ᠬᠥᠬᠡ ᠰᠤᠳᠤᠷ - ᠢᠨᠵᠠᠨᠨᠠᠰᠢ < ᠵᠢᠷᠠᠨ ᠲᠠᠪᠤᠳᠤᠭᠠᠷ ᠪᠦᠯᠦᠭ > Хөх судар - Инжинаш < Жаран тавдугаар бүлэг >
ᠪᠠᠳᠠᠷᠠᠬᠤ ᠮᠣᠩᠭᠣᠯ ᠤ᠋ᠨ ᠪᠠᠭᠠᠲᠤᠷ ᠶᠤᠸᠠᠨᠱᠤᠸᠠᠢ ᠪᠤᠯᠤ ᠰᠥᠪᠡᠭᠡᠲᠡᠢ ᠨᠠᠷ ᠠᠯᠲᠠᠨ ᠤᠯᠤᠰ ᠤ᠋ᠨ ᠪᠢᠶᠠᠨ ᠯᠢᠶᠠᠩ ᠪᠠᠯᠭᠠᠰᠤᠨ ᠢ᠋ ᠪᠠᠢᠯᠳᠤᠨ ᠠᠪᠤᠪᠠ
ᠪᠠᠷᠠᠭᠳᠠᠬᠤ ᠠᠯᠲᠠᠨ ᠤ᠋ ᠪᠠᠷᠳᠠᠮ ᠵᠠᠩᠵᠤᠨ ᠫᠦ᠋ ᠴᠠ ᠭᠤᠸᠠᠨ ᠨᠥ᠍ ᠨᠠᠷ ᠡᠵᠡᠨ ᠬᠠᠭᠠᠨ ᠢ᠋ᠶ᠋ᠠᠨ ᠵᠣᠣ ᠪᠢ ᠳᠠᠩ ᠣᠷᠳᠣᠨ ᠳ᠋ᠤᠷ ᠬᠣᠷᠢᠪᠠ
ᠬᠠᠷᠠᠭᠴᠢᠨ ᠮᠣᠭᠠᠢ ᠵᠢᠯ ᠂ ᠶᠡᠬᠡ ᠬᠥᠬᠡ ᠮᠣᠩᠭᠣᠯ ᠤᠯᠤᠰ ᠤ᠋ᠨ ᠥᠭᠡᠳᠡᠢ ᠬᠠᠭᠠᠨ ᠲᠠᠢᠽᠦ᠋ᠩ ᠦ᠋ᠨ
ᠲᠠᠪᠤᠳᠤᠭᠠᠷ ᠣᠨ᠂ ᠰᠥᠩ ᠤᠯᠤᠰ ᠤ᠋ᠨ ᠯᠢᠽᠦ᠋ᠩ ᠬᠠᠭᠠᠨ ᠵᠣᠣ ᠶᠦᠨ ᠦ᠌ ᠱᠣᠣ ᠳ᠋ᠢᠩ ᠦ᠋ᠨ
ᠵᠢᠷᠭᠤᠳᠤᠭᠠᠷ ᠣᠨ᠂ ᠠᠯᠲᠠᠨ ᠤᠯᠤᠰ ᠤ᠋ᠨ ᠠᠢᠽᠦ᠋ᠩ ᠬᠠᠭᠠᠨ ᠱᠧᠦ ᠰᠢᠦᠢ ᠶ᠋ᠢᠨ ᠲᠢᠶᠠᠨ ᠰᠢᠩ ᠦ᠋ᠨ
ᠬᠣᠶᠠᠳᠤᠭᠠᠷ ᠣᠨ᠂ ᠲᠠᠢᠽᠦ᠋ᠩ ᠬᠠᠭᠠᠨ ᠳᠥᠴᠢᠨ ᠨᠠᠢ᠍ᠮᠠᠨ ᠰᠡᠭᠦᠳᠡᠷ ᠲᠡᠢ
ᠪᠠᠳᠠᠷᠠᠬᠤ ᠮᠣᠩᠭᠣᠯ ᠤ᠋ᠨ ᠪᠠᠭᠠᠲᠤᠷ ᠶᠤᠸᠠᠨᠱᠤᠸᠠᠢ ᠪᠤᠯᠤ ᠰᠥᠪᠡᠭᠡᠲᠡᠢ ᠨᠠᠷ ᠠᠯᠲᠠᠨ ᠤᠯᠤᠰ ᠤ᠋ᠨ ᠪᠢᠶᠠᠨ ᠯᠢᠶᠠᠩ ᠪᠠᠯᠭᠠᠰᠤᠨ ᠢ᠋ ᠪᠠᠢᠯᠳᠤᠨ ᠠᠪᠤᠪᠠ
ᠪᠠᠷᠠᠭᠳᠠᠬᠤ ᠠᠯᠲᠠᠨ ᠤ᠋ ᠪᠠᠷᠳᠠᠮ ᠵᠠᠩᠵᠤᠨ ᠫᠦ ᠴᠠ ᠭᠤᠸᠠᠨ ᠨᠥ᠍ ᠨᠠᠷ ᠡᠵᠡᠨ ᠬᠠᠭᠠᠨ ᠢ᠋ᠶ᠋ᠠᠨ ᠵᠣᠣ ᠪᠢ ᠳᠠᠩ ᠣᠷᠳᠣᠨ ᠳ᠋ᠤᠷ ᠬᠣᠷᠢᠪᠠ
ᠲᠡᠨᠳᠡᠴᠡ ᠬᠠᠪᠤᠷ ᠤ᠋ᠨ ᠲᠡᠷᠢᠭᠦᠨ ᠰᠠᠷ᠎ᠠ ᠳ᠋ᠤᠷ ᠠᠯᠲᠠᠨ ᠤᠯᠤᠰ ᠤ᠋ᠨ ᠡᠵᠡᠨ ᠸᠠᠨ ᠶᠠᠨ ᠱᠧᠦ ᠰᠢᠦᠢ ᠲᠦᠰᠢᠮᠡᠯ ᠵᠠᠷᠤᠵᠤ᠂ ᠬᠦᠢ ᠳᠧ ᠹᠦ ᠶ᠋ᠢᠨ ᠶᠡᠷᠦᠩᠬᠡᠢ ᠵᠠᠬᠢᠷᠤᠭᠴᠢ ᠱᠢ ᠵᠠᠨ ᠢᠦᠢ ᠯᠦ᠍ ᠬᠤᠸᠠᠨ ᠠ᠋ᠴᠠ ᠨᠢᠭᠡᠨ ᠮᠢᠩᠭᠠᠨ ᠲᠠᠪᠤᠨ ᠵᠠᠭᠤᠨ ᠲᠠᠭᠠᠷ ᠠᠮᠤ ᠠᠪᠴᠢᠷᠠᠭᠤᠯᠤᠨ ᠣᠯᠠᠨ ᠴᠡᠷᠢᠭ ᠲᠦ᠍ᠷ ᠲᠦᠭᠡᠭᠡᠨ ᠥᠭᠴᠦ ᠹᠧᠩ ᠴᠧᠩ ᠳ᠋ᠦ᠍ᠷ ᠬᠦᠷᠦᠭᠡᠳ ᠬᠣᠶᠠᠷ ᠵᠠᠭᠤᠨ ᠣᠩᠭᠣᠴᠠ ᠦᠯᠡᠳᠡᠭᠡᠨ᠂ ᠣᠩᠭᠣᠴᠠ ᠳ᠋ᠤᠷ ᠪᠥᠰ ᠭᠡᠷ ᠡᠭᠦᠳᠴᠦ ᠠᠯᠲᠠᠨ ᠤᠯᠤᠰ ᠤ᠋ᠨ ᠡᠵᠡᠨ ᠣᠩᠭᠣᠴᠠ ᠳ᠋ᠤᠷ ᠰᠠᠭᠤᠵᠤ ᠭᠣᠣᠯ ᠢ᠋ ᠭᠡᠲᠦᠯᠬᠦᠢ ᠳ᠋ᠦ᠍ᠷ ᠬᠣᠢᠲᠤ ᠴᠡᠷᠢᠭ ᠶᠡᠬᠡ ᠰᠠᠯᠬᠢᠨ ᠳ᠋ᠤᠷ ᠤᠴᠠᠷᠠᠭᠠᠳ ᠭᠣᠣᠯ ᠢ᠋ ᠭᠡᠲᠦᠯᠦᠨ ᠴᠢᠳᠠᠬᠤ ᠦᠭᠡᠢ ᠪᠥᠬᠥᠶ᠎ᠡ᠂ ᠮᠣᠩᠭᠣᠯ ᠴᠡᠷᠢᠭ ᠦ᠋ᠨ ᠶᠡᠬᠡ ᠵᠠᠩᠵᠤᠨ ᠰᠥᠪᠡᠬᠡᠲᠡᠢ ᠪᠠᠭᠠᠲᠤᠷ ᠤ᠋ᠨ ᠬᠣᠰᠢᠭᠤᠴᠢ ᠤᠢᠭᠤᠷ ᠴᠡᠷᠢᠭ ᠬᠡᠳᠦᠢᠨᠡᠢ ᠬᠦᠷᠴᠦ ᠢᠷᠡᠭᠡᠳ ᠨᠡᠬᠡᠵᠦ ᠪᠠᠢᠯᠳᠤᠨ ᠡᠮᠦᠨ᠎ᠡ ᠬᠥᠪᠡᠭᠡ ᠳ᠋ᠦ᠍ᠷ ᠬᠦᠷᠦᠭᠰᠡᠨ ᠳ᠋ᠦ᠍ᠷ ᠠᠯᠲᠠᠨ ᠤᠯᠤᠰ ᠤ᠋ᠨ ᠶᠤᠸᠠᠨᠱᠤᠸᠠᠢ ᠸᠠᠨ ᠶᠠᠨ ᠵᠣ᠌ ᠡᠯ ᠬᠦᠴᠦᠯᠡᠨ ᠪᠠᠢᠯᠳᠤᠵᠤ ᠲᠤᠯᠬᠤᠢ ᠳ᠋ᠤᠷ ᠶᠡᠬᠡ ᠮᠣᠩᠭᠣᠯ ᠤ᠋ᠨ ᠰᠥᠪᠡᠭᠡᠲᠡᠢ ᠪᠠᠭᠠᠲᠤᠷ ᠤ᠋ᠨ ᠴᠡᠷᠢᠭ ᠬᠡᠳᠦᠢᠨᠡᠢ ᠬᠦᠷᠴᠦ ᠢᠷᠡᠭᠡᠳ ᠰᠥᠪᠡᠭᠡᠲᠡᠢ ᠪᠠᠭᠠᠲᠤᠷ ᠥᠪᠡᠷ ᠢ᠋ᠶ᠋ᠡᠨ ᠲᠡᠷᠢᠭᠦᠯᠡᠨ ᠣᠷᠣᠵᠤ᠂ ᠠᠯᠲᠠᠨ ᠤ᠋ ᠶᠤᠸᠠᠨᠱᠤᠸᠠᠢ ᠸᠠᠨ ᠶᠠᠨ ᠵᠣ᠌ ᠡᠯ ᠢ᠋ ᠨᠢᠭᠡᠨᠲᠡ ᠴᠠᠪᠴᠢᠵᠤ ᠮᠣᠷᠢᠨ ᠠ᠋ᠴᠠ ᠤᠨᠠᠭᠠᠪᠠ᠃ ᠡᠭᠦᠨ ᠳ᠋ᠦ᠍ᠷ ᠠᠯᠲᠠᠨ ᠤᠯᠤᠰ ᠤ᠋ᠨ ᠴᠡᠷᠢᠭ ᠰᠥᠰᠥ ᠬᠡᠮᠬᠡᠷᠡᠵᠦ ᠳᠥᠷᠪᠡᠨ ᠵᠦᠭ ᠪᠤᠲᠠᠷᠠᠨ ᠪᠤᠷᠤᠭᠤᠯᠠᠬᠤᠢ ᠳ᠋ᠤᠷ ᠤᠰᠤᠨ ᠢ᠋ ᠭᠡᠲᠦᠯᠦᠭᠰᠡᠨ ᠴᠡᠷᠢᠭ ᠨᠢᠭᠡᠨ ᠮᠢᠩᠭᠠᠨ ᠢᠯᠡᠭᠦᠦ ᠴᠥᠮ ᠤᠰᠤᠨ ᠳ᠋ᠤᠷ ᠴᠠᠴᠠᠵᠤ ᠦᠬᠦᠭᠡᠳ ᠳᠦ ᠢᠦᠢ ᠵᠠᠩᠵᠤᠨ ᠸᠠᠨ ᠶᠠᠨ ᠧ ᠯᠦᠨ ᠴᠦ ᠣᠷᠣᠵᠤ ᠥᠭᠭᠥᠭᠡᠳ ᠦᠯᠡᠭᠰᠡᠨ ᠴᠡᠷᠢᠭ ᠴᠥᠮ ᠮᠣᠩᠭᠣᠯ ᠤᠯᠤᠰ ᠲᠤᠷ ᠳᠠᠭᠠᠪᠠ᠃ ᠡᠭᠦᠨ ᠳ᠋ᠦ᠍ᠷ ᠠᠯᠲᠠᠨ ᠤᠯᠤᠰ ᠤ᠋ᠨ ᠠᠢᠽᠦ᠋ᠩ ᠬᠠᠭᠠᠨ ᠱᠧᠦ ᠰᠢᠦᠢ ᠭᠣᠣᠯ ᠤ᠋ᠨ ᠬᠣᠢᠲᠤ ᠬᠥᠪᠡᠭᠡ ᠳ᠋ᠦ᠍ᠷ ᠪᠠᠢᠬᠤ ᠲᠤᠯᠠ ᠮᠣᠩᠭᠣᠯ ᠤ᠋ᠨ ᠴᠡᠷᠢᠭ ᠨᠡᠬᠡᠨ ᠢᠷᠡᠵᠦ᠂ ᠬᠣᠢᠲᠤ ᠴᠡᠷᠢᠭ ᠨᠢᠭᠡᠨᠲᠡ ᠪᠠᠢᠯᠳᠤᠨ ᠠᠪᠲᠠᠭᠰᠠᠨ ᠳ᠋ᠤᠷ ᠶᠡᠬᠡᠯ᠎ᠡ ᠠᠶᠤᠵᠤ ᠰᠥᠰᠥ ᠬᠡᠮᠬᠡᠷᠡᠨ ᠳᠠᠷᠤᠢ ᠡᠦ ᠮᠠ ᠭᠠᠩ ᠳᠣᠪᠣ ᠳ᠋ᠤᠷ ᠪᠠᠭᠤᠳᠠᠯᠯᠠᠵᠤ ᠪᠠᠢᠭᠰᠠᠨ ᠪᠠᠢ ᠰᠠ ᠳ᠋ᠤᠷ ᠴᠡᠷᠢᠭ ᠥᠭᠴᠦ ᠮᠣᠩᠭᠣᠯ ᠤ᠋ᠨ ᠸᠧᠢ ᠵᠧᠦ ᠶ᠋ᠢ ᠪᠠᠢᠯᠳᠤᠭᠤᠯᠤᠷᠠ ᠢᠯᠡᠭᠡᠭᠡᠳ ᠠᠯᠲᠠᠨ ᠤᠯᠤᠰ ᠤ᠋ᠨ ᠡᠵᠡᠨ ᠬᠡᠳᠦᠢᠨᠡᠢ ᠳᠤᠲᠠᠭᠠᠨ ᠬᠦᠢ ᠳᠧ ᠹᠦ ᠳ᠋ᠦ᠍ᠷ ᠵᠣᠷᠢᠪᠠᠢ᠃ ᠡᠨᠡ ᠬᠢᠷᠢ ᠳ᠋ᠦ᠍ᠷ ᠪᠠᠢ ᠰᠠ᠂ ᠸᠧᠢ ᠵᠧᠦ ᠶ᠋ᠢᠨ ᠳᠣᠣᠷ᠎ᠠ ᠢᠷᠡᠵᠦ᠂ ᠠᠯᠲᠠᠨ ᠤᠯᠤᠰ ᠤ᠋ᠨ ᠬᠠᠭᠠᠨ ᠤ᠋ ᠲᠡᠮᠳᠡᠭ ᠲᠤᠭ ᠢ᠋ᠶ᠋ᠠᠷ ᠸᠧᠢ ᠵᠧᠦ ᠶ᠋ᠢᠨ ᠢᠷᠭᠡᠨ ᠢ ᠡᠭᠡᠵᠦ ᠳᠠᠭ᠎ᠠ ᠭᠡᠮᠡᠨ ᠳᠠᠯᠠᠯᠤᠨ ᠳᠠᠭᠤᠳᠠᠪᠠᠰᠤ ᠸᠧᠢ ᠵᠧᠦ ᠬᠣᠲᠠᠨ ᠤ᠋ ᠳᠣᠲᠣᠷᠠᠬᠢ ᠢᠷᠭᠡᠳ ᠬᠦᠢᠲᠡᠨ ᠢ᠋ᠶ᠋ᠡᠷ ᠢᠨᠢᠶᠡᠯᠴᠡᠨ ᠳᠠᠭᠠᠬᠤ ᠦᠭᠡᠢ᠂ ᠴᠡᠷᠢᠭ ᠢ᠋ᠶ᠋ᠡᠨ ᠪᠡᠯᠡᠳᠬᠡᠪᠡ᠃ ᠡᠨᠡ ᠬᠢᠷᠢ ᠳ᠋ᠦ᠍ᠷ ᠮᠣᠩᠭᠣᠯ ᠤ᠋ᠨ ᠴᠡᠷᠢᠭ ᠬᠡᠳᠦᠢᠨᠡᠢ ᠰᠣᠨᠣᠰᠴᠤ ᠭᠣᠣᠯ ᠤ᠋ᠨ ᠡᠮᠦᠨ᠎ᠡ ᠡᠴᠡ ᠭᠣᠣᠯ ᠢ᠋ ᠭᠡᠲᠦᠯᠵᠦ ᠪᠠᠢᠯᠳᠤᠨ ᠢᠷᠡᠬᠦᠶ᠎ᠡ᠂ ᠪᠠᠢ ᠰᠠ ᠶᠡᠬᠡᠯ᠎ᠡ ᠠᠶᠤᠵᠤ ᠳᠠᠷᠤᠢ ᠪᠤᠷᠤᠭᠤᠯᠠᠪᠠᠢ᠃ ᠡᠭᠦᠨ ᠳ᠋ᠦ᠍ᠷ ᠮᠣᠩᠭᠣᠯ ᠤ᠋ᠨ ᠵᠠᠩᠵᠤᠨ ᠱᠢ ᠲᠢᠶᠠᠨ ᠽᠧ᠂ ᠸᠧᠢ ᠵᠧᠦ ᠶ᠋ᠢᠨ ᠮᠣᠷᠢᠲᠤ ᠴᠡᠷᠢᠭ ᠢ᠋ ᠠᠪᠴᠤ ᠬᠣᠢᠨ᠎ᠠ ᠠ᠋ᠴᠠ ᠳᠠᠷᠤᠨ ᠣᠷᠣᠵᠤ ᠂ ᠪᠦᠸᠧ ᠬᠦᠩ ᠮᠢᠶᠣᠤ ᠰᠦᠮ᠎ᠡ ᠶ᠋ᠢᠨ ᠭᠠᠵᠠᠷ ᠪᠠᠢᠯᠳᠤᠵᠤ᠂ ᠠᠯᠲᠠᠨ ᠤᠯᠤᠰ ᠤ᠋ᠨ ᠴᠡᠷᠢᠭ ᠢ᠋ ᠶᠡᠬᠡᠯ᠎ᠡ ᠳᠠᠷᠤᠵᠤ᠂ ᠬᠠᠷᠠᠬᠠᠨ ᠨᠡᠬᠡᠵᠦ ᠠᠯᠠᠬᠤᠢ ᠳ᠋ᠤᠷ ᠪᠠᠢ ᠰᠠ ᠴᠡᠷᠢᠭ ᠢ᠋ᠶ᠋ᠡᠨ ᠣᠷᠬᠢᠭᠠᠳ ᠵᠡᠭᠦᠨ ᠵᠦᠭ ᠪᠤᠷᠤᠭᠤᠯᠠᠨ ᠭᠠᠷᠪᠠᠢ᠃ ᠦᠯᠡᠭᠰᠡᠨ ᠠᠯᠲᠠᠨ ᠤᠯᠤᠰ ᠤ᠋ᠨ ᠶᠤᠸᠠᠨᠱᠤᠸᠠᠢ ᠯᠢᠦ ᠢ᠂ ᠽᠠᠩ ᠳ᠋ᠧᠩ ᠬᠦᠩ᠂ ᠵᠠᠩ ᠺᠠᠢ ᠨᠠᠷ ᠣᠯᠠᠨ ᠰᠠᠮᠠᠭᠤᠨ ᠢᠷᠭᠡᠨ ᠳ᠋ᠦ᠍ᠷ ᠠᠯᠠᠭᠳᠠᠪᠠ᠃ ᠡᠨᠡ ᠮᠡᠳᠡᠭᠡ ᠶ᠋ᠢ ᠠᠯᠲᠠᠨ ᠤᠯᠤᠰ ᠤ᠋ᠨ ᠡᠵᠡᠨ ᠰᠣᠨᠣᠰᠴᠤ ᠶᠠᠭᠠᠷᠠᠨ ᠳᠤᠲᠠᠭᠠᠵᠤ᠂ ᠸᠧ ᠯᠧᠦ ᠼᠦᠨ ᠭᠠᠴᠠᠭ᠎ᠠ ᠳ᠋ᠤᠷ ᠬᠦᠷᠢᠶ᠎ᠡ ᠪᠠᠭᠤᠭᠠᠳ ᠮᠣᠩᠭᠣᠯ ᠤ᠋ᠨ ᠴᠡᠷᠢᠭ ᠢ᠋ ᠲᠣᠰᠴᠤ ᠨᠢᠭᠡᠨ ᠵᠡᠷᠭᠡ ᠲᠠᠰᠤᠯᠤᠨ ᠪᠠᠢᠯᠳᠤᠰᠤᠭᠠᠢ ᠬᠡᠮᠡᠬᠦᠶ᠎ᠡ᠂ ᠤᠳᠠᠭᠰᠠᠨ ᠦᠭᠡᠢ ᠪᠠᠢ ᠰᠠ ᠰᠢᠷᠬᠠᠲᠤᠵᠤ ᠪᠤᠷᠤᠭᠤᠯᠠᠨ ᠬᠦᠷᠴᠦ ᠢᠷᠡᠭᠡᠳ ᠴᠡᠷᠢᠭ ᠳᠠᠷᠤᠭᠳᠠᠨ ᠰᠠᠷᠨᠢᠵᠤ ᠮᠣᠩᠭᠣᠯ ᠤ᠋ᠨ ᠴᠡᠷᠢᠭ ᠬᠦᠷᠴᠦ ᠢᠷᠡᠬᠦ ᠰᠢᠬᠠᠭᠰᠠᠨ ᠢ᠋ ᠠᠢᠯᠠᠳᠬᠠᠵᠤ᠂ ᠡᠵᠡᠨ ᠦ᠌ ᠪᠡᠶ᠎ᠡ ᠡᠷᠬᠡᠪᠰᠢ ᠬᠦᠢ ᠳᠧ ᠹᠦ ᠳ᠋ᠦ᠍ᠷ ᠡᠴᠢᠬᠦ ᠢᠨᠦ ᠡᠷᠬᠢᠮ᠂ ᠲᠡᠭᠦᠨ ᠯᠦ᠍ᠭᠡ ᠲᠤᠯᠬᠤᠶ᠎ᠠ ᠪᠡᠷᠬᠡ ! ᠬᠡᠮᠡᠭᠰᠡᠨ ᠳ᠋ᠦ᠍ᠷ ᠠᠢᠽᠦ᠋ᠩ ᠬᠠᠭᠠᠨ ᠱᠧᠦ ᠰᠢᠦᠢ ᠶᠡᠬᠡᠯ᠎ᠡ ᠡᠠᠶᠤᠵᠤ ᠳᠠᠷᠤᠢ ᠳᠡᠳ᠋ ᠶᠤᠸᠠᠨᠱᠤᠸᠠᠢ ᠾᠧ ᠯᠢ ᠾᠧ ᠨᠠᠷ ᠤ᠋ᠨ ᠵᠡᠷᠭᠡ ᠶ᠋ᠢᠨ ᠵᠢᠷᠭᠤᠭ᠎ᠠ ᠳᠣᠯᠣᠭᠠᠨ ᠬᠥᠮᠦᠨ ᠯᠦ᠍ᠭᠡ ᠰᠥᠨᠢ ᠭᠣᠣᠯ ᠢ᠋ ᠬᠤᠯᠠᠭᠤᠨ ᠭᠡᠲᠦᠯᠵᠦ᠂ ᠣᠩᠭᠣᠴᠠ ᠶ᠋ᠢ ᠣᠷᠬᠢᠵᠤ ᠬᠦᠢ ᠳᠧ ᠹᠦ ᠶ᠋ᠢᠨ ᠵᠦᠭ ᠡᠴᠢᠪᠡᠢ᠃ ᠵᠢᠴᠢ ᠡᠳᠦᠷ ᠠᠯᠲᠠᠨ ᠤᠯᠤᠰ ᠤ᠋ᠨ ᠣᠯᠠᠨ ᠴᠡᠷᠢᠭ ᠠᠨᠤ ᠰᠠᠶᠢ ᠶ᠋ᠢᠨ ᠠᠯᠲᠠᠨ ᠤᠯᠤᠰ ᠤ᠋ᠨ ᠡᠵᠡᠨ ᠴᠡᠷᠢᠭ ᠢ᠋ᠶ᠋ᠡᠨ ᠣᠷᠬᠢᠵᠤ ᠤᠷᠭᠤᠨ ᠡᠴᠢᠭᠰᠡᠨ ᠢ᠋ ᠰᠣᠨᠣᠰᠴᠤ ᠣᠯᠠᠨ ᠴᠡᠷᠢᠭ ᠰᠣᠴᠢᠵᠤ ᠴᠥᠮ ᠪᠤᠲᠠᠷᠠᠨ ᠰᠠᠷᠨᠢᠯᠴᠠᠪᠠᠢ᠃ ᠲᠡᠭᠦᠨᠴᠡ ᠠᠯᠲᠠᠨ ᠤᠯᠤᠰ ᠤ᠋ᠨ ᠠᠢᠽᠦ᠋ᠩ ᠬᠠᠭᠠᠨ ᠱᠧᠦ ᠰᠢᠦᠢ ᠶᠠᠭᠠᠷᠠᠨ ᠶᠠᠪᠤᠵᠤ᠂ ᠬᠦᠢ ᠳᠧ ᠹᠦ ᠳ᠋ᠦ᠍ᠷ ᠣᠷᠣᠵᠤ᠂ ᠹᠠᠩ ᠢᠦᠢ ᠲᠦᠰᠢᠮᠡᠯ ᠵᠣ᠌ ᠵᠢᠶᠠ᠂ ᠲᠠ ᠰᠢ ᠪᠦ ᠶ᠋ᠢ ᠪᠢᠶᠠᠨ ᠯᠢᠶᠠᠩ ᠴᠧᠩ ᠪᠠᠯᠭᠠᠰᠤᠨ᠎ᠠ ᠢᠯᠡᠭᠡᠵᠦ ᠲᠠᠢᠬᠡᠦ ᠬᠤᠸᠠᠩᠬᠡᠦ ᠪᠢᠨ ᠹᠧᠢ ᠨᠠᠷ ᠢ᠋ ᠤᠭᠲᠤᠨ ᠠᠪᠴᠤ ᠢᠷ᠎ᠡ ᠭᠡᠮᠡᠨ ᠶᠠᠪᠤᠭᠤᠯᠪᠠ᠃ ᠡᠨᠡ ᠬᠢᠷᠢ ᠳ᠋ᠦ᠍ᠷ ᠠᠯᠲᠠᠨ ᠤᠯᠤᠰ ᠤ᠋ᠨ ᠣᠯᠠᠨ ᠴᠡᠷᠢᠭ ᠪᠠᠢ ᠰᠠ ᠴᠡᠷᠢᠭ ᠢ᠋ ᠴᠥᠮ ᠠᠪᠲᠠᠪᠠ ᠭᠡᠮᠡᠨ ᠠᠭᠤᠷᠯᠠᠯᠴᠠᠨ ᠬᠣᠷᠣᠰᠤᠯᠴᠠᠵᠤ ᠪᠠᠷᠬᠢᠷᠠᠯᠳᠤᠬᠤᠢ ᠳ᠋ᠤᠷ ᠠᠯᠲᠠᠨ ᠤᠯᠤᠰ ᠤ᠋ᠨ ᠡᠵᠡᠨ ᠠᠷᠭ᠎ᠠ ᠦᠭᠡᠢ ᠪᠠᠢ ᠰᠠ ᠶ᠋ᠢᠨ ᠶᠠᠯ᠎ᠠ ᠶ᠋ᠢ ᠲᠣᠭᠠᠴᠢᠵᠤ ᠠᠯᠠᠭᠤᠯᠵᠤ᠂ ᠣᠯᠠᠨ ᠵᠠᠩᠵᠤᠨ ᠴᠡᠷᠢᠭ ᠢᠷᠭᠡᠨ ᠦ᠌ ᠰᠡᠳᠬᠢᠯ ᠢ ᠲᠣᠬᠣᠷᠤᠭᠤᠯᠪᠠ᠃ ᠲᠡᠭᠦᠨ ᠢ᠋ ᠠᠯᠠᠭᠰᠠᠨ ᠤᠴᠢᠷ ᠠᠨᠤ : ᠤᠭ ᠲᠤᠷ ᠹᠧᠨ ᠾᠧ ᠮᠥᠷᠡᠨ ᠦ᠌ ᠣᠯᠠᠨ ᠢᠷᠭᠡᠳ ᠠᠯᠲᠠᠨ ᠤᠯᠤᠰ ᠤ᠋ᠨ ᠡᠵᠡᠨ ᠢ ᠭᠣᠣᠯ ᠢ᠋ ᠭᠡᠲᠦᠯᠪᠡ ᠭᠡᠮᠡᠨ ᠰᠣᠨᠣᠰᠴᠤ ᠶᠡᠬᠡᠯ᠎ᠡ ᠦᠢᠮᠡᠯᠳᠦᠨ᠂ ᠮᠣᠩᠭᠣᠯ ᠠ᠋ᠴᠠ ᠠᠶᠤᠵᠤ ᠬᠦᠷᠢᠶ᠎ᠡ ᠴᠣᠭᠴᠠᠯᠠᠨ᠂ ᠡᠭᠦᠳᠡ ᠪᠡᠨ ᠬᠠᠭᠠᠵᠤ᠂ ᠨᠦᠬᠡ ᠡᠷᠦᠵᠦ ᠬᠤᠳᠳᠤᠭ ᠤᠬᠤᠵᠤ ᠨᠢᠭᠤᠭᠰᠠᠨ ᠪᠥᠯᠥᠭᠡ᠃ ᠬᠣᠵᠢᠮ ᠠᠯᠲᠠᠨ ᠤᠯᠤᠰ ᠤ᠋ᠨ ᠫᠦ ᠴᠠ ᠭᠤᠸᠠᠨ ᠨᠥ᠍ ᠶ᠋ᠢᠨ ᠨᠢᠭᠡᠨ ᠠᠩᠭᠢ ᠴᠡᠷᠢᠭ ᠢ᠋ ᠴᠢᠩᠳᠠ ᠴᠠᠭᠠᠵᠠᠯᠠᠨ᠂ ᠭᠠᠵᠠᠷ ᠣᠷᠣᠨ ᠢ᠋ ᠡᠰᠡ ᠬᠥᠳᠡᠯᠭᠡᠭᠰᠡᠨ ᠢ᠋ᠶ᠋ᠡᠷ ᠠᠢᠯ ᠪᠦᠯᠦᠭ ᠦ᠋ᠨ ᠡᠬᠡᠨᠡᠷ ᠥᠬᠢᠳ ᠵᠠᠢᠯᠠᠬᠤ ᠦᠭᠡᠢ ᠪᠥᠬᠥᠶ᠎ᠡ᠂ ᠭᠡᠨᠡᠳᠲᠡ ᠪᠠᠢ ᠰᠠ᠂ ᠸᠧᠢ ᠵᠧᠦ ᠳ᠋ᠦ᠍ᠷ ᠡᠴᠢᠬᠦ ᠲᠤᠬᠠᠢ ᠣᠯᠠᠨ ᠴᠡᠷᠢᠭ ᠢ᠋ ᠲᠠᠯᠪᠢᠵᠤ᠂ ᠳᠥᠷᠪᠡᠨ ᠵᠦᠭ ᠢ᠋ ᠳᠡᠭᠡᠷᠡᠮᠳᠡᠭᠦᠯᠬᠦᠢ ᠳ᠋ᠦ᠍ᠷ ᠠᠢᠯ ᠪᠦᠯᠦᠭ ᠦ᠋ᠨ ᠤᠬᠢᠯᠠᠬᠤ ᠳᠠᠭᠤᠨ ᠠᠭᠤᠯᠠ ᠲᠠᠯ᠎ᠠ ᠳ᠋ᠤᠷ ᠳᠦᠭᠦᠷᠴᠦ ᠪᠠᠢ ᠰᠠ ᠶ᠋ᠢᠨ ᠴᠡᠷᠢᠭ ᠥᠩᠭᠡᠷᠡᠭᠰᠡᠨ ᠡᠯ᠎ᠡ ᠭᠠᠵᠠᠷ ᠴᠥᠮ ᠬᠣᠬᠢᠷᠠᠵᠤ᠂ ᠬᠡᠭᠦᠷ ᠳᠣᠪᠣ ᠮᠡᠲᠦ ᠪᠣᠯᠤᠭᠰᠠᠨ ᠠᠵᠤᠭᠤ᠃ ᠨᠡᠩ ᠪᠠᠰᠠ ᠪᠠᠢ ᠰᠠ ᠶ᠋ᠢᠨ ᠨᠢᠭᠡᠨ ᠴᠠᠭ ᠤ᠋ᠨ ᠪᠤᠳᠠᠭ᠎ᠠ ᠳ᠋ᠤᠷ ᠬᠡᠷᠡᠭᠯᠡᠬᠦ ᠰᠦᠢᠳᠬᠡᠯ ᠬᠡᠳᠦᠨ ᠠᠷᠪᠠᠨ ᠯᠠᠩ ᠬᠥᠷᠥᠮᠦᠢ᠃ ᠡᠭᠦᠨ ᠳ᠋ᠦ᠍ᠷ ᠢᠷᠭᠡᠨ ᠰᠠᠶᠢ ᠤᠷᠪᠠᠬᠤ ᠰᠠᠨᠠᠭᠠᠨ ᠢ᠋ ᠪᠠᠷᠢᠭᠰᠠᠨ ᠪᠥᠯᠥᠭᠡ᠃ ᠲᠡᠢᠨ ᠬᠦ᠌ ᠸᠧᠢ ᠵᠧᠦ ᠶ᠋ᠢᠨ ᠢᠷᠭᠡᠨ ᠶᠠᠭᠤᠨ ᠤ᠋ ᠮᠣᠩᠭᠣᠯ ᠠ᠋ᠴᠠ ᠤᠷᠪᠠᠵᠤ ᠲᠡᠭᠦᠨ ᠳ᠋ᠦ᠍ᠷ ᠳᠠᠭᠠᠬᠤ ᠪᠣᠢ ! ᠡᠨᠡ ᠬᠢᠷᠢ ᠳ᠋ᠦ᠍ᠷ ᠮᠣᠩᠭᠣᠯ ᠳ᠋ᠤᠷ ᠰᠡᠳᠬᠢᠯ ᠢ᠋ᠶ᠋ᠡᠨ ᠥᠭᠴᠦ ᠳᠠᠭᠠᠬᠤ ᠠᠨᠤ ᠣᠯᠠᠨ ᠪᠣᠯᠪᠠ᠃ ᠲᠡᠢᠨ ᠬᠦ᠌ ᠪᠠᠢ ᠰᠠ ᠶ᠋ᠢᠨ ᠴᠡᠷᠢᠭ ᠨᠢᠭᠡᠮᠦᠰᠦᠨ ᠳᠠᠷᠤᠭᠳᠠᠵᠤ ᠶᠠᠯ᠎ᠠ ᠪᠠᠰᠠ ᠢᠯᠡᠷᠡᠭᠰᠡᠨ ᠳ᠋ᠦ᠍ᠷ ᠰᠠᠶᠢ ᠠᠯᠠᠭᠰᠠᠨ ᠠᠵᠤᠭᠤ᠃
ᠡᠨᠡ ᠬᠢᠷᠢ ᠪᠢᠶᠠᠨ ᠵᠢᠩ ᠦ᠋ᠨ ᠣᠯᠠᠨ ᠲᠦᠰᠢᠮᠡᠯ ᠲᠥᠰᠢᠶ᠎ᠡ ᠴᠡᠷᠢᠭ ᠢᠷᠭᠡᠨ ᠬᠠᠭᠠᠨ ᠤ᠋ ᠪᠡᠶ᠎ᠡ ᠪᠡᠷ ᠴᠡᠷᠢᠭ ᠠᠪᠴᠤ ᠭᠠᠷᠤᠭᠰᠠᠨ ᠠ᠋ᠴᠠ ᠬᠣᠢᠰᠢ ᠡᠳᠦᠷ ᠪᠦᠷᠢ ᠰᠠᠢᠨ ᠮᠡᠳᠡᠭᠡ ᠶ᠋ᠢ ᠰᠣᠨᠣᠰᠰᠤᠭᠠᠢ ᠭᠡᠮᠡᠨ ᠴᠢᠩᠨᠠᠬᠤᠶᠠ᠂ ᠭᠡᠳᠡᠷᠭᠦ ᠬᠠᠷᠢᠨ ᠴᠡᠷᠢᠭ ᠳᠠᠷᠤᠭᠳᠠᠭᠰᠠᠨ ᠮᠠᠭᠤ ᠮᠡᠳᠡᠭᠡ ᠰᠣᠨᠣᠰᠳᠠᠵᠤ᠂ ᠶᠡᠬᠡ ᠠᠶᠤᠯᠳᠤᠨ ᠴᠢᠷᠠᠢ ᠬᠤᠪᠢᠯᠤᠯᠴᠠᠪᠠ᠃ ᠡᠨᠡ ᠬᠢᠷᠢ ᠮᠣᠩᠭᠣᠯ ᠴᠡᠷᠢᠭ ᠦ᠋ᠨ ᠬᠣᠲᠠ ᠶ᠋ᠢ ᠪᠠᠢᠯᠳᠤᠬᠤ ᠠᠨᠤ ᠨᠡᠩ ᠬᠡᠴᠡᠭᠦᠦ ᠪᠣᠯᠵᠤ ᠰᠥᠪᠡᠭᠡᠲᠡᠢ ᠪᠠᠭᠠᠲᠤᠷ ᠴᠡᠷᠢᠭ ᠢ᠋ᠶ᠋ᠡᠨ ᠠᠪᠴᠤ ᠪᠠᠰᠠ ᠡᠭᠡᠨ ᠬᠦᠷᠴᠦ ᠢᠷᠡᠭᠰᠡᠨ ᠳ᠋ᠦ᠍ᠷ ᠬᠣᠲᠠ ᠲᠣᠭᠣᠷᠢᠨ ᠬᠠᠭᠠᠭᠳᠠᠵᠤ ᠳᠣᠲᠣᠷ᠎ᠠ ᠭᠠᠳᠠᠨ᠎ᠠ ᠨᠢᠭᠡᠨᠲᠡ ᠮᠡᠳᠡᠭᠡ ᠨᠡᠪᠲᠡᠷᠡᠬᠦ ᠦᠭᠡᠢ ᠪᠣᠯᠵᠤ᠂ ᠬᠣᠲᠠᠨ ᠤ᠋ ᠳᠣᠲᠣᠷ᠎ᠠ ᠨᠢᠭᠡ ᠱᠧᠩ ᠠᠮᠤ ᠬᠣᠶᠠᠷ ᠯᠠᠩ ᠮᠥᠩᠭᠥ ᠪᠡᠷ ᠮᠥᠨ ᠣᠯᠳᠠᠬᠤ ᠦᠭᠡᠢ ᠪᠣᠯᠤᠭᠠᠳ ᠣᠯᠠᠨ ᠢ᠋ᠶ᠋ᠠᠷ ᠶᠡᠬᠡᠯ᠎ᠡ ᠠᠶᠤᠯᠳᠤᠵᠤ᠂ ᠥᠯᠪᠡᠷᠦᠨ ᠦᠬᠦᠭᠰᠡᠳ ᠦ᠋ᠨ ᠬᠡᠭᠦᠷ ᠬᠥᠨᠳᠡᠯᠡᠨ ᠭᠤᠯᠳᠤ ᠬᠡᠪᠲᠡᠵᠦᠬᠦᠢ᠃ ᠨᠡᠩ ᠪᠠᠰᠠ ᠵᠡᠷᠭᠡ ᠲᠤᠰᠢᠶᠠᠯᠲᠠᠨ ᠤ᠋ ᠥᠬᠢᠳ ᠬᠡᠦᠬᠡᠳ ᠶᠡᠬᠡ ᠵᠡᠭᠡᠯᠢ ᠳ᠋ᠦ᠍ᠷ ᠪᠤᠳᠠᠭ᠎ᠠ ᠭᠣᠶᠣᠯᠴᠠᠨ ᠶᠠᠪᠤᠵᠤ᠂ ᠰᠤᠯᠠ ᠢᠷᠭᠡᠨ ᠡᠩ ᠦ᠋ᠨ ᠠᠷᠠᠳ ᠦᠬᠦᠭᠰᠡᠨ ᠡᠮ᠎ᠡ ᠦᠷ᠎ᠡ ᠪᠡᠨ ᠢᠳᠡᠯᠴᠡᠭᠰᠡᠨ ᠢᠨᠤ ᠮᠠᠰᠢ ᠣᠯᠠᠨ ᠪᠣᠯᠵᠤ᠂ ᠠᠷᠠᠰᠤ ᠰᠢᠷᠢ᠂ ᠦᠬᠡᠷ ᠦ᠋ᠨ ᠡᠪᠡᠷ ᠵᠡᠷᠭᠡ ᠶ᠋ᠢ ᠰᠢᠷᠠᠵᠤ ᠴᠢᠨᠠᠵᠤ ᠢᠳᠡᠯᠴᠡᠨ ᠥᠯᠪᠡᠷᠬᠦ ᠶ᠋ᠢ ᠰᠠᠭᠠᠲᠠᠭᠤᠯᠤᠮᠤᠢ᠃ ᠪᠠᠶᠠᠯᠢᠭ ᠭᠡᠷ ᠦ᠋ᠨ ᠠᠷᠠᠳ ᠥᠪᠡᠷ ᠢ᠋ᠶ᠋ᠡᠨ ᠠᠰᠠᠷ ᠲᠠᠭᠲᠤ ᠤᠷᠲᠤ ᠬᠠᠷᠰᠢ ᠪᠠᠨ ᠴᠥᠮ ᠡᠪᠳᠡᠵᠦ ᠲᠦᠯᠡᠭᠡ ᠪᠣᠯᠭᠠᠨ ᠰᠢᠲᠠᠭᠠᠪᠠ᠃ ᠡᠨᠡ ᠬᠢᠷᠢ ᠳ᠋ᠦ᠍ᠷ ᠪᠠᠰᠠ ᠭᠡᠨᠡᠳᠲᠡ ᠬᠠᠭᠠᠨ ᠲᠦᠰᠢᠮᠡᠯ ᠵᠠᠷᠤᠵᠤ ᠭᠤᠷᠪᠠᠨ ᠣᠷᠳᠣᠨ ᠵᠢᠷᠭᠤᠭᠠᠨ ᠬᠦᠷᠢᠶᠡᠯᠡᠭ ᠦ᠋ᠨ ᠾᠧᠦ ᠹᠧᠢ – ᠬᠠᠲᠤᠨ ᠡᠬᠡᠨᠡᠷ ᠦ᠋ᠳ ᠢ᠋ ᠠᠪᠤᠷᠠ ᠢᠷᠡᠭᠰᠡᠨ ᠢ᠋ ᠰᠣᠨᠣᠰᠴᠤ ᠣᠯᠠᠨ ᠢ᠋ᠶ᠋ᠠᠷ ᠶᠡᠬᠡᠯ᠎ᠡ ᠠᠶᠤᠯᠳᠤᠵᠤ᠂ ᠴᠡᠷᠢᠭ ᠢᠷᠭᠡᠨ ᠦ᠌ ᠰᠡᠳᠬᠢᠯ ᠨᠡᠩ ᠲᠦᠰᠢᠯᠭᠡ ᠦᠭᠡᠢ ᠪᠣᠯᠵᠤ ᠪᠤᠷᠬᠢᠷᠠᠯᠳᠤᠪᠠ᠃ ᠡᠭᠦᠨ ᠳ᠋ᠦ᠍ᠷ ᠪᠠᠷᠠᠭᠤᠨ ᠡᠲᠡᠭᠡᠳ ᠦ᠋ᠨ ᠶᠤᠸᠠᠨᠱᠤᠸᠠᠢ ᠼᠦᠢ ᠯᠢ ᠵᠠᠯᠢᠬᠠᠢ ᠵᠢᠰᠤᠷ ᠤᠵᠢᠳ ᠰᠠᠮᠠᠭᠤᠨ ᠲᠤᠯᠠ ᠡᠨᠡ ᠣᠯᠠᠨ ᠢᠷᠭᠡᠨ ᠦ᠌ ᠲᠦᠷᠬᠢᠯᠡᠭᠰᠡᠨ ᠲᠠᠰᠢᠷᠠᠮ ᠳ᠋ᠤᠷ ᠳᠠᠷᠤᠢ ᠰᠠᠮᠠᠭᠤᠨ ᠡᠭᠦᠰᠬᠡᠨ᠂ ᠮᠥᠨ ᠽᠦᠸ᠋ᠸ ᠱᠢ ᠶᠠᠮᠤᠨ ᠤ᠋ ᠳᠦ ᠱᠢ ᠲᠦᠰᠢᠮᠡᠯ ᠶᠤᠸᠠᠨ ᠬᠣᠣ ᠸᠧᠨ᠂ ᠵᠢᠴᠢ ᠰᠢᠨᠢᠶᠧᠪᠦ᠋ ᠬᠣᠶᠠᠭᠤᠯᠠ ᠶ᠋ᠢᠨ ᠵᠦᠭ ᠥᠭᠦᠯᠡᠷᠦᠨ : 《ᠬᠠᠭᠠᠨ ᠤ᠋ ᠭᠡᠭᠡᠨ ᠨᠡᠢᠰᠯᠡᠯ ᠡᠴᠡ ᠭᠠᠷᠴᠤ ᠡᠳᠦᠭᠡ ᠬᠣᠷᠢᠨ ᠡᠳᠦᠷ ᠢᠯᠡᠭᠦᠦ ᠪᠣᠯᠪᠠ᠂ ᠪᠠᠰᠠ ᠬᠦ᠌ ᠲᠦᠰᠢᠮᠡᠯ ᠵᠠᠷᠤᠵᠤ ᠬᠣᠶᠠᠷ ᠣᠷᠳᠣᠨ ᠤ᠋ ᠾᠧᠦ ᠹᠧᠢ ᠶ᠋ᠢ ᠠᠪᠤᠷᠠ ᠢᠷᠡᠵᠦᠬᠦᠢ᠂ ᠡᠭᠦᠨ ᠳ᠋ᠦ᠍ᠷ ᠣᠯᠠᠨ ᠢ᠋ᠶ᠋ᠠᠷ ᠴᠥᠮ ᠬᠠᠭᠠᠨ ᠨᠡᠢᠰᠯᠡᠯ ᠢ᠋ ᠬᠡᠭᠡᠰᠦᠭᠡᠢ ᠬᠡᠮᠡᠮᠦᠢ ᠭᠡᠮᠡᠨ ᠶᠡᠬᠡᠯ᠎ᠡ ᠪᠤᠷᠬᠢᠷᠠᠯᠳᠤᠮᠤᠢ᠃ ᠡᠨᠡ ᠮᠡᠲᠦ ᠳ᠋ᠦ᠍ᠷ ᠬᠦᠩ ᠴᠢ ᠣᠳᠣ ᠬᠡᠷᠬᠢᠰᠦᠭᠡᠢ ᠬᠡᠮᠡᠮᠦᠢ? 》ᠬᠡᠮᠡᠭᠰᠡᠨ ᠳ᠋ᠦ᠍ᠷ ᠰᠢᠨᠢᠶᠧᠪᠦ᠋ : 《ᠬᠡᠷᠬᠢᠬᠦ ᠪᠣᠢ ? ᠣᠳᠣ ᠪᠢᠳᠡ ᠬᠣᠶᠠᠭᠤᠯᠠ ᠭᠠᠭᠴᠠ ᠦᠬᠦᠬᠦ ᠪᠣᠢ ᠶᠠ᠂ ᠥᠪᠡᠷ᠎ᠡ ᠬᠡᠷᠬᠢᠬᠦ ᠪᠣᠢ ! 》 ᠬᠡᠮᠡᠲᠡᠯ᠎ᠡ ᠶᠤᠸᠠᠨ ᠬᠣᠣ ᠸᠧᠨ ᠪᠠᠰᠠ ᠲᠣᠰᠴᠤ ᠥᠭᠦᠯᠡᠷᠦᠨ : 《ᠦᠬᠦᠬᠦᠢ ᠳ᠋ᠦ᠍ᠷ ᠪᠡᠷᠬᠡ ᠦᠭᠡᠢ᠂ ᠦᠨᠡᠬᠡᠷ ᠱᠧ ᠵᠢᠢ ᠰᠠᠬᠢᠵᠤ ᠢᠷᠭᠡᠨ ᠢ᠋ ᠠᠪᠤᠷᠠᠨ ᠴᠢᠳᠠᠪᠠᠰᠤ ᠰᠠᠶᠢ ᠦᠬᠦᠬᠦᠢ ᠳ᠋ᠦ᠍ᠷ ᠠᠮᠲᠠᠲᠠᠢ ᠪᠣᠯᠠᠢ᠃ ᠲᠡᠢᠨ ᠪᠤᠰᠤ ᠪᠣᠯᠪᠠᠰᠤ ᠲᠠᠯᠠᠭᠠᠷ ᠨᠢᠭᠡᠨ ᠪᠡᠶ᠎ᠡ ᠦᠬᠦᠵᠦ᠂ ᠤᠯᠠᠭᠠᠨ ᠳᠡᠪᠡᠯᠲᠦ ᠲᠠᠪᠢᠨ ᠴᠡᠷᠢᠭ ᠢ᠋ ᠲᠡᠵᠢᠭᠡᠵᠦ ᠨᠢᠭᠡᠨ ᠴᠠᠭ ᠴᠠᠳᠬᠠᠬᠤ ᠪᠣᠯᠠᠢ᠃ ᠡᠭᠦᠨ ᠢ᠋ ᠶᠠᠮᠪᠠᠷ ᠦᠬᠦᠯ ᠬᠡᠮᠡᠮᠦᠢ ? 