ᠣᠷᠣᠢ ᠦᠭᠡᠢ ᠰᠦᠮ᠎ᠡ – ᠠᠷᠪᠠᠨ ᠵᠢᠷᠭᠤᠭ᠎ᠠ ᠂ ᠭᠠᠩᠯᠢᠩ ᠤᠨ ᠭᠠᠰᠠᠯᠬᠤ ᠳᠠᠭᠤᠨ Оройгүй сүм – Арванзургаа ᠂ Ганлингийн гаслах дуун - Oroigui sum 16 ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠣᠷᠣᠢ ᠦᠭᠡᠢ ᠰᠦᠮ᠎ᠡ – ᠠᠷᠪᠠᠨ ᠵᠢᠷᠭᠤᠭ᠎ᠠ ᠂ ᠭᠠᠩᠯᠢᠩ ᠤᠨ ᠭᠠᠰᠠᠯᠬᠤ ᠳᠠᠭᠤᠨ Оройгүй сүм – Арванзургаа ᠂ Ганлингийн гаслах дуун - Oroigui sum 16

ᠣᠷᠣᠢ ᠦᠭᠡᠢ ᠰᠦᠮ᠎ᠡ – ᠠᠷᠪᠠᠨ ᠵᠢᠷᠭᠤᠭ᠎ᠠ ᠂ ᠭᠠᠩᠯᠢᠩ ᠤᠨ ᠭᠠᠰᠠᠯᠬᠤ ᠳᠠᠭᠤᠨ Оройгүй сүм – Арванзургаа ᠂ Ганлингийн гаслах дуун - Oroigui sum 16

ᠠᠩᠭᠢᠯᠠᠯ:ᠲᠤᠭᠤᠵᠢ ᠷᠣᠮᠠᠨ
2023-10-25

774

ᠠᠷᠪᠠᠨ ᠵᠢᠷᠭᠤᠭ᠎ᠠ ᠂ ᠭᠠᠩᠯᠢᠩ ᠤᠨ ᠭᠠᠰᠠᠯᠬᠤ ᠳᠠᠭᠤᠨ

         
                                    ᠠᠭᠤᠯᠠᠨ ᠳ᠋ᠤ᠌ ᠲᠥᠷᠥᠭᠰᠡᠨ ᠪᠦᠷᠭᠦᠳ ᠳᠠᠭᠠᠷᠠᠳᠠᠭ ᠦᠭᠡᠢ
                     ᠤᠰᠤᠨ ᠳ᠋ᠤ᠌ ᠲᠥᠷᠥᠭᠰᠡᠨ ᠵᠢᠭᠠᠰᠤ ᠳᠠᠭᠠᠷᠠᠳᠠᠭ ᠦᠭᠡᠢ
                     ᠤᠷᠤᠴᠠᠨ ᠳ᠋ᠤ᠌ ᠲᠥᠷᠥᠭᠰᠡᠨ ᠴᠠᠲᠠᠨ ᠳᠠᠭᠠᠷᠠᠳᠠᠭ ᠦᠭᠡᠢ

       ᠭᠣᠮᠠᠨ ᠳ᠋ᠠᠴᠠᠩ ᠤ᠋ᠨ ᠭᠠᠩᠯᠢᠩᠴᠢ ᠯᠠᠮᠠ ᠬᠡᠪ ᠭᠡᠨᠡᠳᠲᠡ ᠦᠬᠦᠪᠡ᠃ ᠲᠡᠭᠦᠨ ᠢ᠋ ᠣᠷᠣᠯᠠᠵᠤ ᠭᠠᠩᠯᠢᠩ ᠦᠯᠢᠶᠡᠬᠦ ᠬᠥᠮᠦᠨ ᠣᠯᠳᠠᠬᠤ ᠦᠭᠡᠢ ᠪᠠᠢᠯ᠎ᠠ᠃ ᠶᠠᠭ ᠲᠡᠷᠡ ᠦᠶ᠎ᠡ ᠳ᠋ᠦ᠍ ᠫᠠᠪᠤᠩ - ᠬᠠ ᠶ᠋ᠢ ᠲᠣᠭᠣᠷᠢᠵᠤ ᠭᠤᠷᠪᠠᠨ ᠮᠢᠩᠭ᠎ᠠ ᠭᠤᠷᠪᠠᠨ ᠵᠠᠭᠤᠨ ᠭᠤᠴᠢᠨ ᠭᠤᠷᠪᠠᠨ ᠭᠣᠷᠢᠶ᠎ᠠ ᠪᠡᠨ ᠳᠠᠭᠤᠰᠬᠠᠭᠠᠳ ᠳᠡᠰ ᠬᠠᠷ᠎ᠠ ᠴᠢᠷᠠᠢ ᠲᠠᠢ᠂ ᠴᠣᠩᠬᠢᠭᠠᠷ ᠲᠤᠷᠠᠩᠬᠠᠢ ᠴᠡᠭᠡᠵᠢ ᠲᠡᠢ ᠪᠣᠯᠴᠢᠬᠠᠭᠰᠠᠨ ᠰᠠᠩᠵᠢ ᠭᠡᠰᠦᠯ ᠳᠤᠭᠠᠩ ᠳ᠋ᠠᠭᠠᠨ ᠡᠷᠭᠢᠵᠦ ᠢᠷᠡᠵᠡᠢ᠃ ᠳ᠋ᠠᠴᠠᠩ ᠤ᠋ᠨ ᠭᠡᠰᠬᠦᠢ ᠰᠠᠩᠵᠢ ᠭᠡᠰᠦᠯ ᠢ᠋ ᠣᠨᠣᠭᠳᠠᠭᠰᠠᠨ ᠡᠭᠦᠷᠭᠡ ᠪᠡᠨ ᠦᠭᠡ ᠳᠠᠭᠤ ᠦᠭᠡᠢ ᠰᠠᠢᠨ ᠪᠡᠶᠡᠯᠡᠭᠦᠯᠵᠦ ᠭᠣᠷᠢᠶ᠎ᠠ ᠶ᠋ᠢ ᠪᠦᠷᠢᠨ ᠳᠠᠭᠤᠰᠬᠠᠪᠠ ᠭᠡᠵᠦ ᠰᠠᠢᠰᠢᠶᠠᠭᠠᠳ ᠰᠢᠭᠤᠳ ᠯᠠ
       -  ᠭᠠᠩᠯᠢᠩᠴᠢ ᠪᠣᠯᠭᠠᠨ᠎ᠠ! ᠭᠡᠵᠦ ᠠᠢᠯᠠᠳᠴᠠᠢ᠃  ᠭᠠᠩᠯᠢᠩᠴᠢ ᠭᠡᠳᠡᠭ ᠴᠢᠮᠦᠭᠡᠨ ᠪᠦᠷᠢᠶ᠎ᠡ ᠶ᠋ᠢ ᠦᠯᠢᠶᠡᠳᠡᠭ ᠬᠦᠮᠦᠨ ᠪᠣᠯᠭᠠᠬᠤ ᠭᠡᠵᠦ ᠪᠠᠢᠭ᠎ᠠ ᠶ᠋ᠢ ᠴᠣ ᠰᠠᠩᠵᠢ ᠲᠡᠷᠡ ᠳᠣᠣᠷ᠎ᠠ ᠪᠠᠨ ᠣᠢᠯᠠᠭᠠᠯ᠎ᠠ᠃ ᠭᠠᠩᠯᠢᠩ ᠤᠨ ᠭᠠᠰᠠᠯᠬᠤ ᠮᠡᠲᠦ ᠳᠠᠭᠤᠨ ᠳ᠋ᠤ᠌ ᠰᠠᠩᠵᠢ ᠠᠩᠬᠠᠨ ᠠ᠋ᠴᠠ ᠪᠠᠨ ᠲᠡᠳᠦᠢ ᠯᠡ ᠳᠤᠷᠠᠲᠠᠢ ᠪᠢᠰᠢ᠃ ᠠᠷᠭ᠎ᠠ ᠦᠭᠡᠢ ᠶᠢᠨ ᠡᠷᠬᠡᠨ ᠳ᠋ᠦ᠍ ᠯᠡ ᠲᠡᠭᠦᠨ ᠢ᠋ ᠪᠤᠷᠬᠠᠨ ᠨᠣᠮ ᠤ᠋ᠨ ᠬᠥᠭᠵᠢᠮ ᠭᠡᠵᠦ ᠲᠡᠪᠴᠢᠳᠡᠭ ᠪᠠᠢᠯ᠎ᠠ᠃ ᠪᠠᠰᠠ ᠨᠢᠭᠡ ᠡᠪ ᠦᠭᠡᠢ ᠰᠡᠳᠬᠢᠭᠳᠡᠯ ᠲᠥᠷᠥᠭᠰᠡᠨ ᠰᠢᠯᠲᠠᠭᠠᠨ ᠪᠣᠢ᠃ ᠶᠠᠭᠤ ᠭᠡᠪᠡᠯ ᠭᠠᠩᠯᠢᠩ ᠪᠦᠷᠢᠶ᠎ᠡ ᠶ᠋ᠢ ᠠᠷᠪᠠᠨ ᠨᠠᠢ᠍ᠮᠠᠨ ᠨᠠᠰᠤᠨ ᠤ᠋ ᠡᠮᠡᠭᠲᠡᠢ ᠬᠥᠮᠦᠨ ᠦ᠌ ᠴᠢᠮᠦᠭᠡᠨ ᠦ᠌ ᠶᠠᠰᠤ ᠪᠠᠷ ᠬᠢᠳᠡᠭ ᠭᠡᠰᠡᠨ ᠳᠣᠮᠣᠭ ᠲᠠᠢ ᠪᠣᠯᠬᠤ ᠶ᠋ᠢ ᠨᠢ ᠪᠠᠭᠰᠢ ᠯᠠᠮᠠ ᠴᠤᠢᠮᠴᠤᠭ ᠠ᠋ᠴᠠ ᠰᠣᠨᠣᠰᠤᠭᠰᠠᠨ ᠪᠢᠯᠡ᠃ ᠭᠠᠩᠯᠢᠩ ᠤ᠋ᠨ ᠳᠠᠭᠤ ᠨᠢ ᠠᠵᠢᠨᠠᠢ  ᠰᠠᠢᠨ ᠬᠦᠯᠦᠭ ᠮᠣᠷᠢᠨ ᠤ᠋ ᠢᠨᠴᠠᠭᠠᠬᠤ ᠶ᠋ᠢ ᠰᠠᠨᠠᠭᠳᠠᠭᠤᠯᠬᠤ ᠤᠴᠢᠷᠲᠠᠢ᠃ ᠠᠵᠢᠨᠠᠢ ᠮᠣᠷᠢ ᠶ᠋ᠢ ᠤᠨᠤᠵᠤ ᠠᠷᠢᠭᠤᠨ ᠰᠤᠬᠠᠪᠠᠭᠠᠳ ᠤ᠋ᠨ ᠣᠷᠣᠨ ᠢ᠋ᠶ᠋ᠠᠨ ᠰᠦᠵᠢᠭᠲᠡᠨ ᠬᠦᠷᠦᠯᠴᠡᠨ ᠣᠴᠢᠬᠤ ᠶᠣᠰᠣᠲᠠᠢ᠃ ᠲᠡᠷᠡ ᠯᠠ ᠶᠣᠰᠣ ᠶ᠋ᠢ ᠳᠠᠭᠠᠵᠤ ᠴᠢᠮᠦᠭᠡᠨ ᠪᠦᠷᠢᠶᠡᠨ ᠦ᠌ ᠰᠠᠯᠠᠭᠠᠯᠠᠭᠰᠠᠨ ᠪᠤᠯᠴᠠᠭᠤᠨ ᠳᠡᠭᠡᠷ᠎ᠡ ᠮᠣᠷᠢᠨ ᠤ᠋ ᠬᠠᠮᠠᠷ ᠤ᠋ᠨ ᠨᠦᠬᠡ ᠶ᠋ᠢ ᠳᠠᠭᠤᠷᠢᠶᠠᠯᠭᠠᠭᠰᠠᠨ ᠬᠣᠶᠠᠷ ᠴᠣᠭᠣᠷᠠᠬᠠᠢ ᠭᠠᠷᠭᠠᠵᠤ᠂ ᠲᠡᠭᠦᠪᠡᠷ ᠨᠢ ᠳᠤᠤᠭᠠᠷᠬᠤ ᠪᠠᠷ ᠪᠣᠳᠣᠵᠤ ᠬᠢᠳᠡᠭ ᠠᠵᠢ᠃ ᠬᠥᠮᠦᠨ ᠦ᠌ ᠴᠢᠮᠦᠭᠡᠨ ᠦ᠌ ᠶᠠᠰᠤ ᠪᠠᠷ ᠬᠢᠭᠰᠡᠨ ᠬᠥᠭᠵᠢᠮ ᠢ᠋ ᠠᠮᠠ ᠪᠠᠷ ᠢ᠋ᠶ᠋ᠠᠨ ᠦᠯᠢᠶᠡᠵᠦ ᠮᠣᠷᠢᠨ ᠢᠨᠴᠠᠭᠠᠬᠤ ᠮᠡᠲᠦ ᠳᠠᠭᠤᠨ ᠭᠠᠷᠭᠠᠬᠤ ᠨᠢ ᠨᠢᠭᠡ ᠯᠠ ᠵᠢᠬᠡᠭᠦᠳᠡᠰᠦ ᠬᠥᠷᠥᠮᠡᠷ ᠶᠦᠮ ᠰᠢᠭ ᠰᠠᠩᠵᠢ ᠭᠡᠰᠦᠯ ᠳ᠋ᠦ᠍ ᠰᠠᠨᠠᠭᠳᠠᠳᠠᠭ ᠪᠠᠢᠵᠠᠢ᠃ ᠭᠡᠪᠡᠴᠦ ᠬᠦᠷᠢᠶ᠎ᠡ ᠬᠡᠢᠳ ᠪᠣᠯᠭᠠᠨ ᠳ᠋ᠤ᠌ ᠭᠠᠩᠯᠢᠩ ᠤ᠋ᠨ ᠭᠠᠰᠠᠯᠤᠨ ᠢᠨᠴᠠᠭᠠᠬᠤ ᠳᠠᠭᠤ ᠬᠤᠷᠠᠯ ᠨᠣᠮ ᠤ᠋ᠨ ᠦᠢᠯᠡ ᠪᠣᠯᠭᠠᠨ ᠳᠡᠭᠡᠷ᠎ᠡ ᠰᠣᠨᠣᠰᠤᠭᠳᠠᠭᠰᠠᠭᠠᠷ ᠢᠵᠢᠯ ᠳᠠᠰᠤᠯ ᠪᠣᠯᠵᠠᠢ᠃ ᠬᠠᠷᠢᠨ ᠥᠪᠡᠷ ᠦ᠋ᠨ ᠪᠡᠶ᠎ᠡ ᠪᠡᠷ ᠭᠠᠩᠯᠢᠩᠴᠢ ᠪᠣᠯᠤᠨ᠎ᠠ ᠭᠡᠬᠦ ᠳ᠋ᠦ᠍ ᠰᠠᠩᠵᠢ ᠴᠣᠴᠢᠷᠳᠠᠨ ᠪᠢᠰᠢᠭᠦᠷᠬᠡᠯ᠎ᠡ᠃
       - ᠬᠠᠷᠠᠩᠭᠠᠴᠢ ᠪᠣᠯᠣᠶ᠎ᠠ ᠯᠠ ᠳᠠ᠂ ᠪᠠᠭᠰᠢ ᠮᠢᠨᠢ ᠭᠡᠵᠦ ᠰᠠᠩᠵᠢ ᠭᠤᠶᠤᠭᠰᠠᠨ ᠳ᠋ᠤ᠌ ᠭᠡᠰᠬᠦᠢ:
       - ᠬᠥᠮᠦᠨ ᠨᠢᠭᠡᠨᠲᠡ ᠡᠵᠡᠩᠨᠡᠵᠦ ᠪᠠᠢᠭ᠎ᠠ ᠶᠠᠭᠤᠮᠠᠨ ᠳ᠋ᠤ᠌ ᠰᠢᠨᠤᠬᠤ ᠨᠢᠭᠦᠯ ᠬᠡᠪ᠃ ᠦᠨᠡᠬᠡᠷ ᠬᠠᠷᠠᠩᠭ᠎ᠠ ᠴᠤᠬᠢᠬᠤ ᠬᠥᠮᠦᠨ ᠳᠤᠲᠠᠭ᠎ᠠ ᠦᠭᠡᠢ ᠨᠢ ᠢᠯᠡᠷᠬᠡᠢ ᠪᠠᠢᠯ᠎ᠠ᠃
