ᠬᠥᠬᠡ ᠰᠤᠳᠤᠷ - ᠢᠨᠵᠠᠨᠨᠠᠰᠢ < ᠵᠢᠷᠠᠨ ᠵᠢᠷᠭᠤᠳᠤᠭᠠᠷ ᠪᠦᠯᠦᠭ > Хөх судар - Инжинаш < Жаран зургадугаар бүлэг >
ᠪᠣᠯᠬᠢ ᠮᠣᠩᠭᠣᠯ ᠤ᠋ᠨ ᠲᠠᠢᠽᠦ᠋ᠩ ᠬᠠᠭᠠᠨ ᠥᠭᠡᠳᠡᠢ ᠺᠦᠩᠽᠢ ᠶ᠋ᠢᠨ ᠦᠷ᠎ᠡ ᠶ᠋ᠢ ᠶᠠᠨ ᠱ᠌ᠧᠩ ᠬᠦᠩ ᠡᠷᠭᠦᠮᠵᠢᠯᠡᠪᠡ
ᠪᠤᠷᠤᠭᠤᠳᠬᠤ ᠠᠯᠲᠠᠨ ᠤ᠋ ᠠᠢᠽᠦ᠋ᠩ ᠬᠠᠭᠠᠨ ᠱᠧᠤ ᠰᠢᠤᠢ ᠢᠷᠭᠡᠨ ᠦ ᠮᠢᠬ᠎ᠠ ᠪᠠᠷ ᠿᠧᠨ ᠢᠦ ᠫᠤᠤ ᠦᠢᠯᠡᠳᠦᠭᠦᠯᠪᠡ
ᠬᠥᠬᠡ ᠮᠣᠷᠢᠨ ᠵᠢᠯ᠂ ᠶᠡᠬᠡ ᠬᠥᠬᠡ ᠮᠣᠩᠭᠣᠯ ᠤᠯᠤᠰ ᠤ᠋ᠨ ᠥᠭᠡᠳᠡᠢ ᠬᠠᠭᠠᠨ ᠲᠠᠢᠽᠦ᠋ᠩ ᠦ᠋ᠨ
ᠵᠢᠷᠭᠤᠳᠤᠭᠠᠷ ᠣᠨ᠂ ᠰᠥᠩ ᠤᠯᠤᠰ ᠤ᠋ᠨ ᠯᠢᠽᠦ᠋ᠩ ᠬᠠᠭᠠᠨ ᠵᠣᠣ ᠶᠦᠨ ᠦ᠌ ᠳ᠋ᠤᠸᠠᠨ ᠫᠢᠩ ᠦ᠋ᠨ
ᠲᠡᠷᠢᠭᠦᠨ ᠣᠨ᠂ ᠠᠯᠲᠠᠨ ᠤᠯᠤᠰ ᠤ᠋ᠨ ᠠᠢᠽᠦ᠋ᠩ ᠬᠠᠭᠠᠨ ᠱᠧᠦ ᠰᠢᠦᠢ ᠶ᠋ᠢᠨ ᠲᠢᠶᠠᠨ ᠰᠢᠩ ᠦ᠋ᠨ
ᠭᠤᠷᠪᠠᠳᠤᠭᠠᠷ ᠣᠨ᠂ ᠲᠠᠢᠽᠦ᠋ᠩ ᠬᠠᠭᠠᠨ ᠳᠥᠴᠢᠨ ᠨᠠᠢ᠍ᠮᠠᠨ ᠰᠡᠭᠦᠳᠡᠷ ᠲᠡᠢ
ᠪᠣᠯᠬᠢ ᠮᠣᠩᠭᠣᠯ ᠤ᠋ᠨ ᠲᠠᠢᠽᠦ᠋ᠩ ᠬᠠᠭᠠᠨ ᠥᠭᠡᠳᠡᠢ ᠺᠦᠩᠽᠢ ᠶ᠋ᠢᠨ ᠦᠷ᠎ᠡ ᠶ᠋ᠢ ᠶᠠᠨ ᠱ᠌ᠧᠩ ᠬᠦᠩ ᠡᠷᠭᠦᠮᠵᠢᠯᠡᠪᠡ
ᠪᠤᠷᠤᠭᠤᠳᠬᠤ ᠠᠯᠲᠠᠨ ᠤ᠋ ᠠᠢᠽᠦ᠋ᠩ ᠬᠠᠭᠠᠨ ᠱᠧᠦ ᠰᠢᠦᠢ ᠢᠷᠭᠡᠨ ᠦ᠌ ᠮᠢᠬ᠎ᠠ ᠪᠠᠷ ᠿᠧᠨ ᠢᠦ ᠫᠤᠤ ᠦᠢᠯᠡᠳᠦᠭᠦᠯᠪᠡ
ᠲᠡᠨᠳᠡᠴᠡ ᠠᠢᠽᠦ᠋ᠩ ᠬᠠᠭᠠᠨ ᠰᠦᠮ᠎ᠡ ᠶ᠋ᠢᠨ ᠱᠠᠨ ᠮᠧᠨ ᠳ᠋ᠦ᠍ᠷ ᠰᠠᠭᠤᠵᠤ ᠨᠢᠭᠡᠨ ᠵᠡᠷᠭᠡ ᠶᠡᠬᠡ ᠯᠡ ᠤᠬᠢᠯᠠᠨ ᠭᠠᠰᠢᠭᠤᠳᠠᠬᠤᠢ ᠳ᠋ᠤᠷ ᠵᠠᠭᠤᠨ ᠲᠦᠰᠢᠮᠡᠳ ᠮᠥᠨ ᠴᠥᠮ ᠳᠠᠭᠤ ᠠᠯᠲᠠᠨ ᠤᠬᠢᠯᠠᠯᠴᠠᠪᠠ᠃ ᠳᠠᠭᠠᠯᠳᠤᠭ᠎ᠠ ᠪᠣᠷᠣᠭᠠᠨ ᠠᠷᠢᠯᠵᠤ ᠬᠠᠭᠠᠨ ᠤ᠋ ᠵᠢᠭᠰᠠᠭᠠᠯ ᠬᠥᠳᠡᠯᠵᠦ ᠼᠠᠢ ᠵᠧᠦ ᠶ᠋ᠢᠨ ᠬᠣᠲᠠᠨ᠎ᠠ ᠬᠦᠷᠦᠭᠰᠡᠨ ᠳ᠋ᠦ᠍ᠷ ᠬᠣᠲᠠᠨ ᠤ᠋ ᠵᠠᠭᠤᠨ ᠣᠪᠣᠭᠲᠠᠨ ᠥᠲᠡᠭᠦᠰ ᠬᠥᠭᠰᠢᠳ ᠬᠣᠲᠠᠨ ᠤ᠋ ᠭᠠᠳᠠᠨ᠎ᠠ ᠰᠥᠭᠥᠳᠴᠦ ᠮᠥᠷᠭᠥᠨ ᠤᠭᠲᠤᠬᠤᠢ ᠳ᠋ᠤᠷ ᠦᠵᠡᠬᠦᠯ᠎ᠡ᠂ ᠬᠠᠭᠠᠨ ᠢ᠋ ᠳᠠᠭᠠᠭᠰᠠᠨ ᠠᠷᠠᠳ ᠬᠡᠳᠦᠬᠡᠨ ᠵᠠᠭᠤᠨ ᠪᠣᠯᠤᠭᠠᠳ ᠴᠡᠷᠢᠭ ᠮᠥᠨ ᠲᠡᠭᠰᠢ ᠦᠭᠡᠢ ᠮᠠᠰᠢ ᠰᠡᠢᠷᠡᠭ ᠴᠥᠭᠡᠬᠡᠨ ᠳ᠋ᠦ᠍ᠷ ᠣᠯᠠᠨ ᠢ᠋ᠶ᠋ᠠᠷ ᠢ᠋ᠶ᠋ᠠᠨ ᠱᠣᠭᠰᠢᠨ ᠡᠰᠡ ᠣᠭᠢᠯᠠᠬᠤᠨ ᠢ᠋ᠶ᠋ᠠᠷ ᠦᠭᠡᠢ᠃ ᠬᠠᠭᠠᠨ ᠲᠡᠷᠢᠭᠦᠯᠡᠨ ᠵᠠᠭᠤᠨ ᠲᠤᠰᠢᠮᠡᠳ ᠮᠥᠨ ᠴᠥᠮ ᠲᠠᠭᠠᠯᠴᠠᠨ ᠤᠬᠢᠯᠠᠯᠴᠠᠪᠠᠢ᠃ ᠲᠡᠭᠦᠨᠴᠡ ᠸᠠᠨ ᠶᠠᠨ ᠬᠤ᠌ ᠰᠢᠶᠧ ᠬᠤ᠌ ᠶ᠋ᠢ ᠱᠧᠩ ᠢᠦ ᠴᠧᠩ ᠲᠦᠰᠢᠮᠡᠳ ᠪᠣᠯᠭᠠᠭᠠᠳ ᠡᠤ ᠬᠦ ᠯᠦᠨ ᠭᠣᠣ ᠶ᠋ᠢ ᠢᠦᠢ ᠱᠢ ᠲᠠᠢᠹᠦ᠋ ᠲᠦᠰᠢᠮᠡᠯ ᠪᠣᠯᠭᠠᠭᠠᠳ ᠬᠡᠪ ᠢ᠋ᠶ᠋ᠡᠷ ᠽᠦᠩ ᠱᠤᠸᠠᠢ ᠶ᠋ᠢᠨ ᠲᠤᠰᠢᠶᠠᠯ ᠳ᠋ᠤᠷ ᠠᠬᠤᠭᠤᠯᠵᠤ᠂ ᠶᠠᠩ ᠲᠢᠶᠠᠨ ᠭᠠᠩ ᠢ᠋ ᠲᠦᠷ ᠼᠠᠨ ᡁᠢ ᠵᠧᠩ ᠱᠢ ᠲᠦᠰᠢᠮᠡᠯ ᠪᠣᠯᠭᠠᠨ᠂ ᠪᠠᠰᠠ ᠪᠧᠢ ᠵᠦ ᠯᠦ᠍ ᠰᠢᠶᠣᠤ ᠯᠦ᠍ ᠱᠢ ᠶ᠋ᠢ ᠱᠤ᠌ ᠮᠢ ᠶᠤᠸᠠᠨ ᠤ᠋ ᠱᠢ ᠲᠦᠰᠢᠮᠡᠯ ᠪᠣᠯᠭᠠᠪᠠᠢ᠃ ᠡᠭᠦᠨ ᠳ᠋ᠦ᠍ᠷ ᠸᠠᠨ ᠶᠠᠨ ᠬᠤ᠌ ᠰᠢᠶᠧ ᠬᠤ᠌ ᠤᠭ ᠠ᠋ᠴᠠ ᠪᠢᠴᠢᠭ ᠴᠡᠷᠢᠭ ᠦ᠋ᠨ ᠡᠷᠳᠡᠮ ᠬᠣᠣᠰ ᠪᠦᠷᠢᠳᠦᠭᠰᠡᠨ ᠲᠤᠯᠠ ᠶᠡᠬᠡ ᠪᠠᠭ᠎ᠠ ᠤᠯᠤᠰ ᠪᠠ ᠴᠡᠷᠢᠭ ᠦ᠋ᠨ ᠬᠡᠷᠡᠭ ᠢ᠋ ᠥᠪᠡᠰᠦᠪᠡᠨ ᠰᠢᠳᠬᠡᠮᠦᠢ᠃ ᠲᠡᠢᠨ ᠬᠦ᠌ ᠪᠠᠰᠠ ᠴᠡᠷᠢᠭ ᠰᠣᠩᠭᠣᠵᠤ ᠮᠣᠷᠢ ᠴᠤᠭᠯᠠᠭᠤᠯᠤᠨ ᠬᠤᠶᠠᠭ ᠵᠡᠪᠰᠡᠭ ᠦᠢᠯᠡᠳᠦᠭᠦᠯᠵᠦ᠂ ᠬᠠᠭᠠᠨ ᠢ᠋ ᠴᠢᠩ ᠬᠦᠩ ᠦ᠋ᠨ ᠭᠠᠵᠠᠷ᠎ᠠ ᠮᠣᠷᠢᠯᠠᠭᠤᠯᠬᠤ ᠶ᠋ᠢ ᠴᠠᠭ ᠳᠣᠳᠣᠮ ᠰᠠᠨᠠᠭᠠᠨ ᠠ᠋ᠴᠠ ᠭᠠᠷᠬᠤ ᠦᠭᠡᠢ᠃ ᠡᠨᠡ ᠬᠢᠷᠢ ᠳ᠋ᠦ᠍ᠷ ᠬᠠᠭᠠᠨ ᠠ᠋ᠴᠠ ᠲᠡᠷᠢᠭᠦᠯᠡᠨ ᠣᠯᠠᠨ ᠲᠦᠰᠢᠮᠡᠳ ᠽᠦᠢ ᠶᠠᠩ ᠳ᠋ᠤᠷ ᠤᠳᠠᠭᠠᠨ ᠪᠠᠭᠤᠳᠠᠯᠯᠠᠬᠤ ᠲᠤᠯᠠ ᠵᠠᠪᠰᠢᠶᠠᠨ ᠳ᠋ᠤᠷ ᠽᠦᠢ ᠶᠠᠩ ᠤ᠋ᠨ ᠠᠮᠤᠷ ᠢ ᠣᠯᠵᠤ᠂ ᠵᠠᠷᠢᠮ ᠢᠨᠤ ᠡᠮ᠎ᠡ ᠦᠷ᠎ᠡ ᠪᠡᠨ ᠰᠠᠨᠠᠵᠤ᠂ ᠢᠷᠭᠡᠨ ᠪᠠ ᠲᠦᠰᠢᠮᠡᠳ ᠢᠨᠦ ᠰᠢᠨ᠎ᠡ ᠡᠮ᠎ᠡ ᠠᠪᠴᠤ ᠠᠵᠤ ᠲᠥᠷᠥᠨ ᠦᠢᠯᠡᠳᠴᠦ ᠬᠠᠭᠠᠨ ᠮᠥᠨ ᠰᠢᠨ᠎ᠡ ᠥᠬᠢᠳ ᠰᠣᠩᠭᠣᠵᠤ ᠣᠷᠳᠣᠨ ᠳ᠋ᠤᠷ ᠣᠷᠣᠭᠤᠯᠤᠭᠰᠠᠨ ᠢ᠋ᠶ᠋ᠠᠷ ᠪᠦᠭᠦᠳᠡᠭᠡᠷ ᠴᠢᠩ ᠬᠦᠩ ᠭᠠᠵᠠᠷ ᠨᠡᠭᠦᠬᠦ ᠳᠤᠷ᠎ᠠ ᠦᠭᠡᠢ ᠪᠣᠯᠵᠤ᠂ ᠬᠠᠭᠠᠨ ᠤ᠋ ᠳᠡᠷᠭᠡᠳᠡ ᠡᠳᠦᠷ ᠰᠥᠨᠢ ᠦᠭᠡᠢ ᠪᠠᠷᠠᠭᠤᠨ ᠳᠠᠰᠢ ᠴᠢᠩ ᠬᠦᠩ ᠳ᠋ᠦ᠍ᠷ ᠲᠤᠰᠠ ᠦᠭᠡᠢ ᠭᠡᠮᠡᠨ ᠬᠣᠷᠢᠭᠯᠠᠨ ᠠᠢᠯᠠᠳᠬᠠᠬᠤᠢ ᠳ᠋ᠤᠷ ᠠᠯᠲᠠᠨ ᠤᠯᠤᠰ ᠤ᠋ᠨ ᠡᠵᠡᠨ ᠠᠢᠽᠦ᠋ᠩ ᠬᠠᠭᠠᠨ ᠴᠤ᠌ ᠮᠥᠨ ᠲᠡᠨᠦᠵᠦ ᠲᠣᠭᠰᠢᠭᠰᠠᠭᠠᠷ ᠬᠠᠰᠢᠷᠠᠭᠰᠠᠨ ᠲᠤᠯᠠ ᠳᠠᠷᠤᠢ ᠸᠠᠨ ᠶᠠᠨ ᠬᠣ᠌ ᠰᠢᠶᠧ ᠬᠣ᠌ ᠶ᠋ᠢᠨ ᠦᠭᠡ ᠶ᠋ᠢ ᠡᠰᠡ ᠳᠠᠭᠠᠬᠤᠢ ᠳ᠋ᠤᠷ ᠸᠠᠨ ᠶᠠᠨ ᠬᠣ᠌ ᠰᠢᠶᠧ ᠬᠣ᠌ ᠭᠦᠨ ᠭᠡᠷ ᠲᠦ᠍ᠷ ᠢ᠋ᠶ᠋ᠡᠨ ᠰᠠᠭᠤᠵᠤ ᠨᠢᠳᠦ ᠪᠦᠯᠲᠡᠢᠨ ᠤᠷᠲᠤ ᠰᠡᠭᠦᠷᠡᠰᠦᠨ ᠠᠯᠳᠠᠵᠤ ᠥᠭᠦᠯᠡᠷᠦᠨ ᠄《 ᠮᠠᠨ ᠤ᠋ ᠤᠯᠤᠰ ᠡᠨᠡ ᠭᠠᠵᠠᠷ ᠮᠥᠬᠥᠬᠦ ᠠᠵᠤᠭᠤ !》 ᠭᠡᠮᠡᠨ ᠨᠢᠭᠡᠨ ᠵᠡᠷᠭᠡ ᠶᠡᠬᠡᠯ᠎ᠡ ᠤᠬᠢᠯᠠᠪᠠ᠃
ᠲᠡᠷᠡ ᠬᠢᠷᠢ ᠳᠡᠰ ᠲᠣᠭᠣᠰ ᠶᠤᠸᠠᠨᠱᠤᠸᠠᠢ ᠶ᠋ᠢᠨ ᠴᠡᠷᠢᠭ ᠪᠠᠬᠠᠨ ᠬᠣᠯᠠ ᠪᠣᠯᠤᠭᠰᠠᠨ ᠳ᠋ᠤᠷ ᠬᠤᠳᠠᠯᠳᠤᠭ᠎ᠠ ᠠᠷᠠᠯᠵᠢᠶᠠᠨ ᠤ᠋ ᠠᠷᠠᠳ ᠨᠡᠯᠢᠶᠡᠳ ᠬᠤᠷᠠᠵᠤ ᠴᠢᠭᠤᠯᠤᠭᠰᠠᠨᠠ ᠠᠯᠲᠠᠨ ᠤᠯᠤᠰ ᠣᠯᠠᠨ ᠢ᠋ᠶ᠋ᠠᠷ ᠴᠥᠮ ᠠᠮᠤᠷ ᠢ᠋ ᠣᠯᠵᠤ᠂ ᠬᠠᠭᠠᠨ ᠵᠠᠷᠯᠢᠭ ᠪᠠᠭᠤᠯᠭᠠᠨ ᠪᠠᠰᠠ ᠬᠣᠲᠠ ᠶ᠋ᠢᠨ ᠳᠣᠲᠣᠷ᠎ᠠ ᠠ᠋ᠴᠠ ᠥᠬᠢᠳ ᠰᠣᠩᠭᠣᠵᠤ ᠣᠷᠳᠣᠨ ᠳ᠋ᠤᠷ ᠳᠦᠭᠦᠷᠭᠡᠵᠦ᠂ ᠵᠢᠴᠢ ᠰᠢᠶᠠᠨ ᠱᠠᠨ ᠳᠠᠩ ᠲᠠᠩᠬᠢᠮ ᠢ᠋ ᠵᠠᠰᠠᠵᠤ ᠬᠣᠨᠣᠭ ᠬᠢᠬᠦ ᠭᠠᠵᠠᠷ ᠪᠣᠯᠭᠠᠰᠤᠭᠠᠢ ᠬᠡᠮᠡᠬᠦᠢ ᠳ᠋ᠦ᠍ᠷ ᠸᠠᠨ ᠶᠠᠨ ᠬᠣ᠌ ᠰᠢᠶᠧ ᠬᠣ᠌ ᠳᠠᠬᠢᠨ ᠳᠠᠪᠲᠠᠨ ᠬᠣᠷᠢᠭᠯᠠᠵᠤ ᠰᠠᠶᠢ ᠵᠣᠭᠰᠣᠭᠠᠪᠠᠢ᠃ ᠸᠠᠨ ᠶᠠᠨ ᠬᠣ᠌ ᠰᠢᠶᠧ ᠬᠣ᠌ ᠮᠣᠷᠢ ᠪᠠᠷᠢᠭᠰᠠᠨ ᠬᠥᠮᠦᠨ ᠳ᠋ᠦ᠍ᠷ ᠬᠦᠨᠳᠦ ᠱᠠᠩ ᠥᠭᠴᠦ ᠳᠡᠪᠰᠢᠭᠦᠯᠦᠨ ᠡᠷᠭᠦᠮᠵᠢᠯᠡᠬᠦ ᠬᠠᠤᠯᠢ ᠲᠣᠭᠲᠠᠭᠠᠵᠤ ᠮᠢᠩᠭᠠᠨ ᠢᠯᠡᠭᠦᠦ ᠮᠣᠷᠢ ᠣᠯᠪᠠᠢ᠃ ᠪᠠᠰᠠ ᠣᠯᠠᠨ ᠵᠠᠮ ᠳ᠋ᠤᠷ ᠡᠯᠴᠢ ᠵᠠᠷᠤᠵᠤ ᠴᠡᠷᠢᠭ ᠰᠢᠯᠭᠠᠭᠤᠯᠤᠨ ᠲᠦᠮᠡᠨ ᠢᠯᠡᠭᠦᠦ ᠴᠡᠷᠢᠭ ᠣᠯᠪᠠ ᠃ 《ᠰᠢᠳᠤᠷᠭᠤ ᠡᠯᠪᠡᠷᠢᠯᠲᠦ ᠴᠡᠷᠢᠭ 》 ᠦ᠋ᠨ ᠽᠦᠩ ᠬᠦᠩ ᠲᠦᠰᠢᠮᠡᠯ ᠯᠢ ᠳᠡ ᠶ᠋ᠢᠨ ᠵᠡᠷᠭᠡ ᠠᠷᠪᠠᠨ ᠬᠡᠳᠦᠨ ᠬᠥᠮᠦᠨ ᠢ᠋ ᠳᠠᠭᠠᠭᠤᠯᠤᠨ ᠮᠣᠷᠢ ᠤᠨᠤᠵᠤ᠂ ᠴᠧᠩᠰᠢᠶᠠᠩ ᠤ᠋ᠨ ᠶᠠᠮᠤᠨ ᠳ᠋ᠤᠷ ᠣᠷᠣᠵᠤ ᠨᠢᠭᠡᠨ ᠰᠠᠷ᠎ᠠ ᠶ᠋ᠢᠨ ᠴᠠᠯᠢᠩ ᠠᠮᠤ ᠶ᠋ᠢ ᠳᠤᠲᠠᠭᠤᠯᠪᠠ ᠭᠡᠮᠡᠨ ᠠᠭᠰᠤᠷᠬᠢᠯᠠᠨ ᠠᠷᠠᠢ ᠬᠠᠷᠢᠶᠠᠬᠤᠢ ᠳ᠋ᠤᠷ ᠬᠦᠷᠦᠭᠰᠡᠨ ᠳ᠋ᠦ᠍ᠷ ᠸᠠᠨ ᠶᠠᠨ ᠬᠣ᠌ ᠰᠢᠶᠧ ᠬᠣ᠌᠂ ᠯᠢ ᠳᠡ ᠶ᠋ᠢ ᠪᠠᠷᠢᠵᠤ ᠵᠠᠨᠴᠢᠭᠰᠠᠨ ᠳ᠋ᠤᠷ ᠠᠯᠲᠠᠨ ᠤᠯᠤᠰ ᠤ᠋ᠨ ᠡᠵᠡᠨ ᠥᠭᠦᠯᠡᠷᠦᠨ ᠄ 《 ᠡᠨᠡ ᠴᠡᠷᠢᠭ ᠦ᠋ᠨ ᠬᠦᠴᠦᠨ ᠢ᠋ ᠶᠡᠬᠡᠳᠡ ᠣᠯᠪᠠᠢ᠂ ᠠᠷᠠᠬᠠᠨ ᠬᠦᠨᠳᠦᠳᠡ ᠵᠠᠨᠴᠢᠪᠠ! 