》 ᠬᠡᠮᠡᠭᠰᠡᠨ ᠳ᠋ᠦ᠍ᠷ ᠰᠢᠨᠢᠶᠧᠪᠦ᠋ ᠬᠠᠷᠢᠭᠤ ᠥᠴᠢᠭᠰᠡᠨ ᠦᠭᠡᠢ᠃ ᠡᠨᠡ ᠦᠶ᠎ᠡ ᠬᠣᠶᠠᠷ ᠣᠷᠳᠣᠨ ᠤ᠋ ᠾᠧᠦ ᠹᠧᠢ – ᠬᠠᠲᠤᠳ ᠨᠠᠷ ᠬᠣᠲᠠ ᠠ᠋ᠴᠠ ᠭᠠᠷᠴᠤ ᠴᠢᠶᠣᠤ ᠯᠦ᠍ ᠳ᠋ᠦ᠍ᠷ ᠬᠦᠷᠴᠦ ᠦᠵᠡᠪᠡᠰᠦ᠂ ᠬᠣᠲᠠ ᠶ᠋ᠢᠨ ᠭᠠᠳᠠᠨ᠎ᠠ ᠬᠣᠶᠠᠷ ᠭᠤᠷᠪᠠᠨ ᠭᠠᠵᠠᠷ ᠲᠤᠷ ᠶᠡᠬᠡᠯ᠎ᠡ ᠭᠠᠯ ᠭᠠᠷᠬᠤᠢ ᠳ᠋ᠤᠷ ᠮᠣᠩᠭᠣᠯ ᠤ᠋ᠨ ᠴᠡᠷᠢᠭ ᠭᠡᠮᠡᠨ ᠰᠡᠵᠢᠭᠯᠡᠵᠦ ᠮᠡᠩᠳᠡ ᠰᠡᠩᠳᠡᠨ ᠬᠣᠲᠠᠨ ᠳ᠋ᠤᠷ ᠡᠭᠡᠵᠦ ᠣᠷᠣᠭᠠᠳ ᠵᠢᠴᠢ ᠡᠳᠦᠷ ᠼᠦᠢ ᠯᠢ ᠭᠡᠨᠡᠳᠲᠡ ᠸᠠᠨ ᠶᠠᠨ ᠨᠦ᠍ ᠱᠧᠨ᠂ ᠰᠢᠨᠢᠶᠧᠪᠦ᠋ ᠬᠣᠶᠠᠭᠤᠯᠠ ᠶ᠋ᠢᠨ ᠳᠡᠷᠭᠡᠳᠡ ᠢᠷᠡᠵᠦ ᠰᠡᠯᠡᠮ᠎ᠡ ᠪᠡᠨ ᠰᠤᠭᠤ ᠲᠡᠳᠡᠨ ᠭᠠᠷᠭᠠᠭᠠᠳ ᠲᠡᠳᠡ ᠬᠣᠶᠠᠭᠤᠯᠠ ᠶ᠋ᠢ ᠵᠢᠭᠠᠵᠤ ᠥᠭᠦᠯᠡᠷᠦᠨ :《ᠨᠡᠢᠰᠯᠡᠯ ᠬᠣᠲᠠ ᠬᠠᠭᠠᠭᠳᠠᠵᠤ ᠮᠣᠬᠣᠬᠤᠢ ᠶ᠋ᠢᠨ ᠲᠤᠢᠯ ᠳ᠋ᠤᠷ ᠬᠦᠷᠵᠦᠬᠦᠢ᠃ ᠬᠣᠶᠠᠷ ᠬᠦᠩ ᠡᠨᠡ ᠮᠡᠲᠦ ᠵᠥᠪ ᠵᠦᠭᠡᠷ ᠬᠠᠷᠠᠵᠤ ᠰᠠᠭᠤᠬᠤ ᠶᠠᠭᠤᠨ ? 》ᠬᠡᠮᠡᠭᠰᠡᠨ ᠳ᠋ᠦ᠍ᠷ ᠬᠣᠶᠠᠷ ᠴᠢᠩᠰᠢᠶᠡᠩ ᠢᠨᠢᠶᠡᠨ ᠥᠭᠦᠯᠡᠷᠦᠨ : 《ᠬᠡᠷᠡᠭ ᠠᠪᠠᠰᠤ ᠰᠠᠢᠨ ᠢ᠋ᠶ᠋ᠠᠷ ᠵᠥᠪᠳᠡᠮᠦᠢ ᠶᠠ ᠂ ᠶᠠᠭᠤᠨ ᠳ᠋ᠤᠷ ᠡᠢᠨ ᠬᠦ᠌ ᠠᠭᠠᠰᠢᠯᠠᠮᠤᠢ ? 》 ᠬᠡᠮᠡᠭᠰᠡᠨ ᠳ᠋ᠦ᠍ᠷ ᠼᠦᠢ ᠯᠢ ᠨᠢᠭᠡᠨᠲᠡ ᠬᠠᠰᠬᠢᠷᠤᠨ ᠳᠣᠣᠷᠠᠬᠢ ᠴᠡᠷᠢᠭ ᠢ᠋ᠶ᠋ᠡᠷ ᠤᠷᠢᠳᠠ ᠰᠢᠨᠢᠶᠧᠪᠦ᠋ ᠶ᠋ᠢ ᠠᠯᠠᠭᠤᠯᠤᠨ᠂ ᠳᠠᠷᠠᠭ᠎ᠠ ᠪᠠᠷ ᠸᠠᠨ ᠶᠠᠨ ᠨᠦ᠍ ᠱᠧᠨ᠂ ᠵᠢᠴᠢ ᠽᠦᠸᠸ ᠱᠢ ᠶᠠᠮᠤᠨ ᠤ᠋ ᠯᠠᠩ ᠵᠦᠩ ᠲᠦᠰᠢᠮᠡᠯ ᠸᠠᠨ ᠶᠠᠨ ᠰᠢᠶ᠋ᠸ ᠨᠢᠶᠠᠨ᠂ ᠠ ᠪᠦ ᠶ᠋ᠢᠨ ᠵᠡᠷᠭᠡ ᠶ᠋ᠢᠨ ᠠᠷᠪᠠᠨ ᠬᠡᠳᠦᠨ ᠲᠦᠰᠢᠮᠡᠳ ᠢ᠋ ᠠᠯᠠᠭᠤᠯᠤᠭᠠᠳ ᠳᠠᠷᠤᠢ ᠣᠯᠠᠨ ᠢᠷᠭᠡᠨ ᠳ᠋ᠦ᠍ᠷ ᠵᠠᠷᠯᠠᠨ ᠥᠭᠦᠯᠡᠷᠦᠨ : 《ᠪᠢ ᠬᠣᠶᠠᠷ ᠴᠧᠩᠰᠢᠶᠠᠩ ᠤ᠋ᠨ ᠡᠭᠦᠳᠡ ᠪᠡᠨ ᠬᠠᠭᠠᠵᠤ ᠡᠮ᠎ᠡ ᠯᠤᠭᠡ ᠪᠡᠨ ᠴᠡᠩᠭᠡᠯᠳᠦᠨ᠂ ᠵᠣᠪᠠᠯᠠᠩ ᠳ᠋ᠤᠷ ᠤᠴᠠᠷᠠᠭᠰᠠᠨ ᠣᠯᠠᠨ ᠢᠷᠭᠡᠳ ᠢ᠋ ᠲᠡᠩᠬᠡᠷᠡᠭᠦᠯᠬᠦ ᠠᠷᠭ᠎ᠠ ᠶ᠋ᠢ ᠪᠣᠳᠣᠬᠤ ᠦᠭᠡᠢ ᠳ᠋ᠦ᠍ᠷ ᠠᠯᠠᠭᠠᠳ ᠡᠳᠦᠭᠡ ᠲᠠᠨ ᠤ᠋ ᠨᠢᠭᠡᠨ ᠬᠣᠲᠠ ᠶ᠋ᠢᠨ ᠣᠯᠠᠨ ᠢᠷᠭᠡᠨ ᠦ᠌ ᠨᠡᠢᠲᠡ ᠪᠡᠷ ᠦ᠋ᠨ ᠲᠥᠯᠥᠭᠡ ᠠᠮᠢᠳᠤᠷᠠᠬᠤ ᠠᠷᠭ᠎ᠠ ᠶ᠋ᠢ ᠡᠷᠢᠰᠦᠭᠡᠢ ᠬᠡᠮᠡᠮᠦᠢ ! 》ᠬᠡᠮᠡᠭᠰᠡᠨ ᠳ᠋ᠦ᠍ᠷ ᠣᠯᠠᠨ ᠢ᠋ᠶ᠋ᠠᠷ ᠴᠥᠮ ᠰᠠᠢᠰᠢᠶᠠᠵᠤ ᠳᠠᠭᠠᠪᠠᠢ᠃ ᠲᠡᠢᠨ ᠬᠦ᠌ ᠼᠦᠢ ᠯᠢ ᠳᠠᠷᠤᠢ ᠴᠡᠷᠢᠭ ᠠᠪᠴᠤ ᠣᠷᠳᠣᠨ ᠳ᠋ᠤᠷ ᠣᠷᠣᠭᠠᠳ ᠵᠠᠭᠤᠨ ᠲᠦᠰᠢᠮᠡᠳ ᠢ ᠴᠢᠭᠤᠯᠭᠤᠯᠤᠨ ᠳᠠᠬᠢᠨ ᠡᠵᠡᠨ ᠪᠠᠢᠭᠤᠯᠬᠤ ᠤᠴᠢᠷ ᠢ᠋ ᠵᠥᠪᠳᠡᠬᠦᠢ ᠳ᠋ᠦ᠍ᠷ ᠢ᠋ᠶ᠋ᠡᠨ ᠥᠭᠦᠯᠡᠷᠦᠨ : 《ᠸᠧᠢ ᠱᠣᠣ ᠸᠠᠩ ᠤ᠋ᠨ ᠬᠥᠪᠡᠭᠦᠨ ᠲᠠᠢᠽᠢ ᠴᠧᠩ ᠺᠧ᠂ ᠲᠡᠭᠦᠨ ᠦ᠌ ᠡᠭᠡᠴᠢ ᠥᠬᠢᠨ ᠳᠡᠭᠦᠦ ᠡᠳᠦᠭᠡ ᠴᠥᠮ ᠮᠣᠩᠭᠣᠯ ᠤᠯᠤᠰ ᠲᠤᠷ ᠡᠷᠬᠡ ᠶ᠋ᠢ ᠣᠯᠵᠤ᠂ ᠶᠡᠬᠡ ᠢᠨᠦ ᠸᠠᠩ ᠤ᠋ᠨ ᠬᠠᠲᠤᠨ᠂ ᠪᠠᠭ᠎ᠠ ᠠᠨᠤ ᠴᠧᠩᠰᠢᠶᠠᠩ ᠤ᠋ᠨ ᠪᠡᠷᠢ ᠪᠣᠯᠵᠤ᠂ ᠡᠳᠦᠭᠡ ᠮᠣᠩᠭᠣᠯ ᠤ᠋ᠨ ᠶᠡᠬᠡ ᠴᠡᠷᠢᠭ ᠦ᠋ᠨ ᠬᠦᠷᠢᠶ᠎ᠡ ᠳ᠋ᠦ᠍ᠷ ᠢᠷᠡᠵᠦ ᠮᠠᠨ ᠤ᠋ ᠤᠯᠤᠰ ᠢ᠋ ᠮᠥᠬᠥᠭᠡᠵᠦ ᠡᠴᠢᠭᠡ ᠶᠦ᠍ᠭᠡᠨ ᠦᠰ ᠢ᠋ ᠠᠪᠤᠮᠤᠢ ᠭᠡᠮᠡᠨ ᠬᠠᠷᠠᠬᠠᠨ ᠶᠡᠬᠡ ᠴᠡᠷᠢᠭ ᠦ᠋ᠨ ᠬᠦᠷᠢᠶ᠎ᠡ ᠳ᠋ᠦ᠍ᠷ ᠪᠣᠢ ᠲᠤᠯᠠ ᠡᠳᠦᠭᠡ ᠳᠠᠷᠤᠢ ᠸᠧᠢ ᠱᠣᠣ ᠸᠠᠩ ᠶᠦᠩ ᠵᠢᠢ ᠶ᠋ᠢᠨ ᠬᠥᠪᠡᠭᠦᠨ ᠴᠧᠩ ᠺᠧ ᠶ᠋ᠢ ᠬᠠᠭᠠᠨ ᠪᠠᠢᠭᠤᠯᠪᠠᠰᠤ᠂ ᠡᠨᠡ ᠴᠧᠩ ᠺᠧ ᠲᠠᠢᠰᠢ ᠪᠤᠯᠤ ᠯᠤᠭ᠎ᠠ ᠤᠷᠤᠭ ᠪᠣᠯᠬᠤ ᠲᠤᠯᠠ ᠬᠡᠷᠡᠭ ᠬᠡᠯᠡᠯᠴᠡᠬᠦᠢ ᠳ᠋ᠦ᠍ᠷ ᠬᠢᠯᠪᠠᠷ ᠪᠣᠯᠤᠮᠤᠢ ! 》ᠭᠡᠮᠡᠨ ᠳᠠᠷᠤᠢ ᠥᠪᠡᠷ ᠦ᠋ᠨ ᠳᠣᠣᠷᠠᠬᠢ ᠬᠠᠨ ᠳ᠋ᠦᠸᠧ ᠶ᠋ᠢ ᠵᠠᠷᠤᠵᠤ᠂ ᠲᠠᠢᠬᠡᠦ ᠶ᠋ᠢᠨ ᠵᠠᠷᠯᠢᠭ ᠢ᠋ᠶ᠋ᠠᠷ ᠴᠧᠩ ᠺᠧ ᠶ᠋ᠢ ᠳᠠᠭᠤᠳᠠᠨ ᠠᠪᠴᠢᠷᠠᠵᠤ ᠯᠢᠶᠠᠩ ᠸᠠᠩ ᠭᠡᠮᠡᠨ ᠡᠷᠭᠦᠮᠵᠢᠯᠡᠵᠦ᠂ ᠤᠯᠤᠰ ᠤ᠋ᠨ ᠬᠡᠷᠡᠭ ᠢ᠋ ᠪᠠᠷᠢᠭᠤᠯᠵᠤ᠂ ᠵᠠᠭᠤᠨ ᠲᠦᠰᠢᠮᠡᠳ ᠮᠥᠷᠭᠥᠵᠦ ᠪᠠᠷᠠᠭᠰᠠᠨ ᠬᠣᠢᠨ᠎ᠠ ᠼᠦᠢ ᠯᠢ ᠥᠪᠡᠰᠦᠪᠡᠨ ᠲᠡᠢᠰᠢ ᠳᠦ ᠶᠤᠸᠠᠨᠱᠤᠸᠠᠢ ᠱᠠᠩ ᠱᠣ ᠯᠢᠩ ᠵᠧᠩ ᠸᠠᠩ ᠪᠣᠯᠤᠨ ᠸᠠᠨ ᠶᠠᠨ ᠢ ᠶ᠋ᠢ ᠫᠢᠩ ᠵᠠᠩ ᠵᠧᠩ ᠱᠢ᠂ ᠸᠠᠨ ᠶᠠᠨ ᠾᠧᠩ ᠢ᠋ ᠳ᠋ᠢᠶᠠᠨ ᠴᠢᠶᠠᠨ ᠳᠦ ᠵᠢᠶᠠᠨ ᠲᠦᠰᠢᠮᠡᠯ ᠪᠣᠯᠭᠠᠪᠠᠢ᠃ ᠥᠪᠡᠷ ᠦ᠋ᠨ ᠬᠠᠷᠢᠶᠠᠲᠤ ᠠᠷᠠᠳ ᠢ᠋ ᠴᠥᠮ ᠲᠦᠰᠢᠮᠡᠯ ᠡᠷᠭᠦᠮᠵᠢᠯᠡᠵᠦ ᠶᠤᠸᠠᠨ ᠬᠣᠣ ᠸᠧᠨ ᠢ ᠮᠥᠨ ᠵᠡᠭᠦᠨ ᠪᠠᠷᠠᠭᠤᠨ ᠶᠠᠮᠤᠨ ᠤ᠋ ᠶᠤᠸᠠᠨ ᠸᠠᠢ ᠯᠠᠩ ᠲᠦᠰᠢᠮᠡᠯ ᠪᠣᠯᠭᠠᠵᠤᠬᠤᠢ᠃ ᠲᠡᠭᠦᠨᠴᠡ ᠮᠣᠩᠭᠣᠯ ᠤ᠋ᠨ ᠰᠥᠪᠡᠭᠡᠲᠡᠢ ᠪᠠᠭᠠᠲᠤᠷ ᠤ᠋ᠨ ᠴᠡᠷᠢᠭ ᠦ᠋ᠨ ᠬᠦᠷᠢᠶ᠎ᠡ ᠳ᠋ᠦ᠍ᠷ ᠳᠠᠭᠠᠬᠤ ᠪᠢᠴᠢᠭ ᠪᠠᠷᠢᠭᠤᠯᠵᠤ ᠢᠯᠡᠭᠡᠭᠰᠡᠨ᠎ᠡ᠂ ᠰᠥᠪᠡᠭᠡᠲᠡᠢ ᠪᠠᠭᠠᠲᠤᠷ᠂ ᠨᠠᠨᠰᠠᠷ᠂ ᠶᠡᠬᠡ ᠲᠡᠢᠰᠢ ᠭᠦᠸᠧ ᠸᠠᠩ ᠶᠤᠸᠠᠨᠱᠤᠸᠠᠢ ᠪᠤᠯᠤ ᠶ᠋ᠢᠨ ᠳᠡᠷᠭᠡᠳᠡ ᠢᠷᠡᠵᠦ ᠡᠳᠡᠭᠡᠷ ᠤᠴᠢᠷ ᠢ᠋ ᠪᠦᠷᠢᠨ᠎ᠡ ᠮᠡᠳᠡᠭᠦᠯᠦᠭᠰᠡᠨ ᠳ᠋ᠦ᠍ᠷ ᠲᠡᠢᠰᠢ ᠪᠤᠯᠤ ᠥᠭᠦᠯᠡᠷᠦᠨ : 《ᠳᠠᠭᠠᠭᠰᠠᠨ ᠢ᠋ ᠦᠯᠦ ᠠᠯᠠᠬᠤ ᠠᠨᠤ ᠮᠢᠨᠦ ᠡᠩ ᠦ᠋ᠨ ᠶᠠᠪᠤᠳᠠᠯ᠂ ᠣᠨᠴᠠ ᠮᠢᠨᠦ ᠤᠷᠤᠭ ᠪᠣᠯᠤᠭᠰᠠᠨ ᠤ᠋ ᠤᠴᠢᠷ ᠪᠤᠰᠤ ! 》 ᠭᠡᠮᠡᠨ᠂ ᠰᠥᠪᠡᠭᠡᠲᠡᠢ ᠶ᠋ᠢᠨ ᠴᠡᠷᠢᠭ ᠢ᠋ ᠤᠷᠢᠳᠠ ᠶᠠᠪᠤᠭᠤᠯᠤᠨ᠂ ᠳᠠᠭᠠᠯᠳᠤᠭ᠎ᠠ ᠶᠡᠬᠡ ᠴᠡᠷᠢᠭ ᠢ᠋ ᠬᠥᠳᠡᠯᠭᠡᠵᠦ ᠤᠷᠤᠭᠰᠢ ᠣᠷᠣᠪᠠ᠃ ᠲᠡᠳᠦᠢ ᠰᠥᠪᠡᠭᠡᠲᠡᠢ ᠪᠠᠭᠠᠲᠤᠷ᠂ ᠲᠠᠪᠤᠨᠠᠩ ᠨᠠᠨᠰᠠᠷ ᠤ᠋ᠨ ᠴᠡᠷᠢᠭ ᠴᠢᠩ ᠴᠠᠩ ᠳ᠋ᠤᠷ ᠬᠦᠷᠲᠡᠯ᠎ᠡ ᠠᠯᠲᠠᠨ ᠤᠯᠤᠰ ᠤ᠋ᠨ ᠼᠦᠢ ᠯᠢ᠂ ᠸᠠᠩ ᠤ᠋ᠨ ᠳᠡᠪᠡᠯ ᠮᠠᠯᠠᠭ᠎ᠠ ᠡᠮᠦᠰᠴᠦ ᠵᠢᠭᠰᠠᠭᠠᠯ ᠵᠢᠭᠰᠠᠭᠠᠵᠤ ᠤᠭᠲᠤᠨ ᠤᠴᠠᠷᠠᠭᠰᠠᠨ ᠳ᠋ᠤᠷ ᠰᠥᠪᠡᠭᠡᠲᠡᠢ ᠲᠠᠨ ᠪᠠᠶᠠᠷᠯᠠᠵᠤ᠂ ᠬᠤᠷᠢᠮ ᠬᠤᠷᠢᠮᠯᠠᠨ ᠠᠷᠢᠬᠢ ᠪᠠᠷᠢᠵᠤ᠂ ᠼᠦᠢ ᠯᠢ ᠶ᠋ᠢ ᠲᠣᠬᠣᠷᠤᠭᠤᠯᠤᠨ ᠬᠦᠨᠳᠦᠯᠡᠭᠰᠡᠨ ᠳ᠋ᠦ᠍ᠷ ᠼᠦᠢ ᠯᠢ ᠰᠢᠳᠦᠨ ᠪᠢᠰᠢᠷᠡᠵᠦ᠂ ᠰᠥᠪᠡᠭᠡᠲᠡᠢ ᠶ᠋ᠢ ᠵᠢᠷᠤᠮ ᠤ᠋ᠨ ᠡᠴᠢᠭᠡ ᠪᠣᠯᠭᠠᠨ ᠮᠥᠷᠭᠥᠵᠦ᠂ ᠲᠡᠳᠦᠢ ᠬᠣᠲᠠᠨ ᠳ᠋ᠤᠷ ᠡᠭᠡᠵᠦ ᠬᠣᠲᠠᠨ ᠤ᠋ ᠠᠰᠠᠷ ᠢ᠋ ᠭᠠᠯᠳᠠᠵᠤ ᠴᠡᠷᠢᠭ ᠦ᠋ᠨ ᠵᠠᠮ ᠭᠠᠷᠭᠠᠭᠰᠠᠨ ᠳ᠋ᠤᠷ ᠮᠣᠩᠭᠣᠯ ᠤ᠋ᠨ ᠶᠡᠬᠡ ᠵᠠᠩᠵᠤᠨ ᠬᠣᠰᠢᠭᠤᠴᠢ ᠰᠥᠪᠡᠭᠡᠲᠡᠢ ᠪᠠᠭᠠᠲᠤᠷ᠂ ᠨᠠᠨᠰᠠᠷ ᠨᠠᠷ ᠶᠡᠬᠡᠯ᠎ᠡ ᠪᠠᠶᠠᠷᠯᠠᠨ᠂ ᠼᠦᠢ ᠯᠢ ᠶ᠋ᠢᠨ ᠦᠨᠡᠨ ᠰᠡᠳᠬᠢᠯ ᠢ᠋ᠶ᠋ᠡᠷ ᠳᠠᠭᠠᠭᠰᠠᠨ ᠢ᠋ ᠮᠡᠳᠡᠭᠡᠳ ᠰᠡᠳᠬᠢᠯ ᠠᠮᠤᠷᠪᠠ᠃ ᠲᠡᠭᠦᠨᠴᠡ ᠼᠦᠢ ᠯᠢ ᠬᠣᠲᠠᠨ ᠳ᠋ᠤᠷ ᠡᠭᠡᠵᠦ᠂ ᠬᠠᠭᠠᠨ ᠲᠦᠰᠢᠮᠡᠯ ᠴᠡᠷᠢᠭ ᠦ᠋ᠨ ᠥᠬᠢᠳ ᠬᠡᠦᠬᠡᠳ ᠢ᠋ ᠠᠪᠤᠷᠠ ᠢᠷᠡᠪᠡ ᠭᠡᠮᠡᠨ ᠥᠬᠢᠳ ᠢ᠋ ᠰᠣᠩᠭᠣᠨ ᠣᠷᠳᠣᠨ᠎ᠠ ᠣᠷᠣᠭᠤᠯᠬᠤᠢ ᠳ᠋ᠤᠷ ᠼᠦᠢ ᠯᠢ ᠶ᠋ᠢ ᠮᠣᠩᠭᠣᠯ ᠳ᠋ᠤᠷ ᠳᠠᠭᠠᠪᠠ ᠭᠡᠮᠡᠨ ᠲᠠᠪᠠ ᠦᠭᠡᠢ ᠠᠷᠠᠳ ᠠᠨᠤ ᠲᠡᠭᠦᠨ ᠢ᠋ ᠣᠯᠠᠨ ᠲᠦᠰᠢᠮᠡᠯ ᠴᠡᠷᠢᠭ ᠦ᠋ᠨ ᠥᠬᠢᠳ ᠢ᠋ ᠪᠤᠵᠠᠷᠯᠠᠵᠤ᠂ ᠠᠯᠲᠠᠨ ᠮᠥᠩᠭᠥᠨ ᠰᠤᠪᠤᠳ ᠲᠠᠨ᠎ᠠ ᠶ᠋ᠢ ᠭᠡᠷ ᠳᠦᠭᠦᠷᠡᠩ ᠬᠤᠷᠢᠶᠠᠪᠠ ᠬᠡᠮᠡᠮᠦᠢ᠃ ᠮᠣᠩᠭᠣᠯ ᠳ᠋ᠤᠷ ᠡᠰᠡ ᠳᠠᠭᠠᠪᠠᠰᠤ ᠬᠣᠲᠠ ᠶ᠋ᠢᠨ ᠬᠣᠲᠠᠯᠠᠭᠠᠷ ᠴᠥᠮ ᠦᠬᠦᠬᠦ ᠲᠤᠯᠠ ᠲᠡᠭᠷᠢ ᠶ᠋ᠢᠨ ᠴᠠᠭ ᠢ᠋ ᠮᠡᠳᠡᠬᠦ ᠠᠷᠠᠳ ᠼᠦᠢ ᠯᠢ ᠶ᠋ᠢ ᠲᠡᠭᠷᠢ ᠶ᠋ᠢᠨ ᠴᠠᠭ ᠢ᠋ ᠮᠡᠳᠡᠵᠦ ᠮᠣᠩᠭᠣᠯ ᠳ᠋ᠤᠷ ᠳᠠᠭᠠᠵᠤ᠂ ᠪᠢᠶᠠᠨ ᠯᠢᠶᠠᠩ ᠬᠣᠲᠠ ᠶ᠋ᠢᠨ ᠨᠡᠢᠲᠡ ᠶ᠋ᠢ ᠠᠪᠤᠷᠠᠪᠠ ᠭᠡᠮᠡᠨ ᠭᠠᠪᠢᠶ᠎ᠠ ᠡᠷᠳᠡᠮ ᠪᠦᠷᠢᠳᠦᠭᠰᠡᠨ ᠬᠥᠰᠢᠶ᠎ᠡ ᠴᠢᠯᠠᠭᠤ ᠪᠠᠢᠭᠤᠯᠰᠤᠭᠠᠢ ᠭᠡᠮᠡᠨ ᠭᠤᠶᠤᠨ ᠮᠡᠳᠡᠭᠦᠯᠦᠭᠰᠡᠨ᠎ᠡ᠂ ᠵᠠᠢ ᠢ᠂ ᠱᠠᠩ ᠱᠣ ᠱᠧᠩ ᠶᠠᠮᠤᠨ ᠤ᠋ ᠬᠠᠨ ᠯᠢᠨ ᠰᠢᠦᠸᠠᠢ ᠱᠢ ᠲᠦᠰᠢᠮᠡᠯ ᠸᠠᠩ ᠶᠠᠨ ᠰᠢᠦᠢ ᠶ᠋ᠢ ᠬᠥᠰᠢᠶ᠎ᠡ ᠴᠢᠯᠠᠭᠤᠨ ᠤ᠋ ᠪᠢᠴᠢᠭ ᠢ᠋ ᠪᠢᠴᠢ ᠬᠡᠮᠡᠭᠰᠡᠨ ᠳ᠋ᠦ᠍ᠷ ᠸᠠᠩ ᠶᠠᠨ ᠰᠢᠦᠢ ᠰᠡᠮᠡᠬᠡᠷ ᠶᠤᠸᠠᠨ ᠬᠣᠣ ᠸᠧᠨ ᠳ᠋ᠦ᠍ᠷ ᠥᠭᠦᠯᠡᠷᠦᠨ: 《ᠡᠳᠦᠭᠡ ᠣᠯᠠᠨ ᠪᠢᠯᠳᠠᠤᠴᠢ ᠠᠷᠠᠳ ᠨᠠᠮᠠᠶ᠋ᠢ ᠳᠠᠭᠤᠳᠠᠵᠤ ᠬᠥᠰᠢᠶ᠎ᠡ ᠴᠢᠯᠠᠭᠤᠨ ᠤ᠋ ᠪᠢᠴᠢᠭ ᠢ᠋ ᠪᠢᠴᠢ ᠬᠡᠮᠡᠮᠦᠢ᠂ ᠦᠭᠡ ᠶ᠋ᠢ ᠡᠰᠡ ᠳᠠᠭᠠᠪᠠᠰᠤ ᠯᠠᠪ ᠦᠬᠦᠮᠦᠢ᠂ ᠦᠭᠡ ᠶ᠋ᠢ ᠳᠠᠭᠠᠪᠠᠰᠤ ᠨᠡᠷ᠎ᠡ ᠶᠠᠪᠤᠳᠠᠯ ᠴᠥᠮ ᠬᠣᠭᠣᠰᠣᠨ ᠪᠣᠯᠤᠮᠤᠢ᠂ ᠡᠭᠦᠨ ᠳ᠋ᠦ᠍ᠷ ᠦᠬᠦᠬᠦᠢ ᠳ᠋ᠦ᠍ᠷ ᠬᠦᠷᠬᠦ ᠦᠭᠡᠢ᠂ ᠲᠡᠢᠨ ᠪᠣᠯᠪᠠᠴᠤ ᠪᠢ ᠲᠦᠷ ᠭᠣᠣᠯ ᠶᠣᠰᠣᠨ ᠢ᠋ᠶ᠋ᠠᠷ ᠤᠬᠠᠭᠤᠯᠰᠤᠭᠠᠢ ! 