       - ᠲᠡᠭᠡᠪᠡᠯ ᠳᠤᠳᠠᠷᠠᠮᠴᠢ ᠪᠣᠯᠣᠶ᠎ᠠ ᠭᠡᠵᠦ ᠰᠠᠩᠵᠢ ᠳᠠᠬᠢᠨ ᠠᠮᠠ ᠨᠡᠭᠡᠭᠡᠬᠦ ᠳ᠋ᠦ᠍ ᠭᠡᠰᠬᠦᠢ ᠠᠭᠤᠷᠯᠠᠵᠤ:
       - ᠭᠠᠩᠯᠢᠩ ᠠ᠋ᠴᠠ ᠥᠭᠡᠷ᠎ᠡ ᠶᠠᠭᠤᠮ᠎ᠠ ᠪᠢᠲᠡᠭᠡᠢ ᠭᠣᠷᠢᠳᠠ! ᠴᠢᠮᠠᠶ᠋ᠢ ᠭᠠᠩᠯᠢᠩᠴᠢ ᠪᠣᠯᠭᠠᠬᠤ ᠪᠠᠷ ᠬᠡᠳᠦᠢᠨᠢ ᠲᠣᠮᠢᠯᠠᠭᠰᠠᠨ᠃ ᠦᠭᠡ ᠳᠠᠭᠤ ᠦᠭᠡᠢ ᠶᠠᠪᠤᠵᠤ ᠵᠡᠯᠰᠡᠩ ᠵᠢᠨᠵᠦᠭ ᠲᠦ ᠱᠠᠪᠢ ᠣᠷᠣ! ᠭᠡᠵᠦ  ᠲᠤᠰᠢᠶᠠᠵᠠᠢ᠃ ᠥᠭᠡᠷ᠎ᠡ ᠵᠠᠮ ᠦᠭᠡᠢ ᠪᠣᠯᠤᠭᠰᠠᠨ ᠨᠢ ᠲᠣᠳᠣᠷᠬᠠᠢ᠃ 
       ᠰᠠᠩᠵᠢ ᠭᠠᠷᠬᠤ ᠵᠠᠮ ᠦᠭᠡᠢ ᠳ᠋ᠦ᠍ ᠰᠡᠳᠬᠢᠯ ᠢ᠋ᠶ᠋ᠡᠷ ᠪᠠᠭᠠᠬᠠᠨ ᠭᠤᠳᠤᠷᠠᠭᠰᠠᠨ ᠪᠣᠯᠪᠠᠴᠤ ᠭᠠᠩᠯᠢᠩᠴᠢ ᠪᠣᠯᠬᠤ ᠳᠠᠯᠢᠮ ᠢ᠋ᠶ᠋ᠠᠷ ᠪᠤᠷᠬᠠᠨ ᠤ᠋ ᠬᠥᠭᠵᠢᠮ ᠦ᠋ᠨ ᠵᠢᠮᠰᠡᠭ ᠡᠵᠡᠮᠰᠢᠵᠦ᠂ ᠴᠢᠬᠢ ᠪᠡᠨ ᠣᠩᠭᠣᠢᠯᠭᠠᠵᠤ ᠶᠠᠪᠤᠬᠤ ᠶᠢᠨ ᠭᠣᠷᠢᠳᠠᠯᠭ᠎ᠠ ᠳ᠋ᠤ᠌ ᠠᠪᠲᠠᠭᠳᠠᠯ᠎ᠠ᠃ ᠰᠦᠮ᠎ᠡ ᠶ᠋ᠢᠨ ᠣᠩᠵᠠᠳ ᠤ᠋ᠨ ᠲᠤᠰᠯᠠᠬᠤ ᠶ᠋ᠢ ᠵᠢᠨᠵᠦᠭ (ᠵᠢᠩᠵᠠᠢ) ᠭᠡᠳᠡᠭ ᠪᠥᠭᠡᠳ ᠬᠤᠷᠠᠯ ᠨᠣᠮ ᠤ᠋ᠨ ᠬᠥᠭᠵᠢᠮ ᠢ᠋ ᠲᠡᠷᠡ ᠡᠷᠬᠢᠯᠡᠨ ᠭᠦᠢᠴᠡᠳᠬᠡᠳᠡᠭ ᠶᠤᠮ ᠰᠠᠨᠵᠡᠢ᠃ ᠭᠣᠮᠠᠨ ᠳ᠋ᠠᠴᠠᠩ ᠤ᠋ᠨ ᠵᠢᠨᠵᠦᠭ ᠨᠢ ᠵᠡᠯᠰᠡᠩ ᠭᠡᠳᠡᠭ ᠳᠡᠯᠳᠡᠬᠡᠷ ᠬᠥᠬᠡ ᠲᠦᠪᠡᠳ ᠪᠠᠢᠳᠠᠭ᠃ ᠲᠡᠷᠡ ᠬᠥᠭᠵᠢᠮ ᠦ᠋ᠨ ᠠᠪᠢᠶᠠᠰ ᠲᠠᠢ ᠪᠠᠰᠠ ᠡᠶᠡᠯᠳᠡᠭ ᠬᠥᠮᠦᠨ ᠲᠤᠯᠠ ᠰᠠᠩᠵᠢ ᠲᠡᠭᠦᠨ ᠡᠴᠡ ᠶᠠᠭᠤᠮ᠎ᠠ ᠵᠢᠭᠠᠯᠭᠠᠵᠤ ᠠᠪᠬᠤ ᠭᠣᠷᠢᠳᠠᠯᠭ᠎ᠠ ᠲᠠᠢ ᠪᠠᠢᠯ᠎ᠠ᠃
       - ᠳᠦᠷ ᠯᠡ ᠭᠠᠩᠯᠢᠩᠴᠢ ᠪᠣᠯᠤᠨ᠎ᠠ ᠰᠢᠦ! ᠭᠡᠵᠦ ᠰᠠᠩᠵᠢ ᠭᠡᠰᠬᠦᠢ ᠳ᠋ᠦ᠍ ᠭᠤᠶᠤᠵᠠᠢ᠃ ᠭᠡᠰᠬᠦᠢ ᠲᠡᠭᠦᠨ ᠳᠦ ᠬᠠᠷᠢᠭᠤ ᠬᠡᠯᠡᠭᠡ ᠦᠭᠡᠢ ᠪᠣᠯᠪᠠᠴᠤ ᠴᠢᠷᠠᠢ᠎ ᠶᠢᠨ ᠪᠠᠢᠳᠠᠯ ᠢ᠋ᠶ᠋ᠠᠷ ᠵᠥᠪᠱᠢᠶᠡᠷᠡᠭᠰᠡᠨ ᠢ᠋ ᠰᠠᠩᠵᠢ ᠭᠠᠳᠠᠷᠯᠠᠵᠠᠢ᠃ ᠭᠠᠩᠯᠢᠩ ᠰᠤᠷᠤᠭᠠᠳ ᠯᠠ ᠰᠠᠯᠠᠬᠤ ᠶ᠋ᠢ ᠰᠠᠩᠵᠢ ᠬᠦᠰᠡᠵᠡᠢ᠃
       - ᠡᠭᠦᠨ ᠢ᠋ ᠭᠠᠩᠯᠢᠩ ᠦᠯᠢᠶᠡᠵᠦ ᠰᠤᠷᠲᠠᠯ᠎ᠠ ᠨᠢ ᠬᠤᠷᠠᠯ ᠤ᠋ᠨ ᠦᠶ᠎ᠡ ᠪᠡᠷ ᠪᠢ ᠯᠡ ᠳᠦᠷ ᠭᠠᠩᠯᠢᠩᠴᠢ ᠬᠢᠵᠦ ᠪᠠᠢᠬᠤ ᠠ᠋ᠴᠠ ᠶᠠᠭᠠᠬᠢᠬᠤ ᠪᠤᠢ ! ᠭᠡᠵᠦ ᠵᠡᠯᠰᠡᠩ ᠵᠢᠨᠵᠦᠭ ᠠᠮᠠ ᠥᠭᠴᠡᠢ᠃ ᠭᠡᠰᠬᠦᠢ ᠯᠠᠮᠠ:
       - ᠲᠦᠷᠭᠡᠨ ᠯᠡ ᠰᠤᠷᠭᠠᠪᠠᠯ ᠲᠦᠷᠭᠡᠨ ᠯᠡ ᠰᠠᠯᠤᠨ᠎ᠠ ᠭᠡᠵᠦ ᠵᠢᠨᠵᠦᠭ ᠲᠦ ᠣᠢᠯᠠᠭᠠᠭᠤᠯᠵᠠᠢ᠃  ᠵᠡᠯᠰᠡᠩ ᠵᠢᠨᠵᠦᠭ ᠰᠠᠩᠵᠢ ᠭᠡᠰᠦᠯ ᠳ᠋ᠦ᠍ ᠵᠥᠪᠬᠡᠨ ᠯᠡ ᠭᠠᠩᠯᠢᠩ ᠦᠯᠢᠶᠡᠵᠦ ᠰᠤᠷᠭᠠᠬᠤ ᠶ᠋ᠢ ᠵᠠᠪᠳᠤᠪᠠ᠃ ᠲᠡᠭᠦᠨ ᠳ᠋ᠦ᠍ ᠰᠠᠩᠵᠢ ᠳᠤᠷ᠎ᠠ ᠦᠭᠡᠢᠴᠡᠵᠦ:
       - ᠨᠢᠭᠡᠨᠲᠡ ᠯᠡ ᠨᠠᠮᠠᠶ᠋ᠢ ᠬᠥᠭᠵᠢᠮ ᠦ᠋ᠨ ᠯᠠᠮᠠ ᠪᠠᠷ ᠠᠪᠤᠭᠰᠠᠨ ᠪᠣᠯ ᠪᠢ ᠬᠤᠷᠠᠯ ᠨᠣᠮ ᠤᠨ ᠬᠥᠭᠵᠢᠮ ᠦ᠋ᠨ ᠲᠠᠯ᠎ᠠ ᠪᠠᠷ ᠰᠠᠢᠨ ᠮᠡᠳᠡᠵᠦ ᠠᠪᠤᠮᠠᠷ ᠪᠠᠢᠨ᠎ᠠ ᠭᠡᠪᠡ᠃
       - ᠵᠠ ᠶᠠᠭᠠᠬᠢᠬᠤᠪ᠂ ᠵᠠᠯᠬᠠᠭᠤᠷᠠᠬᠤ ᠦᠭᠡᠢ ᠪᠣᠯ ᠵᠢᠭᠠᠯᠭᠠᠨ᠎ᠠ ᠯᠠ ᠪᠢᠵᠡ᠃ ᠮᠠᠷᠭᠠᠰᠢ ᠠ᠋ᠴᠠ ᠡᠬᠢᠯᠡᠨ᠎ᠡ ᠭᠡᠵᠦ ᠵᠡᠯᠰᠡᠩ ᠵᠢᠨᠵᠦᠭ ᠪᠣᠯᠵᠣᠯ᠎ᠠ᠃ 
       ᠮᠠᠷᠭᠠᠰᠢ ᠨᠢ ᠵᠡᠯᠰᠡᠩ ᠵᠢᠨᠵᠦᠭ ᠬᠠᠮᠤᠭ ᠪᠠᠢᠳᠠᠭ ᠡᠷᠳᠡᠮ ᠢ᠋ᠶ᠋ᠡᠷ ᠢ᠋ᠶ᠋ᠡᠨ ᠰᠠᠩᠵᠢ ᠭᠡᠰᠦᠯ ᠳᠦ ᠭᠠᠢᠬᠠᠭᠤᠯᠬᠤ ᠪᠠᠷ ᠰᠢᠢᠳᠴᠡᠢ᠃ ᠢᠪᠴᠤᠤᠬᠠᠨ ᠰᠢᠪᠡᠷ ᠲᠠᠰᠤᠯᠭᠠᠨ ᠳ᠋ᠤ᠌ ᠬᠤᠷᠠᠯ ᠨᠣᠮ ᠤᠨ ᠪᠦᠬᠦᠢᠯᠡ ᠬᠥᠭᠵᠢᠮ ᠦ᠋ᠨ ᠵᠢᠮᠰᠡᠭ ᠢ᠋ ᠥᠷᠥᠴᠢᠬᠡᠭᠰᠡᠨ ᠪᠠᠢᠯ᠎ᠠ᠃ ᠭᠡᠬᠦ ᠳ᠋ᠡᠭᠡᠨ ᠳᠥᠷᠪᠡᠨ ᠬᠠᠨᠠᠨ ᠤ ᠢᠷᠤᠭᠠᠷ ᠲᠤ᠌ ᠳᠥᠷᠪᠡᠨ ᠬᠡᠰᠡᠭ ᠪᠣᠯᠭᠠᠨ ᠬᠥᠭᠵᠢᠮ ᠢ᠋ᠶ᠋ᠡᠨ ᠥᠷᠥᠵᠡᠢ᠃
       - ᠪᠤᠷᠬᠠᠨ ᠤ᠋ ᠬᠥᠭᠵᠢᠮ᠎ ᠳᠥᠷᠪᠡᠨ ᠶᠠᠩᠵᠤ ᠪᠢᠯᠡ ᠭᠡᠵᠦ ᠵᠡᠯᠰᠡᠩ ᠵᠢᠨᠵᠦᠭ ᠶᠠᠷᠢᠶ᠎ᠠ ᠪᠠᠨ ᠡᠬᠢᠯᠡᠪᠡ᠃ ᠰᠣᠨᠢᠭᠤᠴᠢ ᠰᠡᠳᠬᠢᠯ ᠳ᠋ᠡᠭᠡᠨ ᠰᠠᠩᠵᠢ ᠬᠥᠲᠥᠯᠦᠭᠳᠡᠯ᠎ᠡ᠃
       - ᠬᠥᠳᠡᠯᠭᠡᠬᠦ ᠪᠤᠶᠤ ᠴᠣᠬᠢᠪᠤᠷᠢ ᠬᠥᠭᠵᠢᠮ ᠦ᠋ᠨ ᠲᠥᠷᠥᠯ ᠵᠦᠢᠯ ᠡᠨᠡ! ᠭᠡᠵᠦ ᠪᠠᠷᠠᠭᠤᠨ ᠬᠠᠨᠠᠨ ᠤ᠋ ᠢᠷᠣᠭᠠᠷ ᠲᠤ᠌ ᠥᠷᠥᠭᠰᠡᠨ ᠵᠦᠢᠯ ᠢ᠋ ᠵᠢᠨᠵᠦᠭ ᠬᠤᠷᠤᠭᠤ ᠪᠠᠷ ᠵᠠᠩᠭᠠᠯ᠎ᠠ᠃
       - ᠬᠣᠩᠬᠣ᠂ ᠲᠠᠮᠠᠷᠦ ᠬᠣᠶᠠᠷ ᠢ᠋ ᠲᠡᠨᠳᠡ ᠲᠠᠯᠪᠢᠵᠠᠢ᠃ ᠬᠣᠩᠬᠣᠨ ᠤ᠋ ᠪᠠᠷᠢᠭᠤᠯ ᠢ᠋ ᠸᠠᠴᠢᠷ ᠬᠡᠯᠪᠡᠷᠢᠲᠡᠢ ᠬᠢᠵᠦ᠂ ᠣᠮ ᠬᠣᠮ ᠳ᠋ᠷᠠᠮ  ᠬᠢᠷᠢ ᠪᠤᠶᠤ ᠠᠮᠤᠷᠯᠠᠩᠭᠤᠢ᠂ ᠳᠡᠯᠭᠡᠷᠡᠩᠭᠦᠢ᠂ ᠡᠷᠬᠡ᠂ ᠳᠣᠭᠰᠢᠨ ᠭᠡᠰᠡᠨ ᠤᠳᠬ᠎ᠠ ᠲᠠᠢ ᠦᠰᠦᠭ ᠢ᠋ ᠳᠣᠲᠣᠷ᠎ᠠ ᠲᠠᠯ᠎ᠠ ᠳ᠋ᠤ᠌ ᠨᠢ ᠡᠷᠭᠢᠨ ᠲᠣᠭᠣᠷᠢᠨ ᠪᠢᠴᠢᠭᠰᠡᠨ ᠪᠠᠢᠳᠠᠭ᠃ ᠵᠡᠭᠦᠨ ᠭᠠᠷ ᠲᠤ᠌ ᠬᠣᠩᠬᠣ ᠶ᠋ᠢ ᠪᠠᠷᠢᠨ᠎ᠠ᠃ ᠪᠠᠷᠠᠭᠤᠨ ᠭᠠᠷ ᠲᠤ᠌ ᠸᠠᠴᠢᠷ ᠪᠠᠷᠢᠵᠤ ᠬᠣᠩᠬᠣ ᠶ᠋ᠢ ᠴᠣᠬᠢᠨ᠎ᠠ᠃ ᠬᠣᠩᠬᠣ᠂  ᠲᠠᠮᠠᠷᠦ ᠶ᠋ᠢᠨ ᠳᠠᠭᠤ ᠪᠣᠯ ᠪᠤᠷᠬᠠᠨ ᠤ᠋ ᠱᠠᠪᠢ ᠨᠠᠷ ᠲᠤ᠌ ᠰᠠᠭᠠᠳ ᠲᠦᠢᠳᠬᠡᠷ ᠬᠢᠬᠦ ᠭᠡᠵᠦ ᠦᠷᠭᠦᠯᠵᠢ ᠪᠣᠳᠣᠵᠤ ᠪᠠᠢᠳᠠᠭ ᠪᠤᠭ ᠴᠢᠳᠬᠥᠷ ᠢ᠋ ᠦᠯᠳᠡᠨ ᠬᠥᠭᠡᠭᠡᠳᠡᠭ ᠶᠦᠮ ᠭᠡᠵᠦ ᠢᠷᠡᠭᠡᠳ ᠯᠡ ᠵᠡᠯᠰᠡᠩ ᠵᠢᠨᠵᠦᠭ ᠠᠢᠬᠤᠪᠲᠤᠷ  ᠨᠤᠷᠱᠤᠨ ᠶᠠᠷᠢᠵᠤ ᠡᠬᠢᠯᠡᠬᠦ ᠳ᠋ᠦ᠍ ᠰᠠᠩᠵᠢ ᠵᠠᠯᠬᠠᠭᠤ ᠨᠢ ᠬᠦᠷᠴᠡᠢ᠃ ᠲᠡᠭᠦᠨ ᠦ ᠮᠡᠳᠡᠳᠡᠭ ᠶᠠᠭᠤᠮ᠎ᠠ ᠶ᠋ᠢ ᠨᠤᠷᠱᠤᠬᠤ ᠳ᠋ᠤ᠌ ᠡᠪᠰᠢᠶᠡᠮᠡᠷ ᠪᠣᠯᠳᠠᠭ ᠪᠠᠢᠯ᠎ᠠ᠃ ᠲᠡᠷᠡ ᠪᠠᠢᠳᠠᠯ ᠢ ᠭᠠᠳᠠᠷᠯᠠᠭᠰᠠᠨ ᠵᠡᠯᠰᠡᠩ  ᠵᠡᠭᠦᠨ ᠬᠠᠶᠠᠭ᠎ᠠ ᠤᠷᠤᠭᠤ ᠣᠴᠢᠵᠤ:
       - ᠡᠨᠳᠡ ᠳᠡᠯᠡᠳᠬᠦ ᠲᠥᠷᠥᠯ ᠦ᠋ᠨ ᠳᠡᠯᠡᠳᠪᠦᠷᠢ ᠬᠥᠭᠵᠢᠮ ᠪᠠᠢᠨ᠎ᠠ ᠭᠡᠳ ᠬᠡᠩᠭᠡᠷᠭᠡ ᠳᠣᠬᠢᠭᠤᠷ ᠲᠠᠢ᠂  ᠫᠣᠣᠯᠢᠶᠣᠰᠣᠨ ᠴᠠᠩ ᠬᠣᠣᠰ ᠢ᠋ᠶ᠋ᠠᠷ ᠢ᠋ᠶ᠋ᠠᠨ᠂ ᠮᠥᠨ ᠴᠠᠷᠠᠭᠠᠨ ᠳᠣᠲᠣᠷ᠎ᠠ ᠪᠠᠨ ᠬᠣᠣᠰ ᠸᠠᠴᠢᠷ ᠤ᠋ᠨ ᠵᠢᠷᠤᠭ ᠲᠠᠢ  ᠰᠸᠯᠨᠢᠩ ᠂ ᠵᠡᠰ ᠬᠠᠷᠠᠩᠭ᠎ᠠ᠂ ᠮᠥᠩᠭᠥᠯᠡᠭᠰᠡᠨ ᠳᠢᠩᠱᠠᠭ᠂ ᠭᠣᠶᠣᠮᠰᠣᠭ ᠡᠰᠢᠲᠡᠢ ᠳᠤᠳᠠᠷᠮ᠎ᠠ  ᠡᠢᠮᠦ ᠲᠠᠪᠤᠨ ᠲᠥᠷᠥᠯ ᠦ᠋ᠨ ᠬᠥᠭᠵᠢᠮ ᠦ᠋ᠨ ᠵᠢᠮᠰᠡᠭ ᠢ᠋ ᠵᠢᠨᠵᠦᠭ ᠵᠡᠯᠰᠡᠩ ᠵᠢᠭᠠᠯ᠎ᠠ᠃ ᠭᠡᠬᠦ ᠳᠡᠬᠡᠨ ᠳᠤᠤᠭᠠᠷᠭᠠᠬᠤ ᠠᠷᠭ᠎ᠠ ᠶ᠋ᠢ ᠳᠠᠷᠠᠭ᠎ᠠ ᠵᠢᠭᠠᠨ᠎ᠠ ᠭᠡᠨ᠎ᠡ᠃ 
      ᠬᠡᠩᠭᠡᠷᠭᠡ ᠶ᠋ᠢ ᠰᠠᠩᠵᠢ ᠰᠠᠢᠨ ᠴᠣᠬᠢᠳᠠᠭ ᠪᠠᠢᠯ᠎ᠠ᠃ ᠪᠦᠷ ᠪᠠᠭ᠎ᠠ ᠳ᠋ᠠᠭᠠᠨ ᠲᠡᠭᠦᠨ ᠢ᠋ ᠰᠤᠷᠴᠠᠢ᠃ ᠬᠠᠷᠢᠨ ᠡᠨᠳᠡᠬᠢ ᠶ᠋ᠢᠨ ᠬᠡᠩᠭᠡᠷᠭᠡᠨ ᠦ᠌ ᠳᠣᠬᠢᠭᠤᠷ ᠤ᠋ᠳ ᠭᠣᠣᠯᠳᠠᠭᠤ ᠮᠠᠲᠠᠷ ᠤ᠋ᠨ ᠲᠣᠯᠣᠭᠠᠢ ᠶᠢ ᠳᠦᠷᠰᠦᠯᠡᠨ ᠬᠢᠭᠰᠡᠨ ᠬᠠᠴᠢᠨ ᠬᠡᠯᠪᠡᠷᠢ ᠲᠡᠢ ᠨᠢ ᠰᠣᠨᠢᠨ ᠠᠵᠢ᠃ ᠴᠠᠩ ᠢ᠋ ᠴᠣ ᠰᠠᠩᠵᠢ ᠪᠠᠰᠠ ᠲᠡᠳᠦᠢ ᠯᠡ ᠰᠣᠨᠢᠷᠬᠠᠭᠰᠠᠨ ᠦᠭᠡᠢ᠃ ᠰᠢᠷᠡᠮᠦ᠂ ᠵᠡᠰ᠂ ᠮᠥᠩᠭᠥ ᠭᠤᠷᠪᠠ ᠶ᠋ᠢ ᠬᠣᠯᠢᠵᠤ ᠴᠢᠳᠬᠤᠭᠰᠠᠨ ᠲᠤᠯᠠ ᠶᠡᠬᠡ ᠴᠠᠷᠭᠢᠶ᠎ᠠ ᠳᠠᠭᠤ ᠲᠠᠢ᠂  ᠳᠡᠯᠪᠡᠭᠡ ᠨᠢ ᠲᠣᠮᠣ ᠲᠣᠰᠤᠮ ᠢ᠋ᠶ᠋ᠠᠨ ᠤᠯᠠᠮ ᠶᠡᠬᠡ ᠨᠦᠷᠭᠢᠶᠡᠨ ᠲᠡᠢ ᠪᠣᠯᠳᠠᠭ ᠭᠡᠵᠦ ᠴᠠᠩ ᠤ᠋ᠨ ᠲᠤᠬᠠᠢ ᠪᠠᠭᠰᠢ ᠯᠠᠮᠠ ᠡᠷᠲᠡ ᠳᠡᠭᠡᠷ᠎ᠡ ᠦᠶ᠎ᠡ ᠳ᠋ᠦ᠍ ᠬᠡᠯᠡᠭᠰᠡᠨ ᠨᠢ ᠰᠠᠨᠠᠭᠠᠨ ᠳ᠋ᠤ᠌ ᠣᠷᠣᠪᠠ᠃ ᠲᠡᠷᠡᠴᠢᠯᠡᠨ ᠢ᠋ᠶ᠋ᠡᠷ ᠰᠸᠯᠨᠢᠩ᠂ ᠬᠠᠷᠠᠩᠭ᠎ᠠ᠂ ᠳᠢᠩᠱᠠᠭ ᠪᠣᠯ ᠴᠣᠬᠢᠨ ᠳᠡᠯᠡᠳᠬᠦ  ᠳ᠋ᠦ᠍ ᠥᠪᠡᠷ ᠥᠪᠡᠷ ᠦ᠋ᠨ ᠥᠪᠡᠷᠮᠢᠴᠡ ᠳᠠᠭᠤ ᠭᠠᠷᠭᠠᠳᠠᠭ ᠪᠣᠯᠪᠠᠴᠤ ᠦᠨᠳᠦᠰᠦᠨ ᠴᠢᠨᠠᠷ ᠢ᠋ᠶ᠋ᠠᠷ ᠢ᠋ᠶ᠋ᠠᠨ ᠠᠳᠠᠯᠢ ᠲᠥᠷᠥᠯ ᠦ᠋ᠨ ᠬᠥᠭᠵᠢᠮ ᠦ᠋ᠳ ᠶᠦᠮ᠃  ᠳᠡᠯᠡᠳᠬᠦ ᠬᠥᠭᠵᠢᠮ ᠦ᠋ᠨ ᠬᠠᠮᠤᠭ ᠤ᠋ᠨ ᠰᠣᠨᠢᠷᠬᠠᠯᠲᠠᠢ ᠨᠢ ᠳᠤᠳᠠᠷᠮ᠎ᠠ ᠶᠤᠮ᠃ ᠳᠤᠳᠠᠷᠮ᠎ᠠ ᠶ᠋ᠢ ᠰᠠᠩᠵᠢ ᠳᠤᠤᠭᠠᠷᠭᠠᠵᠤ  ᠰᠤᠷᠤᠭ᠎ᠠ ᠦᠭᠡᠢ ᠪᠢᠯᠡ᠃ ᠬᠠᠷᠢᠨ ᠳᠠᠭᠤ ᠨᠢ ᠶᠡᠬᠡ ᠲᠠᠭᠠᠯᠠᠭᠳᠠᠬᠤ ᠤᠴᠢᠷ ᠲᠣᠭᠯᠠᠵᠤ  ᠰᠤᠷᠬᠤ ᠰᠠᠨ ᠭᠡᠵᠦ ᠪᠣᠳᠣᠳᠠᠭ ᠪᠠᠢᠭ᠍ᠰᠠᠨ ᠶᠤᠮ᠃ ᠳᠥᠷᠪᠡᠯᠵᠢᠨ ᠮᠣᠳᠣᠨ ᠬᠦᠷᠢᠶᠡᠨ ᠳᠣᠲᠣᠷ᠎ᠠ ᠶᠢᠰᠦ ᠶᠦᠮ ᠤᠤ ᠠᠷᠪᠠᠨ ᠬᠣᠶᠠᠷ ᠵᠢᠵᠢᠭᠬᠡᠨ ᠨᠢᠳᠦ ᠭᠠᠷᠭᠠᠵᠤ ᠨᠢᠳᠦ ᠪᠦᠷᠢ ᠳ᠋ᠦ᠍ ᠨᠢ ᠵᠡᠰ ᠲᠠᠪᠠᠭ ᠪᠡᠬᠢᠯᠡᠭᠡᠳ ᠥᠨᠳᠥᠷ ᠡᠰᠢᠨ ᠳᠡᠭᠡᠷ᠎ᠡ  ᠪᠠᠢᠷᠢᠯᠠᠭᠤᠯᠤᠭᠰᠠᠨ ᠲᠡᠢᠮᠦ ᠯᠡ ᠵᠢᠷ ᠦ᠋ᠨ ᠬᠥᠭᠵᠢᠮ ᠪᠣᠯᠪᠠᠴᠤ ᠳᠤᠳᠠᠷᠮ᠎ᠠ ᠠᠶᠠᠯᠭᠤ ᠰᠠᠢᠬᠠᠨ  ᠲᠠᠢ᠂ ᠠᠭᠤᠯᠠ ᠶ᠋ᠢᠨ ᠲᠤᠩᠭᠠᠯᠠᠭ ᠭᠣᠷᠣᠬᠠᠨ ᠤ᠋ ᠴᠢᠮᠡᠭᠡ ᠶᠢ ᠰᠠᠨᠠᠭᠳᠠᠭᠤᠯᠳᠠᠭ ᠳᠠᠭᠤ  ᠲᠠᠢ ᠶᠤᠮ᠃ ᠳᠤᠳᠠᠷᠮ᠎ᠠ ᠳ᠋ᠤ᠌ ᠨᠢᠳᠦ ᠪᠠᠨ ᠪᠡᠯᠴᠢᠭᠡᠷᠯᠡᠭᠦᠯᠵᠦ ᠵᠣᠭᠰᠣᠬᠤ ᠶ᠋ᠢ ᠨᠢ ᠠᠵᠢᠭᠯᠠᠨ ᠮᠡᠳᠡᠭᠡᠳ ᠵᠡᠯᠰᠡᠩ ᠵᠢᠨᠵᠦᠭ ᠳᠣᠬᠢᠭᠤᠷ ᠠᠪᠴᠤ ᠳᠤᠳᠠᠷᠮ᠎ᠠ ᠶ᠋ᠢ ᠵᠢᠩᠭᠢᠨᠡᠭᠦᠯᠦᠨ ᠳᠤᠤᠭᠠᠷᠭᠠᠪᠠ᠃
       - ᠭᠣᠶᠣ ᠪᠠᠢᠭ᠎ᠠ ᠪᠢᠵᠡ? ᠭᠡᠪᠡᠴᠦ ᠪᠢ ᠴᠢᠮ᠎ᠠ ᠳ᠋ᠤ᠌ ᠡᠭᠦᠨ ᠢ᠋ ᠵᠢᠭᠠᠬᠤ ᠭᠡᠵᠦ ᠪᠣᠳᠣᠬᠤ ᠦᠭᠡᠢ  ᠪᠠᠢᠨ᠎ᠠ᠃ ᠭᠠᠩᠯᠢᠩ ᠯᠠ ᠦᠯᠢᠶᠡᠵᠦ ᠰᠤᠷᠪᠠᠯ ᠪᠣᠯᠤᠭ᠎ᠠ! ᠭᠡᠵᠦ ᠵᠡᠯᠰᠡᠩ ᠬᠡᠯᠡᠪᠡ᠃
       - ᠭᠠᠩᠯᠢᠩ ᠢ᠋ ᠤᠷᠢᠳᠠᠪᠠᠷ ᠰᠠᠢᠨ ᠰᠤᠷᠴᠢᠬᠠᠪᠠᠯ ᠳᠠᠷᠠᠭ᠎ᠠ ᠨᠢ ᠪᠤᠰᠤᠳ ᠢ᠋ ᠨᠠᠳᠠ ᠳ᠋ᠤ᠌ ᠵᠢᠭᠠᠵᠤ ᠥᠭᠭᠦᠭᠡᠷᠡᠢ ᠭᠡᠵᠦ ᠰᠠᠩᠵᠢ ᠭᠤᠶᠤᠯ᠎ᠠ᠃
       - ᠵᠠ ᠶᠠᠭᠠᠬᠢᠬᠤᠪ᠂ ᠬᠠᠷᠠᠵᠤ ᠪᠠᠢᠵᠤ ᠯᠠ ᠪᠣᠯᠤᠨ᠎ᠠ ᠭᠡᠵᠦ ᠵᠡᠯᠰᠡᠩ ᠬᠡᠯᠡᠭᠰᠡᠨ ᠢ᠋ᠶ᠋ᠡᠨ ᠥᠭᠡᠷ᠎ᠡ ᠨᠢᠭᠡ  ᠬᠠᠨ᠎ᠠ ᠤᠷᠤᠭᠤ ᠣᠴᠢᠵᠤ:
       - ᠡᠨᠳᠡ ᠦᠯᠢᠶᠡᠪᠦᠷᠢ ᠬᠥᠭᠵᠢᠮ ᠦ᠋ᠳ ᠪᠠᠢᠨ᠎ᠠ᠃ ᠵᠠ ᠮᠠᠭᠤ ᠲᠣᠩᠭᠠᠷ ᠢ᠋ ᠴᠣ ᠴᠢ ᠶᠠᠭᠤ ᠡᠰᠡ ᠠᠨᠳᠤᠪᠠ ᠭᠡᠵᠦ᠃ ᠬᠠᠷᠢᠨ ᠪᠢᠰᠬᠢᠭᠦᠷ ᠪᠣᠯ ᠳᠤᠳᠠᠷᠮ᠎ᠠ ᠠ᠋ᠴᠠ ᠢᠯᠡᠭᠦᠦ ᠰᠠᠢᠬᠠᠨ ᠳᠠᠭᠤ ᠲᠠᠢ᠃ ᠪᠢ ᠪᠣᠯ ᠪᠢᠰᠬᠢᠭᠦᠷ ᠲᠦ᠍ ᠳᠤᠷᠠᠲᠠᠢ᠃  ᠵᠤᠤ ᠠᠳᠢᠱᠠ ᠡᠨᠡᠳᠬᠡᠭ ᠭᠠᠵᠠᠷ ᠠ᠋ᠴᠠ ᠲᠥᠪᠡᠳ ᠲᠦ᠍ ᠢᠷᠡᠭᠡᠳ ᠱᠠᠰᠢᠨ ᠤ ᠠᠷᠢᠭᠤᠨ ᠰᠢᠲᠦᠭᠡᠨ ᠦ᠌ ᠵᠦᠢᠯᠡᠰ ᠶᠡᠬᠡ ᠯᠡ ᠳᠤᠲᠠᠭᠤ ᠶ᠋ᠢ ᠮᠡᠳᠡᠵᠦ ᠵᠠᠷᠢᠮ ᠢ᠋ ᠨᠥᠬᠥᠵᠦ ᠬᠢᠬᠦ ᠶᠢ ᠰᠠᠨᠠᠭᠠᠴᠢᠯᠠᠭᠰᠠᠨ ᠶᠤᠮ ᠭᠡᠳᠡᠭ᠃  ᠭᠠᠯᠢᠨᠳᠠᠭ᠎ᠠ  ᠱᠣᠶᠣᠣ ᠭᠡᠵᠦ ᠭᠣᠶᠣᠬᠠᠨ ᠵᠢᠷᠭᠢᠳᠡᠭ ᠠᠮᠢᠲᠠᠨ ᠪᠤᠷᠬᠠᠨ ᠤ᠋ ᠣᠷᠣᠨ ᠡᠨᠡᠳᠬᠡᠭ ᠲᠦ᠍ ᠪᠠᠢᠳᠠᠭ ᠪᠣᠯ ᠮᠠᠨ ᠤ᠋ ᠲᠥᠪᠡᠳ ᠲᠦ᠍ ᠦᠭᠡᠢ ᠶᠦᠮ᠃ ᠲᠡᠭᠡᠭᠡᠳ ᠵᠣᠣ ᠠᠳᠢᠱᠠ  ᠭᠠᠯᠢᠨᠳᠠᠭ᠎ᠠ ᠰᠢᠪᠠᠭᠤᠨ ᠤ᠋ ᠳᠠᠭᠤ ᠶ᠋ᠢ ᠳᠠᠭᠤᠷᠢᠶᠠᠯᠭᠠᠵᠤ ᠪᠢᠰᠬᠢᠭᠦᠷ ᠵᠣᠬᠢᠶᠠᠭᠰᠠᠨ ᠭᠡᠳᠡᠭ ᠶᠤᠮ ᠳᠠ᠃ ᠲᠡᠷᠡ ᠪᠠᠰᠠ ᠭᠠᠯᠪᠠᠸᠠᠷᠠᠰ ᠽᠠᠨᠳᠠᠨ ᠮᠣᠳᠣ ᠪᠠᠨ ᠦᠭᠡᠢᠯᠡᠵᠦ ᠣᠷᠣᠨ ᠳ᠋ᠤ᠌ ᠨᠢ ᠤᠯᠠᠭᠠᠨ ᠬᠥᠵᠢ ᠬᠢᠵᠦ ᠪᠢᠰᠬᠢᠭᠦᠷ ᠦᠯᠢᠶᠡᠬᠦ ᠪᠦᠷᠢ ᠳ᠋ᠦ᠍ ᠤᠯᠠᠭᠠᠨ ᠬᠦᠵᠢ ᠠᠰᠠᠭᠠᠯᠭᠠᠳᠠᠭ ᠵᠢᠷᠤᠮ ᠲᠣᠭᠲᠠᠭᠠᠭᠰᠠᠨ ᠭᠡᠳᠡᠭ ᠶᠦᠮ᠃ ᠴᠢ ᠡᠭᠦᠨ ᠢ᠋ ᠦᠯᠢᠶᠡᠵᠦ ᠰᠤᠷᠪᠠᠯ ᠳᠡᠭᠡᠷ᠎ᠡ ᠭᠡᠬᠦ ᠳ᠋ᠦ᠍ ᠨᠢ ᠰᠠᠩᠵᠢ ᠭᠡᠰᠦᠯ ᠲᠣᠯᠣᠭᠠᠢ ᠳᠣᠬᠢᠵᠤ 《 ᠯᠠᠭᠰᠤᠤ 》 ᠭᠡᠵᠦ ᠲᠥᠪᠡᠳ ᠮᠠᠢᠭ ᠢ᠋ᠶ᠋ᠠᠷ ᠪᠥᠬᠥᠯᠵᠡᠨ ᠰᠢᠪᠡᠨᠡᠯ᠎ᠡ᠃ ᠲᠡᠨᠳᠡ ᠪᠠᠰᠠ ᠠᠷᠠᠰᠤ ᠪᠠᠷ ᠪᠦᠷᠢᠭᠰᠡᠨ ᠴᠢᠮᠦᠭᠡᠨ ᠪᠦᠷᠢᠶ᠎ᠡ ᠪᠤᠶᠤ ᠭᠠᠩᠯᠢᠩ ᠵᠡᠰ ᠢ᠋ᠶ᠋ᠡᠷ ᠬᠢᠭᠰᠡᠨ ᠦᠬᠡᠷ ᠪᠦᠷᠢᠶ᠎ᠡ᠂ ᠮᠢᠭᠠᠨ᠂ ᠯᠢᠩᠪᠦ᠂ ᠲᠤᠩᠷᠠᠭ᠎ᠠ᠂ ᠵᠦᠷ᠂ ᠱᠦᠭᠯᠦ ᠲᠡᠷᠢᠭᠦᠲᠡᠨ ᠥᠷᠦᠭᠡᠰᠦᠲᠡᠢ ᠪᠠᠢᠯ᠎ᠠ᠃  ᠪᠦᠷᠢᠶ᠎ᠡ ᠪᠡᠷ ᠣᠭᠲᠠᠷᠭᠤᠢ ᠶ᠋ᠢᠨ ᠵᠠᠭᠠᠨ ᠤ᠋ ᠬᠦᠷᠬᠢᠷᠡᠬᠦ ᠳᠠᠭᠤ ᠶ᠋ᠢ᠂  ᠲᠤᠩᠷᠠᠭ᠎ᠠ ᠪᠠᠷ ᠨᠣᠬᠠᠢ ᠬᠤᠴᠠᠬᠤ ᠴᠢᠮᠡᠭᠡ ᠶ᠋ᠢ᠂ ᠵᠦᠷ ᠶᠦᠮ ᠤᠤ ᠱᠦᠭᠯᠦ ᠪᠡᠷ ᠡᠯᠳᠡᠪ ᠰᠢᠪᠠᠭᠤᠨ ᠳᠠᠭᠤᠤ ᠶ᠋ᠢ ᠳᠠᠭᠤᠷᠢᠶᠠᠯᠭᠠᠨ ᠭᠠᠷᠭᠠᠬᠤ ᠵᠣᠷᠢᠭᠤᠯᠲᠠ ᠲᠠᠢ ᠠᠰᠢᠭᠯᠠᠳᠠᠭ ᠢ᠋ ᠵᠢᠨᠵᠦᠭ ᠵᠡᠯᠰᠡᠩ ᠲᠣᠪᠴᠢ ᠲᠠᠢᠯᠪᠤᠷᠢᠯᠠᠨ ᠶᠠᠷᠢᠪᠠ᠃ ᠲᠡᠷᠡ ᠲᠤᠬᠠᠢ ᠳ᠋ᠤ᠌ ᠰᠠᠩᠵᠢ ᠭᠡᠰᠦᠯ ᠰᠣᠨᠣᠰᠤᠭᠰᠠᠨ ᠶᠤᠮ ᠨᠡᠯᠢᠶᠡᠳ ᠲᠤᠯᠠ ᠲᠡᠳᠦᠢ ᠯᠠ ᠰᠣᠨᠢᠷᠬᠠᠭᠰᠠᠨ ᠦᠭᠡᠢ᠃  ᠡᠰᠡᠷᠬᠦ ᠬᠠᠨᠠᠨ ᠲᠤᠰᠢᠶ᠎ᠠ ᠴᠢᠪᠬᠠᠳᠠᠰᠤᠲᠤ ᠬᠥᠭᠵᠢᠮ ᠦ᠋ᠨ ᠲᠥᠷᠥᠯ ᠵᠦᠢᠯ ᠢ᠋ ᠥᠷᠥᠭᠰᠡᠨ ᠪᠠᠢᠯ᠎ᠠ᠃ ᠲᠡᠨᠳᠡ ᠫᠢᠫᠠ᠂ ᠪᠢᠪᠯᠡᠭ᠂  ᠪᠢᠰᠠᠨᠵᠠ ᠲᠡᠷᠢᠭᠦᠲᠡᠨ ᠲᠠᠯᠪᠢᠭᠠᠰᠤᠲᠠᠢ ᠬᠠᠷᠠᠭᠳᠠᠬᠤ ᠳ᠋ᠤ᠌ ᠵᠢᠨᠵᠦᠭ ᠵᠡᠯᠰᠡᠩ ᠲᠡᠷᠡ ᠵᠦᠭ ᠵᠥᠪᠬᠡᠨ ᠵᠠᠩᠭᠠᠬᠤ ᠲᠡᠳᠦᠢ ᠪᠣᠯᠤᠭᠠᠳ:
       - ᠲᠡᠨᠳᠡ ᠴᠢᠪᠬᠠᠳᠠᠰᠤᠲᠤ ᠬᠥᠭᠵᠢᠮ ᠦ᠋ᠳ ᠪᠠᠢᠨ᠎ᠠ᠃ ᠬᠤᠷᠠᠯ ᠨᠣᠮ ᠤ᠋ᠨ ᠬᠡᠷᠡᠭ ᠲᠦ᠍ ᠲᠡᠳᠡᠨ ᠢ᠋ ᠲᠡᠳᠦᠢᠯᠡ ᠬᠡᠷᠡᠭᠯᠡᠳᠡᠭ ᠦᠭᠡᠢ ᠲᠤᠯᠠ ᠴᠢᠮ᠎ᠠ ᠳ᠋ᠤ᠌ ᠣᠳᠣ ᠪᠠᠷ ᠵᠢᠭᠠᠬᠤ ᠴᠣ ᠶᠠᠭᠤᠮ᠎ᠠ ᠠᠯᠠᠭ᠎ᠠ᠃ ᠮᠠᠨ ᠤ᠋ ᠳ᠋ᠤ᠌ ᠶᠡᠷᠦ ᠨᠢ ᠪᠦᠬᠦ ᠲᠥᠷᠥᠯ ᠦ᠋ᠨ ᠬᠥᠭᠵᠢᠮ ᠪᠣᠢ᠃ ᠬᠠᠷᠢᠨ ᠳᠡᠯᠡᠳᠪᠦᠷᠢ ᠬᠥᠭᠵᠢᠮ ᠡᠴᠡ ᠭᠠᠨᠳᠢ ᠮᠣᠳᠣ ᠪᠠᠢᠭ᠍ᠰᠠᠨ ᠢ ᠥᠴᠥᠭᠡᠳᠦᠷ ᠵᠠᠩᠴᠸ ᠳ᠋ᠠᠴᠠᠩ ᠤ᠋ᠨ ᠬᠢᠨ ᠭᠤᠶᠤᠵᠤ ᠠᠪᠤᠭᠠᠳ ᠶᠠᠪᠤᠭᠰᠠᠨ᠃ ᠲᠡᠳᠡᠨ ᠦ᠌ ᠭᠠᠨᠳᠢ ᠮᠣᠳᠣ ᠴᠤᠭᠤᠷᠴᠢᠬᠠᠵᠤ ᠭᠡᠨ᠎ᠡ᠃ ᠮᠠᠭᠤ ᠢᠷᠸ᠎ᠠ ᠳᠠ! ᠭᠡᠵᠦ ᠶᠠᠷᠢᠪᠠ᠃  ᠭᠠᠨᠳᠢ ᠮᠣᠳᠣ ᠨᠢ ᠬᠣᠶᠠᠷ ᠠᠯᠲᠠ ᠰᠢᠬᠠᠮ ᠤᠷᠲᠤ᠂ ᠥᠩᠭᠡᠯᠡᠵᠦ ᠭᠥᠯᠢᠢᠯᠭᠡᠭᠰᠡᠨ ᠠᠳᠠᠯᠢ ᠬᠦᠷᠡᠩ ᠽᠠᠨᠳᠠᠨ ᠠᠳᠠᠯᠢ ᠴᠤᠯᠤ ᠭᠤᠯᠳᠤᠩ ᠮᠣᠳᠣ ᠪᠥᠭᠡᠳ ᠮᠠᠰᠢ ᠬᠠᠲᠠᠭᠤ ᠤᠴᠢᠷ ᠳᠡᠯᠡᠳᠬᠦ ᠳ᠋ᠦ᠍ ᠵᠡᠰ ᠬᠠᠷᠠᠩᠭ᠎ᠠ ᠰᠢᠭ᠋ ᠰᠣᠨᠢᠨ ᠳᠠᠭᠤ ᠭᠠᠷᠳᠠᠭ ᠭᠡᠳᠡᠭ ᠢ᠋ ᠰᠠᠩᠵᠢ ᠪᠤᠶᠠᠨᠵᠠᠯᠪᠠᠷᠢᠬᠤ ᠭᠡᠢᠳ ᠦ᠋ᠨ ᠭᠠᠨᠳᠢ ᠮᠣᠳᠣ ᠪᠠᠷ ᠲᠥᠰᠦᠭᠡᠯᠡᠵᠦ ᠪᠠᠢᠯ᠎ᠠ᠃ ᠡᠨᠡᠳᠬᠡᠭ ᠭᠠᠵᠠᠷ ᠤᠷᠭᠤᠳᠠᠭ ᠲᠤᠯᠠ ᠭᠠᠨᠳᠢ ᠮᠣᠳᠣ ᠲᠠᠢ ᠰᠦᠮ᠎ᠡ ᠬᠣᠪᠣᠷ ᠪᠠᠢᠳᠠᠭ ᠠᠵᠢ᠃ ᠰᠠᠩᠵᠢ ᠭᠡᠰᠦᠯ ᠨᠢᠭᠡᠨᠲᠡ ᠭᠠᠩᠯᠢᠩᠴᠢ ᠪᠠᠷ ᠰᠠᠭᠤᠬᠤ ᠪᠣᠯᠤᠭᠰᠠᠨ ᠢ᠋ ᠳᠠᠯᠢᠮᠳᠠᠭᠤᠯᠤᠨ ᠬᠤᠷᠠᠯ ᠮᠥᠷᠭᠥᠯ ᠦ᠋ᠨ ᠬᠣᠷᠢᠨ ᠳᠥᠷᠪᠡᠨ ᠲᠥᠷᠥᠯ ᠦ᠋ᠨ ᠬᠥᠭᠵᠢᠮ ᠢ᠋ ᠰᠤᠷᠴᠤ ᠠᠪᠬᠤ ᠰᠠᠨᠠᠭ᠎ᠠ ᠳᠣᠲᠣᠷ᠎ᠠ ᠪᠠᠨ ᠠᠬᠤᠭᠤᠯᠤᠭᠰᠠᠨ ᠲᠤᠯᠠ ᠴᠥᠮ ᠢ᠋ ᠨᠢ ᠶᠡᠬᠡᠳᠡ ᠰᠣᠨᠢᠷᠬᠠᠬᠤ ᠳ᠋ᠤ᠌ ᠵᠡᠯᠰᠡᠩ ᠵᠢᠨᠵᠦᠭ ᠥᠪᠡᠷ ᠦᠨ ᠡᠷᠳᠡᠮ ᠳ᠋ᠦ᠍ ᠬᠡᠨ ᠨᠢᠭᠡᠨ ᠬᠥᠮᠦᠨ ᠰᠢᠲᠦᠨ ᠪᠢᠰᠢᠷᠡᠬᠦ ᠳ᠋ᠦ᠍ ᠳᠤᠷᠠᠲᠠᠢ ᠪᠠᠢᠳᠠᠭ ᠶᠣᠰᠣᠭᠠᠷ ᠢ᠋ᠶ᠋ᠠᠨ ᠰᠡᠳᠬᠢᠯ ᠥᠶᠥᠭ ᠪᠣᠯᠵᠠᠢ᠃
       - ᠵᠠ᠂ ᠬᠦ ᠶᠠᠭᠤᠨ ᠤ᠋ ᠤᠷᠢᠳ ᠭᠠᠩᠯᠢᠩ ᠢᠶᠡᠨ ᠯᠠ ᠦᠯᠢᠶᠡᠵᠦ ᠰᠤᠷᠤᠨ᠎ᠠ ᠪᠢᠵᠡ ᠳᠡ᠃  ᠲᠡᠭᠦᠨ ᠦ᠌ ᠲᠤᠯᠠᠳᠠ ᠡᠬᠢᠯᠡᠭᠡᠳ ᠶᠠᠨᠢᠭ ᠴᠡᠭᠡᠵᠢᠯᠡᠵᠦ ᠶᠠᠩ ᠲᠠᠲᠠᠵᠤ ᠰᠤᠷᠪᠠᠰᠤ ᠵᠣᠬᠢᠨ᠎ᠠ ᠭᠡᠵᠦ ᠬᠡᠯᠡᠪᠡ᠃
      《ᠶᠠᠨᠢᠭ》 ᠭᠡᠳᠡᠭ ᠠᠶᠠᠯᠭᠤ ᠲᠡᠮᠳᠡᠭᠯᠡᠬᠦ ᠠᠷᠭ᠎ᠠ ᠶ᠋ᠢ ᠰᠤᠷᠬᠤ ᠰᠠᠨ ᠭᠡᠮᠡᠨ ᠰᠠᠩᠵᠢ ᠭᠡᠰᠦᠯ ᠳᠠᠩᠳᠠ ᠮᠥᠷᠥᠭᠡᠳᠴᠦ ᠪᠤᠶᠠᠨᠵᠠᠯᠪᠠᠷᠢᠬᠤ ᠭᠡᠢᠳ ᠦ᠋ᠨ ᠣᠩᠵᠠᠳ ᠯᠠᠮᠠ ᠶ᠋ᠢᠨ ᠶᠠᠩ ᠲᠠᠲᠠᠬᠤ ᠶᠢ ᠱᠣᠬᠣᠭᠣᠷᠬᠠᠨ ᠰᠣᠨᠢᠷᠬᠠᠳᠠᠭ ᠪᠠᠢᠯ᠎ᠠ᠃ ᠣᠳᠣ ᠲᠡᠭᠦᠨ ᠦ᠌ ᠪᠠᠷᠭᠢᠯ ᠪᠦᠳᠦᠭᠦᠨ ᠳᠠᠭᠤ ᠴᠢᠬᠢᠨ ᠳ᠋ᠦ᠍ᠨᠢ ᠰᠣᠨᠣᠰᠤᠭᠳᠠᠬᠤ ᠰᠢᠭ᠋ ᠪᠣᠯᠵᠠᠢ᠃ 