》 ᠬᠡᠮᠡᠬᠦᠢ ᠳ᠋ᠦ᠍ᠷ ᠸᠠᠨ ᠶᠠᠨ ᠬᠣ᠌ ᠰᠢᠶᠧ ᠬᠣ᠌ ᠥᠴᠢᠷᠦᠨ᠄《 ᠭᠠᠪᠢᠶ᠎ᠠ ᠦᠯᠡᠮᠵᠢ ᠳ᠋ᠦ᠍ᠷ ᠬᠡᠷᠡᠭ ᠦᠯᠡᠮᠵᠢ᠂ ᠢᠯᠡᠷᠬᠡᠢᠯᠡᠨ ᠭᠠᠷᠭᠠᠵᠤ ᠡᠨᠳᠡᠭᠦᠦ ᠣᠰᠣᠯ ᠢ᠋ ᠪᠠᠭᠲᠠᠭᠠᠬᠤ ᠠᠨᠤ ᠡᠵᠡᠨ ᠦ᠌ ᠡᠷᠳᠡᠮ ᠢ᠋ ᠢᠯᠡᠳᠬᠡᠭᠰᠡᠨ ᠬᠡᠷᠡᠭ᠂ ᠵᠠᠩᠵᠤᠨ ᠽᠠᠢᠰᠢᠶᠠᠩ ᠤ᠋ᠨ ᠲᠤᠰᠢᠶᠠᠯ ᠬᠡᠮᠡᠭᠴᠢ ᠲᠡᠢᠮᠦ ᠪᠤᠰᠤ᠂ ᠪᠠᠭ᠎ᠠ ᠶᠠᠯᠠᠲᠠᠨ ᠢ᠋ ᠵᠠᠨᠴᠢᠭᠠᠳ ᠶᠡᠬᠡ ᠶᠠᠯᠠᠲᠠᠨ ᠢ᠋ ᠠᠯᠠᠮᠤᠢ᠂ ᠬᠦᠴᠦᠷᠬᠡᠭ ᠲᠣᠭᠰᠢᠨ ᠴᠡᠷᠢᠭ ᠦ᠋ᠨ ᠠᠷᠠᠳ ᠢ᠋ ᠨᠢᠭᠡᠨ ᠡᠳᠦᠷ ᠪᠣᠯᠪᠠᠴᠤ ᠴᠠᠭᠠᠵᠠ ᠠ᠋ᠴᠠ ᠬᠡᠯᠲᠦᠷᠢᠭᠦᠯᠵᠦ ᠪᠣᠯᠬᠤ ᠦᠭᠡᠢ ᠪᠣᠯᠠᠢ᠃ ᠥᠴᠦᠬᠡᠨ ᠬᠥᠮᠦᠨ ᠢ᠋ ᠰᠠᠨᠠᠭᠠᠨ ᠤ᠋ ᠳᠤᠷ᠎ᠠ ᠪᠠᠷ ᠶᠠᠪᠤᠭᠤᠯᠪᠠᠰᠤ ᠪᠣᠯᠬᠤ ᠦᠭᠡᠢ᠂ ᠬᠡᠷᠪᠡ ᠲᠡᠢᠨ ᠪᠣᠯᠪᠠᠰᠤ ᠣᠮᠣᠷᠬᠠᠭ ᠪᠣᠯᠤᠮᠤᠢ᠂ ᠬᠥᠮᠦᠨ ᠣᠮᠣᠷᠬᠠᠭ ᠪᠣᠯᠪᠠᠰᠤ ᠪᠠᠷᠳᠠᠮ ᠪᠣᠯᠤᠮᠤᠢ᠂ ᠪᠠᠷᠳᠠᠮ ᠣᠮᠣᠷᠬᠠᠭ ᠪᠣᠯᠪᠠᠰᠤ ᠴᠠᠭᠠᠵᠠ ᠶ᠋ᠢ ᠬᠥᠩᠭᠡᠯᠡᠵᠦ ᠳᠠᠷᠤᠢ ᠫᠦ ᠴᠠ ᠭᠤᠸᠠᠨ ᠨᠦ᠍ ᠶ᠋ᠢᠨ ᠶᠠᠪᠤᠳᠠᠯ ᠪᠠᠰᠠ ᠡᠳᠦᠬᠦ ᠪᠣᠯᠠᠢ᠃ ᠲᠡᠷᠡ ᠫᠦ ᠴᠠ ᠭᠤᠸᠠᠨ ᠨᠦ᠍ ᠶ᠋ᠢᠨ ᠶᠠᠯ᠎ᠠ ᠮᠥᠨ ᠳᠡᠭᠡᠳᠦ ᠲᠦᠰᠢᠮᠡᠯ ᠦ᠋ᠨ ᠶᠠᠯ᠎ᠠ ᠪᠣᠯᠠᠢ᠃ ᠤᠷᠢᠳᠠ ᠶ᠋ᠢᠨ ᠰᠤᠷᠮᠠᠭᠠᠢ ᠶ᠋ᠢ ᠠᠷᠢᠯᠭᠠᠰᠤᠭᠠᠢ ᠬᠡᠮᠡᠮᠦᠢ᠃ ᠪᠠᠰᠠ ᠥᠷᠥᠰᠢᠶᠡᠯ ᠬᠡᠲᠦᠷᠡᠪᠡᠰᠦ ᠰᠦᠷ ᠪᠠᠭᠤᠷᠠᠮᠤᠢ᠂ ᠡᠵᠡᠨ ᠥᠷᠥᠰᠢᠶᠡᠯ ᠢ᠋ ᠬᠡᠷᠡᠭᠯᠡᠪᠡᠰᠦ ᠭᠣᠣᠯ ᠢ᠋ ᠦᠵᠡᠵᠦ ᠶᠠᠪᠤᠭᠤᠯ᠂ ᠰᠦᠷ ᠢ᠋ ᠲᠦᠰᠢᠮᠡᠯ ᠪᠢ ᠵᠠᠷᠯᠠᠵᠤ ᠮᠠᠭᠤ ᠶ᠋ᠢ ᠬᠦᠯᠢᠶᠡᠰᠦᠭᠡᠢ ! 》 ᠬᠡᠮᠡᠬᠦᠢ ᠳ᠋ᠦ᠍ᠷ ᠴᠡᠷᠢᠭ ᠢᠷᠭᠡᠨ ᠡᠭᠦᠨ ᠢ᠋ ᠰᠣᠨᠣᠰᠴᠤ ᠠᠶᠤᠮᠰᠢᠭ ᠦᠭᠡᠢ ᠴᠠᠭᠠᠵᠠ ᠶ᠋ᠢ ᠣᠮᠲᠣᠭᠠᠢᠯᠠᠬᠤ ᠦᠭᠡᠢ ᠪᠣᠯᠪᠠᠢ᠃ ᠲᠡᠷᠡ ᠦᠶ᠎ᠡ ᠳ᠋ᠦ᠍ᠷ ᠳᠠᠭᠠᠭᠰᠠᠨ ᠰᠢᠳᠠᠷ ᠲᠦᠰᠢᠮᠡᠳ ᠴᠥᠮ ᠶᠠᠳᠠᠵᠤ ᠮᠣᠬᠣᠭᠰᠠᠨ ᠴᠠᠭ ᠲᠤᠯᠠ ᠴᠠᠯᠢᠩ ᠤ᠋ᠨ ᠲᠦᠰᠢᠮᠡᠯ ᠡᠤ ᠬᠦ ᠯᠦᠨ ᠭᠣᠣ ᠴᠠᠯᠢᠩ ᠬᠦᠨᠡᠰᠦ ᠶ᠋ᠢ ᠰᠠᠨᠠᠭᠠᠨ ᠳ᠋ᠤᠷ ᠬᠦᠷᠲᠡᠯ᠎ᠡ ᠥᠭᠬᠦ ᠦᠭᠡᠢ ᠭᠡᠮᠡᠨ ᠪᠦᠭᠦᠳᠡᠭᠡᠷ ᠬᠣᠷᠣᠰᠴᠤ ᠡᠵᠡᠨ ᠦ᠌ ᠵᠣᠭᠣᠭ ᠤ᠋ᠨ ᠵᠦᠢᠯ ᠢ᠋ ᠮᠥᠨ ᠪᠦᠷᠢᠳᠬᠡᠨ ᠥᠭᠬᠦ ᠦᠭᠡᠢ ᠭᠡᠮᠡᠨ ᠬᠠᠭᠠᠨ ᠳ᠋ᠤᠷ ᠬᠣᠪᠯᠠᠵᠤ᠂ ᠡᠤ ᠬᠦ ᠯᠦᠨ ᠭᠣᠣ ᠶ᠋ᠢ ᠠᠭᠠᠯᠢᠭ ᠪᠣᠯᠭᠠᠪᠠ᠃ ᠡᠭᠦᠨ ᠳ᠋ᠦ᠍ᠷ ᠡᠤ ᠬᠦ ᠯᠦᠨ ᠭᠣᠣ ᠴᠢᠬᠤᠯᠳᠠᠵᠤ ᠡᠪᠡᠳᠴᠢᠨ ᠣᠯᠤᠭᠠᠳ ᠨᠢᠭᠡᠨᠲᠡ ᠬᠡᠪᠲᠡᠵᠦ ᠬᠡᠷᠡᠭ ᠰᠢᠳᠬᠡᠵᠦ ᠴᠢᠳᠠᠬᠤ ᠦᠭᠡᠢ ᠪᠣᠯᠪᠠᠢ᠃
ᠲᠡᠳᠦᠢ ᠮᠣᠩᠭᠣᠯ ᠤ᠋ᠨ ᠲᠠᠢᠽᠦ᠋ᠩ ᠥᠭᠡᠳᠡᠢ ᠬᠠᠭᠠᠨ ᠬᠠᠷᠠᠬᠠᠨ ᠠᠯᠲᠠᠨ ᠤᠯᠤᠰ ᠤ᠋ᠨ ᠮᠡᠷᠭᠡᠳ ᠰᠠᠢᠳ ᠪᠠ ᠡᠮ᠎ᠡ ᠦᠷ᠎ᠡ ᠶ᠋ᠢ ᠢᠨᠦ ᠥᠷᠥᠰᠢᠶᠡᠨ ᠭᠠᠵᠠᠷ ᠨᠤᠲᠤᠭ ᠵᠢᠭᠠᠨ ᠠᠮᠢᠳᠤᠷᠠᠯ ᠢ᠋ ᠡᠷᠢᠭᠦᠯᠬᠦᠢ ᠳ᠋ᠦ᠍ᠷ᠂ ᠸᠧᠢ ᠸᠠᠩ ᠶᠦᠩ ᠵᠢᠢ – ᠸᠧᠢ ᠱᠣᠣ ᠸᠠᠩ ᠤ᠋ᠨ ᠬᠥᠪᠡᠭᠦᠨ ᠸᠠᠨ ᠶᠠᠨ ᠴᠧᠩ ᠺᠧ᠂ ᠵᠢᠩ ᠸᠠᠩ ᠨᠠᠷ ᠤ᠋ᠨ ᠨᠠᠢᠷ ᠢ᠋ ᠰᠠᠨᠠᠵᠤ ᠤᠷᠤᠭ ᠤ᠋ᠨ ᠶᠣᠰᠣᠭᠠᠷ ᠵᠡᠭᠦᠨ ᠯᠢᠶᠣᠣ ᠳ᠋ᠦᠩ ᠦ᠋ᠨ ᠭᠠᠵᠠᠷ ᠤ᠋ᠨ ᠬᠠᠷ᠎ᠠ ᠮᠥᠷᠡᠨ ᠦ᠌ ᠵᠠᠬ᠎ᠠ ᠮᠢᠩᠭᠠᠨ ᠠᠭᠤᠯᠠᠨ ᠤ᠋ ᠥᠪᠥᠷ ᠲᠣᠷ ᠡᠷᠭᠦᠮᠵᠢᠯᠡᠵᠦ᠂ ᠬᠡᠳᠦᠨ ᠵᠠᠭᠤᠨ ᠡᠷᠦᠬᠡ ᠥᠭᠴᠦ ᠵᠠᠷᠤᠴᠠᠭᠤᠯᠤᠨ᠂ ᠡᠪᠦᠭᠡᠳ ᠦ᠋ᠨ ᠰᠠᠭᠤᠷᠢ ᠶ᠋ᠢ ᠠᠨᠤ ᠨᠡᠭᠦᠯᠭᠡᠪᠡ᠃ ᠡᠨᠡ ᠬᠡᠰᠢᠭ ᠲᠣᠷ ᠠᠯᠲᠠᠨ ᠤᠯᠤᠰ ᠤ᠋ᠨ ᠦᠷᠡᠰ ᠡᠴᠦᠰᠲᠡᠯ᠎ᠡ ᠮᠣᠩᠭᠣᠯ ᠠ᠋ᠴᠠ ᠤᠷᠪᠠᠭᠰᠠᠨ ᠦᠭᠡᠢ ᠵᠠᠷᠢᠮᠠᠳ ᠠᠨᠤ ᠡᠭᠦᠨ ᠢ᠋ ᠮᠠᠨᠵᠤ ᠪᠣᠯᠪᠠ ᠬᠡᠮᠡᠮᠦᠢ᠃
ᠲᠡᠳᠦᠢ ᠮᠣᠩᠭᠣᠯ ᠤ᠋ᠨ ᠲᠠᠢᠽᠦ᠋ᠩ ᠬᠠᠭᠠᠨ ᠠᠯᠲᠠᠨ ᠤᠯᠤᠰ ᠤ᠋ᠨ ᠮᠡᠷᠭᠡᠳ ᠡᠷᠳᠡᠮᠲᠡᠨ ᠴᠡᠭᠡᠷ ᠰᠠᠢᠳ ᠤ᠋ᠳ ᠢ᠋ ᠢᠯᠭᠠᠭᠰᠠᠭᠠᠷ ᠭᠡᠨᠡᠳᠲᠡ ᠺᠦᠩ ᠹᠦᠽᠢ ᠶ᠋ᠢᠨ ᠦᠷᠡᠰ ᠺᠦᠩ ᠶᠤᠸᠠᠨ ᠽᠦᠸᠧ ᠶ᠋ᠢ ᠣᠯᠵᠤ᠂ ᠶᠧ ᠯᠢᠦᠢ ᠴᠦ ᠼᠠᠢ ᠶ᠋ᠢ ᠳᠠᠭᠤᠳᠠᠵᠤ ᠠᠰᠠᠭᠤᠷᠤᠨ ᠄《ᠲᠥᠷᠥ ᠶᠣᠰᠣ ᠶ᠋ᠢᠨ ᠳᠥᠷᠪᠡᠳᠦᠭᠡᠷ ᠪᠣᠭᠳᠠ ᠺᠦᠩ ᠹᠦᠽᠢ ᠶᠡᠷᠦ ᠡᠷᠲᠡᠨ ᠦ᠌ ᠢ ᠢ᠎ᠠ᠂ ᠵᠧᠦ ᠬᠦᠩ ᠨᠠᠷ ᠤ᠋ᠨ ᠮᠡᠲᠦ ᠤᠯᠤᠰ ᠲᠥᠷᠥ ᠳ᠋ᠦ᠍ᠷ ᠮᠠᠭᠤᠰᠢᠶᠠᠭᠳᠠᠭᠰᠠᠨ ᠪᠠ ᠬᠣᠷᠢᠭᠳᠠᠭᠰᠠᠨ ᠰᠡᠵᠢᠭᠯᠡᠭᠳᠡᠭᠰᠡᠨ ᠪᠠ ᠲᠦᠷᠢᠮᠡᠬᠡᠢᠯᠡᠭᠳᠡᠭᠰᠡᠨ ᠭᠠᠵᠠᠷ ᠭᠠᠷᠤᠭᠰᠠᠨ ᠦᠭᠡᠢ᠂ ᠬᠡᠯᠡᠬᠦᠢ ᠳ᠋ᠦ᠍ᠷ ᠬᠡᠳᠦᠢ ᠴᠠᠭ ᠢ ᠣᠯᠤᠭᠰᠠᠨ ᠦᠭᠡᠢ ᠪᠣᠯᠪᠠᠴᠤ ᠬᠠᠷᠢᠨ ᠭᠠᠴᠢᠭᠳᠠᠨ ᠰᠢᠬᠠᠮᠳᠠᠵᠤ ᠡᠵᠡᠨ ᠢ᠋ᠶ᠋ᠡᠨ ᠲᠥᠷᠥ ᠶ᠋ᠢ ᠰᠠᠭᠤᠭᠰᠠᠨ ᠪᠠ ᠡᠵᠡᠨ ᠢ᠋ᠶ᠋ᠡᠨ ᠲᠥᠷᠥᠭᠰᠡᠨ ᠢ᠋ ᠠᠯᠠᠭᠰᠠᠨ ᠶᠠᠪᠤᠳᠠᠯ ᠣᠭᠲᠣ ᠭᠠᠷᠤᠭᠰᠠᠨ ᠦᠭᠡᠢ᠂ ᠡᠨᠡ ᠦᠨᠡᠬᠡᠷ ᠭᠬᠢᠷ ᠦᠭᠡᠢ ᠪᠣᠭᠳᠠ ᠪᠣᠯᠠᠢ᠃ ᠬᠠᠭᠠᠳ ᠠ᠋ᠴᠠ ᠡᠷᠢᠪᠡᠰᠦ ᠵᠧᠦ ᠤᠯᠤᠰ ᠤ᠋ᠨ ᠸᠧᠨ ᠸᠠᠩ ᠨᠢᠭᠡ᠂ ᠰᠠᠢᠳ ᠠ᠋ᠴᠠ ᠡᠷᠢᠪᠡᠰᠦ ᠹᠦᠽᠢ ᠨᠢᠭᠡ᠂ ᠡᠳᠦᠭᠡ ᠠᠯᠲᠠᠨ ᠤᠯᠤᠰ ᠮᠥᠨ ᠬᠠᠭᠤᠷᠮᠠᠭ ᠢ᠋ᠶ᠋ᠠᠷ ᠪᠣᠯᠪᠠᠴᠤ ᠡᠭᠦᠨ ᠦ᠌ ᠦᠷᠡᠰ ᠢ᠋ ᠡᠷᠭᠦᠵᠦ ᠵᠠᠯᠭᠠᠮᠵᠢᠯᠠᠭᠤᠯᠤᠨ ᠠᠲᠠᠯ᠎ᠠ ᠪᠢ ᠡᠳᠦᠭᠡ ᠦᠨᠡᠬᠡᠷ ᠬᠦᠰᠡᠨ ᠪᠥᠭᠡᠲᠡᠯ᠎ᠡ ᠲᠡᠭᠦᠨ ᠢ᠋ ᠡᠰᠡ ᠡᠷᠭᠦᠮᠵᠢᠯᠡᠪᠡᠰᠦ ᠦᠯᠦ ᠪᠣᠯᠤᠮᠤᠢ ! 》 ᠬᠡᠮᠡᠭᠰᠡᠨ ᠳ᠋ᠦ᠍ᠷ ᠶᠧ ᠯᠢᠦᠢ ᠴᠦ ᠼᠠᠢ ᠠᠢᠯᠠᠳᠬᠠᠷᠤᠨ :《ᠡᠨᠡ ᠴᠥᠮ ᠡᠵᠡᠨ ᠦ᠌ ᠮᠡᠷᠭᠡᠨ ᠭᠡᠭᠡᠬᠡᠨ ᠬᠡᠲᠦᠢᠳᠦᠭᠰᠡᠨ ᠭᠠᠵᠠᠷ᠂ ᠴᠣᠬᠣᠮ ᠶᠡᠬᠡ ᠦᠢᠯᠡ ᠲᠦᠮᠡᠨ ᠦᠶ᠎ᠡ ᠶ᠋ᠢᠨ ᠳᠤᠷᠠᠳᠤᠯ ᠪᠣᠯᠠᠢ! 》 ᠬᠡᠮᠡᠭᠰᠡᠨ ᠳ᠋ᠦ᠍ᠷ ᠮᠣᠩᠭᠣᠯ ᠤ᠋ᠨ ᠲᠠᠢᠽᠦ᠋ᠩ ᠬᠠᠭᠠᠨ ᠵᠠᠷᠯᠢᠭ ᠪᠠᠭᠤᠯᠭᠠᠨ ᠺᠦᠩ ᠹᠦᠽᠢ ᠶ᠋ᠢᠨ ᠦᠷ᠎ᠡ ᠶ᠋ᠢ ᠮᠥᠨ ᠬᠦ᠌ ᠶᠠᠨ ᠱᠧᠩ ᠬᠦᠩ ᠡᠷᠭᠦᠮᠵᠢᠯᠡᠪᠡ᠃
ᠲᠡᠳᠦᠢ ᠣᠯᠠᠨ ᠬᠢᠲᠠᠳ ᠨᠠᠷ ᠶᠡᠬᠡᠯ᠎ᠡ ᠭᠠᠢᠬᠠᠯᠳᠤᠵᠤ᠂ ᠯᠠᠪ ᠶᠧ ᠯᠢᠦᠢ ᠴᠦ ᠼᠠᠢ ᠶ᠋ᠢ ᠠᠢᠯᠠᠳᠬᠠᠪᠠ ᠬᠡᠮᠡᠪᠡ᠃ ᠡᠨᠡ ᠴᠢᠯᠥᠭᠡᠨ ᠳ᠋ᠦ᠍ᠷ ᠤᠷᠪᠠᠭᠰᠠᠨ ᠡᠤ ᠰᠢᠶᠠᠨ ᠤ᠋ ᠬᠡᠷᠡᠭ ᠢ᠋ ᠥᠭᠦᠯᠡᠰᠦᠭᠡᠢ᠃
