭᠠᠤᠯᠢ ᠤᠯᠤᠰ᠂ ᠬᠢᠳᠠᠨ ᠤᠯᠤᠰ᠂ ᠰᠢ ᠢᠦᠢ ᠤᠯᠤᠰ᠂ ᠲᠠᠩᠭᠤᠳ ᠤᠯᠤᠰ ᠪᠠ ᠡᠭᠦᠨ ᠡᠴᠡ ᠭᠠᠳᠠᠨ᠎ᠠ ᠲᠠᠨ ᠤ᠋ ᠦᠯᠦ ᠮᠡᠳᠡᠬᠦ ᠭᠠᠳᠠᠭᠠᠳᠤ ᠤᠯᠤᠰ ᠢ᠋ ᠲᠣᠭᠠᠯᠠᠪᠠᠰᠤ ᠬᠣᠢᠲᠤ ᠶᠡᠬᠡ ᠣᠷᠣᠰ ᠤᠯᠤᠰ ᠠ᠋ᠴᠠ ᠳᠠᠷᠠᠭᠠᠯᠠᠨ ᠪᠠᠷᠠᠭᠤᠨ ᠲᠥᠪᠡᠳ ᠤᠯᠤᠰ᠂ ᠲᠠᠩᠭᠤᠳ ᠤᠯᠤᠰ᠂ ᠡᠨᠡᠳᠬᠡᠭ ᠤᠯᠤᠰ᠂ ᠪᠠᠯᠪᠤ ᠤᠯᠤᠰ᠂ ᠵᠡᠭᠦᠨ ᠡᠲᠡᠭᠡᠳ ᠨᠣᠬᠠᠢ ᠲᠣᠯᠣᠭᠠᠢᠲᠤ ᠤᠯᠤᠰ᠂ ᠪᠦᠸᠧ ᠯᠦᠸᠧ ᠱᠤ᠌ ᠭᠦᠸᠧ᠂ ᠪᠠᠰᠠ ᠥᠬᠢᠨ ᠤᠯᠤᠰ᠂ ᠨᠢᠦᠢ ᠮᠦ᠍ ᠭᠦᠸᠧ᠂ ᠰᠡᠮᠦ ᠤᠯᠤᠰ᠂ ᠱᠢ ᠮᠠ ᠭᠦᠸᠧ ᠰᠦᠷᠯᠢᠭ ᠤᠯᠤᠰ᠂ ᠱᠧᠨ ᠯᠢᠶᠧ ᠹᠦ ᠭᠦᠸᠧ᠂ ᠳᠠᠯᠤᠭ ᠤᠯᠤᠰ᠂ ᠳᠠ ᠯᠦ᠍ ᠭᠦᠸᠧ᠂ ᠪᠠᠶᠠᠯᠢᠭ ᠤᠯᠤᠰ᠂ ᠪᠧᠨ ᠯᠢ ᠭᠦᠸᠧ᠂ ᠬᠥᠩᠭᠡᠷ ᠤᠯᠤᠰ᠂ ᠲᠢᠶᠠᠨ ᠽᠦ᠍ ᠭᠦᠸᠧ᠂ ᠪᠠᠷᠠᠭᠤᠨ ᠶᠠᠩ ᠤ᠋ᠨ ᠤᠯᠤᠰ᠂ ᠰᠢᠶᠠᠩ ᠬᠦ᠌ ᠯᠢ ᠭᠦᠸᠧ᠂ ᠪᠠᠷᠠᠭᠤᠨ ᠤ᠋ ᠹᠠᠨ ᠨᠥ᠍ ᠤᠯᠤᠰ᠂ ᠰᠢ ᠹᠠᠨ ᠭᠦᠸᠧ ᠨᠡᠪᠲᠡ ᠭᠡᠭᠦᠳᠡᠭᠲᠦ ᠤᠯᠤᠰ᠂ ᠴᠤᠸᠠᠨ ᠰᠢᠶᠦ᠋ᠩ ᠭᠦᠸᠧ᠂ ᠭᠠᠭᠴᠠ ᠬᠥᠯᠲᠦ ᠤᠯᠤᠰ᠂ ᠪᠢ ᠮᠦ᠍ ᠭᠦᠸᠧ ᠡᠳᠡᠭᠡᠷ ᠵᠡᠷᠭᠡ ᠶ᠋ᠢᠨ ᠤᠯᠤᠰ ᠢ ᠳᠠᠢᠯᠠᠵᠤ ᠴᠥᠮ ᠠᠯᠪᠠ ᠪᠠᠷᠢᠭᠤᠯᠤᠨ ᠮᠥᠷᠭᠥᠭᠦᠯᠦᠭᠰᠡᠨ ᠢ᠋ᠶ᠋ᠡᠷ ᠯᠠᠪ ᠪᠣᠭᠳᠠ ᠬᠥᠮᠦᠨ ᠭᠡᠮᠡᠨ ᠮᠡᠳᠡᠪᠡ᠃ ᠲᠡᠢᠨ ᠬᠦ᠌ ᠪᠣᠭᠳᠠ ᠬᠥᠮᠦᠨ ᠤᠯᠤᠰ ᠢ᠋ ᠨᠡᠭᠡᠭᠡᠵᠦ ᠪᠠᠰᠠ ᠨᠢᠳᠦ ᠣᠷᠬᠢᠨ ᠳᠣᠷᠣᠭᠰᠢ ᠦᠵᠡᠬᠦᠯ᠎ᠡ ᠵᠠᠯᠭᠠᠮᠵᠢᠯᠠᠬᠤ ᠬᠡᠦᠬᠡᠳ ᠠᠴᠢᠷ ᠤ᠋ᠨ ᠳᠣᠲᠣᠷ᠎ᠠ ᠪᠣᠭᠳᠠ ᠳᠦᠷᠢᠮᠲᠦ ᠬᠥᠮᠦᠨ ᠵᠠᠯᠭᠠᠮᠵᠢᠯᠠᠨ ᠲᠥᠷᠥᠬᠦ ᠪᠡᠷ ᠯᠠᠪ ᠲᠡᠭᠷᠢ ᠶ᠋ᠢᠨ ᠴᠠᠭ ᠤ᠋ᠨ ᠮᠠᠨ ᠤ᠋ ᠮᠣᠩᠭᠣᠯ ᠳ᠋ᠤᠷ ᠪᠣᠯᠬᠤ ᠶ᠋ᠢ ᠮᠠᠭᠠᠳ ᠮᠡᠳᠡᠭᠰᠡᠨ ᠡᠨᠡ ᠨᠢᠭᠡ᠃ ᠵᠢᠴᠢ ᠳ᠋ᠦ᠍ᠷ ᠮᠠᠨ ᠤ᠋ ᠤᠯᠤᠰ ᠤ᠋ᠨ ᠬᠠᠭᠠᠨ ᠡᠵᠡᠨ ᠪᠡᠶ᠎ᠡ ᠠᠮᠤᠷ ᠵᠢᠷᠭᠠᠯ ᠴᠡᠩᠭᠡᠯ ᠤᠵᠢᠳ ᠢ᠋ ᠬᠡᠷᠡᠭᠯᠡᠬᠦ ᠦᠭᠡᠢ᠂ ᠡᠷᠬᠡᠪᠰᠢ ᠪᠡᠶ᠎ᠡ ᠪᠡᠨ ᠵᠦᠳᠡᠭᠡᠵᠦ ᠴᠡᠷᠢᠭ ᠲᠡᠢᠨ ᠳ᠋ᠦ᠍ᠷ ᠶᠠᠪᠤᠬᠤᠢ ᠳ᠋ᠤᠷ ᠴᠡᠷᠢᠭ ᠠᠷᠠᠳ ᠦᠬᠦᠨ ᠵᠢᠳᠬᠦᠯᠴᠡᠵᠦ᠂ ᠪᠠᠰᠠ ᠡᠷᠳᠡᠮᠲᠦ ᠰᠠᠢᠳ ᠤ᠋ᠳ ᠲᠤᠷ ᠳᠤᠷᠠᠲᠠᠢ ᠲᠤᠯᠠ ᠣᠯᠠᠨ ᠡᠷᠳᠡᠮᠲᠡᠨ ᠬᠤᠷᠠᠵᠤ ᠴᠤᠭᠯᠠᠨ᠂ ᠰᠠᠢᠨ ᠦᠭᠡ ᠪᠡᠷ ᠤᠳᠤᠷᠢᠳᠤᠨ ᠠᠢᠯᠠᠳᠬᠠᠬᠤ ᠦᠭᠡᠰ ᠢ᠋ ᠶᠣᠰᠣ ᠨᠡᠢᠯᠡᠪᠡᠰᠦ ᠦᠭᠡ ᠶ᠋ᠢ ᠦᠯᠦ ᠠᠪᠬᠤ ᠠᠨᠤ ᠦᠭᠡᠢ᠂ ᠡᠭᠦᠨ ᠳ᠋ᠦ᠍ᠷ ᠳᠥᠷᠪᠡᠨ ᠬᠢᠵᠠᠭᠠᠷ ᠤ᠋ᠨ ᠴᠣᠯᠭᠣᠷᠠᠭᠰᠠᠨ ᠡᠷᠳᠡᠮᠲᠡᠨ ᠮᠥᠯᠬᠥᠨ ᠢᠷᠡᠵᠦ ᠮᠥᠷᠭᠥᠨ ᠳᠠᠭᠠᠭᠰᠠᠨ ᠢ᠋ᠶ᠋ᠠᠷ ᠤᠯᠤᠰ ᠤ᠋ᠨ ᠬᠣᠲᠠᠯᠠᠭᠠᠷ ᠲᠤᠷ ᠮᠡᠷᠭᠡᠳ ᠡᠷᠳᠡᠮᠲᠡᠨ ᠦ᠌ ᠶᠠᠪᠤᠳᠠᠯ ᠢ᠋ ᠪᠠᠬᠠᠷᠠᠬᠠᠯᠴᠠᠨ ᠳᠠᠭᠤᠷᠢᠶᠠᠯᠴᠠᠮᠤᠢ᠃ ᠡᠨᠡ ᠮᠠᠨ ᠤ᠋ ᠮᠣᠩᠭᠣᠯ ᠮᠠᠭᠠᠳ ᠮᠠᠨᠳᠤᠬᠤ ᠶ᠋ᠢ ᠮᠡᠳᠡᠪᠡᠰᠦ ᠪᠣᠯᠬᠤ ᠪᠡᠯᠡᠭ ᠬᠣᠶᠠᠷ᠃ ᠵᠢᠴᠢ ᠮᠠᠨ ᠤ᠋ ᠮᠣᠩᠭᠣᠯ ᠤᠯᠤᠰ ᠲᠤᠯᠭᠤᠷ ᠪᠠᠢᠭᠤᠯᠬᠤᠢ ᠳ᠋ᠤᠷ ᠮᠠᠨ ᠤ᠋ ᠲᠠᠢᠽᠦ ᠱᠧᠩ ᠡᠦ ᠬᠤᠸᠠᠩᠳᠢ ᠮᠠᠷᠭᠤᠵᠤ ᠪᠣᠯᠬᠤ ᠦᠭᠡᠢ ᠳ᠋ᠦ᠍ᠷ ᠤᠯᠤᠰ ᠤ᠋ᠨ ᠬᠣᠲᠠᠯᠠᠭᠠᠷ ᠲᠡᠭᠷᠢ ᠡᠴᠡ ᠪᠡᠯᠭᠡ ᠭᠤᠶᠤᠬᠤᠢ ᠳ᠋ᠤᠷ ᠬᠠᠭᠠᠨ ᠤ᠋ ᠮᠠᠨᠳᠤᠯ ᠤ᠋ᠨ ᠡᠮᠦᠨ᠎ᠡ ᠢᠪᠡᠭᠡᠯᠲᠦ ᠭᠠᠷᠤᠳᠢ ᠶᠣᠣ ᠽᠦ᠍ ᠢᠷᠡᠵᠦ ᠭᠤᠷᠪᠠᠨ ᠥᠷᠯᠥᠭᠡ ᠳᠣᠩᠭᠣᠳᠤᠭᠰᠠᠨ ᠢ᠋ᠶ᠋ᠠᠷ ᠮᠠᠨ ᠤ᠋ ᠤᠯᠤᠰ ᠲᠤᠷ ᠲᠠᠢᠽᠦ ᠪᠣᠭᠳᠠ ᠶ᠋ᠢ ᠴᠢᠩᠭᠢᠰ ᠭᠡᠮᠡᠨ ᠳᠠᠭᠤᠳᠠᠮᠤᠢ᠂ ᠡᠨᠡ ᠪᠡᠯᠭᠡ ᠳᠣᠳᠣᠷᠬᠠᠶ᠎ᠠ ᠤᠯᠤᠰ ᠢ᠋ ᠡᠵᠡᠯᠡᠬᠦ ᠢᠷᠦᠭᠡᠯ ᠮᠥᠨ ᠮᠠᠭᠠᠳ ᠢ᠋ ᠪᠠᠲᠤᠯᠠᠨ ᠮᠡᠳᠡᠬᠦ ᠡᠨᠡ ᠭᠤᠷᠪᠠ᠃ ᠵᠢᠴᠢ ᠭᠠᠳᠠᠭᠠᠳᠤ ᠤᠯᠤᠰ ᠤ᠋ᠨ ᠮᠥᠬᠥᠬᠦ ᠭᠤᠷᠪᠠᠨ ᠪᠡᠯᠭᠡ ᠢᠨᠤ ᠲᠡᠷᠢᠭᠦᠨ ᠳ᠋ᠦ᠍ᠷ ᠲᠠᠨ ᠤ᠋ ᠡᠷᠭᠢᠨ ᠶᠡᠬᠡ ᠰᠥᠩ ᠤᠯᠤᠰ ᠤ᠋ᠨ ᠲᠠᠢ ᠮᠢᠶᠣᠤ ᠲᠡᠭᠷᠢ ᠶ᠋ᠢᠨ ᠠᠶᠤᠩᠭ᠎ᠠ ᠪᠠ ᠲᠡᠭᠷᠢ ᠶ᠋ᠢᠨ ᠭᠠᠯ ᠳ᠋ᠤᠷ ᠬᠣᠶᠠᠷ ᠦᠶ᠎ᠡ ᠡᠪᠳᠡᠷᠡᠪᠡ᠂ ᠡᠨᠡ ᠮᠠᠭᠠᠳ ᠮᠥᠬᠥᠬᠦ ᠶ᠋ᠢ ᠮᠡᠳᠡᠪᠡᠰᠦ ᠪᠣᠯᠬᠤ ᠲᠣᠳᠣᠷᠬᠠᠶ᠎ᠠ ᠢᠷᠣ᠎ᠠ ᠡᠨᠡ ᠨᠢᠭᠡ᠃ ᠵᠢᠴᠢ ᠲᠠᠨ ᠤ᠋ ᠡᠮᠦᠨ᠎ᠡ ᠭᠠᠵᠠᠷ ᠨᠠᠷᠠᠨ ᠢ ᠡᠵᠡᠨ ᠳ᠋ᠦ᠍ᠷ ᠦᠯᠢᠳᠬᠡᠬᠦ ᠲᠤᠯᠠ ᠮᠣᠩᠭᠣᠯ ᠤ᠋ᠨ ᠴᠡᠷᠢᠭ ᠡᠳᠦᠭᠰᠡᠭᠡᠷ ᠬᠡᠳᠦ ᠬᠡᠳᠦᠨ ᠣᠨ ᠴᠠᠭᠠᠨ ᠰᠠᠷ᠎ᠠ ᠶ᠋ᠢᠨ ᠨᠢᠭᠡᠨ᠎ᠡ ᠨᠠᠷᠠᠨ ᠭᠬᠢᠷᠲᠦᠪᠡ᠂ ᠡᠭᠦᠨ ᠳ᠋ᠦ᠍ᠷ ᠮᠠᠨ ᠤ᠋ ᠤᠯᠤᠰ ᠨᠡᠩ ᠮᠠᠨᠳᠤᠮᠤᠢ᠂ ᠡᠭᠦᠨ ᠢ᠋ᠶ᠋ᠡᠷ ᠯᠠᠪ ᠮᠥᠬᠥᠬᠦ ᠶ᠋ᠢ ᠮᠡᠳᠡᠵᠦ ᠪᠣᠯᠬᠤ ᠡᠨᠡ ᠬᠣᠶᠠᠷ᠃ ᠵᠢᠴᠢ ᠪᠠᠰᠠ ᠠᠯᠲᠠᠨ ᠤᠯᠤᠰ ᠪᠠ ᠲᠠᠨ ᠤ᠋ ᠡᠷᠭᠢᠨ ᠰᠥᠩ ᠤᠯᠤᠰ ᠤ᠋ᠨ ᠵᠠᠭᠤᠨ ᠣᠪᠣᠭᠲᠠᠨ ᠬᠣᠲᠠ ᠪᠠᠯᠭᠠᠳ ᠤ᠋ᠨ ᠠᠷᠪᠠᠨ ᠬᠤᠪᠢ ᠠ᠋ᠴᠠ ᠨᠠᠢ᠍ᠮᠠᠨ ᠠᠨᠤ ᠮᠠᠨ ᠤ᠋ ᠵᠦᠭ ᠡᠷᠢᠨ ᠳᠠᠭᠠᠮᠤᠢ᠂ ᠡᠨᠡ ᠮᠠᠭᠠᠳ ᠮᠥᠬᠥᠬᠦ ᠶ᠋ᠢ ᠮᠡᠳᠡᠪᠡᠰᠦ ᠪᠣᠯᠬᠤ ᠢᠷᠣ᠎ᠠ ᠭᠤᠷᠪᠠ᠃ ᠡᠢᠮᠦ ᠵᠢᠷᠭᠤᠭᠠᠨ ᠵᠦᠢᠯ ᠢ᠋ ᠡᠷᠬᠢᠮ ᠶᠤᠸᠠᠨᠱᠤᠸᠠᠢ ᠦᠯᠦ ᠤᠪᠠᠢᠯᠠᠬᠤ ᠶᠣᠰᠣ ᠪᠣᠢ ᠤᠤ ? ᠯᠠᠪ ᠨᠠᠮᠠᠶ᠋ᠢ ᠬᠣᠱᠣᠩᠨᠠᠰᠤᠭᠠᠢ ᠭᠡᠮᠡᠨ ᠠᠰᠭ᠋ᠤᠬᠤ ᠪᠣᠯᠠᠢ ! 》ᠬᠡᠮᠡᠭᠰᠡᠨ ᠳ᠋ᠦ᠍ᠷ ᠮᠧᠩ ᠬᠦᠩ ᠡᠳᠡᠭᠡᠷ ᠢ᠋ ᠰᠣᠨᠣᠰᠤᠭᠰᠠᠭᠠᠷ ᠪᠦᠬᠦᠯᠢ ᠪᠡᠶ᠎ᠡ ᠬᠥᠯᠥᠰᠥ ᠭᠠᠷᠴᠤ ᠶᠡᠬᠡᠯ᠎ᠡ ᠭᠠᠢᠬᠠᠵᠤ ᠶᠠᠭᠠᠷᠠᠨ ᠪᠣᠰᠴᠤ ᠲᠠᠢᠰᠢ ᠪᠤᠯᠤ ᠳ᠋ᠤᠷ ᠠᠷᠢᠬᠢ ᠬᠢᠵᠦ ᠥᠭᠦᠯᠡᠷᠦᠨ :《ᠶᠡᠬᠡ ᠸᠠᠩ ᠤ᠋ᠨ ᠪᠣᠳᠣᠬᠤ ᠰᠡᠳᠬᠢᠬᠦ ᠮᠠᠰᠢ ᠭᠦᠨ᠂ ᠰᠢᠭᠦᠮᠵᠢᠯᠡᠬᠦ ᠢᠨᠦ ᠪᠠᠰᠠ ᠨᠡᠩ ᠨᠠᠷᠢᠨ᠂ ᠲᠡᠢᠨ ᠪᠣᠯᠪᠠᠴᠤ ᠲᠦᠰᠢᠮᠡᠯ ᠪᠣᠯᠤᠭᠰᠠᠨ ᠬᠥᠮᠦᠨ ᠶᠠᠮᠪᠠᠷ ᠠᠶᠤᠮᠰᠢᠭ ᠦᠭᠡᠢ ᠥᠪᠡᠷ᠎ᠡ ᠰᠠᠨᠠᠭ᠎ᠠ ᠶ᠋ᠢ ᠡᠪᠦᠷᠯᠡᠬᠦ ? 》 ᠭᠡᠮᠡᠨ ᠠᠮᠠᠨ ᠳ᠋ᠤᠷ ᠬᠡᠯᠡᠪᠡᠴᠦ ᠡᠨᠡ ᠦᠭᠡ ᠶ᠋ᠢᠨ ᠤᠴᠢᠷ ᠵᠦᠢ ᠲᠡᠭᠷᠢ ᠭᠠᠵᠠᠷ ᠬᠥᠮᠦᠨ ᠦ᠌ ᠶᠣᠰᠣᠨ ᠳ᠋ᠤᠷ ᠴᠥᠮ ᠨᠡᠢᠴᠡᠭᠰᠡᠨ ᠲᠤᠯᠠ ᠰᠡᠳᠬᠢᠯ ᠳᠣᠲᠣᠷ᠎ᠠ ᠪᠠᠨ ᠰᠡᠮᠡᠬᠡᠷ ᠮᠣᠩᠭᠣᠯ ᠳ᠋ᠤᠷ ᠳᠠᠭᠠᠬᠤ ᠶ᠋ᠢ ᠬᠢᠴᠢᠶᠡᠨ ᠡᠪᠦᠷᠯᠡᠪᠡ᠃ ᠲᠡᠢᠨ ᠬᠦ᠌ ᠬᠤᠷᠢᠮ ᠲᠠᠷᠬᠠᠵᠤ ᠪᠠᠰᠠ ᠬᠣᠲᠠᠨ ᠢ᠋ ᠪᠠᠢᠯᠳᠤᠬᠤ ᠶ᠋ᠢ ᠵᠥᠪᠯᠡᠵᠦ᠂ ᠬᠣᠲᠠᠨ ᠤ᠋ ᠳᠣᠲᠣᠭᠠᠳᠤ ᠶ᠋ᠢᠨ ᠪᠠᠢᠳᠠᠯ ᠢ᠋ ᠠᠰᠤᠭᠤᠬᠤᠢ ᠳ᠋ᠤᠷ ᠰᠢᠳᠠᠷ ᠴᠡᠷᠢᠭ ᠦ᠋ᠳ ᠮᠡᠳᠡᠭᠦᠯᠦᠷᠦᠨ :《ᠬᠣᠲᠠᠨ ᠤ᠋ ᠳᠣᠲᠣᠷ᠎ᠠ ᠠᠮᠤ ᠲᠠᠰᠤᠷᠠᠭᠰᠠᠭᠠᠷ ᠭᠤᠷᠪᠠᠨ ᠰᠠᠷ᠎ᠠ ᠪᠣᠯᠪᠠᠢ᠂ ᠣᠯᠠᠨ ᠢᠷᠭᠡᠳ ᠥᠯᠦᠰᠬᠦᠢ ᠳ᠋ᠦ᠍ᠷ ᠡᠮᠡᠭᠡᠯ ᠦ᠋ᠨ ᠰᠤᠷ ᠲᠣᠬᠣᠮ ᠤ᠋ᠨ ᠰᠢᠷᠢ ᠪᠠ ᠮᠠᠬᠠᠢ ᠭᠤᠲᠤᠯ ᠤ᠋ᠨ ᠠᠷᠠᠰᠤᠨ ᠵᠤᠯᠤᠭ ᠲᠦᠷᠡᠢ ᠬᠢᠭᠡᠳ ᠬᠡᠩᠭᠡᠷᠭᠡ ᠶ᠋ᠢᠨ ᠪᠦᠷᠢᠶᠡᠰᠦ ᠴᠥᠮ ᠦᠯᠡᠭᠰᠡᠨ ᠦᠭᠡᠢ – ᠭᠠᠯ ᠳ᠋ᠤᠷ ᠰᠢᠷᠠᠬᠤ ᠪᠤᠶᠤ᠂ ᠴᠢᠨᠠᠵᠤ ᠢᠳᠡᠭᠰᠡᠭᠡᠷ ᠴᠥᠮ ᠪᠠᠷᠠᠭᠠᠳ ᠣᠳᠣ ᠣᠯᠠᠨ ᠢᠷᠭᠡᠨ ᠤ ᠥᠯᠪᠡᠷᠴᠦ ᠦᠬᠦᠭᠰᠡᠨ ᠥᠬᠢᠳ ᠬᠡᠦᠬᠡᠳ ᠪᠠ ᠦᠷ᠎ᠡ ᠠᠴᠢ ᠬᠥᠭᠰᠢᠨ ᠨᠢᠯᠬᠠᠰ ᠢ᠋ᠶ᠋ᠠᠨ ᠥᠪᠡᠷ ᠢ᠋ᠶ᠋ᠡᠨ ᠢᠳᠡᠯᠴᠡᠬᠦᠢ ᠳ᠋ᠦ᠍ᠷ ᠲᠦᠪᠳᠡᠬᠦ ᠦᠭᠡᠢ ᠲᠤᠯᠠ ᠬᠠᠷᠢᠯᠴᠠᠨ ᠰᠣᠯᠢᠯᠴᠠᠵᠤ ᠢᠳᠡᠯᠴᠡᠮᠦᠢ᠃ ᠢᠳᠡᠰᠢ ᠪᠠ ᠦᠬᠦᠳᠡᠯ ᠲᠤᠩ ᠦᠯᠦ ᠣᠯᠬᠤ ᠠᠨᠤ ᠬᠥᠮᠦᠨ ᠮᠠᠯ ᠤ᠋ᠨ ᠶᠠᠰᠤᠨ ᠢ᠋ ᠢᠩᠳᠡᠵᠦ ᠲᠠᠯᠬᠠᠳᠤᠭᠠᠳ ᠡᠪᠡᠰᠦ ᠰᠢᠷᠠᠯᠵᠢ ᠯᠤᠭ᠎ᠠ ᠬᠣᠯᠢᠵᠤ ᠢᠳᠡᠮᠦᠢ᠃ ᠰᠢᠷᠬᠠᠳᠤᠭᠰᠠᠨ ᠴᠡᠷᠢᠭ ᠢ᠋ᠶ᠋ᠡᠨ ᠠᠯᠠᠵᠤ ᠬᠠᠭᠠᠨ ᠢ᠋ᠶ᠋ᠠᠨ ᠬᠠᠮᠠᠭᠠᠯᠠᠬᠤ ᠴᠡᠷᠢᠭ ᠢ᠋ᠶ᠋ᠡᠨ ᠲᠡᠵᠢᠭᠡᠮᠦᠢ᠂ ᠡᠢᠮᠦ ᠪᠣᠯᠤᠭᠰᠠᠨ ᠲᠤᠯᠠ ᠴᠡᠷᠢᠭ ᠪᠠ ᠢᠷᠭᠡᠨ ᠳᠠᠭᠠᠰᠤᠭᠠᠢ ᠬᠡᠮᠡᠬᠦ ᠢᠨᠦ ᠮᠠᠰᠢ ᠣᠯᠠᠨ᠂ ᠭᠠᠭᠴᠠ ᠡᠵᠡᠨ ᠢᠨᠦ ᠪᠣᠯᠬᠤ ᠦᠭᠡᠢ ᠳ᠋ᠦ᠍ᠷ ᠡᠳᠦᠢ ᠪᠣᠯᠪᠠ ! 