ᠴᠢᠮ᠎ᠠ ᠳᠤ ᠪᠠᠨ ᠵᠠᠪᠠᠯ ᠣᠴᠢᠨ᠎ᠠ- ᠡ᠊ ᠴᠢᠯᠠᠭᠤᠨᠴᠢᠮᠡᠭЧамдаа заавал очно-Э.ЧулуунчимэгChuluunchimeg - Chamdaa zaaval ochno ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠴᠢᠮ᠎ᠠ ᠳᠤ ᠪᠠᠨ ᠵᠠᠪᠠᠯ ᠣᠴᠢᠨ᠎ᠠ- ᠡ᠊ ᠴᠢᠯᠠᠭᠤᠨᠴᠢᠮᠡᠭЧамдаа заавал очно-Э.ЧулуунчимэгChuluunchimeg - Chamdaa zaaval ochno

ᠴᠢᠮ᠎ᠠ ᠳᠤ ᠪᠠᠨ ᠵᠠᠪᠠᠯ ᠣᠴᠢᠨ᠎ᠠ- ᠡ᠊ ᠴᠢᠯᠠᠭᠤᠨᠴᠢᠮᠡᠭЧамдаа заавал очно-Э.ЧулуунчимэгChuluunchimeg - Chamdaa zaaval ochno

ᠠᠩᠭᠢᠯᠠᠯ:ᠳᠠᠭᠤᠤ ᠬᠥᠭᠵᠢᠮ
2023-10-26

400

ᠴᠢᠮ᠎ᠠ ᠳ᠋ᠤ᠌ ᠪᠠᠨ ᠪᠢ ᠵᠠᠪᠠᠯ ᠣᠴᠢᠨ᠎ᠠ

   ᠦᠭᠡ᠄ ᠨ᠂ ᠪᠠᠲᠤᠵᠢᠷᠭᠠᠯ
   ᠠᠶ᠎ᠠ᠄ ᠮ᠂ ᠲᠤᠶᠠᠭ᠎ᠠ
   ᠳᠠᠭᠤᠴᠢᠨ᠄ ᠡ‍᠂ ᠴᠢᠯᠠᠭᠤᠨᠴᠢᠮᠡᠭ 

ᠨᠢᠳᠦ ᠶ᠋ᠢ ᠴᠢᠨᠢ ᠪᠣᠳᠣᠬᠤ ᠳ᠋ᠤ᠌ ᠲᠡᠭᠷᠢ ᠳ᠋ᠦ᠍ ᠬᠡᠷᠡᠯᠳᠦᠭᠡᠳ ᠪᠠᠢᠬᠤ ᠶᠤᠮ
ᠴᠢᠨᠳᠠᠮᠠᠨᠢ ᠭᠡᠭᠡᠨ ᠬᠠᠢᠷ᠎ᠠ ᠮᠢᠨᠢ ᠡ
ᠴᠢᠮ᠎ᠠ ᠳ᠋ᠤ᠌ ᠪᠠᠨ ᠪᠢ᠂ ᠴᠢᠮ᠎ᠠ ᠳ᠋ᠤ᠌ ᠪᠠᠨ ᠪᠢ ᠵᠠᠪᠠᠯ ᠣᠴᠢᠨ᠎ᠠ ᠱᠢᠤ
ᠴᠢᠮ᠎ᠠ ᠳ᠋ᠤ᠌ ᠪᠠᠨ ᠪᠢ᠂ ᠴᠢᠮ᠎ᠠ ᠳ᠋ᠤ᠌ ᠪᠠᠨ ᠪᠢ ᠵᠠᠪᠠᠯ ᠣᠴᠢᠨ᠎ᠠ ᠱᠢᠤ