ᠲᠡᠭᠦᠨᠴᠡ ᠡᠨᠡ ᠰᠥᠩ ᠤᠯᠤᠰ ᠮᠣᠩᠭᠣᠯ ᠯᠤᠭ᠎ᠠ ᠪᠣᠯᠵᠣᠭᠰᠠᠨ ᠢ᠋ᠶ᠋ᠠᠷ ᠰᠥᠩ ᠤᠯᠤᠰ ᠤ᠋ᠨ ᠯᠢᠽᠦ᠋ᠩ ᠬᠠᠭᠠᠨ ᠵᠣᠣ ᠶᠦᠨ ᠳᠠᠷᠤᠢ ᠶᠡᠬᠡ ᠵᠠᠩᠵᠤᠨ ᠮᠧᠩ ᠬᠦᠩ ᠳ᠋ᠦ᠍ᠷ ᠶᠡᠬᠡ ᠴᠡᠷᠢᠭ ᠪᠠ ᠭᠤᠴᠢᠨ ᠲᠦᠮᠡᠨ ᠲᠠᠭᠠᠷ ᠠᠮᠤ ᠥᠭᠴᠦ ᠮᠣᠩᠭᠣᠯ ᠢ᠋ ᠤᠭᠲᠤᠨ ᠢᠷᠡᠬᠦᠢ ᠳ᠋ᠦ᠍ᠷ ᠵᠠᠮ ᠳ᠋ᠤᠷ ᠶᠠᠪᠤᠬᠤᠶ᠎ᠠ᠂ ᠨᠠᠮᠤᠷ ᠤ᠋ᠨ ᠳᠣᠯᠣᠭᠠᠨ ᠰᠠᠷ᠎ᠠ ᠳ᠋ᠤᠷ ᠰᠥᠩ ᠤᠯᠤᠰ ᠤ᠋ᠨ ᠶᠡᠬᠡ ᠵᠠᠩᠵᠤᠨ ᠡᠤ ᠰᠢᠶᠠᠨ ᠤ᠋ ᠴᠡᠷᠢᠭ ᠯᠦ᠍ᠭᠡ ᠪᠠᠢᠯᠳᠤᠵᠤ ᠨᠢᠭᠡᠨ ᠵᠡᠷᠭᠡ ᠳᠠᠷᠤᠵᠤ᠂ ᠡᠤ ᠰᠢᠶᠠᠨ ᠤ᠋ ᠠᠮᠠᠷᠠᠭ ᠵᠠᠩᠵᠤᠨ ᠯᠢᠦ ᠢ ᠶ᠋ᠢ ᠳᠠᠭᠠᠭᠤᠯᠤᠭᠠᠳ ᠮᠧᠩ ᠬᠦᠩ ᠲᠡᠭᠦᠨᠴᠡ ᠡᠤ ᠰᠢᠶᠠᠨ ᠤ᠋ ᠴᠡᠷᠢᠭ ᠦ᠋ᠨ ᠦᠨᠡᠨ ᠬᠤᠳᠠᠯ ᠢ᠋ ᠠᠰᠠᠭᠤᠭᠰᠠᠨ ᠳ᠋ᠤᠷ ᠯᠢᠦ ᠢ ᠥᠭᠦᠯᠡᠷᠦᠨ :《 ᠡᠤ ᠰᠢᠶᠠᠨ ᠦᠨᠡᠨᠴᠢ ᠦᠭᠡᠢ᠂ ᠤᠭ ᠲᠤᠷ ᠠᠯᠲᠠᠨ ᠤᠯᠤᠰ ᠠ᠋ᠴᠠ ᠤᠷᠪᠠᠵᠤ ᠮᠣᠩᠭᠣᠯ ᠳ᠋ᠤᠷ ᠳᠠᠭᠠᠭᠠᠳ ᠡᠳᠦᠭᠡ ᠪᠠᠰᠠ ᠤᠷᠪᠠᠵᠤ ᠠᠯᠲᠠᠨ ᠤᠯᠤᠰ ᠲᠤᠷ ᠳᠠᠭᠠᠭᠠᠳ ᠠᠯᠲᠠᠨ ᠤᠯᠤᠰ ᠲᠡᠭᠦᠨ ᠦ᠌ ᠮᠠᠭᠤ ᠶ᠋ᠢ ᠦᠯᠦ ᠰᠠᠨᠠᠨ᠂ ᠸᠠᠩ ᠡᠷᠭᠦᠮᠵᠢᠯᠡᠵᠦ ᠪᠠᠢᠲᠠᠯ᠎ᠠ ᠠᠯᠲᠠᠨ ᠤᠯᠤᠰ ᠤ᠋ᠨ ᠬᠡᠰᠢᠭ ᠢ᠋ ᠰᠠᠨᠠᠬᠤ ᠦᠭᠡᠢ᠂ ᠠᠯᠲᠠᠨ ᠤᠯᠤᠰ ᠤ᠋ᠨ ᠡᠨᠡ ᠮᠡᠲᠦ ᠪᠣᠯᠵᠤ ᠪᠠᠢᠲᠠᠯ᠎ᠠ ᠲᠡᠩᠬᠡᠷᠡᠭᠦᠯᠦᠷ᠎ᠡ ᠡᠴᠢᠬᠦ ᠦᠭᠡᠢ ᠳ᠋ᠦ᠍ᠷ ᠮᠢᠨᠦ ᠰᠡᠳᠬᠢᠯ ᠰᠠᠶᠢ ᠬᠤᠪᠢᠯᠪᠠ᠃ ᠡᠳᠦᠭᠡ ᠡᠤ ᠰᠢᠶᠠᠨ ᠤ᠋ ᠶᠢᠰᠦᠨ ᠬᠦᠷᠢᠶ᠎ᠡ ᠴᠡᠷᠢᠭ ᠢᠨᠦ ᠮᠠᠰᠢ ᠦᠨᠡᠨ ᠬᠡᠷᠡᠭ᠂ ᠲᠡᠷᠡ ᠶᠢᠰᠦᠨ ᠬᠦᠷᠢᠶ᠎ᠡ ᠡᠴᠡ ᠡᠤ ᠰᠢᠶᠠᠨ ᠢ᠋ ᠳᠧ ᠱᠢ ᠱᠠᠨ ᠠᠭᠤᠯᠠᠨ ᠳ᠋ᠤᠷ ᠪᠦᠬᠦᠢ ᠶᠡᠬᠡ ᠬᠦᠷᠢᠶ᠎ᠡ ᠶ᠋ᠢ ᠡᠪᠳᠡᠬᠦ ᠢᠨᠦ ᠴᠢᠬᠤᠯᠠ᠂ ᠲᠡᠷᠡ ᠳᠧ ᠱᠢ ᠱᠠᠨ ᠠᠭᠤᠯᠠᠨ ᠤ᠋ ᠡᠮᠦᠨ᠎ᠡ ᠮᠠ ᠳ᠋ᠧᠩ᠂ ᠱᠠ ᠸᠧᠨ᠂ ᠬᠦ ᠱᠠᠨ ᠬᠡᠮᠡᠬᠦ ᠭᠤᠷᠪᠠᠨ ᠭᠠᠵᠠᠷ ᠲᠤᠷ ᠭᠤᠷᠪᠠᠨ ᠬᠦᠷᠢᠶ᠎ᠡ ᠪᠣᠢ᠃ ᠡᠨᠡ ᠭᠤᠷᠪᠠᠨ ᠬᠦᠷᠢᠶ᠎ᠡ ᠶ᠋ᠢ ᠡᠪᠳᠡᠪᠡᠰᠦ ᠰᠠᠶᠢ ᠲᠡᠭᠦᠨ ᠦ᠌ ᠶᠡᠬᠡ ᠬᠦᠷᠢᠶ᠎ᠡ ᠶ᠋ᠢ ᠡᠪᠳᠡᠪᠡᠰᠦ ᠪᠣᠯᠤᠮᠤᠢ᠃ ᠡᠭᠦᠨ ᠳ᠋ᠦ᠍ᠷ ᠲᠡᠭᠦᠨ ᠦ᠌ ᠯᠢ ᠶ᠋ᠢᠨ ᠦ᠌ ᠬᠦᠷᠢᠶ᠎ᠡ ᠶ᠋ᠢ ᠡᠪᠳᠡᠪᠡᠰᠦ ᠬᠦ ᠱᠠᠨ ᠤ᠋ ᠬᠦᠷᠢᠶ᠎ᠡ ᠪᠠ ᠱᠠ ᠸᠧᠨ ᠦ᠌ ᠬᠦᠷᠢᠶ᠎ᠡ ᠶ᠋ᠢᠨ ᠥᠮᠥᠭᠯᠡᠯ ᠦᠭᠡᠢ ᠪᠣᠯᠤᠮᠤᠢ! 》ᠬᠡᠮᠡᠭᠰᠡᠨ ᠳ᠋ᠦ᠍ᠷ ᠮᠧᠩ ᠬᠦᠩ ᠮᠥᠨ ᠬᠡᠮᠡᠵᠦ ᠳᠠᠷᠤᠢ ᠴᠡᠷᠢᠭ ᠢᠯᠡᠭᠡᠵᠦ᠂ ᠤᠷᠢᠳᠠ ᠯᠢ ᠶ᠋ᠢᠨ ᠦ᠌ ᠬᠦᠷᠢᠶ᠎ᠡ ᠶ᠋ᠢ ᠪᠠᠢᠯᠳᠤᠨ ᠶᠡᠬᠡᠳᠡ ᠠᠯᠠᠭᠠᠳ᠂ ᠮᠥᠨ ᠰᠥᠨᠢ ᠴᠡᠷᠢᠭ ᠦ᠋ᠨ ᠳᠣᠲᠣᠷ᠎ᠠ ᠠ᠋ᠴᠠ ᠵᠠᠩ ᠵᠢᠢ ᠬᠡᠮᠡᠬᠦ ᠨᠢᠭᠡᠨ ᠰᠠᠢᠨ ᠡᠷ᠎ᠡ ᠰᠢᠯᠭᠠᠷᠠᠭᠰᠠᠨ ᠪᠠᠭᠠᠲᠤᠷ ᠢ᠋ ᠰᠣᠩᠭᠣᠨ ᠣᠯᠵᠤ᠂ ᠳᠠᠷᠤᠢ ᠡᠨᠡ ᠵᠧᠩ ᠹᠦ ᠶ᠋ᠢ ᠪᠠᠢᠯᠳᠤ ᠭᠡᠮᠡᠨ ᠡᠤ ᠰᠢᠶᠠᠨ ᠤ᠋ ᠴᠡᠷᠢᠭ ᠦ᠋ᠨ ᠬᠦᠷᠢᠶ᠎ᠡ ᠳ᠋ᠦ᠍ᠷ ᠬᠤᠯᠠᠭᠤᠨ ᠣᠷᠣᠭᠤᠯᠵᠤ᠂ ᠠᠯᠲᠠᠨ ᠤᠯᠤᠰ ᠤ᠋ᠨ ᠴᠡᠷᠢᠭ ᠦ᠋ᠨ ᠬᠦᠷᠢᠶᠡᠨ ᠦ᠌ ᠲᠡᠷᠢᠭᠦᠯᠡᠭᠰᠡᠨ ᠵᠠᠩᠵᠤᠨ ᠵᠠᠩ ᠬᠠᠢ ᠶ᠋ᠢᠨ ᠲᠣᠯᠣᠭᠠᠢ ᠶ᠋ᠢ ᠣᠭᠲᠣᠯᠤᠨ ᠠᠪᠴᠤ ᠢᠷᠡᠭᠦᠯᠦᠭᠡᠳ ᠳᠠᠷᠤᠢ ᠮᠠ ᠳ᠋ᠧᠩ ᠦ᠋ᠨ ᠭᠠᠵᠠᠷ ᠤ᠋ᠨ ᠬᠦᠷᠢᠶ᠎ᠡ ᠶ᠋ᠢ ᠬᠠᠭᠠᠵᠤ ᠠᠯᠠᠭᠰᠠᠨ ᠬᠡᠭᠦᠷ ᠠᠭᠤᠯᠠ ᠮᠡᠲᠦ ᠣᠪᠣᠭᠠᠯᠠᠵᠤᠬᠤᠢ᠃ ᠲᠡᠭᠦᠨᠴᠡ ᠤᠷᠪᠠᠨ ᠬᠦᠷᠴᠦ ᠢᠷᠡᠭᠡᠳ ᠪᠠᠷᠠᠭᠤᠨ ᠳ᠋ᠤᠷ ᠪᠦᠬᠦᠢ ᠡᠤ ᠰᠢᠶᠠᠨ ᠤ᠋ ᠴᠡᠷᠢᠭ ᠲᠦ᠍ᠷ ᠤᠴᠠᠷᠠᠵᠤ ᠪᠠᠰᠠ ᠬᠦ᠌ ᠶᠡᠬᠡᠳᠡ ᠳᠡᠢᠯᠦᠭᠡᠳ ᠤᠳᠠᠯ ᠦᠭᠡᠢ ᠵᠠᠩ ᠵᠢᠢ ᠶ᠋ᠢᠨ ᠵᠠᠩᠵᠤᠨ ᠳᠠᠩ ᠱᠧᠨ᠂ ᠡᠤ ᠰᠢᠶᠠᠨ ᠤ᠋ ᠶᠡᠬᠡ ᠵᠠᠩᠵᠤᠨ ᠮᠦᠸᠧ ᠬᠣ᠌ ᠯᠢ ᠶ᠋ᠢᠨ ᠬᠦᠷᠢᠶ᠎ᠡ ᠶ᠋ᠢ ᠡᠪᠳᠡᠵᠦ᠂ ᠨᠢᠭᠡᠨ ᠡᠳᠦᠷ ᠦ᠋ᠨ ᠳᠣᠲᠣᠷ᠎ᠠ ᠡᠤ ᠰᠢᠶᠠᠨ ᠤ᠋ ᠶᠢᠰᠦᠨ ᠬᠦᠷᠢᠶ᠎ᠡ ᠡᠴᠡ ᠳᠣᠯᠣᠭᠠᠨ ᠬᠦᠷᠢᠶ᠎ᠡ ᠶ᠋ᠢ ᠢᠨᠦ ᠠᠪᠴᠤ ᠮᠧᠩ ᠬᠦᠩ᠂ ᠯᠢᠦ ᠢ ᠶ᠋ᠢ ᠳᠠᠭᠤᠳᠠᠵᠤ ᠥᠭᠦᠯᠡᠷᠦᠨ ᠄《 ᠡᠳᠡᠭᠡᠷ ᠬᠦᠷᠢᠶ᠎ᠡ ᠶ᠋ᠢ ᠡᠪᠳᠡᠭᠰᠡᠨ ᠲᠤᠯᠠ ᠣᠳᠣ ᠡᠤ ᠰᠢᠶᠠᠨ ᠤ᠋ ᠪᠠᠨ ᠴᠢᠶᠣᠤ᠂ ᠱᠢ ᠿᠦᠩ ᠦ᠋ᠨ ᠭᠠᠵᠠᠷ ᠪᠦᠬᠦᠢ ᠬᠣᠶᠠᠷ ᠬᠦᠷᠢᠶ᠎ᠡ ᠡᠷᠬᠡ ᠦᠭᠡᠢ ᠳᠠᠭᠤᠷᠢᠶᠠᠨ ᠬᠥᠳᠡᠯᠪᠡᠢ᠂ ᠴᠢ ᠡᠭᠦᠨ ᠢ᠋ ᠨᠠᠳᠠ ᠳ᠋ᠤᠷ ᠳᠠᠭᠠᠭᠤᠯᠤᠨ ᠴᠢᠳᠠᠮᠤᠢ ᠤᠤ ?》 ᠯᠢᠦ ᠢ ᠠᠷᠭ᠎ᠠ ᠡᠷᠭᠦᠵᠦ ᠥᠭᠦᠯᠡᠷᠦᠨ ᠄《ᠭᠤᠷᠪᠠᠨ ᠵᠠᠭᠤᠨ ᠢᠷᠭᠡᠳ ᠦ᠋ᠨ ᠡᠬᠡᠨᠡᠷ ᠥᠬᠢᠳ ᠢ᠋ ᠰᠣᠩᠭᠣᠵᠤ ᠬᠠᠭᠤᠷᠮᠠᠭ ᠢ᠋ᠶ᠋ᠠᠷ ᠬᠤᠸᠠᠢ ᠵᠧᠦ ᠳ᠋ᠦ᠍ᠷ ᠳᠠᠭᠠᠪᠠᠰᠤ ᠠᠪᠴᠤ ᠪᠣᠯᠤᠮᠤᠢ! 》 ᠬᠡᠮᠡᠬᠦᠢ ᠳ᠋ᠦ᠍ᠷ ᠮᠧᠩ ᠬᠦᠩ ᠡᠨᠡ ᠦᠭᠡ ᠳ᠋ᠦ᠍ᠷ ᠭᠡᠨᠡᠳᠲᠡ ᠰᠡᠬᠡᠰᠬᠢᠵᠦ ᠰᠡᠳᠬᠢᠷᠦᠨ ᠄《 ᠡᠤ ᠰᠢᠶᠠᠨ ᠤ᠋ ᠴᠡᠷᠢᠭ ᠳᠠᠷᠤᠭᠳᠠᠪᠠᠰᠤ ᠡᠷᠬᠡ ᠦᠭᠡᠢ ᠬᠦ ᠱᠠᠨ ᠠᠭᠤᠯᠠᠨ ᠤ᠋ ᠣᠷᠣᠢ ᠳ᠋ᠤᠷ ᠠᠪᠠᠷᠢᠮᠤᠢ !》 ᠭᠡᠮᠡᠨ ᠹᠠᠨ ᠸᠧᠨ ᠪᠢᠨ ᠳ᠋ᠦ᠍ᠷ ᠴᠡᠷᠢᠭ ᠥᠭᠴᠦ ᠠᠭᠤᠯᠠᠨ ᠤ᠋ ᠳᠣᠣᠷ᠎ᠠ ᠪᠦᠭᠭᠦᠭᠦᠯᠦᠭᠡᠳ ᠡᠤ ᠰᠢᠶᠠᠨ ᠤ᠋ ᠣᠯᠠᠨ ᠴᠡᠷᠢᠭ ᠦᠨᠡᠬᠡᠷ ᠠᠭᠤᠯᠠᠨ ᠳ᠋ᠤᠷ ᠠᠪᠠᠷᠢᠪᠠᠰᠤ ᠳᠤᠮᠳᠠ ᠬᠦᠷᠦᠮᠡᠭᠴᠡ ᠹᠠᠨ ᠸᠧᠨ ᠪᠢᠨ ᠦ᠌ ᠴᠡᠷᠢᠭ ᠢ᠋ ᠬᠠᠮᠵᠢᠨ ᠪᠠᠢᠯᠳᠤ ᠭᠡᠮᠡᠨ ᠢᠯᠡᠭᠡᠭᠡᠳ ᠪᠠᠰᠠ ᠯᠢᠦ ᠢ ᠶ᠋ᠢᠨ ᠠᠷᠭ᠎ᠠ ᠶ᠋ᠢ ᠬᠡᠷᠡᠭᠯᠡᠵᠦ᠂ ᠣᠯᠠᠨ ᠡᠬᠡᠨᠡᠷ ᠥᠬᠢᠳ ᠢ᠋ ᠳᠤᠲᠠᠭᠠᠯᠭᠠᠨ ᠡᠤ ᠰᠢᠶᠠᠨ ᠢ᠋ ᠬᠡᠯᠡᠨ ᠭᠠᠷᠭᠠᠵᠤ ᠢᠷᠡᠭᠡᠳ ᠣᠯᠠᠨ ᠴᠡᠷᠢᠭ ᠴᠤᠭᠠᠷ ᠣᠷᠣᠵᠤ ᠪᠠᠢᠯᠳᠤᠬᠤᠢ ᠳ᠋ᠤᠷ ᠡᠤ ᠰᠢᠶᠠᠨ ᠦᠨᠡᠬᠡᠷ ᠳᠠᠷᠤᠭᠳᠠᠵᠤ᠂ ᠳᠠᠷᠤᠢ ᠠᠭᠤᠯᠠᠨ ᠳ᠋ᠤᠷ ᠠᠪᠠᠷᠢᠵᠤ ᠰᠠᠶᠢ ᠳᠤᠮᠳᠠᠯᠠᠮᠠᠭᠴᠠ ᠹᠠᠨ ᠸᠧᠨ ᠪᠢᠨ ᠦ᠌ ᠪᠦᠭᠭᠦᠭᠰᠡᠨ ᠴᠡᠷᠢᠭ ᠳᠥᠷᠪᠡᠨ ᠡᠲᠡᠭᠡᠳ ᠡᠴᠡ ᠬᠠᠮᠵᠢᠨ ᠪᠠᠢᠯᠳᠤᠭᠰᠠᠨ᠎ᠠ᠂ ᠡᠤ ᠰᠢᠶᠠᠨ ᠤ᠋ ᠴᠡᠷᠢᠭ ᠠᠭᠤᠯᠠ ᠤᠰᠤ ᠪᠠ ᠬᠠᠳᠠ ᠴᠢᠯᠠᠭᠤ ᠳ᠋ᠤᠷ ᠤᠨᠠᠵᠤ ᠦᠬᠦᠭᠰᠡᠨ ᠢᠨᠤ ᠴᠢᠯᠠᠭᠤ ᠰᠢᠷᠣᠢ ᠶ᠋ᠢ ᠴᠥᠮ ᠤᠯᠠᠭᠠᠴᠢᠪᠠ᠃ ᠲᠡᠳᠦᠢ ᠮᠧᠩ ᠬᠦᠩ ᠦ᠋ᠨ ᠴᠡᠷᠢᠭ ᠡᠤ ᠰᠢᠶᠠᠨ ᠤ᠋ ᠵᠠᠩᠵᠤᠨ ᠡᠤ ᠱᠠ ᠿᠧᠨ ᠢ᠋ ᠠᠯᠠᠵᠤ᠂ ᠠᠮᠢᠳᠤ ᠪᠠᠷᠢᠭᠰᠠᠨ ᠴᠡᠷᠢᠭ ᠦ᠋ᠨ ᠬᠥᠮᠦᠨ ᠳᠣᠯᠣᠭᠠᠨ ᠵᠠᠭᠤᠨ ᠭᠤᠴᠢ᠂ ᠬᠤᠶᠠᠭ ᠵᠡᠪᠰᠡᠭ ᠠᠭᠤᠯᠠ ᠮᠡᠲᠦ ᠣᠪᠣᠭᠠᠯᠠᠵᠤ ᠂ ᠮᠧᠩ ᠬᠦᠩ ᠦ᠋ᠨ ᠴᠡᠷᠢᠭ ᠰᠢᠶᠣᠤ ᠱᠦᠢ ᠾᠧ ᠭᠣᠣᠯ ᠳ᠋ᠤᠷ ᠬᠦᠷᠦᠭᠰᠡᠨ ᠬᠣᠢᠨ᠎ᠠ ᠯᠢᠦ ᠢ ᠥᠴᠢᠷᠦᠨ :《 ᠡᠤ ᠰᠢᠶᠠᠨ ᠶᠡᠷᠦ ᠶ᠋ᠢᠨ ᠡᠳᠦᠷ ᠤᠷᠲᠤᠳᠠ ᠱᠠᠩ ᠵᠧᠦ ᠳ᠋ᠦ᠍ᠷ ᠣᠷᠣᠵᠤ ᠪᠡᠷᠬᠡ ᠴᠢᠬᠤᠯ ᠢ᠋ ᠡᠵᠡᠯᠡᠨ ᠰᠠᠬᠢᠰᠤᠭᠠᠢ ᠬᠡᠮᠡᠳᠡᠭ ᠪᠥᠯᠥᠭᠡ᠂ ᠭᠠᠭᠴᠠ ᠣᠯᠠᠨ ᠢᠷᠭᠡᠨ ᠬᠣᠢᠲᠤ ᠵᠦᠭ ᠡᠴᠢᠬᠦᠢ ᠳ᠋ᠦ᠍ᠷ ᠳᠤᠷ᠎ᠠ ᠦᠭᠡᠢ ᠳ᠋ᠦ᠍ᠷ ᠰᠠᠶᠢ ᠵᠣᠭᠰᠣᠭᠰᠠᠨ ᠪᠣᠯᠠᠢ᠃ ᠡᠳᠦᠭᠡ ᠵᠠᠮ ᠲᠤᠰᠪᠠᠰᠤ ᠶᠠᠮᠪᠠᠷ ?》 