》ᠬᠡᠮᠡᠭᠰᠡᠨ ᠳ᠋ᠦ᠍ᠷ ᠲᠠᠢᠰᠢ ᠪᠤᠯᠤ ᠨᠠᠷ ᠲᠡᠷᠢᠭᠦᠨ ᠳᠣᠬᠢᠵᠤ ᠵᠥᠪᠳᠡᠭᠡᠳ ᠳᠠᠷᠤᠢ ᠣᠯᠠᠨ ᠴᠡᠷᠢᠭ ᠲᠦ᠍ᠷ ᠰᠥᠨᠢ ᠪᠣᠯᠬᠤ ᠶ᠋ᠢ ᠬᠦᠯᠢᠶᠡᠵᠦ᠂ ᠬᠥᠮᠦᠨ ᠪᠦᠷᠢ ᠶ᠋ᠢᠨ ᠠᠮᠠᠨ ᠳ᠋ᠤᠷ ᠰᠢᠪᠠᠭ᠎ᠠ ᠵᠠᠭᠤᠯᠭᠠᠵᠤ᠂ ᠳᠥᠷᠪᠡᠨ ᠵᠦᠢᠯ ᠦ᠋ᠨ ᠡᠭᠦᠯᠡᠨ ᠱᠠᠲᠤ ᠶ᠋ᠢ ᠬᠣᠲᠠ ᠶ᠋ᠢᠨ ᠳᠥᠷᠪᠡᠨ ᠵᠦᠭ ᠪᠡᠯᠡᠳᠴᠦ ᠪᠠᠢᠯᠳᠤᠨ ᠣᠷᠣᠪᠠ᠃ ᠡᠨᠡ ᠬᠢᠷᠢ ᠠᠯᠲᠠᠨ ᠤᠯᠤᠰ ᠬᠠᠷᠠᠬᠠᠨ ᠬᠠᠭᠠᠭᠳᠠᠭᠰᠠᠨ ᠠ᠋ᠴᠠ ᠢᠨᠠᠭᠰᠢ ᠵᠠᠩᠵᠤᠨ ᠴᠡᠷᠢᠭ ᠦ᠋ᠨ ᠪᠠᠢᠯᠳᠤᠵᠤ ᠦᠬᠦᠭᠰᠡᠨ ᠢᠨᠦ ᠮᠠᠰᠢ ᠣᠯᠠᠨ᠂ ᠳᠣᠲᠣᠭᠠᠳᠤ ᠭᠠᠳᠠᠭᠠᠳᠤ ᠶ᠋ᠢᠨ ᠲᠦᠰᠢᠮᠡᠯ ᠲᠦᠰᠢᠶ᠎ᠡ ᠨᠠᠷ ᠴᠤ᠌ ᠠᠮᠢᠳᠤᠷᠠᠬᠤ ᠰᠡᠳᠬᠢᠯ ᠦᠭᠡᠢ ᠪᠣᠯᠵᠤ᠂ ᠣᠯᠠᠨ ᠴᠡᠷᠢᠭ ᠦ᠋ᠨ ᠰᠦᠷᠦᠭ ᠲᠦ᠍ᠷ ᠣᠷᠣᠵᠤ ᠥᠭᠡᠳᠡ ᠤᠷᠤᠭᠤ ᠭᠦᠶᠦᠯᠳᠦᠨ ᠶᠠᠪᠤᠵᠤ ᠬᠣᠲᠠ ᠶ᠋ᠢᠨ ᠳᠡᠭᠡᠷ᠎ᠡ ᠬᠠᠮᠲᠤ ᠭᠠᠷᠴᠤ ᠬᠣᠲᠠ ᠶ᠋ᠢ ᠰᠠᠬᠢᠮᠤᠢ᠃ ᠡᠨᠡ ᠦᠶ᠎ᠡ ᠳ᠋ᠦ᠍ᠷ ᠮᠣᠩᠭᠣᠯ ᠤ᠋ᠨ ᠴᠡᠷᠢᠭ ᠪᠠᠷᠠᠭᠤᠨ ᠬᠣᠲᠠ ᠶ᠋ᠢᠨ ᠬᠡᠷᠡᠮ ᠢ᠋ ᠡᠪᠳᠡᠵᠦ ᠴᠣᠭᠣᠯᠵᠤ᠂ ᠨᠡᠢᠲᠡ ᠲᠠᠪᠤᠨ ᠡᠭᠦᠳᠡ ᠭᠠᠷᠭᠠᠵᠤ ᠶᠡᠬᠡ ᠬᠣᠲᠠᠨ ᠳ᠋ᠤᠷ ᠣᠷᠣᠵᠤ᠂ ᠳᠣᠲᠣᠭᠠᠳᠤ ᠬᠣᠲᠠ ᠶ᠋ᠢᠨ ᠭᠠᠳᠠᠭᠤᠷ ᠬᠠᠭᠠᠵᠤ᠂ ᠭᠡᠭᠡᠷᠡᠬᠦ ᠡᠴᠡ ᠨᠠᠷᠠᠨ ᠭᠠᠷᠬᠤ ᠰᠢᠬᠠᠲᠠᠯ᠎ᠠ ᠨᠢᠭᠡᠨ ᠵᠡᠷᠭᠡ ᠬᠤᠳᠬᠤᠨ ᠪᠠᠢᠯᠳᠤᠵᠤ᠂ ᠮᠠᠷᠭᠠᠲᠠ ᠳᠣᠲᠣᠭᠠᠳᠤ ᠬᠣᠲᠠ ᠶ᠋ᠢ ᠪᠠᠢᠯᠳᠤᠰᠤᠭᠠᠢ ᠭᠡᠮᠡᠨ ᠴᠡᠷᠢᠭ ᠵᠣᠭᠰᠣᠪᠠ᠃ ᠡᠨᠡ ᠵᠠᠪᠰᠠᠷ ᠲᠤᠷ ᠠᠯᠲᠠᠨ ᠤᠯᠤᠰ ᠤ᠋ᠨ ᠠᠢᠽᠦ᠋ᠩ ᠬᠠᠭᠠᠨ ᠵᠠᠭᠤᠨ ᠲᠦᠰᠢᠮᠡᠯ ᠢ᠋ᠶ᠋ᠡᠨ ᠴᠤᠭᠯᠠᠭᠤᠯᠵᠤ᠂ ᠵᠡᠭᠦᠨ ᠡᠲᠡᠭᠡᠳ ᠦ᠋ᠨ ᠶᠤᠸᠠᠨᠱᠤᠸᠠᠢ ᠸᠠᠨ ᠶᠠᠨ ᠴᠧᠩ ᠯᠢᠨ ᠢ᠋ ᠳᠠᠭᠤᠳᠠᠵᠤ᠂ ᠰᠠᠭᠤᠷᠢᠨ ᠢ᠋ᠶ᠋ᠠᠨ ᠡᠭᠡᠭᠦᠯᠦᠨ ᠥᠭᠰᠦᠭᠡᠢ ᠬᠡᠮᠡᠬᠦᠢ ᠳ᠋ᠦ᠍ᠷ ᠸᠠᠨ ᠶᠠᠨ ᠴᠧᠩ ᠯᠢᠨ ᠬᠡᠳᠦᠢ ᠠᠯᠲᠠᠨ ᠤᠯᠤᠰ ᠤ᠋ᠨ ᠭᠧ ᠯᠢ ᠪᠦᠸᠧ ᠶ᠋ᠢᠨ ᠦᠷ᠎ᠡ᠂ ᠣᠢᠷ᠎ᠠ ᠤᠭᠰᠠᠭ᠎ᠠ ᠪᠣᠯᠪᠠᠴᠤ ᠠᠬ᠎ᠠ ᠪᠠᠢ ᠰᠠ ᠶ᠋ᠢᠨ ᠲᠤᠰᠢᠶᠠᠯ ᠳ᠋ᠤᠷ ᠶᠠᠪᠤᠵᠤ ᠲᠦᠰᠢᠮᠡᠯ ᠬᠡᠮᠡᠭᠳᠡᠬᠦ ᠲᠤᠯᠠ ᠶᠠᠭᠠᠷᠠᠨ ᠤᠬᠢᠯᠠᠨ ᠮᠥᠷᠭᠥᠵᠦ ᠬᠦᠯᠢᠶᠡᠨ ᠠᠪᠬᠤ ᠦᠭᠡᠢ ᠳ᠋ᠦ᠍ᠷ ᠠᠢᠽᠦ᠋ᠩ ᠥᠭᠦᠯᠡᠷᠦᠨ : 《ᠴᠢᠩ ᠴᠢᠮ᠎ᠠ ᠳ᠋ᠤᠷ ᠰᠠᠭᠤᠷᠢᠨ ᠢ ᠳᠡᠪᠰᠢᠭᠦᠯᠬᠦ ᠢᠨᠦ ᠮᠡᠬᠦᠰ ᠪᠢ ᠰᠡᠳᠬᠢᠯ ᠡᠴᠡ ᠳᠤᠷᠠᠲᠠᠢ ᠪᠤᠰᠤ᠂ ᠭᠠᠭᠴᠠ ᠮᠢᠨᠦ ᠪᠡᠶ᠎ᠡ ᠲᠠᠷᠭᠤᠨ ᠬᠠᠱᠠᠩ᠂ ᠳᠣᠪᠲᠣᠯᠬᠤ ᠪᠠᠢᠯᠳᠤᠬᠤᠢ ᠳ᠋ᠤᠷ ᠱᠠᠯᠠᠮᠠᠭᠠᠢ ᠦᠭᠡᠢ᠂ ᠴᠢᠩ ᠪᠣᠯᠪᠠᠰᠤ ᠪᠡᠶ᠎ᠡ ᠬᠥᠩᠭᠡᠨ ᠴᠡᠷᠢᠭ ᠦ᠋ᠨ ᠡᠷᠳᠡᠮ ᠦᠯᠡᠮᠵᠢ ᠂ ᠶᠡᠷᠦ ᠶ᠋ᠢᠨ ᠡᠳᠦᠷ ᠲᠦᠷᠭᠡᠨ ᠪᠣᠰᠢᠭᠣᠯᠢᠭ᠋᠂ ᠵᠠᠩᠵᠤᠨ ᠤ᠋ ᠴᠢᠳᠠᠯ ᠪᠣᠢ᠂ ᠴᠢ ᠬᠡᠷᠪᠡ ᠬᠡᠯᠲᠦᠷᠢᠨ ᠭᠠᠷᠴᠤ ᠴᠢᠳᠠᠪᠠᠰᠤ ᠮᠠᠨ ᠤ᠋ ᠤᠭᠰᠠᠭ᠎ᠠ ᠶ᠋ᠢᠨ ᠤᠷᠢᠳᠤᠰ ᠡᠪᠦᠭᠡᠳ ᠦ᠋ᠨ ᠲᠠᠬᠢᠯ ᠲᠠᠪᠢᠭ ᠦᠯᠦ ᠲᠠᠰᠤᠷᠠᠬᠤ ᠪᠥᠭᠡᠳ ᠡᠮᠦᠨ᠎ᠡ ᠰᠥᠩ ᠤᠯᠤᠰ ᠤ᠋ᠨ ᠮᠡᠲᠦ ᠳᠠᠬᠢᠨ ᠮᠠᠨᠳᠤᠬᠤ ᠴᠤ᠌ ᠶᠠᠭᠤᠨ ᠮᠠᠭᠠᠳ ᠬᠡᠮᠡᠭᠰᠡᠨ ᠰᠠᠨᠠᠭᠠᠨ ᠪᠣᠯᠠᠢ᠃ ᠴᠢᠩ ᠪᠢᠲᠡᠭᠡᠢ ᠮᠠᠷᠭᠤ ! 》ᠬᠡᠮᠡᠬᠦᠢ ᠳ᠋ᠦ᠍ᠷ ᠸᠠᠨ ᠶᠠᠨ ᠴᠧᠩ ᠯᠢᠨ ᠠᠷᠭ᠎ᠠ ᠦᠭᠡᠢ ᠨᠢᠯᠪᠤᠰᠤᠨ ᠴᠤᠪᠤᠷᠢᠭᠤᠯᠤᠨ᠂ ᠵᠢᠴᠢ ᠡᠳᠦᠷ ᠬᠠᠭᠠᠨ ᠤ᠋ ᠳᠡᠪᠡᠯ ᠮᠠᠯᠠᠭ᠎ᠠ ᠪᠦᠰᠡ ᠭᠤᠲᠤᠯ ᠢ᠋ ᠡᠮᠦᠰᠴᠦ ᠬᠠᠭᠠᠨ ᠤ᠋ ᠰᠠᠭᠤᠷᠢᠨ ᠳ᠋ᠤᠷ ᠰᠠᠭᠤᠵᠤ᠂ ᠬᠠᠭᠠᠨ ᠤ᠋ ᠤᠯᠤᠰ ᠤᠯᠠᠮᠵᠢᠯᠠᠬᠤ ᠡᠷᠳᠡᠨᠢ ᠶ᠋ᠢᠨ ᠲᠠᠮᠠᠭ᠎ᠠ ᠶ᠋ᠢ ᠬᠦᠯᠢᠶᠡᠨ ᠠᠪᠴᠤ ᠬᠠᠭᠠᠨ ᠰᠠᠭᠤᠪᠠ᠃ ᠣᠨ ᠤ᠋ ᠨᠡᠷ᠎ᠡ ᠪᠠ ᠡᠷᠭᠦᠮᠵᠢᠯᠡᠯ ᠢ᠋ ᠶᠠᠭᠠᠷᠠᠤ ᠴᠠᠭ ᠲᠤᠯᠠ ᠴᠥᠮ ᠡᠷᠭᠦᠭᠰᠡᠨ ᠦᠭᠡᠢ᠃ 
       ᠲᠡᠳᠦᠢ ᠠᠢᠽᠦ᠋ᠩ ᠬᠠᠭᠠᠨ᠂ ᠬᠠᠭᠠᠨ ᠢ᠋ᠶ᠋ᠠᠨ ᠪᠠᠢᠭᠠᠳ ᠭᠠᠷᠬᠤ ᠠᠷᠭ᠎ᠠ ᠪᠣᠳᠣᠪᠠᠴᠤ ᠣᠯᠬᠤ ᠦᠭᠡᠢ ᠪᠦᠬᠦᠢ ᠳ᠋ᠦ᠍ᠷ ᠰᠥᠩ ᠤᠯᠤᠰ ᠤ᠋ᠨ ᠮᠧᠩ ᠬᠦᠩ ᠦ᠋ᠨ ᠴᠡᠷᠢᠭ ᠼᠠᠢ ᠵᠧᠦ ᠶ᠋ᠢᠨ ᠠᠯᠲᠠᠨ ᠥᠰᠥᠭᠲᠦ ᠬᠠᠭᠠᠯᠭ᠎ᠠ ᠳ᠋ᠤᠷ ᠬᠦᠷᠴᠦ ᠭᠡᠨᠡᠳᠲᠡ ᠡᠭᠦᠯᠡᠨ ᠱᠠᠲᠤ ᠲᠦᠯᠬᠢᠭᠦᠯᠦᠨ ᠪᠣᠯᠵᠣᠭᠤᠯᠵᠤ᠂ ᠮᠠᠨ ᠢ᠂ ᠵᠣᠣ ᠵᠦᠩ ᠬᠣᠶᠠᠭᠤᠯᠠ ᠬᠡᠳᠦᠨ ᠵᠠᠭᠤᠨ ᠴᠡᠷᠢᠭ ᠦ᠋ᠨ ᠠᠷᠠᠳ ᠢ᠋ ᠠᠪᠴᠤ ᠤᠷᠢᠳᠠ ᠠᠪᠠᠷᠢᠭᠠᠳ ᠦᠵᠡᠪᠡᠰᠦ ᠬᠣᠲᠠ ᠶ᠋ᠢᠨ ᠭᠤᠷᠪᠠᠨ ᠡᠲᠡᠭᠡᠳ ᠦ᠋ᠨ ᠮᠣᠩᠭᠣᠯ ᠴᠡᠷᠢᠭ ᠬᠠᠷᠢᠨ ᠬᠡᠳᠦᠢᠨᠡᠢ ᠬᠣᠲᠠᠨ ᠤ᠋ ᠳᠡᠭᠡᠷ᠎ᠡ ᠠᠪᠠᠷᠢᠨ ᠭᠠᠷᠴᠤ ᠳᠣᠲᠣᠭᠠᠳᠤ ᠬᠣᠲᠠ ᠶ᠋ᠢ ᠡᠭᠡᠯᠵᠢᠯᠡᠨ ᠪᠠᠢᠯᠳᠤᠮᠤᠢ᠃ ᠡᠭᠦᠨ ᠳ᠋ᠦ᠍ᠷ ᠰᠥᠩ ᠤᠯᠤᠰ ᠤ᠋ᠨ ᠴᠡᠷᠢᠭ ᠨᠡᠩ ᠣᠮᠣᠭ ᠲᠠᠢ ᠪᠣᠯᠵᠤ᠂ ᠠᠯᠲᠠᠨ ᠥᠰᠥᠭᠲᠦ ᠡᠮᠦᠨ᠎ᠡ ᠬᠠᠭᠠᠯᠭ᠎ᠠ ᠶ᠋ᠢ ᠬᠦᠴᠦᠯᠡᠨ ᠪᠠᠢᠯᠳᠤᠭᠰᠠᠨ ᠳ᠋ᠤᠷ ᠠᠯᠲᠠᠨ ᠤᠯᠤᠰ ᠤ᠋ᠨ ᠡᠮᠦᠨ᠎ᠡ ᠬᠠᠭᠠᠯᠭ᠎ᠠ ᠶ᠋ᠢ ᠰᠠᠬᠢᠬᠤ ᠶᠡᠬᠡ ᠵᠠᠩᠵᠤᠨ ᠡᠦ ᠬᠦ᠌ ᠯᠦᠨ ᠭᠣᠣ ᠥᠪᠡᠷ ᠦ᠋ᠨ ᠬᠠᠷᠢᠶᠠᠲᠤ ᠵᠠᠩᠵᠤᠨ ᠴᠡᠷᠢᠭ ᠬᠣᠶᠠᠷ ᠵᠠᠭᠤᠨ ᠬᠥᠮᠦᠨ ᠢ᠋ ᠴᠥᠮ ᠠᠪᠴᠤ ᠰᠥᠩ ᠤᠯᠤᠰ ᠤ᠋ᠨ ᠴᠡᠷᠢᠭ ᠲᠦ᠍ᠷ ᠳᠠᠭᠠᠪᠠᠢ᠃ 
       ᠡᠨᠡ ᠬᠢᠷᠢ ᠬᠣᠲᠠᠨ ᠤ᠋ ᠰᠢᠨ᠎ᠡ ᠰᠠᠭᠤᠷᠢᠨ ᠳ᠋ᠤᠷ ᠰᠢᠨ᠎ᠡ ᠬᠠᠭᠠᠨ ᠰᠠᠭᠤᠵᠤ᠂ ᠵᠠᠭᠤᠨ ᠲᠦᠰᠢᠮᠡᠳ ᠪᠠᠶᠠᠷ ᠤ᠋ᠨ ᠶᠣᠰᠣᠭᠠᠷ ᠮᠥᠷᠭᠥᠵᠦ ᠪᠠᠷᠠᠭᠠᠳ ᠰᠠᠶᠢ ᠭᠠᠷᠴᠤ ᠲᠤᠯᠤᠨ ᠪᠠᠢᠯᠳᠤᠰᠤᠭᠠᠢ ᠬᠡᠮᠡᠲᠡᠯ᠎ᠡ ᠳᠣᠲᠣᠭᠠᠳᠤ ᠬᠣᠲᠠ ᠶ᠋ᠢᠨ ᠡᠮᠦᠨ᠎ᠡ ᠡᠲᠡᠭᠡᠳ ᠳᠡᠭᠡᠷ᠎ᠡ ᠰᠥᠩ ᠤᠯᠤᠰ ᠤ᠋ᠨ ᠴᠡᠷᠢᠭ᠂ ᠵᠡᠭᠦᠨ ᠪᠠᠷᠠᠭᠤᠨ ᠬᠣᠢᠲᠤ ᠡᠲᠡᠭᠡᠳ ᠳᠡᠭᠡᠷ᠎ᠡ ᠮᠣᠩᠭᠣᠯ ᠤ᠋ᠨ ᠴᠡᠷᠢᠭ ᠳᠦᠭᠦᠷᠦᠭᠡᠳ ᠰᠥᠩ ᠤᠯᠤᠰ ᠤ᠋ᠨ ᠴᠡᠷᠢᠭ ᠦ᠋ᠨ ᠲᠤᠭ ᠬᠢᠭᠢᠷᠢ ᠬᠣᠲᠠᠨ ᠤ᠋ ᠳᠡᠭᠡᠷ᠎ᠡ ᠪᠦᠷᠬᠦᠭᠰᠡᠨ ᠳ᠋ᠦ᠍ᠷ ᠲᠣᠭᠣᠷᠢᠬᠤ ᠳᠥᠷᠪᠡᠨ ᠵᠦᠭ ᠰᠥᠩ᠂ ᠮᠣᠩᠭᠣᠯ ᠬᠣᠶᠠᠷ ᠤᠯᠤᠰ ᠤ᠋ᠨ ᠶᠡᠬᠡ ᠬᠡᠩᠭᠡᠷᠭᠡ ᠴᠠᠩ ᠪᠦᠷᠢᠶ᠎ᠡ ᠬᠠᠷᠠᠩᠭ᠎ᠠ ᠬᠠᠮᠲᠤ ᠪᠠᠷ ᠳᠠᠭᠤᠷᠢᠰᠤᠨ᠂ ᠬᠡᠳᠦᠨ ᠠᠷᠪᠠᠨ ᠲᠦᠮᠡᠨ ᠴᠡᠷᠢᠭ ᠦ᠋ᠨ ᠬᠠᠰᠬᠢᠷᠤᠯᠭᠠᠨ ᠳ᠋ᠤᠷ ᠦᠨᠡᠬᠡᠷ ᠲᠡᠭᠷᠢ ᠭᠠᠵᠠᠷ ᠳᠣᠯᠭᠢᠰᠤᠨ ᠭᠡᠷ ᠤᠷᠲᠤ ᠳᠣᠩᠰᠣᠯᠤᠮᠤᠢ᠃ ᠡᠭᠦᠨ ᠳ᠋ᠦ᠍ᠷ ᠡᠦ ᠬᠦ᠌ ᠯᠦᠨ ᠭᠣᠣ ᠶ᠋ᠢᠨ ᠴᠡᠷᠢᠭ ᠡᠮᠦᠨ᠎ᠡ ᠬᠣᠲᠠ ᠪᠠᠨ ᠨᠡᠭᠡᠭᠡᠵᠦ ᠰᠥᠩ ᠤᠯᠤᠰ ᠤ᠋ᠨ ᠮᠧᠩ ᠬᠦᠩ᠂ ᠵᠢᠶᠠᠩ ᠬᠠᠢ ᠲᠠᠨ ᠢ᠋ ᠣᠷᠣᠭᠤᠯᠲᠠᠯ᠎ᠠ ᠬᠣᠢᠲᠤ ᠬᠠᠭᠠᠯᠭ᠎ᠠ ᠪᠠᠷ ᠮᠣᠩᠭᠣᠯ ᠤ᠋ᠨ ᠳᠡᠰ ᠲᠣᠭᠣᠰ ᠬᠣᠶᠠᠷ ᠡᠮ᠎ᠡ ᠪᠡᠨ ᠠᠪᠴᠤ ᠬᠠᠭᠠᠯᠭ᠎ᠠ ᠰᠠᠬᠢᠭᠰᠠᠨ ᠮᠦ᠍ ᠶᠠᠨ ᠯᠢᠶᠠᠨ ᠢ᠋ ᠴᠠᠪᠴᠢᠨ ᠠᠯᠠᠵᠤ᠂ ᠬᠠᠭᠠᠯᠭ᠎ᠠ ᠶ᠋ᠢ ᠨᠡᠭᠡᠭᠡᠨ ᠬᠣᠲᠠᠨ ᠳ᠋ᠤᠷ ᠣᠷᠣᠭᠰᠠᠨ ᠳ᠋ᠤᠷ ᠸᠠᠨ ᠶᠠᠨ ᠬᠤ᠌ ᠰᠢᠶ᠋ᠸ ᠬᠤ᠌ ᠨᠢᠭᠡᠨ ᠮᠢᠩᠭᠠᠨ ᠴᠡᠷᠢᠭ ᠢ᠋ ᠠᠪᠴᠤ ᠵᠡᠭᠡᠯᠢ ᠶ᠋ᠢᠨ ᠳᠣᠲᠣᠷ᠎ᠠ ᠬᠣᠶᠠᠷ ᠠᠩᠭᠢ ᠪᠠᠷ ᠲᠤᠯᠵᠤ ᠪᠠᠢᠯᠳᠤᠭᠠᠳ ᠶᠡᠬᠡᠯ᠎ᠡ ᠳᠠᠷᠤᠭᠳᠠᠵᠤ ᠪᠤᠳᠠᠷᠠᠯᠳᠤᠬᠤᠶ᠎ᠠ᠂ ᠡᠨᠡ ᠬᠢᠷᠢ ᠳ᠋ᠦ᠍ᠷ ᠠᠯᠲᠠᠨ ᠤᠯᠤᠰ ᠤ᠋ᠨ ᠬᠠᠭᠤᠴᠢᠨ ᠡᠵᠡᠨ ᠠᠢᠽᠦ᠋ᠩ ᠱᠧᠦ ᠰᠢᠦᠢ ᠬᠡᠷᠡᠭ ᠰᠢᠬᠠᠮ ᠪᠣᠯᠤᠭᠰᠠᠨ ᠢ᠋ ᠮᠡᠳᠡᠭᠡᠳ ᠣᠷᠳᠣᠨ ᠤ᠋ ᠳᠣᠲᠣᠷᠠᠬᠢ ᠡᠯ᠎ᠡ ᠵᠦᠢᠯ ᠦ᠋ᠨ ᠡᠷᠳᠡᠨᠢ ᠰᠤᠪᠤᠳ ᠲᠠᠨ᠎ᠠ ᠶ᠋ᠢ ᠣᠷᠳᠣᠨ ᠤ᠋ ᠳᠣᠲᠣᠷ᠎ᠠ ᠢᠦ ᠯᠠᠨ ᠰᠢᠦᠸᠠᠨ ᠪᠦᠷᠭᠡ ᠳ᠋ᠦ᠍ᠷ ᠬᠤᠷᠢᠶᠠᠵᠤ ᠲᠣᠭᠣᠷᠢᠨ ᠡᠪᠡᠰᠦ ᠣᠪᠣᠭᠠᠯᠠᠵᠤ ᠭᠠᠯᠳᠠᠬᠤ ᠪᠠᠷ ᠪᠡᠯᠡᠳᠬᠡᠭᠰᠡᠨ ᠲᠤᠯᠠ ᠰᠢᠳᠠᠷ ᠲᠦᠰᠢᠮᠡᠳ ᠲᠣᠷ ᠪᠢ ᠦᠬᠦᠪᠡᠰᠦ ᠭᠠᠯᠳᠠᠲᠤᠭᠠᠢ ᠭᠡᠮᠡᠨ ᠬᠡᠯᠡᠭᠡᠳ ᠥᠪᠡᠷ ᠢ᠋ᠶ᠋ᠡᠨ ᠪᠣᠭᠣᠮᠢᠯᠠᠨ ᠦᠬᠦᠪᠡᠢ᠃ 
       ᠡᠨᠡ ᠮᠡᠳᠡᠭᠡ ᠶ᠋ᠢ ᠴᠧᠩᠰᠢᠶᠠᠩ ᠸᠠᠨ ᠶᠠᠨ ᠬᠤ᠌ ᠰᠢᠶ᠋ᠸ ᠬᠤ᠌ ᠰᠣᠨᠣᠰᠤᠭᠠᠳ ᠣᠯᠠᠨ ᠵᠠᠩᠵᠤᠨ ᠴᠡᠷᠢᠭ ᠦ᠋ᠨ ᠵᠦᠭ ᠥᠭᠦᠯᠡᠷᠦᠨ :《ᠮᠢᠨᠦ ᠡᠵᠡᠨ ᠨᠢᠭᠡᠨᠲᠡ ᠬᠠᠯᠢᠪᠠ᠂ ᠪᠢ ᠪᠠᠢᠯᠳᠤᠪᠠᠴᠤ ᠶᠠᠮᠪᠠᠷ ᠲᠤᠰᠠ ᠭᠡᠮᠡᠨ ᠰᠠᠮᠠᠭᠤᠨ ᠴᠡᠷᠢᠭ ᠲᠦ᠍ᠷ ᠦᠬᠦᠵᠦ ᠭᠡᠷᠡᠴᠢ ᠦᠭᠡᠢ ᠵᠢᠷᠤᠮ ᠢ᠋ ᠪᠢ ᠦᠯᠦ ᠶᠠᠪᠤᠮᠤᠢ᠂ ᠲᠠᠨ ᠤ᠋ ᠣᠯᠠᠨ ᠢ᠋ ᠦᠵᠡᠵᠦ ᠪᠠᠢᠲᠠᠯ᠎ᠠ ᠦᠬᠦᠵᠦ ᠡᠵᠡᠨ ᠢ᠋ᠶ᠋ᠡᠨ ᠳᠠᠭᠠᠵᠤ ᠡᠴᠢᠰᠦᠭᠡᠢ ! 》 ᠭᠡᠮᠡᠨ ᠳᠠᠷᠤᠢ ᠿᠦ᠍ ᠱᠦᠢ ᠤᠰᠤᠨ ᠳ᠋ᠤᠷ ᠬᠠᠷᠠᠢᠵᠤ ᠣᠷᠣᠬᠤ ᠳ᠋ᠠᠭᠠᠨ : 《ᠲᠠ ᠰᠠᠢᠨ ᠠᠷᠭ᠎ᠠ ᠪᠠᠷ ᠰᠢᠨ᠎ᠡ ᠡᠵᠡᠨ ᠢ᠋ ᠭᠠᠷᠭᠠᠵᠤ᠂ ᠤᠯᠤᠰ ᠲᠥᠷᠥ ᠶ᠋ᠢ ᠳᠠᠬᠢᠨ ᠪᠠᠢᠭᠤᠯᠬᠤ ᠶ᠋ᠢ ᠬᠢᠴᠢᠶᠡᠲᠦᠭᠡᠢ ! 》 ᠭᠡᠮᠡᠨ ᠬᠡᠯᠡᠵᠦ ᠤᠰᠤᠨ ᠳ᠋ᠤᠷ ᠬᠠᠷᠠᠢᠵᠤ ᠦᠬᠦᠪᠡᠢ᠃ ᠡᠭᠦᠨ ᠳ᠋ᠦ᠍ᠷ ᠣᠯᠠᠨ ᠵᠠᠩᠵᠤᠨ ᠴᠡᠷᠢᠭ ᠶᠡᠬᠡᠯ᠎ᠡ ᠤᠬᠢᠯᠠᠯᠴᠠᠨ ᠦᠭᠦᠯᠡᠯᠳᠦᠷᠦᠨ : 《ᠴᠧᠩᠰᠢᠶᠠᠩ ᠦᠬᠦᠵᠦ ᠴᠢᠳᠠᠲᠠᠯ᠎ᠠ ᠮᠠᠨ ᠢ᠋ ᠦᠬᠦᠵᠦ ᠴᠢᠳᠠᠬᠤ ᠦᠭᠡᠢ ᠬᠡᠮᠡᠮᠦᠶᠦ ! 