ᠨᠡᠷ᠎ᠡ ᠶ᠋ᠢ ᠴᠢᠨᠢ ᠰᠢᠪᠡᠨᠡᠬᠦ ᠳᠦ᠍ ᠲᠡᠭᠷᠢ ᠲᠤ ᠤᠶᠠᠩᠭᠠᠯᠠᠭᠠᠳ ᠪᠠᠢᠬᠤ ᠶᠤᠮ
ᠴᠢᠨᠳᠠᠮᠠᠨᠢ ᠭᠡᠭᠡᠨ ᠬᠠᠢᠷ᠎ᠠ ᠮᠢᠨᠢ ᠡ
ᠴᠢᠮ᠎ᠠ  ᠶᠢ ᠪᠠᠨ᠂ ᠴᠢᠮ᠎ᠠ  ᠶᠢ ᠪᠠᠨ ᠪᠢ ᠵᠠᠪᠠᠯ ᠣᠯᠣᠨ᠎ᠠ ᠱᠢᠤ
ᠴᠢᠮ᠎ᠠ  ᠶᠢ ᠪᠠᠨ᠂ ᠴᠢᠮ᠎ᠠ  ᠶᠢ ᠪᠠᠨ ᠪᠢ ᠵᠠᠪᠠᠯ ᠣᠯᠣᠨ᠎ᠠ ᠱᠢᠤ

ᠰᠠᠨᠠᠭᠰᠠᠨ ᠰᠡᠳᠭᠢᠯ ᠢ᠋ ᠮᠢᠨᠢ ᠰᠠᠭᠠᠲᠠᠭᠤᠯᠤᠭᠠᠳ
ᠰᠠᠷᠠᠨ ᠤ᠋ ᠳᠣᠣᠷ᠎ᠠ ᠵᠢᠷᠭᠠᠭᠠᠬᠤ ᠦᠭᠡᠢ ᠭᠡᠰᠡᠨ ᠳ᠋ᠦ᠍ ᠪᠠᠨ
ᠵᠥᠷᠢᠭᠦᠯᠡᠵᠦ ᠲᠠᠪᠢᠯᠠᠩ ᠲᠥᠭᠡᠷᠢᠭᠦᠯᠬᠦ ᠲᠣᠰᠤᠮ 
ᠵᠡᠭᠦᠳᠦᠨ ᠳ᠋ᠦ᠍ ᠴᠢᠨᠢ᠂ᠵᠡᠭᠦᠳᠦᠨ ᠳ᠋ᠦ᠍ ᠴᠢᠨᠢ ᠪᠢ ᠵᠣᠴᠢᠨ ᠰᠢᠭ᠋ ᠣᠴᠢᠨ᠎ᠠ  ᠰᠢᠤ
ᠵᠡᠭᠦᠳᠦᠨ ᠳ᠋ᠦ᠍ ᠴᠢᠨᠢ᠂ᠵᠡᠭᠦᠳᠦᠨ ᠳ᠋ᠦ᠍ ᠴᠢᠨᠢ ᠪᠢ ᠵᠣᠴᠢᠨ ᠰᠢᠭ᠋ ᠣᠴᠢᠨ᠎ᠠ ᠰᠢᠤ
ᠳᠦᠷᠢ ᠶ᠋ᠢ ᠴᠢᠨᠢ ᠰᠠᠨᠠᠬᠤ ᠳ᠋ᠤ᠌ ᠲᠡᠭᠷᠢ ᠳ᠋ᠦ᠍ ᠮᠦᠱᠢᠶᠡᠭᠡᠳ ᠪᠠᠢᠬᠤ 
ᠴᠢᠨᠳᠠᠮᠠᠨᠢ ᠭᠡᠭᠡᠨ ᠬᠠᠢᠷ᠎ᠠ ᠮᠢᠨᠢ ᠡ
ᠴᠢᠮ᠎ᠠ ᠲᠠᠢ ᠪᠠᠨ᠂ ᠴᠢᠮ᠎ᠠ ᠲᠠᠢ ᠪᠠᠨ ᠪᠢ ᠵᠠᠪᠠᠯ ᠤᠴᠠᠷᠠᠨ᠎ᠠ  ᠳ᠋ᠠ
ᠴᠢᠮ᠎ᠠ ᠲᠠᠢ ᠪᠠᠨ᠂ ᠴᠢᠮ᠎ᠠ ᠲᠠᠢ ᠪᠠᠨ ᠪᠢ ᠵᠠᠪᠠᠯ ᠤᠴᠠᠷᠠᠨ᠎ᠠ ᠳ᠋ᠠ