ᠬᠡᠮᠡᠭᠰᠡᠨ ᠳ᠋ᠦ᠍ᠷ ᠮᠧᠩ ᠬᠦᠩ ᠥᠭᠦᠯᠡᠷᠦᠨ ᠄《ᠴᠡᠷᠢᠭ ᠣᠷᠣᠬᠤᠢ ᠳ᠋ᠤᠷ ᠠᠯᠭᠤᠷᠯᠠᠵᠤ ᠪᠣᠯᠬᠤ ᠦᠭᠡᠢ !》 ᠬᠡᠮᠡᠭᠡᠳ ᠹᠠᠨ ᠸᠧᠨ ᠪᠢᠨ ᠨᠠᠷ ᠢ᠋ ᠳᠠᠭᠤᠳᠠᠵᠤ᠂ ᠮᠠᠷᠭᠠᠲᠠ ᠱᠢ ᠿᠦᠩ ᠳ᠋ᠦ᠍ᠷ ᠪᠠᠢᠯᠳᠤᠬᠤ ᠠᠷᠭ᠎ᠠ ᠶ᠋ᠢ ᠰᠤᠷᠭᠠᠵᠤ᠂ ᠰᠥᠨᠢ ᠪᠤᠳᠠᠭᠠᠯᠠᠨ ᠮᠠᠷᠭᠠᠲᠠ ᠡᠷᠲᠡ ᠮᠣᠷᠳᠠᠵᠤ᠂ ᠲᠡᠭᠷᠢ ᠭᠡᠭᠡᠷᠡᠮᠡᠭᠴᠡ ᠱᠢ ᠿᠦᠩ ᠳ᠋ᠦ᠍ᠷ ᠬᠦᠷᠦᠭᠰᠡᠨ ᠳ᠋ᠦ᠍ᠷ ᠴᠢᠪᠬᠢᠲᠡᠯ᠎ᠡ ᠶᠡᠬᠡᠯ᠎ᠡ ᠪᠤᠷᠤᠭᠤᠯᠠᠬᠤᠢ ᠳ᠋ᠤᠷ ᠹᠠᠨ ᠸᠧᠨ ᠪᠢᠨ ᠨᠠᠷ ᠶᠡᠬᠡᠯ᠎ᠡ ᠵᠣᠪᠠᠨᠢᠬᠤᠶᠠ᠂ ᠮᠧᠩ ᠬᠦᠩ ᠥᠭᠦᠯᠡᠷᠦᠨ᠄《ᠡᠨᠡ ᠳᠠᠷᠤᠢ ᠡᠷᠲᠡᠨ ᠦ᠌ ᠦᠶ᠎ᠡ ᠶ᠋ᠢᠨ ᠰᠥᠨᠢ ᠶ᠋ᠢᠨ ᠴᠠᠰᠤᠨ ᠳ᠋ᠤᠷ ᠡᠦ ᠶᠤᠸᠠᠨ ᠢ᠋ ᠪᠠᠷᠢᠭᠰᠠᠨ ᠮᠡᠲᠦ ᠴᠠᠭ ᠪᠣᠯᠠᠢ !》 ᠬᠡᠮᠡᠵᠦ ᠮᠣᠷᠢ ᠪᠠᠨ ᠲᠠᠰᠢᠭᠤᠷᠳᠠᠨ ᠰᠢᠭᠤᠳ ᠱᠢ ᠿᠦᠩ ᠦ᠋ᠨ ᠭᠠᠵᠠᠷ ᠬᠦᠷᠴᠦ ᠬᠦᠷᠢᠶ᠎ᠡ ᠶ᠋ᠢ ᠪᠦᠰᠡᠯᠡᠵᠦ ᠴᠡᠷᠢᠭ ᠢ᠋ᠶ᠋ᠡᠨ ᠰᠢᠯᠭᠠᠵᠤ᠂ ᠪᠠᠷᠰ ᠴᠠᠭ ᠠ᠋ᠴᠠ ᠨᠣᠬᠠᠢ ᠴᠠᠭ ᠬᠦᠷᠲᠡᠯ᠎ᠡ ᠪᠠᠢᠯᠳᠤᠵᠤ᠂ ᠱᠢ ᠿᠦᠩ ᠦ᠋ᠨ ᠬᠦᠷᠢᠶ᠎ᠡ ᠶ᠋ᠢ ᠡᠪᠳᠡᠭᠡᠳ ᠶᠡᠬᠡᠯ᠎ᠡ ᠠᠯᠠᠨ ᠣᠷᠣᠭᠰᠠᠨ ᠳ᠋ᠤᠷ ᠡᠤ ᠰᠢᠶᠠᠨ ᠶᠠᠭᠠᠷᠠᠨ ᠪᠤᠷᠤᠭᠤᠯᠠᠪᠠᠢ᠃ ᠮᠧᠩ ᠬᠦᠩ ᠦ᠋ᠨ ᠴᠡᠷᠢᠭ ᠨᠡᠬᠡᠵᠦ ᠬᠦ ᠢᠦᠢ ᠶ᠋ᠢᠨ ᠬᠦᠷᠢᠶ᠎ᠡ ᠳ᠋ᠦ᠍ᠷ ᠭᠦᠢᠴᠡᠭᠰᠡᠨ ᠳ᠋ᠦ᠍ᠷ ᠡᠤ ᠰᠢᠶᠠᠨ ᠦᠵᠡᠭᠡᠳ ᠬᠤᠪᠴᠠᠰᠤ ᠪᠠᠨ ᠬᠠᠯᠠᠵᠤ ᠤᠷᠭᠤᠨ ᠭᠠᠷᠴᠤ ᠬᠠᠷᠠᠬᠠᠨ ᠳᠤᠲᠠᠭᠠᠬᠤᠶ᠎ᠠ᠂ ᠴᠢᠪᠬᠢᠲᠡᠯ᠎ᠡ ᠮᠣᠩᠭᠣᠯ ᠤ᠋ᠨ ᠰᠥᠩ ᠤᠯᠤᠰ ᠤ᠋ᠨ ᠴᠡᠷᠢᠭ ᠲᠦ᠍ᠷ ᠨᠡᠢᠯᠡᠵᠦ᠂ ᠠᠯᠲᠠᠨ ᠤᠯᠤᠰ ᠤ᠋ᠨ ᠼᠠᠢ ᠵᠧᠦ ᠬᠣᠲᠠᠨ ᠢ᠋ ᠬᠠᠭᠠᠵᠤ ᠪᠠᠢᠯᠳᠤᠬᠤ ᠲᠠᠢᠰᠢ ᠶ᠋ᠢᠨ ᠬᠥᠪᠡᠭᠦᠨ ᠳᠡᠰ ᠲᠣᠭᠣᠰ ᠲᠤᠷ ᠤᠴᠠᠷᠠᠭᠠᠳ ᠤ᠋ᠨ ᠬᠣ᠌ ᠯᠦ᠍ ᠱᠠᠨ ᠠᠭᠤᠯᠠᠨ᠎ᠠ ᠳᠡᠰ ᠲᠣᠭᠣᠰ ᠤ᠋ᠨ ᠶᠡᠬᠡ ᠴᠡᠷᠢᠭ ᠲᠦ᠍ᠷ ᠨᠢᠭᠡᠮᠦᠰᠦᠨ ᠳᠠᠷᠤᠭᠳᠠᠵᠤ᠂ ᠡᠤ ᠰᠢᠶᠠᠨ ᠲᠠᠪᠤᠨ ᠵᠢᠷᠭᠤᠭᠠᠨ ᠮᠣᠷᠢᠲᠠᠨ ᠢ᠋ ᠠᠪᠴᠤ ᠪᠤᠷᠤᠭᠤᠯᠠᠨ ᠭᠠᠷᠴᠤᠬᠤᠢ᠃ ᠮᠧᠩ ᠬᠦᠩ᠂ ᠡᠤ ᠰᠢᠶᠠᠨ ᠤ᠋ ᠦᠯᠡᠭᠰᠡᠨ ᠴᠡᠷᠢᠭ ᠢ᠋ ᠠᠪᠴᠤ ᠳᠠᠭᠠᠭᠤᠯᠤᠭᠠᠳ ᠰᠢᠶᠠᠩ ᠶᠠᠩ ᠤ᠋ᠨ ᠭᠠᠵᠠᠷ᠎ᠠ ᠮᠣᠩᠭᠣᠯ ᠤ᠋ᠨ ᠴᠡᠷᠢᠭ ᠢ ᠬᠦᠯᠢᠶᠡᠬᠦᠶ᠎ᠡ᠂ ᠨᠠᠮᠤᠷ ᠤ᠋ᠨ ᠨᠠᠢ᠍ᠮᠠᠨ ᠰᠠᠷ᠎ᠠ ᠳ᠋ᠤᠷ ᠮᠣᠩᠭᠣᠯ ᠤ᠋ᠨ ᠡᠮᠦᠨ᠎ᠡ ᠠᠩᠭᠢ ᠳᠦ ᠶᠤᠸᠠᠨᠱᠤᠸᠠᠢ ᠲᠠᠢᠰᠢ ᠪᠤᠯᠤ ᠶ᠋ᠢᠨ ᠬᠥᠪᠡᠭᠦᠨ᠂ ᠬᠠᠲᠤᠨ ᠬᠤᠸᠠᠢ ᠭᠦᠸᠧ ᠭᠦᠩᠵᠦ ᠨᠠᠷ ᠸᠠᠩ ᠽᠢ ᠶ᠋ᠢ ᠡᠯᠴᠢ ᠪᠣᠯᠭᠠᠨ ᠰᠥᠩ ᠤᠯᠤᠰ ᠤ᠋ᠨ ᠰᠢᠶᠠᠩ ᠶᠠᠩ ᠳ᠋ᠤᠷ ᠵᠠᠷᠤᠵᠤ᠂ ᠠᠯᠲᠠᠨ ᠤᠯᠤᠰ ᠤ᠋ᠨ ᠼᠠᠢ ᠵᠧᠦ ᠬᠣᠲᠠᠨ ᠢ᠋ ᠪᠠᠢᠯᠳᠤᠰᠤᠭᠠᠢ ᠭᠡᠮᠡᠨ ᠬᠡᠯᠡᠭᠦᠯᠦᠭᠰᠡᠨ ᠳ᠋ᠦ᠍ᠷ ᠰᠥᠩ ᠤᠯᠤᠰ ᠤ᠋ᠨ ᠮᠧᠩ ᠬᠦᠩ ᠳᠠᠷᠤᠢ ᠱᠢ ᠽᠦᠩ ᠵᠢᠢ ᠳ᠋ᠦ᠍ᠷ ᠶᠡᠬᠡ ᠴᠡᠷᠢᠭ ᠥᠭᠴᠦ ᠢᠯᠡᠬᠡᠨ᠂ ᠤᠷᠢᠳᠠ ᠠᠯᠲᠠᠨ ᠤᠯᠤᠰ ᠤ᠋ᠨ ᠪᠦᠸᠧ ᠵᠧᠦ ᠶ᠋ᠢ ᠪᠠᠢᠯᠳᠤᠰᠤᠭᠠᠢ ᠭᠡᠮᠡᠨ ᠮᠣᠩᠭᠣᠯ ᠤ᠋ᠨ ᠳᠡᠰ ᠲᠣᠭᠣᠰ ᠯᠤᠭ᠎ᠠ ᠬᠡᠯᠡᠯᠴᠡᠨ ᠲᠣᠭᠲᠠᠵᠤ᠂ ᠳᠠᠷᠤᠢ ᠴᠡᠷᠢᠭ ᠨᠡᠢᠯᠡᠵᠦ ᠤᠷᠢᠳᠠ ᠳ᠋ᠧᠩ ᠵᠧᠦ ᠶ᠋ᠢ ᠲᠠᠢᠯᠠᠬᠤᠢ ᠳ᠋ᠤᠷ ᠠᠯᠲᠠᠨ ᠤᠯᠤᠰ ᠤ᠋ᠨ ᠵᠠᠩᠵᠤᠨ ᠡᠤ ᠬᠦ ᠯᠦᠨ ᠾᠸᠢ ᠬᠠᠨ ᠲᠣᠰᠴᠤ ᠪᠠᠢᠯᠳᠤᠭᠠᠳ ᠮᠣᠩᠭᠣᠯ ᠤ᠋ᠨ ᠶᠤᠸᠠᠨᠱᠤᠸᠠᠢ ᠳᠡᠰ ᠲᠣᠭᠣᠰ ᠲᠤᠷ ᠬᠠᠷᠪᠤᠭᠳᠠᠵᠤ ᠤᠨᠠᠭᠰᠠᠨ ᠳ᠋ᠤᠷ ᠬᠤᠸᠠᠢ ᠭᠦᠸᠧ ᠭᠦᠩᠵᠦ ᠬᠡᠳᠦᠢᠨᠡᠢ ᠬᠣᠲᠠᠨ ᠳᠣᠣᠷ᠎ᠠ ᠬᠦᠷᠴᠦ ᠳ᠋ᠧᠩ ᠵᠧᠦ ᠶ᠋ᠢ ᠳᠠᠭᠠᠭᠤᠯᠤᠨ ᠬᠣᠲᠠᠨ ᠳ᠋ᠤᠷ ᠣᠷᠣᠪᠠ᠃ ᠰᠥᠩ ᠤᠯᠤᠰ ᠤ᠋ᠨ ᠱᠢ ᠽᠦᠩ ᠵᠢᠢ᠂ ᠰᠢ ᠵᠧᠦ ᠶ᠋ᠢᠨ ᠡᠮᠦᠨ᠎ᠡ ᠬᠦᠷᠢᠶ᠎ᠡ ᠪᠠᠭᠤᠪᠠ᠂ ᠡᠭᠦᠨ ᠳ᠋ᠦ᠍ᠷ ᠠᠯᠲᠠᠨ ᠤᠯᠤᠰ ᠤ᠋ᠨ ᠴᠡᠷᠢᠭ ᠡᠳᠦᠷ ᠪᠦᠷᠢ ᠢᠷᠡᠵᠦ ᠮᠣᠩᠭᠣᠯ ᠳ᠋ᠤᠷ ᠳᠠᠭᠠᠬᠤ ᠠᠨᠤ ᠮᠠᠰᠢ ᠣᠯᠠᠨ ᠪᠣᠯᠤᠭᠰᠠᠨ ᠳ᠋ᠤᠷ ᠠᠯᠲᠠᠨ ᠤᠯᠤᠰ ᠤ᠋ᠨ ᠰᠢ ᠵᠧᠦ ᠬᠣᠲᠠ ᠶ᠋ᠢᠨ ᠼᠢ ᠱᠢ ᠲᠦᠰᠢᠮᠡᠯ ᠡᠤ ᠬᠦ ᠯᠦᠨ ᠬᠣ ᠯᠦ᠍ ᠠᠶᠤᠵᠤ᠂ ᠠᠯᠲᠠᠨ ᠤᠯᠤᠰ ᠤ᠋ᠨ ᠠᠢᠽᠦ᠋ᠩ ᠬᠠᠭᠠᠨ ᠠ᠋ᠴᠠ ᠥᠮᠥᠭᠯᠡᠬᠦ ᠴᠡᠷᠢᠭ ᠭᠤᠶᠤᠬᠤᠢ ᠳ᠋ᠤᠷ ᠠᠯᠲᠠᠨ ᠤᠯᠤᠰ ᠤ᠋ᠨ ᠡᠵᠡᠨ ᠼᠠᠨ ᡁᠢ ᠵᠧᠩ ᠱᠢ ᠲᠦᠰᠢᠮᠡᠯ ᠡᠤ ᠭᠦᠸᠧ ᠳ᠋ᠢᠶᠠᠨ ᠢ᠋ ᠱᠣ᠌ ᠮᠢ ᠶᠤᠸᠠᠨ ᠤ᠋ ᠬᠡᠷᠡᠭ ᠢ᠋ ᠮᠡᠳᠡᠭᠦᠯᠵᠦ᠂ ᠪᠦᠸᠧ ᠱᠣ᠌ ᠯᠦ᠍ ᠯᠧᠦ ᠱᠢ ᠳ᠋ᠦ᠍ᠷ ᠲᠠᠪᠤᠨ ᠵᠠᠭᠤᠨ 《ᠰᠢᠳᠤᠷᠭᠤ ᠡᠯᠪᠡᠷᠢᠯᠲᠦ ᠴᠡᠷᠢᠭ 》 ᠢ᠋ ᠥᠭᠴᠦ ᠢᠯᠡᠭᠡᠬᠦᠢ ᠳ᠋ᠡᠭᠡᠨ ᠠᠢᠽᠦ᠋ᠩ ᠬᠠᠭᠠᠨ ᠥᠭᠦᠯᠡᠷᠦᠨ ᠄ 《ᠮᠣᠩᠭᠣᠯ ᠤ᠋ᠨ ᠴᠡᠷᠢᠭ ᠦ᠋ᠨ ᠤᠷᠲᠤᠳᠠ ᠳᠡᠢᠯᠬᠦ ᠢᠨᠤ ᠬᠣᠢᠲᠤ ᠭᠠᠵᠠᠷ ᠤ᠋ᠨ ᠬᠥᠮᠦᠨ ᠮᠣᠷᠢᠨ ᠬᠦᠴᠦᠲᠡᠢ ᠶ᠋ᠢᠨ ᠳᠡᠭᠡᠷ᠎ᠡ ᠪᠠᠰᠠ ᠳᠤᠮᠳᠠᠳᠤ ᠤᠯᠤᠰ ᠤ᠋ᠨ ᠤᠷᠠᠨ ᠱᠠᠯᠠᠮᠠᠭᠠᠢ ᠨᠠᠷᠢᠨ ᠢ᠋ ᠰᠤᠷᠴᠤ ᠰᠠᠶᠢ ᠲᠡᠷᠡ ᠮᠡᠲᠦ ᠲᠡᠩᠴᠡᠬᠦᠶᠡ ᠪᠡᠷᠬᠡ ᠪᠣᠯᠤᠭᠰᠠᠨ ᠪᠣᠯᠠᠢ᠃ ᠵᠢᠴᠢ ᠰᠥᠩ ᠤᠯᠤᠰ ᠤ᠋ᠨ ᠴᠡᠷᠢᠭ ᠲᠡᠭᠦᠨ ᠦ᠌ ᠦᠭᠡ ᠳ᠋ᠦ᠍ᠷ ᠣᠷᠣᠬᠤ ᠦᠭᠡᠢ᠂ ᠤᠭ ᠠ᠋ᠴᠠ ᠰᠤᠯᠠ ᠪᠠᠭᠤᠷᠠᠢ ᠶ᠋ᠢ ᠮᠡᠳᠡᠬᠦ ᠪᠣᠯᠠᠢ᠃ ᠡᠳᠦᠭᠡ ᠡᠨᠡ ᠬᠢᠷᠢ ᠳ᠋ᠦ᠍ᠷ ᠨᠠᠳᠠ ᠳ᠋ᠤᠷ ᠭᠤᠷᠪᠠᠨ ᠮᠢᠩᠭᠠᠨ ᠴᠡᠷᠢᠭ ᠪᠠᠢᠪᠠᠰᠤ ᠪᠢ ᠰᠥᠩ ᠤᠯᠤᠰ ᠤ᠋ᠨ ᠭᠠᠵᠠᠷ ᠲᠤᠷ ᠬᠥᠨᠳᠡᠯᠡᠨ ᠭᠤᠯᠳᠤ ᠪᠠᠷ ᠶᠠᠪᠤᠵᠤ ᠴᠢᠳᠠᠬᠤ ᠪᠥᠭᠡᠳ ᠪᠠᠰᠠ ᠬᠡᠷᠡᠭᠯᠡᠵᠦ ᠪᠠᠷᠠᠬᠤ ᠦᠭᠡᠢ᠃ ᠮᠠᠨ ᠤ᠋ ᠡᠤ ᠬᠦ ᠯᠦᠨ ᠬᠣ᠌ ᠯᠦ᠍ ᠠᠶᠤᠮᠠᠲᠠᠭᠠᠢ ᠠᠨᠤ ᠬᠡᠲᠦᠷᠡᠵᠦᠬᠦᠢ !》 ᠭᠡᠮᠡᠨ ᠵᠢᠶᠧ ᠬᠦ ᠢᠦ ᠵᠢᠦ ᠶ᠋ᠢ ᠲᠡᠭᠦᠨ ᠦ᠌ ᠣᠷᠣᠨ ᠳ᠋ᠤᠷ ᠢᠯᠡᠭᠡᠪᠡ ① ᠃
– – – –
