ᠪᠤᠷᠢᠶᠠᠳ ᠨᠤᠲᠤᠭ- ᠣᠳᠬᠠᠨᠪᠠᠶᠠᠷ ᠯᠠᠮᠠОдхонбаяр лама - Буриад нутаг
ᠪᠤᠷᠢᠶᠠᠳ ᠨᠤᠲᠤᠭ
ᠦᠭᠡ᠂ ᠠᠶ᠎ᠠ᠄ ᠣᠳᠬᠠᠨᠪᠠᠶᠠᠷ( ᠮᠣᠩᠭᠣᠯ ᠤᠯᠤᠰ)
ᠪᠤᠷᠢᠶᠠᠳ ᠣᠷᠣᠨ ᠤ᠋ ᠨᠠᠷᠠᠨ ᠤᠷᠭᠤᠬᠤ ᠵᠦᠭ
ᠪᠤᠷᠢ ᠰᠤᠮᠤᠨ ( ᠪᠤᠷᠢᠶᠠᠳ ᠰᠤᠮᠤᠨ) ᠭᠡᠬᠦ ᠡᠭᠡᠯ ᠰᠠᠭᠤᠷᠢᠨ ᠰᠦ᠍
ᠪᠤᠯᠲᠤ ᠵᠤᠨ ᠤ᠋ ᠢᠲᠡᠭᠡᠯ ᠰᠢᠩᠭᠡᠭᠡᠭᠰᠡᠨ
ᠪᠤᠷᠬᠠᠨ ᠤ᠋ ᠠᠢᠯᠠᠳᠤᠭᠰᠠᠨ ᠭᠠᠨᠵᠤᠤᠷ ᠲᠠᠢ
ᠠᠯᠲᠠᠨ ᠨᠠᠷᠠᠨ ᠲᠡᠨᠳᠡ ᠡᠴᠡ ᠡᠬᠢᠯᠡᠭᠡᠳ
ᠠᠷᠠᠳ ᠵᠤᠨ ᠢ᠋ ᠪᠤᠶᠠᠨ ᠢ᠋ᠶ᠋ᠠᠷ ᠬᠤᠷᠤᠢᠯᠠᠬᠤ
ᠠᠷᠪᠠᠨ ᠴᠠᠭᠠᠨ ᠦᠢᠯᠡ ᠶ᠋ᠢᠨ ᠡᠬᠢᠯᠡᠯ
ᠠᠶᠤᠰᠢ ᠬᠠᠮᠪᠤ ᠶ᠋ᠢᠨ ᠲᠣᠭᠣᠨᠣᠲᠤ ᠨᠤᠲᠤᠭ
ᠪᠠᠷᠭᠤᠵᠢᠨ ᠳ᠋ᠤ᠌ ᠪᠠᠨ ᠶᠠᠩᠵᠢᠮ᠎ᠠ ᠪᠤᠷᠬᠠᠨ ᠲᠠᠢ
ᠪᠠᠷᠠᠭᠤᠬᠠᠨ ᠳ᠋ᠤ᠌ ᠪᠠᠨ ᠪᠠᠷᠠᠢᠪᠤᠩ ᠬᠡᠢᠳ ᠲᠡᠢ
ᠪᠠᠰᠠ ᠬᠠᠵᠠᠭᠤᠳᠠ ᠪᠠᠨ ᠷᠠᠨᠵᠤᠩ ᠠᠷᠢᠶᠠᠪᠠᠯᠤ ᠲᠠᠢ
ᠪᠠᠬᠠᠳᠤᠮ᠎ᠠ ᠰᠠᠢᠬᠠᠨ ᠲᠡᠦᠬᠡᠨ ᠨᠤᠲᠤᠭ
ᠵᠡᠭᠦᠨ ᠬᠣᠢᠨ᠎ᠠ ᠪᠠᠨ ᠡᠭᠡᠳᠡ ᠶ᠋ᠢᠨ ᠳ᠋ᠠᠼᠠᠩ ᠳ᠋ᠤ᠌
ᠽᠠᠨᠳᠠᠨ ᠵᠣᠣ ᠨᠠᠨᠳᠢᠨ ᠰᠢᠲᠦᠭᠡᠨ ᠲᠡᠢ
ᠵᠠᠶ᠎ᠠ ᠬᠠᠮᠪᠤ ᠶ᠋ᠢᠨ ᠲᠣᠭᠣᠨᠣᠲᠤ ᠰᠣᠩᠭᠣᠣᠯ
ᠵᠣᠯᠪᠣᠭ᠎ᠠ ᠲᠠᠢ ᠲᠦᠮᠡᠨ ᠦ᠌ ᠥᠯᠥᠭᠡᠢ ᠨᠤᠲᠤᠭ
ᠢᠪᠠᠯᠭ᠎ᠠ ᠶ᠋ᠢᠨ ᠳ᠋ᠠᠼᠠᠩ ᠲᠥᠪᠯᠡᠨ ᠤᠳᠤᠷᠢᠳᠬᠤ
ᠶᠡᠬᠡ ᠣᠷᠣᠰ ᠲᠤ᠌ ᠣᠯᠠᠨ ᠳ᠋ᠠᠼᠠᠩ ᠲᠠᠢ
ᠢᠲᠡᠭᠡᠯ ᠬᠠᠮᠪᠤ ᠶ᠋ᠢᠨ ᠮᠥᠩᠬᠡ ᠶ᠋ᠢᠨ ᠯᠠᠭᠱᠠᠨ ᠢ᠋ᠶ᠋ᠠᠷ
ᠢᠷᠡᠭᠡᠳᠦᠢ ᠴᠠᠭ ᠲᠤ᠌ ᠪᠠᠨ ᠮᠥᠩᠬᠡᠷᠡᠬᠦ ᠨᠤᠲᠤᠭ᠃
ᠳᠠᠭᠤᠤ ᠶ᠋ᠢᠨ ᠤᠳᠬ᠎ᠠ ᠶ᠋ᠢᠨ ᠲᠤᠬᠠᠢ ᠵᠣᠬᠢᠶᠠᠭᠴᠢ ᠶ᠋ᠢᠨ ᠲᠠᠢᠯᠪᠤᠷᠢ᠄ ᠪᠤᠷᠢᠶᠠᠳ ᠰᠤᠮᠤᠨ ᠭᠡᠳᠡᠭ ᠨᠤᠲᠤᠭ ᠪᠣᠯ24 ᠳ᠋ᠦ᠍ᠭᠡᠷ ᠪᠠᠨᠳᠢᠳᠠ ᠬᠠᠮᠪᠤ ᠪᠯᠠᠮ᠎ᠠ ᠶ᠋ᠢᠨ ᠲᠥᠷᠥᠭᠰᠡᠨ ᠨᠤᠲᠤᠭ᠂ ᠪᠤᠷᠢᠶᠠᠳ ᠤ᠋ᠨ ᠵᠡᠭᠦᠨ ᠡᠮᠦᠨ᠎ᠡ ᠵᠦᠭ ᠲᠦ᠍ ᠪᠠᠢᠳᠠᠭ᠃ ᠠᠯᠲᠠᠨ ᠭᠠᠨᠵᠤᠤᠷ ᠤ᠋ᠨ ᠠᠳᠢᠰᠲᠤ ᠵᠢᠩᠯᠠᠪ ᠢ᠋ ᠠᠯᠲᠠᠨ ᠨᠠᠷᠠ ᠲᠠᠢ ᠵᠦᠢᠷᠯᠡᠵᠦ᠂ ᠬᠣᠶᠠᠷ ᠬᠠᠮᠪᠤ ᠪᠯᠠᠮ᠎ᠠ ᠶ᠋ᠢᠨ ᠨᠤᠲᠤᠭ ᠲᠤ᠌ ᠵᠣᠷᠢᠭᠤᠯᠵᠤ ᠵᠣᠬᠢᠶᠠᠭᠰᠠᠨ ᠳᠠᠭᠤᠤ ᠶᠤᠮ᠃
ᠦᠰᠦᠭ ᠠᠮᠢᠯᠠᠭᠤᠯᠤᠭᠴᠢ᠄ ᠠᠯᠲᠠᠨᠨᠠᠪᠴᠢ
ᠬᠢᠨᠠᠭᠴᠢ᠄ ᠣᠳᠬᠠᠰᠤᠠ
Буряд нутаг
Одхонбаяр
Буряд орны наран ургах зүг
Бурсомон гэх эгэл сууринцо
Булт зоны итгэл шингээсэн
Бурханы айлдсан ганжууртай
Алтан наран тэндээс ээхэд
Ард зоныг буянаар хуриалах
Арван цагаан үйлийн эхлэл
Аюуш хамбын тоонот нутаг
Зүүнхэн хойноо эгтийн дацанд
Зандан зуу нандин шүтээнтэй
Заяа хамбын тоонот сонгоол
Золбоотой түмний өлгий нутаг
ИВОЛГИЙН ДАЦАН төвлөн удирдах
Их оросод .олон дацантай
Итгэл хамбын мөнхийн лагшингаар
ирээдүй цагтаа мөнхрөх нутаг
Буряд орны наран ургах зүг
Бурсомон гэх эгэл сууринцо
Булт зоны итгэл шингээсэн
Бурханы айлдсан ганжууртай
Алтан наран тэндээс ээхэд
Ард зоныг буянаар хуриалах
Арван цагаан үйлийн эхлэл
Аюуш хамбын тоонот нутаг
Зүүнхэн хойноо эгтийн дацанд
Зандан зуу нандин шүтээнтэй
Заяа хамбын тоонот сонгоол
Золбоотой түмний өлгий нутаг
ИВОЛГИЙН ДАЦАН төвлөн удирдах
Их оросод .олон дацантай
Итгэл хамбын мөнхийн лагшингаар
ирээдүй цагтаа мөнхрөх нутаг