ᠦᠭᠡᠢᠯᠡᠭᠰᠡᠨ ᠰᠡᠳᠭᠢᠯ ᠢ᠋ ᠮᠢᠨᠢ ᠰᠠᠭᠠᠲᠠᠭᠤᠯᠤᠭᠠᠳ
ᠡᠭᠦᠯᠡᠰ ᠦ᠋ᠨ ᠳᠣᠣᠷ᠎ᠠ ᠤᠴᠠᠷᠠᠬᠤ ᠦᠭᠡᠢ ᠭᠡᠰᠡᠨ ᠳ᠋ᠦ᠍ ᠪᠡᠨ
ᠵᠥᠷᠢᠭᠦᠯᠡᠵᠦ ᠲᠠᠪᠢᠯᠠᠩ ᠲᠥᠭᠡᠷᠢᠭᠦᠯᠬᠦ ᠲᠣᠰᠤᠮ
ᠵᠢᠷᠦᠬᠡᠨ ᠳ᠋ᠦ᠍ ᠴᠢᠨᠢ᠂ᠵᠢᠷᠦᠬᠡᠨ ᠳ᠋ᠦ᠍ ᠴᠢᠨᠢ ᠪᠢ ᠠᠶᠠᠯᠭᠤ ᠰᠢᠭ᠋ ᠣᠴᠢᠨ᠎ᠠ ᠱᠢᠦ
ᠵᠢᠷᠦᠬᠡᠨ ᠳ᠋ᠦ᠍ ᠴᠢᠨᠢ᠂ᠵᠢᠷᠦᠬᠡᠨ ᠳ᠋ᠦ᠍ ᠴᠢᠨᠢ ᠪᠢ ᠠᠶᠠᠯᠭᠤ ᠱᠢᠭ᠋ ᠣᠴᠢᠨ᠎ᠠ ᠱᠢᠦ
ᠣᠨᠣᠭᠳᠠᠭᠰᠠᠨ ᠵᠢᠷᠭᠠᠯ ᠢ᠋ ᠮᠢᠨᠢ ᠰᠠᠭᠠᠲᠠᠭᠤᠯᠤᠭᠠᠳ
ᠣᠳᠣᠳ ᠤ᠋ᠨ ᠳᠣᠣᠷ᠎ᠠ ᠠᠭᠤᠯᠵᠠᠭᠤᠯᠬᠤ ᠦᠭᠡᠢ ᠭᠡᠰᠡᠨ ᠳ᠋ᠦ᠍ ᠪᠡᠨ
ᠨᠡᠭᠦᠯᠭᠡᠵᠦ ᠲᠠᠪᠢᠯᠠᠩ ᠲᠣᠭᠣᠷᠢᠭᠤᠯᠬᠤ ᠲᠣᠰᠤᠮ
ᠨᠢᠳᠦᠨ ᠳ᠋ᠦ᠍ ᠴᠢᠨᠢ᠂ᠨᠢᠳᠦᠨ ᠳ᠋ᠦ᠍ ᠴᠢᠨᠢ ᠪᠢ ᠱᠢᠪᠠᠭᠤ ᠱᠢᠭ᠋ ᠪᠠᠭᠤᠨ᠎ᠠ ᠱᠢᠦ
ᠴᠢᠮ᠎ᠠ ᠳ᠋ᠤ᠌ ᠪᠠᠨ ᠪᠢ᠂ᠴᠢᠮ᠎ᠠ ᠳ᠋ᠤ᠌ ᠪᠠᠨ ᠪᠢ ᠵᠠᠪᠠᠯ ᠣᠴᠢᠨ᠎ᠠ ᠱᠢᠦ

   ᠦᠰᠦᠭ ᠠᠮᠢᠯᠠᠭᠤᠯᠤᠭᠰᠠᠨ ᠨᠢ᠄ ᠭᠠᠸᠠ
   ᠦᠰᠦᠭ ᠬᠠᠲᠠᠭᠰᠠᠨ ᠨᠢ᠄ ᠭᠠᠸᠠ
   ᠬᠢᠨᠠᠭᠴᠢ ᠪᠠᠭᠰᠢ᠄ ᠢᠷᠡᠭᠡᠳᠦᠢ