① ᠵᠦᠽᠢ《 ᠲᠦᠩ ᠵᠢᠶᠠᠨ ᠭᠠᠩ ᠮᠥ ᠪᠢᠴᠢᠭ 》 ᠡᠭᠡᠨᠡᠭᠲᠡ ᠲᠤᠰ ᠤᠯᠤᠰ ᠤ᠋ᠨ ᠪᠢᠴᠢᠭ ᠪᠤᠰᠤ ᠲᠤᠯᠠ ᠳᠡᠰ ᠲᠣᠭᠣᠰ ᠢ᠋ ᠪᠤᠯᠤ ᠶ᠋ᠢᠨ ᠠᠴᠢ ᠭᠡᠮᠡᠨ ᠡᠨᠳᠡᠭᠦᠷᠡᠨ ᠪᠢᠴᠢᠵᠦᠬᠦᠢ᠃ ᠡᠳᠡᠭᠡᠷ ᠴᠥᠮ ᠬᠠᠯᠭᠤᠤ ᠪᠣᠯᠠᠢ᠃ ᠬᠣᠵᠢᠮ ᠤ᠋ᠨ ᠡᠳᠦᠷ ᠦ᠋ᠨ ᠮᠡᠷᠭᠡᠳ ᠪᠢᠲᠡᠭᠡᠢ ᠲᠡᠭᠦᠨ ᠢ᠋ ᠭᠣᠣᠯ ᠪᠣᠯᠭᠠᠨ ᠪᠠᠷᠢᠭᠲᠤᠨ᠃ ᠡᠭᠡᠨᠡᠭᠲᠡ ᠭᠣᠣᠯ 《 ᠶᠤᠸᠠᠨ ᠤᠯᠤᠰ ᠤ᠋ᠨ ᠰᠤᠳᠤᠷ 》 ᠠᠨᠤ ᠡᠷᠬᠢᠮ ᠂《 ᠭᠠᠩ ᠮᠦ᠍》 ᠳ᠋ᠦ᠍ᠷ ᠪᠤᠯᠤ ᠬᠡᠮᠡᠬᠦ ᠨᠡᠷ᠎ᠡ ᠶ᠋ᠢ ᠪᠦ ᠡᠯ ᠬᠣ ᠭᠡᠮᠡᠨ ᠪᠢᠴᠢᠭᠡᠳ ᠳᠡᠰ ᠬᠡᠮᠡᠭᠰᠡᠨ ᠨᠡᠷ᠎ᠡ ᠶ᠋ᠢ ᠲᠠ ᠴᠠ ᠡᠯ ᠭᠡᠮᠡᠨ ᠪᠢᠴᠢᠵᠦᠬᠦᠢ᠃
ᠲᠡᠨᠳᠡᠴᠡ ᠶᠢᠰᠦᠨ ᠰᠠᠷ᠎ᠠ ᠳ᠋ᠤᠷ ᠠᠯᠲᠠᠨ ᠤᠯᠤᠰ ᠤ᠋ᠨ ᠠᠢᠽᠦ᠋ᠩ ᠬᠠᠭᠠᠨ ᠱᠧᠦ ᠰᠢᠦᠢ ᠣᠯᠠᠨ ᠲᠦᠰᠢᠮᠡᠳ ᠢ᠋ᠶ᠋ᠡᠨ ᠵᠢᠶᠧ ᠳᠦ ᠱᠢ ᠶ᠋ᠢᠨ ᠲᠠᠩᠬᠢᠮ ᠳ᠋ᠤᠷ ᠴᠢᠭᠤᠯᠭᠤᠯᠤᠨ ᠲᠡᠭᠷᠢ ᠶ᠋ᠢ ᠳᠠᠬᠢᠵᠤ ᠮᠥᠷᠭᠥᠭᠡᠳ ᠣᠯᠠᠨ ᠲᠦᠰᠢᠮᠡᠳ ᠲᠣᠷ ᠭᠠᠷ ᠢ᠋ᠶ᠋ᠠᠷ ᠠᠷᠢᠬᠢ ᠬᠠᠢᠷᠠᠯᠠᠨ ᠶᠡᠬᠡᠯ᠎ᠡ ᠬᠤᠷᠢᠮᠯᠠᠵᠤ ᠬᠠᠷᠠᠬᠠᠨ ᠴᠡᠩᠭᠡᠯᠳᠦᠬᠦᠶ᠎ᠡ᠂ ᠲᠤᠷᠰᠢᠭᠤᠯ ᠢᠷᠡᠵᠦ ᠤᠯᠠᠮᠵᠢᠯᠠᠨ ᠠᠢᠯᠠᠳᠬᠠᠷᠤᠨ ᠄《ᠮᠣᠩᠭᠣᠯ ᠤ᠋ᠨ ᠶᠡᠬᠡ ᠴᠡᠷᠢᠭ ᠭᠡᠨᠡᠳᠲᠡ ᠬᠣᠲᠠᠨ ᠤ᠋ ᠳᠣᠣᠷ᠎ᠠ ᠴᠣᠬᠢᠨ ᠬᠦᠷᠴᠦ ᠢᠷᠡᠪᠡᠢ !》 ᠬᠡᠮᠡᠬᠦᠢ ᠳ᠋ᠦ᠍ᠷ ᠣᠯᠠᠨ ᠢ᠋ᠶ᠋ᠠᠷ ᠠᠷᠢᠬᠢᠨ ᠤ᠋ ᠬᠦᠴᠦᠨ ᠳ᠋ᠦ᠍ᠷ ᠭᠠᠷ ᠰᠡᠷᠪᠡᠯᠵᠡᠨ ᠬᠥᠯ ᠳᠡᠪᠬᠡᠴᠡᠨ ᠭᠠᠷᠴᠤ ᠦᠬᠦᠨ ᠪᠠᠢᠯᠳᠤᠰᠤᠭᠠᠢ ᠬᠡᠮᠡᠵᠦ᠂ ᠮᠥᠨ ᠡᠳᠦᠷ ᠲᠣᠷ ᠳᠠᠷᠤᠢ ᠴᠡᠷᠢᠭ ᠬᠤᠪᠢᠶᠠᠵᠤ ᠬᠣᠲᠠ ᠶ᠋ᠢᠨ ᠳᠥᠷᠪᠡᠨ ᠡᠲᠡᠭᠡᠳ ᠢ᠋ ᠰᠡᠷᠭᠡᠢᠯᠡᠨ ᠰᠠᠬᠢᠭᠤᠯᠪᠠᠢ᠃ ᠲᠡᠳᠦᠢ ᠣᠯᠠᠨ ᠴᠡᠷᠢᠭ ᠶᠡᠬᠡᠯ᠎ᠡ ᠰᠣᠭᠲᠣᠵᠤ ᠠᠷᠢᠬᠢᠨ ᠤ᠋ ᠬᠦᠴᠦᠨ ᠢ᠋ᠶ᠋ᠡᠷ ᠲᠤᠯᠵᠤ ᠪᠠᠢᠯᠳᠤᠭᠰᠠᠨ ᠳ᠋ᠤᠷ ᠮᠣᠩᠭᠣᠯ ᠤ᠋ᠨ ᠴᠡᠷᠢᠭ ᠨᠡᠯᠢᠶᠡᠳ ᠤᠬᠤᠷᠢᠪᠠᠢ᠃ ᠲᠡᠳᠦᠢ ᠳᠡᠰ ᠲᠣᠭᠣᠰ ᠳᠠᠬᠢᠨ ᠴᠡᠷᠢᠭ ᠢ᠋ᠶ᠋ᠡᠨ ᠲᠡᠭᠰᠢᠯᠡᠵᠦ᠂ ᠬᠡᠳᠦᠨ ᠵᠠᠭᠤᠨ ᠮᠣᠷᠢᠲᠠᠨ ᠢ᠋ ᠠᠪᠴᠤ ᠳᠠᠬᠢᠨ ᠰᠢᠭᠤᠳ ᠣᠷᠣᠵᠤ ᠬᠣᠲᠠ ᠶ᠋ᠢᠨ ᠵᠡᠭᠦᠨ ᠬᠠᠭᠠᠯᠭ᠎ᠠ ᠳ᠋ᠤᠷ ᠬᠦᠷᠴᠦ ᠢᠷᠡᠭᠰᠡᠨ ᠳ᠋ᠦ᠍ᠷ ᠠᠯᠲᠠᠨ ᠤ᠋ ᠠᠢᠽᠦ᠋ᠩ ᠬᠠᠭᠠᠨ ᠪᠠᠰᠠ ᠴᠡᠷᠢᠭ ᠭᠠᠷᠭᠠᠵᠤ ᠲᠤᠯᠤᠨ ᠪᠠᠢᠯᠳᠤᠭᠤᠯᠵᠤ ᠮᠣᠩᠭᠣᠯ ᠤ᠋ᠨ ᠴᠡᠷᠢᠭ ᠢ᠋ ᠡᠭᠡᠭᠦᠯᠪᠡᠢ᠃ ᠡᠭᠦᠨ ᠳ᠋ᠦ᠍ᠷ ᠮᠣᠩᠭᠣᠯ ᠤ᠋ᠨ ᠴᠡᠷᠢᠭ ᠬᠣᠲᠠ ᠶ᠋ᠢᠨ ᠣᠢᠷ᠎ᠠ ᠢᠷᠡᠬᠦ ᠦᠭᠡᠢ᠂ ᠳᠠᠷᠤᠢ ᠤᠷᠲᠤ ᠤᠨᠠᠭᠤᠯᠢ ᠭᠦᠨ ᠭᠣᠣ ᠡᠷᠦᠵᠦ ᠬᠠᠭᠠᠵᠤ ᠪᠦᠰᠡᠯᠡᠭᠡᠳ ᠰᠥᠩ ᠤᠯᠤᠰ ᠤ᠋ᠨ ᠱᠢ ᠽᠦᠩ ᠵᠢᠢ᠂ ᠮᠧᠩ ᠬᠦᠩ᠂ ᠵᠢᠴᠢ ᠵᠢᠶᠠᠩ ᠬᠠᠢ ᠳ᠋ᠤᠷ ᠬᠣᠶᠠᠷ ᠲᠦᠮᠡᠨ ᠴᠡᠷᠢᠭ ᠵᠠᠬᠢᠷᠤᠭᠤᠯᠤᠨ᠂ ᠭᠤᠴᠢᠨ ᠲᠦᠮᠡᠨ ᠲᠠᠭᠠᠷ ᠠᠮᠤ ᠲᠠᠢ ᠮᠣᠩᠭᠣᠯ ᠤ᠋ᠨ ᠴᠡᠷᠢᠭ ᠲᠦ᠍ᠷ ᠬᠦᠷᠭᠡᠵᠦ ᠲᠤᠰᠠᠯᠠᠷ᠎ᠠ ᠢᠷᠡᠭᠰᠡᠨ ᠳ᠋ᠦ᠍ᠷ ᠮᠣᠩᠭᠣᠯ ᠤ᠋ᠨ ᠶᠤᠸᠠᠨᠱᠤᠸᠠᠢ ᠳᠡᠰ ᠲᠣᠭᠣᠰ ᠶᠡᠬᠡᠯ᠎ᠡ ᠰᠠᠢᠰᠢᠶᠠᠨ᠂ ᠬᠣᠲᠠ ᠪᠠᠢᠯᠳᠤᠬᠤ ᠵᠠᠷ ᠵᠡᠪᠰᠡᠭ ᠪᠠ ᠡᠭᠦᠯᠡᠨ ᠱᠠᠲᠤ ᠬᠠᠯᠬᠠᠪᠴᠢᠲᠣ ᠱᠠᠲᠤ ᠶ᠋ᠢᠨ ᠵᠦᠢᠯ ᠢ᠋ ᠨᠡᠮᠡᠵᠦ ᠦᠢᠯᠡᠳᠦᠭᠦᠯᠦᠨ᠂ ᠨᠢᠭᠡᠨᠲᠡᠭᠡᠭᠦᠷ ᠶᠡᠬᠡ ᠲᠠᠢᠰᠢ ᠪᠤᠯᠤ ᠳ᠋ᠤᠷ ᠮᠡᠳᠡᠭᠦᠯᠦᠨ ᠶᠠᠪᠤᠭᠤᠯᠵᠤ ᠫᠤᠤ ᠢᠷᠡᠭᠦᠯᠦᠮᠦ ᠭᠡᠮᠡᠨ ᠳᠣᠪᠲᠣᠯᠭᠠᠪᠠ᠃ ᠡᠳᠡᠭᠡᠷ ᠬᠣᠲᠠ ᠪᠠᠢᠯᠳᠤᠬᠤ ᠵᠠᠷ ᠵᠡᠪᠰᠡᠭ ᠱᠠᠲᠤ ᠭᠢᠰᠬᠢᠭᠦᠷ ᠬᠢᠬᠦᠢ ᠳ᠋ᠦ᠍ᠷ ᠮᠣᠳᠣ ᠴᠠᠪᠴᠢᠬᠤ ᠳᠠᠭᠤᠨ ᠬᠣᠲᠠ ᠶ᠋ᠢᠨ ᠳᠣᠲᠣᠷ᠎ᠠ ᠰᠣᠨᠣᠰᠳᠠᠬᠤᠢ ᠳ᠋ᠤᠷ ᠠᠯᠲᠠᠨ ᠤᠯᠤᠰ ᠤ᠋ᠨ ᠴᠡᠷᠢᠭ ᠶᠡᠬᠡᠯ᠎ᠡ ᠠᠶᠤᠯᠳᠤᠵᠤ ᠳᠠᠭᠠᠰᠤᠭᠠᠢ ᠭᠡᠮᠡᠨ ᠬᠤᠯᠠᠭᠤᠨ ᠵᠥᠪᠯᠡᠯᠳᠦᠬᠦᠢ ᠶ᠋ᠢ ᠠᠯᠲᠠᠨ ᠤᠯᠤᠰ ᠤ᠋ᠨ ᠽᠠᠢᠰᠢᠶᠠᠩ ᠸᠠᠨ ᠶᠠᠨ ᠬᠣ᠌ ᠰᠢᠶᠧ ᠬᠣ᠌ ᠰᠡᠮᠡᠬᠡᠷ ᠰᠣᠨᠣᠰᠴᠤ ᠡᠳᠦᠷ ᠪᠦᠷᠢ ᠤᠯᠤᠰ ᠭᠡᠷ ᠦ᠋ᠨ ᠬᠦᠨᠳᠦ ᠬᠡᠷᠡᠭ ᠪᠠ ᠡᠵᠡᠳ ᠰᠠᠢᠳ ᠤ᠋ᠨ ᠶᠡᠬᠡ ᠵᠢᠷᠤᠮ ᠢ᠋ ᠭᠠᠷᠭᠠᠵᠤ᠂ ᠣᠯᠠᠨ ᠴᠡᠷᠢᠭ ᠢᠷᠭᠡᠨ ᠳ᠋ᠦ᠍ᠷ ᠤᠬᠠᠭᠤᠯᠤᠨ ᠬᠡᠯᠡᠵᠦ ᠲᠦᠪᠰᠢᠳᠬᠡᠬᠦ ᠪᠥᠭᠡᠳ ᠪᠠᠰᠠ ᠨᠢᠭᠡᠨᠲᠡᠭᠡᠭᠦᠷ ᠪᠠᠢᠯᠳᠤᠬᠤ ᠰᠠᠬᠢᠬᠤ ᠶ᠋ᠢ ᠡᠷᠬᠡᠪᠰᠢ ᠥᠪᠡᠷ ᠦ᠋ᠨ ᠨᠢᠳᠦ ᠪᠡᠷ ᠦᠵᠡᠵᠦ᠂ ᠪᠡᠶ᠎ᠡ ᠳ᠋ᠦ᠍ᠷ ᠬᠦᠷᠴᠦ ᠰᠤᠷᠭᠠᠨ᠂ ᠭᠡᠷ ᠲᠦ᠍ᠷ ᠢ᠋ᠶ᠋ᠡᠨ ᠨᠢᠭᠡᠮᠦᠰᠦᠨ ᠣᠷᠣᠬᠤ ᠦᠭᠡᠢ᠂ ᠣᠯᠠᠨ ᠴᠡᠷᠢᠭ ᠯᠦ᠍ᠭᠡ ᠦᠬᠦᠨ ᠰᠠᠬᠢᠬᠤ ᠰᠡᠳᠬᠢᠯ ᠢ᠋ ᠪᠠᠷᠢᠪᠠ᠃ ᠡᠭᠦᠨᠴᠡ ᠠᠷᠪᠠᠨ ᠨᠢᠭᠡᠨ ᠰᠠᠷ᠎ᠠ ᠳ᠋ᠤᠷ ᠡᠮᠦᠨ᠎ᠡ ᠬᠣᠢᠲᠤ ᠴᠡᠷᠢᠭ ᠬᠣᠲᠠᠨ ᠤ᠋ ᠳᠣᠣᠷ᠎ᠠ ᠢᠷᠡᠵᠦ ᠪᠠᠰᠠ ᠬᠠᠪᠴᠢᠨ ᠪᠠᠢᠯᠳᠤᠬᠤᠢ ᠳ᠋ᠤᠷ ᠠᠯᠲᠠᠨ ᠤᠯᠤᠰ ᠤ᠋ᠨ ᠠᠢᠽᠦ᠋ᠩ ᠬᠠᠭᠠᠨ ᠣᠯᠠᠨ ᠢᠷᠭᠡᠨ ᠢ᠋ ᠴᠥᠮ ᠠᠮᠠᠯᠠᠨ ᠬᠣᠲᠠ ᠳ᠋ᠤᠷ ᠭᠠᠷᠭᠠᠨ ᠰᠠᠬᠢᠭᠤᠯᠵᠤ᠂ ᠪᠠᠰᠠ ᠬᠦᠷᠦᠯᠴᠡᠬᠦ ᠦᠭᠡᠢ ᠳ᠋ᠦ᠍ᠷ ᠬᠣᠲᠠᠨ ᠤ᠋ ᠳᠣᠲᠣᠷᠠᠬᠢ ᠢᠷᠭᠡᠨ ᠦ᠌ ᠡᠷᠡᠯᠬᠡᠭ ᠡᠬᠡᠨᠡᠷ ᠥᠬᠢᠳ ᠢ ᠪᠠᠰᠠ ᠴᠥᠮ ᠰᠣᠩᠭᠣᠵᠤ᠂ ᠡᠷ᠎ᠡ ᠬᠥᠮᠦᠨ ᠦ᠌ ᠶᠣᠰᠣᠭᠠᠷ ᠴᠢᠮᠡᠭᠯᠡᠭᠦᠯᠵᠦ᠂ ᠮᠣᠳᠣ ᠴᠢᠯᠠᠭᠤ ᠵᠥᠭᠡᠭᠡᠯᠭᠡᠨ ᠬᠣᠲᠠᠨ ᠢ᠋ ᠰᠠᠬᠢᠭᠤᠯᠤᠭᠠᠳ ᠪᠠᠰᠠ ᠵᠡᠭᠦᠨ ᠬᠠᠠᠭᠠᠯᠭᠠ ᠪᠠᠷ ᠴᠡᠷᠢᠭ ᠭᠠᠷᠭᠠᠯᠭᠠᠵᠤ ᠪᠠᠢᠯᠳᠤᠭᠤᠯᠬᠤᠢ ᠳ᠋ᠤᠷ ᠮᠧᠩ ᠬᠦᠩ ᠡᠭᠡᠬᠦ ᠵᠠᠮ ᠢ᠋ ᠲᠣᠰᠴᠤ ᠬᠡᠳᠦ ᠬᠡᠳᠦᠨ ᠬᠥᠮᠦᠨ ᠢ ᠪᠠᠷᠢᠵᠤ ᠠᠴᠢᠷᠠᠭᠠᠳ ᠬᠣᠲᠠ ᠶ᠋ᠢᠨ ᠳᠣᠲᠣᠷᠠᠬᠢ ᠬᠡᠷᠡᠭ ᠢ ᠠᠰᠠᠭᠤᠪᠠᠰᠤ ᠥᠴᠢᠬᠦ ᠢᠨᠤ ᠄《 ᠬᠣᠲᠠ ᠶ᠋ᠢᠨ ᠳᠣᠲᠣᠷ᠎ᠠ ᠨᠢᠭᠡᠨᠲᠡ ᠮᠣᠬᠣᠵᠤ ᠥᠯᠪᠡᠷᠦᠨ ᠦᠬᠦᠬᠦᠢ ᠳ᠋ᠦ᠍ᠷ ᠬᠦᠷᠪᠡ !》 ᠬᠡᠮᠡᠬᠦᠢ ᠳ᠋ᠦ᠍ᠷ ᠮᠧᠩ ᠬᠦᠩ ᠳᠡᠰ ᠲᠣᠭᠣᠰ ᠯᠤᠭ᠎ᠠ ᠵᠥᠪᠯᠡᠨ ᠥᠭᠦᠯᠡᠷᠦᠨ᠄ 《 ᠪᠢᠳᠡ ᠦᠬᠦᠨ ᠰᠠᠬᠢᠵᠤ ᠠᠯᠲᠠᠨ ᠤᠯᠤᠰ ᠤ᠋ᠨ ᠴᠡᠷᠢᠭ ᠦ᠋ᠨ ᠰᠢᠪᠲᠤᠯᠤᠨ ᠭᠠᠷᠬᠤ ᠶ᠋ᠢ ᠬᠢᠴᠢᠶᠡᠰᠦᠭᠡᠢ᠃ ᠶᠤᠸᠠᠨᠱᠤᠸᠠᠢ ᠰᠠᠢᠲᠤᠷ ᠬᠢᠨ᠎ᠠ !》 