》 ᠬᠡᠮᠡᠬᠦᠶ᠎ᠡ᠂ ᠼᠠᠨ ᠵᠧᠩ ᠲᠦᠰᠢᠮᠡᠯ ᠪᠦᠸᠧ ᠱᠤ᠌ ᠯᠦ᠍ ᠯᠧᠦ ᠱᠢ᠂ ᠡᠦ ᠯᠢᠨ ᠳᠡ᠂ ᠬᠣᠢᠲᠤ ᠽᠦᠩ ᠱᠤᠸᠠᠢ ᠶᠤᠸᠠᠨ ᡁᠢ᠂ ᠸᠠᠩ ᠱᠠᠨ ᠡᠯ᠂ ᠾᠧ ᠱᠢ ᠯᠢᠶᠧ᠂ ᠪᠠᠢ ᠱᠧᠦ᠂ ᠦ ᠬᠦ᠌ ᠯᠦᠨ᠂ ᠬᠤᠸᠠᠨ ᠲᠤᠸᠠᠨ᠂ ᠵᠢᠴᠢ ᠪᠠᠰᠠ ᠰᠤᠯᠠ ᠴᠡᠷᠢᠭ ᠲᠠᠪᠤᠨ ᠵᠠᠭᠤᠨ ᠰᠢᠬᠠᠮ ᠬᠥᠮᠦᠨ ᠪᠦᠭᠦᠳᠡᠭᠡᠷ ᠳᠠᠭᠠᠵᠤ ᠦᠬᠦᠪᠡᠢ᠃ ᠰᠢᠨ᠎ᠡ ᠬᠠᠭᠠᠨ ᠸᠠᠨ ᠶᠠᠨ ᠴᠧᠩ ᠯᠢᠨ᠂ ᠣᠯᠠᠨ ᠴᠡᠷᠢᠭ ᠢ᠋ᠶ᠋ᠡᠷ ᠳᠣᠲᠣᠭᠠᠳᠤ ᠬᠣᠲᠠᠨ ᠢ᠋ ᠬᠠᠮᠠᠭᠠᠯᠠᠨ ᠪᠠᠢᠬᠤ ᠲᠤᠯᠠ ᠬᠠᠭᠤᠴᠢᠨ ᠡᠵᠡᠨ ᠱᠧᠦ ᠰᠢᠦᠢ ᠶ᠋ᠢᠨ ᠦᠬᠦᠭᠰᠡᠨ ᠢ᠋ ᠰᠣᠨᠣᠰᠤᠭᠠᠳ ᠶᠠᠭᠠᠷᠠᠨ ᠣᠯᠠᠨ ᠲᠦᠰᠢᠮᠡᠳ ᠢ᠋ ᠳᠠᠭᠠᠭᠤᠯᠤᠨ ᠣᠷᠣᠵᠤ ᠶᠡᠬᠡᠯ᠎ᠡ ᠭᠠᠰᠢᠭᠤᠳᠠᠨ ᠤᠬᠢᠯᠠᠵᠤ᠂ ᠣᠯᠠᠨ ᠤ᠋ ᠵᠦᠭ ᠥᠭᠦᠯᠡᠷᠦᠨ : 《ᠤᠷᠢᠳᠤ ᠡᠵᠡᠨ ᠰᠠᠭᠤᠷᠢᠨ ᠳ᠋ᠤᠷ ᠠᠷᠪᠠᠨ ᠵᠢᠯ ᠰᠠᠭᠤᠵᠤ ᠬᠢᠴᠢᠶᠡᠩᠭᠦᠢᠯᠡᠨ ᠪᠣᠯᠭᠣᠮᠵᠢᠯᠠᠬᠤ ᠠᠨᠤ ᠥᠷᠥᠰᠢᠶᠡᠯᠲᠡᠢ ᠪᠥᠭᠡᠳ ᠠᠷᠪᠢᠯᠠᠨ ᠬᠤᠷᠢᠶᠠᠵᠤ ᠬᠠᠭᠤᠴᠢᠨ ᠤᠯᠤᠰ ᠲᠥᠷᠥ ᠶ᠋ᠢ ᠳᠠᠬᠢᠨ ᠪᠠᠢᠭᠤᠯᠬᠤ ᠶ᠋ᠢ ᠭᠦᠨ᠎ᠡ ᠬᠢᠴᠢᠶᠡᠭᠰᠡᠨ ᠪᠥᠯᠥᠭᠡ᠂ ᠰᠠᠨᠠᠮᠰᠠᠷ ᠦᠭᠡᠢ ᠰᠠᠨᠠᠭᠠᠨ ᠳ᠋ᠠᠭᠠᠨ ᠭᠥᠷᠥᠭᠦᠯᠦᠨ ᠡᠰᠡ ᠴᠢᠳᠠᠵᠤᠬᠤᠢ᠃ ᠡᠨᠡ ᠰᠠᠨᠠᠭᠠᠨ ᠦᠨᠡᠬᠡᠷ ᠤᠶᠠᠷᠠᠯᠲᠠᠢ ᠲᠤᠯᠠ ᠬᠠᠭᠠᠨ ᠤ᠋ ᠨᠡᠬᠡᠮᠵᠢᠯᠡᠯ ᠡᠷᠭᠦᠮᠵᠢᠯᠡᠯ ᠢ᠋ ᠤᠶᠠᠷᠠᠯᠲᠠᠢ ᠪᠤᠭᠲᠠᠨ ᠭᠡᠮᠡᠨ ᠡᠷᠭᠦᠪᠡᠰᠦ ᠵᠣᠬᠢᠮᠤᠢ ᠭᠡᠮᠡᠨ ᠠᠷᠢᠬᠢ ᠳᠤᠰᠤᠭᠠᠵᠤ 《ᠠᠢᠽᠦ᠋ᠩ ᠬᠠᠭᠠᠨ 》 ᠭᠡᠮᠡᠨ ᠡᠷᠭᠦᠭᠡᠳ ᠲᠠᠬᠢᠯ ᠲᠠᠯᠪᠢᠵᠤ ᠵᠠᠪᠳᠤᠬᠤᠢ ᠶ᠋ᠢᠨ ᠤᠷᠢᠳ᠂ ᠳᠣᠲᠣᠭᠠᠳᠤ ᠬᠣᠲᠠ ᠮᠥᠨ ᠠᠪᠲᠠᠵᠤ ᠮᠣᠩᠭᠣᠯ ᠤ᠋ᠨ ᠴᠡᠷᠢᠭ ᠴᠣᠬᠢᠨ ᠣᠷᠣᠵᠤ ᠢᠷᠡᠪᠡ᠃ ᠡᠭᠦᠨ ᠳ᠋ᠦ᠍ᠷ ᠰᠥᠩ ᠤᠯᠤᠰ ᠤ᠋ᠨ ᠴᠡᠷᠢᠭ ᠤᠷᠢᠳᠠ ᠣᠷᠳᠣᠨ ᠳ᠋ᠤᠷ ᠣᠷᠣᠬᠤᠢ ᠳ᠋ᠤᠷ ᠣᠯᠠᠨ ᠲᠦᠰᠢᠮᠡᠳ ᠰᠠᠶᠢ ᠭᠠᠯ ᠢ᠋ ᠨᠣᠴᠣᠭᠠᠨ ᠠᠢᠽᠦ᠋ᠩ ᠬᠠᠭᠠᠨ ᠤ᠋ ᠬᠡᠭᠦᠷ ᠢ᠋ ᠰᠢᠲᠠᠭᠠᠲᠠᠯ᠎ᠠ ᠰᠥᠩ ᠤᠯᠤᠰ ᠤ᠋ᠨ ᠵᠢᠶᠠᠩ ᠬᠠᠢ ᠤᠷᠢᠳᠠ ᠣᠷᠳᠣᠨ ᠳ᠋ᠤᠷ ᠴᠣᠬᠢᠨ ᠣᠷᠣᠵᠤ᠂ ᠠᠯᠲᠠᠨ ᠤᠯᠤᠰ ᠤ᠋ᠨ ᠼᠠᠨ ᠵᠧᠩ ᠲᠦᠰᠢᠮᠡᠯ ᠵᠠᠩ ᠲᠢᠶᠠᠨ ᠭᠠᠩ ᠢ᠋ ᠪᠠᠷᠢᠭᠠᠳ ᠠᠢᠽᠦ᠋ᠩ ᠬᠠᠭᠠᠨ ᠤ᠋ ᠶᠠᠰᠤᠨ ᠢ᠋ ᠠᠰᠠᠭᠤᠭᠰᠠᠨ ᠳ᠋ᠤᠷ ᠵᠠᠩ ᠲᠢᠶᠠᠨ ᠭᠠᠩ ᠥᠴᠢᠷᠦᠨ : 《ᠥᠨᠥᠬᠡᠨ ᠰᠠᠶᠢ ᠪᠣᠭᠣᠮᠢᠯᠠᠨ ᠦᠬᠦᠪᠡᠢ᠂ ᠶᠠᠰᠤᠨ ᠢ᠋ ᠰᠠᠶᠢ ᠰᠢᠲᠠᠭᠠᠮᠤᠢ᠃ 》 ᠭᠡᠮᠡᠨ ᠭᠠᠯ ᠨᠣᠴᠣᠭᠰᠠᠨ ᠤᠴᠢᠷ ᠢ᠋ ᠬᠡᠯᠡᠭᠰᠡᠨ ᠳ᠋ᠦ᠍ᠷ ᠰᠥᠩ ᠤᠯᠤᠰ ᠤ᠋ᠨ ᠴᠡᠷᠢᠭ ᠶᠠᠭᠠᠷᠠᠨ ᠠᠢᠼᠦ᠋ᠩ ᠬᠠᠭᠠᠨ ᠤ᠋ ᠶᠠᠰᠤ ᠶ᠋ᠢ ᠭᠠᠯ ᠠ᠋ᠴᠠ ᠪᠤᠯᠢᠶᠠᠨ ᠭᠠᠷᠭᠠᠲᠠᠯ᠎ᠠ ᠮᠣᠩᠭᠣᠯ ᠤ᠋ᠨ ᠶᠡᠬᠡ ᠲᠠᠢᠰᠢ ᠭᠦᠸᠧ ᠸᠠᠩ ᠪᠤᠯᠤ᠂ ᠳᠡᠰ ᠲᠣᠭᠣᠰ ᠲᠠᠨ ᠣᠷᠣᠵᠤ ᠢᠷᠡᠪᠡ᠃ ᠲᠡᠳᠦᠢ ᠠᠯᠲᠠᠨ ᠤᠯᠤᠰ ᠤ᠋ᠨ ᠬᠠᠭᠤᠴᠢᠨ ᠡᠵᠡᠨ ᠦ᠌ ᠶᠠᠰᠤ ᠬᠢᠭᠡᠳ ᠢᠦ ᠯᠠᠨ ᠰᠢᠦᠸᠠᠨ ᠤ᠋ ᠠᠯᠲᠠᠨ ᠡᠷᠳᠡᠨᠢ ᠰᠤᠪᠤᠳ ᠢ᠋ ᠬᠤᠷᠢᠶᠠᠯᠭᠠᠨ ᠠᠪᠤᠭᠤᠯᠵᠤ᠂ ᠪᠠᠰᠠ ᠲᠡᠭᠦᠨ ᠦ᠌ ᠰᠢᠨ᠎ᠡ ᠡᠵᠡᠨ ᠢ᠋ ᠡᠷᠢᠨ ᠪᠠᠷᠢᠵᠤ᠂ ᠡᠷᠬᠡᠪᠰᠢ ᠦᠨᠳᠦᠰᠦᠨ ᠢ᠋ ᠠᠷᠢᠯᠭᠠᠵᠤ ᠵᠠᠷᠯᠢᠭ ᠢ᠋ ᠡᠭᠡᠭᠦᠯᠦᠮᠦᠢ ᠭᠡᠮᠡᠨ ᠬᠣᠲᠠ ᠶ᠋ᠢᠨ ᠬᠠᠭᠠᠯᠭ᠎ᠠ ᠪᠦᠷᠢ ᠶ᠋ᠢ ᠰᠠᠬᠢᠭᠤᠯᠬᠤᠢ ᠳ᠋ᠤᠷ ᠳᠡᠰ ᠲᠣᠭᠣᠰ ᠤ᠋ᠨ ᠶᠡᠬᠡ ᠬᠠᠲᠤᠨ ᠬᠤᠸᠠᠢ ᠭᠦᠸᠧ ᠭᠦᠩᠵᠦ ᠡᠷᠬᠡᠪᠰᠢ ᠡᠴᠢᠭᠡ ᠪᠡᠨ ᠠᠯᠠᠭᠰᠠᠨ ᠥᠰᠢᠶ᠎ᠡ ᠪᠡᠨ ᠠᠪᠰᠤᠭᠠᠢ ᠭᠡᠮᠡᠨ ᠠᠯᠲᠠᠨ ᠤᠯᠤᠰ ᠤ᠋ᠨ ᠰᠢᠨ᠎ᠡ ᠡᠵᠡᠨ ᠸᠠᠨ ᠶᠠᠨ ᠴᠧᠩ ᠯᠢᠨ ᠢ᠋ ᠡᠷᠢᠨ ᠪᠠᠷᠢᠭᠤᠯᠬᠤᠢ ᠳ᠋ᠤᠷ ᠸᠠᠨ ᠶᠠᠨ ᠴᠧᠩ ᠯᠢᠨ ᠶᠡᠬᠡᠯ᠎ᠡ ᠰᠢᠬᠠᠮᠳᠠᠨ ᠬᠣᠲᠠ ᠶ᠋ᠢᠨ ᠰᠡᠲᠡᠷᠬᠡᠢ ᠳ᠋ᠦ᠍ᠷ ᠬᠦᠷᠴᠦ ᠶᠠᠭᠠᠷᠠᠨ ᠳᠤᠲᠠᠭᠠᠨ ᠭᠠᠷᠬᠤᠢ ᠳ᠋ᠤᠷ ᠴᠢᠪᠬᠢᠲᠡᠯ᠎ᠡ ᠬᠤᠸᠠᠢ ᠭᠦᠸᠧ ᠭᠦᠩᠵᠦ ᠶ᠋ᠢᠨ ᠬᠣᠲᠠ ᠴᠠᠭᠳᠠᠨ ᠡᠷᠢᠬᠦᠢ ᠳ᠋ᠦ᠍ᠷ ᠤᠴᠠᠷᠠᠭᠰᠠᠨ ᠳ᠋ᠤᠷ ᠬᠤᠸᠠᠢ ᠭᠦᠸᠧ ᠬᠥᠩᠴᠦ ᠦᠵᠡᠵᠦ ᠲᠠᠨᠢᠭᠠᠳ ᠶᠠᠭᠠᠷᠠᠨ ᠰᠤᠮᠤ ᠣᠨᠢᠯᠠᠵᠤ ᠨᠢᠭᠡᠨᠲᠡ ᠬᠠᠷᠪᠤᠭᠰᠠᠨ ᠳ᠋ᠤᠷ ᠳᠦᠪᠭᠢᠲᠡᠯ᠎ᠡ ᠬᠦᠵᠦᠭᠦᠦ ᠨᠡᠪᠲᠡ ᠣᠨᠣᠭᠳᠠᠨ ᠮᠣᠷᠢᠨ ᠠ᠋ᠴᠠ ᠥᠩᠬᠥᠷᠢᠨ ᠤᠨᠠᠵᠤ ᠢᠷᠡᠭᠰᠡᠨ ᠳ᠋ᠦ᠍ᠷ ᠴᠡᠷᠢᠭ ᠦ᠋ᠨ ᠠᠷᠠᠳ ᠶᠠᠭᠠᠷᠠᠨ ᠲᠣᠯᠣᠭᠠᠢ ᠶ᠋ᠢ ᠣᠭᠲᠣᠯᠵᠤ ᠠᠪᠤᠭᠰᠠᠨ᠎ᠠ᠂ ᠬᠤᠸᠠᠢ ᠭᠦᠸᠧ ᠭᠦᠩᠵᠦ ᠪᠡᠶ᠎ᠡ ᠯᠦ᠍ᠭᠡ ᠢᠨᠦ ᠠᠴᠢᠷᠠᠭᠤᠯᠵᠤ᠂ ᠬᠠᠳᠠᠮ ᠡᠴᠢᠭᠡ ᠲᠠᠢᠰᠢ ᠪᠤᠯᠤ ᠳ᠋ᠤᠷ ᠪᠠᠷᠢᠭᠰᠠᠨ ᠳ᠋ᠤᠷ ᠲᠠᠢᠰᠢ ᠪᠤᠯᠤ ᠡᠨᠡ ᠪᠡᠷᠢ ᠳ᠋ᠦ᠍ᠷ ᠶᠡᠬᠡᠯ᠎ᠡ ᠬᠠᠢᠷᠠᠲᠠᠢ ᠪᠣᠯᠪᠠ᠃
       ᠲᠡᠭᠦᠨᠴᠡ ᠠᠯᠲᠠᠨ ᠤᠯᠤᠰ ᠤ᠋ᠨ ᠦᠯᠡᠳᠡᠭᠰᠡᠨ ᠲᠦᠰᠢᠮᠡᠳ ᠰᠥᠨᠢ ᠳᠥᠷᠪᠡᠨ ᠵᠦᠭ ᠳᠤᠲᠠᠭᠠᠨ ᠭᠠᠷᠪᠠ᠃ 
       ᠲᠡᠳᠦᠢ ᠰᠥᠩ᠂ ᠮᠣᠩᠭᠣᠯ ᠬᠣᠶᠠᠷ ᠤᠯᠤᠰ ᠠᠯᠲᠠᠨ ᠤᠯᠤᠰ ᠤ᠋ᠨ ᠬᠠᠭᠤᠴᠢᠨ ᠡᠵᠡᠨ ᠠᠢᠽᠦ᠋ᠩ ᠦ᠋ᠨ ᠶᠠᠰᠤᠨ ᠢ᠋ ᠬᠤᠪᠢᠶᠠᠯᠴᠠᠨ ᠠᠪᠴᠤ ᠪᠠᠰᠠ ᠰᠢᠨ᠎ᠡ ᠡᠵᠡᠨ ᠦ᠌ ᠶᠠᠰᠤᠨ ᠢ ᠪᠦᠬᠦᠯᠢ ᠪᠡᠷ ᠮᠣᠩᠭᠣᠯ ᠤᠯᠤᠰ ᠣᠯᠵᠤ᠂ ᠬᠣᠲᠠᠨ ᠳᠣᠲᠣᠷᠠᠬᠢ ᠶ᠋ᠢ ᠪᠦᠷᠢᠨ᠎ᠡ ᠡᠵᠡᠯᠡᠨ ᠠᠪᠤᠭᠠᠳ ᠣᠯᠠᠨ ᠢᠷᠭᠡᠨ ᠢ᠋ ᠲᠣᠭᠲᠠᠭᠠᠨ᠂ ᠪᠤᠰᠤ ᠬᠣᠲᠠ ᠠ᠋ᠴᠠ ᠠᠮᠤ ᠠᠴᠢᠷᠠᠭᠤᠯᠤᠨ ᠬᠣᠲᠠ ᠶ᠋ᠢᠨ ᠠᠷᠠᠳ ᠤ᠋ᠨ ᠥᠯᠪᠡᠷᠬᠦ ᠶ᠋ᠢ ᠲᠡᠩᠬᠡᠷᠡᠭᠦᠯᠪᠡ᠃ ᠲᠡᠭᠦᠨᠴᠡ ᠬᠤᠸᠠᠢ ᠭᠦᠸᠧ ᠭᠦᠩᠵᠦ᠂ ᠠᠯᠲᠠᠨ ᠤᠯᠤᠰ ᠤ᠋ᠨ ᠬᠠᠭᠤᠴᠢᠨ ᠡᠵᠡᠨ ᠱᠧᠦ ᠰᠢᠦᠢ ᠶ᠋ᠢᠨ ᠨᠢᠭᠡᠨ ᠬᠡᠰᠡᠭ ᠶᠠᠰᠤᠨ ᠢ᠋ ᠠᠪᠴᠤ ᠬᠠᠳᠠᠮ ᠡᠴᠢᠭᠡ ᠳ᠋ᠦ᠍ᠷ ᠭᠤᠶᠤᠴᠢᠯᠠᠨ ᠨᠢᠭᠡᠨ ᠠᠩᠭᠢ ᠴᠡᠷᠢᠭ ᠠᠪᠴᠤ ᠸᠠᠨ ᠶᠠᠨ ᠬᠤ᠌ ᠰᠢᠶ᠋ᠸ ᠬᠤ᠌ ᠶ᠋ᠢᠨ ᠬᠡᠭᠦᠷ ᠢ᠋ ᠡᠷᠦᠵᠦ ᠶᠠᠰᠤᠨ ᠢ᠋ ᠭᠠᠷᠭᠠᠵᠤ᠂ ᠡᠴᠢᠭᠡ ᠸᠧᠢ ᠱᠣᠣ ᠸᠠᠩ – ᠶᠦᠩ ᠵᠢᠢ ᠶ᠋ᠢᠨ ᠬᠡᠭᠦᠷ ᠲᠣᠷ ᠠᠪᠠᠴᠢᠵᠤ ᠲᠠᠬᠢᠬᠤᠶ᠎ᠠ᠂ ᠸᠠᠨ ᠶᠠᠨ ᠬᠤ᠌ ᠰᠢᠶ᠋ᠸ ᠬᠤ᠌ ᠶ᠋ᠢᠨ ᠦᠷ᠎ᠡ ᠠᠴᠢ ᠶ᠋ᠢ ᠪᠠᠷᠢᠵᠤ᠂ ᠸᠧᠢ ᠱᠣᠣ ᠸᠠᠩ ᠢ᠋ ᠠᠯᠠᠬᠤᠢ ᠳ᠋ᠤᠷ ᠵᠥᠪᠯᠡᠯ ᠨᠢᠭᠡᠳᠦᠭᠰᠡᠨ ᠠᠷᠠᠳ ᠤ᠋ᠨ ᠦᠷ᠎ᠡ ᠠᠴᠢ ᠶ᠋ᠢ ᠡᠷᠢᠨ ᠬᠡᠳᠦᠨ ᠠᠷᠪᠠᠨ ᠬᠥᠮᠦᠨ ᠢ᠋ ᠪᠠᠷᠢᠵᠤ᠂ ᠡᠴᠢᠭᠡ ᠶᠦᠩ ᠵᠢᠢ ᠶ᠋ᠢᠨ ᠬᠡᠭᠦᠷ ᠲᠣᠷ ᠠᠪᠠᠴᠢᠵᠤ᠂ ᠦᠬᠦᠭᠰᠡᠨ ᠠᠮᠢᠳᠤ ᠪᠠᠷ ᠳᠠᠬᠢᠵᠤ᠂ ᠴᠢᠰᠤᠨ ᠢ᠋ ᠰᠠᠴᠤᠵᠤ ᠴᠠᠭᠠᠰᠤ ᠰᠢᠲᠠᠭᠠᠨ᠂ ᠬᠠᠭᠤᠴᠢᠨ ᠬᠣᠷᠣᠰᠤᠯ ᠢ᠋ᠶ᠋ᠠᠨ ᠶᠡᠬᠡᠯ᠎ᠡ ᠤᠬᠢᠯᠠᠵᠤ ᠳᠠᠭᠢᠪᠠ᠃ 
       ᠡᠨᠡ ᠦᠶ᠎ᠡ ᠳ᠋ᠦ᠍ᠷ ᠲᠠᠢᠰᠢ ᠪᠤᠯᠤ ᠡᠪᠡᠳᠴᠢᠨ ᠬᠦᠨᠳᠦ ᠪᠣᠯᠤᠭᠰᠠᠨ ᠲᠤᠯᠠ ᠶᠠᠭᠠᠷᠠᠨ ᠲᠡᠷᠢᠭᠦᠨ ᠠᠩᠭᠢ ᠶ᠋ᠢᠨ ᠴᠡᠷᠢᠭ ᠢ᠋ ᠠᠪᠴᠤ ᠠᠯᠲᠠᠨ ᠤᠯᠤᠰ ᠤ᠋ᠨ ᠡᠵᠡᠨ ᠤ ᠶᠠᠰᠤᠨ ᠢ᠋ ᠠᠪᠴᠤ ᠵᠢᠴᠢ ᠡᠴᠢᠭᠡ ᠲᠠᠢᠰᠢ ᠭᠦᠸᠧ ᠸᠠᠩ ᠮᠤᠬᠤᠯᠢ ᠶ᠋ᠢᠨ ᠴᠢᠨᠳᠠᠷ ᠢ᠋ ᠠᠪᠴᠤ ᠪᠢᠶᠠᠨ ᠵᠢᠩ ᠳ᠋ᠦ᠍ᠷ ᠠᠪᠠᠴᠢᠵᠤ ᠨᠢᠭᠡᠨ ᠰᠠᠷ᠎ᠠ ᠪᠡᠯᠪᠡᠰᠦᠷᠡᠨ ᠡᠴᠢᠭᠡ ᠶ᠋ᠢᠨ ᠭᠡᠷᠢᠶᠡᠰ ᠲᠣᠷ ᠨᠡᠢᠴᠡᠭᠦᠯᠵᠦ᠂ ᠥᠪᠡᠷ ᠦ᠋ᠨ ᠡᠪᠡᠳᠴᠢᠨ ᠢ᠋ ᠪᠠᠬᠠᠨ ᠰᠤᠪᠢᠯᠠᠵᠤ ᠭᠠᠢᠭᠤᠢ ᠪᠣᠯᠭᠠᠨ ᠳᠠᠷᠤᠢ ᠠᠯᠲᠠᠨ ᠤᠯᠤᠰ ᠤ᠋ᠨ ᠬᠣᠶᠠᠷ ᠦᠶ᠎ᠡ ᠶ᠋ᠢᠨ ᠬᠠᠭᠠᠨ ᠤ᠋ ᠶᠠᠰᠤ ᠶ᠋ᠢ ᠡᠮᠦᠨ᠎ᠡ ᠬᠣᠢᠨ᠎ᠠ᠂ ᠭᠦᠸᠧ ᠸᠠᠩ ᠮᠤᠬᠤᠯᠢ ᠶ᠋ᠢᠨ ᠶᠡᠬᠡ ᠴᠢᠨᠳᠠᠷ ᠢ᠋ ᠭᠤᠷᠪᠠᠨ ᠵᠠᠭᠤᠨ ᠬᠥᠮᠦᠨ ᠢ᠋ᠶ᠋ᠡᠷ ᠳᠠᠮᠨᠠᠭᠤᠯᠤᠨ᠂ ᠸᠠᠩ ᠤ᠋ᠨ ᠵᠢᠭᠰᠠᠭᠠᠯ ᠵᠢᠭᠰᠠᠭᠠᠵᠤ᠂ ᠬᠠᠭᠠᠨ ᠤ᠋ ᠵᠠᠷᠯᠢᠭ ᠪᠠ ᠡᠴᠢᠭᠡ ᠶ᠋ᠢᠨ ᠭᠡᠷᠢᠶᠡᠰ ᠲᠣᠷ ᠬᠦᠷᠭᠡᠷ᠎ᠡ ᠴᠡᠷᠢᠭ ᠡᠭᠡᠪᠡ᠃ ᠠᠳᠠ ᠬᠥᠪᠡᠭᠦᠨ ᠳᠡᠰ ᠲᠣᠭᠣᠰ ᠢ᠋ ᠠᠯᠲᠠᠨ ᠤ᠋ ᠭᠠᠵᠠᠷ ᠢ᠋ ᠬᠢᠴᠢᠶᠡᠨ ᠠᠷᠢᠯᠭ᠎ᠠ᠂ ᠰᠥᠷᠭᠡᠦ ᠲᠦᠰᠢᠮᠡᠳ ᠢ᠋ ᠡᠷᠢᠵᠦ ᠪᠡᠷᠢ ᠭᠡᠮᠡᠨ ᠤᠷᠢᠳᠠ ᠴᠡᠷᠢᠭ ᠡᠭᠡᠪᠡ᠃ ᠡᠨᠡ ᠦᠶ᠎ᠡ ᠳ᠋ᠦ᠍ᠷ ᠠᠯᠲᠠᠨ ᠤᠯᠤᠰ ᠤ᠋ᠨ ᠮᠦᠸᠧ ᠶᠠᠨ ᠡᠦ ᠲᠢᠶᠠᠨ ᠵᠠᠩᠵᠤᠨ ᠴᠡᠷᠢᠭ ᠢ᠋ᠶ᠋ᠡᠨ ᠠᠪᠴᠤ ᠡᠳᠦᠷ ᠪᠦᠷᠢ ᠬᠥᠭᠵᠢᠮ ᠡᠭᠦᠰᠬᠡᠨ ᠴᠡᠩᠭᠡᠯᠳᠦᠨ ᠵᠢᠷᠭᠠᠯᠳᠤᠵᠤ ᠠᠷᠢᠬᠢᠳᠠᠨ ᠬᠤᠷᠢᠮᠯᠠᠵᠤ ᠵᠢᠢ ᠵᠧᠦ ᠶ᠋ᠢ ᠰᠠᠬᠢᠵᠤ ᠪᠠᠢᠭᠰᠠᠨ ᠲᠤᠯᠠ ᠡᠳᠦᠭᠡ ᠭᠡᠨᠡᠳᠲᠡ ᠼᠠᠢ ᠵᠧᠦ ᠠᠪᠲᠠᠪᠠ ᠬᠡᠮᠡᠭᠰᠡᠨ ᠳ᠋ᠦ᠍ᠷ ᠪᠦᠭᠦᠳᠡᠭᠡᠷ ᠨᠡᠩ ᠢᠯᠡᠭᠦᠦ ᠠᠷᠢᠬᠢᠳᠠᠨ ᠴᠡᠩᠭᠡᠯᠳᠦᠵᠦ᠂ ᠣᠯᠠᠨ ᠴᠡᠷᠢᠭ ᠪᠠᠰᠠ ᠥᠪᠡᠷ ᠦ᠋ᠨ ᠢᠷᠭᠡᠨ ᠢ᠋ᠶ᠋ᠡᠨ ᠪᠤᠯᠢᠶᠠᠨ ᠳᠡᠭᠡᠷᠡᠮᠳᠡᠵᠦ᠂ ᠳᠤᠷ᠎ᠠ ᠪᠠᠷ ᠴᠡᠩᠭᠡᠯᠳᠦᠨ ᠨᠢᠭᠡᠨᠲᠡᠭᠡᠭᠦᠷ ᠰᠥᠩ ᠤᠯᠤᠰ ᠲᠤᠷ ᠳᠠᠭᠠᠬᠤ ᠰᠡᠳᠬᠢᠯ ᠲᠣᠭᠲᠠᠵᠤ᠂ ᠮᠦᠸᠧ ᠶᠠᠨ ᠡᠦ ᠲᠢᠶᠠᠨ ᠲᠡᠷᠢᠭᠦᠯᠡᠨ ᠪᠦᠸᠧ ᠵᠣ᠌ ᠯᠦ᠍ ᠯᠧᠦ ᠱᠢ᠂ ᠵᠢᠶᠧ ᠬᠦ ᠵᠢᠶᠣᠤ ᠵᠧᠦ ᠨᠠᠷ ᠯᠤᠭ᠎ᠠ ᠨᠡᠢᠯᠡᠵᠦ᠂ ᠣᠯᠠᠨ ᠢ᠋ ᠠᠪᠴᠤ ᠰᠥᠩ ᠤᠯᠤᠰ ᠲᠤᠷ ᠳᠠᠭᠠᠬᠤ ᠪᠢᠴᠢᠭ ᠬᠦᠷᠭᠡᠭᠦᠯᠵᠦ᠂ ᠠᠯᠲᠠᠨ ᠤᠯᠤᠰ ᠤ᠋ᠨ ᠡᠵᠡᠨ ᠢ᠋ᠶ᠋ᠡᠨ ᠪᠡᠯᠪᠡᠰᠦᠷᠡᠯ ᠢ᠋ ᠭᠦᠢᠴᠡᠳᠬᠡᠶ᠎ᠡ ᠬᠡᠮᠡᠬᠦᠢ ᠳ᠋ᠦ᠍ᠷ ᠰᠥᠩ ᠤᠯᠤᠰ ᠤ᠋ᠨ ᠡᠵᠡᠨ ᠯᠢᠽᠦ᠋ᠩ ᠬᠠᠭᠠᠨ ᠵᠣᠣ ᠶᠦᠨ ᠠᠯᠲᠠᠨ ᠤᠯᠤᠰ ᠤ᠋ᠨ ᠠᠢᠽᠦ᠋ᠩ ᠬᠠᠭᠠᠨ ᠢ᠋ ᠵᠤᠣᠽᠦ᠋ᠩ ᠭᠡᠮᠡᠨ ᠡᠷᠭᠦᠵᠦ᠂ ᠠᠯᠲᠠᠨ ᠤᠯᠤᠰ ᠤ᠋ᠨ ᠦᠯᠡᠳᠡᠭᠰᠡᠨ ᠴᠡᠷᠢᠭ ᠢᠷᠭᠡᠨ ᠵᠠᠩᠵᠤᠨ ᠴᠡᠷᠢᠭ ᠢ᠋ ᠣᠷᠣᠭᠤᠯᠤᠨ ᠠᠪᠬᠤ ᠪᠠᠷ ᠪᠡᠯᠡᠳᠬᠡᠪᠡᠢ᠃ ᠡᠭᠦᠨ ᠳ᠋ᠦ᠍ᠷ ᠵᠢᠢ ᠵᠧᠦ ᠬᠣᠲᠠ ᠶ᠋ᠢᠨ ᠢᠷᠭᠡᠳ ᠮᠦᠸᠧ ᠶᠠᠨ ᠡᠦ ᠲᠢᠶᠠᠨ ᠢ᠋ ᠴᠢᠩᠰᠢᠶᠠᠩ ᠡᠷᠭᠦᠮᠵᠢᠯᠡᠵᠦ ᠮᠣᠷᠳᠠᠭᠤᠯᠪᠠᠢ᠃ 