》ᠬᠡᠮᠡᠭᠡᠳ ᠵᠠᠢ ᠢ ᠶ᠋ᠢᠨ ᠵᠦᠭ ᠥᠭᠦᠯᠡᠷᠦᠨ :《ᠴᠧᠩᠰᠢᠶᠠᠩ ᠥᠪᠡᠷ ᠦ᠋ᠨ ᠪᠡᠶ᠎ᠡ ᠳ᠋ᠦ᠍ᠷ ᠮᠠᠭᠤ ᠨᠡᠷ᠎ᠡ ᠶ᠋ᠢ ᠬᠦᠯᠢᠶᠡᠵᠦ᠂ ᠲᠦᠭ ᠲᠦᠮᠡᠨ ᠢᠷᠭᠡᠨ ᠪᠠ ᠬᠠᠭᠠᠨ ᠤ᠋ ᠲᠥᠷᠥᠯ ᠲᠥᠷᠥᠭᠰᠡᠨ ᠨᠡᠢᠲᠡ ᠶ᠋ᠢᠨ ᠦᠬᠦᠬᠦ ᠡᠴᠡ ᠠᠪᠤᠷᠠᠨ ᠭᠡᠲᠦᠯᠭᠡᠬᠦ ᠢᠨᠤ ᠭᠠᠪᠢᠶ᠎ᠠ ᠡᠷᠳᠡᠮ ᠪᠤᠰᠤ ᠶᠠᠭᠤᠨ ? 》ᠬᠡᠮᠡᠬᠦᠢ ᠳ᠋ᠦ᠍ᠷ ᠸᠠᠩ ᠶᠤᠸᠠᠨ ᠰᠢᠦᠢ ᠥᠭᠦᠯᠡᠷᠦᠨ : 《ᠰᠢᠦᠸᠠᠢ ᠱᠢ ᠲᠦᠰᠢᠮᠡᠯ ᠸᠠᠩ ᠤ᠋ᠨ ᠲᠥᠯᠥᠭᠡ ᠭᠠᠪᠢᠶ᠎ᠠ ᠡᠷᠳᠡᠮ ᠦ᠋ᠨ ᠬᠥᠰᠢᠶ᠎ᠡ ᠴᠢᠯᠠᠭᠤᠨ ᠤ᠋ ᠦᠭᠡᠰ ᠢ᠋ ᠵᠣᠬᠢᠶᠠᠨ ᠪᠢᠴᠢᠬᠦᠢ ᠳ᠋ᠦ᠍ᠷ ᠸᠠᠩ ᠤ᠋ᠨ ᠦᠭᠡ ᠶ᠋ᠢ ᠬᠡᠯᠡᠵᠦ ᠪᠣᠯᠤᠮᠤᠢ ᠤᠤ ? ᠵᠢᠴᠢ ᠴᠧᠩᠰᠢᠶᠠᠩ ᠨᠢᠭᠡᠨᠲᠡ ᠨᠡᠢᠰᠯᠡᠯ ᠢ᠋ ᠠᠪᠴᠤ ᠮᠣᠩᠭᠣᠯ ᠳ᠋ᠤᠷ ᠳᠠᠭᠠᠭᠰᠠᠨ ᠲᠤᠯᠠ ᠵᠠᠭᠤᠨ ᠲᠦᠰᠢᠮᠡᠳ ᠴᠥᠮ ᠲᠡᠭᠦᠨ ᠦ᠌ ᠳᠣᠣᠷ᠎ᠠ ᠪᠣᠯᠤᠭᠰᠠᠨ ᠢ᠋ᠶ᠋ᠠᠷ ᠲᠡᠭᠦᠨ ᠦ᠌ ᠡᠭᠦᠳᠡᠨ ᠡᠴᠡ ᠭᠠᠷᠤᠭᠰᠠᠨ ᠲᠦᠰᠢᠮᠡᠳ ᠲᠡᠭᠦᠨ ᠦ᠌ ᠭᠠᠪᠢᠶ᠎ᠠ ᠡᠷᠳᠡᠮ ᠢ᠋ ᠮᠠᠭᠲᠠᠵᠤ ᠬᠣᠢᠰᠢ ᠦᠶ᠎ᠡ ᠳ᠋ᠦ᠍ᠷ ᠬᠡᠷᠬᠢᠨ ᠡᠭᠦᠷᠢᠳᠡ ᠪᠠᠲᠤ ᠪᠣᠯᠭᠠᠨ ᠴᠢᠳᠠᠮᠤᠢ ? 》ᠬᠡᠮᠡᠭᠰᠡᠨ ᠳ᠋ᠦ᠍ᠷ ᠵᠠᠢ ᠢ ᠲᠡᠷᠢᠭᠦᠨ ᠳᠣᠬᠢᠵᠤ ᠵᠢᠬᠡᠭᠦᠨ ᠢ᠋ᠶ᠋ᠡᠷ ᠢᠨᠢᠶᠡᠵᠦ ᠥᠴᠢᠭᠰᠡᠨ ᠦᠭᠡᠢ ᠡᠭᠡᠭᠦᠯᠦᠭᠰᠡᠨ ᠳ᠋ᠦ᠍ᠷ ᠳᠠᠭᠠᠯᠳᠤᠭ᠎ᠠ ᠣᠯᠠᠨ ᠢᠷᠭᠡᠨ ᠪᠦᠭᠦᠳᠡᠭᠡᠷ ᠴᠢᠭᠤᠯᠵᠤ᠂ ᠴᠧᠩᠰᠢᠶᠠᠩ ᠼᠦᠢ ᠯᠢ ᠶ᠋ᠢᠨ ᠣᠯᠠᠨ ᠢᠷᠭᠡᠨ ᠢ᠋ ᠠᠪᠤᠷᠠᠵᠤ ᠭᠠᠷᠭᠠᠭᠰᠠᠨ ᠠᠴᠢ ᠳ᠋ᠤᠷ ᠠᠨᠤ ᠴᠢᠭᠤᠯᠤᠨ ᠢᠷᠡᠵᠦ ᠂ ᠸᠠᠩ ᠶᠤᠸᠠᠨ ᠰᠢᠦᠢ ᠶ᠋ᠢ ᠡᠷᠡᠦᠯᠡᠵᠦ ᠶᠡᠬᠡ ᠬᠥᠰᠢᠶ᠎ᠡ ᠶ᠋ᠢᠨ ᠪᠢᠴᠢᠭ ᠢ᠋ ᠪᠢᠴᠢᠭᠦᠯᠵᠦ᠂ ᠴᠧᠩᠰᠢᠶᠠᠩ ᠼᠦᠢ ᠯᠢ ᠶ᠋ᠢᠨ ᠭᠠᠪᠢᠶ᠎ᠠ ᠵᠢᠳᠬᠦᠯᠭᠡ ᠶ᠋ᠢᠨ ᠶᠡᠬᠡ ᠬᠥᠰᠢᠶ᠎ᠡ ᠶ᠋ᠢ ᠪᠤᠰᠬᠠᠵᠤ᠂ ᠵᠠᠭᠤᠨ ᠵᠡᠷᠭᠡ ᠮᠠᠭᠲᠠᠯᠴᠠᠨ ᠰᠠᠢᠰᠢᠶᠠᠯᠳᠤᠪᠠᠢ᠃
ᠲᠡᠨᠳᠡᠴᠡ ᠠᠯᠲᠠᠨ ᠤᠯᠤᠰ ᠤ᠋ᠨ ᠡᠵᠡᠨ ᠬᠦᠢ ᠳᠧ ᠹᠦ ᠳ᠋ᠦ᠍ᠷ ᠪᠥᠬᠥᠶ᠎ᠡ ᠬᠠᠭᠠᠨ ᠤ᠋ ᠰᠢᠳᠠᠷ ᠴᠡᠷᠢᠭ᠂ ᠾᠧ ᠵᠧᠦ᠂ ᠬᠤᠸᠠᠨ ᠵᠧᠦ ᠡᠴᠡ ᠰᠠᠷᠨᠢᠭᠰᠠᠨ ᠣᠯᠠᠨ ᠴᠡᠷᠢᠭ ᠳᠠᠮ ᠳᠠᠮ ᠢ᠋ᠶ᠋ᠠᠷ ᠴᠢᠭᠤᠯᠤᠨ ᠢᠷᠡᠬᠦᠢ ᠳ᠋ᠦ᠍ᠷ ᠠᠯᠲᠠᠨ ᠤᠯᠤᠰ ᠤ᠋ᠨ ᠵᠠᠩᠵᠤᠨ ᠱᠢ ᠵᠠᠨ ᠨᠢᠦᠢ ᠯᠦ᠍ ᠭᠦᠸᠧ ᠴᠡᠷᠢᠭ ᠲᠦ᠍ᠷ ᠬᠦᠨᠡᠰᠦ ᠥᠭᠴᠦ ᠬᠦᠷᠦᠯᠴᠡᠬᠦ ᠦᠭᠡᠢ ᠡᠴᠡ ᠪᠣᠯᠭᠣᠮᠵᠢᠯᠠᠨ᠂ ᠬᠠᠭᠠᠨ ᠳ᠋ᠤᠷ ᠢ᠋ᠶ᠋ᠠᠨ ᠠᠢᠯᠠᠳᠬᠠᠨ᠂ ᠣᠯᠠᠨ ᠴᠡᠷᠢᠭ ᠦ᠋ᠳ ᠢ᠋ ᠬᠣᠲᠠᠨ ᠠ᠋ᠴᠠ ᠭᠠᠷᠭᠠᠨ ᠰᠦᠢ᠂ ᠴᠧᠨ᠂ ᠰᠢᠦᠢ ᠡᠨᠡ ᠭᠤᠷᠪᠠᠨ ᠵᠧᠦ ᠶ᠋ᠢᠨ ᠭᠠᠵᠠᠷ ᠠ᠋ᠴᠠ ᠠᠮᠤ ᠡᠷᠢᠨ ᠢᠳᠡᠭᠦᠯᠰᠦᠭᠡᠢ ᠬᠡᠮᠡᠬᠦᠢ ᠳ᠋ᠦ᠍ᠷ ᠠᠯᠲᠠᠨ ᠤᠯᠤᠰ ᠤ᠋ᠨ ᠡᠵᠡᠨ ᠮᠥᠨ ᠠᠷᠭ᠎ᠠ ᠦᠭᠡᠢ ᠦᠭᠡ ᠶ᠋ᠢ ᠠᠪᠴᠤ ᠭᠠᠭᠴᠠ ᠶᠡᠬᠡ ᠶᠤᠸᠠᠨᠱᠤᠸᠠᠢ ᠫᠦ ᠴᠠ ᠭᠤᠸᠠᠨ ᠨᠥ ᠶ᠋ᠢᠨ 《ᠵᠦᠩ ᠰᠢᠶᠣᠤ ᠵᠢᠶᠦ᠋ᠨ – ᠰᠢᠳᠤᠷᠭᠤ ᠠᠴᠢᠯᠠᠯᠲᠤ ᠴᠡᠷᠢᠭ 》 ᠦ᠋ᠨ ᠳᠥᠷᠪᠡᠨ ᠵᠠᠭᠤᠨ ᠲᠠᠪᠢᠨ ᠮᠣᠷᠢᠲᠤ ᠴᠡᠷᠢᠭ ᠬᠢᠭᠡᠳ ᠮᠠ ᠵᠦᠩ ᠦ᠋ᠨ ᠳᠣᠯᠣᠭᠠᠨ ᠵᠠᠭᠤᠨ ᠴᠡᠷᠢᠭ ᠢ᠋ ᠦᠯᠡᠳᠡᠭᠡᠵᠦ᠂ ᠣᠯᠠᠨ ᠴᠡᠷᠢᠭ ᠢ᠋ ᠨᠢᠭᠡᠨᠲᠡ ᠬᠣᠲᠠᠨ ᠠ᠋ᠴᠠ ᠭᠠᠷᠭᠠᠭᠠᠳ ᠠᠯᠲᠠᠨ ᠤᠯᠤᠰ ᠤ᠋ᠨ ᠡᠵᠡᠨ ᠫᠦ ᠴᠠ ᠭᠤᠸᠠᠨ ᠨᠦ᠍ ᠶ᠋ᠢ ᠳᠠᠭᠤᠳᠠᠵᠤ ᠵᠠᠷᠯᠢᠭ ᠪᠣᠯᠤᠷᠤᠨ :《ᠱᠢ ᠵᠠᠨ ᠨᠢᠦᠢ ᠯᠦ᠍ ᠭᠦᠸᠧ ᠮᠢᠨᠦ ᠪᠡᠶ᠎ᠡ ᠶ᠋ᠢ ᠬᠠᠮᠠᠭᠠᠯᠠᠬᠤ ᠴᠡᠷᠢᠭ ᠢ᠋ ᠨᠢᠭᠡᠨᠲᠡ ᠴᠥᠮ ᠲᠠᠷᠬᠠᠭᠠᠵᠤᠬᠤᠢ᠃ ᠴᠢᠩ ᠴᠢ ᠰᠠᠢᠲᠤᠷ ᠬᠢᠴᠢᠶᠡᠲᠦᠭᠡᠢ ! 》ᠬᠡᠮᠡᠪᠡᠢ ᠃ ᠫᠦ ᠴᠠ ᠭᠤᠸᠠᠨ ᠨᠦ᠍ ᠳᠣᠲᠣᠷ᠎ᠠ ᠪᠠᠨ ᠰᠡᠳᠬᠢᠷᠦᠨ : ᠮᠠ ᠶᠦᠩ ᠬᠡᠮᠡᠭᠴᠢ ᠤᠭ ᠠ᠋ᠴᠠ ᠬᠦᠢ ᠳᠧ ᠹᠦ ᠶ᠋ᠢᠨ ᠥᠴᠦᠬᠡᠨ ᠴᠡᠷᠢᠭ ᠦ᠋ᠨ ᠬᠥᠮᠦᠨ᠂ ᠨᠢᠭᠡᠨ ᠥᠷᠯᠥᠭᠡ ᠶ᠋ᠢᠨ ᠵᠠᠭᠤᠷ᠎ᠠ ᠮᠠᠨᠳᠤᠭᠰᠠᠨ ᠬᠥᠮᠦᠨ᠂ ᠠᠢᠽᠦ᠋ᠩ ᠬᠠᠭᠠᠨ ᠪᠠᠰᠠ ᠪᠠᠢᠨ ᠪᠠᠢᠨ ᠭᠠᠭᠴᠠ ᠮᠠ ᠶᠦᠩ ᠢ᠋ ᠳᠠᠭᠤᠳᠠᠨ ᠬᠡᠷᠡᠭ ᠵᠥᠪᠡᠯᠡᠵᠦ᠂ ᠲᠡᠭᠦᠨ ᠦ᠌ ᠪᠡᠶ᠎ᠡ ᠶ᠋ᠢ ᠬᠡᠷᠡᠭᠰᠡᠬᠦ ᠦᠭᠡᠢ ᠳ᠋ᠦ᠍ᠷ ᠫᠦ ᠴᠠ ᠭᠤᠸᠠᠨ ᠨᠦ᠍᠂ ᠮᠠ ᠶᠦᠩ ᠢ᠋ ᠠᠷᠢᠯᠭᠠᠬᠤ ᠰᠠᠨᠠᠭᠠᠨ ᠢ᠋ ᠪᠠᠷᠢᠪᠠᠢ᠃
ᠲᠡᠷᠡ ᠲᠤᠬᠠᠢ ᠳ᠋ᠤᠷ ᠮᠣᠩᠭᠣᠯ ᠤ᠋ᠨ ᠲᠦᠮᠡᠲᠡᠢ ᠬᠠᠷᠠᠬᠠᠨ ᠲᠡᠢᠰᠢ ᠪᠤᠯᠤ ᠶ᠋ᠢᠨ ᠵᠠᠬᠢᠶ᠎ᠠ ᠪᠠᠷ ᠪᠦᠸᠧ ᠵᠧᠦ ᠶ᠋ᠢ ᠬᠠᠭᠠᠵᠤ᠂ ᠪᠠᠰᠠ ᠡᠳᠦᠷ ᠪᠦᠷᠢ ᠴᠡᠷᠢᠭ ᠢᠯᠡᠬᠡᠨ ᠬᠦᠢ ᠳᠧ ᠹᠦ ᠶ᠋ᠢ ᠬᠠᠭᠠᠵᠤ ᠬᠠᠷᠢᠶᠠᠯᠭᠠᠨ ᠬᠣᠲᠠ ᠶ᠋ᠢᠨ ᠢᠷᠭᠡᠨ ᠢ᠋ ᠲᠣᠷᠣᠮᠵᠢᠯᠠᠬᠤᠢ ᠳ᠋ᠤᠷ ᠰᠡᠳᠬᠢᠯ ᠳᠣᠯᠭᠢᠰᠤᠨ ᠬᠥᠳᠡᠯᠵᠦ᠂ ᠫᠦ ᠴᠠ ᠭᠤᠸᠠᠨ ᠨᠦ᠍ ᠠᠢᠽᠦ᠋ᠩ ᠬᠠᠭᠠᠨ ᠳ᠋ᠤᠷ ᠠᠢᠯᠠᠳᠬᠠᠨ ᠬᠣᠢᠲᠤ ᠭᠣᠣᠯ ᠢ᠋ ᠭᠡᠲᠦᠯᠵᠦ᠂ ᠠᠯᠳᠠᠭᠰᠠᠨ ᠭᠠᠵᠠᠷ ᠢ᠋ ᠭᠡᠳᠡᠷᠭᠦ ᠪᠠᠢᠯᠳᠤᠨ ᠠᠪᠰᠤᠭᠠᠢ ᠬᠡᠮᠡᠭᠰᠡᠨ ᠢ᠋ ᠱᠢ ᠵᠠᠨ ᠨᠢᠦᠢ ᠯᠦ᠍ ᠭᠦᠸᠧ ᠬᠣᠷᠢᠭᠯᠠᠨ ᠵᠣᠭᠰᠣᠭᠠᠭᠰᠠᠨ ᠳ᠋ᠤᠷ ᠫᠦ ᠴᠠ ᠭᠤᠸᠠᠨ ᠨᠥ ᠪᠠᠶᠠᠷ ᠦᠭᠡᠢ ᠪᠣᠯᠵᠤ᠂ ᠰᠡᠮᠡᠬᠡᠷ ᠸᠠᠨ ᠶᠠᠨ ᠶᠦᠩ ᠠᠨ ᠯᠤᠭ᠎ᠠ ᠵᠥᠪᠳᠡᠵᠦ᠂ ᠠᠢᠽᠦ᠋ᠩ ᠬᠠᠭᠠᠨ ᠢ᠋ ᠠᠪᠴᠤ ᠬᠠᠢ ᠵᠧᠦ ᠳ᠋ᠦ᠍ᠷ ᠡᠴᠢᠰᠦᠭᠡᠢ ᠬᠡᠮᠡᠬᠦᠢ ᠳ᠋ᠦ᠍ᠷ ᠠᠯᠲᠠᠨ ᠤᠯᠤᠰ ᠤ᠋ᠨ ᠡᠵᠡᠨ ᠦᠭᠡ ᠶ᠋ᠢ ᠡᠰᠡ ᠠᠪᠤᠭᠰᠠᠨ ᠳ᠋ᠤᠷ ᠫᠦ ᠴᠠ ᠭᠤᠸᠠᠨ ᠨᠦ᠍ ᠠᠭᠤᠷᠯᠠᠨ ᠬᠣᠷᠣᠰᠴᠤ ᠥᠪᠡᠷ᠎ᠡ ᠰᠠᠨᠠᠭᠠᠨ ᠪᠠᠷᠢᠬᠤ ᠰᠡᠳᠬᠢᠯ ᠲᠣᠭᠲᠠᠭᠰᠠᠨ ᠳ᠋ᠤᠷ ᠲᠡᠭᠦᠨ ᠢ᠋ ᠯᠢ ᠱᠢ ᠰᠣᠨᠣᠰᠤᠭᠠᠳ ᠰᠡᠮᠡᠬᠡᠷ ᠬᠠᠭᠠᠨ ᠳ᠋ᠤᠷ ᠠᠢᠯᠠᠳᠬᠠᠭᠰᠠᠨ ᠳ᠋ᠤᠷ ᠠᠢᠽᠦ᠋ᠩ ᠬᠠᠭᠠᠨ ᠶᠡᠬᠡ ᠯᠡ ᠵᠣᠪᠠᠨᠢᠵᠤ᠂ ᠮᠣᠷᠢᠲᠤ ᠴᠡᠷᠢᠭ ᠦ᠋ᠨ ᠽᠦᠩ ᠯᠢᠩ ᠲᠦᠰᠢᠮᠡᠯ ᠾᠧ ᠱᠢ ᠯᠢᠶ᠋ᠸ᠂ ᠡᠯᠢᠨᠾᠸ ᠪᠠ ᠵᠢᠴᠢ ᠣᠢᠷ᠎ᠠ ᠤᠭᠰᠠᠭ᠎ᠠ ᠶ᠋ᠢᠨ ᠸᠠᠨ ᠶᠠᠨ ᠰᠢ ᠰᠢᠶᠠᠨ ᠨᠠᠷ ᠲᠤᠷ ᠵᠠᠷᠯᠢᠭ ᠪᠠᠭᠤᠯᠭᠠᠨ ᠫᠦ ᠴᠠ ᠭᠤᠸᠠᠨ ᠨᠥ᠍ ᠶ᠋ᠢᠨ ᠪᠠᠢᠳᠠᠯ ᠳᠦᠷᠢᠮ ᠢ᠋ ᠰᠡᠮᠡᠬᠡᠷ ᠲᠡᠩᠰᠡᠭᠲᠦᠨ ᠬᠡᠮᠡᠪᠡᠢ᠃ ᠡᠯᠢᠨᠾᠸ ᠬᠠᠷᠢᠨ ᠬᠠᠭᠠᠨ ᠤ᠋ ᠰᠠᠨᠠᠭᠠᠨ ᠢ᠋ ᠫᠦ ᠴᠠ ᠭᠤᠸᠠᠨ ᠨᠥ ᠳ᠋ᠦ᠍ᠷ ᠴᠥᠮ ᠬᠡᠯᠡᠭᠰᠡᠨ ᠳ᠋ᠦ᠍ᠷ ᠠᠯᠲᠠᠨ ᠤᠯᠤᠰ ᠤ᠋ᠨ ᠡᠵᠡᠨ ᠫᠦ ᠴᠠ ᠭᠤᠸᠠᠨ ᠨᠥ᠂ ᠮᠠ ᠶᠦᠩ ᠨᠠᠷ ᠬᠠᠷᠢᠯᠴᠠᠨ ᠬᠥᠨᠥᠭᠡᠯᠴᠡᠨ ᠰᠠᠮᠠᠭᠤᠨ ᠡᠳᠦᠬᠦ ᠡᠴᠡ ᠠᠶᠤᠵᠤ᠂ ᠴᠧᠩᠰᠢᠶᠠᠩ ᠨᠠᠷ ᠲᠤᠷ ᠵᠠᠷᠯᠢᠭ ᠪᠠᠭᠤᠯᠭᠠᠨ ᠬᠤᠷᠢᠮ ᠪᠡᠯᠡᠳᠬᠡᠵᠦ᠂ ᠫᠦ ᠴᠠ ᠭᠤᠸᠠᠨ ᠨᠦ᠍᠂ ᠮᠠ ᠶᠦᠩ ᠬᠣᠶᠠᠭᠤᠯᠠ ᠶ᠋ᠢ ᠡᠶᠡᠳᠡᠭᠦᠯᠦᠭᠰᠡᠨ ᠳ᠋ᠦ᠍ᠷ ᠮᠠ ᠶᠦᠩ ᠬᠣᠣᠷᠯᠠᠬᠤ ᠶ᠋ᠢ ᠪᠠᠢᠵᠤ ᠪᠡᠯᠡᠳᠬᠡᠯ ᠢ᠋ᠶ᠋ᠡᠨ ᠬᠤᠷᠢᠶᠠᠭᠰᠠᠨ ᠳ᠋ᠤᠷ ᠫᠦ ᠴᠠ ᠭᠤᠸᠠᠨ ᠨᠦ᠍ ᠵᠠᠪᠳᠤᠵᠤ ᠣᠯᠠᠨ ᠢ᠋ᠶ᠋ᠠᠨ ᠠᠪᠴᠤ ᠮᠠ ᠶᠦᠩ ᠦ᠋ᠨ ᠭᠡᠷ ᠲᠦ᠍ᠷ ᠣᠷᠣᠵᠤ᠂ ᠮᠠ ᠶᠦᠩ ᠢ᠋ ᠠᠯᠠᠭᠰᠠᠨ ᠳ᠋ᠤᠷ ᠢ᠋ᠶ᠋ᠠᠨ ᠵᠣᠭᠰᠣᠵᠤ ᠪᠣᠯᠬᠤ ᠦᠭᠡᠢ ᠪᠡᠨ ᠮᠡᠳᠡᠭᠡᠳ ᠶᠠᠭᠠᠷᠠᠨ ᠲᠠᠪᠢᠨ ᠴᠡᠷᠢᠭ ᠢ᠋ᠶ᠋ᠡᠷ ᠬᠠᠭᠠᠨ ᠤ᠋ ᠬᠦᠷᠢᠶ᠎ᠡ ᠪᠦᠰᠡᠯᠡᠵᠦ᠂ ᠣᠯᠠᠨ ᠲᠦᠰᠢᠮᠡᠳ ᠨᠠᠷ ᠢ᠋ ᠳᠦ ᠢᠦᠢ ᠲᠦᠰᠢᠮᠡᠯ ᠮᠣᠤ ᠨᠢᠶᠠᠨ ᠭᠦᠸᠧ ᠶ᠋ᠢᠨ ᠭᠡᠷ ᠲᠦ᠍ᠷ ᠴᠤᠭᠯᠠᠭᠤᠯᠤᠨ ᠴᠡᠷᠢᠭ ᠢ᠋ᠶ᠋ᠡᠷ ᠰᠠᠭᠢᠭᠤᠯᠤᠭᠠᠳ ᠱᠢ ᠵᠠᠨ ᠨᠢᠦᠢ ᠯᠦ᠍ ᠭᠦᠸᠧ ᠶ᠋ᠢ ᠬᠥᠭᠡᠭᠡᠵᠦ ᠲᠡᠭᠦᠨ ᠦ᠌ ᠭᠡᠷ ᠲᠦ᠍ᠷ ᠠᠪᠠᠴᠢᠵᠤ᠂ ᠨᠢᠭᠤᠭᠰᠠᠨ ᠠᠯᠲᠠᠨ ᠮᠥᠩᠭᠥᠨ ᠡᠳ᠋ ᠲᠠᠸᠠᠷ ᠢ᠋ ᠴᠥᠮ ᠭᠠᠷᠭᠠᠵᠤ ᠠᠪᠤᠭᠰᠠᠨ ᠬᠣᠢᠨ᠎ᠠ᠂ ᠱᠢ ᠵᠠᠨ ᠨᠢᠦᠢ ᠯᠦ᠍ ᠭᠦᠸᠧ ᠶ᠋ᠢ ᠠᠯᠠᠭᠠᠳ ᠪᠠᠰᠠ ᠳᠦ ᠢᠦᠢ ᠲᠦᠰᠢᠮᠡᠯ ᠮᠠ ᠱᠢ ᠶ᠋ᠢ ᠬᠤᠶᠠᠭ ᠡᠮᠦᠰᠬᠡᠨ ᠵᠡᠪᠰᠡᠭ ᠪᠠᠷᠢᠭᠤᠯᠵᠤ᠂ ᠪᠠᠰᠠ ᡁᠢ ᠵᠧᠩ ᠲᠦᠰᠢᠮᠡᠯ ᠪᠠ ᠨᠥ᠍ ᠱᠠᠨ ᠢ᠋ ᠴᠢᠷᠦᠭᠦᠯᠦᠨ ᠠᠢᠽᠦ᠋ᠩ ᠬᠠᠭᠠᠨ ᠤ᠋ ᠡᠮᠦᠨ᠎ᠡ ᠠᠪᠠᠴᠢᠭᠰᠠᠨ ᠳ᠋ᠤᠷ ᠠᠢᠽᠦ᠋ᠩ ᠬᠠᠭᠠᠨ ᠪᠠᠷᠢᠭᠰᠠᠨ ᠰᠡᠯᠡᠮ᠎ᠡ ᠪᠡᠨ ᠭᠠᠵᠠᠷ ᠲᠤᠷ ᠲᠠᠶᠠᠭᠳᠠᠵᠤ᠂ ᠮᠠ ᠱᠢ ᠶ᠋ᠢᠨ ᠵᠦᠭ ᠥᠭᠦᠯᠡᠷᠦᠨ :《ᠴᠢ ᠮᠢᠨᠦ ᠲᠥᠯᠥᠭᠡ ᠶᠤᠸᠠᠨᠱᠤᠸᠠᠢ ᠳ᠋ᠤᠷ ᠬᠡᠯᠡᠭᠲᠦᠨ ᠮᠢᠨᠦ ᠡᠮᠦᠨ᠎ᠡ ᠭᠠᠭᠴᠠ ᠡᠨᠡ ᠨᠢᠭᠡᠬᠡᠨ ᠬᠥᠮᠦᠨ ᠪᠣᠢ᠂ ᠪᠢ ᠡᠭᠦᠨ ᠢ᠋ ᠦᠯᠡᠳᠡᠭᠡᠵᠦ ᠵᠠᠷᠤᠴᠠᠯᠠᠰᠤᠭᠠᠢ᠃ 》 ᠬᠡᠮᠡᠬᠦᠢ ᠳ᠋ᠦ᠍ᠷ ᠮᠠ ᠱᠢ ᠡᠭᠡᠵᠦᠬᠦᠢ᠃ ᠡᠭᠦᠨ ᠳ᠋ᠦ᠍ᠷ ᠫᠦ ᠴᠠ ᠭᠤᠸᠠᠨ ᠨᠥ᠍ ᠬᠡᠳᠦ ᠬᠡᠳᠦᠨ ᠲᠥᠷᠥ ᠶ᠋ᠢᠨ ᠲᠦᠰᠢᠮᠡᠳ ᠢ᠋ ᠠᠯᠠᠵᠤ᠂ ᠯᠢ ᠱᠢ ᠡᠴᠡ ᠲᠡᠷᠢᠭᠦᠯᠡᠨ ᠭᠤᠷᠪᠠᠨ ᠵᠠᠭᠤᠨ ᠢᠯᠡᠭᠦᠦ ᠬᠥᠮᠦᠨ ᠦᠬᠦᠵᠦ᠂ ᠴᠡᠷᠢᠭ ᠭᠤᠷᠪᠠᠨ ᠮᠢᠩᠭᠠᠨ ᠢᠯᠡᠭᠦᠦ ᠠᠯᠠᠭᠳᠠᠪᠠ᠃ ᠰᠥᠨᠢ ᠪᠣᠯᠤᠭᠰᠠᠨ ᠬᠣᠢᠨ᠎ᠠ ᠫᠦ ᠴᠠ ᠭᠤᠸᠠᠨ ᠨᠥ᠍ ᠵᠡᠪᠰᠡᠭ ᠪᠠᠷᠢᠵᠤ ᠣᠷᠳᠣᠨ ᠳ᠋ᠤᠷ ᠣᠷᠣᠭᠠᠳ ᠠᠢᠽᠦ᠋ᠩ ᠬᠠᠭᠠᠨ ᠤ᠋ ᠡᠮᠦᠨ᠎ᠡ ᠡᠴᠢᠵᠦ ᠠᠢᠯᠠᠳᠬᠠᠷᠤᠨ :《ᠱᠢ ᠵᠠᠨ ᠨᠢᠦᠢ ᠯᠦ᠍ ᠭᠦᠸᠧ ᠨᠠᠷ ᠤᠷᠪᠠᠭᠰᠠᠨ ᠲᠤᠯᠠ ᠰᠠᠢᠳ ᠪᠢ ᠠᠯᠠᠪᠠᠢ᠂ ᠰᠠᠢᠳ ᠪᠢ ᠤᠭ ᠠ᠋ᠴᠠ ᠡᠵᠡᠨ ᠦ᠌ ᠡᠮᠦᠨ᠎ᠡ ᠵᠢᠳᠬᠦᠵᠦ ᠦᠬᠦᠰᠦᠭᠡᠢ ᠬᠡᠮᠡᠭᠰᠡᠨ ᠪᠥᠯᠥᠭᠡ᠂ ᠰᠠᠨᠠᠮᠰᠠᠷ ᠦᠭᠡᠢ ᠵᠠᠪᠰᠠᠷ ᠲᠤᠷ ᠮᠠᠭᠤ ᠠᠷᠠᠳ ᠡᠵᠡᠨ ᠢ᠋ ᠵᠠᠪᠰᠠᠷᠳᠠᠭᠤᠯᠤᠨ ᠨᠠᠮᠠᠶ᠋ᠢ ᠡᠨᠡ ᠮᠡᠲᠦ ᠳ᠋ᠦ᠍ᠷ ᠬᠦᠷᠭᠡᠵᠦᠬᠦᠢ᠂ ᠮᠠᠭᠤ ᠨᠡᠷ᠎ᠡ ᠡᠴᠡ ᠬᠡᠯᠲᠦᠷᠢᠨ ᠴᠢᠳᠠᠬᠤ ᠦᠭᠡᠢ ᠲᠤᠯᠠ ᠬᠡᠷᠬᠢᠨ ᠦᠬᠦᠬᠦ ᠡᠴᠡ ᠠᠶᠤᠵᠤ ᠪᠣᠯᠤᠮᠤᠢ ? 》ᠬᠡᠮᠡᠬᠦᠢ ᠳ᠋ᠦ᠍ᠷ ᠠᠢᠽᠦ᠋ᠩ ᠬᠠᠭᠠᠨ ᠠᠷᠭ᠎ᠠ ᠦᠭᠡᠢ᠂ ᠱᠢ ᠵᠠᠨ ᠨᠢᠦᠢ ᠯᠦ᠍ ᠭᠦᠸᠧ ᠶ᠋ᠢᠨ ᠶᠠᠯ᠎ᠠ ᠶ᠋ᠢ ᠲᠣᠭᠠᠴᠢᠵᠤ᠂ ᠫᠦ ᠴᠠ ᠭᠤᠸᠠᠨ ᠨᠥ᠍ ᠶ᠋ᠢ ᠲᠦᠷ ᠼᠠᠨ ᡁᠢ ᠱᠢ ᠲᠦᠰᠢᠮᠡᠯ ᠭᠡᠮᠡᠨ ᠵᠠᠰᠠᠭ ᠤ᠋ᠨ ᠬᠡᠷᠡᠭ ᠢ᠋ ᠬᠠᠪᠰᠤᠷᠤᠨ ᠰᠢᠳᠬᠡᠬᠦ ᠲᠦᠰᠢᠮᠡᠯ ᠡᠷᠭᠦᠮᠵᠢᠯᠡᠵᠦ᠂ ᠶᠡᠬᠡ ᠬᠡᠷᠡᠭ ᠢ᠋ ᠲᠤᠰᠢᠶᠠᠪᠠᠢ᠃
ᠡᠭᠦᠨ ᠳ᠋ᠦ᠍ᠷ ᠣᠳᠣ ᠪᠢᠶᠠᠨ ᠯᠢᠶᠠᠩ ᠤ᠋ᠨ ᠬᠡᠷᠡᠭ ᠢ᠋ ᠬᠡᠯᠡᠬᠦ ᠢᠨᠦ᠂ ᠡᠨᠡ ᠬᠢᠷᠢ ᠮᠣᠩᠭᠣᠯ ᠤ᠋ᠨ ᠲᠠᠢᠽᠦ᠋ᠩ ᠥᠭᠡᠳᠡᠢ ᠬᠠᠭᠠᠨ ᠤ᠋ ᠶᠡᠬᠡ ᠴᠡᠷᠢᠭ ᠡᠮᠦᠨ᠎ᠡ ᠵᠦᠭ ᠣᠷᠣᠵᠤ᠂ ᠾᠧ ᠯᠢᠨ ᠦ᠌ ᠭᠠᠵᠠᠷ ᠶᠡᠬᠡ ᠴᠡᠷᠢᠭ ᠢ᠋ ᠪᠠᠭᠤᠳᠠᠯᠯᠠᠵᠤ᠂ ᠪᠢᠶᠠᠨ ᠯᠢᠶᠠᠩ ᠢ᠋ ᠠᠪᠬᠤᠢ ᠶ᠋ᠢ ᠱᠠᠭᠠᠷᠳᠠᠬᠤᠢ ᠳ᠋ᠤᠷ ᠲᠠᠢᠰᠢ ᠪᠤᠯᠤ ᠬᠥᠪᠡᠭᠦᠨ ᠪᠡᠷᠢ ᠪᠠ ᠲᠠᠪᠤᠨᠠᠩ ᠨᠠᠨᠰᠠᠷ᠂ ᠵᠠᠩᠵᠤᠨ ᠰᠥᠪᠡᠬᠡᠲᠡᠢ ᠨᠠᠷ ᠢ᠋ ᠠᠪᠴᠤ ᠪᠢᠶᠠᠨ ᠯᠢᠶᠠᠩ ᠤ᠋ᠨ ᠶᠡᠬᠡ ᠲᠥᠯᠥᠪ ᠢ᠋ ᠳᠠᠭᠠᠭᠤᠯᠤᠨ᠂ ᠼᠦᠢ ᠯᠢ ᠶ᠋ᠢ ᠲᠦᠷᠭᠡᠨ᠎ᠡ ᠪᠢᠶᠠᠨ ᠵᠢᠩ ᠦ᠋ᠨ ᠨᠡᠢᠲᠡ ᠶ᠋ᠢ ᠡᠷᠭᠦᠵᠦ ᠳᠠᠭᠠᠭᠤᠯ ᠭᠡᠮᠡᠨ ᠱᠠᠭᠠᠷᠳᠠᠭᠠᠳ ᠰᠥᠪᠡᠭᠡᠲᠡᠢ᠂ ᠨᠠᠨᠰᠠᠷ ᠬᠣᠶᠠᠭᠤᠯᠠ ᠥᠭᠦᠯᠡᠷᠦᠨ : 《ᠡᠨᠡ ᠬᠣᠲᠠᠨ ᠢ᠋ ᠪᠦᠷᠢᠨ᠎ᠡ ᠠᠪᠬᠤᠢ ᠳ᠋ᠤᠷ ᠡᠷᠬᠡᠪᠰᠢ ᠬᠡᠰᠢᠭ ᠰᠦᠷ ᠢ ᠠᠳᠠᠯᠢ ᠵᠠᠷᠯᠠᠬᠤ ᠬᠡᠷᠡᠭᠲᠡᠢ᠂ ᠲᠠᠢᠰᠢ ᠥᠷᠥᠰᠢᠶᠡᠯ ᠢ᠋ ᠢᠨᠦ ᠵᠠᠷᠯᠠᠨ᠂ ᠪᠢᠳᠡ ᠰᠦᠷ ᠢ᠋ ᠢᠨᠤ ᠶᠠᠪᠤᠭᠤᠯᠰᠤᠭᠠᠢ᠂ ᠪᠢᠳᠡ ᠭᠠᠭᠴᠠ ᠠᠯᠠᠬᠤ ᠶ᠋ᠢ ᠠᠨᠤ ᠮᠡᠳᠡᠰᠦᠭᠡᠢ᠂ ᠲᠠᠢᠰᠢ ᠭᠠᠭᠴᠠ ᠠᠪᠤᠷᠠᠬᠤ ᠪᠠᠷ ᠠᠨᠤ ᠶᠠᠪᠤᠲᠤᠭᠠᠢ᠂ ᠡᠢᠨ ᠦᠭᠡᠢ ᠪᠣᠯᠪᠠᠰᠤ ᠰᠠᠢᠨ ᠮᠠᠭᠤ ᠶ᠋ᠢ ᠨᠡᠢᠲᠡ ᠪᠡᠷ ᠵᠠᠷᠯᠠᠬᠤᠢ ᠳ᠋ᠤᠷ ᠪᠡᠷᠬᠡ ! 》 ᠬᠡᠮᠡᠭᠰᠡᠨ ᠳ᠋ᠦ᠍ᠷ ᠲᠠᠢᠰᠢ ᠪᠤᠯᠤ ᠶᠡᠬᠡᠯ᠎ᠡ ᠪᠠᠶᠠᠷᠯᠠᠨ ᠥᠭᠦᠯᠡᠷᠦᠨ :《ᠲᠠ ᠮᠠᠭᠤ ᠨᠡᠷ᠎ᠡ ᠶ᠋ᠢ ᠠᠪᠬᠤ ᠠ᠋ᠴᠠ ᠠᠶᠤᠬᠤ ᠦᠭᠡᠢ ᠤᠤ ? 》 ᠰᠥᠪᠡᠭᠡᠲᠡᠢ ᠨᠠᠷ ᠥᠴᠢᠷᠦᠨ :《ᠲᠠᠢᠰᠢ ᠬᠡᠮᠡᠭᠴᠢ ᠤᠯᠤᠰ ᠤ᠋ᠨ ᠲᠣᠪᠴᠢᠶ᠎ᠠ᠂ ᠵᠠᠩᠵᠤᠨ ᠬᠡᠮᠡᠭᠴᠢ ᠤᠯᠤᠰ ᠤ᠋ᠨ ᠰᠦᠷ᠂ ᠡᠭᠦᠨ ᠳ᠋ᠦ᠍ᠷ ᠶᠠᠮᠪᠠᠷ ᠠᠶᠤᠬᠤ ᠭᠠᠵᠠᠷ ᠪᠣᠢ ! 》ᠭᠡᠮᠡᠨ ᠳᠠᠷᠤᠢ ᠼᠦᠢ ᠯᠢ ᠶ᠋ᠢ ᠰᠢᠪᠠᠳᠠᠭᠤᠯᠪᠠ᠃
ᠲᠡᠳᠦᠢ ᠼᠦᠢ ᠯᠢ ᠬᠡᠷᠡᠭ ᠲᠦᠷᠭᠡᠨ ᠪᠣᠯᠤᠭᠰᠠᠨ ᠢ᠋ ᠮᠡᠳᠡᠭᠡᠳ ᠠᠷᠭ᠎ᠠ ᠦᠭᠡᠢ ᠬᠣᠲᠠᠨ ᠤ᠋ ᠳᠣᠲᠣᠷᠠᠬᠢ ᠡᠯ᠎ᠡ ᠵᠦᠢᠯ ᠢ᠋ ᠬᠣᠷᠢᠶᠠᠨ ᠪᠠᠭᠴᠠᠯᠠᠬᠤᠢ ᠳ᠋ᠤᠷ ᠬᠣᠲᠠ ᠶ᠋ᠢᠨ ᠣᠯᠠᠨ ᠲᠡᠭᠷᠢ ᠶ᠋ᠢᠨ ᠴᠠᠭ ᠢ᠋ ᠦᠯᠦ ᠮᠡᠳᠡᠨ᠂ ᠼᠦᠢ ᠯᠢ ᠶ᠋ᠢ ᠮᠣᠩᠭᠣᠯ ᠳ᠋ᠤᠷ ᠳᠠᠭᠠᠪᠠ ᠭᠡᠮᠡᠨ ᠪᠦᠭᠦᠳᠡᠭᠡᠷ ᠲᠡᠭᠦᠨ ᠳ᠋ᠦ᠍ᠷ ᠮᠠᠭᠤ ᠨᠡᠷ᠎ᠡ ᠵᠡᠭᠦᠯᠭᠡᠨ ᠥᠭᠦᠯᠡᠯᠳᠦᠷᠦᠨ : 《 ᠼᠦᠢ ᠯᠢ ᠬᠠᠭᠠᠨ ᠤ᠋ ᠤᠨᠵᠢᠯᠭᠠᠲᠤ ᠮᠠᠯᠠᠭ᠎ᠠ ᠪᠠ ᠯᠤᠤ ᠶ᠋ᠢᠨ ᠬᠤᠪᠴᠠᠳ ᠬᠢᠭᠡᠳ ᠲᠠᠢᠬᠡᠦ᠂ ᠬᠤᠸᠠᠩᠬᠡᠦ ᠶ᠋ᠢᠨ ᠴᠢᠮᠡᠭ ᠬᠤᠪᠴᠠᠳ ᠢ ᠰᠥᠪᠡᠬᠡᠲᠡᠢ ᠳ᠋ᠦ᠍ᠷ ᠬᠦᠷᠭᠡᠭᠦᠯᠪᠡ᠃ ᠪᠠᠰᠠ ᠬᠣᠲᠠ ᠶ᠋ᠢᠨ ᠳᠣᠲᠣᠷᠠᠬᠢ ᠠᠯᠲᠠᠨ ᠮᠥᠩᠭᠥᠨ ᠢ᠋ ᠨᠡᠩᠵᠢᠨ ᠠᠪᠬᠤᠢ ᠳ᠋ᠤᠷ ᠣᠯᠠᠨ ᠬᠥᠮᠦᠨ ᠢ᠋ ᠭᠠᠯ ᠢ᠋ᠶ᠋ᠠᠷ ᠲᠥᠭᠡᠨᠡᠵᠦ᠂ ᠤᠰᠤᠨ ᠢ᠋ᠶ᠋ᠠᠷ ᠴᠠᠴᠠᠭᠠᠵᠤ ᠡᠯᠳᠡᠪ ᠢ᠋ᠶ᠋ᠡᠷ ᠡᠷᠡᠭᠦᠳᠡᠨ ᠶᠠᠪᠤᠮᠤᠢ᠃ 》 ᠪᠠᠶᠠᠨ ᠡᠷᠬᠢᠮ ᠭᠡᠷ ᠦ᠋ᠨ ᠠᠷᠠᠳ ᠲᠡᠭᠦᠨ ᠦ᠌ ᠮᠠᠭᠤ ᠳ᠋ᠤᠷ ᠲᠡᠰᠬᠦ ᠦᠭᠡᠢ ᠰᠡᠮᠡᠬᠡᠷ ᠬᠡᠯᠡᠯᠴᠡᠬᠦ ᠢᠨᠦ : 《ᠤᠷᠢᠳᠤ ᠵᠢᠯ ᠬᠣᠲᠠ ᠬᠠᠭᠠᠭᠳᠠᠨ ᠡᠪᠡᠳᠴᠢᠨ ᠳᠡᠭᠳᠡᠵᠦ᠂ ᠬᠡᠳᠦᠬᠡᠨ ᠰᠠᠷ᠎ᠠ ᠶ᠋ᠢᠨ ᠳᠣᠲᠣᠷ᠎ᠠ ᠵᠠᠭᠤᠨ ᠲᠦᠮᠡᠨ ᠢᠯᠡᠭᠦᠦ ᠬᠥᠮᠦᠨ ᠦᠬᠦᠬᠦᠢ ᠳ᠋ᠦ᠍ᠷ ᠪᠢᠳᠡ ᠬᠣᠴᠣᠷᠤᠭᠠᠳ ᠡᠨᠡ ᠵᠣᠪᠠᠯᠠᠩ ᠳ᠋ᠤᠷ ᠤᠴᠠᠷᠠᠪᠠ ᠭᠡᠮᠡᠨ ᠬᠣᠷᠤᠰᠤᠯᠴᠠᠮᠣᠢ᠃ 》ᠭᠡᠮᠡᠨ ᠦᠭᠡ ᠡᠳᠦᠭᠰᠡᠨ ᠳ᠋ᠦ᠍ᠷ ᠼᠦᠢ ᠯᠢ ᠰᠣᠨᠣᠰᠴᠤ ᠥᠭᠦᠯᠡᠷᠦᠨ :《ᠲᠡᠭᠷᠢ ᠶ᠋ᠢᠨ ᠴᠠᠭ ᠢ᠋ ᠮᠡᠳᠡᠬᠦ ᠦᠭᠡᠢ ᠮᠤᠩᠬᠠᠭ ᠠᠷᠠᠳ ᠶᠠᠭᠤᠨ ᠬᠡᠯᠡᠪᠡᠰᠦ ᠬᠡᠯᠡᠲᠦᠭᠡᠢ ! ᠪᠢ ᠭᠠᠭᠴᠠ ᠥᠪᠡᠷ ᠦ᠋ᠨ ᠨᠢᠭᠡᠨ ᠪᠡᠶ᠎ᠡ ᠳ᠋ᠦ᠍ᠷ ᠪᠠᠷᠠᠰᠢ ᠦᠭᠡᠢ ᠮᠠᠭᠤ ᠨᠡᠷ᠎ᠡ ᠶ᠋ᠢ ᠡᠷᠭᠦᠵᠦ ᠠᠪᠤᠭᠠᠳ ᠵᠠᠭᠤᠨ ᠲᠦᠮᠡᠨ ᠢ᠋ ᠠᠪᠤᠷᠠᠨ ᠭᠠᠷᠭᠠᠵᠤ᠂ ᠬᠠᠭᠠᠨ ᠤ᠋ ᠡᠷᠦᠬᠡ ᠠᠮᠠᠨ ᠢ᠋ ᠬᠠᠮᠠᠭᠠᠯᠠᠨ ᠡᠰᠡ ᠠᠯᠠᠭᠤᠯᠪᠠᠰᠤ ᠪᠠᠷᠠᠪᠠ !》