ᠭᠡᠮᠡᠨ ᠵᠥᠪᠯᠡᠨ ᠲᠣᠭᠲᠠᠵᠤ᠂ ᠡᠮᠦᠨ᠎ᠡ ᠬᠣᠢᠨ᠎ᠠ ᠬᠣᠶᠠᠷ ᠴᠡᠷᠢᠭ ᠬᠢᠲᠠᠳ ᠮᠣᠩᠭᠣᠯ ᠭᠡᠮᠡᠨ ᠬᠠᠷᠢᠯᠴᠠᠨ ᠪᠢᠲᠡᠭᠡᠢ ᠮᠥᠴᠡᠭᠡᠷᠬᠡ ᠭᠡᠮᠡᠨ ᠴᠢᠩᠳᠠ ᠴᠠᠭᠠᠵᠠᠯᠠᠭᠠᠳ ᠠᠷᠪᠠᠨ ᠬᠣᠶᠠᠷ ᠰᠠᠷ᠎ᠠ ᠳ᠋ᠤᠷ ᠮᠣᠩᠭᠣᠯ ᠤ᠋ᠨ ᠶᠤᠸᠠᠨᠱᠤᠸᠠᠢ ᠳᠡᠰ ᠲᠣᠭᠣᠰ ᠵᠠᠩ ᠿᠧᠦ ᠳ᠋ᠦ᠍ᠷ ᠲᠠᠪᠤᠨ ᠮᠢᠩᠭᠠᠨ ᠰᠢᠯᠭᠠᠭᠰᠠᠨ ᠴᠡᠷᠢᠭ ᠥᠭᠴᠦ ᠬᠣᠲᠠᠨ ᠢ᠋ ᠲᠣᠭᠣᠷᠢᠨ ᠪᠠᠢᠯᠳᠤᠭᠤᠯᠬᠤᠢ ᠳ᠋ᠤᠷ ᠠᠯᠲᠠᠨ ᠤᠯᠤᠰ ᠤ᠋ᠨ ᠴᠡᠷᠢᠭ ᠤᠷᠲᠤ ᠭᠣᠬ᠎ᠠ ᠪᠠᠷ ᠮᠣᠩᠭᠣᠯ ᠤ᠋ᠨ ᠬᠣᠶᠠᠷ ᠬᠥᠮᠦᠨ ᠢ ᠭᠣᠬᠠᠳᠠᠨ ᠠᠪᠠᠴᠢᠭᠠᠳ ᠪᠠᠰᠠ ᠶᠡᠬᠡᠯ᠎ᠡ ᠬᠠᠷᠪᠤᠭᠰᠠᠨ ᠳ᠋ᠤᠷ ᠵᠠᠩ ᠿᠧᠦ ᠶ᠋ᠢᠨ ᠪᠡᠶ᠎ᠡ ᠳ᠋ᠦ᠍ᠷ ᠵᠠᠷᠠᠭ᠎ᠠ ᠮᠡᠲᠦ ᠵᠡᠪᠡ ᠲᠣᠰᠤᠭᠰᠠᠨᠠ᠂ ᠳᠡᠰ ᠲᠣᠭᠣᠰ᠂ ᠮᠧᠩ ᠬᠦᠩ ᠨᠠᠷ ᠤ᠋ᠨ ᠬᠣᠰᠢᠭᠤᠴᠢ ᠢᠷᠡᠵᠦ ᠲᠡᠩᠬᠡᠷᠡᠭᠦᠯᠦᠨ ᠭᠠᠷᠭᠠᠪᠠ᠃ ᠵᠢᠴᠢ ᠡᠳᠦᠷ ᠳᠡᠰ ᠲᠣᠭᠣᠰ ᠮᠧᠩ ᠬᠦᠩ ᠨᠠᠷ ᠦᠬᠦᠨ ᠪᠠᠢᠯᠳᠤᠵᠤ ᠴᠠᠢ ᠲᠠᠨ ᠳ᠋ᠤᠷ ᠣᠢᠷ᠎ᠠ ᠬᠦᠷᠴᠦ ᠬᠣᠷᠢᠭᠤᠯ ᠪᠤᠰᠬᠠᠵᠤ ᠣᠯᠠᠨ ᠢ᠋ᠶ᠋ᠠᠷ ᠴᠠᠢ ᠲᠠᠨ ᠤ᠋ ᠠᠰᠠᠷ ᠢ ᠪᠤᠯᠢᠶᠠᠬᠤᠢ ᠳ᠋ᠤᠷ ᠠᠯᠲᠠᠨ ᠤᠯᠤᠰ ᠤ᠋ᠨ ᠴᠡᠷᠢᠭ ᠴᠥᠮ ᠴᠠᠢ ᠲᠠᠨ ᠤ᠋ ᠠᠰᠠᠷ ᠤ᠋ᠨ ᠪᠠᠲᠤ ᠪᠡᠬᠢ ᠳ᠋ᠦ᠍ᠷ ᠢᠲᠡᠭᠡᠵᠦ ᠪᠠᠢᠭᠰᠠᠨ ᠪᠥᠯᠥᠭᠡ᠂ ᠰᠠᠨᠠᠮᠰᠠᠷ ᠦᠭᠡᠢ ᠴᠠᠢ ᠲᠠᠨ ᠤ᠋ ᠠᠰᠠᠷ ᠤ᠋ᠨ ᠭᠠᠳᠠᠭᠠᠳᠤ ᠪᠦᠬᠦᠢ ᠿᠤ᠋ ᠱᠦᠢ ᠭᠣᠣᠯ ᠠ᠋ᠴᠠ ᠲᠠᠪᠤ ᠵᠢᠷᠭᠤᠭᠠᠨ ᠵᠠᠩ ᠥᠨᠳᠥᠷ ᠬᠣᠲᠠᠨ ᠤ᠋ ᠳᠡᠭᠡᠷ᠎ᠡ ᠠᠯᠲᠠᠨ ᠤᠯᠤᠰ ᠤ᠋ᠨ ᠠᠯᠲᠠᠨ ᠥᠰᠥᠭᠲᠦ ᠠᠰᠠᠷ ᠲᠤᠷ ᠶᠡᠬᠡ ᠬᠣᠯᠬᠣᠪᠴᠢ ᠨᠤᠮᠤ ᠥᠷᠲᠥᠵᠦ ᠪᠡᠯᠡᠳᠬᠡᠭᠰᠡᠨ ᠠᠵᠤᠭᠤ᠃ ᠣᠯᠠᠨ ᠢ᠋ᠶ᠋ᠠᠷ ᠲᠡᠷᠡ ᠨᠤᠮᠤ ᠶ᠋ᠢᠨ ᠳᠣᠣᠷ᠎ᠠ ᠣᠨᠢᠰᠣᠲᠤ ᠯᠤᠤ ᠶ᠋ᠢᠨ ᠬᠥᠮᠦᠨ ᠪᠣᠢ ᠬᠡᠮᠡᠵᠦ᠂ ᠴᠡᠷᠢᠭ ᠦ᠋ᠨ ᠠᠷᠠᠳ ᠰᠡᠵᠢᠭᠯᠡᠵᠦ ᠣᠢᠷ᠎ᠠ ᠡᠴᠢᠬᠦ ᠦᠭᠡᠢ ᠳ᠋ᠦ᠍ᠷ ᠡᠭᠦᠨ ᠳ᠋ᠦ᠍ᠷ ᠮᠣᠩᠭᠣᠯ ᠤ᠋ᠨ ᠶᠤᠸᠠᠨᠱᠤᠸᠠᠢ ᠳᠡᠰ ᠲᠣᠭᠣᠰ᠂ ᠰᠥᠩ ᠦ᠋ᠨ ᠶᠤᠸᠠᠨᠱᠤᠸᠠᠢ ᠮᠧᠩ ᠬᠦᠩ ᠨᠠᠷ ᠣᠯᠠᠨ ᠵᠠᠩᠵᠤᠨ ᠨᠠᠷ ᠢ᠋ ᠴᠢᠭᠤᠯᠭᠤᠯᠤᠨ ᠬᠤᠷᠢᠮᠯᠠᠵᠤ ᠥᠭᠦᠯᠡᠷᠦᠨ ᠄《 ᠴᠠᠢ ᠲᠠᠨ ᠤ᠋ ᠠᠰᠠᠷ ᠲᠡᠭᠷᠢ ᠭᠠᠵᠠᠷ ᠤ᠋ᠨ ᠪᠠᠢᠭᠤᠯᠤᠭᠰᠠᠨ ᠠᠨᠤ ᠪᠤᠰᠤ ᠪᠣᠯᠠᠢ᠂ ᠲᠡᠷᠡ ᠪᠦᠭᠭᠦᠭᠰᠡᠨ ᠣᠨᠢᠰᠣᠲᠤ ᠬᠣᠯᠬᠣᠪᠴᠢ ᠨᠤᠮᠤ ᠬᠣᠯᠠ ᠶ᠋ᠢ ᠬᠠᠷᠪᠤᠬᠤᠢ ᠳ᠋ᠤᠷ ᠬᠡᠷᠡᠭᠲᠡᠢ ᠪᠣᠢ ᠶᠠ᠂ ᠣᠢᠷ᠎ᠠ ᠶ᠋ᠢ ᠬᠠᠷᠪᠤᠵᠤ ᠳᠣᠣᠷᠠᠬᠢ ᠶ᠋ᠢ ᠤᠨᠤᠵᠤ ᠦᠯᠦ ᠴᠢᠳᠠᠮᠤᠢ᠂ ᠠᠯᠲᠠᠨ ᠤᠯᠤᠰ ᠤ᠋ᠨ ᠢᠲᠡᠭᠡᠬᠦ ᠢᠨᠤ ᠭᠠᠭᠴᠠ ᠡᠨᠡ ᠨᠢᠭᠡᠨ ᠵᠤᠷᠪᠤᠰ ᠤᠰᠤ ᠲᠤᠯᠠ ᠡᠨᠡ ᠤᠰᠤᠨ ᠢ᠋ ᠰᠡᠲᠡᠯᠦᠨ ᠭᠠᠷᠭᠠᠪᠠᠰᠤ ᠵᠣᠭᠰᠣᠭ᠎ᠠ ᠪᠠᠷ ᠬᠠᠲᠠᠬᠤ ᠪᠣᠯᠠᠢ ᠭᠡᠮᠡᠨ ᠵᠥᠪᠯᠡᠨ ᠲᠣᠭᠲᠠᠵᠤ᠂ ᠳᠠᠷᠤᠢ ᠣᠯᠠᠨ ᠴᠡᠷᠢᠭ ᠢ᠋ᠶ᠋ᠡᠷ ᠤᠨᠠᠭᠤᠯᠢ ᠶ᠋ᠢ ᠰᠡᠲᠡᠯᠵᠦ ᠭᠠᠷᠭᠠᠭᠰᠠᠨ ᠳ᠋ᠤᠷ ᠴᠠᠢ ᠲᠠᠨ ᠢ᠋ ᠲᠣᠭᠣᠷᠢᠬᠤ ᠤᠰᠤ ᠦᠨᠡᠬᠡᠷ ᠴᠥᠮ ᠿᠤ᠋ ᠱᠦᠢ ᠭᠣᠣᠯ ᠳ᠋ᠤᠷ ᠴᠢᠳᠬᠠᠳ ᠣᠷᠣᠵᠤ ᠡᠴᠢᠪᠡ᠃ ᠮᠣᠩᠭᠣᠯ ᠤ᠋ᠨ ᠴᠡᠷᠢᠭ ᠤᠰᠤ ᠶ᠋ᠢ ᠦᠨᠡᠬᠡᠷ ᠿᠤ᠋ ᠱᠦᠢ ᠭᠣᠣᠯ ᠳ᠋ᠤᠷ ᠣᠷᠣᠭᠤᠯᠵᠤ᠂ ᠰᠢᠷᠣᠢ ᠤᠨᠠᠭᠤᠯᠢ ᠶ᠋ᠢ ᠭᠡᠲᠦᠯᠵᠦ᠂ ᠼᠠᠢ ᠵᠧᠦ ᠶ᠋ᠢᠨ ᠬᠣᠲᠠᠨ ᠤ᠋ ᠭᠠᠳᠠᠭᠠᠳᠤ ᠬᠣᠲᠠ ᠶ᠋ᠢ ᠪᠠᠢᠯᠳᠤᠨ ᠡᠪᠳᠡᠭᠡᠳ ᠰᠦ ᠮᠧᠨ ᠬᠠᠭᠠᠯᠭ᠎ᠠ ᠳ᠋ᠤᠷ ᠲᠠᠪᠰᠢᠨ ᠬᠦᠷᠦᠭᠰᠡᠨ ᠳ᠋ᠦ᠍ᠷ ᠠᠯᠲᠠᠨ ᠤᠯᠤᠰ ᠤ᠋ᠨ ᠣᠯᠠᠨ ᠢᠷᠭᠡᠨ ᠬᠥᠭᠰᠢᠨ ᠵᠠᠯᠠᠭᠤ ᠪᠦᠭᠦᠳᠡᠭᠡᠷ ᠪᠤᠷᠬᠢᠷᠠᠯᠳᠤᠨ ᠲᠣᠭᠣᠭ᠎ᠠ ᠪᠤᠴᠠᠯᠬᠤ ᠮᠡᠲᠦ᠂ ᠠᠯᠲᠠᠨ ᠤᠯᠤᠰ ᠤ᠋ᠨ ᠠᠢᠽᠦ᠋ᠩ ᠬᠠᠭᠠᠨ ᠥᠪᠡᠷ ᠦ᠋ᠨ ᠤᠯᠤᠰ ᠤ᠋ᠨ ᠬᠥᠭᠰᠢᠳ ᠨᠢᠯᠬᠠᠰ ᠢ᠋ ᠠᠯᠠᠵᠤ ᠂ ᠲᠣᠰᠣ ᠪᠤᠴᠠᠯᠭᠠᠨ ᠬᠥᠮᠦᠨ ᠦ᠌ ᠲᠣᠰᠣᠨ ᠤ᠋ ᠬᠦ ᠳᠠᠷᠢ ᠨᠠᠢᠷᠠᠵᠤ᠂ ᠨᠡᠷ᠎ᠡ ᠶ᠋ᠢ《 ᠬᠥᠮᠦᠨ ᠦ᠌ ᠲᠣᠰᠣᠨ ᠫᠤᠤ 》 ᠭᠡᠮᠡᠨ ᠨᠡᠷᠡᠢᠳᠴᠦ ᠬᠢᠲᠠᠳ ᠢ᠋ᠶ᠋ᠠᠷ 《 ᠿᠧᠨ ᠢᠦ ᠫᠤᠤ》 ᠬᠡᠮᠡᠮᠦᠢ᠃ ᠡᠭᠦᠨ ᠳ᠋ᠦ᠍ᠷ ᠠᠯᠲᠠᠨ ᠤᠯᠤᠰ ᠤ᠋ᠨ ᠢᠷᠭᠡᠨ ᠦ᠌ ᠰᠡᠳᠬᠢᠯ ᠶᠡᠬᠡᠯ᠎ᠡ ᠬᠡᠮᠬᠡᠷᠡᠨ ᠲᠡᠭᠦᠨ ᠦ᠌ ᠭᠠᠰᠢᠭᠤᠨ ᠢ᠋ ᠦᠵᠡᠵᠦ ᠲᠦᠪᠳᠡᠬᠦ ᠦᠭᠡᠢ ᠳ᠋ᠦ᠍ᠷ ᠭᠠᠳᠠᠨ᠎ᠠ ᠮᠣᠩᠭᠣᠯ ᠤ᠋ᠨ ᠴᠡᠷᠢᠭ ᠰᠣᠨᠣᠰᠴᠤ ᠬᠣᠲᠠ ᠶ᠋ᠢᠨ ᠭᠠᠳᠠᠨ᠎ᠠ ᠠ᠋ᠴᠠ ᠨᠢᠭᠡᠨ ᠪᠣᠮᠪᠣ ᠶ᠋ᠢ ᠣᠯᠵᠤ᠂ ᠮᠣᠩᠭᠣᠯ ᠤ᠋ᠨ ᠶᠤᠸᠠᠨᠱᠤᠸᠠᠢ ᠳᠡᠰ ᠲᠣᠭᠣᠰ᠂ ᠰᠥᠩ ᠦ᠋ᠨ ᠶᠤᠸᠠᠨᠱᠤᠸᠠᠢ ᠮᠧᠩ ᠬᠦᠩ ᠨᠠᠷ᠂ ᠡᠨᠡ ᠵᠠᠩ ᠹᠠ ᠪᠣᠮᠪᠣ ᠶ᠋ᠢ ᠼᠠᠢ ᠵᠧᠦ ᠬᠣᠲᠠ ᠳᠣᠲᠣᠷ᠎ᠠ ᠢᠯᠡᠭᠡᠵᠦ᠂ ᠰᠤᠯᠠ ᠢᠷᠭᠡᠨ ᠢ᠋ ᠡᠢᠨ ᠬᠦ᠌ ᠠᠯᠠᠪᠠᠰᠤ ᠤᠯᠤᠰ ᠴᠢᠨᠦ ᠨᠡᠩ ᠬᠤᠷᠳᠤᠨ ᠡᠪᠳᠡᠷᠡᠮᠦᠢ ᠭᠡᠮᠡᠨ ᠬᠡᠯᠡᠭᠦᠯᠵᠦ ᠵᠣᠭᠰᠣᠭᠠᠯᠭᠠᠭᠰᠠᠨ ᠳ᠋ᠤᠷ ᠣᠯᠠᠨ ᠢᠷᠭᠡᠨ ᠦ᠌ ᠰᠡᠳᠬᠢᠯ ᠣᠯᠠᠩᠬᠢ ᠨᠢ ᠮᠣᠩᠭᠣᠯ ᠳ᠋ᠤᠷ ᠪᠣᠯᠵᠤ᠂ ᠭᠠᠭᠴᠠ ᠴᠡᠷᠢᠭ ᠲᠦ᠍ᠷ ᠬᠣᠷᠢᠭᠳᠠᠨ ᠮᠣᠩᠭᠣᠯ ᠳ᠋ᠤᠷ ᠳᠠᠭᠠᠵᠤ ᠴᠢᠳᠠᠬᠤ ᠦᠭᠡᠢ᠃ ᠡᠭᠦᠨ ᠳ᠋ᠦ᠍ᠷ ᠠᠯᠲᠠᠨ ᠤᠯᠤᠰ ᠤ᠋ᠨ ᠽᠦᠩ ᠱᠤᠸᠠᠢ – ᠶᠡᠷᠦᠩᠬᠡᠢ ᠵᠠᠩᠵᠤᠨ ᠪᠦᠸᠧ ᠱᠣ᠌ ᠯᠦ᠍ ᠯᠧᠦ ᠱᠢ ᠲᠠᠪᠤᠨ ᠵᠠᠭᠤᠨ ᠰᠢᠯᠭᠠᠳᠠᠭ ᠴᠡᠷᠢᠭ ᠢ᠋ ᠠᠪᠴᠤ ᠰᠥᠨᠢ ᠪᠠᠷᠠᠭᠤᠨ ᠬᠠᠭᠠᠯᠭ᠎ᠠ ᠪᠠᠷ ᠭᠠᠷᠴᠤ ᠡᠪᠡᠰᠦ ᠰᠢᠷᠠᠯᠵᠢ ᠪᠠᠭᠯᠠᠵᠤ ᠲᠣᠰᠣ ᠲᠥᠷᠥᠵᠦ᠂ ᠮᠣᠩᠭᠣᠯ ᠰᠥᠩ ᠬᠣᠶᠠᠷ ᠤᠯᠤᠰ ᠤ᠋ᠨ ᠴᠡᠷᠢᠭ ᠢ᠋ ᠭᠠᠯᠳᠠᠰᠤᠭᠠᠢ ᠭᠡᠮᠡᠨ ᠬᠠᠷᠠᠬᠠᠨ ᠵᠥᠪᠯᠡᠬᠦᠶᠡ᠂ ᠰᠥᠨᠢ ᠮᠣᠩᠭᠣᠯ ᠴᠡᠷᠢᠭ ᠦ᠋ᠨ ᠶᠤᠸᠠᠨᠱᠤᠸᠠᠢ ᠭᠡᠨᠡᠳᠲᠡ ᠳᠤᠭᠵᠢᠭᠤᠷᠠᠨ ᠤᠮᠳᠠᠭᠰᠠᠨ ᠳ᠋ᠤᠷ ᠲᠡᠭᠦᠨ ᠦ᠌ ᠡᠪᠦᠭᠡ ᠲᠠᠢᠰᠢ ᠮᠤᠬᠤᠯᠢ ᠭᠠᠷ ᠲᠤᠷ ᠨᠢᠭᠡᠨ ᠠᠳᠬᠤ ᠭᠠᠯ ᠪᠠᠷᠢᠵᠤ ᠢᠷᠡᠭᠡᠳ ᠭᠠᠷ ᠢ᠋ᠶ᠋ᠠᠷ ᠵᠢᠭᠠᠵᠤ ᠡᠭᠦᠨ ᠢ᠋ ᠬᠢᠴᠢᠶᠡ ᠬᠡᠮᠡᠭᠰᠡᠨ ᠳ᠋ᠦ᠍ᠷ ᠳᠡᠰ ᠲᠣᠭᠣᠰ ᠶᠡᠬᠡᠯ᠎ᠡ ᠰᠣᠴᠢᠵᠤ ᠰᠡᠷᠢᠭᠡᠳ ᠯᠠᠪ ᠭᠠᠯ ᠤ᠋ᠨ ᠠᠶᠤᠯ ᠪᠣᠢ ᠭᠡᠮᠡᠨ ᠶᠠᠭᠠᠷᠠᠨ ᠬᠣᠲᠠ ᠶ᠋ᠢᠨ ᠥᠨᠴᠥᠭ ᠪᠦᠷᠢ ᠳ᠋ᠦ᠍ᠷ ᠬᠠᠲᠠᠭᠤ ᠬᠣᠯᠬᠣᠪᠴᠢ ᠨᠤᠮᠤ ᠪᠠᠷᠢᠭᠰᠠᠨ ᠴᠡᠷᠢᠭ ᠢ᠋ ᠪᠦᠭᠭᠦᠭᠦᠯᠵᠦ ᠬᠦᠯᠢᠶᠡᠯᠭᠡᠬᠦᠶᠡ᠂ ᠴᠢᠪᠬᠢᠲᠡᠯ᠎ᠡ ᠼᠠᠢ ᠵᠧᠦ ᠡᠴᠡ ᠣᠯᠠᠨ ᠬᠠᠭᠠᠯᠭ᠎ᠠ ᠶ᠋ᠢ ᠬᠠᠮᠲᠤ ᠨᠡᠭᠡᠭᠡᠵᠦ ᠂ ᠭᠠᠯ ᠰᠢᠲᠠᠭᠠᠨ ᠭᠠᠷᠴᠤ ᠢᠷᠡᠬᠦᠶ᠎ᠡ ᠣᠯᠠᠨ ᠪᠦᠭᠭᠦᠭᠰᠡᠨ ᠴᠡᠷᠢᠭ ᠬᠠᠮᠲᠤ ᠪᠠᠷ ᠬᠠᠷᠪᠤᠭᠰᠠᠨ ᠳ᠋ᠤᠷ ᠠᠯᠲᠠᠨ ᠤᠯᠤᠰ ᠤ᠋ᠨ ᠴᠡᠷᠢᠭ ᠭᠡᠨᠡᠳᠡᠭᠳᠡᠵᠦ ᠶᠡᠬᠡᠯ᠎ᠡ ᠰᠢᠷᠬᠠᠲᠤᠭᠠᠳ ᠭᠠᠯ ᠢ᠋ ᠴᠥᠮ ᠣᠷᠬᠢᠵᠤ ᠪᠤᠷᠤᠭᠤᠯᠠᠬᠤᠶ᠎ᠠ᠂ ᠶᠡᠬᠡ ᠬᠠᠭᠠᠰ ᠬᠣᠬᠢᠷᠠᠭᠰᠠᠨ ᠳ᠋ᠤᠷ ᠪᠦᠸᠧ ᠱᠣ᠌ ᠯᠦ᠍ ᠯᠧᠦ ᠱᠢ ᠭᠠᠭᠴᠠ ᠪᠡᠶ᠎ᠡ ᠪᠡᠷ ᠪᠤᠷᠤᠭᠤᠯᠠᠨ ᠭᠠᠷᠪᠠᠢ᠃ ᠡᠭᠦᠨ ᠳ᠋ᠦ᠍ᠷ ᠮᠣᠩᠭᠣᠯ᠂ ᠬᠢᠲᠠᠳ ᠬᠣᠶᠠᠷ ᠴᠡᠷᠢᠭ ᠬᠠᠮᠲᠤ ᠪᠠᠷ ᠬᠠᠪᠴᠢᠨ ᠪᠠᠢᠯᠳᠤᠵᠤ ᠂ ᠪᠠᠷᠠᠭᠤᠨ ᠡᠲᠡᠭᠡᠳ ᠦ᠋ᠨ ᠬᠣᠲᠠᠨ ᠢ᠋ ᠠᠪᠴᠤ ᠬᠣᠲᠠ ᠶ᠋ᠢᠨ ᠬᠡᠷᠡᠮ ᠢ᠋ ᠡᠪᠳᠡᠵᠦ ᠬᠥᠳᠡᠯᠭᠡᠪᠡ᠃ ᠤᠭ ᠲᠤᠷ ᠸᠠᠨ ᠶᠠᠨ ᠬᠣ᠌ ᠰᠢᠶᠧ ᠬᠣ᠌ ᠡᠭᠦᠨ ᠡᠴᠡ ᠪᠣᠯᠭᠣᠮᠵᠢᠯᠠᠨ ᠬᠣᠲᠠᠨ ᠤ᠋ ᠳᠣᠲᠣᠷ᠎ᠠ ᠳᠠᠪᠬᠤᠷ ᠬᠣᠷᠢᠶ᠎ᠠ ᠤᠨᠠᠭᠤᠯᠢ ᠪᠣᠢ ᠲᠤᠯᠠ ᠪᠠᠷᠠᠭᠤᠨ ᠬᠣᠲᠠ ᠬᠡᠳᠦᠢ ᠡᠪᠳᠡᠷᠡᠪᠡᠴᠦ ᠮᠣᠩᠭᠣᠯ ᠤ᠋ᠨ ᠴᠡᠷᠢᠭ ᠳᠠᠪᠬᠤᠷ ᠬᠡᠷᠡᠮ ᠢ᠋ ᠣᠷᠣᠵᠤ ᠴᠢᠳᠠᠭᠰᠠᠨ ᠦᠭᠡᠢ᠃ ᠲᠡᠢᠨ ᠬᠦ᠌ ᠬᠣᠲᠠᠨ ᠳᠡᠭᠡᠷ᠎ᠡ ᠬᠣᠷᠢᠭᠤᠯ ᠬᠠᠳᠬᠤᠵᠤ ᠬᠠᠯᠠᠬᠠᠪᠴᠢ ᠪᠤᠰᠬᠠᠨ᠂ ᠸᠠᠨ ᠶᠠᠨ ᠬᠣ᠌ ᠰᠢᠶᠧ ᠬᠣ᠌ ᠰᠢᠯᠭᠠᠭᠰᠠᠨ ᠴᠡᠷᠢᠭ ᠢ᠋ᠶ᠋ᠡᠨ ᠠᠪᠴᠤ ᠡᠳᠦᠷ ᠰᠥᠨᠢ ᠦᠭᠡᠢ ᠦᠬᠦᠨ ᠲᠤᠯᠵᠤ ᠪᠠᠢᠯᠳᠤᠬᠤᠢ ᠳ᠋ᠤᠷ ᠠᠯᠲᠠᠨ ᠤᠯᠤᠰ ᠤ᠋ᠨ ᠠᠢᠽᠦ᠋ᠩ ᠬᠠᠭᠠᠨ ᠰᠢᠳᠠᠷ ᠰᠠᠢᠳ ᠤ᠋ᠳ ᠲᠤᠷ ᠢ᠋ᠶ᠋ᠠᠨ ᠥᠭᠦᠯᠡᠷᠦᠨ ᠄《 ᠮᠡᠬᠦᠰ ᠬᠥᠮᠦᠨ ᠪᠢ ᠠᠯᠲᠠᠨ ᠤᠯᠤᠰ ᠲᠤᠷ ᠲᠥᠷᠥᠵᠦ ᠠᠷᠪᠠᠨ ᠵᠢᠯ ᠬᠥᠪᠡᠭᠦᠨ ᠪᠣᠯᠵᠤ ᠭᠡᠷ ᠦ᠋ᠨ ᠡᠷᠳᠡᠨᠢ ᠪᠣᠯᠪᠠ᠃ ᠪᠠᠰᠠ ᠠᠷᠪᠠᠨ ᠵᠢᠯ ᠤᠯᠤᠰ ᠤ᠋ᠨ ᠬᠠᠭᠠᠨ ᠤ᠋ ᠲᠠᠢᠽᠢ ᠪᠣᠯᠪᠠ᠃ ᠪᠠᠰᠠ ᠠᠷᠪᠠᠨ ᠵᠢᠯ ᠬᠥᠮᠦᠨ ᠦ᠌ ᠡᠵᠡᠨ ᠤᠯᠤᠰ ᠤ᠋ᠨ ᠬᠠᠭᠠᠨ ᠪᠣᠯᠪᠠ᠃ ᠡᠨᠡ ᠠᠯᠪᠠᠨ ᠢ᠋ ᠭᠤᠴᠢᠨ ᠵᠢᠯ ᠬᠦᠯᠢᠶᠡᠲᠡᠯᠡ ᠮᠡᠬᠦᠰ ᠬᠥᠮᠦᠨ ᠦ᠌ ᠪᠡᠶ᠎ᠡ ᠳ᠋ᠦ᠍ᠷ ᠶᠡᠬᠡ ᠡᠨᠳᠡᠭᠳᠡᠯᠲᠦ ᠮᠠᠭᠤ ᠶᠠᠪᠤᠳᠠᠯ ᠭᠠᠷᠤᠭᠰᠠᠨ ᠦᠭᠡᠢ᠃ ᠡᠳᠦᠭᠡ ᠦᠬᠦᠬᠦᠢ ᠳ᠋ᠦ᠍ᠷ ᠶᠠᠭᠤᠨ ᠤ᠋ ᠬᠣᠷᠣᠰᠤᠯ ᠭᠣᠮᠣᠳᠠᠯ ᠪᠣᠢ ! ᠭᠠᠭᠴᠠ ᠬᠣᠷᠣᠰᠬᠤ ᠠᠨᠤ ᠤᠷᠢᠳᠤᠰ ᠡᠪᠦᠭᠡᠳ ᠦ᠋ᠨ ᠪᠠᠢᠭᠤᠯᠵᠤ ᠵᠠᠭᠤᠨ ᠵᠢᠯ ᠢᠯᠡᠭᠦᠦ ᠪᠣᠯᠤᠭᠰᠠᠨ ᠤᠯᠤᠰ ᠲᠥᠷᠥ ᠬᠥᠷᠥᠩᠭᠡ ᠰᠠᠭᠤᠷᠢᠨ ᠢ᠋ ᠮᠢᠨᠦ ᠪᠡᠶ᠎ᠡ ᠳ᠋ᠦ᠍ᠷ ᠬᠦᠷᠴᠦ ᠢᠷᠡᠭᠡᠳ ᠠᠯᠳᠠᠵᠤ ᠲᠠᠰᠤᠷᠠᠭᠤᠯᠤᠨ᠂ ᠡᠷᠲᠡᠨ ᠦ᠌ ᠤᠵᠢᠳ ᠰᠠᠮᠠᠭᠤᠨ ᠬᠠᠷᠭᠢᠰ ᠳᠣᠭᠰᠢᠨ ᠬᠠᠭᠠᠳ ᠯᠤᠭ᠎ᠠ ᠨᠢᠭᠡᠨ ᠠᠳᠠᠯᠢ ᠤᠯᠤᠰ ᠢ᠋ᠶ᠋ᠠᠨ ᠮᠥᠬᠥᠭᠡᠭᠰᠡᠨ ᠬᠠᠭᠠᠨ ᠪᠣᠯᠬᠤᠢ ᠳ᠋ᠤᠷ ᠦᠨᠡᠬᠡᠷ ᠬᠢᠯᠢᠰᠳᠡᠨ ᠤᠬᠤᠷᠴᠢᠯᠠᠮᠤᠢ᠃ ᠵᠢᠴᠢ ᠠᠯᠢᠪᠠ ᠤᠯᠤᠰ ᠢ᠋ᠶ᠋ᠠᠨ ᠮᠥᠬᠥᠭᠡᠭᠰᠡᠨ ᠡᠵᠡᠳ ᠣᠯᠠᠩᠬᠢ ᠨᠢ ᠠᠨᠤ ᠡᠯᠳᠡᠪ ᠵᠦᠢᠯ ᠦ᠋ᠨ ᠢᠴᠢᠭᠦᠷᠢ ᠵᠣᠪᠠᠯᠠᠩ ᠢ᠋ ᠡᠳ᠋ᠯᠡᠵᠦᠬᠦᠢ᠃ ᠪᠢ ᠡᠷᠬᠡᠪᠰᠢ ᠲᠡᠳᠡᠨ ᠦ᠌ ᠠᠳᠠᠯᠢ ᠲᠡᠷᠡ ᠮᠡᠲᠦ ᠤᠷᠭᠤᠨ ᠵᠠᠢᠯᠠᠵᠤ ᠲᠡᠢᠮᠦ ᠦᠯᠦ ᠪᠣᠯᠤᠮᠤᠢ᠃ ᠴᠢᠩ ᠲᠠ ᠦᠵᠡᠵᠦ ᠪᠠᠢᠯᠳᠤ᠂ ᠮᠢᠨᠦ ᠰᠠᠨᠠᠭ᠎ᠠ ᠨᠢᠭᠡᠨᠲᠡ ᠲᠣᠭᠲᠠᠭᠰᠠᠨ ᠭᠠᠵᠠᠷ ᠪᠣᠢ !》 ᠬᠡᠮᠡᠭᠡᠳ ᠬᠡᠷᠡᠭᠯᠡᠬᠦ ᠰᠠᠪᠠ ᠰᠠᠭᠠᠯᠢ ᠪᠠᠨ ᠴᠡᠷᠢᠭ ᠦ᠋ᠨ ᠠᠷᠠᠳ ᠲᠤᠷ ᠱᠠᠩᠨᠠᠵᠤ᠂ ᠥᠪᠡᠷ ᠢ᠋ᠶ᠋ᠡᠨ ᠰᠤᠯᠠ ᠳᠡᠪᠡᠯ ᠬᠤᠶᠠᠭ ᠳᠤᠭᠤᠯᠠᠭ᠎ᠠ ᠡᠮᠦᠰᠴᠦ ᠴᠡᠷᠢᠭ ᠳᠠᠭᠠᠭᠤᠯᠤᠨ ᠰᠥᠨᠢ ᠵᠡᠭᠦᠨ ᠬᠣᠲᠠ ᠶ᠋ᠢᠨ ᠬᠠᠭᠠᠯᠭ᠎ᠠ ᠶ᠋ᠢ ᠨᠡᠭᠡᠭᠡᠵᠦ ᠭᠠᠷᠤᠭᠠᠳ ᠮᠣᠩᠭᠣᠯ ᠤ᠋ᠨ ᠴᠡᠷᠢᠭ ᠦ᠋ᠨ ᠬᠣᠷᠢᠭᠤᠯ ᠳ᠋ᠤᠷ ᠬᠦᠷᠴᠦ ᠮᠣᠩᠭᠣᠯ ᠴᠡᠷᠢᠭ ᠲᠦ᠍ ᠤᠴᠠᠷᠠᠭᠠᠳ ᠨᠢᠭᠡᠨ ᠵᠡᠷᠭᠡ ᠪᠠᠢᠯᠳᠤᠨ ᠳᠠᠷᠤᠭᠳᠠᠵᠤ ᠬᠣᠲᠠᠨ ᠳ᠋ᠤᠷ ᠡᠭᠡᠨ ᠣᠷᠣᠵᠤ᠂ ᠥᠪᠡᠷ ᠦ᠋ᠨ ᠮᠣᠷᠢ ᠪᠠᠨ ᠠᠯᠠᠵᠤ ᠵᠠᠩᠵᠤᠨ ᠴᠡᠷᠢᠭ ᠢ᠋ ᠬᠤᠷᠢᠮᠯᠠᠪᠠᠢ᠃ ᠲᠡᠢᠨ ᠪᠣᠯᠪᠠᠴᠤ ᠪᠠᠢᠳᠠᠯ ᠳᠦᠷᠢ ᠨᠢᠭᠡᠨᠲᠡ ᠬᠡᠯᠲᠦᠷᠢᠬᠦᠶᠡ ᠪᠡᠷᠬᠡ ᠪᠣᠯᠵᠤᠬᠤᠢ᠃ ᠲᠡᠷᠡ ᠬᠢᠷᠢ ᠳ᠋ᠦ᠍ᠷ ᠠᠯᠲᠠᠨ ᠤᠯᠤᠰ ᠤ᠋ᠨ ᠰᠢᠦᠢ ᠵᠧᠦ ᠶ᠋ᠢ ᠰᠠᠬᠢᠬᠤ ᠵᠢᠶᠧ ᠳᠦ ᠱᠢ ᠲᠦᠰᠢᠮᠡᠯ ᠭᠦᠸᠧ ᠶᠧ ᠯᠢᠦᠢ᠂ ᠶᠤᠸᠠᠨ ᠵᠧᠦ ᠶ᠋ᠢᠨ ᠤᠷᠪᠠᠭᠰᠠᠨ ᠵᠠᠩᠵᠤᠨ ᠮᠠ ᠽᠦᠩ ᠯᠦ᠍ᠭᠡ ᠵᠥᠪᠳᠡᠵᠦ ᠰᠢᠦᠢ ᠵᠧᠦ ᠶ᠋ᠢ ᠮᠣᠩᠭᠣᠯ ᠳ᠋ᠤᠷ ᠡᠷᠭᠦᠰᠦᠭᠡᠢ ᠬᠡᠮᠡᠬᠦᠶ᠎ᠡ᠂ ᠰᠢᠦᠢ ᠵᠧᠦ ᠶ᠋ᠢᠨ ᠵᠠᠩᠵᠤᠨ ᠴᠡᠷᠢᠭ ᠼᠠᠢ ᠵᠧᠦ ᠶ᠋ᠢᠨ ᠭᠠᠵᠠᠷ ᠬᠠᠭᠠᠨ ᠤ᠋ ᠬᠠᠭᠠᠭᠳᠠᠭᠰᠠᠨ ᠢ ᠰᠣᠨᠣᠰᠴᠤ ᠪᠠᠰᠠ ᠮᠣᠩᠭᠣᠯ ᠤ᠋ᠨ ᠴᠡᠷᠢᠭ ᠲᠦ᠍ᠷ ᠭᠠᠴᠢᠭᠳᠠᠨ᠂ ᠮᠣᠩᠭᠣᠯ ᠤ᠋ᠨ ᠵᠠᠩᠵᠤᠨ ᠲᠦᠮᠡᠨᠲᠡᠢ ᠳ᠋ᠦ᠍ᠷ ᠭᠠᠷᠴᠤ ᠳᠠᠭᠠᠰᠤᠭᠠᠢ ᠭᠡᠮᠡᠨ ᠵᠥᠪᠳᠡᠬᠦᠶ᠎ᠡ ᠂ ᠬᠣᠲᠠ ᠶ᠋ᠢᠨ ᠨᠡᠢᠲᠡ ᠶ᠋ᠢ ᠰᠠᠬᠢᠭᠰᠠᠨ ᠸᠠᠨ ᠶᠠᠨ ᠰᠠᠢ ᠪᠦ ᠰᠡᠮᠡᠬᠡᠷ ᠣᠯᠵᠤ ᠮᠡᠳᠡᠭᠡᠳ ᠲᠡᠳᠡᠨ ᠳ᠋ᠦ᠍ᠷ ᠪᠠᠷᠢᠭᠳᠠᠬᠤ ᠠ᠋ᠴᠠ ᠠᠶᠤᠵᠤ᠂ ᠳᠠᠷᠤᠢ ᠦᠬᠦᠰᠦᠭᠡᠢ ᠭᠡᠮᠡᠨ ᠤᠰᠤᠨ ᠳ᠋ᠤᠷ ᠬᠠᠷᠠᠢᠭᠰᠠᠨ ᠳ᠋ᠤᠷ ᠳᠠᠭᠠᠭᠰᠠᠨ ᠠᠷᠠᠳ ᠲᠡᠩᠬᠡᠷᠡᠭᠦᠯᠦᠨ ᠭᠠᠷᠭᠠᠭᠰᠠᠨ᠎ᠠ᠂ ᠶᠡᠬᠡᠯ᠎ᠡ ᠭᠠᠰᠢᠭᠤᠳᠠᠨ ᠥᠪᠡᠷ ᠢ᠋ᠶ᠋ᠡᠨ ᠰᠥᠨᠢ ᠪᠣᠭᠣᠮᠢᠯᠠᠨ ᠦᠬᠦᠪᠡᠢ᠂ ᠮᠠ ᠽᠦᠩ ᠬᠣᠲᠠ ᠶ᠋ᠢᠨ ᠣᠯᠠᠨ ᠢ᠋ ᠠᠪᠴᠤ ᠬᠠᠭᠠᠯᠭ᠎ᠠ ᠭᠠᠷᠴᠤ ᠮᠣᠩᠭᠣᠯ ᠤ᠋ᠨ ᠵᠠᠩᠵᠤᠨ ᠲᠦᠮᠡᠨᠲᠡᠢ ᠳ᠋ᠦ᠍ᠷ ᠳᠠᠭᠠᠵᠤ᠂ ᠶᠡᠬᠡ ᠶᠤᠸᠠᠨᠱᠤᠸᠠᠢ ᠳᠡᠰ ᠲᠣᠭᠣᠰ ᠲᠤᠷ ᠵᠣᠯᠭᠠᠵᠤ ᠮᠥᠷᠭᠥᠨ ᠳᠠᠭᠠᠪᠠ᠃
ᠠᠶ᠎ᠠ ᠡᠷᠲᠡᠨ ᠦ᠌ ᠦᠭᠡᠨ ᠳ᠋ᠦ᠍ᠷ《 ᠭᠠᠯ ᠳ᠋ᠤᠷ ᠦᠬᠦᠬᠦ ᠬᠥᠮᠦᠨ ᠤᠰᠤᠨ ᠳ᠋ᠤᠷ ᠦᠯᠦ ᠦᠬᠦᠮᠦᠢ 》 ᠬᠡᠮᠡᠭᠴᠢ ᠳᠠᠷᠤᠢ ᠡᠨᠡ ᠪᠣᠯᠠᠢ ᠃ ᠪᠣᠭᠣᠮᠢᠯᠠᠨ ᠦᠬᠦᠬᠦ ᠬᠥᠮᠦᠨ ᠤᠰᠤᠨ ᠳ᠋ᠤᠷ ᠮᠥᠨ ᠦᠬᠦᠵᠦ ᠡᠰᠡ ᠴᠢᠳᠠᠪᠠ᠃ ᠲᠡᠭᠦᠨᠴᠡ ᠳᠡᠰ ᠲᠣᠭᠣᠰ ᠨᠠᠷ ᠴᠡᠷᠢᠭ ᠦ᠋ᠨ ᠤᠴᠢᠷ ᠢ ᠬᠠᠭᠠᠨ ᠳ᠋ᠤᠷ ᠠᠢᠯᠠᠳᠬᠠᠨ ᠶᠠᠪᠤᠭᠤᠯᠵᠤ᠂ ᠬᠡᠪ ᠢ᠋ᠶ᠋ᠡᠷ ᠠᠯᠲᠠᠨ ᠤᠯᠤᠰ ᠤ᠋ᠨ ᠼᠠᠢ ᠵᠧᠦ ᠶ᠋ᠢ ᠬᠠᠭᠠᠵᠤ ᠰᠠᠭᠤᠪᠠᠢ᠃
ᠲᠡᠨᠳᠡᠴᠡ ᠰᠣᠯᠣᠩᠭᠣᠰ ᠤᠯᠤᠰ ᠠ᠋ᠴᠠ ᠡᠯᠴᠢ ᠢᠷᠡᠭᠰᠡᠨ ᠡᠨᠡ ᠵᠢᠯ ᠰᠥᠩ ᠤᠯᠤᠰ ᠤ᠋ᠨ ᠨᠡᠷ᠎ᠡ ᠪᠡᠨ ᠬᠠᠯᠠᠬᠤᠢ ᠳ᠋ᠤᠷ ᠬᠠᠭᠤᠴᠢᠨ ᠪᠦᠦ ᠴᠢᠩ ᠬᠡᠮᠡᠬᠦ ᠨᠡᠷ᠎ᠡ ᠪᠡᠨ ᠪᠠᠢᠵᠤ ᠳ᠋ᠤᠸᠠᠨ ᠫᠢᠩ ᠦ᠋ᠨ ᠲᠡᠷᠢᠭᠦᠨ ᠣᠨ ᠬᠡᠮᠡᠪᠡ᠃