       ᠲᠡᠳᠦᠢ ᠰᠥᠩ ᠤᠯᠤᠰ ᠮᠣᠩᠭᠣᠯ ᠯᠤᠭ᠎ᠠ ᠠᠶᠤᠮᠰᠢᠭ ᠦᠭᠡᠢ ᠼᠠᠢ ᠵᠧᠦ ᠶ᠋ᠢ ᠲᠡᠮᠡᠴᠡᠬᠦ ᠦᠭᠡᠢ᠂ ᠮᠣᠩᠭᠣᠯ ᠤ᠋ᠨ ᠲᠠᠢᠽᠦ᠋ᠩ ᠬᠠᠭᠠᠨ ᠤ᠋ ᠱᠠᠩ ᠳ᠋ᠤᠷ ᠬᠦᠷᠲᠡᠵᠦ ᠠᠢᠽᠦ᠋ᠩ ᠦ᠋ᠨ ᠶᠠᠰᠤᠨ ᠢ᠋ ᠠᠪᠴᠤ ᠡᠭᠡᠪᠡ᠃ 
       ᠲᠡᠳᠦᠢ ᠪᠤᠯᠤ᠂ ᠬᠠᠭᠠᠨ ᠤ᠋ ᠵᠠᠷᠯᠢᠭ ᠢ᠋ ᠡᠭᠡᠭᠦᠯᠦᠨ᠂ ᠪᠡᠶ᠎ᠡ ᠶ᠋ᠢᠨ ᠡᠪᠡᠳᠴᠢᠨ ᠢ᠋ ᠮᠡᠳᠡᠭᠦᠯᠵᠦ᠂ ᠡᠴᠢᠭᠡ ᠶ᠋ᠢᠨ ᠭᠡᠷᠢᠶᠡᠰ ᠢ᠋ ᠳᠠᠭᠠᠵᠤ ᠤᠷᠢᠳᠠ ᠡᠭᠡᠰᠦᠭᠡᠢ ᠭᠡᠮᠡᠨ ᠠᠢᠯᠠᠳᠬᠠᠵᠤ᠂ ᠮᠣᠩᠭᠣᠯ ᠤ᠋ᠨ ᠬᠠᠭᠤᠴᠢᠨ ᠬᠢᠲᠠᠳ ᠲᠦᠰᠢᠮᠡᠯ ᠯᠦ᠍ ᠹᠦ ᠶ᠋ᠢ ᠼᠠᠢ ᠵᠧᠦ ᠳ᠋ᠦ᠍ᠷ ᠢᠯᠡᠭᠡᠵᠦ ᠾᠧ ᠨᠠᠨ ᠤ᠋ ᠨᠡᠢᠲᠡ ᠶ᠋ᠢ ᠵᠠᠬᠢᠷᠬᠤ ᠽᠦᠩ ᠭᠤᠸᠠᠨ ᠲᠦᠰᠢᠮᠡᠯ ᠪᠣᠯᠭᠠᠵᠤ ᠭᠠᠵᠠᠷ ᠣᠷᠣᠨ ᠢ᠋ ᠰᠠᠬᠢᠭᠤᠯᠤᠨ᠂ ᠾᠧ ᠨᠠᠨ ᠤ᠋ ᠡᠮᠦᠨᠡᠲᠦ ᠵᠠᠮ ᠤ᠋ᠨ ᠴᠡᠷᠢᠭ ᠢ᠋ ᠵᠠᠬᠢᠷᠤᠭᠤᠯᠪᠠ᠃ ᠡᠨᠡ ᠲᠤᠬᠠᠢ ᠵᠢᠢ ᠵᠧᠦ ᠶ᠋ᠢᠨ ᠢᠷᠭᠡᠨ ᠮᠦᠸᠧ ᠶᠠᠨ ᠡᠦ ᠲᠢᠶᠠᠨ ᠨᠠᠷ ᠢ᠋ ᠮᠣᠷᠳᠠᠭᠤᠯᠤᠭᠠᠳ ᠪᠦᠭᠦᠳᠡᠭᠡᠷ ᠳᠠᠭᠠᠵᠤ ᠡᠴᠢᠬᠦ ᠲᠤᠯᠠ ᠳᠠᠷᠤᠢ ᠵᠢᠢ ᠵᠧᠦ ᠬᠣᠲᠠ ᠶ᠋ᠢᠨ ᠡᠮᠦᠨ᠎ᠡ ᠬᠠᠭᠠᠯᠭ᠎ᠠ ᠶ᠋ᠢ ᠭᠠᠯ ᠲᠠᠯᠪᠢᠨ ᠰᠢᠲᠠᠭᠠᠵᠤ᠂ ᠠᠯᠲᠠᠨ ᠤᠯᠤᠰ ᠤ᠋ᠨ ᠬᠠᠭᠤᠴᠢᠨ ᠬᠠᠭᠠᠨ ᠠᠢᠽᠦ᠋ᠩ ᠱᠧᠦ ᠰᠢᠦᠢ ᠳ᠋ᠦ᠍ᠷ ᠲᠠᠬᠢᠯ ᠳᠠᠬᠢᠵᠤ ᠭᠡᠭᠡᠮᠦᠢ ᠭᠡᠮᠡᠨ ᠮᠥᠷᠭᠥᠭᠡᠳ ᠪᠦᠭᠦᠳᠡᠭᠡᠷ ᠰᠥᠩ ᠤᠯᠤᠰ ᠤ᠋ᠨ ᠵᠦᠭ ᠡᠴᠢᠬᠦᠢ ᠳ᠋ᠦ᠍ᠷ ᠳᠡᠰ ᠲᠣᠭᠣᠰ ᠣᠯᠵᠤ ᠰᠣᠨᠣᠰᠤᠭᠠᠳ ᠶᠠᠭᠠᠷᠠᠨ ᠶᠡᠬᠡ ᠴᠡᠷᠢᠭ ᠢ᠋ ᠠᠪᠴᠤ ᠠᠯᠲᠠᠨ ᠤᠯᠤᠰ ᠤ᠋ᠨ ᠲᠦᠰᠢᠮᠡᠯ ᠢᠷᠭᠡᠨ ᠰᠥᠩ ᠤᠯᠤᠰ ᠲᠤᠷ ᠳᠠᠭᠠᠷ᠎ᠠ ᠡᠴᠢᠬᠦ ᠶ᠋ᠢ ᠨᠡᠬᠡᠬᠦᠶ᠎ᠡ ᠶᠡᠬᠡ ᠵᠠᠩᠵᠤᠨ ᠰᠦᠪᠡᠭᠡᠳᠡᠢ ᠪᠠᠭᠠᠲᠤᠷ᠂ ᠨᠠᠨᠰᠠᠷ᠂ ᠲᠦᠮᠡᠨᠲᠡᠢ ᠳᠥᠷᠪᠡᠨ ᠡᠲᠡᠭᠡᠳ ᠡᠴᠡ ᠬᠠᠭᠠᠵᠤ ᠮᠦᠸᠧ ᠶᠠᠨ ᠡᠦ ᠲᠢᠶᠠᠨ ᠨᠠᠷ ᠢ᠋ ᠬᠥᠭᠡᠭᠡᠵᠦ ᠭᠦᠢᠴᠡᠭᠡᠳ ᠮᠦᠸᠧ ᠱᠠᠨ ᠠᠭᠤᠯᠠᠨ ᠳ᠋ᠤᠷ ᠸᠠᠨ ᠬᠤ᠌ ᠠ᠋ᠴᠠ ᠲᠡᠷᠢᠭᠦᠯᠡᠨ ᠳᠣᠯᠣᠭᠠᠨ ᠵᠠᠭᠤᠨ ᠢᠯᠡᠭᠦᠦ ᠬᠥᠮᠦᠨ ᠢ᠋ ᠠᠯᠠᠵᠤ᠂ ᠦᠯᠡᠭᠰᠡᠨ ᠢ᠋ ᠴᠥᠮ ᠵᠢᠢ ᠵᠧᠦ ᠳ᠋ᠦ᠍ᠷ ᠪᠠᠷᠢᠵᠤ ᠠᠴᠢᠷᠠᠪᠠ᠂ ᠨᠢᠭᠡᠨ ᠬᠥᠮᠦᠨ ᠴᠦ᠍ ᠳᠤᠲᠠᠭᠠᠨ ᠭᠠᠷᠴᠤ ᠴᠢᠳᠠᠭᠰᠠᠨ ᠦᠭᠡᠢ᠃ ᠬᠣᠶᠠᠷ ᠰᠠᠷ᠎ᠠ ᠳ᠋ᠤᠷ ᠮᠣᠩᠭᠣᠯ ᠤ᠋ᠨ ᠲᠠᠢᠽᠦ᠋ᠩ ᠬᠠᠭᠠᠨ ᠤ᠋ ᠵᠠᠷᠯᠢᠭ ᠢ᠋ᠶ᠋ᠠᠷ ᠳᠠᠭᠤᠳᠠᠷ᠎ᠠ ᠢᠷᠡᠪᠡ᠂ ᠰᠣᠨᠣᠰᠪᠠᠰᠤ ᠳᠡᠰ ᠲᠣᠭᠣᠰ ᠤ᠋ᠨ ᠡᠴᠢᠭᠡ ᠲᠠᠢᠰᠢ ᠪᠤᠯᠤ ᠶ᠋ᠢᠨ ᠡᠪᠡᠳᠴᠢᠨ ᠬᠦᠨᠳᠦ ᠲᠤᠯᠠ ᠬᠠᠭᠠᠨ ᠶᠡᠬᠡᠯ᠎ᠡ ᠡᠨᠡᠷᠢᠨ ᠶᠠᠭᠠᠷᠠᠨ ᠵᠠᠷᠯᠢᠭ ᠢ᠋ᠶ᠋ᠠᠷ ᠳᠠᠭᠤᠳᠠᠭᠤᠯᠤᠷ᠎ᠠ ᠢᠯᠡᠭᠡᠭᠰᠡᠨ ᠠᠵᠤᠭᠤ᠃ 
       ᠲᠡᠳᠦᠢ ᠳᠡᠰ ᠲᠣᠭᠣᠰ ᠶᠡᠬᠡᠯ᠎ᠡ ᠰᠣᠴᠢᠵᠤ ᠶᠠᠭᠠᠷᠠᠨ ᠵᠠᠷᠯᠢᠭ ᠤ᠋ᠨ ᠶᠣᠰᠣᠭᠠᠷ ᠪᠤᠰᠤ ᠴᠡᠷᠢᠭ ᠢ᠋ ᠴᠥᠮ ᠰᠦᠪᠡᠭᠡᠳᠡᠢ ᠪᠠᠭᠠᠲᠤᠷ᠂ ᠨᠠᠨᠰᠠᠷ ᠲᠠᠪᠤᠨᠠᠩ ᠨᠠᠷ ᠲᠤᠷ ᠲᠤᠰᠢᠶᠠᠵᠤ᠂ ᠤᠯᠤᠰ ᠲᠤᠷ ᠳᠣᠪᠲᠣᠯᠤᠨ ᠢᠷᠡᠵᠦ ᠬᠠᠭᠠᠨ ᠳ᠋ᠤᠷ ᠪᠠᠷᠠᠯᠬᠠᠨ ᠮᠥᠷᠭᠥᠵᠦ᠂ ᠳᠠᠷᠤᠢ ᠡᠴᠢᠭᠡ ᠶ᠋ᠢᠨ ᠳᠡᠷᠭᠡᠳᠡ ᠡᠴᠢᠪᠡᠰᠦ᠂ ᠳᠠᠭᠠᠯᠳᠤᠭ᠎ᠠ ᠬᠠᠭᠠᠨ ᠮᠥᠨ ᠲᠡᠢᠰᠢ ᠶ᠋ᠢᠨ ᠡᠪᠡᠳᠴᠢᠨ ᠢ᠋ ᠦᠵᠡᠷ᠎ᠡ ᠢᠷᠡᠬᠦᠢ ᠳ᠋ᠦ᠍ᠷ ᠲᠡᠢᠰᠢ ᠶ᠋ᠢᠨ ᠭᠡᠷ ᠦ᠋ᠨ ᠬᠣᠲᠠᠯᠠᠭᠠᠷ ᠴᠥᠮ ᠬᠠᠭᠠᠯᠭᠠᠨ ᠤ᠋ ᠭᠠᠳᠠᠨ᠎ᠠ ᠰᠥᠭᠥᠳᠴᠦ ᠤᠭᠲᠤᠨ᠂ ᠲᠠᠢᠰᠢ ᠪᠤᠯᠤ ᠨᠢᠭᠡᠨᠲᠡ ᠪᠡᠶ᠎ᠡ ᠪᠣᠰᠴᠤ ᠴᠢᠳᠠᠬᠤ ᠦᠭᠡᠢ ᠪᠡᠶ᠎ᠡ ᠳ᠋ᠦ᠍ᠷ ᠶᠣᠰᠣᠨ ᠤ᠋ ᠳᠡᠪᠡᠯ ᠬᠤᠴᠢᠵᠤ᠂ ᠲᠥᠷᠥ ᠶ᠋ᠢᠨ ᠪᠦᠰᠡ ᠪᠡᠨ ᠳᠡᠭᠡᠷ᠎ᠡ ᠲᠠᠯᠪᠢᠵᠤ᠂ ᠮᠠᠯᠠᠭ᠎ᠠ ᠪᠠᠨ ᠳᠡᠷ᠎ᠡ ᠶ᠋ᠢᠨ ᠳᠡᠭᠡᠷ᠎ᠡ ᠲᠠᠯᠪᠢᠵᠤ᠂ ᠳᠡᠷ᠎ᠡ ᠶ᠋ᠢᠨ ᠳᠡᠭᠡᠷ᠎ᠡ ᠮᠥᠷᠭᠥᠵᠦ ᠤᠬᠢᠯᠠᠨ ᠬᠠᠭᠠᠨ ᠢ᠋ ᠤᠭᠲᠤᠪᠠ ᠃ ᠲᠠᠢᠽᠦ᠋ᠩ ᠬᠠᠭᠠᠨ ᠶᠠᠭᠠᠷᠠᠨ ᠲᠡᠢᠰᠢ ᠪᠤᠯᠤ ᠶ᠋ᠢᠨ ᠭᠠᠷ ᠠ᠋ᠴᠠ ᠪᠠᠷᠢᠵᠤ ᠡᠨᠡᠷᠢᠬᠦᠢ ᠶ᠋ᠢᠨ ᠳᠦᠷᠢ ᠪᠡᠷ ᠵᠠᠷᠯᠢᠭ ᠪᠣᠯᠤᠷᠤᠨ : 
             ᠤᠭ ᠤᠳᠤᠮ ᠠ᠋ᠴᠠ ᠬᠡᠲᠦᠷᠬᠡᠢ ᠠᠴᠢ ᠵᠢᠷᠤᠮᠲᠤ ᠰᠠᠢᠳ ᠮᠢᠨᠦ 
             ᠤᠯᠤᠰ ᠲᠥᠷᠥ ᠶ᠋ᠢᠨ ᠲᠥᠯᠥᠭᠡ ᠵᠢᠳᠬᠦᠨ ᠶᠠᠪᠤᠵᠤ ᠵᠦᠳᠡᠭᠰᠡᠭᠡᠷ᠂ 
             ᠤᠬᠠᠮᠰᠠᠷ ᠦᠭᠡᠢ ᠡᠨᠡ ᠡᠪᠡᠳᠴᠢᠨ ᠢ᠋ ᠣᠯᠵᠤ  
             ᠤᠯᠠᠭᠠᠨ ᠴᠢᠰᠤᠨ ᠢ᠋ᠶ᠋ᠠᠷ ᠣᠭᠰᠢᠨ ᠪᠥᠭᠡᠯᠵᠢᠭᠰᠡᠭᠡᠷ ᠡᠨᠡ ᠮᠡᠲᠦ ᠪᠣᠯᠪᠠ ! 
ᠭᠡᠮᠡᠨ ᠬᠡᠳᠦᠢᠴᠢᠨᠡᠭᠡᠨ ᠲᠣᠬᠣᠷᠤᠭᠤᠯᠬᠤ ᠵᠠᠷᠯᠢᠭ ᠪᠠᠭᠤᠯᠭᠠᠭᠰᠠᠨ ᠳ᠋ᠤᠷ ᠲᠠᠢᠰᠢ ᠪᠤᠯᠤ ᠬᠠᠭᠠᠨ ᠳ᠋ᠤᠷ ᠮᠥᠷᠭᠥᠵᠦ ᠠᠢᠯᠠᠳᠬᠠᠷᠤᠨ :《ᠲᠦᠰᠢᠮᠡᠯ ᠪᠢ ᠦᠬᠦᠬᠦᠢ ᠳ᠋ᠦ᠍ᠷ ᠥᠴᠦᠬᠡᠨ ᠴᠦ᠍ ᠭᠣᠮᠣᠳᠠᠬᠤ ᠭᠠᠵᠠᠷ ᠦᠭᠡᠢ᠂ ᠲᠡᠷᠢᠭᠦᠨ ᠳ᠋ᠦ᠍ᠷ ᠡᠵᠡᠨ ᠦ᠌ ᠬᠥᠮᠥᠰᠬᠡ ᠰᠣᠷᠮᠤᠤᠰᠤ ᠶ᠋ᠢᠨ ᠮᠡᠲᠦ ᠬᠡᠴᠡᠭᠦᠦ ᠳᠠᠢᠰᠤᠨ ᠠᠯᠲᠠᠨ ᠤᠯᠤᠰ ᠢ᠋ ᠮᠥᠬᠥᠭᠡᠪᠡ᠂ ᠬᠣᠶᠠᠷ ᠲᠤᠷ ᠡᠴᠢᠭᠡ ᠲᠡᠢᠰᠢ ᠶ᠋ᠢᠨ ᠭᠡᠷᠢᠶᠡᠰ ᠵᠠᠬᠢᠶ᠎ᠠ ᠶ᠋ᠢ ᠭᠦᠢᠴᠡᠭᠡᠨ᠂ ᠠᠯᠲᠠᠨ ᠤᠯᠤᠰ ᠤ᠋ᠨ ᠪᠢᠶᠠᠨ ᠵᠢᠩ ᠢ᠋ ᠠᠪᠴᠤ ᠬᠠᠭᠤᠴᠢᠨ ᠰᠢᠨ᠎ᠡ ᠬᠠᠭᠠᠨ ᠢ᠋ ᠠᠨᠤ ᠪᠠᠷᠢᠪᠠ᠃ ᠡᠨᠡ ᠢᠨᠦ ᠲᠦᠰᠢᠮᠡᠯ ᠮᠢᠨᠦ ᠵᠠᠪᠰᠢᠭᠰᠠᠨ ᠠᠨᠤ ᠪᠣᠯᠠᠢ᠃ ᠨᠠᠰᠤᠨ ᠤ᠋ ᠤᠷᠲᠤ ᠣᠬᠣᠷ ᠠᠨᠤ ᠲᠡᠭᠷᠢ ᠶ᠋ᠢᠨ ᠲᠣᠭᠲᠠᠭᠰᠠᠨ ᠵᠠᠶᠠᠭ᠎ᠠ᠂ ᠶᠠᠮᠪᠠᠷ ᠭᠣᠮᠣᠳᠠᠯ ᠪᠣᠢ ! ᠭᠠᠭᠴᠠ ᠰᠠᠢᠳ ᠮᠢᠨᠦ ᠡᠵᠡᠨ ᠳ᠋ᠦ᠍ᠷ ᠠᠢᠯᠠᠳᠬᠠᠬᠤ ᠨᠢᠭᠡᠨ ᠦᠭᠡᠰ ᠪᠣᠢ : ᠡᠵᠡᠨ ᠲᠡᠷᠢᠭᠦᠨ ᠳ᠋ᠦ᠍ᠷ ᠰᠥᠩ ᠤᠯᠤᠰ ᠢ᠋ ᠳᠠᠢᠯᠠᠬᠤ ᠶ᠋ᠢ ᠬᠡᠷᠬᠢᠪᠡᠴᠦ ᠪᠢᠲᠡᠭᠡᠢ ᠠᠯᠤᠰᠳᠠᠭᠤᠯ᠂ ᠬᠣᠶᠠᠷ ᠲᠤᠷ ᠰᠢᠳᠠᠷ ᠠᠷᠠᠳ ᠤ᠋ᠨ ᠦᠭᠡᠰ ᠢ᠋ ᠶᠠᠭᠠᠬᠢᠪᠠᠴᠤ ᠲᠣᠭᠲᠠᠭᠠᠵᠤ ᠰᠠᠶᠢ ᠢᠲᠡᠭᠡᠮᠦ᠂ ᠭᠤᠷᠪᠠᠨ ᠳ᠋ᠤᠷ ᠠᠷᠢᠬᠢ ᠥᠩᠭᠡ ᠵᠢᠷᠭᠠᠯ ᠴᠡᠩᠭᠡᠯ ᠢ᠋ ᠬᠡᠮᠵᠢᠶᠡᠨ ᠡᠴᠡ ᠬᠡᠷᠬᠢᠪᠡᠴᠦ ᠦᠯᠦ ᠬᠡᠲᠦᠷᠡᠭᠦᠯᠦᠮᠦ᠃ ᠰᠥᠩ ᠤᠯᠤᠰ ᠬᠡᠳᠦᠢ ᠪᠠᠭ᠎ᠠ ᠪᠣᠯᠪᠠᠴᠤ ᠢᠷᠭᠡᠨ ᠦ᠌ ᠰᠡᠳᠬᠢᠯ ᠥᠳᠥᠭᠡᠬᠦ ᠦᠨᠳᠦᠰᠦ᠂ ᠲᠡᠭᠦᠨ ᠢ᠋ ᠪᠤᠰᠤ ᠬᠢᠵᠠᠭᠠᠷ ᠤ᠋ᠨ ᠤᠯᠤᠰ ᠲᠤᠷ ᠠᠳᠠᠯᠢᠳᠬᠠᠵᠤ ᠦᠯᠦ ᠪᠣᠯᠤᠮᠤᠢ ! 》ᠭᠡᠮᠡᠨ ᠠᠢᠯᠠᠳᠬᠠᠵᠤ᠂ ᠵᠢᠴᠢ ᠬᠠᠭᠠᠨ ᠤ᠋ ᠡᠮᠦᠨ᠎ᠡ ᠶᠡᠬᠡ ᠬᠥᠪᠡᠭᠦᠨ ᠳᠡᠰ ᠲᠣᠭᠣᠰ ᠢ᠋ ᠳᠠᠭᠤᠳᠠᠵᠤ ᠬᠠᠭᠠᠨ ᠳ᠋ᠤᠷ ᠠᠢᠯᠠᠳᠬᠠᠷᠤᠨ : 《ᠲᠦᠰᠢᠮᠡᠯ ᠮᠢᠨᠦ ᠶᠡᠬᠡ ᠬᠥᠪᠡᠭᠦᠨ ᠡᠨᠡ ᠳᠡᠰ ᠲᠣᠭᠣᠰ ᠥᠩᠭᠡ ᠳ᠋ᠦ᠍ᠷ ᠰᠢᠨᠤᠬᠠᠢ᠂ ᠵᠢᠷᠭᠠᠯ ᠳ᠋ᠤᠷ ᠪᠠᠬᠠᠲᠠᠢ᠂ ᠬᠠᠭᠠᠨ ᠤ᠋ ᠬᠡᠰᠢᠭ ᠢ᠋ ᠶᠠᠭᠤᠨ ᠤ᠋ ᠤᠳᠠᠭᠠᠨ ᠬᠦᠷᠲᠡᠵᠦ ᠴᠢᠳᠠᠬᠤ ?  ᠬᠠᠷᠢᠨ ᠡᠭᠦᠨ ᠦ᠌ ᠬᠥᠪᠡᠭᠦᠨ ᠮᠢᠨᠦ ᠲᠡᠷᠡ ᠨᠢᠯᠬ᠎ᠠ ᠠᠴᠢ ᠬᠠᠷᠢᠨ ᠬᠣᠵᠢᠮ ᠡᠳᠦᠷ ᠬᠠᠭᠠᠨ ᠳ᠋ᠤᠷ ᠬᠦᠴᠦᠨ ᠥᠭᠬᠦ ᠳᠦᠷᠢᠮ ᠪᠣᠢ᠃  ᠨᠠᠮᠠᠶ᠋ᠢ ᠦᠬᠦᠪᠡ ᠭᠡᠮᠡᠨ ᠮᠢᠨᠦ ᠭᠠᠰᠠᠯᠠᠩ ᠳ᠋ᠤᠷ ᠤᠯᠤᠰ ᠤ᠋ᠨ ᠬᠡᠷᠡᠭ ᠢ᠋ ᠰᠠᠭᠠᠲᠠᠵᠤ ᠪᠣᠯᠬᠤ ᠦᠭᠡᠢ᠂ ᠪᠢ ᠡᠨᠡ ᠡᠴᠢᠬᠦᠢ ᠳ᠋ᠦ᠍ᠷ ᠳᠡᠭᠡᠳᠦ ᠡᠵᠡᠨ ᠱᠧᠩ ᠡᠦ ᠬᠤᠸᠠᠩᠳᠢ ᠪᠠ ᠡᠴᠢᠭᠡ ᠲᠠᠢᠰᠢ ᠭᠦᠸᠧ ᠸᠠᠩ ᠳ᠋ᠤᠷ ᠴᠢᠬᠡ ᠬᠠᠨᠳᠤᠵᠤ ᠪᠠᠷᠠᠳᠠᠬᠤ ᠪᠣᠯᠠᠢ ! ᠬᠥᠪᠡᠭᠦᠨ ᠴᠢ ᠮᠢᠨᠦ ᠡᠭᠦᠨ ᠢ᠋ ᠰᠡᠳᠬᠢᠲᠦᠭᠡᠢ ! 》ᠭᠡᠮᠡᠨ ᠡᠪᠦᠷ ᠡᠴᠡ ᠪᠡᠨ ᠨᠢᠭᠡᠨ ᠪᠢᠴᠢᠭ ᠭᠠᠷᠭᠠᠵᠤ ᠡᠷᠬᠢᠯᠡᠭᠰᠡᠨ ᠰᠠᠢᠳ ᠶᠧ ᠯᠢᠦᠢ ᠴᠦ᠍ ᠼᠠᠢ ᠳ᠋ᠤᠷ ᠥᠭᠴᠦ ᠥᠭᠦᠯᠡᠷᠦᠨ : 《ᠮᠡᠷᠭᠡᠨ ᠰᠠᠢᠳ ᠤᠯᠤᠰ ᠤ᠋ᠨ ᠲᠥᠯᠥᠭᠡ ᠬᠦᠴᠦ ᠪᠡᠨ ᠳᠠᠭᠤᠰᠬ᠎ᠠ᠂ ᠮᠢᠨᠦ ᠪᠢᠴᠢᠭ ᠢ᠋ ᠨᠢᠭᠤᠵᠤ ᠬᠠᠳᠠᠭᠠᠯᠠ ! 》 ᠭᠡᠮᠡᠨ ᠥᠭᠭᠦᠭᠡᠳ ᠲᠠᠢᠽᠦ᠋ᠩ ᠬᠠᠭᠠᠨ ᠤ᠋ ᠮᠣᠳᠣᠷ ᠲᠤᠷ ᠮᠥᠷᠭᠥᠨ ᠠᠶᠠᠷᠯᠠᠵᠤ ᠡᠵᠡᠨ ᠦ᠌ ᠡᠮᠦᠨ᠎ᠡ ᠠᠮᠢᠨ ᠶᠠᠳᠠᠪᠠᠢ᠃ ᠬᠠᠷᠠᠬᠠᠨ ᠳᠥᠴᠢᠨ ᠶᠢᠰᠦᠨ ᠰᠡᠭᠦᠳᠡᠷ ᠲᠡᠢ᠃ ᠬᠠᠭᠠᠨ ᠶᠡᠬᠡᠯ᠎ᠡ ᠡᠨᠡᠷᠢᠨ ᠬᠠᠢᠯᠠᠵᠤ᠂ ᠤᠭᠰᠠᠭ᠎ᠠ ᠶ᠋ᠢᠨ ᠳᠥᠷᠪᠡᠨ ᠶᠡᠬᠡ ᠸᠠᠩ ᠳ᠋ᠤᠷ ᠲᠤᠰᠢᠶᠠᠵᠤ᠂ ᠤᠷᠢᠳᠤ ᠤᠯᠤᠰ ᠪᠠᠢᠭᠤᠯᠤᠭᠰᠠᠨ ᠲᠠᠢᠰᠢ ᠭᠦᠸᠧ ᠸᠠᠩ ᠮᠤᠬᠤᠯᠢ ᠶ᠋ᠢᠨ ᠶᠣᠰᠣᠭᠠᠷ ᠭᠠᠰᠠᠯᠠᠩ ᠢ᠋ ᠰᠢᠳᠬᠡᠵᠦ᠂ ᠬᠥᠰᠢᠶ᠎ᠡ ᠡᠷᠭᠦᠮᠵᠢᠯᠡᠯ ᠳ᠋ᠦ᠍ᠷ ᠠᠯᠲᠠᠨ ᠤᠯᠤᠰ ᠢ ᠮᠥᠬᠥᠭᠡᠭᠰᠡᠨ ᠢ ᠲᠡᠷᠢᠭᠦᠨ ᠳ᠋ᠦ᠍ᠷ ᠭᠠᠷᠭ᠎ᠠ᠂ ᠲᠡᠢᠰᠢ ᠪᠤᠯᠤ᠂ ᠮᠡᠬᠦᠰ ᠬᠥᠮᠦᠨ ᠨᠠᠮᠠᠶ᠋ᠢ ᠮᠥᠨ ᠳᠡᠭᠡᠳᠦ ᠬᠠᠭᠠᠨ ᠡᠴᠢᠭᠡ ᠳ᠋ᠦ᠍ᠷ ᠴᠢᠬᠡ ᠬᠠᠨᠳᠤᠨ ᠤᠴᠠᠷᠠᠭᠤᠯᠬᠤ ᠭᠠᠪᠢᠶ᠎ᠠ ᠲᠠᠢ ᠪᠣᠯᠭᠠᠭᠰᠠᠨ ᠪᠥᠯᠥᠭᠡ ᠭᠡᠮᠡᠨ ᠪᠡᠶ᠎ᠡ ᠪᠡᠷ ᠠᠷᠢᠬᠢ ᠲᠣᠰᠤᠭᠠᠨ ᠳᠠᠬᠢᠵᠤ᠂ ᠬᠥᠪᠡᠭᠦᠨ ᠲᠠᠢᠽᠢ ᠬᠦᠨᠳᠦ ᠶ᠋ᠢ ᠶᠠᠰᠤᠨ ᠤ᠋ ᠰᠢᠳᠠᠷ ᠲᠤᠰᠢᠶᠠᠵᠤ᠂ ᠪᠡᠶ᠎ᠡ ᠶ᠋ᠢᠨ ᠲᠥᠯᠥᠭᠡ ᠴᠠᠭ ᠪᠦᠷᠢ ᠠᠷᠢᠬᠢ ᠳᠤᠰᠤᠭᠠᠯᠭᠠᠨ ᠬᠦᠨᠳᠦ ᠪᠡᠷ ᠪᠡᠯᠪᠡᠰᠦᠷᠡᠯ ᠢ᠋ ᠲᠡᠭᠦᠰᠬᠡᠯᠭᠡᠵᠦ᠂ ᠸᠠᠩ ᠤ᠋ᠨ ᠬᠡᠷᠬᠡᠮ ᠪᠠ ᠲᠡᠢᠰᠢ ᠶ᠋ᠢᠨ ᠲᠤᠰᠢᠶᠠᠯ ᠢ᠋ ᠳᠡᠰ ᠲᠣᠭᠣᠰ ᠲᠤᠷ ᠵᠠᠯᠭᠠᠮᠵᠢᠯᠠᠭᠤᠯᠪᠠ᠃ 
       ᠡᠨᠡ ᠵᠠᠪᠰᠠᠷ ᠲᠤᠷ ᠮᠣᠩᠭᠣᠯ ᠤ᠋ᠨ ᠶᠡᠬᠡ ᠶᠤᠸᠠᠨᠱᠤᠸᠠᠢ ᠰᠦᠪᠡᠭᠡᠳᠡᠢ ᠪᠠᠭᠠᠲᠤᠷ ᠠᠯᠲᠠᠨ ᠤᠯᠤᠰ ᠤ᠋ᠨ ᠦᠯᠡᠳᠡᠵᠦ ᠬᠣᠴᠣᠷᠤᠭᠰᠠᠨ ᠬᠣᠲᠠ ᠪᠠᠯᠭᠠᠳ ᠢ᠋ ᠠᠪᠴᠤ ᠬᠤᠷᠢᠶᠠᠮᠵᠢᠯᠠᠨ ᠶᠠᠪᠤᠭᠰᠠᠭᠠᠷ ᠠᠯᠲᠠᠨ ᠤᠯᠤᠰ ᠤ᠋ᠨ ᠦᠯᠡᠳᠡᠭᠰᠡᠨ ᠰᠢᠦᠢ ᠵᠧᠦ ᠬᠣᠲᠠᠨ ᠳ᠋ᠤᠷ ᠬᠥᠷᠥᠭᠰᠡᠨ᠎ᠡ᠂ ᠰᠢᠦᠢ ᠵᠧᠦ ᠶ᠋ᠢ ᠰᠠᠬᠢᠭᠰᠠᠨ ᠠᠯᠲᠠᠨ ᠤᠯᠤᠰ ᠤ᠋ᠨ ᠲᠦᠰᠢᠮᠡᠯ ᠸᠠᠨ ᠶᠠᠨ ᠶᠦᠩ ᠠᠨ ᠭᠠᠷᠴᠤ ᠳᠠᠭᠠᠬᠤ ᠦᠭᠡᠢ ᠳ᠋ᠦ᠍ᠷ ᠬᠣᠲᠠᠨ ᠤ᠋ ᠳᠣᠲᠣᠷᠠᠬᠢ ᠢᠷᠭᠡᠨ ᠡᠰᠡ ᠳᠠᠭᠠᠪᠠᠰᠤ ᠦᠯᠦ ᠪᠣᠯᠬᠤ ᠶ᠋ᠢ ᠮᠡᠳᠡᠵᠦ᠂ ᠳᠠᠷᠤᠢ ᠪᠦᠭᠦᠳᠡᠭᠡᠷ ᠤᠷᠪᠠᠵᠤ ᠬᠠᠭᠠᠯᠭ᠎ᠠ ᠨᠡᠭᠡᠭᠡᠵᠦ ᠭᠠᠷᠴᠤ ᠳᠠᠭᠠᠬᠤᠢ ᠳ᠋ᠤᠷ ᠸᠠᠨ ᠶᠠᠨ ᠶᠦᠩ ᠠᠨ ᠬᠡᠷᠡᠭ ᠰᠢᠬᠠᠮ ᠪᠣᠯᠵᠤ ᠬᠦᠵᠦᠭᠦᠦ ᠪᠡᠨ ᠣᠭᠲᠣᠯᠵᠤ ᠦᠬᠦᠪᠡᠢ᠃ ᠲᠠᠪᠤᠨ ᠰᠠᠷ᠎ᠠ ᠳ᠋ᠤᠷ ᠮᠣᠩᠭᠣᠯ ᠤ᠋ᠨ ᠴᠡᠷᠢᠭ ᠤᠷᠪᠠᠭᠰᠠᠨ ᠵᠠᠩᠵᠤᠨ ᠡᠦ ᠰᠢᠶᠠᠨ ᠢ᠋ ᠪᠠᠢᠯᠳᠤᠵᠤ ᠡᠷᠬᠡᠪᠰᠢ ᠪᠠᠷᠢᠬᠤ ᠦᠭᠡᠢ ᠪᠡᠷ ᠦᠯᠦ ᠵᠣᠭᠰᠣᠮᠤᠢ ᠬᠡᠮᠡᠬᠦᠢ ᠳ᠋ᠦ᠍ᠷ ᠡᠦ ᠰᠢᠶᠠᠨ ᠰᠥᠰᠥ ᠬᠡᠮᠬᠡᠷᠡᠵᠦ᠂ ᠳᠠᠷᠤᠢ ᠦᠯᠡᠳᠡᠭᠰᠡᠨ ᠴᠡᠷᠢᠭ ᠢ᠋ᠶ᠋ᠡᠨ ᠠᠪᠴᠤ ᠱᠧᠨ ᠵᠧᠦ ᠳ᠋ᠦ᠍ᠷ ᠳᠤᠲᠠᠭᠠᠨ ᠡᠴᠢᠭᠰᠡᠨ ᠳ᠋ᠦ᠍ᠷ ᠰᠦᠪᠡᠭᠡᠳᠡᠢ ᠪᠠᠭᠠᠲᠤᠷ ᠱᠠᠯᠠᠮᠠᠭᠠᠢ ᠴᠡᠷᠢᠭ ᠬᠡᠳᠦᠬᠡᠨ ᠵᠠᠭᠤᠨ ᠴᠡᠷᠢᠭ ᠢ᠋ ᠠᠪᠴᠤ ᠡᠳᠦᠷ ᠰᠥᠨᠢ ᠦᠭᠡᠢ ᠨᠡᠬᠡᠵᠦ ᠭᠦᠢᠴᠡᠭᠡᠳ ᠠᠮᠢᠳᠤ ᠪᠠᠷ ᠪᠠᠷᠢᠵᠤ᠂ ᠤᠷᠢᠳᠠ ᠬᠣᠶᠠᠷ ᠬᠥᠯ ᠢ᠋ ᠴᠠᠪᠴᠢᠨ ᠠᠪᠴᠤ ᠳ᠋ᠠᠢᠳᠦ᠋ ᠳ᠋ᠦ᠍ᠷ ᠬᠠᠭᠠᠨ ᠳ᠋ᠤᠷ ᠬᠦᠷᠭᠡᠭᠦᠯᠪᠡ᠃ ᠲᠠᠢᠽᠦ᠋ᠩ ᠬᠠᠭᠠᠨ ᠶᠡᠬᠡᠯ᠎ᠡ ᠪᠠᠶᠠᠷᠯᠠᠵᠤ᠂ ᠣᠯᠠᠨ ᠬᠢᠲᠠᠳ ᠵᠠᠩᠵᠤᠨ ᠪᠠ ᠲᠦᠰᠢᠮᠡᠳ ᠦ᠋ᠨ ᠡᠮᠦᠨ᠎ᠡ ᠮᠢᠩᠭᠠᠨ ᠬᠢᠲᠤᠭ᠎ᠠ ᠪᠠᠷ ᠣᠭᠲᠣᠴᠢᠨ ᠭᠤᠷᠪᠠᠨ ᠤᠯᠤᠰ ᠢ᠋ ᠲᠡᠷᠰᠯᠡᠭᠰᠡᠨ ᠪᠣᠭᠣᠯ ᠭᠡᠮᠡᠨ ᠲᠣᠯᠣᠭᠠᠢ ᠳ᠋ᠤᠷ ᠶᠠᠯ᠎ᠠ ᠲᠣᠭᠠᠴᠢᠭᠰᠠᠨ ᠬᠢᠭᠢᠷᠢ ᠬᠠᠳᠬᠤᠵᠤ᠂ ᠬᠤ᠌ ᠨᠠᠨ᠂ ᠾᠧ ᠪᠧᠢ᠂ ᠱᠠᠨ ᠳ᠋ᠦᠩ᠂ ᠱᠠᠨ ᠰᠢ ᠶ᠋ᠢᠨ ᠵᠡᠷᠭᠡ ᠶᠡᠬᠡ ᠮᠣᠵᠢ ᠨᠤᠭᠤᠳ ᠢ ᠲᠣᠭᠣᠷᠢᠭᠤᠯᠤᠨ ᠶᠠᠪᠤᠭᠤᠯᠪᠠ᠃ 
       ᠲᠡᠳᠦᠢ ᠰᠥᠩ ᠤᠯᠤᠰ ᠤ᠋ᠨ ᠵᠣᠣ ᠹᠠᠨ᠂ ᠵᠣᠣ ᠺᠦᠢ ᠵᠥᠪᠯᠡᠵᠦ᠂ ᠬᠠᠭᠠᠨ ᠰᠥᠩ ᠯᠢᠽᠦ᠋ᠩ ᠵᠣᠣ ᠶᠦᠨ ᠳ᠋ᠦ᠍ᠷ ᠮᠣᠩᠭᠣᠯ ᠳ᠋ᠤᠷ ᠠᠪᠲᠠᠭᠰᠠᠨ ᠭᠤᠷᠪᠠᠨ ᠶᠡᠬᠡ ᠵᠢᠩ ᠪᠠᠯᠭᠠᠰᠤᠨ ᠢ᠋ ᠪᠠᠢᠯᠳᠤᠨ ᠠᠪᠰᠤᠭᠠᠢ ᠬᠡᠮᠡᠬᠦᠢ ᠳ᠋ᠦ᠍ᠷ ᠰᠥᠩ ᠯᠢᠽᠦ᠋ᠩ ᠵᠥᠪᠰᠢᠶᠡᠵᠦ᠂ ᠯᠦ᠍ ᠵᠧᠦ ᠬᠣᠲᠠ ᠶ᠋ᠢᠨ ᠵᠧᠦ ᠶ᠋ᠢᠨ ᠬᠡᠷᠡᠭ ᠢ᠋ ᠮᠡᠳᠡᠭᠡᠴᠢ ᠲᠦᠰᠢᠮᠡᠯ ᠴᠢᠤᠸᠠᠨ ᠽᠢ ᠼᠠᠢ ᠶ᠋ᠢ ᠴᠡᠷᠢᠭ ᠦ᠋ᠨ ᠬᠡᠷᠡᠭ ᠲᠦ᠍ᠷ ᠬᠠᠪᠰᠤᠷᠤᠭᠤᠯᠤᠨ ᠲᠡᠭᠦᠨ ᠳ᠋ᠦ᠍ᠷ ᠨᠢᠭᠡᠨ ᠠᠩᠭᠢ ᠴᠡᠷᠢᠭ ᠥᠭᠴᠦ ᠵᠣᠣ ᠹᠠᠨ᠂ ᠵᠣᠣ ᠺᠦᠢ ᠳ᠋ᠦ᠍ᠷ ᠳᠠᠭᠠᠭᠤᠯᠤᠨ ᠠᠯᠲᠠᠨ ᠤᠯᠤᠰ ᠤ᠋ᠨ ᠠᠪᠲᠠᠭᠳᠠᠭᠰᠠᠨ ᠪᠢᠶᠠᠨ ᠵᠢᠩ ᠪᠠᠯᠭᠠᠰᠤᠨ ᠢ᠋ ᠠᠪᠤᠷ᠎ᠠ ᠢᠯᠡᠭᠡᠪᠡ᠃ ᠡᠨᠡ ᠬᠢᠷᠢ ᠳ᠋ᠦ᠍ᠷ ᠼᠦᠢ ᠯᠢ ᠣᠯᠠᠨ ᠢᠷᠭᠡᠨ ᠢ᠋ ᠬᠠᠮᠠᠭᠠᠯᠠᠨ ᠭᠠᠷᠭᠠᠵᠤ᠂ ᠪᠢᠶᠠᠨ ᠵᠢᠩ ᠬᠣᠲᠠᠨ ᠢ ᠰᠠᠬᠢᠵᠤ᠂ ᠮᠣᠩᠭᠣᠯ ᠤ᠋ᠨ ᠬᠠᠭᠠᠨ ᠳ᠋ᠤᠷ ᠠᠢᠯᠠᠳᠬᠠᠨ ᠳᠥᠷᠪᠡᠨ ᠵᠦᠭ ᠦ᠋ᠨ ᠹᠦ᠂ ᠵᠧᠦ᠂ ᠰᠢᠶᠠᠨ ᠠ᠋ᠴᠠ ᠠᠮᠤ ᠲᠤᠰᠠᠯᠠᠭᠤᠯᠤᠨ ᠪᠢᠶᠠᠨ ᠯᠢᠶᠠᠩ ᠴᠧᠩ ᠬᠣᠲᠠᠨ ᠤ᠋ ᠣᠯᠠᠨ ᠢ ᠲᠡᠵᠢᠭᠡᠨ ᠠᠷᠠᠢ ᠲᠡᠩᠬᠡᠷᠡᠭᠦᠯᠦᠨ ᠪᠠᠬᠠᠨ ᠴᠠᠳᠬᠤᠯᠠᠩ ᠪᠣᠯᠭᠠᠲᠠᠯ᠎ᠠ ᠭᠡᠨᠡᠳᠲᠡ ᠰᠥᠩ ᠤᠯᠤᠰ ᠬᠤᠯᠠᠭᠤᠨ ᠪᠠᠢᠯᠳᠤᠷ᠎ᠠ ᠢᠷᠡᠭᠰᠡᠨ ᠢ᠋ ᠰᠣᠨᠣᠰᠴᠤ ᠬᠠᠷᠠᠬᠠᠨ ᠬᠣᠲᠠ ᠶ᠋ᠢᠨ ᠣᠯᠠᠨ ᠲᠦᠰᠢᠮᠡᠯ ᠴᠡᠷᠢᠭ ᠢ᠋ ᠴᠤᠭᠯᠠᠭᠤᠯᠤᠨ ᠬᠠᠭᠠᠯᠭ᠎ᠠ ᠶ᠋ᠢ ᠳᠠᠷᠤᠵᠤ᠂ ᠠᠰᠠᠷ ᠲᠤᠷ ᠭᠠᠷᠴᠤ ᠶᠠᠭᠤᠨ ᠳ᠋ᠤᠷ ᠮᠣᠩᠭᠣᠯ ᠠ᠋ᠴᠠ ᠤᠷᠪᠠᠪᠠ ? ᠲᠡᠭᠷᠢ ᠶ᠋ᠢᠨ ᠴᠠᠭ ᠬᠡᠷᠬᠢᠪᠡᠴᠦ ᠮᠣᠩᠭᠣᠯ ᠠ᠋ᠴᠠ ᠭᠠᠷᠴᠤ ᠴᠢᠳᠠᠬᠤ ᠦᠭᠡᠢ ᠤᠴᠢᠷ ᠢ᠋ ᠬᠡᠯᠡᠬᠦᠢ ᠳ᠋ᠦ᠍ᠷ ᠵᠣᠣ ᠹᠠᠨ ᠂ ᠵᠣᠣ ᠺᠦᠢ ᠬᠡᠳᠦᠢᠨᠡᠢ ᠪᠢᠶᠠᠨ ᠯᠢᠶᠠᠩ ᠴᠧᠩ ᠬᠣᠲᠠᠨ ᠤ᠋ ᠠᠯᠲᠠᠨ ᠤᠯᠤᠰ ᠤ᠋ᠨ ᠬᠠᠭᠤᠴᠢᠨ ᠤ᠋ ᠲᠦᠰᠢᠮᠡᠯ ᠯᠢ ᠪᠦᠸᠧ ᠶᠤᠸᠠᠨ ᠯᠤᠭ᠎ᠠ ᠳᠣᠲᠣᠭᠠᠳᠤ ᠵᠥᠪᠯᠡᠨ ᠲᠣᠭᠲᠠᠭᠰᠠᠨ ᠲᠤᠯᠠ ᠭᠠᠳᠠᠨ᠎ᠠ ᠰᠥᠩ ᠤᠯᠤᠰ ᠤ᠋ᠨ ᠵᠣᠣ ᠹᠠᠨ ᠶᠡᠬᠡ ᠳᠠᠭᠤᠨ ᠢ᠋ᠶ᠋ᠠᠷ ᠬᠠᠷᠢᠶᠠᠨ :《ᠤᠯᠤᠰ ᠢ᠋ᠶ᠋ᠠᠨ ᠬᠤᠳᠠᠯᠳᠤᠭᠰᠠᠨ ᠪᠣᠭᠣᠯ ᠢ᠋ ᠲᠦᠷᠭᠡᠨ᠎ᠡ ᠠᠯᠠ ᠬᠡᠮᠡᠲᠡᠯ᠎ᠡ ᠬᠣᠢᠨ᠎ᠠ ᠠ᠋ᠴᠠ ᠯᠢ ᠪᠦᠸᠧ ᠶᠤᠸᠠᠨ᠂ ᠼᠦᠢ ᠯᠢ ᠶ᠋ᠢᠨ ᠲᠣᠯᠣᠭᠠᠢ ᠶ᠋ᠢ ᠲᠠᠰᠤ ᠴᠠᠪᠴᠢᠨ ᠠᠪᠤᠭᠠᠳ ᠪᠢᠶᠠᠨ ᠯᠢᠶᠠᠩ ᠴᠧᠩ ᠦ᠋ᠨ ᠣᠯᠠᠨ ᠢ᠋ ᠠᠪᠴᠤ ᠰᠥᠩ ᠤᠯᠤᠰ ᠲᠤᠷ ᠳᠠᠭᠠᠭᠰᠠᠨ ᠳ᠋ᠤᠷ ᠰᠥᠩ ᠤᠯᠤᠰ ᠤ᠋ᠨ ᠪᠠᠷᠠᠭᠤᠨ ᠭᠠᠷᠤᠨ ᠶᠤᠸᠠᠨᠱᠤᠸᠠᠢ ᠰᠢᠦᠢ ᠮᠢᠨ ᠽᠢ ᠶ᠋ᠢᠨ ᠨᠢᠭᠡᠨ ᠠᠩᠭᠢ ᠴᠡᠷᠢᠭ ᠮᠣᠩᠭᠣᠯ ᠳ᠋ᠤᠷ ᠠᠪᠲᠠᠭᠰᠠᠨ ᠬᠣᠭᠣᠰᠣᠨ ᠯᠦᠸᠧ ᠶᠠᠩ ᠬᠣᠲᠠᠨ ᠢ᠋ ᠠᠪᠤᠭᠰᠠᠨ᠎ᠠ᠂ ᠬᠣᠲᠠᠨ ᠳ᠋ᠤᠷ ᠣᠷᠣᠪᠠᠰᠤ ᠥᠴᠦᠬᠡᠨ ᠴᠦ᠍ ᠠᠮᠤ ᠦᠭᠡᠢ ᠲᠤᠯᠠ ᠰᠢᠦᠢ ᠮᠢᠨ ᠽᠢ ᠶᠡᠬᠡᠯ᠎ᠡ ᠰᠣᠴᠢᠵᠤ ᠶᠠᠭᠠᠷᠠᠨ ᠲᠠᠯ᠎ᠠ ᠶ᠋ᠢᠨ ᠰᠤᠢᠬ᠎ᠠ ᠰᠢᠷᠠᠯᠵᠢ ᠶ᠋ᠢ ᠠᠮᠤ ᠶ᠋ᠢᠨ ᠭᠤᠯᠢᠷ ᠯᠤᠭ᠎ᠠ ᠬᠣᠯᠢᠵᠤ ᠴᠡᠷᠢᠭ ᠲᠦ᠍ᠷ ᠢᠳᠡᠭᠦᠯᠦᠨ᠂ ᠳᠣᠣᠷᠠᠲᠤ ᠵᠠᠩᠵᠤᠨ ᠵᠠᠩ ᠢ ᠶ᠋ᠢ ᠬᠣᠲᠠᠨ ᠤ᠋ ᠭᠠᠳᠠᠨ᠎ᠠ ᠵᠡᠭᠦᠨ ᠡᠲᠡᠭᠡᠳ ᠭᠤᠴᠢᠨ ᠭᠠᠵᠠᠷ ᠤ᠋ᠨ ᠦᠵᠦᠭᠦᠷ ᠬᠦᠷᠢᠶ᠎ᠡ ᠪᠠᠭᠤᠯᠭᠠᠨ ᠬᠠᠷᠠᠬᠠᠨ ᠮᠣᠩᠭᠣᠯ ᠤ᠋ᠨ ᠴᠡᠷᠢᠭ ᠢ᠋ ᠬᠦᠯᠢᠶᠡᠨ ᠰᠡᠷᠭᠡᠢᠯᠡᠬᠦᠢ ᠳ᠋ᠦ᠍ᠷ ᠡᠨᠡ ᠲᠤᠬᠠᠢ ᠮᠣᠩᠭᠣᠯ ᠤ᠋ᠨ ᠶᠤᠸᠠᠨᠱᠤᠸᠠᠢ ᠰᠦᠪᠡᠭᠡᠳᠡᠢ ᠪᠠᠭᠠᠲᠤᠷ᠂ ᠲᠠᠪᠤᠨᠠᠩ ᠨᠠᠨᠰᠠᠷ ᠬᠡᠳᠦᠢᠨᠡᠢ ᠰᠣᠨᠣᠰᠴᠤ ᠰᠦᠪᠡᠭᠡᠳᠡᠢ ᠪᠠᠭᠠᠲᠤᠷ ᠲᠠᠪᠤᠨᠠᠩ ᠨᠠᠨᠰᠠᠷ ᠲᠤᠷ ᠥᠭᠦᠯᠡᠷᠦᠨ : 《ᠰᠥᠩ ᠤᠯᠤᠰ ᠢ᠋ ᠬᠠᠷᠠᠬᠠᠨ ᠳᠠᠢᠯᠠᠬᠤ ᠰᠡᠪ ᠣᠯᠬᠤ ᠦᠭᠡᠢ ᠪᠦᠬᠦᠢ ᠳ᠋ᠦ᠍ᠷ ᠡᠳᠡ ᠬᠠᠷᠢᠨ ᠥᠪᠡᠷ ᠢ᠋ᠶ᠋ᠡᠨ ᠬᠠᠯᠳᠠᠷ᠎ᠠ ᠢᠷᠡᠪᠡ᠂ ᠯᠠᠪ ᠲᠡᠭᠷᠢ ᠶ᠋ᠢᠨ ᠰᠠᠨᠠᠭᠠᠨ ᠮᠠᠭᠠᠳ ᠳᠠᠷᠤᠭᠳᠠᠮᠤᠢ᠂ ᠶᠠᠭᠤᠨ ?  ᠬᠡᠮᠡᠪᠡᠰᠦ : ᠪᠢᠶᠠᠨ ᠵᠢᠩ᠂ ᠯᠦᠸᠧ ᠶᠠᠩ ᠴᠥᠮ ᠬᠣᠭᠣᠰᠣᠨ ᠬᠣᠲᠠ᠂ ᠪᠢ ᠤᠭ ᠠ᠋ᠴᠠ ᠮᠥᠨ ᠪᠣᠯᠭᠣᠮᠵᠢᠯᠠᠵᠤ ᠲᠡᠨᠳᠡ ᠰᠠᠩ ᠤ᠋ᠨ ᠠᠮᠤ ᠶ᠋ᠢ ᠡᠰᠡ ᠴᠤᠭᠯᠠᠭᠤᠯᠪᠠ᠃ ᠡᠳᠦᠭᠡ ᠴᠢ ᠳᠠᠷᠤᠢ ᠡᠨᠡ ᠲᠠᠷᠢᠶ᠎ᠠ ᠡᠪᠡᠰᠦ ᠥᠨᠳᠥᠷ ᠦᠶ᠎ᠡ ᠳ᠋ᠦ᠍ᠷ ᠵᠠᠪᠳᠤᠵᠤ᠂ ᠯᠦᠸᠧ ᠶᠠᠩ ᠤ᠋ᠨ ᠵᠡᠭᠦᠨ ᠪᠡᠶ᠎ᠡ ᠶ᠋ᠢᠨ ᠶᠡᠬᠡ ᠠᠭᠤᠯᠠᠨ ᠢ᠋ ᠳᠠᠪᠠᠨ ᠭᠠᠷᠴᠤ ᠥᠨᠳᠥᠷ ᠲᠦᠯᠡᠭᠡ ᠳ᠋ᠦ᠍ᠷ ᠴᠡᠷᠢᠭ ᠢ᠋ ᠨᠢᠭᠤ᠂ ᠲᠡᠷᠡ ᠯᠠᠪ ᠮᠠᠨ ᠢ᠋ ᠵᠡᠭᠦᠨ ᠡᠲᠡᠭᠡᠳ ᠢ᠋ᠶ᠋ᠡᠷ ᠢᠷᠡᠮᠦᠢ ᠭᠡᠮᠡᠨ ᠰᠡᠵᠢᠭᠯᠡᠵᠦ ᠶᠠᠭᠠᠷᠠᠨ ᠴᠡᠷᠢᠭ ᠰᠠᠬᠢᠮᠤᠢ᠂ ᠴᠢ ᠲᠡᠭᠦᠨ ᠢ᠋ ᠬᠤᠯᠠᠭᠤᠨ ᠭᠠᠷᠴᠤ ᠪᠠᠢᠯᠳᠤᠵᠤ ᠳᠠᠷᠤ᠂ ᠪᠢ ᠨᠢᠭᠡᠨ ᠠᠩᠭᠢ ᠴᠡᠷᠢᠭ ᠠᠪᠴᠤ ᠪᠢᠶᠠᠨ ᠯᠢᠶᠠᠩ ᠴᠧᠩ ᠢ᠋ ᠠᠪᠤᠷ᠎ᠠ ᠡᠴᠢᠶ᠎ᠡ᠂ ᠪᠢᠶᠠᠨ ᠯᠢᠶᠠᠩ ᠤ᠋ᠨ ᠢᠷᠭᠡᠨ ᠠᠩᠬ᠎ᠠ ᠠ᠋ᠴᠠ ᠬᠠᠭᠠᠭᠳᠠᠵᠤ ᠨᠢᠭᠡᠨᠲᠡ ᠮᠣᠬᠣᠭᠰᠠᠨ ᠲᠤᠯᠠ ᠡᠨᠡ ᠤᠳᠠᠭ᠎ᠠ ᠯᠠᠪ ᠰᠥᠩ ᠤᠯᠤᠰ ᠲᠤᠷ ᠦᠯᠦ ᠳᠠᠭᠠᠮᠤᠢ᠃ 》ᠭᠡᠮᠡᠨ ᠴᠡᠷᠢᠭ ᠢ᠋ ᠬᠣᠶᠠᠷ ᠠᠩᠭᠢ ᠬᠤᠪᠢᠶᠠᠵᠤ᠂ ᠳᠠᠷᠤᠢ ᠬᠤᠯᠠᠭᠤᠨ ᠰᠥᠨᠢ ᠳᠣᠪᠲᠣᠯᠵᠤ ᠬᠣᠶᠠᠷ ᠳᠠᠰᠢ ᠡᠴᠢᠪᠡ᠃ 