ᠭᠡᠮᠡᠨ ᠳᠠᠷᠤᠢ ᠲᠡᠭᠦᠨ ᠦ᠌ ᠡᠮ᠎ᠡ ᠯᠦ᠍ᠭᠡ ᠣᠷᠳᠣᠨ ᠳ᠋ᠤᠷ ᠣᠷᠣᠵᠤ᠂ ᠲᠠᠢᠬᠡᠦ᠂ ᠬᠤᠸᠠᠩᠬᠡᠦ ᠶ᠋ᠢᠨ ᠦᠬᠦᠬᠦ ᠠᠮᠢᠳᠤᠷᠠᠬᠤ ᠳᠤᠷ᠎ᠠ ᠶ᠋ᠢ ᠡᠰᠢᠯᠡᠵᠦ᠂ ᠴᠥᠮ ᠦᠬᠦᠬᠦ ᠳᠤᠷ᠎ᠠ ᠦᠭᠡᠢ ᠬᠡᠮᠡᠬᠦ ᠲᠤᠯᠠ ᠡᠷᠬᠡᠪᠰᠢ ᠠᠮᠢᠳᠤᠷᠠᠬᠤ ᠵᠠᠮ ᠢ᠋ ᠪᠡᠯᠡᠳᠭᠡ ᠭᠡᠮᠡᠨ ᠬᠦᠨᠳᠦ ᠱᠠᠩ ᠪᠠᠭᠤᠯᠭᠠᠬᠤᠢ ᠳ᠋ᠤᠷ ᠼᠦᠢ ᠯᠢ ᠰᠡᠮᠡᠬᠡᠷ ᠠᠢᠯᠠᠳᠬᠠᠷᠤᠨ : 《ᠲᠡᠭᠷᠢ ᠶ᠋ᠢᠨ ᠴᠠᠭ ᠨᠢᠭᠡᠨᠲᠡ ᠮᠣᠩᠭᠣᠯ ᠳ᠋ᠤᠷ ᠪᠣᠯᠪᠠᠢ᠂ ᠵᠥᠷᠢᠴᠡᠬᠦᠶᠡ ᠪᠡᠷᠬᠡ᠂ ᠬᠡᠷᠡᠭ ᠦᠭᠡᠢ ᠲᠡᠭᠷᠢ ᠶ᠋ᠢ ᠰᠥᠷᠴᠦ ᠦᠬᠦᠬᠦ ᠡᠴᠡ ᠣᠯᠠᠨ ᠬᠥᠮᠦᠨ ᠦ᠌ ᠰᠠᠨᠠᠭᠠᠨ ᠢ᠋ ᠠᠪᠴᠤ ᠮᠣᠩᠭᠣᠯ ᠳ᠋ᠤᠷ ᠳᠠᠭᠠᠵᠤ ᠮᠢᠬ᠎ᠠ ᠶ᠋ᠢᠨ ᠪᠡᠶ᠎ᠡ ᠶ᠋ᠢ ᠬᠠᠮᠠᠭᠠᠯᠠᠬᠤ ᠢᠨᠦ ᠡᠷᠬᠢᠮ᠂ ᠦᠬᠦᠭᠡᠳ ᠬᠠᠭᠠᠨ ᠢ᠋ ᠳᠠᠬᠢᠨ ᠪᠠᠢᠭᠤᠯᠵᠤ ᠴᠢᠳᠠᠬᠤ ᠦᠭᠡᠢ ᠲᠤᠯᠠ ᠠᠮᠢᠳᠤ ᠪᠠᠷ ᠳᠠᠭᠠᠵᠤ ᠠᠯᠭᠤᠷ ᠪᠣᠳᠣᠬᠤᠢ ᠳ᠋ᠤᠷ ᠬᠦᠷᠬᠦ ᠦᠭᠡᠢ᠃ ᠡᠳᠦᠭᠡ ᠬᠠᠭᠠᠨ ᠤ᠋ ᠬᠥᠬᠥᠯᠲᠦ ᠡᠬᠡ ᠶ᠋ᠢ ᠬᠠᠭᠠᠨ ᠳ᠋ᠤᠷ ᠵᠠᠷᠤᠵᠤ᠂ ᠬᠠᠭᠠᠨ ᠢ᠋ ᠮᠥᠨ ᠰᠠᠢᠬᠠᠨ ᠢ᠋ᠶ᠋ᠠᠷ ᠳᠠᠭᠠᠭᠤᠯᠰᠤᠭᠠᠢ᠂ ᠡᠨᠳᠡ ᠯᠢᠶᠠᠩ ᠸᠠᠩ ᠴᠧᠩ ᠺᠧ ᠪᠣᠢ ᠲᠤᠯᠠ ᠣᠷᠳᠣᠨ ᠤ᠋ ᠣᠯᠠᠨ ᠢ᠋ ᠲᠦᠷ ᠬᠠᠮᠠᠭᠠᠯᠠᠵᠤ ᠪᠣᠯᠤᠮᠤᠢ ! 》 ᠭᠡᠮᠡᠨ ᠶᠠᠪᠤᠭᠤᠯᠤᠭᠠᠳ ᠼᠦᠢ ᠯᠢ᠂ ᠲᠠᠢᠬᠡᠦ ᠸᠠᠩ ᠱᠢ᠂ ᠬᠤᠸᠠᠩᠬᠡᠦ ᠲᠦ ᠳ᠋ᠠᠨ ᠱᠢ᠂ ᠯᠢᠶᠠᠩ ᠸᠠᠩ ᠴᠧᠩ ᠺᠧ ᠵᠢᠴᠢ ᠵᠢᠩ ᠸᠠᠩ ᠱᠥ ᠴᠦᠨ ᠬᠢᠭᠡᠳ ᠣᠯᠠᠨ ᠪᠢᠨ ᠹᠧᠢ ᠨᠡᠢᠲᠡ ᠭᠤᠴᠢᠨ ᠳᠣᠯᠣᠭᠠᠨ ᠲᠡᠷᠭᠡ ᠤᠭᠰᠠᠭ᠎ᠠ ᠶ᠋ᠢᠨ ᠡᠷ᠎ᠡ ᠡᠮ᠎ᠡ ᠶ᠋ᠢ ᠠᠪᠴᠤ ᠡᠭᠦᠨ ᠡᠴᠡ ᠭᠠᠳᠠᠨ᠎ᠠ ᠪᠠᠰᠠ ᠤᠭᠰᠠᠭ᠎ᠠ ᠶ᠋ᠢᠨ ᠲᠠᠪᠤᠨ ᠵᠠᠭᠤᠨ ᠢᠯᠡᠭᠦᠦ ᠬᠥᠮᠦᠨ ᠢ᠋ ᠠᠪᠴᠤ ᠵᠢᠴᠢ ᠺᠦᠩ ᠹᠦᠽᠢ ᠶ᠋ᠢᠨ ᠦᠷ᠎ᠡ ᠺᠦᠩ ᠶᠤᠸᠠᠨ ᠼᠠᠢ᠂ ᠠᠯᠳᠠᠷᠲᠤ ᠡᠷᠳᠡᠮᠲᠡᠨ ᠯᠢᠶᠠᠩ ᡁᠢ ᠡᠴᠡ ᠳᠠᠷᠠᠭᠠᠯᠠᠨ ᠭᠤᠷᠪᠠᠨ ᠰᠤᠷᠭᠠᠭᠤᠯᠢ ᠬᠢᠭᠡᠳ ᠤᠷᠤᠰᠬᠠᠯ ᠤ᠋ᠨ ᠣᠯᠠᠨ ᠡᠭᠦᠳᠡᠨ ᠦ᠌ ᠡᠷᠳᠡᠮᠲᠡᠨ ᠦᠢᠯᠡᠳᠦᠭᠴᠢᠳ᠂ ᠤᠷᠠᠴᠤᠳ ᠠᠷᠠᠯᠵᠢᠶ᠎ᠠ ᠪᠢᠴᠢᠭᠡᠴᠢ ᠨᠠᠷ ᠪᠠ ᠬᠠᠳᠬᠤᠮᠠᠯ ᠣᠶᠣᠬᠤ ᠥᠬᠢᠳ᠂ ᠤᠷᠢᠳᠠ ᠶ᠋ᠢᠨ ᠥᠭᠭᠦᠮᠦᠢ ᠬᠡᠮᠡᠭᠰᠡᠨ ᠨᠡᠢᠲᠡ ᠪᠦᠬᠦᠨ ᠢ᠋ ᠪᠦᠷᠢᠳᠬᠡᠨ ᠠᠪᠴᠤ ᠴᠠᠩ ᠴᠧᠩ ᠳ᠋ᠦ᠍ᠷ ᠰᠠᠭᠤᠬᠤ ᠰᠥᠪᠡᠬᠡᠲᠡᠢ ᠪᠠᠭᠠᠲᠤᠷ ᠲᠤᠷ ᠬᠦᠷᠭᠡᠵᠦ ᠢᠷᠡᠭᠰᠡᠨ ᠳ᠋ᠦ᠍ᠷ ᠰᠥᠪᠡᠭᠡᠲᠡᠢ ᠤᠭᠲᠤᠨ ᠭᠠᠷᠴᠤ ᠪᠠᠢᠴᠠᠭᠠᠨ ᠠᠪᠤᠭᠠᠳ ᠶᠡᠬᠡ ᠬᠤᠷᠢᠮ ᠬᠤᠷᠢᠮᠯᠠᠵᠤ ᠰᠥᠨᠢ ᠭᠤᠷᠪᠠᠨ ᠵᠢᠩ ᠦ᠋ᠨ ᠴᠠᠭ ᠲᠤᠷ ᠭᠡᠨᠡᠳᠲᠡ ᠶᠡᠬᠡ ᠬᠡᠩᠭᠡᠷᠭᠡ ᠴᠣᠬᠢᠵᠤ ᠴᠡᠷᠢᠭ ᠢ᠋ᠶ᠋ᠡᠷ ᠪᠦᠰᠡᠯᠡᠭᠦᠯᠦᠨ᠂ ᠬᠦᠷᠢᠶ᠎ᠡ ᠭᠠᠷᠭᠠᠵᠤ ᠯᠢᠶᠠᠩ ᠸᠠᠩ ᠴᠧᠩ ᠺᠧ ᠪᠠ ᠵᠢᠩ ᠸᠠᠩ ᠱᠧᠦ ᠴᠦᠨ ᠬᠣᠶᠠᠭᠤᠯᠠ ᠲᠡᠷᠢᠭᠦᠯᠡᠨ ᠸᠠᠨ ᠶᠠᠨ ᠤᠭᠰᠠᠭ᠎ᠠ ᠶ᠋ᠢᠨ ᠬᠥᠮᠦᠰ ᠢ᠋ ᠲᠦᠯᠬᠢᠨ ᠭᠠᠷᠭᠠᠵᠤ᠂ ᠵᠤᠯᠠ ᠶ᠋ᠢᠨ ᠳᠣᠣᠷ᠎ᠠ ᠴᠥᠮ ᠢ᠋ ᠠᠯᠠᠵᠤ ᠶᠠᠰᠤ ᠶ᠋ᠢ ᠣᠪᠣᠭᠠᠯᠠᠨ ᠰᠢᠲᠠᠭᠠᠭᠠᠳ ᠪᠤᠰᠤ ᠶ᠋ᠢ ᠠᠨᠤ ᠴᠥᠮ ᠲᠠᠢᠰᠢ ᠳ᠋ᠤᠷ ᠬᠦᠷᠭᠡᠵᠦ ᠠᠪᠴᠤ ᠢᠷᠡᠭᠰᠡᠨ ᠳ᠋ᠦ᠍ᠷ ᠲᠠᠢᠰᠢ ᠪᠤᠯᠤ᠂ ᠨᠠᠨᠰᠠᠷ ᠰᠥᠪᠡᠭᠡᠲᠡᠢ ᠨᠠᠷ ᠢ᠋ ᠶᠡᠬᠡᠯ᠎ᠡ ᠰᠠᠢᠰᠢᠶᠠᠨ᠂ ᠦᠯᠡᠭᠰᠡᠨ ᠢ᠋ ᠴᠥᠮ ᠬᠠᠷ᠎ᠠ ᠬᠣᠷᠢᠨ ᠳ᠋ᠤᠷ ᠬᠦᠷᠭᠡᠭᠦᠯᠬᠦᠢ ᠳ᠋ᠦ᠍ᠷ ᠬᠤᠸᠠᠢ ᠭᠦᠸᠧ ᠭᠦᠩᠵᠦ ᠠᠬ᠎ᠠ ᠪᠠᠨ ᠠᠯᠠᠭᠳᠠᠪᠠ ᠭᠡᠮᠡᠨ ᠰᠣᠨᠣᠰᠴᠤ ᠭᠠᠰᠠᠯᠤᠨ ᠣᠬᠢᠯᠠᠬᠤᠢ ᠳ᠋ᠤᠷ ᠰᠥᠨᠢ ᠡᠷ᠎ᠡ ᠢᠨᠦ ᠳᠡᠰ ᠲᠣᠭᠣᠰ ᠲᠡᠭᠦᠨ ᠦ᠌ ᠠᠬ᠎ᠠ ᠴᠧᠩ ᠺᠧ ᠶ᠋ᠢ ᠬᠥᠲᠥᠯᠦᠨ ᠠᠪᠴᠤ ᠢᠷᠡᠪᠡ᠂ ᠦᠵᠡᠪᠡᠰᠦ ᠪᠡᠶ᠎ᠡ ᠳ᠋ᠦ᠍ᠷ ᠴᠥᠮ ᠰᠤᠯᠠ ᠬᠥᠮᠦᠨ ᠦ᠌ ᠳᠡᠪᠡᠯ ᠮᠠᠯᠠᠭ᠎ᠠ ᠲᠤᠯᠠ ᠶᠡᠬᠡᠯ᠎ᠡ ᠭᠠᠢᠬᠠᠵᠤ ᠬᠦᠵᠦᠭᠦᠦ ᠪᠡᠨ ᠲᠡᠪᠡᠷᠢᠯᠴᠡᠨ ᠤᠬᠢᠯᠠᠯᠴᠠᠵᠤ᠂ ᠵᠢᠴᠢ ᠶᠠᠭᠤᠨ ᠳ᠋ᠤᠷ ᠠᠯᠠᠭᠰᠠᠨ ᠦᠭᠡᠢ ᠪᠥᠭᠡᠳ ᠠᠯᠠᠪᠠ ᠭᠡᠮᠡᠨ ᠠᠯᠳᠠᠷᠰᠢᠭᠤᠯᠤᠭᠰᠠᠨ ᠤᠴᠢᠷ ᠢ᠋ ᠠᠰᠠᠭᠤᠭᠰᠠᠨ ᠳ᠋ᠤᠷ ᠳᠡᠰ ᠲᠣᠭᠣᠰ ᠥᠭᠦᠯᠡᠷᠦᠨ : 《ᠶᠠᠭᠤᠲᠠᠢ ᠮᠤᠩᠬᠠᠭ? ᠨᠢᠭᠡᠨ ᠤᠯᠤᠰ ᠢ᠋ ᠮᠥᠬᠥᠭᠡᠬᠦ ᠢᠨᠦ ᠣᠨᠴᠠ ᠢᠷᠭᠡᠨ ᠦ᠌ ᠰᠡᠳᠬᠢᠯ ᠢ᠋ ᠢᠨᠦ ᠨᠢᠭᠡᠮᠦᠰᠦᠨ ᠲᠠᠰᠤᠯᠬᠤ ᠶ᠋ᠢᠨ ᠲᠤᠯᠠ ᠪᠣᠢ ᠶᠠ᠂ ᠣᠨᠴᠠ ᠸᠠᠨ ᠶᠠᠨ ᠠᠢᠮᠠᠭ ᠢ᠋ ᠠᠯᠠᠬᠤ ᠶ᠋ᠢᠨ ᠲᠡᠳᠦᠢ ᠪᠤᠶᠤ᠂ ᠨᠢᠭᠡᠨᠲᠡ ᠡᠢᠨ ᠠᠯᠳᠠᠷᠰᠢᠭᠤᠯᠪᠠᠰᠤ ᠪᠢᠶᠠᠨ ᠯᠢᠶᠠᠩ ᠤ᠋ᠨ ᠢᠷᠭᠡᠨ ᠦ᠌ ᠰᠡᠳᠬᠢᠯ ᠨᠢᠭᠡᠨᠲᠡ ᠲᠠᠰᠤᠷᠠᠬᠤ ᠶ᠋ᠢ ᠡᠷᠢᠭᠰᠡᠨ ᠪᠣᠯᠠᠢ᠃ ᠲᠡᠭᠦᠨ ᠡᠴᠡ ᠪᠤᠰᠤ ᠲᠠᠨ ᠤ᠋ ᠬᠡᠳᠦᠨ ᠬᠥᠮᠦᠨ ᠢ᠋ ᠠᠯᠠᠭᠠᠳ ᠶᠠᠭᠤᠨ ᠪᠣᠯᠬᠤ ? 》ᠬᠡᠮᠡᠭᠰᠡᠨ ᠳ᠋ᠦ᠍ᠷ ᠬᠣᠶᠠᠷ ᠸᠠᠩ ᠶᠡᠬᠡᠯ᠎ᠡ ᠰᠢᠳᠦᠨ ᠣᠬᠢᠯᠠᠪᠠᠢ᠃
ᠲᠡᠳᠦᠢ ᠨᠡᠢᠲᠡ ᠶ᠋ᠢ ᠬᠠᠷ᠎ᠠ ᠬᠣᠷᠢᠨ ᠳ᠋ᠤᠷ ᠬᠦᠷᠭᠡᠨ ᠢᠯᠡᠭᠡᠬᠦᠢ ᠳ᠋ᠦ᠍ᠷ ᠠᠯᠠᠭᠳᠠᠪᠠ ᠬᠡᠮᠡᠭᠰᠡᠳ ᠦ᠋ᠨ ᠡᠮ᠎ᠡ ᠦᠷ᠎ᠡ ᠤᠬᠢᠯᠠᠯᠳᠤᠵᠤ ᠵᠣᠪᠠᠬᠤᠢ ᠳ᠋ᠤᠷ ᠡᠷᠲᠡ ᠰᠥᠩ ᠤᠯᠤᠰ ᠤ᠋ᠨ ᠬᠠᠭᠠᠨ ᠡᠾᠦᠢᠽᠦ᠋ᠩ ᠴᠢᠨᠽᠦ᠋ᠩ ᠢ᠋ ᠠᠯᠲᠠᠨ ᠤᠯᠤᠰ ᠪᠠᠷᠢᠵᠤ ᠠᠪᠠᠴᠢᠭᠰᠠᠨ ᠠ᠋ᠴᠠ ᠢᠯᠡᠭᠦᠦ ᠤᠬᠢᠯᠠᠯᠳᠤᠮᠤᠢ ᠭᠡᠮᠡᠨ 《ᠭᠠᠩ ᠮᠦ᠍ ᠪᠢᠴᠢᠭ 》ᠲᠣᠷ ᠲᠣᠪᠴᠢᠯᠠᠨ ᠪᠢᠴᠢᠵᠦᠬᠦᠢ᠃
ᠲᠡᠭᠦᠨᠴᠡ ᠲᠠᠢᠰᠢ ᠪᠤᠯᠤ ᠵᠥᠭᠡᠯᠡᠨ ᠢ᠋ᠶ᠋ᠡᠷ ᠵᠠᠷᠯᠠᠵᠤ ᠢᠷᠭᠡᠨ ᠦ᠌ ᠰᠡᠳᠬᠢᠯ ᠢ᠋ ᠠᠪᠤᠨ᠂ ᠰᠥᠪᠡᠬᠡᠲᠡᠢ ᠪᠠᠭᠠᠲᠤᠷ ᠬᠠᠲᠠᠭᠤ ᠪᠠᠷ ᠢᠷᠭᠡᠨ ᠦ᠌ ᠮᠥᠴᠡᠭᠡᠷᠭᠡᠭᠡᠬᠦ ᠶ᠋ᠢ ᠳᠠᠷᠤᠬᠤ ᠠᠷᠭ᠎ᠠ ᠬᠡᠷᠡᠭᠯᠡᠵᠦ᠂ ᠬᠦᠴᠦᠨ ᠢ᠋ᠶ᠋ᠡᠷ ᠪᠢᠶᠠᠨ ᠵᠢᠩ ᠦ᠋ᠨ ᠼᠦᠢ ᠯᠢ ᠶ᠋ᠢ ᠣᠷᠣᠭᠤᠯᠤᠨ ᠠᠪᠴᠤ ᠰᠤᠷᠭᠠᠨ ᠥᠭᠦᠯᠡᠷᠦᠨ : 《ᠮᠠᠨ ᠤ᠋ ᠴᠡᠷᠢᠭ ᠬᠡᠮᠡᠭᠴᠢ ᠠᠷᠭ᠎ᠠ ᠬᠦᠴᠦ ᠬᠣᠶᠠᠷ ᠢ᠋ᠶ᠋ᠠᠷ ᠶᠠᠪᠤᠬᠤ ᠲᠤᠯᠠ ᠰᠠᠶᠢ ᠠᠯᠲᠠᠨ ᠤᠯᠤᠰ ᠢ᠋ ᠡᠨᠡ ᠬᠢᠷᠢ ᠳ᠋ᠦ᠍ᠷ ᠬᠦᠷᠭᠡᠪᠡ᠃ ᠡᠳᠦᠭᠡ ᠲᠡᠷᠡ ᠤᠴᠢᠷ ᠪᠠ ᠬᠠᠭᠤᠴᠢᠨ ᠬᠠᠤᠯᠢ ᠪᠠᠷ ᠰᠦᠷ ᠴᠠᠭᠠᠵᠠ ᠶ᠋ᠢ ᠵᠣᠭᠰᠣᠭᠠᠵᠤ ᠦᠯᠦ ᠪᠣᠯᠤᠮᠤᠢ᠃ ᠤᠭ ᠠ᠋ᠴᠠ ᠠᠯᠢ ᠬᠣᠲᠠ ᠡᠰᠡᠷᠭᠦᠴᠡᠪᠡᠰᠦ ᠲᠡᠷᠡ ᠬᠣᠲᠠ ᠶ᠋ᠢ ᠡᠷᠬᠡᠪᠰᠢ ᠲᠡᠯᠡᠵᠦ ᠠᠷᠢᠯᠭᠠᠬᠤ ᠨᠡᠷ᠎ᠡ ᠶ᠋ᠢ ᠭᠠᠷᠭᠠᠵᠤ ᠡᠰᠡᠷᠭᠦᠴᠡᠯ ᠢ᠋ ᠳᠠᠷᠤᠭᠰᠠᠨ ᠲᠤᠯᠠ ᠡᠳᠦᠭᠡ ᠮᠥᠨ ᠲᠡᠷᠡ ᠶᠣᠰᠣᠭᠠᠷ ᠬᠠᠭᠠᠨ ᠳ᠋ᠤᠷ ᠠᠢᠯᠠᠳᠬᠠᠨ ᠶᠠᠪᠤᠭᠤᠯᠪᠠ᠃ ᠡᠨᠡ ᠢᠨᠦ ᠬᠠᠭᠠᠨ ᠤ᠋ ᠬᠡᠰᠢᠭ ᠢ᠋ ᠵᠠᠷᠯᠠᠵᠤ ᠣᠯᠠᠨ ᠢ᠋ ᠰᠢᠲᠦᠭᠦᠯᠬᠦ ᠶ᠋ᠢᠨ ᠠᠷᠭ᠎ᠠ᠂ ᠬᠡᠵᠢᠶ᠎ᠡ ᠬᠠᠭᠠᠨ ᠤ᠋ ᠵᠠᠷᠯᠢᠭ ᠢ᠋ᠶ᠋ᠠᠷ ᠬᠡᠯᠲᠦᠷᠢᠭᠦᠯᠪᠡᠰᠦ ᠪᠢᠳᠡ ᠰᠠᠶᠢ ᠵᠣᠭᠰᠣᠬᠤ ᠲᠤᠯᠠ ᠡᠳᠦᠭᠡ ᠴᠢ ᠬᠡᠳᠦᠢ ᠮᠠᠨ ᠳ᠋ᠤᠷ ᠰᠠᠢᠨ ᠪᠣᠯᠪᠠᠴᠤ ᠤᠯᠤᠰ ᠲᠤᠷ ᠢ᠋ᠶ᠋ᠠᠨ ᠵᠢᠷᠤᠮ ᠦᠭᠡᠢ ᠪᠣᠯᠤᠭᠰᠠᠨ ᠲᠤᠯᠠ ᠡᠨᠡ ᠮᠥᠨ ᠮᠠᠨ ᠤ᠋ ᠴᠠᠭᠠᠵᠠ ᠳ᠋ᠤᠷ ᠬᠠᠷᠰᠢᠵᠤᠬᠤᠢ᠃ ᠴᠢ ᠲᠦᠷᠭᠡᠨ᠎ᠡ ᠭᠡᠷ ᠦ᠋ᠨ ᠠᠮᠠᠨ ᠢ᠋ᠶ᠋ᠠᠨ ᠬᠣᠲᠠᠨ ᠠ᠋ᠴᠠ ᠭᠠᠷᠭᠠᠵᠤ ᠡᠳ᠋ ᠲᠠᠸᠠᠷ ᠢ᠋ᠶ᠋ᠠᠨ ᠵᠠᠢᠯᠠᠭᠤᠯ ! ᠬᠣᠲᠠ ᠶ᠋ᠢᠨ ᠣᠯᠠᠨ ᠤ᠋ ᠰᠡᠳᠬᠢᠯ ᠢ᠋ ᠠᠪᠬᠤᠢ ᠳ᠋ᠤᠷ ᠪᠢᠳᠡ ᠡᠷᠬᠡᠪᠰᠢ ᠴᠢᠨᠦ ᠭᠡᠷ ᠢ᠋ ᠨᠢᠭᠡᠨ ᠵᠡᠷᠭᠡ ᠲᠦᠢᠪᠡᠭᠡᠵᠦ᠂ ᠥᠪᠡᠷ ᠦ᠋ᠨ ᠴᠠᠭᠠᠵᠠ ᠳ᠋ᠤᠷ ᠨᠡᠢᠴᠡᠭᠦᠯᠵᠦ ᠣᠯᠠᠨ ᠤ᠋ ᠦᠵᠡᠯᠲᠡ ᠳ᠋ᠦ᠍ᠷ ᠮᠠᠨ ᠤ᠋ ᠴᠢᠬᠡᠴᠢ ᠶ᠋ᠢ ᠦᠵᠡᠭᠦᠯᠦᠮᠦᠢ ! 》ᠭᠡᠮᠡᠨ ᠰᠤᠷᠭᠠᠪᠠ᠃