       ᠰᠠᠩᠵᠢ ᠭᠡᠰᠦᠯ ᠭᠣᠮᠠᠨ ᠳ᠋ᠠᠴᠠᠩ ᠤ᠋ᠨ ᠬᠤᠷᠠᠯ ᠨᠣᠮ ᠤ᠋ᠨ ᠭᠠᠩᠯᠢᠨᠴᠢ ᠬᠢᠬᠦ ᠪᠡᠷ ᠠᠷᠭ᠎ᠠ ᠦᠭᠡᠢ ᠰᠢᠢᠳᠴᠦ᠂ ᠶᠠᠩᠭᠢᠨᠠᠨ ᠭᠠᠰᠠᠯᠬᠤ ᠮᠡᠲᠦ ᠳᠠᠭᠤ ᠲᠠᠢ ᠭᠠᠩᠯᠢᠩ ᠢ᠋ ᠬᠥᠭᠵᠢᠮ ᠦ᠋ᠨ ᠳᠠᠭᠠᠭᠠᠮᠠᠯ ᠵᠢᠨᠵᠦᠭ ᠵᠠᠯᠰᠠᠩ ᠤ᠋ᠨ ᠵᠢᠭᠠᠪᠤᠷᠢ ᠪᠠᠷ ᠦᠯᠢᠶᠡᠳᠡᠭ ᠠᠵᠢᠯ ᠲᠠᠢ ᠪᠣᠯᠤᠭᠠᠳ ᠬᠠᠭᠠᠰ ᠰᠠᠷ᠎ᠠ ᠥᠩᠭᠡᠷᠡᠯ᠎ᠡ᠃ ᠡᠬᠢᠯᠡᠭᠡᠳ ᠭᠠᠭᠴᠠᠭᠠᠷ ᠢ᠋ ᠨᠢ ᠰᠠᠭᠤᠯᠭᠠᠨ ᠭᠠᠩᠯᠢᠩ ᠦᠯᠢᠶᠡᠯᠭᠡᠳᠡᠭ ᠪᠠᠢᠭ᠍ᠰᠠᠨ ᠢᠶᠠᠨ ᠰᠡᠭᠦᠯ ᠳ᠋ᠡᠭᠡᠨ ᠨᠡᠢᠲᠠ ᠬᠥᠭᠵᠢᠮ ᠦ᠋ᠨ ᠬᠢᠨ ᠲᠡᠢ ᠬᠠᠮᠲᠤ ᠰᠤᠷᠭᠠᠭᠤᠯᠢᠯᠠᠯ᠎ᠠ᠃  ᠪᠢᠰᠭᠦᠷᠴᠢ᠂ ᠲᠤᠩᠴᠢ᠂  ᠬᠡᠩᠭᠡᠷᠭᠡᠴᠢ᠂ ᠦᠬᠡᠷ ᠪᠣᠯᠤᠭᠠᠳ ᠢᠮᠠᠭᠠᠨ ᠪᠦᠷᠢᠶᠡᠴᠢ᠂ ᠴᠠᠩᠴᠢ᠂ ᠰᠸᠯᠨᠢᠩᠴᠢ᠂ ᠬᠠᠷᠠᠩᠭᠠᠴᠢ᠂ ᠳᠤᠳᠠᠷᠠᠮᠴᠢ ᠨᠠᠷ ᠭᠡᠬᠦᠴᠢᠯᠡᠨ ᠣᠯᠠᠨ ᠬᠥᠮᠦᠨ ᠲᠡᠢ ᠲᠠᠨᠢᠯᠴᠠᠯ᠎ᠠ᠃ ᠲᠡᠳᠡᠨ ᠦ᠌ ᠳᠤᠤᠭᠠᠷᠭᠠᠬᠤ ᠬᠥᠭᠵᠢᠮ ᠨᠢ ᠬᠡᠳᠦᠬᠡᠨ ᠠᠶᠠᠯᠭᠤ ᠲᠠᠢ ᠲᠤᠯᠠ ᠰᠤᠷᠬᠤ ᠳ᠋ᠤ᠌ ᠠᠮᠠᠷᠬᠠᠨ ᠪᠠᠢᠯ᠎ᠠ᠃ ᠬᠠᠷᠢᠨ ᠴᠢᠪᠬᠠᠳᠠᠰᠤᠲᠤ ᠬᠥᠭᠵᠢᠮ ᠢ᠋  ᠲᠤᠭᠳᠠᠭᠠᠬᠤ ᠳ᠋ᠤ᠌ ᠶᠡᠬᠡ ᠯᠡ ᠠᠮᠠᠷ ᠦᠭᠡᠢ᠂ ᠪᠠᠰᠠ ᠲᠡᠭᠡᠭᠡᠳ ᠵᠢᠨᠵᠦᠭ ᠥᠪᠡᠷ ᠢᠶᠡᠨ ᠴᠤ ᠲᠡᠭᠦᠨ ᠢ᠋ ᠣᠯᠢᠭᠲᠠᠢ ᠳᠤᠤᠭᠠᠷᠭᠠᠵᠤ ᠴᠢᠳᠠᠳᠠᠭ ᠦᠭᠡᠢ᠃ ᠬᠤᠷᠠᠯ ᠨᠣᠮ ᠤ᠋ᠨ ᠦᠶ᠎ᠡ ᠳ᠋ᠦ᠍ ᠴᠥᠭᠡᠬᠡᠨ ᠬᠡᠷᠡᠭᠯᠡᠳᠡᠭ ᠪᠣᠯᠬᠤ ᠶ᠋ᠢ ᠰᠠᠩᠵᠢ ᠮᠡᠳᠡᠵᠦ ᠠᠪᠤᠯ᠎ᠠ᠃ ᠵᠢᠨᠵᠦᠭ ᠵᠡᠯᠰᠡᠩ ᠲᠥᠪᠡᠳ ᠬᠥᠮᠦᠨ ᠭᠡᠬᠦ ᠳ᠋ᠦ᠍ ᠠᠯᠢᠪ ᠨᠠᠭᠠᠳᠤᠮ ᠳ᠋ᠤ᠌ ᠢᠯᠡᠭᠦᠦ ᠶᠡᠬᠡ ᠳᠤᠷᠠᠲᠠᠢ᠂ ᠡᠷᠡᠭᠡ ᠴᠡᠭᠡᠷ ᠦᠭᠡᠢ᠂ ᠠᠮᠠ ᠰᠤᠯᠠ ᠲᠠᠢ ᠡᠷ᠎ᠡ ᠪᠠᠢᠭ᠍ᠰᠠᠨ ᠲᠤᠯᠠ ᠰᠠᠩᠵᠢ ᠳ᠋ᠤ᠌ ᠵᠢᠰᠦᠨ ᠪᠦᠷᠢ ᠶ᠋ᠢᠨ ᠶᠠᠭᠤᠮ᠎ᠠ ᠶᠠᠷᠢᠵᠤ ᠰᠡᠭᠦᠯ ᠰᠡᠭᠦᠯ ᠳ᠋ᠡᠭᠡᠨ ᠶᠡᠬᠡ ᠨᠠᠢᠵᠠᠯᠠᠬᠤ ᠪᠣᠯᠵᠠᠢ᠃ ᠲᠡᠭᠡᠭᠡᠳ ᠨᠢᠭᠡᠨ ᠡᠳᠦᠷ:
       - ᠬᠣᠶᠠᠭᠤᠯᠠ ᠪᠠᠨ ᠵᠤᠤ ᠷᠢᠨᠪᠣᠴᠢ ᠶ᠋ᠢᠨ ᠵᠠᠬ᠎ᠠ ᠪᠠᠷ ᠶᠠᠪᠤᠶ᠎ᠠ! ᠭᠡᠵᠦ ᠭᠤᠶᠤᠵᠠᠢ᠃  ᠰᠠᠩᠵᠢ ᠲᠡᠭᠦᠨ ᠢ ᠳᠤᠷᠠᠲᠠᠢ ᠵᠥᠪᠰᠢᠶᠡᠷᠡᠪᠡ᠃ ᠤᠴᠢᠷ ᠨᠢ ᠭᠣᠮᠠᠨ ᠳ᠋ᠠᠴᠠᠩ ᠤ᠋ᠨ ᠵᠢᠩᠵᠸ ᠯᠠᠮᠠ ᠲᠠᠢ ᠬᠠᠮᠲᠤ ᠵᠠᠬ᠎ᠠ ᠪᠠᠷ ᠲᠡᠨᠦᠵᠦ ᠶᠠᠪᠤᠬᠤ ᠳ᠋ᠤ᠌ ᠬᠡᠨ ᠴᠣ ᠬᠠᠯᠳᠠᠰᠢ ᠦᠭᠡᠢ ᠪᠦᠷᠢᠨ ᠡᠷᠬᠡ ᠲᠡᠢ ᠭᠡᠵᠦ ᠰᠠᠩᠵᠢ ᠣᠯᠵᠠᠭᠤᠷᠬᠠᠨ ᠪᠣᠳᠣᠵᠠᠢ᠃ 
       ᠰᠡᠷᠢᠭᠦᠪᠲᠦᠷᠬᠡᠨ ᠨᠢᠭᠡ ᠡᠳᠦᠷ ᠲᠡᠳᠡ ᠵᠣᠣ ᠷᠢᠨᠪᠣᠴᠢ ᠶ᠋ᠢᠨ ᠵᠠᠬ᠎ᠠ ᠳᠡᠭᠡᠷ᠎ᠡ ᠬᠣᠶᠠᠭᠤᠯᠠ ᠭᠠᠷᠴᠠᠢ᠃  ᠪᠠᠯᠪᠤ᠂ ᠬᠠᠰᠮᠢᠷ᠂ ᠪᠤᠲᠠᠨ ᠤ᠋ ᠬᠤᠳᠠᠯᠳᠤᠭᠠᠴᠢᠳ ᠲᠡᠷᠡ ᠵᠠᠬ᠎ᠠ ᠶ᠋ᠢᠨ ᠭᠣᠣᠯ ᠡᠵᠡᠳ ᠪᠠᠢᠯ᠎ᠠ᠃ ᠬᠠᠰᠮᠢᠷ ᠬᠣᠷᠭᠣᠢ᠂ ᠨᠠᠮᠪᠤ ᠭᠡᠳᠡᠭ ᠴᠠᠮᠪᠠ᠂ ᠲᠠᠷᠠᠮ ᠭᠡᠳᠡᠭ ᠬᠢᠯᠭᠠᠰᠤᠯᠠᠭ ᠳᠠᠪᠤᠤ᠂ ᠠᠩᠭ᠌ᠯᠢ ᠫᠠᠯᠠᠩᠲᠠᠢ ᠰᠠᠪᠠ ᠰᠠᠭᠤᠯᠭ᠎ᠠ᠂  ᠢᠲ᠋ᠠᠯᠢ ᠱᠢᠷᠦ᠂ ᠡᠨᠡᠳᠬᠡᠭ ᠦ᠋ᠨ ᠡᠯᠳᠡᠪ ᠡᠳ᠋ᠯᠡᠯ ᠲᠡᠷᠢᠭᠦᠲᠡᠨ ᠢ᠋ ᠡᠩᠨᠡᠭᠦᠯᠦᠨ ᠥᠷᠥᠭᠰᠡᠨ ᠫᠠᠨᠽᠠᠴᠢᠨ ᠨᠣᠭᠣᠳ ᠶᠠᠩᠵᠤ ᠪᠦᠷᠢ ᠶ᠋ᠢᠨ ᠬᠡᠯᠡ ᠠᠶᠠᠯᠭᠤ ᠪᠠᠷ ᠶᠠᠷᠢᠵᠤ ᠡᠳ᠋ ᠪᠠᠷᠠᠭ᠎ᠠ ᠪᠡᠨ ᠮᠠᠭᠲᠠᠨ ᠬᠠᠰᠢᠬᠢᠷᠤᠯᠳᠤᠵᠤ ᠥᠯᠥᠨ ᠲᠣᠭᠣᠰᠣᠨ ᠳᠤᠮᠳᠠ ᠦᠨᠡᠰᠦᠨ ᠴᠢᠷᠠᠢᠯᠠᠵᠠᠭᠠᠭᠠᠳ ᠴᠢᠬᠢ ᠲᠦᠵᠢᠷᠡᠮ᠎ᠡ ᠱᠤᠤᠭᠢᠶᠠᠨ ᠢ᠋ ᠶᠡᠷᠦ ᠬᠠᠢᠬᠤᠷᠬᠤ ᠪᠠᠨ ᠪᠣᠯᠢᠭᠰᠠᠨ ᠠᠵᠢ᠃ ᠥᠯᠥᠰᠦᠨ ᠲᠠᠴᠢᠶᠠᠳᠠᠭᠰᠠᠨ ᠡᠯᠵᠢᠭᠡ᠂ ᠯᠠᠭᠤᠰᠠ  ᠪᠠᠢᠨ ᠪᠠᠢᠨ ᠣᠷᠢᠯᠠᠯᠳᠤᠵᠤ᠂ ᠴᠤᠤ ᠭᠡᠵᠦ ᠲᠦᠪᠡᠳ ᠦ᠋ᠳ ᠦ᠋ᠨ ᠨᠡᠷᠡᠯᠡᠳᠡᠭ ᠥᠨᠳᠥᠷ ᠰᠡᠷᠪᠡᠭᠡ ᠲᠡᠢ᠂ ᠤᠷᠲᠤ ᠡᠪᠡᠷ ᠲᠡᠢ ᠬᠠᠢᠨᠤᠭ ᠤ᠋ᠨ ᠰᠢᠷ᠎ᠠ ᠶᠢᠨ ᠨᠢᠷᠤᠭᠤᠨ ᠳᠡᠭᠡᠭᠦᠷ ᠳᠠᠮᠨᠠᠭᠤᠯᠤᠭᠠᠳ ᠪᠥᠰ ᠪᠠᠷᠠᠭ᠎ᠠ ᠬᠥᠨᠳᠡᠯᠡᠨ ᠳᠤᠬᠤᠴᠢᠬᠠᠭᠰᠠᠨ ᠨᠠᠢᠮᠠᠭᠠᠴᠢᠳ ᠪᠡᠶ᠎ᠡ ᠪᠡᠶ᠎ᠡ ᠲᠡᠢ ᠪᠡᠨ ᠠᠷᠠᠴᠠᠯᠳᠤᠨ ᠬᠥᠰᠢᠯᠳᠦᠵᠦ ᠪᠠᠢᠪᠠ᠃
       - ᠬᠦᠢ ᠴᠢ ᠡᠭᠦᠨ ᠢ᠋ ᠬᠠᠷᠠᠭᠠᠴᠢ! ᠭᠡᠵᠦ ᠭᠡᠨᠡᠳᠲᠡ ᠵᠢᠩᠵᠸ ᠯᠠᠮᠠ ᠵᠡᠯᠰᠡᠩ ᠰᠠᠩᠵᠢ ᠭᠡᠰᠦᠯ ᠦ᠋ᠨ ᠬᠠᠨᠴᠤᠢ  ᠡᠴᠡ ᠲᠠᠲᠠᠯ᠎ᠠ᠃ ᠶᠠᠭᠤ ᠶ᠋ᠢ ᠬᠠᠷᠠᠭᠠᠴᠢ ᠭᠡᠳ ᠪᠠᠢᠭ᠎ᠠ ᠶ᠋ᠢ ᠨᠢ ᠭᠠᠳᠠᠷᠯᠠᠭ᠎ᠠ ᠦᠭᠡᠢ ᠰᠠᠩᠵᠢ  ᠭᠠᠢᠬᠠᠨ ᠠᠵᠢᠪᠠᠯ ᠲᠡᠢᠮᠦ ᠶᠡᠬᠡ ᠰᠣᠨᠢᠷᠬᠠᠮᠠᠷ  ᠶᠠᠭᠤᠮ᠎ᠠ ᠨᠢᠳᠦᠨ ᠳ᠋ᠦ᠍ ᠨᠢ ᠲᠤᠰᠤᠭᠰᠠᠨ ᠦᠭᠡᠢ᠃
       - ᠶᠠᠭᠤ ᠶ᠋ᠢ ᠬᠠᠷᠠᠬᠤ ᠶᠤᠮ ᠪᠣᠢ? ᠭᠡᠵᠦ ᠯᠠᠪᠯᠠᠨ ᠠᠰᠠᠭᠤᠪᠠ᠃
       - ᠲᠡᠭᠦᠨ ᠢ᠋ ᠬᠠᠷᠠᠭᠠᠴᠢ! ᠭᠡᠳ ᠵᠡᠯᠰᠡᠩ ᠯᠠᠮᠠ ᠨᠢᠭᠡᠨ ᠬᠤᠳᠠᠯᠳᠤᠭᠠᠴᠢᠨ ᠤ᠋ ᠠᠷᠤ ᠠ᠋ᠴᠠ ᠵᠠᠩᠭᠠᠪᠠ᠃ᠲᠡᠷᠡ ᠨᠢ ᠶᠡᠷᠦ ᠶ᠋ᠢᠨ ᠯᠡ ᠲᠣᠬᠢᠶᠠᠯᠳᠤᠳᠠᠭ ᠬᠤᠳᠠᠯᠳᠤᠭᠠᠴᠢᠨ ᠤ᠋ ᠨᠢᠭᠡ ᠪᠠᠢᠪᠠ᠃ ᠪᠠᠷᠠᠭᠤᠨ ᠭᠠᠷ ᠤ᠋ᠨ ᠢᠶᠠᠨ ᠬᠠᠨᠴᠤᠢ ᠶ᠋ᠢ ᠰᠤᠭᠤᠯᠳᠤᠷᠭᠠᠯᠠᠨ ᠤᠨᠵᠢᠭᠤᠯᠵᠤ᠂ ᠮᠠᠯᠠᠭᠠᠢ  ᠪᠡᠨ ᠠᠷᠤ ᠰᠢᠯᠢᠨ ᠳᠡᠭᠡᠷ᠎ᠡ ᠰᠢᠳᠡᠵᠦ  ᠰᠠᠭᠠᠯᠳᠤᠷᠭ᠎ᠠ ᠪᠡᠷ ᠨᠢ ᠲᠣᠭᠲᠠᠭᠠᠭᠰᠠᠨ᠂ ᠪᠦᠰᠡ ᠪᠡᠨ ᠳᠣᠣᠭᠤᠷ ᠲᠠᠲᠠᠵᠤ ᠳᠡᠪᠡᠯ ᠢ᠋ᠶ᠋ᠡᠨ ᠰᠢᠭᠤᠭᠰᠠᠨ  ᠪᠠᠢᠳᠠᠯ ᠢ᠋ ᠬᠠᠷᠠᠬᠤ ᠳ᠋ᠤ᠌ ᠲᠥᠪᠡᠳ ᠬᠤᠳᠠᠯᠳᠤᠭᠠᠴᠢᠨ ᠠᠵᠢ᠃
       - ᠳᠡᠷᠡᠨ ᠳ᠋ᠦ᠍ ᠰᠣᠨᠢᠨ ᠤᠤ ᠪᠠᠢᠭ᠎ᠠ ᠶᠤᠮ ᠪᠣᠢ? ᠭᠡᠵᠦ ᠰᠠᠩᠵᠢ ᠭᠠᠢᠬᠠᠨ ᠠᠰᠠᠭᠤᠪᠠᠯ:
       - ᠰᠣᠨᠢᠨ ᠶᠠᠭᠤᠮ᠎ᠠ ᠠᠯᠠᠭ᠎ᠠ᠃ ᠭᠠᠭᠴᠠ ᠬᠦ᠌ ᠭᠠᠪᠠᠯᠠ ᠶ᠋ᠢ ᠨᠢ ᠬᠠᠷᠠᠭᠠᠴᠢ! ᠭᠡᠵᠦ ᠵᠢᠩᠵᠸ ᠯᠠᠮᠠ ᠬᠡᠯᠡᠬᠦ ᠳ᠋ᠦ᠍ ᠰᠠᠩᠵᠢ ᠭᠠᠢᠬᠠᠵᠤ ᠰᠠᠢᠲᠤᠷ ᠠᠵᠢᠪᠠᠰᠤ ᠲᠡᠭᠦᠨ ᠦ᠌ ᠵᠢᠭᠠᠭᠰᠠᠨ ᠬᠤᠳᠠᠯᠳᠤᠭᠠᠴᠢᠨ ᠡᠷ᠎ᠡ ᠶ᠋ᠢᠨ ᠭᠠᠪᠠᠯᠠ ᠨᠢ ᠠᠷᠤ ᠲᠡᠰᠢ ᠪᠡᠨ ᠴᠣᠢᠯᠠᠭᠰᠠᠨ ᠮᠡᠲᠦ ᠬᠡᠯᠪᠡᠷᠢ ᠲᠡᠢ ᠤᠭᠤᠯᠢᠨ ᠲᠣᠯᠣᠭᠠᠢ ᠲᠠᠢ ᠠᠵᠢ᠃ ᠥᠭᠡᠷ᠎ᠡ ᠰᠣᠨᠢᠷᠬᠠᠮᠠᠷ  ᠶᠠᠭᠤᠮ᠎ᠠ ᠠᠯᠠᠭ᠎ᠠ ᠪᠠᠢᠪᠠ᠃