       ᠲᠡᠳᠦᠢ ᠨᠠᠨᠰᠠᠷ ᠠᠷᠭ᠎ᠠ ᠶ᠋ᠢ ᠳᠠᠭᠠᠵᠤ᠂ ᠯᠦᠸᠧ ᠶᠠᠩ ᠤ᠋ᠨ ᠵᠡᠭᠦᠨᠲᠡ ᠶᠡᠬᠡ ᠰᠢᠭᠤᠢ ᠳ᠋ᠤᠷ ᠪᠦᠭᠭᠦᠵᠦ ᠪᠠᠢᠲᠠᠯ᠎ᠠ ᠦᠨᠡᠬᠡᠷ ᠰᠥᠩ ᠤᠯᠤᠰ ᠤ᠋ᠨ ᠴᠡᠷᠢᠭ ᠵᠠᠩ ᠢ ᠲᠡᠷᠢᠭᠦᠯᠡᠨ ᠲᠡᠷᠡ ᠳᠠᠪᠠᠭᠠᠨ ᠳ᠋ᠤᠷ ᠢᠷᠡᠵᠦ ᠰᠠᠶᠢ ᠪᠤᠳᠠᠭ᠎ᠠ ᠢᠳᠡᠰᠦᠭᠡᠢ ᠬᠡᠮᠡᠲᠡᠯ᠎ᠡ ᠮᠣᠩᠭᠣᠯ ᠤ᠋ᠨ ᠨᠠᠨᠰᠠᠷ ᠤ᠋ᠨ ᠶᠡᠬᠡ ᠴᠡᠷᠢᠭ ᠭᠡᠨᠡᠳᠲᠡ ᠴᠣᠬᠢᠨ ᠭᠠᠷᠴᠤ ᠬᠠᠭᠠᠵᠤ ᠠᠯᠠᠭᠰᠠᠨ ᠳ᠋ᠤᠷ ᠰᠥᠩ ᠤᠯᠤᠰ ᠤ᠋ᠨ ᠴᠡᠷᠢᠭ ᠰᠥᠰᠥ ᠬᠡᠮᠬᠡᠷᠡᠨ ᠤᠬᠠᠭᠠᠨ ᠠᠯᠳᠠᠵᠤ᠂ ᠶᠡᠬᠡᠯ᠎ᠡ ᠠᠶᠤᠵᠤ ᠪᠠᠢᠯᠳᠤᠭᠰᠠᠨ ᠦᠭᠡᠢ ᠪᠡᠷ ᠳᠠᠷᠤᠭᠳᠠᠵᠤ ᠴᠥᠮ ᠠᠪᠲᠠᠭᠠᠳ ᠵᠠᠩ ᠢ ᠰᠤᠯᠠ ᠴᠡᠷᠢᠭ ᠦ᠋ᠨ ᠶᠠᠩᠵᠤ ᠪᠠᠷ ᠴᠢᠮᠡᠵᠦ ᠭᠠᠭᠴᠠᠭᠠᠷ ᠬᠣᠲᠠ ᠶ᠋ᠢᠨ ᠵᠦᠭ ᠳᠤᠲᠠᠭᠠᠬᠤᠢ ᠳ᠋ᠤᠷ ᠪᠠᠷᠠᠭᠤᠨ ᠡᠲᠡᠭᠡᠳ ᠡᠴᠡ ᠭᠡᠨᠡᠳᠲᠡ ᠨᠢᠭᠡᠨ ᠤᠯᠠᠭᠠᠨ ᠰᠢᠭᠦᠷ ᠡᠷᠭᠦᠭᠰᠡᠨ ᠳ᠋ᠦ᠍ᠷ ᠶᠡᠬᠡᠯ᠎ᠡ ᠠᠶᠤᠵᠤ᠂ ᠪᠠᠰᠠ ᠡᠮᠦᠨ᠎ᠡ ᠵᠦᠭ ᠳᠤᠲᠠᠭᠠᠨ ᠶᠠᠪᠤᠬᠤᠢ ᠳ᠋ᠤᠷ ᠡᠨᠡ ᠦᠶ᠎ᠡ ᠳ᠋ᠦ᠍ᠷ ᠰᠥᠩ ᠤᠯᠤᠰ ᠤ᠋ᠨ ᠦᠯᠡᠳᠡᠭᠰᠡᠨ ᠴᠡᠷᠢᠭ ᠯᠦᠸᠧ ᠶᠠᠩ ᠤ᠋ᠨ ᠤᠰᠤᠨ ᠳ᠋ᠤᠷ ᠤᠨᠠᠵᠤ ᠦᠬᠦᠭᠰᠡᠨ ᠢᠨᠦ ᠲᠣᠭᠠᠯᠠᠵᠤ ᠪᠠᠷᠠᠬᠤ ᠦᠭᠡᠢ᠃ ᠵᠠᠩ ᠢ ᠭᠠᠭᠴᠠᠭᠠᠷ ᠵᠠᠮ ᠡᠨᠳᠡᠭᠦᠯᠦᠨ ᠳᠤᠲᠠᠭᠠᠨ ᠭᠠᠷᠴᠤ ᠪᠤᠲᠠᠷᠠᠵᠤ ᠢᠷᠡᠭᠰᠡᠨ ᠬᠢᠲᠠᠳ ᠴᠡᠷᠢᠭ ᠯᠦ᠍ᠭᠡ ᠪᠡᠨ ᠬᠣᠲᠠᠨ ᠳ᠋ᠤᠷ ᠣᠷᠣᠵᠤ ᠴᠢᠳᠠᠬᠤ ᠦᠭᠡᠢ ᠤᠯᠤᠰ ᠤ᠋ᠨ ᠵᠦᠭ ᠪᠤᠷᠤᠭᠤᠯᠠᠪᠠ᠃ ᠦᠵᠡᠰᠡ ᠬᠢᠲᠠᠳ ᠴᠡᠷᠢᠭ ᠴᠥᠮ ᠯᠦᠸᠧ ᠶᠠᠩ ᠳ᠋ᠤᠷ ᠰᠥᠨᠢ ᠪᠡᠷ ᠣᠷᠣᠵᠤ᠂ ᠵᠠᠩ ᠢ ᠶ᠋ᠢᠨ ᠴᠡᠷᠢᠭ ᠡᠭᠡᠭᠰᠡᠨ ᠤᠳᠠᠭ᠎ᠠ ᠳ᠋ᠤᠷ ᠳᠠᠷᠤᠢ ᠳᠠᠷᠤᠭᠳᠠᠵᠤ ᠪᠤᠲᠠᠷᠠᠭᠠᠳ ᠵᠠᠩ ᠢ ᠣᠷᠣᠨ ᠦᠭᠡᠢ ᠪᠣᠯᠵᠤ ᠮᠣᠩᠭᠣᠯ ᠤ᠋ᠨ ᠴᠡᠷᠢᠭ ᠶᠡᠬᠡ ᠮᠥᠷᠡᠨ ᠤ ᠬᠣᠢᠲᠤ ᠬᠥᠪᠡᠭᠡ ᠶ᠋ᠢ ᠡᠵᠡᠯᠡᠪᠡ ᠬᠡᠮᠡᠭᠰᠡᠨ ᠳ᠋ᠦ᠍ᠷ ᠯᠦᠸᠧ ᠶᠠᠩ ᠤ᠋ᠨ ᠴᠡᠷᠢᠭ ᠶᠡᠬᠡᠯ᠎ᠡ ᠠᠶᠤᠯᠳᠤᠵᠤ ᠪᠠᠢᠯᠳᠤᠬᠤ ᠰᠡᠳᠬᠢᠯ ᠦᠭᠡᠢ ᠪᠣᠯᠪᠠ᠃ ᠳᠠᠭᠠᠯᠳᠤᠭ᠎ᠠ ᠨᠠᠢ᠍ᠮᠠᠨ ᠰᠠᠷ᠎ᠠ ᠶ᠋ᠢᠨ ᠰᠢᠨ᠎ᠡ ᠶ᠋ᠢᠨ ᠨᠢᠭᠡᠨ᠎ᠡ ᠮᠣᠩᠭᠣᠯ ᠤ᠋ᠨ ᠴᠡᠷᠢᠭ ᠳᠠᠷᠤᠢ ᠢᠷᠡᠵᠦ ᠯᠦᠸᠧ ᠶᠠᠩ ᠢ᠋ ᠬᠠᠭᠠᠵᠤ ᠠᠪᠤᠭᠰᠠᠨ ᠳ᠋ᠤᠷ ᠰᠢᠦᠢ ᠮᠢᠨ ᠽᠢ ᠨᠢᠭᠡᠨᠲᠡ ᠴᠢᠬᠤᠯᠳᠠᠵᠤ ᠠᠮᠢ ᠪᠠᠨ ᠲᠡᠪᠴᠢᠨ ᠬᠢᠲᠠᠳ ᠴᠡᠷᠢᠭ ᠢ᠋ ᠠᠪᠴᠤ ᠨᠢᠭᠡᠨ ᠵᠡᠷᠭᠡ ᠪᠠᠢᠯᠳᠤᠵᠤ ᠬᠡᠳᠦᠢ ᠳᠡᠢᠯᠬᠦ ᠳᠡᠢᠯᠦᠭᠳᠡᠬᠦ ᠢᠯᠭᠠᠷᠠᠭᠰᠠᠨ ᠦᠭᠡᠢ ᠪᠣᠯᠪᠠᠴᠤ ᠬᠣᠲᠠᠨ ᠤ᠋ ᠳᠣᠲᠣᠷ᠎ᠠ ᠡᠭᠡᠨᠡᠭᠲᠡ ᠢᠳᠡᠰᠢ ᠲᠠᠰᠤᠷᠠᠭᠰᠠᠨ ᠳ᠋ᠤᠷ ᠣᠯᠠᠨ ᠴᠡᠷᠢᠭ ᠮᠣᠷᠢ ᠪᠠᠨ ᠠᠯᠠᠵᠤ ᠢᠳᠡᠬᠦᠢ ᠳ᠋ᠦ᠍ᠷ ᠰᠢᠦᠢ ᠮᠢᠨ ᠽᠢ ᠬᠣᠲᠠᠨ ᠢ᠋ ᠰᠠᠬᠢᠵᠤ ᠴᠢᠳᠠᠬᠤ ᠦᠭᠡᠢ ᠪᠡᠨ ᠮᠡᠳᠡᠵᠦ ᠳᠠᠷᠤᠢ ᠰᠥᠨᠢ ᠪᠡᠷ ᠪᠠᠷᠠᠭᠤᠨ ᠬᠠᠭᠠᠯᠭ᠎ᠠ ᠪᠠᠷ ᠳᠤᠲᠠᠭᠠᠨ ᠭᠠᠷᠬᠤᠢ ᠳ᠋ᠤᠷ ᠮᠣᠩᠭᠣᠯ ᠤ᠋ᠨ ᠨᠠᠨᠰᠠᠷ ᠬᠡᠳᠦᠢᠨᠡᠢ ᠵᠠᠮ ᠲᠣᠰᠴᠤ ᠴᠡᠷᠢᠭ ᠪᠦᠭᠭᠦᠭᠰᠡᠨ ᠲᠤᠯᠠ ᠰᠥᠩ ᠤᠯᠤᠰ ᠤ᠋ᠨ ᠴᠡᠷᠢᠭ ᠶᠡᠬᠡ ᠬᠠᠭᠠᠰ ᠠᠪᠲᠠᠵᠤ ᠪᠠᠭ᠎ᠠ ᠬᠠᠭᠠᠰ ᠰᠢᠷᠠᠭᠲᠤᠨ᠂ ᠰᠢᠦᠢ ᠮᠢᠨ ᠽᠢ ᠪᠡᠶ᠎ᠡ ᠳ᠋ᠦ᠍ᠷ ᠬᠡᠳᠦ ᠬᠡᠳᠦᠨ ᠰᠢᠷᠬ᠎ᠠ ᠣᠯᠵᠤ ᠪᠤᠲᠠᠷᠠᠭᠰᠠᠨ ᠴᠡᠷᠢᠭ ᠢ᠋ᠶ᠋ᠡᠨ ᠠᠪᠴᠤ ᠤᠯᠤᠰ ᠲᠠᠭᠠᠨ ᠪᠤᠷᠤᠭᠤᠯᠠᠪᠠ᠃ ᠨᠠᠨᠰᠠᠷ ᠯᠦᠸᠧ ᠶᠠᠩ ᠢ᠋ ᠳᠠᠬᠢᠨ ᠲᠣᠭᠲᠠᠭᠠᠵᠤ᠂ ᠢᠷᠭᠡᠨ ᠳ᠋ᠦ᠍ᠷ ᠠᠮᠤ ᠲᠦᠭᠡᠭᠡᠯᠭᠡᠨ ᠣᠯᠠᠨ ᠢᠷᠭᠡᠨ ᠳ᠋ᠦ᠍ᠷ ᠲᠡᠭᠷᠢ ᠶ᠋ᠢᠨ ᠴᠠᠭ ᠢ᠋ ᠲᠣᠭᠠᠴᠢᠨ ᠬᠡᠯᠡᠵᠦ ᠲᠡᠳᠡᠨ ᠦ᠌ ᠰᠡᠳᠬᠢᠯ ᠢ᠋ ᠰᠢᠭᠤᠳᠤᠭᠤᠯᠪᠠ᠃ ᠪᠢᠶᠠᠨ ᠵᠢᠩ ᠦ᠋ᠨ ᠴᠡᠷᠢᠭ ᠢᠷᠭᠡᠨ ᠱᠢ ᠽᠦᠩ ᡁᠢ ᠶ᠋ᠢᠨ ᠬᠦᠷᠭᠡᠵᠦ ᠢᠷᠡᠬᠦ ᠠᠮᠤ ᠡᠪᠡᠰᠦ ᠳ᠋ᠦ᠍ᠷ ᠢᠲᠡᠭᠡᠵᠦ ᠪᠥᠬᠥᠶ᠎ᠡ᠂ ᠡᠨᠡ ᠦᠶ᠎ᠡ ᠶᠡᠬᠡ ᠶᠤᠸᠠᠨᠱᠤᠸᠠᠢ ᠰᠦᠪᠡᠭᠡᠳᠡᠢ ᠪᠠᠭᠠᠲᠤᠷ ᠤ᠋ᠨ ᠴᠡᠷᠢᠭ ᠬᠡᠳᠦᠢᠨᠡᠢ ᠪᠢᠶᠠᠨ ᠵᠢᠩ ᠳ᠋ᠦ᠍ᠷ ᠬᠦᠷᠴᠦ ᠭᠡᠨᠡᠳᠲᠡ ᠶᠡᠬᠡ ᠬᠡᠩᠭᠡᠷᠭᠡ ᠴᠣᠬᠢᠵᠤ ᠪᠢᠶᠠᠨ ᠵᠢᠩ ᠢ᠋ ᠤᠭ ᠠᠪᠤᠭᠰᠠᠨ ᠰᠦᠪᠡᠭᠡᠳᠡᠢ ᠶᠡᠬᠡ ᠪᠠᠭᠠᠲᠤᠷ ᠬᠦᠷᠴᠦ ᠢᠷᠡᠭᠡᠳ ᠬᠣᠲᠠᠨ ᠢ᠋ ᠭᠤᠷᠪᠠᠨ ᠳᠠᠪᠬᠤᠷ ᠪᠦᠰᠡᠯᠡᠵᠦ ᠵᠢᠷᠤᠮ ᠤ᠋ᠨ ᠬᠥᠪᠡᠭᠦᠨ ᠼᠦᠢ ᠯᠢ ᠶ᠋ᠢ ᠠᠯᠠᠭᠰᠠᠨ ᠬᠥᠮᠦᠨ ᠢ᠋ ᠤᠷᠢᠳᠠ ᠭᠠᠷᠭ᠎ᠠ ᠭᠡᠮᠡᠨ ᠪᠠᠷᠬᠢᠷᠠᠭᠤᠯᠤᠭᠰᠠᠨ ᠳ᠋ᠤᠷ ᠪᠢᠶᠠᠨ ᠵᠢᠩ ᠦ᠋ᠨ ᠵᠠᠭᠤᠨ ᠣᠪᠣᠭᠲᠠᠨ ᠶᠡᠬᠡᠯ᠎ᠡ ᠭᠠᠰᠢᠭᠤᠳᠠᠨ ᠲᠡᠭᠷᠢ ᠶ᠋ᠢ ᠳᠠᠭᠤᠳᠠᠨ ᠤᠬᠢᠯᠠᠯᠴᠠᠨ ᠦᠢᠮᠡᠯᠳᠦᠬᠦ ᠢᠨᠦ᠂ ᠮᠠᠨ ᠤ᠋ ᠤᠷᠢᠳᠤ ᠶ᠋ᠢᠨ ᠡᠵᠡᠨ ᠪᠡᠶ᠎ᠡ ᠪᠡᠷ ᠪᠠᠢᠵᠤ ᠬᠠᠮᠠᠭᠠᠯᠠᠨ ᠡᠰᠡ ᠴᠢᠳᠠᠵᠤ᠂ ᠵᠠᠭᠤᠨ ᠣᠪᠣᠭᠲᠠᠨ ᠤ᠋ ᠪᠠᠭ᠎ᠠ ᠬᠠᠭᠠᠰ ᠥᠯᠪᠡᠷᠦᠨ᠂ ᠪᠠᠭ᠎ᠠ ᠬᠠᠭᠠᠰ ᠢ᠋ ᠠᠯᠠᠭᠠᠳ ᠲᠡᠭᠷᠢ ᠶ᠋ᠢᠨ ᠴᠠᠭ ᠤ᠋ᠨ ᠶᠣᠰᠣᠭᠠᠷ ᠮᠣᠩᠭᠣᠯ ᠳ᠋ᠤᠷ ᠳᠠᠭᠠᠵᠤ ᠰᠠᠶᠢ ᠪᠠᠬᠠᠨ ᠠᠮᠢᠳᠤᠷᠠᠯ ᠢ᠋ ᠣᠯᠲᠠᠯ᠎ᠠ ᠬᠠᠷᠭᠢᠰ ᠪᠣᠭᠣᠯ ᠲᠡᠭᠷᠢ ᠶ᠋ᠢ ᠰᠦᠷᠴᠦ ᠤᠷᠪᠠᠭᠠᠳ ᠤᠷᠢᠳᠤ ᠵᠢᠯ ᠦ᠋ᠨ ᠵᠣᠪᠠᠯᠠᠩ ᠢ ᠪᠠᠰᠠ ᠢᠷᠡᠭᠦᠯᠪᠡ ᠭᠡᠮᠡᠨ ᠣᠯᠠᠨ ᠢᠷᠭᠡᠨ ᠤᠷᠢᠳᠠ ᠢᠷᠡᠵᠦ ᠯᠢ ᠪᠦᠸᠧ ᠶᠤᠸᠠᠨ ᠢ᠋ ᠪᠠᠷᠢᠭᠰᠠᠨ ᠳ᠋ᠤᠷ ᠰᠥᠩ ᠤᠯᠤᠰ ᠤ᠋ᠨ ᠵᠣᠣ ᠺᠦᠢ᠂ ᠴᠢᠤᠸᠠᠨ ᠽᠢ ᠼᠠᠢ ᠨᠠᠷ ᠶᠡᠬᠡᠯ᠎ᠡ ᠰᠣᠴᠢᠵᠤ ᠵᠥᠪᠯᠡᠨ ᠥᠭᠦᠯᠡᠷᠦᠨ :《ᠪᠢᠳᠡ ᠪᠢᠶᠠᠨ ᠵᠢᠩ ᠢ᠋ ᠠᠪᠤᠭᠰᠠᠨ ᠠᠨᠤ ᠱᠢ ᠽᠦᠩ ᡁᠢ ᠶ᠋ᠢᠨ ᠬᠦᠷᠭᠡᠵᠦ ᠢᠷᠡᠬᠦ ᠠᠮᠤ ᠳ᠋ᠤᠷ ᠢᠲᠡᠭᠡᠭᠰᠡᠨ ᠪᠥᠯᠥᠭᠡ᠂ ᠡᠳᠦᠭᠡ ᠱᠢ ᠽᠦᠩ ᡁᠢ ᠮᠥᠨ ᠢᠷᠡᠬᠦ ᠦᠭᠡᠢ᠂ ᠮᠣᠩᠭᠣᠯ ᠤ᠋ᠨ ᠴᠡᠷᠢᠭ ᠪᠠᠰᠠ ᠬᠣᠲᠠᠨ ᠢ᠋ ᠪᠦᠰᠡᠯᠡᠪᠡ᠂ ᠪᠢᠶᠠᠨ ᠵᠢᠩ ᠦ᠋ᠨ ᠢᠷᠭᠡᠨ ᠨᠢᠭᠡᠨᠲᠡ ᠮᠣᠩᠭᠣᠯ ᠠ᠋ᠴᠠ ᠲᠠᠷᠢᠬᠢ ᠴᠢᠮᠦᠭᠡᠨ ᠳ᠋ᠦ᠍ᠷ ᠣᠷᠣᠲᠠᠯ᠎ᠠ ᠠᠶᠤᠵᠤᠬᠤᠢ᠃ ᠨᠡᠩ ᠪᠠᠰᠠ ᠲᠣᠭᠣᠷᠢᠭᠰᠠᠨ ᠬᠣᠲᠠ ᠪᠠᠯᠭᠠᠳ ᠴᠥᠮ ᠬᠣᠭᠣᠰᠣᠨ ᠬᠥᠨᠳᠡᠢ᠂ ᠮᠠᠨ ᠤ᠋ ᠴᠡᠷᠢᠭ ᠲᠦ᠍ᠷ ᠨᠢᠭᠡᠨᠲᠡ ᠬᠦᠨᠡᠰᠦ ᠦᠭᠡᠢ᠂ ᠦᠬᠦᠬᠦ ᠡᠴᠡ ᠭᠠᠷᠴᠤ ᠪᠠᠢᠯᠳᠤᠨ ᠵᠠᠪ ᠡᠷᠢᠨ ᠳᠤᠲᠠᠭᠠᠰᠤᠭᠠᠢ ᠬᠡᠮᠡᠬᠦ ᠦᠭᠡ ᠪᠠᠷᠠᠬᠤ ᠶ᠋ᠢᠨ ᠤᠷᠢᠳᠠ ᠮᠣᠩᠭᠣᠯ ᠤ᠋ᠨ ᠴᠡᠷᠢᠭ ᠬᠣᠲᠠᠨ ᠳ᠋ᠤᠷ ᠣᠷᠣᠪᠠ᠃ ᠪᠢᠶᠠᠨ ᠵᠢᠩ ᠦ᠋ᠨ ᠢᠷᠭᠡᠨ ᠼᠦᠢ ᠯᠢ ᠶ᠋ᠢ ᠠᠯᠠᠭᠰᠠᠨ ᠯᠢ ᠪᠦᠸᠧ ᠶᠤᠸᠠᠨ ᠢ᠋ ᠭᠡᠷ ᠡᠷᠦᠬᠡ ᠲᠡᠢ ᠪᠡᠷ ᠮᠣᠩᠭᠣᠯ ᠤ᠋ᠨ ᠶᠡᠬᠡ ᠶᠤᠸᠠᠨᠱᠤᠸᠠᠢ ᠰᠦᠪᠡᠭᠡᠳᠡᠢ ᠪᠠᠭᠠᠲᠤᠷ ᠲᠤᠷ ᠬᠦᠷᠭᠡᠭᠰᠡᠨ ᠳ᠋ᠦ᠍ᠷ ᠰᠦᠪᠡᠭᠡᠳᠡᠢ ᠪᠠᠭᠠᠲᠤᠷ ᠶᠡᠬᠡ ᠯᠡ ᠪᠠᠶᠠᠷᠯᠠᠨ ᠴᠡᠷᠢᠭ ᠲᠦ᠍ᠷ ᠵᠠᠷᠯᠠᠨ ᠢᠷᠭᠡᠨ ᠦ᠌ ᠦᠰᠦᠨ ᠲᠡᠳᠦᠢ ᠶᠠᠭᠤᠮ᠎ᠠ ᠶ᠋ᠢ ᠪᠢᠲᠡᠭᠡᠢ ᠬᠥᠳᠡᠯᠭᠡ ᠭᠡᠮᠡᠨ ᠴᠢᠩᠳᠠ ᠴᠠᠭᠠᠵᠠᠯᠠᠭᠠᠳ ᠳᠠᠷᠤᠢ ᠬᠠᠭᠠᠯᠭ᠎ᠠ ᠶ᠋ᠢ ᠪᠤᠯᠢᠶᠠᠨ ᠠᠪᠴᠤ ᠪᠠᠢᠯᠳᠤᠨ ᠣᠷᠣᠬᠤᠢ ᠳ᠋ᠤᠷ ᠰᠥᠩ ᠤᠯᠤᠰ ᠤ᠋ᠨ ᠴᠢᠤᠸᠠᠨ ᠽᠢ ᠼᠠᠢ᠂ ᠵᠣᠣ ᠺᠦᠢ ᠨᠠᠷ ᠵᠡᠭᠦᠨ ᠬᠠᠭᠠᠯᠭ᠎ᠠ ᠪᠠᠷ ᠭᠠᠷᠴᠤ ᠳᠤᠲᠠᠭᠠᠬᠤᠢ ᠳ᠋ᠤᠷ ᠮᠣᠩᠭᠣᠯ ᠤ᠋ᠨ ᠴᠡᠷᠢᠭ ᠬᠡᠳᠦᠢᠨᠡᠢ ᠬᠠᠲᠤᠨ ᠮᠥᠷᠡᠨ ᠢ᠋ ᠡᠯᠡᠰᠦᠨ ᠤᠭᠤᠲᠠ ᠪᠠᠷ ᠬᠠᠯᠬᠠᠯᠠᠵᠤ ᠪᠡᠯᠡᠳᠬᠡᠨ ᠪᠠᠢᠭᠰᠠᠨ ᠲᠤᠯᠠ ᠴᠢᠤᠸᠠᠨ ᠽᠢ ᠼᠠᠢ᠂ ᠵᠣᠣ ᠺᠦᠢ ᠨᠠᠷ ᠤ᠋ᠨ ᠴᠡᠷᠢᠭ ᠦ᠋ᠨ ᠬᠣᠢᠨ᠎ᠠ ᠠ᠋ᠴᠠ ᠨᠢᠭᠡᠨᠲᠡ ᠰᠡᠲᠡᠯᠵᠦ ᠲᠠᠯᠪᠢᠭᠰᠠᠨ ᠳ᠋ᠤᠷ ᠰᠥᠩ ᠤᠯᠤᠰ ᠤ᠋ᠨ ᠴᠡᠷᠢᠭ ᠴᠥᠮ ᠤᠰᠤᠨ ᠳ᠋ᠤᠷ ᠠᠪᠲᠠᠵᠤ᠂ ᠰᠠᠢᠨ ᠮᠣᠷᠢᠲᠠᠨ ᠠᠨᠤ ᠮᠣᠷᠢᠨ ᠤ᠋ ᠰᠡᠭᠦᠯ ᠢ᠋ ᠵᠢᠭᠤᠷᠠᠨ ᠠᠳᠬᠤᠵᠤ ᠤᠰᠤ ᠤᠷᠤᠭᠤᠳᠠᠨ ᠶᠠᠪᠤᠵᠤ᠂ ᠭᠤᠴᠢ ᠳᠥᠴᠢᠨ ᠭᠠᠵᠠᠷ ᠭᠠᠷᠴᠤ ᠰᠠᠶᠢ ᠠᠮᠢ ᠬᠡᠯᠲᠦᠷᠢᠨ ᠤᠯᠤᠰ ᠲᠠᠭᠠᠨ ᠡᠭᠡᠭᠰᠡᠨ ᠳ᠋ᠦ᠍ᠷ ᠵᠣᠣ ᠹᠠᠨ ᠶᠡᠬᠡᠯ᠎ᠡ ᠴᠢᠬᠤᠯᠳᠠᠭᠠᠳ ᠰᠢᠦᠢ ᠮᠢᠨ ᠽᠢ᠂ ᠯᠦᠸᠧ ᠶᠠᠩ ᠢ᠋ ᠠᠪᠲᠠᠪᠠ᠂ ᠴᠢᠤᠸᠠᠨ ᠽᠢ ᠼᠠᠢ᠂ ᠵᠣᠣ ᠺᠦᠢ ᠪᠢᠶᠠᠨ ᠵᠢᠩ ᠢ᠋ ᠠᠯᠳᠠᠪᠠ ᠭᠡᠮᠡᠨ ᠶᠠᠯ᠎ᠠ ᠲᠣᠭᠠᠴᠢᠨ ᠪᠤᠷᠤᠭᠤᠰᠢᠶᠠᠨ ᠠᠢᠯᠠᠳᠬᠠᠭᠰᠠᠨ ᠳ᠋ᠤᠷ ᠬᠠᠭᠠᠨ ᠵᠣᠣ ᠶᠦᠨ ᠴᠡᠷᠢᠭ ᠳᠠᠷᠤᠭᠳᠠᠭᠰᠠᠨ ᠵᠠᠩᠵᠤᠨ ᠨᠠᠷ ᠢ᠋ ᠵᠡᠷᠭᠡ ᠳᠡᠰ ᠢ᠋ᠶ᠋ᠡᠷ ᠶᠠᠯᠠᠯᠠᠨ ᠰᠢᠳᠬᠡᠵᠦ᠂ ᠬᠡᠳᠦᠨ ᠲᠦᠮᠡᠨ ᠴᠡᠷᠢᠭ ᠠᠪᠲᠠᠭᠰᠠᠨ ᠳ᠋ᠤᠷ ᠶᠡᠬᠡᠯ᠎ᠡ ᠭᠠᠰᠠᠯᠤᠯᠴᠠᠨ ᠪᠦᠬᠦᠢ ᠳ᠋ᠦ᠍ᠷ ᠭᠡᠨᠡᠳᠲᠡ ᠠᠷᠪᠠᠨ ᠨᠢᠭᠡᠨ ᠰᠠᠷ᠎ᠠ ᠳ᠋ᠤᠷ ᠮᠣᠩᠭᠣᠯ ᠠ᠋ᠴᠠ ᠸᠠᠩ ᠵᠢᠢ ᠶ᠋ᠢ ᠵᠠᠷᠤᠵᠤ : 《ᠰᠥᠩ ᠤᠯᠤᠰ ᠶᠠᠭᠤᠨ ᠳ᠋ᠤᠷ ᠵᠥᠪ ᠵᠦᠭᠡᠷ ᠨᠠᠢᠷᠲᠠᠢ ᠰᠠᠢᠬᠠᠨ ᠪᠠᠢᠭᠰᠠᠭᠠᠷ ᠮᠠᠨ ᠤ᠋ ᠭᠠᠵᠠᠷ ᠣᠷᠣᠨ ᠢ᠋ ᠳᠠᠪᠴᠢᠯᠠᠵᠤ ᠲᠡᠢᠨ ᠳᠠᠢᠰᠤᠨ ᠳᠡᠭᠳᠡᠭᠡᠵᠦ᠂ ᠤᠷᠢᠳᠤ ᠴᠢᠭᠤᠯᠭᠠᠨ ᠤ᠋ ᠪᠣᠯᠵᠣᠭ᠎ᠠ ᠶ᠋ᠢ ᠲᠡᠰᠡᠷᠭᠦᠯᠡᠨ ᠡᠭᠦᠷᠢᠳᠡ ᠶ᠋ᠢᠨ ᠥᠰᠢᠶ᠎ᠡ ᠶ᠋ᠢ ᠡᠳᠦᠭᠦᠯᠵᠦ ᠂ ᠳᠠᠢᠯᠠᠬᠤ ᠪᠠᠢᠯᠳᠤᠬᠤ ᠰᠢᠯᠲᠠᠭᠠᠨ ᠢ᠋ ᠡᠷᠢᠪᠡ ? 》ᠭᠡᠮᠡᠨ ᠶᠠᠯ᠎ᠠ ᠠᠰᠭ᠋ᠤᠭᠰᠠᠨ ᠳ᠋ᠤᠷ ᠰᠥᠩ ᠤᠯᠤᠰ ᠬᠠᠷᠢᠭᠤ ᠥᠴᠢᠨ ᠡᠰᠡ ᠴᠢᠳᠠᠵᠤ᠂ ᠭᠠᠭᠴᠠ ᠡᠨᠡ ᠲᠡᠷᠡ ᠭᠡᠮᠡᠨ ᠡᠯᠴᠢ ᠸᠠᠩ ᠵᠢᠢ ᠶ᠋ᠢ ᠡᠭᠡᠭᠦᠯᠦᠮᠡᠭᠴᠡ ᠮᠣᠩᠭᠣᠯ ᠤ᠋ᠨ ᠴᠡᠷᠢᠭ ᠰᠥᠩ ᠤᠯᠤᠰ ᠤ᠋ᠨ ᠭᠤᠷᠪᠠᠨ ᠡᠲᠡᠭᠡᠳ ᠡᠴᠡ ᠪᠠᠢᠯᠳᠤᠨ ᠣᠷᠣᠪᠠ᠃ ᠡᠭᠦᠨ ᠳ᠋ᠦ᠍ᠷ ᠰᠥᠩ ᠤᠯᠤᠰ ᠤ᠋ᠨ ᠵᠢᠶᠠᠩ ᠬᠤᠸᠠᠢ ᠶ᠋ᠢᠨ ᠭᠠᠵᠠᠷ ᠨᠢᠭᠡᠨ ᠴᠠᠭ ᠨᠢᠭᠡᠨ ᠮᠥᠴᠡ ᠠᠮᠤᠷ ᠤᠮᠳᠠᠨ ᠴᠢᠳᠠᠬᠤ ᠦᠭᠡᠢ ᠪᠣᠯᠤᠨ ᠵᠠᠭᠤᠨ ᠣᠪᠣᠭᠲᠠᠨ ᠬᠠᠷ᠎ᠠ ᠲᠡᠷᠢᠭᠦᠲᠡᠨ ᠣᠯᠠᠨ ᠢᠷᠭᠡᠨ ᠴᠥᠮ ᠲᠡᠭᠷᠢ ᠶ᠋ᠢ ᠬᠠᠨᠳᠤᠵᠤ ᠶᠡᠬᠡᠯ᠎ᠡ ᠭᠠᠰᠠᠯᠤᠯᠴᠠᠨ ᠥᠭᠦᠯᠡᠬᠦ ᠢᠨᠦ : ᠬᠡᠷᠡᠭ ᠦᠭᠡᠢ ᠠᠯᠲᠠᠨ ᠤ᠋ ᠵᠣᠪᠠᠯᠠᠩ ᠢ᠋ ᠮᠠᠨ ᠤ᠋ ᠤᠯᠤᠰ ᠥᠪᠡᠷ ᠢ᠋ᠶ᠋ᠡᠨ ᠵᠠᠯᠠᠵᠤ ᠠᠪᠴᠢᠷᠠᠪᠠ ᠭᠡᠮᠡᠨ ᠭᠠᠰᠠᠯᠤᠯᠴᠠᠮᠣᠢ᠃ ᠡᠭᠦᠨ ᠢ᠋ ᠲᠦᠷ ᠥᠭᠦᠯᠡᠬᠦ ᠦᠭᠡᠢ᠃ 