ᠲᠡᠳᠦᠢ ᠼᠦᠢ ᠯᠢ ᠶᠠᠭᠠᠷᠠᠨ ᠭᠡᠷ ᠢ᠋ᠶ᠋ᠡᠨ ᠵᠠᠢᠯᠠᠭᠤᠯᠵᠤ᠂ ᠳᠠᠭᠠᠯᠳᠤᠭ᠎ᠠ ᠪᠢᠶᠠᠨ ᠵᠢᠩ ᠢ᠋ ᠪᠠᠢᠴᠠᠭᠠᠨ ᠪᠠᠷᠢᠯᠠᠬᠤᠢ ᠳ᠋ᠤᠷ ᠼᠦᠢ ᠯᠢ ᠶ᠋ᠢᠨ ᠭᠡᠷ ᠢ᠋ ᠴᠡᠷᠢᠭ ᠨᠢᠭᠡᠨ ᠵᠡᠷᠭᠡ ᠳᠦᠢᠪᠡᠭᠡᠵᠦ᠂ ᠼᠦᠢ ᠯᠢ ᠬᠠᠭᠤᠷᠮᠠᠭ ᠢ᠋ᠶ᠋ᠠᠷ ᠰᠥᠪᠡᠭᠡᠲᠡᠢ ᠶ᠋ᠢᠨ ᠳᠡᠷᠭᠡᠳᠡ ᠢᠷᠡᠵᠦ ᠶᠡᠬᠡᠯ᠎ᠡ ᠤᠬᠢᠯᠠᠬᠤᠢ ᠳ᠋ᠤᠷ ᠲᠠᠢᠰᠢ ᠪᠤᠯᠤ ᠶᠠᠭᠠᠷᠠᠨ ᠴᠡᠷᠢᠭ ᠢ᠋ ᠴᠠᠭᠠᠵᠠᠯᠠᠵᠤ ᠬᠠᠭᠠᠨ ᠤ᠋ ᠵᠠᠷᠯᠢᠭ ᠢ᠋ ᠣᠯᠠᠨ ᠳ᠋ᠤᠷ ᠲᠤᠩᠬᠠᠭᠯᠠᠨ ᠵᠠᠷᠯᠠᠪᠠ᠃ ᠤᠭ ᠠ᠋ᠴᠠ ᠮᠣᠩᠭᠣᠯ ᠤ᠋ᠨ ᠴᠡᠷᠢᠭ ᠦ᠋ᠨ ᠴᠠᠭᠠᠵᠠ ᠡᠵᠡᠨ ᠢ᠋ᠶ᠋ᠡᠨ ᠠᠯᠠᠭᠰᠠᠨ ᠲᠦᠰᠢᠮᠡᠯ ᠪᠠ ᠡᠰᠡᠷᠭᠦᠴᠡᠯ ᠬᠣᠲᠠ ᠪᠠᠯᠭᠠᠳ ᠢ᠋ ᠪᠠᠢᠯᠳᠤᠨ ᠣᠯᠤᠭᠰᠠᠨ ᠴᠠᠭ ᠲᠤᠷ ᠡᠷᠬᠡᠪᠰᠢ ᠬᠡᠯᠲᠦᠷᠢᠭᠦᠯᠬᠦ ᠦᠭᠡᠢ ᠴᠥᠮ ᠠᠯᠠᠵᠤ ᠳᠡᠯᠡᠮᠦᠢ ᠭᠡᠮᠡᠨ ᠵᠠᠷᠯᠠᠭᠰᠠᠨ ᠲᠤᠯᠠ ᠪᠢᠶᠠᠨ ᠵᠢᠩ ᠢ᠋ ᠠᠪᠬᠤ ᠰᠢᠬᠠᠭᠠᠳ ᠰᠥᠪᠡᠭᠡᠲᠡᠢ ᠪᠠᠭᠠᠲᠤᠷ ᠬᠠᠭᠠᠨ ᠳ᠋ᠤᠷ ᠠᠢᠯᠠᠳᠬᠠᠭᠰᠠᠨ ᠠᠨᠤ :《ᠪᠢᠶᠠᠨ ᠯᠢᠶᠠᠩ ᠴᠧᠩ ᠦ᠋ᠨ ᠢᠷᠭᠡᠨ ᠮᠠᠨ ᠤ᠋ ᠴᠡᠷᠢᠭ ᠯᠦ᠍ᠭᠡ ᠬᠣᠶᠠᠷ ᠣᠨ ᠡᠰᠡᠷᠭᠦᠴᠡᠨ ᠪᠠᠢᠯᠳᠤᠵᠤ᠂ ᠮᠠᠨ ᠤ᠋ ᠴᠡᠷᠢᠭ ᠮᠠᠰᠢ ᠣᠯᠠᠨ ᠦᠬᠦᠭᠰᠡᠨ ᠲᠤᠯᠠᠳᠠ ᠬᠣᠲᠠ ᠶ᠋ᠢ ᠪᠠᠢᠯᠳᠤᠨ ᠠᠪᠤᠭᠰᠠᠨ ᠴᠠᠭ ᠲᠤ᠌ ᠡᠷᠬᠡᠪᠰᠢ ᠬᠣᠷᠣᠰᠤᠯ ᠢ᠋ ᠠᠪᠴᠤ ᠴᠥᠮ ᠲᠠᠯᠠᠰᠤᠭᠠᠢ! 》ᠬᠡᠮᠡᠭᠰᠡᠨ ᠳ᠋ᠦ᠍ᠷ ᠬᠠᠭᠠᠨ ᠤ᠋ ᠲᠠᠰᠤᠯᠬᠤ ᠶ᠋ᠢᠨ ᠤᠷᠢᠳᠠ ᠶᠧ ᠯᠢᠦᠢ ᠴᠦ ᠼᠠᠢ ᠶᠠᠭᠠᠷᠠᠨ ᠢᠷᠡᠵᠦ ᠠᠢᠯᠠᠳᠬᠠᠷᠤᠨ : 《ᠮᠠᠨ ᠤ᠋ ᠴᠡᠷᠢᠭ ᠦ᠋ᠨ ᠬᠠᠭᠠᠨ ᠤ᠋ ᠭᠡᠭᠡᠨ ᠡᠴᠡ ᠲᠡᠷᠢᠭᠦᠯᠡᠨ ᠰᠠᠢᠳ ᠲᠦᠰᠢᠮᠡᠯ ᠪᠠ ᠵᠠᠩᠵᠤᠨ ᠪᠠᠭᠠᠲᠤᠳ ᠴᠡᠷᠢᠭ ᠬᠤᠶᠠᠭ ᠬᠡᠳᠦᠨ ᠠᠷᠪᠠᠨ ᠵᠢᠯ ᠬᠡᠭᠡᠷ᠎ᠡ ᠬᠡᠪᠲᠡᠨ ᠬᠦᠢᠲᠡᠨ ᠨᠣᠢᠲᠠᠨ ᠳ᠋ᠤᠷ ᠵᠣᠪᠠᠵᠤ ᠵᠦᠳᠡᠷᠡᠵᠦ ᠣᠯᠰᠤᠭᠠᠢ ᠭᠡᠮᠡᠨ ᠲᠡᠮᠡᠴᠡᠭᠰᠡᠨ ᠢᠨᠦ ᠭᠠᠵᠠᠷ ᠣᠷᠣᠨ ᠵᠠᠭᠤᠨ ᠣᠪᠣᠭᠲᠠᠨ ᠪᠣᠯᠠᠢ᠃ ᠭᠠᠵᠠᠷ ᠣᠷᠣᠨ ᠢ᠋ ᠴᠥᠮ ᠣᠯᠤᠭᠠᠳ ᠵᠠᠭᠤᠨ ᠣᠪᠣᠭᠲᠠᠨ ᠦᠭᠡᠢ ᠪᠣᠯᠪᠠᠰᠤ ᠶᠠᠮᠪᠠᠷ ᠲᠤᠰᠠ ᠪᠣᠢ ? ᠬᠠᠭᠠᠨ ᠠᠢᠯᠠᠳᠤᠨ ᠲᠣᠭᠲᠠᠭ᠎ᠠ ! 》 ᠬᠡᠮᠡᠬᠦᠢ ᠳ᠋ᠦ᠍ᠷ ᠬᠠᠭᠠᠨ ᠵᠣᠷᠢᠮᠠᠭ ᠢ᠋ᠶ᠋ᠠᠷ ᠥᠭᠦᠯᠡᠷᠦᠨ : 《ᠡᠨᠡ ᠢᠨᠦ ᠴᠡᠷᠢᠭ ᠦ᠋ᠨ ᠬᠠᠭᠤᠴᠢᠨ ᠲᠣᠭᠲᠠᠭᠠᠭᠰᠠᠨ ᠰᠦᠷ ᠪᠣᠯᠠᠢ᠃ ᠡᠨᠡ ᠰᠦᠷ ᠪᠠᠰᠠ ᠪᠠᠢᠭᠰᠠᠨ ᠲᠤᠯᠠ ᠰᠠᠶᠢ ᠡᠨᠡ ᠬᠣᠷᠢᠨ ᠨᠠᠢ᠍ᠮᠠᠨ ᠵᠢᠯ ᠦ᠋ᠨ ᠳᠣᠲᠣᠷ᠎ᠠ ᠡᠳᠡᠭᠡᠷ ᠮᠢᠩᠭᠠᠨ ᠢᠯᠡᠭᠦᠦ ᠬᠣᠲᠠᠨ ᠢ ᠬᠢᠯᠪᠠᠷ ᠣᠯᠪᠠ᠃ ᠶᠡᠬᠡ ᠬᠠᠭᠠᠰ ᠠᠨᠤ ᠴᠥᠮ ᠡᠨᠡ ᠰᠦᠷ ᠡᠴᠡ ᠠᠶᠤᠵᠤ ᠳᠠᠭᠠᠭᠰᠠᠨ ᠪᠣᠯᠠᠢ᠃ ᠡᠳᠦᠭᠡ ᠭᠠᠳᠠᠨ᠎ᠠ ᠰᠥᠩ ᠤᠯᠤᠰ ᠪᠣᠢ᠃ ᠡᠨᠡ ᠴᠠᠭᠠᠵᠠ ᠶ᠋ᠢ ᠬᠡᠷᠬᠢᠨ ᠨᠢᠭᠡᠮᠦᠰᠦᠨ ᠲᠠᠰᠤᠯᠵᠤ ᠪᠣᠯᠤᠮᠤᠢ ? 》ᠬᠡᠮᠡᠬᠦᠢ ᠳ᠋ᠦ᠍ᠷ ᠶᠧ ᠯᠢᠦᠢ ᠴᠦ ᠼᠠᠢ ᠶᠡᠬᠡᠯ᠎ᠡ ᠦᠨᠡᠮᠰᠢᠶᠡᠨ ᠢᠲᠡᠭᠡᠵᠦ᠂ ᠲᠠᠪᠰᠢᠨ ᠰᠥᠭᠥᠳᠴᠦ ᠮᠥᠷᠭᠥᠵᠦ ᠠᠢᠯᠠᠳᠬᠠᠷᠤᠨ : 《ᠠᠯᠢᠪᠠ ᠵᠠᠭᠤᠨ ᠵᠦᠢᠯ ᠦ᠋ᠨ ᠤᠷᠠᠴᠤᠳ ᠪᠠ ᠮᠢᠩᠭᠠᠨ ᠵᠦᠢᠯ ᠦ᠋ᠨ ᠪᠡᠯᠡᠭ ᠬᠢᠭᠡᠳ ᠲᠦᠮᠡᠨ ᠵᠦᠢᠯ ᠦ᠋ᠨ ᠡᠷᠳᠡᠮᠲᠡᠨ᠂ ᠲᠦᠭ ᠲᠦᠮᠡᠨ ᠵᠦᠢᠯ ᠦ᠋ᠨ ᠮᠡᠷᠭᠡᠴᠦᠳ ᠴᠥᠮ ᠢ᠋ᠶ᠋ᠡᠷ ᠪᠢᠶᠠᠨ ᠵᠢᠩ ᠳ᠋ᠦ᠍ᠷ ᠬᠤᠷᠠᠵᠤ ᠴᠤᠭᠯᠠᠷᠠᠨ ᠪᠥᠯᠥᠭᠡ᠂ ᠡᠳᠦᠭᠡ ᠲᠡᠭᠦᠨ ᠢ᠋ ᠴᠥᠮ ᠠᠯᠠᠪᠠᠰᠤ ᠴᠡᠷᠢᠭ ᠦ᠋ᠨ ᠡᠯ᠎ᠡ ᠵᠦᠢᠯ ᠦ᠋ᠨ ᠤᠷᠠᠨ ᠨᠠᠷᠢᠨ ᠬᠤᠶᠠᠭ ᠵᠡᠪᠰᠡᠭ ᠦ᠋ᠨ ᠵᠦᠢᠯ᠂ ᠵᠠᠷᠤᠬᠤ ᠬᠡᠷᠡᠭᠯᠡᠬᠦ ᠠᠯᠢᠪᠠ ᠵᠦᠢᠯ ᠤᠯᠤᠰ ᠤ᠋ᠨ ᠳᠣᠲᠣᠷ᠎ᠠ ᠴᠥᠮ ᠲᠠᠰᠤᠷᠠᠭᠠᠳ ᠬᠣᠵᠢᠮ ᠤᠯᠠᠮᠵᠢᠯᠠᠨ ᠣᠯᠬᠤ ᠭᠠᠵᠠᠷ ᠦᠭᠡᠢ ᠪᠣᠯᠤᠮᠤᠢ᠃ ᠲᠠᠯᠠᠭᠠᠷ ᠬᠦᠴᠦᠨ ᠢ᠋ ᠰᠦᠢᠳᠬᠡᠵᠦ ᠪᠢᠶᠠᠨ ᠵᠢᠩ ᠢ᠋ ᠠᠪᠤᠭᠰᠠᠨ ᠪᠤᠰᠤ ᠤᠤ !》ᠬᠡᠮᠡᠬᠦᠢ ᠳ᠋ᠦ᠍ᠷ ᠲᠠᠢᠽᠦ᠋ᠩ ᠬᠠᠭᠠᠨ ᠪᠠᠬᠠᠨ ᠮᠦᠰᠢᠶᠡᠵᠦ ᠵᠠᠷᠯᠢᠭ ᠪᠣᠯᠤᠷᠤᠨ : 《ᠴᠢᠩ ᠦ᠋ᠨ ᠦᠭᠡ ᠮᠠᠰᠢ ᠮᠥᠨ ᠪᠣᠯᠪᠠᠴᠤ ᠴᠡᠷᠢᠭ ᠦ᠋ᠨ ᠬᠡᠷᠡᠭ ᠲᠡᠭᠦᠰᠦᠭᠡᠳᠦᠢ᠂ ᠲᠡᠢᠨ ᠪᠣᠯᠪᠠᠴᠤ ᠮᠢᠨᠦ ᠬᠡᠰᠢᠭ ᠢ᠋ ᠪᠢᠶᠠᠨ ᠵᠢᠩ ᠳ᠋ᠦ᠍ᠷ ᠨᠢᠭᠡᠨ ᠤᠳᠠᠭ᠎ᠠ ᠵᠠᠷᠯᠠᠵᠤ ᠪᠣᠯᠤᠮᠤᠢ !》ᠭᠡᠮᠡᠨ ᠳᠠᠷᠤᠢ ᠸᠠᠨ ᠶᠠᠨ ᠠᠢᠮᠠᠭ ᠤ᠋ᠨ ᠨᠢᠭᠡᠨ ᠤᠭᠰᠠᠭ᠎ᠠ ᠠ᠋ᠴᠠ ᠪᠤᠰᠤ ᠶ᠋ᠢ ᠠᠨᠤ ᠶᠠᠯ᠎ᠠ ᠶ᠋ᠢ ᠴᠥᠮ ᠭᠡᠯᠳᠦᠷᠢᠭᠦᠯ᠂ ᠬᠡᠳᠦᠢ ᠸᠠᠨ ᠶᠠᠨ ᠠᠢᠮᠠᠭ ᠪᠣᠯᠪᠠᠴᠤ ᠲᠡᠭᠦᠨ ᠦ᠌ ᠠᠢᠮᠠᠭ ᠤᠭᠰᠠᠭ᠎ᠠ ᠶ᠋ᠢᠨ ᠦᠨᠡᠨ ᠬᠤᠳᠠᠯ ᠢ᠋ ᠬᠢᠨᠠᠨ ᠪᠠᠢᠴᠠᠭᠠᠵᠤ ᠰᠠᠶᠢ ᠠᠯᠠ᠂ ᠪᠢᠲᠡᠭᠡᠢ ᠸᠠᠨ ᠶᠠᠨ ᠠᠢᠮᠠᠭ ᠲᠤᠷ ᠰᠢᠯᠲᠠᠵᠤ ᠪᠤᠰᠤ ᠢᠷᠭᠡᠨ ᠢ ᠲᠠᠰᠢᠶᠠᠷᠠᠨ ᠠᠯᠠ ! 》ᠭᠡᠮᠡᠨ ᠵᠠᠷᠯᠢᠭ ᠪᠠᠭᠤᠯᠭᠠᠵᠤ ᠳᠣᠪᠲᠣᠯᠭᠠᠨ ᠶᠠᠪᠤᠭᠤᠯᠪᠠ᠃ ᠡᠨᠡ ᠵᠠᠷᠯᠢᠭ ᠪᠢᠶᠠᠨ ᠵᠢᠩ ᠳ᠋ᠦ᠍ᠷ ᠬᠦᠷᠦᠮᠡᠭᠴᠡ ᠸᠠᠨ ᠶᠠᠨ ᠠᠢᠮᠠᠭ ᠴᠥᠮ ᠨᠡᠷ᠎ᠡ ᠣᠪᠣᠭ ᠢ᠋ᠶ᠋ᠠᠨ ᠬᠠᠯᠠᠵᠤ ᠰᠤᠯᠠ ᠢᠷᠭᠡᠨ ᠦ᠌ ᠳᠡᠪᠡᠯ ᠬᠤᠪᠴᠠᠳ ᠢ᠋ ᠡᠮᠦᠰᠦᠯᠴᠡᠵᠦ᠂ ᠭᠡᠷ ᠬᠦᠷᠢᠶ᠎ᠡ ᠢᠨᠦ ᠸᠠᠨ ᠶᠠᠨ ᠠᠢᠮᠠᠭ ᠤ᠋ᠨ ᠲᠡᠮᠳᠡᠭ ᠢ᠋ᠶ᠋ᠡᠨ ᠴᠥᠮ ᠬᠠᠯᠠᠪᠠᠢ᠃
ᠲᠡᠳᠦᠢ ᠪᠢᠶᠠᠨ ᠵᠢᠩ ᠢ᠋ ᠲᠣᠭᠣᠷᠢᠭᠰᠠᠨ ᠣᠯᠠᠨ ᠢᠷᠭᠡᠨ ᠮᠣᠩᠭᠣᠯ ᠤ᠋ᠨ ᠴᠡᠷᠢᠭ ᠡᠴᠡ ᠵᠠᠢᠯᠠᠵᠤ᠂ ᠪᠢᠶᠠᠨ ᠵᠢᠩ ᠳ᠋ᠦ᠍ᠷ ᠣᠷᠣᠵᠤ ᠰᠢᠷᠭᠤᠭᠰᠠᠨ ᠨᠢᠭᠡᠨ ᠵᠠᠭᠤᠨ ᠳᠥᠴᠢᠨ ᠲᠦᠮᠡᠨ ᠡᠷᠦᠬᠡ ᠢᠷᠭᠡᠨ ᠬᠡᠳᠦᠨ ᠵᠢᠯ ᠵᠣᠪᠠᠯᠠᠩ ᠢ᠋ ᠡᠳ᠋ᠯᠡᠭᠡᠳ ᠡᠨᠡ ᠡᠳᠦᠷ ᠭᠡᠨᠡᠳᠲᠡ ᠮᠣᠩᠭᠣᠯ ᠤ᠋ᠨ ᠴᠡᠷᠢᠭ ᠬᠣᠲᠠᠨ ᠳ᠋ᠤᠷ ᠣᠷᠣᠵᠤ ᠬᠠᠭᠠᠨ ᠤ᠋ ᠥᠷᠥᠰᠢᠶᠡᠯ ᠵᠠᠷᠯᠢᠭ ᠢ᠋ ᠵᠠᠷᠯᠠᠭᠰᠠᠨ ᠳ᠋ᠤᠷ ᠡᠳᠡᠭᠡᠷ ᠲᠦᠭ ᠲᠦᠮᠡᠨ ᠢᠷᠭᠡᠨ ᠳᠠᠭᠠᠨᠭ᠍ᠰᠠ ᠠᠨᠤ ᠬᠣᠵᠢᠮᠳᠠᠭᠰᠠᠨ ᠳ᠋ᠠᠭᠠᠨ ᠬᠣᠷᠣᠰᠴᠤ ᠮᠣᠩᠭᠣᠯ ᠤ᠋ᠨ ᠲᠠᠢᠽᠦ᠋ᠩ ᠬᠠᠭᠠᠨ ᠤ᠋ ᠬᠦᠨᠳᠦ ᠬᠡᠰᠢᠭ ᠢ᠋ ᠰᠢᠲᠦᠵᠦ ᠪᠠᠷᠬᠢᠷᠠᠯᠴᠠᠨ ᠳᠠᠭᠤᠳᠠᠯᠴᠠᠬᠤ ᠳᠠᠭᠤᠨ ᠭᠤᠷᠪᠠᠨ ᠳᠥᠷᠪᠡᠨ ᠡᠳᠦᠷ ᠰᠥᠨᠢ ᠵᠠᠯᠭᠠᠯᠳᠤᠵᠤ ᠬᠣᠲᠠ ᠠᠨᠢᠷᠯᠠᠭᠰᠠᠨ ᠳ᠋ᠤᠷ ᠲᠠᠢᠰᠢ ᠪᠤᠯᠤ ᠨᠠᠷ ᠬᠢᠪ ᠬᠢᠯᠪᠠᠷ ᠢ᠋ᠶ᠋ᠠᠷ ᠨᠢᠭᠡᠨ ᠵᠠᠭᠤᠨ ᠳᠥᠴᠢᠨ ᠲᠦᠮᠡᠨ ᠡᠷᠦᠬᠡ ᠶ᠋ᠢ ᠲᠣᠭᠲᠠᠭᠠᠨ ᠠᠮᠤᠵᠢᠭᠤᠯᠵᠤ᠂ ᠢᠳᠡᠭᠡᠨ ᠤᠮᠳᠠᠭᠠᠨ ᠢ᠋ ᠣᠯᠭᠣᠭᠤᠯᠤᠨ᠂ ᠪᠤᠰᠤ ᠬᠣᠲᠠ ᠪᠠᠯᠭᠠᠳ ᠪᠠ ᠵᠧᠦ ᠵᠢᠶᠦ᠋ᠨ ᠡᠴᠡ ᠠᠮᠤ ᠰᠢᠯᠵᠢᠭᠦᠯᠦᠨ ᠪᠢᠶᠠᠨ ᠵᠢᠩ ᠦ᠋ᠨ ᠦᠯᠡᠳᠡᠭᠰᠡᠨ ᠢᠷᠭᠡᠨ ᠢ᠋ ᠲᠡᠵᠢᠭᠡᠨ ᠲᠡᠩᠬᠡᠭᠦᠷᠡᠭᠦᠯᠪᠡ᠃ ᠸᠠᠨ ᠶᠠᠨ ᠠᠢᠮᠠᠭ ᠢ᠋ ᠴᠥᠮ ᠨᠡᠷ᠎ᠡ ᠣᠪᠣᠭ ᠢ᠋ ᠠᠨᠤ ᠬᠠᠯᠠᠭᠤᠯᠤᠨ ᠬᠡᠳᠦᠨ ᠬᠣᠲᠠᠨ ᠳ᠋ᠤᠷ ᠨᠡᠭᠦᠯᠭᠡᠨ ᠰᠠᠯᠭᠠᠨ ᠰᠠᠭᠤᠯᠭᠠᠵᠤ ᠢᠷᠭᠡᠨ ᠪᠣᠯᠭᠠᠪᠠ᠃ ᠡᠨᠡ ᠢᠨᠦ ᠲᠠᠢᠽᠦ᠋ᠩ ᠬᠠᠭᠠᠨ᠂ ᠲᠡᠢᠰᠢ ᠪᠤᠯᠤ ᠨᠠᠷ ᠤ᠋ᠨ ᠨᠢᠭᠤᠴᠠ ᠪᠤᠶᠠᠨ ᠪᠣᠯᠠᠢ᠃ ᠡᠭᠦᠨ ᠢ᠋ ᠪᠢᠴᠢᠭᠡᠴᠢ ᠨᠠᠷ ᠬᠠᠷᠢᠨ ᠦᠨᠡᠨ ᠬᠡᠷᠡᠭ ᠪᠣᠯᠭᠠᠨ ᠮᠣᠩᠭᠣᠯ ᠪᠢᠶᠠᠨ ᠵᠢᠩ ᠦ᠋ᠨ ᠢᠷᠭᠡᠨ ᠢ᠋ ᠬᠡᠳᠦᠢ ᠭᠡᠯᠳᠦᠷᠢᠭᠦᠯᠪᠡᠴᠦ ᠸᠠᠨ ᠶᠠᠨ ᠠᠢᠮᠠᠭ ᠢ᠋ ᠴᠥᠮ ᠮᠥᠬᠥᠭᠡᠪᠡ ᠭᠡᠮᠡᠨ ᠣᠨᠴᠠ ᠮᠣᠩᠭᠣᠯ ᠢ᠋ ᠬᠠᠷᠠᠲᠠᠢ ᠪᠠᠷ ᠪᠢᠴᠢᠵᠦᠬᠦᠢ᠃ ᠦᠨᠡᠬᠡᠷ ᠲᠡᠢᠮᠦ ᠬᠠᠷᠠᠲᠠᠢ ᠪᠥᠭᠡᠰᠦ᠂ ᠡᠳᠦᠭᠡ ᠮᠣᠩᠭᠣᠯ ᠬᠠᠭᠠᠨ ᠤ᠋ ᠦᠷᠡᠰ ᠨᠢᠭᠡᠨ ᠵᠠᠭᠤᠨ ᠳᠠᠯᠠᠨ ᠬᠣᠰᠢᠭᠤ ᠲᠠᠢᠵᠢ ᠨᠠᠷ ᠶᠠᠭᠠᠬᠢᠨ ᠪᠠᠢᠵᠤ ᠪᠣᠯᠬᠤ ᠠᠵᠢ !