       - ᠶᠠᠭᠤ ᠨᠢ ᠰᠣᠨᠢᠨ ᠰᠠᠨᠠᠭᠳᠠᠪᠠ? ᠭᠡᠵᠦ ᠰᠠᠩᠵᠢ ᠤᠯᠠᠮ ᠭᠠᠢᠬᠠᠨ ᠯᠠᠪᠯᠠᠪᠠ᠃  ᠵᠡᠯᠰᠡᠩ ᠠᠭᠤᠷᠯᠠᠬᠤ ᠮᠡᠲᠦ ᠪᠣᠯᠵᠤ ᠬᠥᠮᠥᠰᠬᠡ ᠪᠡᠨ ᠵᠠᠩᠭᠢᠳᠤᠭᠰᠠᠨ ᠢ᠋ᠶ᠋ᠠᠨ:
       - ᠵᠠ ᠴᠢ ᠴᠣ ᠮᠢᠨᠦ ᠵᠢᠩᠳᠠᠭᠠᠨ ᠤ ᠬᠥᠮᠦᠨ ᠪᠣᠯᠲᠠᠯ᠎ᠠ ᠪᠠᠨ ᠮᠥᠨ ᠡᠳᠦᠢ ᠪᠠᠢᠨ᠎ᠠ ᠳᠠ᠃ ᠴᠢ ᠲᠡᠭᠦᠨ ᠦ ᠭᠠᠪᠠᠯᠠ ᠶ᠋ᠢ ᠰᠣᠨᠢᠷᠬᠠᠬᠤ ᠦᠭᠡᠢ ᠪᠠᠢᠨ᠎ᠠ ᠤᠤ? ᠭᠡᠪᠡ᠃
       - ᠭᠠᠪᠠᠯᠠ ᠪᠠᠷ ᠶᠠᠭᠠᠬᠢᠬᠤ ᠶᠤᠮ ᠪᠣᠢ? ᠭᠡᠵᠦ ᠰᠠᠩᠵᠢ ᠬᠠᠢᠬᠤᠷᠤᠮᠵᠢ ᠦᠭᠡᠢ ᠬᠡᠯᠡᠭᠰᠡᠨ ᠳ᠋ᠦ᠍ ᠵᠡᠯᠰᠡᠩ:
       - ᠡᠢᠮᠦ ᠭᠠᠪᠠᠯᠠ ᠲᠠᠢ ᠬᠥᠮᠦᠨ ᠬᠣᠪᠣᠷ ᠪᠠᠢᠳᠠᠭ ᠶᠤᠮ᠃ ᠡᠭᠦᠨ ᠦ᠌ ᠭᠠᠪᠠᠯᠠ ᠪᠡᠷ ᠲᠠᠮᠠᠷᠤ ᠬᠢᠬᠦ ᠰᠡᠨ᠃ᠲᠡᠭᠡᠪᠡᠯ ᠴᠣ ᠮᠥᠨ ᠰᠠᠢᠬᠠᠨ ᠳᠠᠭᠤ ᠲᠠᠢ ᠲᠠᠮᠠᠷᠤ ᠪᠣᠯᠤᠨ᠎ᠠ ᠳᠠ ᠭᠡᠵᠦ ᠬᠡᠯᠡᠪᠡ᠃  ᠰᠠᠩᠵᠢ ᠶᠢᠨ  ᠲᠣᠲᠣᠷ᠎ᠠ ᠡᠪ ᠦᠭᠡᠢ ᠪᠣᠯᠤᠯ᠎ᠠ᠃《ᠠᠮᠢᠳᠤ ᠬᠥᠮᠦᠨ ᠦ᠌ ᠭᠠᠪᠠᠯᠠ ᠶ᠋ᠢᠨ ᠶᠠᠰᠤᠨ ᠳ᠋ᠤ᠌ ᠰᠢᠨᠤᠵᠤ ᠪᠠᠢᠬᠤ ᠭᠡᠵᠦ ᠳᠡ᠃ᠠᠷᠠᠢ ᠴᠣ ᠬᠡᠲᠦᠷᠡᠭᠰᠡᠨ ᠨᠢᠭᠦᠯ ᠲᠡᠢ ᠪᠣᠳᠣᠯ ᠪᠠᠢᠬ᠎ᠠ》 ᠭᠡᠵᠦ ᠲᠡᠷᠡ ᠪᠣᠳᠣᠭᠠᠳ:
       - ᠨᠢᠭᠦᠯ ᠪᠣᠯᠤᠨ᠎ᠠ᠂ ᠴᠢᠮᠡᠭᠡ ᠦᠭᠡᠢ! ᠭᠡᠪᠡ᠃
       - ᠶᠠᠭᠤᠨ ᠤ᠋ ᠴᠢᠨᠢ ᠨᠢᠭᠦᠯ! ᠪᠤᠷᠬᠠᠨ ᠨᠣᠮ ᠤ᠋ᠨ ᠰᠠᠢᠨ ᠦᠢᠯᠡ ᠶ᠋ᠢᠨ ᠲᠤᠬᠠᠢ ᠪᠣᠳᠣᠵᠤ  ᠪᠠᠢᠬᠤ  ᠳ᠋ᠤ᠌ ᠨᠢᠭᠦᠯ ᠪᠣᠯᠳᠠᠭ ᠭᠡᠵᠦ ᠬᠡᠨ ᠡᠴᠡ ᠳᠣᠭᠤᠯᠪᠠ᠃ ᠬᠠᠷᠢᠨ ᠴᠣ ᠪᠤᠶᠠᠨ ᠪᠣᠯᠤᠨ᠎ᠠ᠃ ᠡᠨᠡ ᠬᠤᠳᠠᠯᠳᠤᠭᠠᠴᠢᠨ ᠪᠣᠯ ᠢᠩᠭᠡᠰᠬᠡᠭᠡᠳ ᠯᠡ ᠨᠠᠰᠤᠨ ᠤ᠋ ᠦᠢᠯᠡ ᠪᠡᠨ ᠳᠠᠭᠤᠰᠬᠠᠨ᠎ᠠ᠃ ᠬᠠᠷᠢᠨ ᠭᠠᠪᠠᠯᠠ ᠪᠡᠷ ᠨᠢ ᠬᠢᠭᠰᠡᠨ ᠳᠠᠮᠤᠷᠤ ᠪᠣᠯ ᠪᠤᠷᠬᠠᠨ ᠱᠠᠵᠢᠨ ᠤ᠋ ᠦᠢᠯᠡᠰ ᠲᠦ᠍ ᠬᠡᠳᠦᠨ ᠦᠶ᠎ᠡ ᠶ᠋ᠢ ᠳᠠᠮᠵᠢᠨ ᠪᠤᠶᠠᠨ ᠪᠣᠯᠤᠨ᠎ᠠ ᠭᠡᠵᠦ  ᠵᠡᠯᠰᠡᠩ ᠤᠬᠠᠭᠤᠯᠵᠤ ᠬᠡᠯᠡᠬᠦ ᠳ᠋ᠦ᠍ ᠨᠢ ᠰᠠᠩᠵᠢ ᠶ᠋ᠢᠨ ᠰᠠᠨᠠᠭ᠎ᠠ ᠵᠣᠪᠠᠵᠤ ᠳᠤᠬᠤᠨ ᠤ᠋ ᠬᠥᠯᠥᠰᠥ ᠪᠤᠷᠵᠠᠢᠨ ᠭᠠᠷᠴᠤ᠂ ᠪᠡᠶ᠎ᠡ ᠨᠢ ᠴᠡᠴᠡᠷᠡᠬᠦ ᠰᠢᠭ ᠪᠣᠯᠤᠭᠰᠠᠨ ᠲᠤᠯᠠ ᠫᠠᠨᠽᠠ ᠨᠠᠢᠢᠮᠠᠭᠠᠨ ᠤ᠋ ᠬᠥᠮᠦᠰ ᠦᠨ ᠬᠣᠭᠣᠷᠣᠨᠳᠣᠭᠤᠷ ᠴᠠᠰᠢ ᠪᠠᠨ ᠵᠢᠳᠬᠦᠵᠦ ᠭᠠᠪᠠᠯᠠ  ᠶ᠋ᠢᠨ ᠲᠤᠬᠠᠢ ᠶᠠᠷᠢᠵᠤ ᠪᠠᠢᠭ᠎ᠠ ᠨᠠᠢᠢᠮᠠᠭᠠᠴᠢᠨ  ᠠᠴᠠ ᠬᠣᠯᠠᠳᠤᠨ ᠶᠠᠪᠤᠯ᠎ᠠ᠃ ᠠᠷᠤ ᠠ᠋ᠴᠠ ᠨᠢ ᠵᠡᠯᠰᠡᠩ ᠵᠢᠨᠵᠦᠭ ᠠᠮᠠᠨ ᠳ᠋ᠠᠭᠠᠨ ᠶᠠᠭᠤᠮ᠎ᠠ ᠦᠭᠦᠯᠡᠨ ᠪᠤᠪᠲᠤᠨᠠᠭᠰᠠᠭᠠᠷ ᠭᠦᠢᠴᠡᠵᠦ ᠢᠷᠡᠯ᠎ᠡ᠃ ᠲᠡᠷᠡ ᠠᠮᠢᠰᠬᠤᠭᠠᠳᠠᠵᠤ:
      - ᠲᠠᠮᠠᠷᠤ ᠶ᠋ᠢ ᠠᠷᠤ ᠪᠠᠷ ᠢ᠋ᠶ᠋ᠠᠨ ᠨᠡᠢᠯᠡᠭᠰᠡᠨ ᠬᠣᠶᠠᠷ ᠬᠣᠮᠬ᠎ᠠ ᠪᠡᠷ ᠬᠢᠳᠡᠭ ᠶᠡᠬᠡ ᠤᠴᠢᠷᠲᠠᠢ ᠶᠤᠮ ᠭᠡᠵᠦ ᠪᠣᠳᠣᠭᠠᠷᠠᠢ᠃ ᠰᠠᠪᠠ ᠶᠢᠷᠲᠢᠨᠴᠦ᠂ ᠰᠢᠮ᠎ᠡ ᠶᠢᠷᠲᠢᠨᠴᠦ ᠬᠣᠶᠠᠷ ᠪᠥᠭᠡᠷ᠎ᠡ ᠪᠡᠷ ᠢ᠋ᠶ᠋ᠡᠨ ᠬᠣᠯᠪᠣᠭᠳᠠᠨ ᠬᠣᠶᠠᠷ ᠳᠠᠰᠢ ᠬᠠᠷᠠᠵᠤ ᠣᠷᠣᠰᠢᠨ᠎ᠠ ᠭᠡᠰᠡᠨ ᠪᠤᠷᠬᠠᠨ ᠤ᠋ ᠨᠣᠮᠯᠠᠯ ᠤ᠋ᠨ ᠪᠡᠯᠭᠡ ᠲᠡᠮᠳᠡᠭ ᠮᠥᠨ᠃ ᠨᠠᠷᠭᠢᠯ ᠮᠣᠳᠣᠨ ᠤ᠋ ᠰᠠᠮᠤᠷ ᠤ᠋ᠨ ᠬᠠᠯᠢᠰᠤ ᠶ᠋ᠢ ᠲᠠᠯ᠎ᠠ ᠳᠤᠮᠳᠠᠭᠤᠷ ᠨᠢ ᠬᠤᠪᠢᠶᠠᠵᠤ ᠬᠣᠶᠠᠷ ᠠᠷᠤ ᠪᠠᠷ ᠨᠢ  ᠨᠡᠢᠯᠡᠭᠦᠯᠦᠨ ᠪᠥᠭᠡᠯᠡᠭᠡᠳ ᠵᠠᠳᠠᠭᠠᠢ ᠲᠠᠯ᠎ᠠ ᠶ᠋ᠢ ᠠᠷᠠᠰᠤ ᠪᠠᠷ ᠪᠦᠷᠢᠵᠦ ᠲᠠᠮᠠᠷᠤ ᠬᠢᠳᠡᠭ ᠶᠦᠮ᠃  ᠲᠡᠢᠮᠦ ᠲᠠᠮᠠᠷᠤ᠎ ᠶ᠋ᠢᠨ ᠳᠠᠭᠤ ᠵᠥᠭᠡᠯᠡᠳᠡᠭᠡᠳ ᠰᠥᠭᠡᠩᠭᠢ ᠬᠣᠭᠣᠯᠠᠢ ᠲᠠᠢ ᠬᠥᠮᠦᠨ ᠰᠢᠭ ᠪᠠᠢᠳᠠᠭ᠃ ᠬᠠᠷᠢᠨ ᠭᠠᠪᠠᠯᠠ ᠶ᠋ᠢᠨ ᠶᠠᠰᠤᠨ ᠳᠠᠮᠠᠷᠤ ᠪᠣᠯ ᠶᠠᠭᠤᠲᠠᠢ ᠴᠠᠷᠭᠢᠶ᠎ᠠ ᠳᠤᠤᠭᠠᠷᠤᠨ᠎ᠠ ᠭᠡᠭᠴᠢ᠃  ᠲᠡᠢᠮᠦ ᠲᠠᠮᠠᠷᠤ  ᠳᠡᠯᠡᠳᠦᠭᠡᠳ ᠰᠠᠭᠤᠵᠤ ᠪᠠᠢᠬᠤ ᠳ᠋ᠤ᠌ ᠠᠮᠢᠳᠤ ᠬᠥᠮᠦᠨ ᠦ᠌ ᠲᠣᠯᠣᠭᠠᠢ ᠪᠠᠷ ᠳᠠᠭᠤ ᠭᠠᠷᠭᠠᠵᠤ ᠪᠠᠢᠭ᠎ᠠ ᠮᠡᠲᠦ ᠰᠣᠨᠢᠨ ᠰᠠᠨᠠᠭᠳᠠᠳᠠᠭ᠃ ᠵᠠ ᠲᠡᠭᠡᠭᠡᠳ ᠶᠡᠬᠡ ᠦᠨ᠎ᠡ ᠬᠦᠷᠦᠨ᠎ᠡ ᠭᠡᠭᠴᠢ᠃ ᠳ᠋ᠠᠴᠠᠩ ᠳ᠋ᠤ᠌ ᠢᠯᠡᠭᠦᠳᠡᠪᠡᠯ ᠤᠲᠠᠢ ᠭᠦᠮᠪᠦᠮ ᠵᠠ ᠲᠡᠭᠡᠭᠡᠳ ᠯᠡ ᠬᠠᠯᠬ᠎ᠠ ᠮᠣᠩᠭᠣᠯ ᠬᠠᠮᠢᠭ᠎ᠠ ᠴᠣ ᠦᠨ᠎ᠡ ᠬᠦᠷᠦᠨ᠎ᠡ ᠳᠡ᠂ ᠭᠠᠪᠠᠯᠠ ᠶ᠋ᠢᠨ  ᠲᠠᠮᠠᠷᠤ!ᠭᠡᠵᠦ  ᠵᠡᠯᠰᠡᠩ ᠵᠢᠨᠵᠦᠭ᠎ ᠢ  ᠵᠣᠭᠰᠣᠭ᠎ᠠ ᠵᠠᠢ ᠦᠭᠡᠢ ᠶᠠᠷᠢᠬᠤ ᠳ᠋ᠤ᠌ ᠰᠠᠩᠵᠢ ᠭᠡᠰᠦᠯ ᠦ᠋ᠨ ᠲᠣᠯᠣᠭᠠᠢ ᠨᠢ  ᠡᠪᠡᠳᠬᠦ ᠰᠢᠭ ᠪᠣᠯᠵᠤ ᠰᠡᠳᠬᠢᠯ ᠨᠢ ᠪᠦᠷᠢᠮᠦᠰᠦᠨ ᠬᠢᠮᠤᠷᠠᠪᠠ᠃ ᠨᠤᠲᠤᠭ ᠲᠤ᠌ ᠪᠠᠨ ᠪᠠᠢᠬᠤ ᠳ᠋ᠤ᠌ ᠲᠥᠪᠡᠳ ᠦᠳ ᠬᠦᠮᠦᠨ ᠦ᠌ ᠭᠠᠪᠠᠯᠠ ᠪᠠᠷ ᠲᠠᠮᠠᠷᠤ ᠶᠤᠮ ᠤᠤ ᠪᠠᠳᠢᠷ ᠠᠶᠠᠭ᠎ᠠ ᠬᠢᠳᠡᠭ ᠲᠤᠬᠠᠢ ᠪᠦᠳᠡᠭᠢ  ᠪᠠᠳᠠᠬᠢ ᠰᠣᠨᠣᠰᠤᠭᠰᠠᠨ ᠪᠠᠢᠵᠠᠢ᠃ ᠣᠳᠣ ᠡᠨᠡᠬᠦ ᠵᠢᠩᠵᠸ ᠯᠠᠮᠠ ᠵᠡᠯᠰᠡᠩ ᠲᠡᠭᠦᠨ ᠢ᠋ ᠪᠦᠷ ᠲᠣᠳᠣᠷᠠᠭᠤᠯᠵᠤ ᠣᠢ ᠭᠤᠲᠤᠲᠠᠯ᠎ᠠ ᠨᠢ ᠶᠠᠷᠢᠵᠤ ᠥᠭᠭᠦᠯ᠎ᠡ᠃  ᠰᠠᠩᠵᠢ ᠲᠡᠷᠡ ᠰᠡᠳᠦᠪ ᠢ᠋ ᠥᠭᠡᠷᠡᠴᠢᠯᠡᠵᠦ ᠣᠨᠳᠣᠣ ᠶᠠᠭᠤᠮᠠᠨ ᠤ᠋ ᠲᠤᠬᠠᠢ ᠶᠠᠷᠢᠬᠤ ᠶ᠋ᠢᠨ ᠮᠥᠷᠥᠭᠡᠳᠦᠯ ᠪᠣᠯᠵᠤ ᠶᠠᠪᠤᠲᠠᠯ᠎ᠠ ᠱᠢᠷᠦ ᠰᠣᠪᠤᠳ᠎ ᠤᠨ ᠤᠨᠵᠢᠯᠭ᠎ᠠ ᠲᠠᠢ ᠠᠯᠠᠭ ᠬᠡᠪᠢᠰᠦᠨ ᠬᠣᠷᠮᠣᠢᠪᠴᠢ ᠲᠠᠢ ᠥᠨᠳᠥᠷ ᠭᠤᠸᠠᠯᠢᠭ ᠨᠢᠷᠤᠭᠤ ᠲᠠᠢ᠂ ᠨᠢᠭᠤᠷ ᠲᠠᠭᠠᠨ ᠣ ᠡᠩᠭᠡᠰᠬᠡ ᠪᠤᠶᠤ ᠴᠠᠢ ᠶ᠋ᠢᠨ ᠬᠠᠨᠳᠠ ᠪᠠᠷ ᠪᠣᠳᠣᠭ ᠲᠠᠯᠪᠢᠭ᠎ᠠ ᠦᠭᠡᠢ᠂  ᠴᠠᠢᠪᠤᠷ ᠶᠠᠭᠠᠨ ᠴᠢᠷᠠᠢ ᠲᠠᠢ ᠪᠦᠰᠡᠭᠦᠢ ᠡᠳᠡᠨ ᠦ᠌ ᠵᠠᠮ ᠳ᠋ᠤ᠌ ᠳᠠᠭᠠᠷᠢᠯᠳᠤᠪᠠ᠃