       ᠥᠭᠦᠯᠡᠬᠦ ᠢᠨᠦ ᠮᠣᠩᠭᠣᠯ ᠤ᠋ᠨ ᠲᠠᠢᠽᠦ᠋ᠩ ᠬᠠᠭᠠᠨ ᠳᠤᠮᠳᠠᠳᠤ ᠰᠠᠷ᠎ᠠ ᠳ᠋ᠤᠷ ᠠᠯᠲᠠᠨ ᠤᠯᠤᠰ ᠢ᠋ ᠳᠠᠢᠯᠠᠵᠤ ᠲᠦᠪᠰᠢᠳᠬᠡᠬᠦᠢ ᠳ᠋ᠦ᠍ᠷ ᠶᠡᠬᠡ ᠪᠠᠶᠠᠰᠬᠤᠯᠠᠩ ᠤ᠋ᠨ ᠶᠣᠰᠣᠨ ᠢ᠋ᠶ᠋ᠠᠷ ᠲᠠᠪᠤᠨ ᠮᠠᠨᠳᠠᠯ᠂ ᠨᠠᠢ᠍ᠮᠠᠨ ᠰᠤᠷᠮ᠎ᠠ ᠶ᠋ᠢ ᠳᠠᠬᠢᠵᠤ᠂ ᠤᠯᠤᠰ ᠤ᠋ᠨ ᠬᠣᠲᠠᠯᠠᠭᠠᠷ ᠲᠤᠷ ᠥᠷᠯᠥᠭ ᠪᠠᠭᠤᠯᠭᠠᠨ᠂ ᠲᠠᠢᠱ᠌ᠢ ᠪᠤᠯᠤ ᠶ᠋ᠢᠨ ᠭᠠᠰᠠᠯᠠᠩ ᠤ᠋ᠨ ᠶᠠᠪᠤᠳᠠᠯ ᠢ᠋ ᠲᠡᠭᠦᠰᠬᠡᠯᠭᠡᠨ᠂ ᠬᠥᠪᠡᠭᠦᠨ ᠳᠡᠰ ᠲᠣᠭᠣᠰ ᠲᠤᠷ ᠵᠡᠷᠭᠡ ᠲᠤᠰᠢᠶᠠᠯ ᠢ᠋ ᠵᠠᠯᠭᠠᠮᠵᠢᠯᠠᠭᠤᠯᠤᠨ᠂ ᠳᠠᠷᠤᠢ ᠶᠡᠬᠡ ᠴᠢᠭᠤᠯᠭᠠᠨ ᠴᠢᠭᠤᠯᠭᠤᠯᠤᠨ ᠣᠯᠠᠨ ᠸᠠᠩ ᠤ᠋ᠳ ᠢ᠋ ᠬᠤᠷᠠᠭᠤᠯᠵᠤ ᠵᠠᠭᠤᠨ ᠲᠦᠰᠢᠮᠡᠳ ᠢ᠋ ᠴᠤᠭᠯᠠᠭᠤᠯᠤᠨ᠂ ᠬᠠᠤᠯᠢ ᠴᠠᠭᠠᠵᠠ ᠶ᠋ᠢ ᠢᠯᠭᠠᠨ ᠰᠠᠯᠭᠠᠨ ᠲᠣᠭᠲᠠᠭᠠᠨ ᠶᠠᠪᠤᠭᠤᠯᠬᠤᠢ ᠳ᠋ᠤᠷ ᠶᠡᠬᠡ ᠵᠠᠷᠯᠢᠭ ᠪᠢᠴᠢᠭ ᠪᠠᠭᠤᠯᠭᠠᠵᠤ ᠵᠠᠷᠯᠠᠭᠰᠠᠨ ᠠᠨᠤ : 《ᠤᠯᠤᠰ ᠭᠡᠷ ᠦ᠋ᠨ  ᠬᠠᠤᠯᠢ ᠴᠠᠭᠠᠵᠠ ᠬᠡᠮᠡᠭᠴᠢ ᠭᠡᠷ ᠡᠴᠡ ᠡᠬᠢᠯᠡᠵᠦ ᠤᠯᠤᠰ ᠢ᠋ ᠵᠠᠰᠠᠮᠤᠢ᠂ ᠴᠠᠭᠠᠵᠠ ᠬᠡᠮᠡᠭᠴᠢ ᠨᠢᠭᠡᠨ ᠬᠥᠮᠦᠨ ᠡᠴᠡ ᠭᠠᠷᠴᠤ ᠲᠦᠮᠡᠨ ᠤᠯᠤᠰ ᠢ᠋ ᠵᠠᠰᠠᠮᠤᠢ᠂ ᠲᠡᠢᠮᠦ ᠶ᠋ᠢᠨ ᠲᠤᠯᠠ ᠵᠠᠷᠯᠢᠭ ᠢ᠋ ᠳᠠᠭᠠᠭᠤᠯᠤᠨ ᠶᠠᠪᠤᠭᠤᠯᠬᠤ ᠠᠨᠤ – ᠨᠢᠭᠡᠨ ᠵᠦᠢᠯ : ᠠᠯᠢᠪᠠ ᠤᠯᠤᠰ ᠲᠥᠷᠥ ᠶ᠋ᠢᠨ ᠴᠢᠬᠤᠯᠠ ᠬᠡᠷᠡᠭ ᠵᠥᠪᠯᠡᠬᠦ ᠪᠠ ᠴᠡᠷᠢᠭ ᠲᠡᠢᠨ ᠦ᠌ ᠲᠦᠷᠭᠡᠨ ᠲᠦᠭᠦᠬᠡᠢ ᠵᠡᠷᠭᠡ ᠳ᠋ᠦ᠍ᠷ ᠴᠢᠭᠤᠯᠭᠠᠨ ᠴᠢᠭᠤᠯᠬᠤᠢ ᠳ᠋ᠤᠷ ᠶᠡᠬᠡ ᠸᠠᠩ ᠰᠠᠢᠳ ᠤ᠋ᠳ ᠪᠠ ᠵᠠᠰᠠᠭ ᠲᠦᠰᠢᠮᠡᠯ ᠲᠥᠰᠢᠶ᠎ᠡ ᠰᠢᠯᠲᠠᠬᠤ ᠪᠠ ᠰᠠᠭᠠᠲᠠᠵᠤ ᠬᠣᠴᠣᠷᠪᠠᠰᠤ ᠹᠦᠩᠯᠦ ᠶ᠋ᠢᠨ ᠮᠥᠩᠭᠥᠨ ᠢ᠋ᠶ᠋ᠡᠷ ᠶᠠᠯᠠᠯᠠᠮᠤᠢ᠃ ᠨᠢᠭᠡᠨ ᠵᠦᠢᠯ : ᠠᠯᠢᠪᠠ ᠬᠥᠮᠦᠨ ᠣᠷᠳᠣᠨ ᠳ᠋ᠤᠷ ᠣᠷᠣᠵᠤ ᠭᠠᠷᠤᠨ ᠶᠠᠪᠤᠬᠤᠢ ᠳ᠋ᠤᠷ ᠡᠷ᠎ᠡ ᠪᠠ ᠡᠮ᠎ᠡ ᠭᠠᠭᠴᠠᠭᠠᠷ ᠣᠷᠣᠵᠤ ᠭᠠᠷᠴᠤ ᠶᠠᠪᠤᠵᠤ ᠪᠣᠯᠬᠤ ᠦᠭᠡᠢ᠂ ᠡᠷᠬᠡᠪᠰᠢ ᠵᠠᠮ ᠣᠢᠷ᠎ᠠ ᠶ᠋ᠢᠨ ᠠᠯᠪᠠᠨ ᠤ᠋ ᠠᠷᠠᠳ ᠯᠤᠭ᠎ᠠ ᠢᠷᠡᠵᠦ ᠳᠣᠯᠣᠭ᠎ᠠ ᠨᠠᠢ᠍ᠮᠠᠨ ᠠᠷᠪᠠᠭᠠᠳ ᠬᠥᠮᠦᠨ ᠨᠡᠢᠯᠡᠵᠦ ᠶᠠᠪᠤᠭᠲᠤᠨ᠂ ᠡᠨᠡ ᠶᠠᠪᠤᠬᠤᠢ ᠳ᠋ᠤᠷ ᠰᠠᠮᠠᠭᠤᠷᠠᠨ ᠶᠠᠪᠤᠵᠤ ᠪᠣᠯᠬᠤ ᠦᠭᠡᠢ᠂ ᠵᠠᠷᠯᠢᠭ ᠠ᠋ᠴᠠ ᠳᠠᠪᠠᠪᠠᠰᠤ ᠶᠠᠯ᠎ᠠ ᠬᠡᠯᠡᠯᠴᠡᠮᠦᠢ᠃ ᠨᠢᠭᠡᠨ ᠵᠦᠢᠯ : ᠠᠯᠢᠪᠠ ᠴᠡᠷᠢᠭ ᠢᠷᠭᠡᠨ ᠮᠣᠩᠭᠣᠯ ᠬᠢᠲᠠᠳ ᠤ᠋ᠨ ᠰᠤᠯᠠ ᠬᠥᠮᠦᠨ ᠦ᠌ ᠳᠡᠭᠡᠷ᠎ᠡ ᠡᠷᠬᠡᠪᠰᠢ ᠠᠷᠪᠠᠨ ᠬᠥᠮᠦᠨ ᠦ᠌ ᠳᠡᠭᠡᠷ᠎ᠡ ᠨᠢᠭᠡᠨ ᠳᠠᠷᠤᠭ᠎ᠠ ᠲᠠᠯᠪᠢᠵᠤ᠂ ᠶᠣᠰᠣ ᠬᠠᠤᠯᠢ ᠪᠠ ᠵᠠᠰᠠᠭ ᠴᠠᠭᠠᠵᠠ ᠶ᠋ᠢ ᠲᠡᠷᠡ ᠬᠥᠮᠦᠨ ᠢᠨᠦ ᠤᠯᠠᠮᠵᠢᠯᠠᠨ ᠬᠡᠯᠡᠵᠦ ᠶᠠᠪᠤᠭᠤᠯ᠂ ᠲᠡᠷᠡ ᠳᠠᠷᠤᠭ᠎ᠠ ᠶ᠋ᠢᠨ ᠦᠭᠡ ᠪᠡᠷ ᠡᠰᠡ ᠶᠠᠪᠤᠪᠠᠰᠤ ᠶᠠᠯ᠎ᠠ ᠪᠣᠢ᠂ ᠬᠡᠷᠪᠡ ᠲᠡᠷᠢᠭᠦᠯᠡᠭᠴᠢ ᠳᠠᠷᠤᠭ᠎ᠠ ᠠᠨᠤ ᠭᠠᠳᠠᠭᠰᠢ ᠴᠡᠷᠢᠭ ᠲᠡᠢᠨ ᠳ᠋ᠦ᠍ᠷ ᠭᠠᠷᠬᠤ ᠪᠠ ᠠᠯᠪᠠᠨ ᠵᠠᠷᠤᠯᠭ᠎ᠠ ᠳ᠋ᠤᠷ ᠶᠠᠪᠤᠪᠠᠰᠤ ᠡᠨᠡ ᠵᠠᠪᠰᠠᠷ ᠲᠤᠷ ᠣᠷᠣᠨ ᠲᠥᠯᠥᠭᠡ ᠪᠠᠰᠠ ᠨᠢᠭᠡᠨ ᠬᠥᠮᠦᠨ ᠢ᠋ᠶ᠋ᠡᠷ ᠵᠠᠬᠢᠷᠤᠭᠤᠯᠤᠨ ᠬᠠᠷᠭᠠᠯᠵᠠᠭᠤᠯᠵᠤ ᠪᠠᠢᠭᠲᠤᠨ᠃ ᠮᠣᠩᠭᠣᠯ ᠬᠢᠲᠠᠳ ᠬᠣᠶᠠᠷ ᠠᠢᠮᠠᠭ ᠬᠥᠮᠦᠨ ᠤᠷᠤᠭ ᠰᠠᠳᠤᠨ ᠪᠣᠯᠵᠤ ᠬᠡᠷᠡᠭ ᠰᠦᠯᠪᠡᠭᠡᠯᠡᠨ ᠶᠠᠪᠤᠵᠤ ᠪᠣᠯᠬᠤ ᠦᠭᠡᠢ᠂ ᠡᠭᠦᠨ ᠡᠴᠡ ᠳᠠᠪᠠᠭᠰᠠᠭᠠᠷ ᠶᠠᠯ᠎ᠠ ᠪᠣᠢ᠃ ᠠᠯᠢᠪᠠ ᠶᠠᠪᠤᠳᠠᠯ ᠤ᠋ᠨ ᠬᠡᠷᠡᠭ ᠦᠢᠯᠡᠳᠦᠭᠦᠯᠬᠦᠢ ᠪᠠ ᠤᠴᠢᠷ ᠲᠤᠬᠠᠢ ᠶ᠋ᠢ ᠮᠡᠳᠡᠭᠦᠯᠬᠦᠢ ᠳ᠋ᠦ᠍ᠷ ᠬᠡᠷᠪᠡ ᠵᠠᠰᠠᠭ ᠯᠤᠭ᠎ᠠ ᠡᠰᠡ ᠨᠡᠢᠴᠡᠬᠦ ᠪᠡᠷ ᠥᠭᠦᠯᠡᠪᠡᠰᠦ ᠲᠡᠷᠢᠭᠦᠨ ᠤᠳᠠᠭ᠎ᠠ ᠳ᠋ᠤᠷ ᠬᠠᠴᠠᠷ ᠢ᠋ ᠠᠨᠤ ᠠᠯᠠᠭᠠᠳᠠᠭᠤᠯ᠂ ᠬᠣᠶᠠᠷ ᠤᠳᠠᠭ᠎ᠠ ᠪᠣᠯᠪᠠᠰᠤ ᠭᠠᠷ ᠤ᠋ᠨ ᠠᠯᠠᠭ᠎ᠠ ᠶ᠋ᠢ ᠬᠡᠮᠵᠢᠶ᠎ᠡ ᠶ᠋ᠢᠨ ᠮᠣᠳᠣ ᠪᠠᠷ ᠵᠠᠨᠴᠢ᠂ ᠭᠤᠷᠪᠠᠨ ᠤᠳᠠᠭ᠎ᠠ ᠪᠣᠯᠪᠠᠰᠤ ᠪᠥᠭᠰᠡ ᠶ᠋ᠢ ᠰᠢᠲᠠᠮ ᠢ᠋ᠶ᠋ᠠᠷ ᠵᠠᠨᠴᠢ᠂ ᠳᠥᠷᠪᠡᠨ ᠤᠳᠠᠭ᠎ᠠ ᠪᠣᠯᠪᠠᠰᠤ ᠠᠯᠠᠬᠤ ᠶᠠᠯ᠎ᠠ ᠲᠣᠭᠲᠠᠭᠠᠨ ᠬᠣᠷᠢᠵᠤ ᠬᠦᠯᠢᠶᠡᠯᠭᠡ᠃ ᠨᠢᠭᠡᠨ ᠵᠦᠢᠯ : ᠮᠢᠩᠭᠠᠨ ᠢ᠋ ᠵᠠᠬᠢᠷᠤᠭᠰᠠᠳ᠂ ᠲᠦᠮᠡᠨ ᠢ᠋ ᠵᠠᠬᠢᠷᠤᠭᠰᠠᠳ ᠤ᠋ᠨ ᠡᠮᠦᠨ᠎ᠡ ᠶᠠᠪᠤᠪᠠᠰᠤ ᠬᠢᠴᠢᠶᠡᠩᠭᠦᠢᠯᠡᠨ ᠪᠣᠯᠭᠣᠮᠵᠢᠯᠠᠨ᠂ ᠰᠤᠯᠠ ᠢᠷᠭᠡᠨ ᠠᠷᠪᠠᠨ ᠢ᠋ ᠵᠠᠬᠢᠷᠤᠭᠰᠠ ᠶ᠋ᠢᠨ ᠡᠮᠦᠨ᠎ᠡ ᠶᠠᠪᠤᠪᠠᠰᠤ ᠮᠥᠨ ᠬᠦ᠌ ᠬᠢᠴᠢᠶᠡᠩᠭᠦᠢᠯᠡᠨ ᠪᠣᠯᠭᠣᠮᠵᠢᠯᠠᠨ᠂ ᠳᠠᠪᠠᠪᠠᠰᠤ ᠶᠠᠯ᠎ᠠ ᠪᠣᠢ᠃ ᠨᠢᠭᠡᠨ ᠵᠦᠢᠯ : ᠡᠭᠦᠨ ᠡᠴᠡ ᠬᠣᠢᠰᠢ ᠠᠯᠢᠪᠠ ᠴᠡᠷᠢᠭ ᠦ᠋ᠨ ᠬᠣᠷᠢᠶ᠎ᠠ ᠳ᠋ᠤᠷ ᠴᠡᠷᠢᠭ ᠦ᠋ᠨ ᠡᠷ᠎ᠡ ᠳᠤᠲᠠᠪᠠᠰᠤ ᠣᠢᠷ᠎ᠠ ᠤᠯᠤᠰ ᠠ᠋ᠴᠠ ᠰᠢᠯᠵᠢᠭᠦᠯᠦᠨ ᠣᠷᠣᠭᠤᠯᠵᠤ ᠡᠷᠬᠡᠪᠰᠢ ᠲᠣᠭᠠᠨ ᠳ᠋ᠤᠷ ᠲᠣᠬᠢᠷᠠᠭᠤᠯ᠂ ᠬᠡᠷᠬᠢᠪᠡᠴᠦ ᠬᠣᠭᠣᠰᠣᠨ ᠨᠡᠷ᠎ᠡ ᠶ᠋ᠢ ᠵᠢᠭᠠᠵᠤ ᠴᠡᠷᠢᠭ ᠦ᠋ᠨ ᠲᠣᠭ᠎ᠠ ᠭᠦᠢᠴᠡᠬᠦ ᠦᠭᠡᠢ ᠳ᠋ᠦ᠍ᠷ ᠭᠥᠷᠥᠭᠦᠯᠵᠦ ᠪᠣᠯᠬᠤ ᠦᠭᠡᠢ᠂ ᠠᠯᠢᠪᠠ ᠶᠡᠬᠡ ᠪᠠᠭ᠎ᠠ ᠲᠦᠰᠢᠮᠡᠯ ᠲᠦᠰᠢᠶ᠎ᠡ ᠡᠴᠡ ᠳᠠᠷᠠᠭᠠᠯᠠᠨ ᠰᠤᠯᠠ ᠴᠡᠷᠢᠭ ᠢᠷᠭᠡᠨ ᠳ᠋ᠦ᠍ᠷ ᠬᠦᠷᠲᠡᠯ᠎ᠡ ᠭᠡᠷ ᠲᠦ᠍ᠷ ᠪᠠ ᠬᠡᠭᠡᠷ᠎ᠡ ᠳ᠋ᠦ᠍ᠷ ᠶᠡᠬᠡ ᠳᠠᠭᠤᠨ ᠢ᠋ᠶ᠋ᠠᠷ ᠪᠠᠷᠬᠢᠷᠠᠯᠴᠠᠨ ᠦᠢᠮᠡᠵᠦ ᠱᠤᠤᠭᠢᠬᠤ ᠶ᠋ᠢ ᠴᠢᠩᠳᠠ ᠴᠡᠭᠡᠷᠯᠡᠨ᠂ ᠬᠠᠷᠰᠢᠯᠪᠠᠰᠤ ᠶᠠᠯ᠎ᠠ ᠪᠣᠢ ᠃ ᠵᠢᠴᠢ ᠮᠢᠨᠦ ᠤᠯᠤᠰ ᠤ᠋ᠨ ᠳᠣᠲᠣᠷ᠎ᠠ ᠪᠦᠬᠦᠢ ᠢᠷᠭᠡᠨ ᠪᠠ ᠮᠣᠩᠭᠣᠯ ᠤ᠋ᠨ ᠡᠷᠡᠰ ᠪᠠ ᠡᠮ᠎ᠡ ᠤᠯᠤᠰ ᠤ᠋ᠨ ᠵᠠᠰᠠᠭ ᠴᠠᠭᠠᠵᠠ ᠠ᠋ᠴᠠ ᠳᠠᠪᠠᠵᠤ ᠬᠤᠪᠴᠠᠯᠠᠬᠤ ᠪᠠ ᠴᠢᠮᠡᠵᠦ ᠪᠣᠯᠬᠤ ᠦᠭᠡᠢ᠃ ᠨᠡᠩ ᠪᠠᠰᠠ ᠡᠬᠡᠨᠡᠷ ᠢᠨᠦ ᠠᠢᠯ ᠠᠢᠮᠠᠭ ᠲᠤᠷ ᠬᠣᠪ ᠱᠣᠪ ᠰᠤᠯᠠ ᠦᠭᠡ ᠶ᠋ᠢ ᠵᠥᠭᠡᠭᠡᠵᠦ ᠬᠡᠷᠡᠭ ᠲᠦ᠍ᠷ ᠬᠣᠯᠪᠣᠭᠳᠠᠪᠠᠰᠤ ᠲᠡᠷᠡ ᠨᠢᠭᠤᠷ ᠦᠭᠡᠢ ᠡᠬᠡᠨᠡᠷ ᠢ᠋ ᠵᠠᠢᠳᠠᠩ ᠦᠬᠡᠷ ᠲᠣᠷ ᠠᠯᠴᠠᠢᠯᠭᠠᠨ ᠤᠨᠤᠭᠤᠯᠵᠤ ᠠᠢᠯ ᠢ᠋ ᠲᠣᠭᠣᠷᠢᠭᠤᠯᠤᠨ ᠨᠢᠭᠤᠷ ᠲᠤᠷ ᠨᠢᠯᠪᠤᠭᠤᠯᠵᠤ ᠡᠬᠡᠨᠡᠷ ᠦ᠋ᠨ ᠬᠣᠩᠰᠢᠶᠠᠷ ᠬᠡᠯᠡ ᠶ᠋ᠢ ᠢᠨᠦ ᠠᠯᠠᠭᠠᠳᠠᠭᠤᠯ᠂ ᠬᠣᠶᠠᠷ ᠤᠳᠠᠭ᠎ᠠ ᠪᠣᠯᠪᠠᠰᠤ ᠵᠠᠨᠴᠢᠵᠤ ᠰᠢᠳᠬᠡᠭᠡᠳ ᠡᠷ᠎ᠡ ᠳ᠋ᠦ᠍ᠷ ᠢᠨᠦ ᠬᠣᠭᠣᠷᠣᠨᠳᠣ ᠠ᠋ᠴᠠ ᠥᠪᠡᠷ᠎ᠡ ᠡᠮ᠎ᠡ ᠠᠪᠴᠤ ᠥᠭ᠃ ᠡᠨᠡ ᠢᠨᠦ ᠳᠡᠭᠡᠳᠦ ᠶ᠋ᠢ ᠵᠠᠰᠠᠬᠤᠢ ᠳ᠋ᠤᠷ ᠳᠣᠣᠷᠠᠲᠤ ᠠ᠋ᠴᠠ ᠡᠬᠢᠯᠡᠮᠦᠢ ᠭᠠᠳᠠᠭᠠᠳᠤ ᠶ᠋ᠢ ᠵᠠᠰᠠᠬᠤᠢ ᠳ᠋ᠤᠷ ᠳᠣᠲᠣᠭᠠᠳᠤ ᠠ᠋ᠴᠠ ᠡᠬᠢᠯᠡᠬᠦ ᠪᠤᠶᠤ᠃ ᠤᠯᠤᠰ ᠤ᠋ᠨ ᠬᠣᠲᠠᠯᠠᠭᠠᠷ ᠬᠢᠴᠢᠶᠡᠨ ᠰᠦᠰᠦᠭᠯᠡᠵᠦ ᠶᠠᠪᠤᠭᠲᠤᠨ ᠭᠡᠮᠡᠨ ᠠᠷᠪᠠᠨ ᠳᠥᠷᠪᠡᠨ ᠮᠣᠵᠢ ᠳ᠋ᠤᠷ ᠲᠤᠩᠬᠠᠭᠯᠠᠨ ᠶᠠᠪᠤᠭᠤᠯᠪᠠ᠃ 》 
       ᠲᠡᠳᠦᠢ ᠲᠠᠢᠽᠦ᠋ᠩ ᠬᠠᠭᠠᠨ ᠲᠠᠢᠱ᠌ᠢ ᠳᠡᠰ ᠲᠣᠭᠣᠰ ᠨᠠᠷ ᠤ᠋ᠨ ᠵᠦᠭ ᠵᠠᠷᠯᠢᠭ ᠪᠠᠭᠤᠯᠭᠠᠷᠤᠨ : 《ᠳᠡᠭᠡᠳᠦ ᠲᠠᠢᠽᠦ ᠱᠧᠩ ᠡᠦ ᠬᠣᠳᠠᠩᠲᠢ ᠬᠠᠭᠠᠨ ᠡᠴᠢᠭᠡ ᠮᠢᠨᠦ ᠳᠡᠯᠡᠬᠡᠢ ᠳ᠋ᠠᠬᠢᠨ ᠢ᠋ ᠲᠤᠯᠭᠤᠷ ᠨᠡᠭᠡᠭᠡᠭᠰᠡᠨ ᠡᠴᠡ ᠢᠨᠠᠭᠰᠢ ᠳᠥᠴᠢᠭᠡᠳ ᠵᠢᠯ ᠪᠣᠯᠪᠠ ᠠᠷᠤ ᠥᠪᠥᠷ ᠨᠡᠢᠭᠡᠮ ᠲᠦᠪᠰᠢᠨ ᠪᠣᠯᠵᠤ᠂ ᠵᠦᠩ ᠵᠤᠸᠠᠨ ᠤ᠋ ᠭᠠᠵᠠᠷ ᠠ᠋ᠴᠠ ᠳᠠᠷᠠᠭᠠᠯᠠᠨ ᠬᠣᠶᠠᠷ ᠰᠢᠶᠠ ᠤᠯᠤᠰ᠂ ᠤᠢᠭᠤᠷ ᠤᠯᠤᠰ ᠤ᠋ᠨ ᠵᠡᠷᠭᠡ ᠣᠯᠠᠨ ᠤᠯᠤᠰ ᠪᠠ ᠭᠠᠤᠯᠢ᠂ ᠬᠢᠳᠠᠨ᠂ ᠾᠧ ᠨᠠᠨ᠂ ᠾᠧ ᠹᠧᠢ ᠶ᠋ᠢᠨ ᠵᠡᠷᠭᠡ ᠤᠯᠤᠰ ᠮᠣᠵᠢ᠂ ᠵᠠᠭᠤᠨ ᠲᠦᠰᠢᠮᠡᠳ ᠦ᠋ᠨ ᠦᠬᠦᠨ ᠵᠢᠳᠬᠦᠭᠰᠡᠨ ᠢ᠋ᠶ᠋ᠡᠷ ᠴᠥᠮ ᠪᠣᠭᠣᠯ ᠪᠣᠯᠤᠨ ᠳᠠᠭᠠᠪᠠ᠃ ᠭᠠᠭᠴᠠ ᠦᠯᠡᠭᠰᠡᠨ ᠢᠨᠦ ᠡᠮᠦᠨ᠎ᠡ ᠰᠥᠩ ᠤᠯᠤᠰ ᠲᠡᠷᠢᠭᠦᠯᠡᠨ᠂ ᠵᠡᠭᠦᠨ ᠡᠮᠦᠨ᠎ᠡ ᠨᠠᠨ ᠶᠠᠩ ᠤ᠋ᠨ ᠨᠢᠭᠡᠨ ᠵᠣᠪᠬᠢᠰ ᠦᠷᠭᠦᠯᠵᠢ ᠮᠥᠴᠡᠭᠡᠷᠬᠡᠵᠦ ᠰᠥᠩ ᠤᠯᠤᠰ ᠲᠤᠷ ᠬᠠᠰᠢᠶ᠎ᠠ ᠪᠣᠯᠤᠯᠴᠠᠵᠤ ᠢᠷᠡᠵᠦ ᠦᠯᠦ ᠳᠠᠭᠠᠮᠤᠢ᠃ ᠲᠡᠢᠨ ᠬᠦ᠌ ᠮᠡᠬᠦᠰ ᠬᠥᠮᠦᠨ ᠪᠢ ᠪᠡᠶ᠎ᠡ ᠪᠡᠷ ᠶᠡᠬᠡ ᠴᠡᠷᠢᠭ ᠠᠪᠤᠨ ᠡᠴᠢᠵᠦ ᠲᠠᠢᠯᠠᠰᠤᠭᠠᠢ᠂ ᠡᠢᠨ ᠪᠣᠯᠪᠠᠰᠤ ᠰᠥᠩ ᠤᠯᠤᠰ ᠢᠲᠡᠭᠡᠬᠦ ᠲᠦᠰᠢᠬᠦ ᠭᠠᠵᠠᠷ ᠦᠭᠡᠢ ᠪᠣᠯᠤᠮᠤᠢ᠃ ᠰᠥᠩ ᠤᠯᠤᠰ ᠠᠪᠲᠠᠬᠤᠢ ᠳ᠋ᠤᠷ ᠬᠢᠯᠪᠠᠷ᠂ ᠣᠯᠠᠨ ᠲᠦᠰᠢᠮᠡᠳ ᠲᠠᠨ ᠤ᠋ ᠰᠠᠨᠠᠭᠠᠨ ᠳ᠋ᠤᠷ ᠶᠠᠮᠪᠠᠷ ? 