ᠥᠭᠦᠯᠡᠬᠦ ᠢᠨᠤ᠂ ᠵᠡᠭᠦᠨ ᠰᠢᠶᠠ ᠤᠯᠤᠰ ᠤ᠋ᠨ ᠫᠦ ᠰᠢᠶᠠᠨ ᠸᠠᠨ ᠨᠣ᠌ ᠬᠡᠳᠦᠢᠨᠡᠢ ᠮᠣᠩᠭᠣᠯ ᠳ᠋ᠤᠷ ᠳᠠᠭᠠᠭᠰᠠᠨ ᠪᠥᠭᠡᠳ ᠤᠷᠪᠠᠵᠤ᠂ ᠶᠡᠷᠦ ᠲᠣᠭᠲᠠᠭᠤᠷᠢ ᠦᠭᠡᠢ ᠲᠤᠯᠠ ᠲᠠᠢᠽᠦ᠋ᠩ ᠬᠠᠭᠠᠨ ᠶᠡᠬᠡ ᠲᠠᠢᠽᠢ ᠬᠥᠶᠦᠭ᠂ ᠪᠠᠰᠠ ᠦᠶᠡᠯᠢᠳ ᠬᠥᠪᠡᠭᠦᠨ ᠹᠦ ᠸᠠᠩ ᠠᠵᠢᠨᠲᠠᠢ ᠳ᠋ᠤᠷ ᠵᠡᠭᠦᠨ ᠭᠠᠷᠤᠨ ᠴᠡᠷᠢᠭ ᠪᠠ ᠵᠠᠯᠠᠭᠤ ᠲᠠᠢᠹᠦ᠋ ᠨᠠᠷ ᠠ᠋ᠴᠠ ᠨᠠᠢ᠍ᠮᠠᠨ ᠵᠠᠩᠵᠤᠨ ᠨᠠᠷ ᠢ᠋ ᠲᠣᠮᠢᠯᠠᠵᠤ ᠳᠠᠢᠯᠠᠷ᠎ᠠ ᠢᠯᠡᠭᠡᠭᠡᠳ ᠨᠢᠭᠡᠨᠲᠡᠭᠡᠭᠦᠷ ᠪᠠᠰᠠ ᠰᠣᠯᠣᠩᠭᠣᠰ ᠤᠯᠤᠰ ᠤ᠋ᠨ ᠡᠵᠡᠨ ᠴᠧ ᠸᠠᠩ ᠢ᠋ ᠶᠠᠯ᠎ᠠ ᠪᠠᠨ ᠬᠦᠯᠢᠶᠡᠨ ᠮᠥᠷᠭᠥᠷ᠎ᠡ ᠢᠷ᠎ᠡ ᠭᠡᠮᠡᠨ ᠲᠡᠭᠦᠨ ᠦ᠌ ᠲᠠᠪᠤᠨ ᠶᠠᠯ᠎ᠠ ᠶ᠋ᠢ ᠲᠣᠭᠠᠴᠢᠭᠰᠠᠨ ᠵᠣᠣ ᠪᠢᠴᠢᠭ ᠢᠨᠦ ᠄《ᠳᠡᠭᠡᠳᠦ ᠱᠧᠩ ᠡᠤ ᠬᠤᠸᠠᠩᠳᠢ ᠬᠠᠭᠠᠨ ᠤ᠋ ᠦᠶ᠎ᠡ ᠳ᠋ᠦ᠍ᠷ ᠮᠠᠨ ᠤ᠋ ᠴᠡᠷᠢᠭ ᠬᠢᠳᠠᠨ ᠤᠯᠤᠰ ᠢ᠋ ᠠᠷᠢᠯᠭᠠᠵᠤ᠂ ᠲᠠᠨ ᠢ᠋ ᠠᠮᠤᠷ ᠪᠣᠯᠭᠠᠭᠰᠠᠨ ᠠ᠋ᠴᠠ ᠲᠠ ᠨᠢᠭᠡᠨ ᠴᠦ᠍ ᠠᠯᠪᠠ ᠪᠠᠷᠢᠭᠠᠳᠤᠢ ᠡᠨᠡ ᠶᠠᠯ᠎ᠠ ᠨᠢᠭᠡ᠃ ᠬᠣᠢᠨ᠎ᠠ ᠮᠡᠬᠦᠰ ᠬᠥᠮᠦᠨ ᠪᠢ ᠲᠦᠰᠢᠮᠡᠯ ᠵᠠᠷᠤᠵᠤ ᠵᠠᠷᠯᠢᠭ ᠪᠠᠭᠤᠯᠭᠠᠨ ᠴᠢᠮᠠᠶ᠋ᠢ ᠤᠬᠠᠭᠤᠯᠤᠷᠠ ᠵᠠᠷᠤᠪᠠᠰᠤ ᠲᠠ ᠮᠡᠬᠡᠯᠡᠨ ᠬᠡᠯᠡᠵᠦ ᠬᠠᠷᠢᠭᠤᠯᠪᠠ᠂ ᠡᠨᠡ ᠶᠠᠯ᠎ᠠ ᠬᠣᠶᠠᠷ᠃ ᠵᠢᠴᠢ ᠪᠠᠰᠠ ᠳᠠᠭᠠᠯᠳᠤᠭ᠎ᠠ ᠮᠢᠨᠦ ᠳᠡᠳ᠋ ᠤᠳᠠᠭ᠎ᠠ ᠶ᠋ᠢᠨ ᠢᠯᠡᠭᠡᠭᠰᠡᠨ ᠡᠯᠴᠢ ᠬᠦ ᠢᠦᠢ ᠶ᠋ᠢ ᠬᠤᠯᠠᠭᠤᠵᠤ ᠠᠯᠠᠭᠠᠳ ᠬᠤᠳᠠᠯ ᠢ᠋ᠶ᠋ᠠᠷ ᠫᠦ ᠰᠢᠶᠠᠨ ᠸᠠᠨ ᠨᠦ᠍ ᠶ᠋ᠢᠨ ᠬᠤᠯᠠᠭᠠᠢ ᠢᠷᠭᠡᠨ ᠠᠯᠠᠪᠠ ᠭᠡᠮᠡᠨ ᠪᠠᠯᠠᠴᠢᠪᠠ᠂ ᠡᠨᠡ ᠶᠠᠯ᠎ᠠ ᠭᠤᠷᠪᠠ᠃ ᠨᠡᠩ ᠪᠠᠰᠠ ᠵᠠᠷᠯᠢᠭ ᠵᠠᠷ ᠴᠢᠮᠠᠶ᠋ᠢ ᠴᠡᠷᠢᠭ ᠲᠦ᠍ᠷ ᠲᠤᠰᠠᠯᠠ ᠬᠡᠮᠡᠪᠡᠰᠦ ᠴᠢ ᠮᠥᠴᠡᠭᠡᠷᠬᠡᠵᠦ᠂ ᠵᠡᠭᠦᠨ ᠳᠠᠯᠠᠢ ᠶ᠋ᠢᠨ ᠬᠣᠢᠭ ᠲᠤᠷ ᠣᠷᠣᠪᠠ᠂ ᠡᠨᠡ ᠶᠠᠯ᠎ᠠ ᠳᠥᠷᠪᠡ᠃ ᠵᠢᠴᠢ ᠬᠣᠢᠨ᠎ᠠ ᠬᠡᠳᠦᠢ ᠳᠠᠭᠠᠭᠰᠠᠨ ᠪᠣᠯᠪᠠᠴᠤ ᠢᠷᠭᠡᠨ ᠢ᠋ᠶ᠋ᠡᠨ ᠦᠨᠡᠨ ᠲᠣᠭ᠎ᠠ ᠶ᠋ᠢ ᠡᠷᠭᠦᠨ ᠮᠡᠳᠡᠭᠦᠯᠬᠦ ᠦᠭᠡᠢ ᠪᠡᠷ ᠮᠡᠬᠡᠯᠡᠬᠦ ᠢᠨᠤ ᠡᠨᠡ ᠶᠠᠯ᠎ᠠ ᠲᠠᠪᠤ ᠃ ᠡᠭᠦᠨ ᠢ᠋ ᠳᠣᠲᠣᠷ᠎ᠠ ᠪᠠᠨ ᠢᠯᠡᠷᠬᠡᠢ ᠮᠡᠳᠡᠨ ᠪᠥᠭᠡᠳ ᠶᠠᠭᠤᠨ ᠳ᠋ᠤ᠌ ᠦᠯᠦ ᠭᠡᠮᠰᠢᠬᠦ ?》 ᠭᠡᠮᠡᠨ ᠶᠠᠪᠤᠭᠤᠯᠤᠭᠰᠠᠨ ᠪᠥᠯᠥᠭᠡ᠃ ᠡᠨᠡ ᠵᠢᠯ ᠦ᠋ᠨ ᠰᠡᠭᠦᠯ ᠪᠣᠯᠵᠤ ᠬᠡᠳᠦᠨ ᠵᠦᠭ ᠦ᠋ᠨ ᠪᠠᠢᠯᠳᠤᠵᠤ ᠳᠠᠢᠯᠠᠬᠤ ᠴᠡᠷᠢᠭ ᠦ᠋ᠨ ᠡᠵᠡᠳ ᠵᠦᠭ ᠵᠦᠭ ᠢ᠋ᠶ᠋ᠡᠷ ᠡᠭᠡᠬᠦᠢ ᠳ᠋ᠦ᠍ᠷ ᠲᠠᠢᠽᠢ ᠭᠦᠶᠦᠭ᠂ ᠹᠦ ᠸᠠᠩ ᠠᠵᠢᠨᠲᠠᠢ ᠨᠠᠷ ᠤ᠋ᠨ ᠴᠡᠷᠢᠭ ᠬᠡᠳᠦᠢᠨᠡᠢ ᠵᠡᠭᠦᠨ ᠰᠢᠶᠠ ᠤᠯᠤᠰ ᠤ᠋ᠨ ᠫᠦ ᠰᠢᠶᠠᠨ ᠸᠠᠨ ᠨᠦ᠍ ᠶ᠋ᠢᠨ ᠴᠡᠷᠢᠭ ᠢ᠋ ᠳᠠᠢᠯᠠᠵᠤ ᠭᠤᠷᠪᠠᠳᠤᠭᠠᠷ ᠤᠳᠠᠭ᠎ᠠ ᠳ᠋ᠤᠷ ᠳᠠᠷᠤᠢ ᠪᠦᠷᠢᠨ᠎ᠡ ᠲᠠᠢᠯᠵᠤ᠂ ᠤᠯᠤᠰ ᠤ᠋ᠨ ᠡᠵᠡᠨ ᠫᠦ ᠰᠢᠶᠠᠨ ᠸᠠᠨ ᠨᠥ᠍ ᠶ᠋ᠢ ᠠᠮᠢᠳᠤ ᠪᠠᠷ ᠪᠠᠷᠢᠭᠠᠳ ᠡᠪᠦᠯ ᠦ᠋ᠨ ᠲᠡᠷᠢᠭᠦᠨ ᠰᠠᠷ᠎ᠠ ᠳ᠋ᠤ᠌ ᠶᠡᠬᠡ ᠴᠡᠷᠢᠭ ᠡᠭᠡᠭᠰᠡᠨᠡ᠂ ᠮᠥᠨ ᠰᠠᠷ᠎ᠠ ᠳ᠋ᠤᠷ ᠰᠣᠯᠣᠩᠭᠣᠰ ᠤᠯᠤᠰ ᠪᠠᠰᠠ ᠲᠡᠭᠦᠨ ᠦ᠌ ᠮᠣᠩᠭᠣᠯ ᠳ᠋ᠤᠷ ᠳᠠᠭᠠᠭᠰᠠᠨ ᠾᠦᠩ ᠹᠦ ᠶᠤᠸᠠᠨ ᠤ᠋ ᠱᠢ ᠵᠢᠩ ᠬᠣᠲᠠᠨ ᠢ᠋ ᠬᠤᠯᠠᠭᠠᠢ ᠴᠡᠷᠢᠭ ᠢ᠋ᠶ᠋ᠡᠷ ᠳᠡᠭᠡᠷᠡᠮᠳᠡᠨ᠂ ᠲᠡᠭᠦᠨ ᠦ᠌ ᠭᠡᠷ ᠡᠷᠦᠬᠡ ᠶ᠋ᠢ ᠲᠠᠪᠴᠢᠯᠠᠭᠰᠠᠨ ᠳ᠋ᠤ᠌ ᠾᠦᠩ ᠹᠦ ᠶᠤᠸᠠᠨ ᠭᠠᠳᠠᠨ᠎ᠠ ᠪᠠᠢᠵᠤ ᠨᠡᠬᠡᠵᠦ ᠪᠠᠢᠯᠳᠤᠨ᠂ ᠨᠢᠭᠡᠨ ᠵᠡᠷᠭᠡ ᠳᠠᠷᠤᠭᠠᠳ ᠤᠴᠢᠷ ᠢ᠋ ᠬᠠᠮᠲᠤ ᠪᠠᠷ ᠠᠢᠯᠠᠳᠬᠠᠨ ᠢᠯᠡᠭᠡᠪᠡ᠃ ᠡᠨᠡ ᠵᠢᠯ ᠡᠮᠦᠨ᠎ᠡ ᠶ᠋ᠢ ᠳᠠᠢᠯᠠᠬᠤ ᠶᠡᠬᠡ ᠶᠤᠸᠠᠨᠱᠤᠸᠠᠢ ᠲᠠᠢᠰᠢ ᠭᠦᠸᠧ ᠸᠠᠩ ᠪᠤᠯᠤ ᠶ᠋ᠢᠨ ᠣᠯᠤᠭᠰᠠᠨ ᠠᠨᠤ ᠪᠢᠶᠠᠨ ᠯᠢᠶᠠᠩ ᠴᠧᠩ ᠬᠣᠲᠠ ᠠ᠋ᠴᠠ ᠲᠡᠷᠢᠭᠦᠯᠡᠨ ᠭᠠᠢ ᠵᠧᠦ᠂ ᠰᠢᠦᠢ ᠵᠧᠦ᠂ ᠯᠢ ᠵᠧᠦ᠂ ᠸᠧᠢ ᠵᠧᠦ ᠡᠨᠡ ᠳᠥᠷᠪᠡᠨ ᠬᠣᠲᠠ ᠪᠠ ᠣᠯᠠᠨ ᠭᠠᠵᠠᠷ ᠢ᠋ ᠣᠯᠵᠤᠬᠤᠢ᠃ ᠡᠮᠦᠨ᠎ᠡ ᠳᠥᠷᠪᠡᠨ ᠰᠠᠯᠠᠭ᠎ᠠ ᠴᠡᠷᠢᠭ ᠦ᠋ᠨ ᠲᠠᠢᠰᠢ ᠪᠤᠯᠤ᠂ ᠳᠠᠢᠰᠤᠨᠳᠠᠷᠤᠭᠴᠢ᠂ ᠲᠠᠪᠤᠨᠠᠩ ᠨᠠᠨᠰᠠᠷ᠂ ᠲᠠᠢᠰᠢ ᠶ᠋ᠢᠨ ᠬᠥᠪᠡᠭᠦᠨ ᠳᠡᠰ ᠲᠣᠭᠣᠰ᠂ ᠲᠦᠮᠡᠨᠲᠡᠢ᠂ ᠰᠥᠪᠡᠬᠡᠲᠡᠢ ᠡᠨᠡ ᠲᠠᠪᠤᠨ ᠠ᠋ᠴᠠ ᠭᠠᠭᠴᠠ ᠲᠦᠮᠡᠨᠲᠡᠢ ᠶ᠋ᠢ ᠣᠯᠠᠨ ᠤ᠋ ᠡᠮᠦᠨ᠎ᠡ ᠡᠴᠡ ᠵᠠᠷᠤᠵᠤ ᠬᠠᠭᠠᠨ ᠤ᠋ ᠵᠢᠯ ᠦ᠋ᠨ ᠳᠣᠣᠷ᠎ᠠ ᠮᠥᠷᠭᠥᠬᠦ ᠪᠠ ᠬᠣᠢᠲᠤ ᠵᠢᠯ ᠦ᠋ᠨ ᠶᠣᠰᠣᠯᠠᠯ ᠳ᠋ᠤᠷ ᠢᠯᠡᠭᠡᠵᠦᠬᠦᠢ᠃
ᠡᠨᠡ ᠦᠶ᠎ᠡ ᠳ᠋ᠦ᠍ᠷ ᠲᠠᠢᠰᠢ ᠪᠤᠯᠤ ᠪᠢᠶᠠᠨ ᠵᠢᠩ ᠢ᠋ ᠬᠠᠭᠠᠨ ᠤ᠋ ᠡᠯᠴᠢ ᠠᠳᠤᠭᠦ᠋ ᠪᠡᠷ ᠰᠠᠬᠢᠭᠤᠯᠵᠤ᠂ ᠥᠪᠡᠷ ᠦ᠋ᠨ ᠶᠡᠬᠡ ᠴᠡᠷᠢᠭ ᠪᠠ ᠰᠥᠪᠡᠭᠡᠲᠡᠢ ᠪᠠᠭᠠᠲᠤᠷ ᠯᠤᠭ᠎ᠠ ᠼᠠᠢ ᠵᠧᠦ ᠳ᠋ᠦ᠍ᠷ ᠠᠯᠲᠠᠨ ᠤᠯᠤᠰ ᠤ᠋ᠨ ᠠᠢᠽᠦ᠋ᠩ ᠬᠠᠭᠠᠨ ᠢ᠋ ᠨᠡᠮᠡᠵᠦ ᠬᠠᠭᠠᠵᠤ ᠪᠠᠢᠯᠳᠤᠷ᠎ᠠ ᠬᠥᠳᠡᠯᠦᠭᠰᠡᠨ ᠠᠵᠤᠭᠤ᠃ ᠡᠨᠡ ᠦᠶ᠎ᠡ ᠳ᠋ᠦ᠍ᠷ ᠬᠠᠷᠠᠬᠠᠨ ᠬᠦᠢᠲᠡᠨ ᠡᠪᠦᠯ ᠦ᠋ᠨ ᠴᠠᠭ ᠲᠤᠯᠠ ᠲᠠᠢᠽᠦ᠋ᠩ ᠬᠠᠭᠠᠨ ᠪᠢᠶᠠᠨ ᠯᠢᠶᠠᠩ ᠴᠧᠩ ᠦ᠋ᠨ ᠲᠣᠭᠣᠷᠢᠭᠰᠠᠨ ᠡᠯ᠎ᠡ ᠰᠠᠢᠨ ᠭᠠᠵᠠᠷ ᠲᠤᠷ ᠮᠣᠷᠢᠯᠠᠵᠤ ᠦᠵᠡᠨ ᠵᠢᠯ ᠦ᠋ᠨ ᠳᠣᠣᠷ᠎ᠠ ᠰᠠᠶᠢ ᠬᠣᠲᠠᠨ ᠤ᠋ ᠳᠣᠲᠣᠷ᠎ᠠ ᠣᠷᠣᠵᠤ᠂ ᠶᠡᠬᠡ ᠤᠷᠲᠤ ᠬᠠᠷᠰᠢ ᠳ᠋ᠤᠷ ᠰᠠᠭᠤᠵᠤ᠂ ᠪᠠᠭ᠎ᠠ ᠰᠠᠭ᠎ᠠ ᠡᠪᠳᠡᠷᠡᠵᠦ ᠭᠠᠯᠳᠠᠭᠰᠠᠨ ᠢ᠋ ᠠᠨᠤ ᠬᠤᠷᠢᠶᠠᠯᠭᠠᠨ᠂ ᠪᠤᠰᠤ ᠵᠧᠦ ᠰᠢᠶᠠᠨ ᠠ᠋ᠴᠠ ᠠᠮᠤ ᠠᠴᠢᠷᠠᠭᠤᠯᠤᠨ ᠪᠢᠶᠠᠨ ᠵᠢᠩ ᠦ᠋ᠨ ᠬᠣᠬᠢᠷᠠᠭᠰᠠᠨ ᠢᠷᠭᠡᠨ ᠢ᠋ ᠲᠡᠵᠢᠭᠡᠨ ᠡᠪᠦᠯ ᠦ᠋ᠨ ᠬᠦᠢᠲᠡᠨ ᠢ᠋ ᠦᠩᠭᠡᠷᠡᠬᠦᠯᠭᠦᠢ ᠳ᠋ᠦ᠍ᠷ ᠪᠢᠶᠠᠨ ᠵᠢᠩ ᠦ᠋ᠨ ᠢᠷᠭᠡᠳ ᠳᠠᠭᠠᠭᠰᠠᠨ ᠠᠨᠤ ᠬᠣᠵᠢᠭᠳᠠᠪᠠ ᠭᠡᠮᠡᠨ ᠬᠣᠷᠣᠰᠤᠯᠴᠠᠪᠠ᠃ ᠵᠢᠯ ᠦ᠋ᠨ ᠳᠣᠣᠷ᠎ᠠ ᠪᠠᠰᠠ ᠰᠥᠩ ᠤᠯᠤᠰ ᠠᠯᠪᠠ ᠬᠦᠷᠭᠡᠵᠦ ᠢᠷᠡᠭᠰᠡᠨ ᠢ᠋ ᠬᠠᠭᠠᠨ ᠡᠨᠡ ᠵᠢᠯ ᠴᠡᠷᠢᠭ ᠲᠦ᠍ᠷ ᠠᠮᠤ ᠶᠡᠬᠡᠯ᠎ᠡ ᠲᠤᠰᠠᠯᠠᠪᠠ ᠭᠡᠮᠡᠨ ᠳᠠᠷᠠᠭ᠎ᠠ ᠭᠤᠷᠪᠠᠨ ᠵᠢᠯ ᠦ᠋ᠨ ᠠᠯᠪᠠᠨ ᠢ᠋ ᠭᠡᠯᠳᠦᠷᠢᠭᠦᠯᠵᠦ ᠬᠦᠨᠳᠦ ᠪᠡᠯᠡᠭ ᠱᠠᠩᠨᠠᠨ ᠡᠭᠡᠭᠦᠯᠪᠡ᠃ ᠳᠠᠭᠠᠯᠳᠤᠭ᠎ᠠ ᠮᠥᠨ ᠬᠠᠷᠢᠭᠤ ᠪᠡᠯᠡᠭ ᠢ᠋ ᠬᠥᠷᠭᠡᠭᠦᠯᠦᠨ ᠰᠥᠩ ᠤᠯᠤᠰ ᠤ᠋ᠨ ᠡᠨᠡ ᠤᠳᠠᠭ᠎ᠠ ᠶ᠋ᠢᠨ ᠪᠣᠯᠵᠣᠭ᠎ᠠ ᠶ᠋ᠢ ᠡᠰᠡ ᠲᠠᠰᠤᠷᠠᠭᠰᠠᠨ ᠳ᠋ᠤᠷ ᠭᠦᠨ᠎ᠡ ᠰᠠᠢᠰᠢᠶᠠᠨ ᠳᠠᠭᠠᠯᠠᠬᠤ ᠵᠣᠣ ᠪᠢᠴᠢᠭ ᠬᠦᠷᠭᠡᠭᠦᠯᠪᠡ᠃
ᠰᠤᠳᠤᠷᠴᠢ ᠲᠤᠰᠢᠮᠡᠯ ᠢᠨᠵᠠᠨᠨᠠᠰᠢ ᠶ᠋ᠢᠨ ᠰᠤᠯᠠ ᠰᠢᠯᠦᠭ ᠢᠨᠤ :
ᠪᠣᠳᠣᠯᠭ᠎ᠠ ᠪᠠᠭᠠᠲᠤᠷ ᠬᠣᠣᠰ ᠪᠦᠷᠢᠳᠦᠭᠰᠡᠨ ᠬᠣ᠌ ᠰᠢᠶᠧ ᠬᠣ᠌ ᠶ᠋ᠢᠨ ᠦᠭᠡ ᠶᠠᠪᠤᠳᠠᠯ ᠦᠨᠡᠨᠴᠢ
ᠪᠤᠷᠤᠭᠤ ᠰᠥᠷᠭᠡᠦ ᠬᠠᠮᠲᠤ ᠴᠤᠭᠯᠠᠷᠠᠭᠰᠠᠨ ᠡᠤ ᠰᠢᠶᠠᠨ ᠪᠣᠭᠣᠯ ᠤ᠋ᠨ ᠦᠵᠡᠯ ᠰᠠᠨᠠᠯ ᠭᠠᠵᠢᠭᠤ᠂
ᠪᠣᠯᠤᠮᠠᠷ ᠤᠬᠠᠭᠠᠨᠲᠤ ᠰᠥᠩ ᠤᠯᠤᠰ ᠤ᠋ᠨ ᠮᠧᠩ ᠬᠦᠩ ᠦ᠋ᠨ ᠦᠢᠯᠡᠳᠬᠦ ᠡᠭᠦᠰᠦᠲᠦ ᠲᠥᠪ
ᠪᠤᠳᠤᠩᠭᠤᠢ ᠮᠤᠩᠬᠠᠭ ᠠᠯᠲᠠᠨ ᠤᠯᠤᠰ ᠤ᠋ᠨ ᠠᠢᠽᠦ᠋ᠩ ᠦ᠋ᠨ ᠥᠭᠦᠯᠡᠬᠦ ᠥᠴᠢᠬᠦ ᠢᠴᠢᠭᠦᠷᠢᠲᠡᠢ !