       - ᠬᠦᠢ ᠡ᠂ ᠡᠨᠡ ᠪᠦᠰᠡᠭᠦᠢ ᠯᠠᠯᠤ ᠶ᠋ᠢᠨ ᠰᠢᠲᠦᠯᠭᠡᠲᠡᠨ ᠶᠦᠮ ᠪᠣᠯᠪᠠ ᠤᠤ? ᠭᠡᠵᠦ ᠰᠠᠩᠵᠢ ᠰᠡᠮᠬᠡᠨ ᠰᠢᠪᠡᠨᠡᠨ ᠵᠠᠯᠰᠠᠩ ᠠ᠋ᠴᠠ ᠠᠰᠠᠭᠤᠯ᠎ᠠ᠃
       - ᠴᠢ ᠶᠠᠭᠤ ᠶ᠋ᠢ ᠨᠢ ᠰᠣᠨᠢᠷᠬᠠᠭᠠᠳ ᠲᠡᠭᠡᠵᠦ ᠠᠰᠠᠭᠤᠪᠠ? ᠭᠡᠵᠦ  ᠵᠡᠯᠰᠡᠩ ᠪᠠᠢᠴᠠᠭᠠᠬᠤ ᠳ᠋ᠤ᠌:
       - ᠪᠤᠷᠬᠠᠨ ᠰᠢᠲᠦᠳᠡᠭ ᠪᠣᠯ ᠲᠡᠷᠡ ᠨᠢᠭᠤᠷ ᠢᠶᠠᠨ ᠴᠠᠢ ᠶ᠋ᠢᠨ ᠬᠠᠨᠳᠠ ᠪᠠᠷ ᠬᠦᠷᠡᠩᠲᠦᠭᠦᠯᠦᠨ ᠪᠤᠳᠤᠭᠰᠠᠨ ᠪᠠᠢᠬᠤ ᠶᠣᠰᠣᠲᠠᠢ᠃ ᠭᠡᠲᠡᠯ᠎ᠡ ᠴᠠᠭᠠᠨ ᠶᠠᠭᠠᠨ ᠢ᠋ᠶ᠋ᠠᠷ ᠢ᠋ᠶ᠋ᠠᠨ ᠪᠠᠢᠨ᠎ᠠ᠃ ᠯᠠᠪ ᠯᠠᠯᠤ ᠶ᠋ᠢᠨ ᠰᠢᠲᠦᠯᠭᠡᠲᠡᠨ ᠪᠠᠢᠬ᠎ᠠ  ᠭᠡᠵᠦ ᠰᠠᠩᠵᠢ ᠨᠥᠭᠦᠭᠡ ᠬᠡᠦᠬᠡᠨ ᠢ᠋ ᠬᠠᠷᠠᠴᠠ ᠪᠠᠷ ᠢ᠋ᠶ᠋ᠠᠨ ᠦᠳᠡᠬᠦ ᠵᠠᠭᠤᠷ᠎ᠠ ᠬᠡᠯᠡᠬᠦ  ᠳ᠋ᠤ᠌  ᠵᠡᠯᠰᠡᠩ :
       - ᠵᠣᠯᠢᠭ ᠮᠢᠨᠢ᠂ ᠴᠢᠮ᠎ᠠ ᠳ᠋ᠤ᠌ ᠡᠨᠡ ᠬᠡᠦᠬᠡᠨ ᠦ᠌ ᠠᠭᠠᠯᠢᠭᠦᠢ ᠴᠠᠭᠠᠨ ᠴᠢᠷᠠᠢ ᠰᠣᠨᠢᠨ ᠪᠠᠢᠵᠠᠢ! ᠨᠠᠳᠠ ᠳ᠋ᠤ᠌ ᠪᠣᠯ ᠣᠭᠲᠣ ᠥᠭᠡᠷ᠎ᠡ ᠶᠠᠭᠤᠮ᠎ᠠ ᠨᠢ ᠰᠣᠨᠢᠨ ᠪᠠᠢᠨ᠎ᠠ ᠭᠡᠳ ᠬᠡᠦᠬᠡᠨ ᠦ᠌ ᠬᠣᠢᠨ᠎ᠠ ᠠ᠋ᠴᠠ ᠡᠷᠭᠢᠨ ᠠᠯᠬᠤᠯᠠᠪᠠ᠃ 
       ᠴᠠᠢ ᠶ᠋ᠢᠨ ᠬᠠᠨᠳᠠ ᠪᠠᠷ ᠨᠢᠭᠤᠷ ᠢᠶᠠᠨ ᠬᠦᠷᠡᠩᠲᠦᠭᠦᠯᠵᠦ ᠪᠣᠳᠣᠭ᠎ᠠ ᠦᠭᠡᠢ ᠪᠣᠯ ᠲᠥᠪᠡᠳ ᠬᠡᠦᠬᠡᠨ ᠢ ᠱᠠᠯᠢᠭ ᠵᠠᠪᠬᠠᠢ ᠶᠠᠪᠤᠳᠠᠯᠲᠠᠨ ᠡᠰᠡᠪᠡᠯ ᠯᠠᠯᠤ ᠶ᠋ᠢᠨ ᠱᠠᠰᠢᠨᠲᠠᠨ ᠭᠡᠵᠦ ᠦᠵᠡᠳᠡᠭ ᠢ᠋ ᠰᠠᠩᠵᠢ ᠮᠡᠳᠡᠬᠦ ᠪᠣᠯᠤᠭᠰᠠᠨ ᠲᠤᠯᠠ ᠲᠡᠷᠡ ᠬᠡᠦᠬᠡᠨ ᠢ᠋ ᠠᠭᠠᠯᠢᠭᠦᠢ ᠴᠠᠭᠠᠨ ᠴᠢᠷᠠᠢ ᠲᠠᠢ ᠭᠡᠰᠡᠨ ᠳ᠋ᠦ᠍ ᠦᠭᠡ ᠰᠥᠷᠡᠭᠰᠡᠨ ᠦᠭᠡᠢ᠃ ᠬᠠᠷᠢᠨ  ᠵᠡᠯᠰᠡᠩ ᠲᠡᠷᠡ ᠬᠡᠦᠬᠡᠨ ᠦ᠌ ᠶᠠᠭᠤ ᠶ᠋ᠢ ᠰᠣᠨᠢᠷᠬᠠᠵᠤ ᠪᠠᠢᠭ᠎ᠠ ᠶ᠋ᠢ  ᠲᠠᠭᠠᠭ᠎ᠠ ᠦᠭᠡᠢ ᠲᠤᠯᠠ ᠡᠷᠡᠭᠡᠯᠵᠡᠨ  ᠭᠠᠢᠬᠠᠵᠤ ᠬᠣᠢᠨ᠎ᠠ ᠠ᠋ᠴᠠ ᠨᠢ  ᠳᠠᠭᠠᠨ ᠶᠠᠪᠤᠯ᠎ᠠ᠃ ᠲᠡᠭᠡᠲᠡᠯ᠎ᠡ ᠬᠡᠦᠬᠡᠨ ᠵᠣᠭ ᠲᠤᠰᠴᠤ ᠫᠢᠯᠠᠩ ᠳᠠᠪᠤᠤ ᠵᠠᠷᠤᠵᠤ ᠪᠠᠢᠭ᠎ᠠ ᠨᠠᠢᠢᠮᠠᠭᠠᠴᠢᠨ ᠲᠠᠢ ᠦᠨ᠎ᠡ ᠬᠠᠶᠠᠯᠴᠠᠵᠤ ᠡᠬᠢᠯᠡᠪᠡ᠃ ᠠᠩᠭ᠌ᠯᠢ ᠤᠯᠤᠰ ᠢ᠋ ᠲᠥᠪᠡᠳ ᠦ᠋ᠳ  ᠫᠢᠯᠠᠩ ᠭᠡᠳᠡᠭ ᠶᠦᠮ᠃ ᠫᠢᠯᠠᠩ ᠳᠠᠪᠤᠤ ᠶ᠋ᠢ ᠴᠢᠨᠠᠷ ᠲᠠᠢ ᠭᠡᠵᠦ ᠲᠦᠪᠡᠳ ᠬᠡᠦᠬᠡᠨ ᠨᠦ᠍ᠭᠦᠳ ᠦᠨᠡᠯᠡᠳᠡᠭ ᠠᠵᠢ᠃  ᠵᠡᠯᠰᠡᠩ ᠵᠢᠨᠵᠦᠭ ᠨᠥᠭᠥᠭᠡᠬᠢ ᠬᠡᠦᠬᠡᠨ ᠦ᠌ ᠠᠷᠤᠬᠠᠨ ᠲᠠᠯ᠎ᠠ ᠳ᠋ᠤ᠌ ᠵᠣᠭ ᠲᠣᠰᠣᠭᠠᠳ ᠡᠷᠭᠢᠵᠦ  ᠰᠠᠩᠵᠢ ᠶ᠋ᠢ ᠳᠠᠯᠠᠯᠤᠨ ᠬᠦᠷᠴᠦ ᠣᠴᠢᠬᠤ ᠳ᠋ᠤ᠌ ᠨᠢ ᠴᠢᠬᠢᠨ ᠳᠡᠭᠡᠷ᠎ᠡ ᠨᠢ ᠬᠣᠰᠢᠭᠤ  ᠪᠡᠨ ᠴᠣᠷᠪᠣᠢᠵᠤ  ᠰᠢᠪᠡᠭᠡᠨᠡᠨ:
       - ᠬᠠᠷᠠᠭᠠᠴᠢ ᠴᠢ ᠡᠭᠦᠨ ᠦ᠌ ᠰᠢᠯᠪᠢ ᠶ᠋ᠢ! ᠪᠢ ᠡᠭᠦᠨ ᠢ᠋ ᠯᠡ ᠰᠣᠨᠢᠷᠬᠠᠵᠤ ᠪᠠᠢᠨ᠎ᠠ ᠭᠡᠪᠡ᠃  ᠰᠠᠩᠵᠢ ᠭᠡᠰᠦᠯ ᠥᠪᠡᠷ ᠦ᠋ᠨ ᠡᠷᠬᠡ ᠦᠭᠡᠢ ᠨᠥᠭᠥᠭᠡᠬᠢ ᠬᠡᠦᠬᠡᠨ ᠦ᠌ ᠴᠢᠭᠢᠷᠠᠭ ᠪᠤᠯᠴᠢᠩ ᠲᠠᠢ ᠬᠥᠯ ᠦ᠋ᠨ ᠰᠢᠯᠪᠢ ᠤᠷᠤᠭᠤ ᠵᠡᠷᠪᠡᠰ ᠬᠠᠷᠠᠯ᠎ᠠ᠃ ᠨᠠᠷᠢᠨ ᠭᠣᠸᠠᠯᠢᠭ ᠲᠡᠭᠰᠢᠬᠡᠨ ᠰᠢᠯᠪᠢ ᠲᠡᠢ ᠬᠥᠯ  ᠳ᠋ᠡᠭᠡᠨ ᠫᠢᠯᠠᠩ ᠱᠠᠬᠠᠢ ᠡᠮᠦᠰᠴᠡᠢ᠃
       - ᠡᠭᠦᠨ ᠦ᠌ ᠰᠢᠯᠪᠢ ᠡᠢᠮᠦ ᠭᠤᠸᠠᠯᠢᠭ ᠲᠤᠯᠠ ᠳᠤᠮᠳᠠ ᠴᠢᠮᠥᠭᠡ ᠪᠡᠷ ᠨᠢ ᠭᠠᠩᠯᠢᠩ ᠬᠢᠬᠦ ᠰᠡᠨ᠂ ᠲᠡᠭᠡᠪᠡᠯ ᠴᠣ ᠮᠥᠨ ᠁ ᠭᠡᠵᠦ ᠵᠡᠯᠰᠡᠩ ᠰᠠᠩᠵᠢ ᠶ᠋ᠢᠨ ᠴᠢᠬᠢᠨ ᠳ᠋ᠦ᠍ ᠰᠢᠪᠡᠭᠡᠨᠡᠵᠡᠢ᠃ ᠭᠡᠨᠡᠳᠲᠡ ᠶ᠋ᠢᠨ ᠡᠨᠡ ᠦᠬᠡᠨ ᠳ᠋ᠦ᠍  ᠭᠡᠰᠦᠯ ᠵᠣᠯ ᠲᠠᠢ ᠯᠠ ᠮᠠᠭᠤᠷᠠᠵᠤ ᠤᠨᠠᠭᠰᠠᠨ ᠦᠭᠡᠢ᠃ ᠬᠡᠦᠬᠡᠨ ᠡᠨᠡ ᠶᠠᠷᠢᠭ᠎ᠠ ᠶ᠋ᠢ ᠰᠣᠨᠣᠰᠴᠢᠬᠠᠬᠤ ᠪᠤᠢ ᠭᠡᠬᠦ ᠡᠴᠡ ᠶᠠᠰᠤ ᠨᠢ ᠬᠠᠪᠲᠠᠢᠬᠤ ᠮᠡᠲᠦ ᠪᠣᠯᠵᠤ ᠰᠠᠩᠵᠢ ᠱᠠᠯᠠᠪᠬᠠᠨ ᠥᠭᠡᠷ᠎ᠡ ᠳᠠᠰᠢ ᠪᠠᠨ ᠡᠷᠭᠢᠨ ᠬᠦᠮᠦᠰ ᠲᠡᠢ ᠴᠢᠬᠢᠯᠳᠤᠨ ᠬᠣᠯᠠᠳᠪᠠ᠃  ᠰᠠᠩᠵᠢ ᠶ᠋ᠢ  ᠠᠯᠳᠠᠴᠢᠬᠠᠬᠤ ᠠ᠋ᠴᠠ ᠪᠣᠯᠭᠣᠮᠵᠢᠯᠠᠵᠤ  ᠵᠡᠯᠰᠡᠩ  ᠵᠢᠨᠵᠦᠭ ᠮᠥᠨ ᠯᠡ ᠤᠬᠤᠰᠬᠢᠨ ᠬᠥᠮᠦᠰ ᠲᠡᠢ ᠴᠢᠭᠢᠴᠢᠯᠳᠦᠵᠦ᠂ ᠭᠦᠢᠴᠡᠨ ᠢᠷᠡᠭᠡᠳ ᠭᠠᠷ ᠠ᠋ᠴᠠ ᠨᠢ ᠠᠳᠬᠤᠨ ᠠᠪᠴᠤ:
       - ᠴᠢ ᠶᠠᠭᠠᠬᠢᠴᠢᠬᠠᠪᠠ ᠡ ! ᠶᠠᠭᠤᠨ ᠳ᠋ᠤ᠌ ᠢᠩᠭᠢᠵᠦ ᠳᠡᠯᠳᠢᠴᠢᠵᠦ ᠪᠠᠢᠳᠠᠭ ᠶᠤᠮ ᠪᠣᠢ? ᠭᠡᠬᠦ ᠳ᠋ᠦ᠍ ᠨᠢ  ᠰᠠᠩᠵᠢ:
       - ᠲᠠ ᠲᠠᠩᠳᠠ ᠯᠠ ᠬᠥᠮᠦᠨ ᠦ᠌ ᠶᠠᠰᠤᠨ ᠳ᠋ᠤ᠌ ᠰᠢᠨᠤᠵᠤ ᠪᠠᠢᠬᠤ ᠶᠤᠮ᠃ ᠡᠨᠡ ᠴᠢᠨᠢ ᠶᠡᠬᠡ ᠠᠯᠳᠠᠰ  ᠪᠣᠯᠣᠨ᠎ᠠ ᠳ᠋ᠠ ᠭᠡᠪᠡ᠃
       - ᠶᠠᠭᠠᠬᠢᠯ᠎ᠠ ᠭᠡᠵᠦ ᠳᠡ᠃ ᠪᠤᠷᠬᠠᠨ ᠨᠣᠮ ᠤ᠋ᠨ ᠦᠢᠯᠡ ᠪᠦᠲᠦᠭᠡᠬᠦ ᠲᠤᠬᠠᠢ ᠯᠠ ᠪᠢ ᠪᠣᠳᠣᠵᠤ ᠶᠠᠪᠤᠨ᠎ᠠ ᠳᠠ᠃ ᠴᠢ ᠨᠠᠮᠠᠶ᠋ᠢ ᠵᠠᠬ᠎ᠠ ᠳᠡᠭᠡᠷ᠎ᠡ ᠨᠠᠢᠮᠠᠭ᠎ᠠ ᠥᠰᠥᠷᠬᠡᠬᠦ ᠪᠡᠷ ᠭᠠᠷᠤᠯ᠎ᠠ ᠭᠡᠵᠦ ᠪᠣᠳᠣᠵᠤ ᠪᠠᠢᠨ᠎ᠠ ᠤᠤ?ᠦᠭᠡᠢ ᠰᠢᠦ! ᠪᠤᠷᠬᠠᠨ ᠤ᠋ ᠦᠢᠯᠡ ᠶ᠋ᠢᠨ ᠲᠥᠯᠥᠭᠡ ᠯᠡ ᠡᠷᠢᠯ ᠬᠠᠢᠭᠤᠯ ᠬᠢᠵᠦ ᠶᠠᠪᠤᠨ᠎ᠠ ᠁ ᠭᠡᠵᠦ ᠵᠡᠯᠰᠡᠩ  ᠬᠡᠨᠡᠭ ᠴᠤ᠌ ᠦᠭᠡᠢ ᠶᠠᠷᠢᠯ᠎ᠠ᠃ ᠰᠠᠩᠵᠢ ᠭᠡᠰᠦᠯ:
        - ᠪᠢ ᠲᠡᠢᠮᠦ ᠨᠢᠭᠦᠯ ᠲᠠᠢ ᠬᠠᠢᠭᠤᠯ ᠳ᠋ᠤ᠌ ᠣᠷᠣᠯᠴᠠᠬᠤ ᠳᠤᠷ᠎ᠠ ᠦᠭᠡᠢ ᠪᠠᠢᠨ᠎ᠠ ᠂ ᠬᠠᠷᠢᠬᠤ᠎  ᠪᠡᠷ  ᠪᠤᠴᠠᠯ᠎ᠠ ᠵᠠᠬ᠎ᠠ᠎ ᠶ᠋ᠢᠨ ᠲᠥᠪ᠎᠎ ᠡᠴᠡ ᠭᠠᠷᠬᠤ᠎ ᠶ᠋ᠢ ᠵᠠᠪᠳᠤᠪᠠ᠃
       ᠵᠡᠯᠰᠡᠩ ᠲᠡᠭᠦᠨ ᠳ᠋ᠦ᠍ ᠥᠭᠡᠷ᠎ᠡ ᠶᠠᠭᠤᠮ᠎ᠠ ᠬᠡᠯᠡᠭᠰᠡᠨ ᠦᠭᠡᠢ ᠠᠷᠤ ᠠ᠋ᠴᠠ ᠨᠢ ᠳᠤᠷ᠎ᠠ ᠲᠠᠢ ᠳᠤᠷ᠎ᠠ ᠦᠭᠡᠢ ᠳᠠᠭᠠᠵᠤ ᠶᠠᠪᠤᠯ᠎ᠠ᠃ ᠲᠡᠭᠡᠲᠡᠯ᠎ᠡ ᠨᠢᠭᠡᠨ ᠶᠡᠬᠡ ᠱᠤᠤᠭᠢᠶᠠᠨ ᠳᠡᠭᠳᠡᠵᠦ ᠬᠥᠮᠦᠰ ᠰᠢᠪᠠᠭᠠᠷᠠᠯᠳᠤᠵᠤ᠂ ᠣᠷᠢᠯᠠᠭᠤ ᠳᠠᠭᠤ ᠲᠠᠯᠪᠢᠬᠤ ᠰᠣᠨᠣᠰᠳᠠᠪᠠ᠃
       - ᠬᠤᠯᠠᠭᠠᠢᠴᠢ! ᠬᠤᠯᠠᠭᠠᠢᠴᠢ! ᠭᠡᠬᠦ ᠳᠠᠭᠤ ᠰᠠᠩᠵᠢ ᠳ᠋ᠤ᠌ ᠲᠣᠳᠣᠬᠠᠨ ᠰᠣᠨᠣᠰᠤᠭᠳᠠᠵᠤ ᠪᠠᠢᠯ᠎ᠠ᠃
      《ᠶᠠᠮᠠᠷ ᠨᠢᠭᠡᠨ ᠬᠥᠮᠦᠨ ᠬᠤᠯᠠᠭᠠᠢ ᠬᠢᠬᠦ ᠶ᠋ᠢ ᠵᠠᠪᠳᠤᠭᠠᠳ ᠪᠠᠷᠢᠭᠳᠠᠵᠤ ᠳᠠ᠃ ᠡᠨᠡ ᠲᠦᠪᠡᠳ ᠭᠠᠵᠠᠷ ᠬᠤᠯᠠᠭᠠᠢᠴᠢ ᠬᠥᠮᠦᠨ ᠳ᠋ᠤ᠌ ᠶᠡᠬᠡ ᠬᠠᠲᠠᠭᠤ ᠰᠢᠳᠬᠡᠯ ᠦᠵᠡᠭᠦᠯᠳᠡᠭ ᠪᠣᠯᠬᠣᠷ ᠬᠤᠯᠠᠭᠠᠢ  ᠳ᠋ᠤ᠌ ᠪᠠᠷᠢᠭᠳᠠᠭᠰᠠᠨ ᠬᠥᠮᠦᠨ ᠴᠣ ᠵᠣᠪᠠᠨ᠎ᠠ ᠪᠢᠵᠡ ᠳᠡ》 ᠭᠡᠵᠦ ᠰᠠᠩᠵᠢ ᠭᠡᠰᠦᠯ ᠳᠣᠲᠣᠷ᠎ᠠ ᠪᠠᠨ ᠪᠣᠳᠣᠵᠤ ᠶᠠᠪᠤᠯ᠎ᠠ᠃ ᠦᠨᠡᠬᠡᠷ ᠬᠤᠯᠠᠭᠠᠢᠴᠢ ᠶ᠋ᠢ ᠪᠠᠷᠢᠭᠠᠳ ᠲᠠᠭᠤᠵᠤ ᠶᠠᠪᠤᠭ᠎ᠠ ᠬᠥᠮᠦᠰ ᠲᠡᠢ ᠲᠡᠳᠡ ᠳᠠᠭᠠᠷᠢᠯᠳᠤᠵᠠᠢ᠃  ᠦᠰᠦ ᠶ᠋ᠢ ᠨᠢ ᠭᠥᠯᠢᠢᠲᠡᠯ᠎ᠡ ᠬᠤᠰᠴᠢᠬᠠᠭᠰᠠᠨ ᠤᠭᠤᠯᠢᠨ ᠲᠣᠯᠣᠭᠠᠢ ᠲᠠᠢ ᠵᠠᠯᠠᠭᠤᠬᠠᠨ ᠡᠷ᠎ᠡ ᠶ᠋ᠢ ᠭᠠᠷ ᠬᠥᠯ ᠢ᠋ᠶ᠋ᠡᠷ ᠨᠢ ᠳᠥᠩᠭᠡᠯᠡᠭᠡᠳ ᠲᠠᠭᠤᠵᠤ ᠶᠠᠪᠤᠭ᠎ᠠ ᠦᠵᠡᠭᠳᠡᠪᠡ᠃ ᠲᠡᠭᠦᠨ ᠦ᠌ ᠬᠦᠵᠦᠭᠦᠨ ᠡᠴᠡ ᠲᠣᠮᠣ ᠬᠠᠷ᠎ᠠ ᠴᠢᠯᠠᠭᠤ ᠳᠡᠭᠡᠰᠦ ᠪᠡᠷ ᠣᠷᠢᠶᠠᠨ ᠵᠡᠭᠦᠵᠡᠢ᠃ ᠭᠣᠣᠯ ᠤ᠋ᠨ ᠤᠰᠤᠨ ᠳ᠋ᠤ᠌ ᠵᠢᠪᠦᠭᠦᠯᠵᠦ ᠲᠣᠨᠢᠯᠭᠠᠬᠤ ᠬᠥᠮᠦᠨ ᠢ ᠢᠩᠭᠢᠵᠦ ᠬᠦᠵᠦᠭᠦᠨ ᠡᠴᠡ ᠨᠢ ᠴᠢᠯᠠᠭᠤ ᠵᠡᠭᠦᠵᠦ ᠵᠠᠬ᠎ᠠ ᠳᠤᠮᠳᠠᠭᠤᠷ ᠲᠠᠭᠤᠵᠤ ᠭᠠᠷᠳᠠᠭ ᠢ᠋ ᠰᠠᠩᠵᠢ ᠤᠷᠢᠳᠤ ᠨᠢ ᠣᠯᠠᠨᠲᠠ ᠰᠣᠨᠣᠰᠤᠭᠰᠠᠨ ᠪᠢᠯᠡ᠃
       - ᠨᠢᠭᠦᠯ ᠨᠢ ᠴᠠᠰᠢ ᠤᠯᠠᠮ ᠵᠤᠵᠠᠭᠠᠷᠠᠬᠤ ᠠ᠋ᠴᠠ ᠡᠭᠦᠨ ᠢ᠋ ᠠᠪᠤᠷᠠᠬᠤ ᠭᠡᠵᠦ ᠪᠠᠢᠭ᠎ᠠ ᠶᠤᠮᠰᠠᠨᠵᠡᠢ ᠭᠡᠵᠦ ᠵᠡᠯᠰᠡᠩ ᠠᠮᠠᠨ ᠳ᠋ᠠᠭᠠᠨ ᠦᠭᠦᠯᠡᠭᠰᠡᠨ ᠢ᠋ᠶ᠋ᠡᠨ:
       - ᠬᠦᠢ ᠴᠢ ᠡᠭᠦᠨ ᠦ᠌ ᠭᠠᠪᠠᠯᠠ ᠶ᠋ᠢ ᠬᠠᠷᠠᠭᠠᠴᠢ! ᠪᠡᠯᠡᠨ ᠲᠠᠮᠠᠷᠤ! ᠭᠡᠵᠦ ᠬᠡᠯᠡᠬᠦ ᠳ᠋ᠦ᠍ ᠨᠢ ᠰᠠᠩᠵᠢ ᠲᠡᠭᠦᠨ ᠢ᠋ ᠴᠣᠬᠢᠭᠠᠳ ᠠᠪᠤᠮᠠᠷ ᠰᠠᠨᠠᠭᠳᠠᠪᠠ᠃ ᠦᠨᠡᠬᠡᠷ ᠲᠡᠷᠡ ᠬᠤᠯᠠᠭᠠᠢᠴᠢ ᠡᠷ᠎ᠡ ᠶ᠋ᠢᠨ ᠭᠠᠪᠠᠯᠠ ᠠᠷᠤ ᠲᠡᠰᠢ ᠪᠡᠨ ᠴᠤᠢᠯᠠᠳᠠᠵᠤ ᠣᠷᠣᠭᠰᠠᠨ ᠰᠣᠨᠢᠨ ᠬᠡᠯᠪᠡᠷᠢ ᠲᠡᠢ ᠦᠵᠡᠭᠳᠡᠯ᠎ᠡ᠃  ᠵᠡᠯᠰᠡᠩ:
       - ᠵᠠ ᠡᠭᠦᠨ ᠢ᠋ ᠯᠠᠪ ᠯᠠ ᠦᠢᠴᠦᠦ ᠮᠥᠷᠡᠨ ᠳ᠋ᠦ᠍ ᠦᠢᠯᠭᠡᠵᠦ ᠴᠠᠰᠢ ᠬᠠᠷᠠᠭᠤᠯᠬᠤ ᠪᠠᠷ ᠠᠪᠴᠤ ᠶᠠᠪᠤᠭ᠎ᠠ ᠪᠠᠢᠬ᠎ᠠ᠃ ᠡᠭᠦᠨ ᠢ᠋ ᠳᠠᠭᠠᠳᠠᠭ ᠨᠢ ᠵᠥᠪ᠃ ᠬᠢᠮᠳᠠᠬᠠᠨ ᠲᠠᠮᠠᠷᠣ ᠲᠡᠢ ᠪᠣᠯᠤᠨ᠎ᠠ᠃ ᠥᠨᠥᠳᠥᠷ ᠵᠠᠬ᠎ᠠ ᠎ᠳᠡᠭᠡᠷ᠎ᠡ ᠢᠷᠡᠭᠰᠡᠨ ᠦ᠌ ᠬᠡᠷᠡᠭ ᠪᠦᠲᠦᠬᠦ ᠪᠢᠵᠡ᠃ ᠬᠣᠶᠠᠭᠤᠯᠠ ᠪᠠᠨ ᠡᠭᠦᠨ ᠢ ᠳᠠᠭᠠᠶ᠎ᠠ ᠭᠡᠬᠦ ᠳ᠋ᠦ᠍  ᠰᠠᠩᠵᠢ ᠨᠢᠳᠤᠷᠭ᠎ᠠ ᠪᠠᠨ ᠵᠠᠩᠭᠢᠳᠤᠨ  ᠳᠤᠷ᠎ᠠ ᠦᠭᠡᠢᠴᠡᠵᠦ:
       - ᠳᠡᠮᠡᠢ ᠴᠠᠯᠴᠢ! ᠪᠢ ᠯᠡ ᠴᠢᠮ᠎ᠠ ᠲᠠᠢ ᠬᠠᠮᠲᠤ ᠶᠠᠪᠤᠬᠤ ᠦᠭᠡᠢ ᠲᠡᠭ᠃ ᠨᠢᠭᠦᠯᠲᠦ ᠬᠠᠷ᠎ᠠ ᠮᠢᠨᠢ! ᠭᠡᠳ ᠥᠭᠡᠷ᠎ᠡ ᠵᠦᠭ ᠲᠦ᠍ ᠵᠢᠭᠤᠲᠠᠭᠠᠬᠤ ᠲᠣᠭᠠᠨ ᠤ᠋  ᠭᠦᠶᠦᠯ᠎ᠡ᠃
       - ᠪᠢ ᠭᠠᠭᠴᠠᠭᠠᠷ ᠢ᠋ᠶ᠋ᠠᠨ ᠶᠠᠪᠤᠬᠤ ᠮᠢᠨᠢ᠃ ᠡᠭᠦᠨ ᠢ᠋ ᠨᠢᠭᠡᠨᠲᠡ ᠲᠣᠨᠢᠯᠭᠠᠬᠤ ᠪᠠᠷ ᠪᠣᠯᠤᠭᠰᠠᠨ ᠪᠠᠢᠨ᠎ᠠ᠃ ᠡᠢᠮᠦ ᠳ᠋ᠦ᠍ ᠪᠤᠷᠬᠠᠨ ᠳ᠋ᠤ᠌ ᠥᠭᠯᠢᠭᠡ ᠪᠡᠨ ᠥᠭᠭᠦᠭᠡᠳ ᠲᠣᠨᠢᠯᠤᠨ᠎ᠠ ᠪᠢᠵᠡ᠃ ᠪᠢ ᠴᠢᠮ᠎ᠠ ᠲᠠᠢ ᠴᠢᠮ᠎ᠠ ᠦᠭᠡᠢ ᠵᠠᠮ ᠢᠶᠠᠨ ᠮᠡᠳᠡᠨ᠎ᠡ᠃ ᠬᠤᠯᠴᠢᠭᠠᠷ ᠡᠷ᠎ᠡ ᠪᠣᠢ? ᠭᠡᠵᠦ ᠵᠡᠯᠰᠡᠩ ᠬᠡᠯᠡᠭᠡᠳ ᠨᠥᠭᠥᠭᠡᠬᠢ ᠬᠤᠯᠠᠭᠠᠢᠴᠢ  ᠲᠠᠭᠤᠭᠰᠠᠨ ᠪᠥᠭᠡᠮ ᠬᠦᠮᠦᠨ ᠦ᠌ ᠠᠷᠤ ᠠ᠋ᠴᠠ ᠶᠠᠪᠤᠯ᠎ᠠ᠃ 
       ᠰᠠᠩᠵᠢ ᠶ᠋ᠢᠨ ᠣᠢ ᠭᠤᠲᠤᠵᠤ᠂ 《ᠦᠬᠦᠪᠡᠴᠦ ᠭᠠᠩᠯᠢᠩᠴᠢ ᠪᠣᠯᠬᠤ ᠪᠠᠨ ᠪᠣᠯᠢᠶ᠎ᠠ᠃  ᠶᠠᠭᠠᠬᠢᠭ᠍ᠰᠠᠨ ᠡᠪ ᠦᠭᠡᠢ ᠪᠤᠵᠠᠷ ᠶᠤᠮ ᠪᠣᠢ?  ᠶᠠᠭᠠᠬᠢᠵᠤ ᠡᠢᠭᠡᠳ ᠯᠡ ᠭᠠᠩᠯᠢᠩᠴᠢ ᠶ᠋ᠢᠨ ᠠᠵᠢᠯ ᠠ᠋ᠴᠠ ᠵᠠᠢᠯᠠᠶ᠎ᠠ》 ᠭᠡᠵᠦ ᠳᠣᠲᠣᠷ᠎ᠠ ᠪᠠᠨ ᠪᠣᠳᠣᠵᠤ ᠬᠠᠲᠠᠭᠤ ᠰᠢᠢᠳᠦᠯ᠎ᠠ᠃  ᠵᠢᠨᠵᠦᠭ ᠵᠡᠯᠰᠡᠩ  ᠬᠣᠨᠢ ᠳᠠᠭᠠᠭᠰᠠᠨ ᠨᠣᠬᠠᠢ ᠠᠳᠠᠯᠢ ᠶᠠᠯᠠᠲᠠᠨ ᠤ ᠠᠷᠤ ᠠ᠋ᠴᠠ ᠲᠣᠢᠲᠣᠭᠣᠨᠠᠨ ᠠᠯᠬᠤᠭᠰᠠᠭᠠᠷ ᠨᠢᠳᠦᠨ ᠡᠴᠡ ᠳᠠᠯᠳᠠ ᠣᠷᠣᠵᠠᠢ᠃ ᠬᠥᠮᠦᠨ ᠦ᠌ ᠶᠠᠰᠤᠨ ᠳ᠋ᠤ᠌ ᠰᠢᠨᠤᠭᠰᠠᠨ ᠲᠡᠭᠦᠨ ᠦ᠌ ᠮᠠᠭᠤᠬᠠᠢ ᠵᠠᠩ ᠳ᠋ᠤ᠌ ᠰᠠᠩᠵᠢ ᠭᠡᠰᠦᠯ ᠦᠨᠡᠬᠡᠷ ᠳᠤᠷ᠎ᠠ ᠦᠭᠡᠢ ᠨᠢ ᠬᠦᠷᠴᠦ ᠵᠢᠬᠡᠭᠦᠳᠡᠰᠦ  ᠳ᠋ᠤ᠌ ᠡᠵᠡᠯᠡᠭᠳᠡᠵᠡᠢ᠃