》ᠬᠡᠮᠡᠭᠰᠡᠨ ᠳ᠋ᠦ᠍ᠷ᠂ ᠲᠠᠢᠱ᠌ᠢ ᠳᠡᠰ ᠲᠣᠭᠣᠰ ᠣᠯᠠᠨ ᠤ᠋ ᠰᠦᠷᠦᠭ ᠡᠴᠡ ᠭᠠᠷᠴᠤ ᠠᠢᠯᠠᠳᠬᠠᠷᠤᠨ :《ᠲᠦᠰᠢᠮᠡᠯ ᠪᠢ ᠬᠡᠳᠦᠢ ᠡᠷᠳᠡᠮ ᠴᠢᠳᠠᠯ ᠦᠭᠡᠢ ᠪᠣᠯᠪᠠᠴᠤ ᠤᠷᠢᠳᠤᠰ ᠢ᠋ᠶ᠋ᠠᠨ ᠮᠥᠷᠳᠡᠵᠦ ᠰᠢᠳᠤᠷᠭᠤ ᠶ᠋ᠢ ᠭᠦᠢᠴᠡᠳᠬᠡᠰᠦᠭᠡᠢ ᠬᠡᠮᠡᠮᠦᠢ᠂ ᠰᠠᠢᠳ ᠮᠢᠨᠦ ᠭᠤᠷᠪᠠᠨ ᠦᠶ᠎ᠡ ᠪᠡᠷ ᠬᠠᠭᠠᠨ ᠤ᠋ ᠡᠷᠬᠢᠮ ᠵᠡᠷᠭᠡ ᠳ᠋ᠦ᠍ᠷ ᠬᠦᠷᠲᠡᠵᠦ ᠶᠡᠬᠡ ᠰᠠᠭᠤᠷᠢᠨ ᠢ᠋ ᠬᠦᠯᠢᠶᠡᠨ᠂ ᠲᠠᠪᠤᠨ ᠦᠶ᠎ᠡ ᠳ᠋ᠦ᠍ᠷ ᠪᠣᠭᠳᠠ ᠶ᠋ᠢᠨ ᠥᠷᠥᠰᠢᠶᠡᠯ ᠳ᠋ᠦ᠍ᠷ ᠬᠦᠷᠲᠡᠵᠦ ᠬᠡᠰᠢᠭ ᠰᠢᠮ᠎ᠡ ᠳ᠋ᠦ᠍ᠷ ᠬᠠᠢᠷᠠᠯᠠᠭᠳᠠᠨ ᠶᠠᠪᠤᠮᠤᠢ᠃ ᠰᠠᠢᠳ ᠮᠢᠨᠦ ᠴᠢᠩ ᠦᠨᠡᠨ ᠢ᠋ ᠭᠦᠢᠴᠡᠳᠬᠡᠨ᠂ ᠪᠣᠭᠳᠠ ᠡᠵᠡᠨ ᠦ᠌ ᠲᠦᠮᠡᠨ ᠬᠠᠢᠷ᠎ᠠ ᠥᠷᠥᠰᠢᠶᠡᠯ ᠦ᠋ᠨ ᠬᠠᠷᠢᠭᠤ ᠨᠢᠭᠡᠨ ᠰᠢᠷᠬᠡᠭ ᠬᠢᠯᠭᠠᠰᠤ ᠮᠡᠲᠦ ᠥᠴᠦᠬᠡᠨ ᠬᠠᠷᠢᠭᠤᠯᠠᠬᠤ ᠠᠨᠤ ᠡᠨᠡ ᠡᠳᠦᠷ ᠪᠣᠯᠠᠢ᠃ ᠡᠭᠦᠨ ᠤ ᠲᠤᠯᠠ ᠤᠯᠤᠰ ᠤ᠋ᠨ ᠬᠣᠲᠠᠯᠠᠭᠠᠷ ᠢ᠋ ᠬᠥᠳᠡᠯᠭᠡᠵᠦ ᠬᠠᠭᠠᠨ ᠤ᠋ ᠴᠣᠭᠴᠠ ᠶ᠋ᠢ ᠴᠢᠯᠡᠭᠡᠬᠦ ᠬᠡᠷᠡᠭ ᠦᠭᠡᠢ᠃ ᠬᠤᠸᠠᠢ ᠵᠧᠦ ᠭᠠᠵᠠᠷ ᠰᠠᠢᠳ ᠪᠢ ᠲᠤᠯᠤᠨ ᠳᠠᠭᠤᠰᠬᠠᠬᠤ ᠶ᠋ᠢ ᠬᠦᠰᠡᠮᠦᠢ ! 》ᠬᠡᠮᠡᠭᠰᠡᠨ ᠳ᠋ᠦ᠍ᠷ ᠲᠠᠢᠽᠦ᠋ᠩ ᠬᠠᠭᠠᠨ ᠪᠡᠶᠡᠰᠦᠨ ᠵᠥᠪᠰᠢᠶᠡᠵᠦ ᠵᠠᠷᠯᠢᠭ ᠪᠣᠯᠤᠷᠤᠨ : 《ᠲᠠᠢᠱ᠌ᠢ ᠶ᠋ᠢᠨ ᠵᠢᠯ ᠨᠠᠰᠤᠨ ᠵᠠᠯᠠᠭᠤ ᠪᠣᠯᠪᠠᠴᠤ ᠪᠣᠳᠣᠯᠭ᠎ᠠ ᠪᠠᠭᠠᠲᠤᠷ᠂ ᠤᠷᠢᠳᠤᠰ ᠢ᠋ᠶ᠋ᠠᠨ ᠳᠠᠭᠤᠷᠢᠶᠠᠵᠤᠬᠤᠢ᠂ ᠡᠮᠦᠨ᠎ᠡ ᠴᠡᠷᠢᠭ ᠲᠦ᠍ᠷ ᠴᠢᠨᠦ ᠬᠦᠴᠦᠨ ᠥᠭᠴᠦ ᠳᠠᠯᠳᠠ ᠭᠠᠵᠠᠷ ᠦᠬᠦᠨ ᠵᠢᠳᠬᠦᠭᠰᠡᠨ ᠴᠢᠨᠦ ᠮᠢᠨᠦ ᠳᠣᠲᠣᠷ᠎ᠠ ᠪᠦᠷᠢᠨ᠎ᠡ ᠪᠣᠢ᠃ ᠡᠨᠡ ᠤᠳᠠᠭ᠎ᠠ ᠭᠠᠭᠴᠠ ᠬᠥᠭᠰᠢᠨ ᠲᠠᠢᠱ᠌ᠢ ᠶ᠋ᠢᠨ ᠪᠡᠯᠪᠡᠰᠦᠷᠡᠯ ᠦ᠋ᠨ ᠬᠣᠨᠣᠭ ᠲᠣᠭ᠎ᠠ ᠭᠦᠢᠴᠡᠭᠡᠳᠦᠢ ᠲᠤᠯᠠ ᠮᠢᠨᠦ ᠳᠣᠲᠣᠷ᠎ᠠ ᠪᠠᠬᠠᠨ ᠲᠦᠪᠳᠡᠬᠦ ᠦᠭᠡᠢ ᠪᠠᠢᠭᠰᠠᠨ ᠪᠥᠯᠥᠭᠡ ! 》 ᠳᠡᠰ ᠲᠣᠭᠣᠰ ᠳᠠᠬᠢᠨ ᠮᠥᠷᠭᠥᠵᠦ ᠠᠢᠯᠠᠳᠬᠠᠷᠤᠨ : 《ᠡᠴᠢᠭᠡ ᠶ᠋ᠢᠨ ᠪᠡᠯᠪᠡᠰᠦᠷᠡᠯ ᠦ᠋ᠨ ᠬᠣᠨᠣᠭ ᠲᠣᠭ᠎ᠠ ᠬᠡᠮᠡᠭᠴᠢ ᠭᠡᠷ ᠦ᠋ᠨ ᠬᠡᠷᠡᠭ᠂ ᠭᠡᠷ ᠲᠦ᠍ᠷ ᠭᠡᠷ ᠦ᠋ᠨ ᠬᠡᠷᠡᠭ ᠢ᠋ ᠬᠦᠯᠢᠶᠡᠬᠦ ᠳᠡᠭᠦᠦ ᠨᠠᠷ ᠠᠴᠢ ᠨᠠᠷ ᠪᠣᠢ᠂ ᠲᠦᠰᠢᠮᠡᠯ ᠪᠢ ᠡᠵᠡᠨ ᠦ᠌ ᠲᠥᠯᠥᠭᠡ ᠡᠴᠢᠭᠡ ᠶ᠋ᠢᠨ ᠭᠡᠷᠢᠶᠡᠰ ᠢ᠋ᠶ᠋ᠡᠷ ᠶᠠᠪᠤᠰᠤᠭᠠᠢ ᠬᠡᠮᠡᠮᠦᠢ ! 》  ᠬᠡᠮᠡᠭᠰᠡᠨ ᠳ᠋ᠦ᠍ᠷ ᠬᠠᠭᠠᠨ ᠶᠡᠬᠡᠯ᠎ᠡ ᠰᠠᠢᠰᠢᠶᠠᠨ ᠪᠡᠶᠡᠰᠴᠦ ᠵᠠᠷᠯᠢᠭ ᠪᠣᠯᠤᠷᠤᠨ : 《ᠡᠨᠡ ᠤᠳᠠᠭ᠎ᠠ ᠬᠡᠷᠪᠡ ᠲᠦᠰᠢᠮᠡᠯ ᠴᠢ ᠡᠴᠢᠪᠡᠰᠦ᠂ ᠮᠢᠨᠦ ᠶᠡᠬᠡ ᠬᠡᠷᠡᠭ ᠦ᠋ᠨ ᠲᠤᠯᠠ ᠪᠢ ᠣᠳᠣ ᠵᠣᠪᠠᠬᠤ ᠦᠭᠡᠢ᠂ ᠮᠢᠨᠦ ᠳᠡᠭᠦᠦ ᠬᠦᠷᠭᠡᠨ ᠸᠠᠩ ᠹᠦ ᠮᠠ ᠲᠠᠪᠤᠨᠠᠩ ᠴᠡᠴᠡᠭ ᠢ᠋ ᠬᠠᠪᠰᠤᠷᠤᠭᠤᠯᠤᠨ ᠥᠭᠰᠦᠭᠡᠢ! 》 ᠬᠡᠮᠡᠵᠦ ᠰᠢᠵᠢᠷ ᠠᠯᠲᠠᠨ ᠤ᠋ ᠬᠤᠶᠠᠭ ᠳᠤᠭᠤᠯᠠᠭ᠎ᠠ ᠲᠡᠷᠢᠭᠦᠯᠡᠨ ᠤᠯᠠᠭᠠᠨ ᠰᠢᠷᠲᠦ ᠳᠠᠩᠲᠤ ᠶ᠋ᠢᠨ ᠨᠤᠮᠤ ᠠᠷᠪᠠ᠂ ᠠᠯᠲᠠᠨ ᠤ᠋ ᠡᠮᠡᠭᠡᠯ᠂ ᠬᠠᠰ ᠤ᠋ᠨ ᠬᠠᠵᠠᠭᠠᠷᠲᠤ ᠡᠮᠡᠭᠡᠯ ᠲᠡᠢ ᠮᠣᠷᠢ ᠠᠷᠪᠠ᠂ ᠪᠣᠯᠣᠳ ᠤ᠋ᠨ ᠰᠢᠷᠬᠡᠭ ᠢ᠋ᠶ᠋ᠡᠷ ᠳᠠᠪᠲᠠᠵᠤ ᠬᠢᠭᠰᠡᠨ ᠪᠦᠰᠡ᠂ ᠲᠡᠭᠦᠨ ᠦ᠌ ᠡᠪᠦᠭᠡ ᠪᠠ ᠡᠴᠢᠭᠡ ᠶ᠋ᠢᠨ ᠬᠡᠷᠡᠭᠯᠡᠵᠦ ᠪᠠᠢᠭᠰᠠᠨ ᠠᠯᠲᠠᠨ ᠮᠥᠩᠭᠥᠨ ᠦ᠌ ᠰᠢᠦᠸᠠᠨ ᠤ᠋ ᠵᠡᠷᠭᠡ ᠶ᠋ᠢ ᠰᠣᠶᠣᠷᠬᠠᠵᠤ᠂ ᠳᠠᠷᠤᠢ ᠡᠮᠦᠨᠡᠲᠦ ᠶ᠋ᠢ ᠳᠠᠢᠯᠠᠭᠤᠯᠤᠷ᠎ᠠ ᠮᠣᠷᠳᠠᠭᠤᠯᠪᠠ᠃ 
       ᠡᠨᠡ ᠦᠶ᠎ᠡ ᠳ᠋ᠦ᠍ᠷ ᠵᠡᠭᠦᠨ ᠭᠠᠤᠯᠢ ᠰᠣᠯᠣᠩᠭᠣᠰ ᠤᠯᠤᠰ ᠠ᠋ᠴᠠ ᠦᠨᠡᠨ ᠬᠦᠴᠦᠨ ᠢ᠋ᠶ᠋ᠡᠷ ᠪᠢᠰᠢᠷᠡᠨ ᠳᠠᠭᠠᠭᠰᠠᠨ ᠬᠤᠸᠠᠩ ᠹᠦ ᠶᠤᠸᠠᠨ ᠨᠡᠷᠡᠲᠦ ᠲᠦᠰᠢᠮᠡᠯ ᠳ᠋ᠦ᠍ᠷ ᠵᠠᠷᠯᠢᠭ ᠪᠠᠭᠤᠯᠭᠠᠨ᠂ ᠰᠣᠯᠣᠩᠭᠣᠰ ᠤᠯᠤᠰ ᠤ᠋ᠨ ᠰᠠᠮᠠᠭᠤᠷᠠᠭᠰᠠᠨ ᠤᠯᠤᠰ ᠢ᠋ ᠲᠦᠪᠰᠢᠳᠬᠡᠨ ᠬᠤᠷᠢᠶᠠᠮᠵᠢᠯᠠ ᠬᠡᠮᠡᠭᠰᠡᠨ ᠲᠤᠯᠠ ᠬᠤᠸᠠᠩ ᠹᠦ ᠶᠤᠸᠠᠨ ᠬᠡᠮᠡᠬᠦ ᠲᠦᠰᠢᠮᠡᠯ ᠳᠠᠷᠤᠢ ᠬᠠᠭᠠᠨ ᠤ᠋ ᠵᠠᠷᠯᠢᠭ ᠢ᠋ᠶ᠋ᠠᠷ ᠶᠡᠬᠡ ᠴᠡᠷᠢᠭ ᠢ᠋ ᠠᠪᠴᠤ ᠤᠷᠢᠳᠠ ᠶ᠋ᠢᠨ ᠰᠠᠮᠠᠭᠤᠨ ᠳ᠋ᠤᠷ ᠰᠣᠯᠣᠩᠭᠣᠰ ᠤ᠋ᠨ ᠵᠠᠯᠢᠬᠠᠢ ᠠᠷᠠᠳ ᠲᠤᠷ ᠰᠡᠮᠡᠬᠡᠷ ᠳᠠᠭᠠᠭᠰᠠᠨ ᠵᠠᠭᠤᠨ ᠣᠪᠣᠭᠲᠠᠨ ᠢ᠋ ᠬᠡᠰᠢᠭ ᠰᠦᠷ ᠢ᠋ ᠬᠠᠮᠲᠤ ᠵᠠᠷᠯᠠᠵᠤ᠂ ᠥᠷᠥᠰᠢᠶᠡᠯ ᠰᠦᠷ ᠢ᠋ ᠬᠡᠷᠡᠭᠯᠡᠨ᠂ ᠳᠠᠭᠠᠯᠳᠤᠭ᠎ᠠ ᠥᠷᠥᠰᠢᠶᠡᠯ ᠢ᠋ ᠵᠠᠷᠯᠠᠭᠰᠠᠨ ᠳ᠋ᠤᠷ ᠭᠠᠤᠯᠢ ᠵᠢᠨ ᠣᠯᠠᠨ ᠢ᠋ᠶ᠋ᠠᠷ ᠤᠭ ᠠ᠋ᠴᠠ ᠬᠤᠸᠠᠩ ᠹᠦ ᠶᠤᠸᠠᠨ ᠢ᠋ ᠲᠡᠭᠷᠢ ᠶ᠋ᠢᠨ ᠵᠦᠢ ᠶ᠋ᠢ ᠮᠡᠳᠡᠬᠦ ᠳ᠋ᠦ᠍ᠷ ᠪᠢᠰᠢᠷᠡᠭᠰᠡᠨ ᠲᠤᠯᠠᠳᠠ ᠴᠥᠮ ᠬᠢᠴᠢᠶᠡᠨ ᠠᠶᠤᠨ ᠡᠮᠢᠶᠡᠨ ᠳᠠᠭᠠᠭᠰᠠᠨ ᠳ᠋ᠤᠷ ᠬᠤᠸᠠᠩ ᠹᠦ ᠶᠤᠸᠠᠨ ᠳᠠᠷᠤᠢ ᠭᠠᠤᠯᠢ ᠶ᠋ᠢᠨ ᠵᠡᠭᠦᠨ ᠵᠢᠩ ᠦ᠋ᠨ ᠭᠠᠵᠠᠷ ᠢ᠋ ᠠᠪᠴᠤ ᠬᠣᠲᠠ ᠪᠠᠯᠭᠠᠳ ᠢ᠋ ᠨᠡᠢᠭᠡᠮ ᠡᠵᠡᠯᠡᠭᠰᠡᠨ ᠳ᠋ᠦ᠍ᠷ ᠵᠠᠭᠤᠨ ᠣᠪᠣᠭᠲᠠᠨ ᠬᠣᠯᠠ ᠣᠢᠷ᠎ᠠ ᠡᠷᠢᠨ ᠳᠠᠭᠠᠪᠠ᠃ ᠲᠡᠢᠨ ᠬᠦ᠌ ᠭᠠᠵᠠᠷ ᠣᠷᠣᠨ ᠲᠦᠪᠰᠢᠨ ᠪᠣᠯᠤᠭᠰᠠᠨ ᠢ᠋ ᠠᠢᠯᠠᠳᠬᠠᠭᠰᠠᠨ ᠳ᠋ᠤᠷ ᠲᠠᠢᠽᠦ᠋ᠩ ᠬᠠᠭᠠᠨ ᠶᠡᠬᠡ ᠪᠡᠶᠡᠰᠦᠨ᠂ ᠳᠠᠷᠤᠢ ᠬᠤᠳᠠᠷᠭ᠎ᠠ ᠪᠠᠭᠠᠲᠤᠷ ᠢ᠋ ᠡᠯᠴᠢ ᠪᠣᠯᠭᠠᠨ ᠢᠯᠡᠭᠡᠵᠦ᠂ ᠬᠤᠸᠠᠩ ᠹᠦ ᠶᠤᠸᠠᠨ ᠳ᠋ᠤᠷ ᠮᠣᠵᠢ ᠶ᠋ᠢ ᠵᠠᠬᠢᠷᠬᠤ ᠵᠠᠷᠢᠮᠳᠤᠰ ᠠᠯᠲᠠᠨ ᠤ᠋ ᠲᠠᠮᠠᠭ᠎ᠠ ᠰᠣᠶᠣᠷᠬᠠᠪᠠ᠃ 
       ᠲᠡᠳᠦᠢ ᠬᠤᠸᠠᠩ ᠹᠦ ᠶᠤᠸᠠᠨ ᠬᠦᠵᠢᠰ ᠦ᠋ᠨ ᠰᠢᠷᠡᠭᠡ ᠪᠡᠯᠡᠳᠴᠦ ᠬᠦᠯᠢᠶᠡᠨ ᠠᠪᠴᠤ ᠡᠯᠴᠢ ᠶ᠋ᠢ ᠬᠦᠨᠳᠦᠯᠡᠨ ᠡᠭᠡᠭᠦᠯᠵᠦ᠂ ᠬᠠᠭᠠᠨ ᠤ᠋ ᠳᠡᠷᠭᠡᠳᠡ ᠢᠷᠡᠵᠦ ᠬᠦᠨᠳᠦ ᠬᠡᠰᠢᠭ ᠲᠣᠷ ᠮᠥᠷᠭᠥᠵᠦ᠂ ᠰᠣᠯᠣᠩᠭᠣᠰ ᠤ᠋ᠨ ᠡᠵᠡᠨ ᠴᠧ ᠸᠠᠩ ᠦᠨᠡᠨ ᠰᠡᠳᠬᠢᠯ ᠪᠤᠰᠤ ᠵᠠᠯᠢᠬᠠᠢ ᠠᠷᠠᠳ ᠲᠤ᠌ ᠮᠡᠬᠡᠯᠡᠭᠳᠡᠭᠰᠡᠨ ᠤᠴᠢᠷ ᠢ᠋ ᠬᠢᠨᠠᠨ ᠠᠢᠯᠠᠳᠬᠠᠪᠠ᠃ 

ᠰᠤᠳᠤᠷᠴᠢ ᠲᠦᠰᠢᠮᠡᠯ ᠢᠨᠵᠠᠨᠨᠠᠰᠢ ᠶ᠋ᠢᠨ ᠰᠤᠯᠠ ᠰᠢᠯᠦᠭ ᠢᠨᠦ :  
             ᠠᠴᠢᠯᠠᠯ ᠥᠷᠥᠰᠢᠶᠡᠯᠲᠦ ᠥᠭᠡᠳᠡᠢ ᠬᠠᠭᠠᠨ ᠠᠯᠲᠠᠨ ᠤᠯᠤᠰ ᠢ᠋ ᠮᠥᠬᠥᠭᠡᠭᠰᠡᠨ᠎ᠡ  
             ᠠᠷᠤᠤᠬᠠᠨ ᠰᠢᠳᠤᠷᠭᠤ ᠪᠤᠯᠤ ᠲᠠᠢᠱ᠌ᠢ ᠰᠥᠩ ᠤᠯᠤᠰ ᠢ᠋ ᠰᠣᠴᠢᠭᠠᠪᠠ᠂ 
             ᠠᠮᠲᠠ ᠠᠯᠳᠠᠭᠰᠠᠨ ᠠᠢᠽᠦ᠋ᠩ ᠬᠠᠭᠠᠨ ᠠᠯᠮᠠᠢᠳᠠᠨ ᠦᠭᠡᠰ ᠥᠴᠢᠭᠰᠡᠨ᠎ᠡ 
             ᠠᠷᠭ᠎ᠠ ᠮᠣᠬᠣᠭᠰᠠᠨ ᠣᠯᠠᠨ ᠲᠦᠰᠢᠮᠡᠳ ᠦ᠋ᠨ ᠳᠡᠮᠡᠢᠯᠡ ᠥᠴᠢᠬᠦ ᠢᠨᠢᠶᠡᠯᠲᠡᠢ !

       ᠰᠤᠳᠤᠷᠴᠢ ᠲᠦᠰᠢᠮᠡᠯ ᠦ᠋ᠨ  ᠪᠢᠴᠢᠭ ᠠᠢᠯᠠᠳᠬᠤ ᠮᠡᠷᠭᠡᠳ ᠲᠣᠷ ᠲᠣᠳᠣᠷᠬᠠᠢᠯᠠᠨ ᠮᠡᠳᠡᠭᠦᠯᠬᠦ ᠢᠨᠦ : ᠡᠨᠡ ᠪᠦᠯᠦᠭ ᠡᠴᠡ ᠬᠣᠢᠰᠢ ᠣᠳᠣ ᠬᠡᠷᠡᠭ ᠶᠠᠪᠤᠳᠠᠯ ᠨᠡᠩ ᠣᠯᠠᠨ ᠪᠣᠯᠤᠭᠰᠠᠨ ᠲᠤᠯᠠ ᠣᠳᠣ ᠤᠷᠢᠳᠠ ᠶ᠋ᠢᠨ ᠠᠳᠠᠯᠢ ᠨᠢᠭᠡᠨ ᠪᠦᠯᠦᠭ ᠲᠦ᠍ᠷ ᠨᠢᠭᠡᠨ ᠣᠨ ᠢ᠋ ᠲᠣᠭᠠᠴᠢᠵᠤ᠂ ᠲᠡᠷᠡ ᠮᠡᠲᠦ ᠳᠡᠯᠭᠡᠷᠡᠩᠭᠦᠢ ᠭᠠᠷᠭᠠᠵᠤ ᠴᠢᠳᠠᠬᠤ ᠦᠭᠡᠢ ᠪᠣᠯᠪᠠ᠃ ᠬᠡᠷᠪᠡ ᠲᠡᠷᠡ ᠮᠡᠲᠦ ᠭᠠᠷᠭᠠᠪᠠᠰᠤ ᠬᠡᠳᠦᠢᠴᠢᠨᠡᠭᠡᠨ ᠵᠠᠭᠤᠨ ᠪᠦᠯᠦᠭ ᠪᠣᠯᠬᠤ ᠲᠤᠯᠠ ᠣᠳᠣ ᠡᠭᠦᠨ ᠡᠴᠡ ᠬᠣᠢᠰᠢ ᠨᠢᠭᠡᠨ ᠪᠦᠯᠦᠭ ᠲᠣᠷ ᠬᠣᠶᠠᠷ ᠣᠨ ᠢ᠋ ᠪᠠᠭᠲᠠᠭᠠᠵᠤ᠂ ᠬᠡᠷᠡᠭ ᠦ᠋ᠨ ᠶᠡᠬᠡ ᠲᠥᠯᠥᠪ ᠢ᠋ᠶ᠋ᠡᠷ ᠲᠣᠪᠴᠢᠯᠠᠨ ᠲᠣᠭᠠᠴᠢᠬᠤ ᠲᠤᠯᠠ ᠦᠵᠡᠬᠦ ᠮᠡᠷᠭᠡᠳ ᠲᠡᠭᠦᠨ ᠦ᠌ ᠨᠠᠷᠢᠨ ᠨᠢᠭᠲᠠ ᠶ᠋ᠢ ᠪᠢᠴᠢᠭ ᠦ᠋ᠨ ᠳᠣᠲᠣᠷᠠᠬᠢ ᠦᠰᠦᠭ ᠦ᠋ᠨ ᠲᠤᠰᠤᠯᠲᠠ ᠪᠠ ᠡᠮᠦᠨ᠎ᠡ ᠬᠣᠢᠨᠠᠬᠢ ᠬᠡᠷᠡᠭ ᠦ᠋ᠨ ᠭᠠᠷᠤᠭᠰᠠᠨ ᠢ᠋ ᠬᠢᠴᠢᠶᠡᠨ ᠲᠡᠮᠳᠡᠭᠯᠡᠵᠦ ᠤᠬᠠᠭᠠᠨ ᠢ᠋ᠶ᠋ᠠᠷ ᠰᠢᠨᠵᠢᠵᠦ ᠮᠡᠳᠡᠭᠳᠡᠬᠦᠢ᠃ ᠡᠮᠦᠨ᠎ᠡ ᠪᠦᠯᠦᠭ ᠦ᠋ᠳ ᠲᠣᠷ ᠮᠣᠩᠭᠣᠯ ᠤ᠋ᠨ ᠦᠨᠳᠦᠰᠦᠨ ᠬᠠᠳᠬᠤᠵᠤ᠂ ᠰᠢᠨ᠎ᠡ ᠳᠡᠯᠭᠡᠷᠡᠬᠦ ᠴᠠᠭ ᠲᠤᠯᠠ ᠬᠡᠲᠦᠷᠬᠡᠶ᠎ᠡ ᠲᠣᠪᠴᠢᠯᠠᠪᠠᠰᠤ ᠦᠵᠡᠬᠦ ᠣᠶᠤᠨ ᠳ᠋ᠤᠷ ᠰᠠᠭᠤᠬᠤ ᠳ᠋ᠤᠷ ᠪᠡᠷᠬᠡ ᠪᠣᠯᠭᠤᠵᠠᠢ ᠭᠡᠮᠡᠨ ᠠᠷᠭ᠎ᠠ ᠦᠭᠡᠢ ᠪᠠᠬᠠᠨ ᠳᠡᠯᠭᠡᠷᠡᠩᠭᠦᠢ ᠭᠠᠷᠭᠠᠪᠠ᠃ ᠬᠣᠢᠨ᠎ᠠ ᠠᠨᠤ ᠮᠣᠩᠭᠣᠯ ᠤ᠋ᠨ ᠵᠣᠭᠰᠣᠯᠲᠠ ᠨᠢᠭᠡᠨᠲᠡ ᠲᠣᠭᠲᠠᠨᠢᠵᠤ᠂ ᠪᠢᠴᠢᠭ ᠴᠡᠷᠢᠭ ᠦ᠋ᠨ ᠠᠷᠭ᠎ᠠ ᠤᠬᠠᠭᠠᠨ ᠨᠢᠭᠡᠨᠲᠡ ᠪᠦᠷᠢᠳᠴᠦ ᠳᠤᠮᠳᠠᠳᠤ ᠤᠯᠤᠰ ᠤ᠋ᠨ ᠵᠠᠩ ᠪᠠᠢᠳᠠᠯ ᠨᠢᠭᠡᠨᠲᠡ ᠣᠷᠣᠭᠠᠳ ᠠᠷᠤ ᠭᠠᠵᠠᠷ ᠤ᠋ᠨ ᠪᠣᠯᠬᠢ ᠪᠢᠲᠡᠭᠦᠯᠢᠭ ᠲᠡᠨᠡᠷᠬᠡᠭ ᠴᠦᠯᠢᠰ ᠢᠨᠦ ᠨᠢᠭᠡᠨᠲᠡ ᠬᠤᠷᠢᠶᠠᠭᠳᠠᠭᠰᠠᠨ ᠲᠤᠯᠠ ᠣᠳᠣ ᠡᠮᠦᠨ᠎ᠡ ᠭᠠᠵᠠᠷ ᠤ᠋ᠨ ᠬᠢᠲᠠᠳ ᠴᠡᠷᠢᠭ ᠲᠡᠢᠨ ᠯᠤᠭ᠎ᠠ ᠠᠪ ᠠᠳᠠᠯᠢ ᠪᠣᠯᠪᠠ᠃ ᠲᠡᠢᠨ ᠬᠦ᠌ ᠲᠣᠪᠴᠢᠯᠠᠨ ᠭᠠᠷᠭᠠᠰᠤᠭᠠᠢ᠂ ᠬᠢᠨᠠᠨ ᠲᠣᠯᠢᠳᠠᠮᠤ !