ᠲᠡᠨᠳᠡᠴᠡ ᠪᠤᠯᠤ᠂ ᠰᠦᠪᠡᠭᠡᠲᠡᠢ ᠶ᠋ᠢᠨ ᠵᠦᠭ ᠥᠭᠦᠯᠡᠷᠦᠨ:《ᠡᠨᠡ ᠡᠳᠦᠷ ᠮᠢᠨᠦ ᠡᠴᠢᠭᠡ ᠶ᠋ᠢᠨ ᠨᠢᠭᠡᠨ ᠵᠦᠢᠯ ᠦ᠋ᠨ ᠭᠡᠷᠢᠶᠡᠰ ᠢ᠋ ᠭᠦᠢᠴᠡᠳᠬᠡᠵᠦ ᠴᠢᠳᠠᠭᠰᠠᠨ ᠪᠣᠯᠪᠠᠴᠤ ᠭᠠᠭᠴᠠ ᠠᠯᠲᠠᠨ ᠤᠯᠤᠰ ᠤ᠋ᠨ ᠡᠵᠡᠨ ᠸᠠᠨ ᠶᠠᠨ ᠱᠧᠦ ᠰᠢᠦᠢ ᠶ᠋ᠢ ᠣᠯᠵᠤ ᠪᠠᠷᠢᠭᠠᠳᠤᠢ᠂ ᠡᠭᠦᠨ ᠢ᠋ ᠣᠯᠵᠤ ᠪᠠᠷᠢᠪᠠᠰᠤ ᠰᠠᠶᠢ ᠮᠢᠨᠦ ᠡᠵᠡᠨ ᠡᠴᠢᠭᠡ ᠬᠣᠶᠠᠷ ᠤ᠋ᠨ ᠠᠴᠢ ᠳ᠋ᠤᠷ ᠬᠠᠷᠢᠭᠤᠯᠠᠬᠤ ᠦᠢᠯᠡ ᠲᠡᠭᠦᠰᠦᠮᠦᠢ᠃ ᠪᠡᠶ᠎ᠡ ᠳ᠋ᠦ᠍ᠷ ᠬᠡᠳᠦᠢ ᠡᠪᠡᠳᠴᠢᠨ ᠠᠪᠠᠴᠤ ᠲᠡᠭᠷᠢ ᠥᠷᠥᠰᠢᠶᠡᠨ ᠡᠷᠬᠡᠪᠰᠢ ᠠᠮᠢᠳᠤ ᠪᠡᠶ᠎ᠡ ᠪᠡᠷ ᠠᠯᠲᠠᠨ ᠤᠯᠤᠰ ᠢ᠋ ᠮᠥᠬᠥᠭᠡᠬᠦ ᠶ᠋ᠢ ᠦᠵᠡᠭᠦᠯᠵᠦ᠂ ᠮᠢᠨᠦ ᠪᠡᠶ᠎ᠡ ᠪᠡᠷ ᠡᠴᠢᠭᠡ ᠲᠡᠢᠱ᠌ᠢ ᠶ᠋ᠢᠨ ᠶᠠᠰᠤᠨ ᠢ᠋ ᠬᠣᠢᠲᠤ ᠵᠦᠭ ᠠᠪᠠᠴᠢᠭᠤᠯᠤᠮᠤ! 》ᠭᠡᠮᠡᠨ ᠲᠡᠭᠷᠢ ᠭᠠᠵᠠᠷ ᠲᠤᠷ ᠮᠥᠷᠭᠥᠵᠦ ᠳᠠᠢᠭᠠᠳ ᠬᠠᠭᠠᠨ ᠳ᠋ᠤᠷ ᠬᠣᠯᠠ ᠠ᠋ᠴᠠ ᠶᠣᠰᠣᠯᠠᠵᠤ ᠳᠠᠷᠤᠢ ᠬᠥᠪᠡᠭᠦᠨ ᠳᠡᠰ ᠲᠣᠭᠣᠰ ᠢ᠋ ᠨᠢᠭᠤᠴᠠ ᠪᠠᠷ ᠴᠡᠷᠢᠭ ᠠᠪᠤᠭᠤᠯᠤᠨ᠂ ᠠᠯᠲᠠᠨ ᠤᠯᠤᠰ ᠤ᠋ᠨ ᠡᠵᠡᠨ ᠠᠢᠽᠦ᠋ᠩ ᠬᠠᠭᠠᠨ ᠢ᠋ ᠡᠷᠬᠡᠪᠰᠢ ᠡᠷᠢᠨ ᠣᠯᠵᠤ ᠪᠡᠷᠢ ᠭᠡᠮᠡᠨ ᠤᠷᠢᠳᠠ ᠶᠠᠪᠤᠭᠤᠯᠵᠤ᠂ ᠳᠠᠭᠠᠯᠳᠤᠭ᠎ᠠ ᠥᠪᠡᠷ ᠦ᠋ᠨ ᠪᠡᠶ᠎ᠡ ᠬᠠᠭᠠᠨ ᠢ᠋ ᠪᠢᠶᠠᠨ ᠵᠢᠩ ᠳ᠋ᠦ᠍ᠷ ᠵᠠᠯᠠᠵᠤ ᠶᠡᠬᠡ ᠬᠤᠷᠢᠮ ᠬᠤᠷᠢᠮᠯᠠᠬᠤᠢ ᠳ᠋ᠤᠷ ᠬᠠᠭᠠᠨ ᠸᠠᠨ ᠶᠠᠨ ᠠᠢᠮᠠᠭ ᠤ᠋ᠨ ᠦᠷ᠎ᠡ ᠶ᠋ᠢ ᠬᠡᠳᠦᠨ ᠡᠳᠦᠷ ᠡᠷᠢᠭᠦᠯᠬᠦᠢ ᠳ᠋ᠦ᠍ᠷ ᠶᠠᠭᠤᠨ ᠤ᠋ ᠣᠯᠳᠠᠬᠤ ᠪᠣᠢ !
ᠲᠡᠳᠦᠢ ᠬᠤᠸᠠᠢ ᠭᠦᠸᠧ ᠭᠦᠩᠵᠦ ᠶ᠋ᠢᠨ ᠠᠬ᠎ᠠ ᠴᠧᠩ ᠺᠧ ᠶ᠋ᠢ ᠨᠡᠷ᠎ᠡ ᠶ᠋ᠢ ᠬᠠᠯᠠᠵᠤ ᠠᠪᠴᠤ ᠢᠷᠡᠭᠰᠡᠨ ᠳ᠋ᠦ᠍ᠷ ᠬᠠᠭᠠᠨ 《 ᠶᠢᠨ ᠸᠧᠢ ᠾᠧᠦ 》 ᠭᠡᠮᠡᠨ ᠡᠷᠭᠦᠵᠦ᠂ ᠲᠡᠭᠦᠨ ᠦ᠌ ᠦᠷ᠎ᠡ ᠶ᠋ᠢ ᠵᠠᠯᠭᠠᠮᠵᠢᠯᠠᠭᠤᠯᠤᠨ᠂ ᠲᠡᠭᠦᠨ ᠦ᠌ ᠲᠠᠬᠢᠯᠭ᠎ᠠ ᠬᠡᠭᠦᠷ ᠢ᠋ ᠢᠨᠤ ᠰᠠᠬᠢᠭᠤᠯᠵᠤ᠂ ᠵᠠᠭᠤᠨ ᠡᠷᠦᠬᠡ ᠶ᠋ᠢᠨ ᠾᠧᠦ ᠡᠷᠭᠦᠮᠵᠢᠯᠡᠵᠦ᠂ ᠬᠠᠭᠠᠨ ᠬᠥᠮᠦᠨ ᠦ᠌ ᠶᠡᠬᠡ ᠥᠷᠥᠰᠢᠶᠡᠯ ᠢ᠋ ᠵᠠᠷᠯᠠᠪᠠ᠃ ᠡᠨᠡ ᠢᠨᠦ ᠲᠡᠭᠦᠨ ᠦ᠌ ᠡᠭᠡᠴᠢ ᠴᠢ ᠭᠦᠸᠧ ᠭᠦᠩᠵᠦ ᠪᠠ ᠲᠡᠭᠦᠨ ᠦ᠌ ᠥᠬᠢᠨ ᠳᠡᠭᠦᠦ ᠬᠤᠸᠠᠢ ᠭᠦᠸᠧ ᠭᠦᠩᠵᠦ ᠬᠣᠶᠠᠭᠤᠯᠠ ᠶ᠋ᠢᠨ ᠲᠤᠰᠠ ᠶ᠋ᠢ ᠣᠯᠤᠭᠰᠠᠨ ᠪᠣᠯᠠᠢ᠃ ᠼᠦᠢ ᠯᠢ ᠶ᠋ᠢ ᠲᠦᠷ ᠬᠠᠪᠰᠤᠷᠤᠭᠤᠯᠤᠨ ᠪᠢᠶᠠᠨ ᠵᠢᠩ ᠢ᠋ ᠵᠠᠰᠠᠮᠤᠢ᠃
ᠣᠳᠣ ᠠᠯᠲᠠᠨ ᠤᠯᠤᠰ ᠤ᠋ᠨ ᠨᠥᠭᠦᠭᠡ ᠨᠢᠭᠡᠨ ᠰᠠᠯᠠᠭᠠᠨ ᠢ᠋ ᠬᠡᠯᠡᠬᠦ ᠢᠨᠦ : ᠡᠨᠡ ᠵᠢᠯ ᠦ᠋ᠨ ᠳᠣᠯᠣᠭᠠᠨ ᠰᠠᠷ᠎ᠠ ᠳ᠋ᠤᠷ ᠠᠯᠲᠠᠨ ᠤᠯᠤᠰ ᠤ᠋ᠨ ᠠᠢᠽᠦ᠋ᠩ ᠦ᠋ᠨ ᠴᠡᠷᠢᠭ ᠪᠠᠢ ᠬᠦ ᠮᠢᠶᠣᠤ ᠰᠦᠮ᠎ᠡ ᠶ᠋ᠢᠨ ᠭᠠᠵᠠᠷ᠎ᠠ ᠮᠣᠩᠭᠣᠯ ᠤ᠋ᠨ ᠲᠦᠮᠡᠨᠲᠡᠢ ᠶ᠋ᠢᠨ ᠴᠡᠷᠢᠭ ᠲᠦ᠍ᠷ ᠶᠡᠬᠡᠯ᠎ᠡ ᠳᠠᠷᠤᠭᠳᠠᠵᠤ᠂ ᠫᠦ ᠴᠠ ᠭᠤᠸᠠᠨ ᠨᠥ᠍ ᠶ᠋ᠢᠨ ᠡᠬᠡ ᠢᠨᠦ ᠮᠣᠩᠭᠣᠯ ᠳ᠋ᠤᠷ ᠪᠠᠷᠢᠭᠳᠠᠭᠰᠠᠨ ᠳ᠋ᠤᠷ ᠠᠯᠲᠠᠨ ᠤᠯᠤᠰ ᠤ᠋ᠨ ᠡᠵᠡᠨ ᠠᠢᠽᠦ᠋ᠩ ᠬᠠᠭᠠᠨ ᠫᠦ ᠴᠠ ᠭᠤᠸᠠᠨ ᠨᠥ᠍ ᠯᠦ᠍ᠭᠡ ᠵᠥᠪᠳᠡᠵᠦ ᠠᠷᠭ᠎ᠠ ᠭᠠᠷᠭᠠᠨ᠂ ᠲᠡᠭᠦᠨ ᠦ᠌ ᠡᠬᠡ ᠪᠠᠷᠢᠭᠳᠠᠭᠰᠠᠨ ᠳ᠋ᠤᠷ ᠰᠢᠯᠲᠠᠵᠤ ᠠᠷᠭ᠎ᠠ ᠬᠡᠷᠡᠭᠯᠡᠨ ᠬᠠᠭᠤᠷᠮᠠᠭ ᠢ᠋ᠶ᠋ᠠᠷ ᠳᠠᠭᠠᠲᠤᠭᠠᠢ ᠬᠡᠮᠡᠭᠰᠡᠨ ᠳ᠋ᠦ᠍ᠷ ᠫᠦ ᠴᠠ ᠭᠤᠸᠠᠨ ᠨᠥ᠍ ᠰᠡᠮᠡᠬᠡᠷ ᠮᠣᠩᠭᠣᠯ ᠤ᠋ᠨ ᠵᠠᠩᠵᠤᠨ ᠲᠦᠮᠡᠨᠲᠡᠢ ᠶ᠋ᠢᠨ ᠬᠦᠷᠢᠶ᠎ᠡ ᠳ᠋ᠦ᠍ᠷ ᠭᠠᠭᠴᠠᠭᠠᠷ ᠢᠷᠡᠵᠦ ᠮᠡᠬᠡᠯᠡᠨ ᠥᠭᠦᠯᠡᠷᠦᠨ : 《ᠮᠢᠨᠦ ᠡᠬᠡ ᠨᠢᠭᠡᠨᠲᠡ ᠪᠠᠷᠢᠭᠳᠠᠪᠠ᠂ ᠲᠡᠭᠷᠢ ᠶ᠋ᠢᠨ ᠴᠠᠭ ᠴᠤ᠌ ᠲᠠᠨ ᠤ᠋ ᠪᠣᠯᠤᠭᠰᠠᠨ ᠲᠤᠯᠠ ᠪᠢ ᠮᠠᠨ ᠤ᠋ ᠡᠵᠡᠨ ᠠᠢᠽᠦ᠋ᠩ ᠢ᠋ ᠰᠢᠬᠠᠮᠳᠠᠭᠤᠯᠤᠨ ᠡᠷᠡᠦᠯᠡᠵᠦ ᠲᠠᠨ ᠳ᠋ᠤᠷ ᠳᠠᠭᠠᠭᠤᠯᠰᠤᠭᠠᠢ 》ᠬᠡᠮᠡᠬᠦᠢ ᠳ᠋ᠦ᠍ᠷ ᠲᠦᠮᠡᠲᠡᠢ ᠳᠠᠷᠤᠢ ᠲᠡᠭᠦᠨ ᠦ᠌ ᠡᠬᠡ ᠶ᠋ᠢ ᠡᠭᠡᠭᠦᠯᠦᠨ ᠥᠭᠭᠦᠭᠰᠡᠨ ᠳ᠋ᠦ᠍ᠷ ᠫᠦ ᠴᠠ ᠭᠤᠸᠠᠨ ᠨᠦ᠍ ᠰᠥᠨᠢ ᠪᠦᠷᠢ ᠥᠭᠡᠳᠡ ᠤᠷᠤᠭᠤ ᠶᠠᠪᠤᠵᠤ᠂ ᠠᠢᠽᠦ᠋ᠩ ᠬᠠᠭᠠᠨ ᠢ᠋ ᠳᠠᠭᠠᠭᠤᠯᠬᠤ ᠶ᠋ᠢ ᠵᠥᠪᠳᠡᠬᠦᠢ ᠳ᠋ᠦ᠍ᠷ ᠵᠠᠷᠢᠮ ᠳ᠋ᠤᠷ ᠲᠦᠮᠡᠨᠲᠡᠢ ᠯᠦ᠍ᠭᠡ ᠣᠩᠭᠣᠴᠠ ᠳ᠋ᠤᠷ ᠰᠠᠭᠤᠵᠤ ᠤᠷᠤᠰᠬᠠᠯ ᠳ᠋ᠤᠷ ᠶᠠᠪᠤᠭᠤᠯᠤᠨ ᠰᠠᠷᠠᠨ ᠳ᠋ᠤᠷ ᠠᠷᠢᠬᠢᠳᠠᠵᠤ᠂ ᠬᠥᠭᠵᠢᠮ ᠡᠭᠦᠰᠬᠡᠯᠭᠡᠨ ᠳᠠᠭᠤᠤ ᠳᠠᠭᠤᠯᠠᠨ ᠵᠢᠷᠭᠠᠯᠳᠤᠭᠰᠠᠭᠠᠷ ᠮᠠᠰᠢ ᠳᠠᠳᠤᠭᠰᠠᠨ ᠳ᠋ᠤᠷ ᠠᠢᠽᠦ᠋ᠩ᠂ ᠫᠦ ᠴᠠ ᠭᠤᠸᠠᠨ ᠨᠥ᠍ ᠨᠠᠷ ᠠᠯᠲᠠ ᠮᠥᠩᠭᠥᠨ ᠦ᠌ ᠶᠡᠬᠡ ᠫᠠᠢ ᠶ᠋ᠢ ᠲᠦᠮᠡᠨᠲᠡᠢ ᠳ᠋ᠦ᠍ᠷ ᠥᠭᠭᠦᠭᠦᠯᠵᠦ᠂ ᠲᠡᠭᠦᠨ ᠢ᠋ ᠪᠠᠢᠨ ᠪᠠᠢᠨ ᠮᠥᠷᠡᠨ ᠳ᠋ᠦ᠍ᠷ ᠦᠯᠡᠳᠡᠭᠡᠨ᠂ ᠡᠰᠡᠬᠦᠯ᠎ᠡ ᠠᠷᠢᠬᠢ ᠳ᠋ᠤᠷ ᠪᠠᠭᠤᠯᠭᠠᠨ᠂ ᠲᠡᠭᠦᠨ ᠦ᠌ ᠴᠡᠷᠢᠭ ᠦ᠋ᠨ ᠬᠦᠷᠢᠶ᠎ᠡ ᠶ᠋ᠢ ᠳᠠᠷᠤᠬᠤ ᠶ᠋ᠢ ᠵᠥᠪᠳᠡᠬᠦᠢ ᠳ᠋ᠦ᠍ᠷ ᠲᠦᠮᠡᠨᠲᠡᠢ ᠦᠨᠡᠬᠡᠷ ᠲᠡᠮᠡᠭᠡ ᠮᠡᠲᠦ ᠲᠡᠨᠡᠭ ᠲᠤᠯᠠ ᠫᠦ ᠴᠠ ᠭᠤᠸᠠᠨ ᠨᠥ᠍ ᠶ᠋ᠢ ᠨᠢᠭᠡᠮᠦᠰᠦᠨ ᠢᠲᠡᠭᠡᠵᠦ᠂ ᠳᠠᠷᠤᠢ ᠠᠢᠽᠦ᠋ᠩ ᠦ᠋ᠨ ᠳᠠᠭᠠᠬᠤ ᠶ᠋ᠢ ᠬᠦᠯᠢᠶᠡᠬᠦᠶ᠎ᠡ᠂ ᠲᠠᠪᠤᠨ ᠰᠠᠷ᠎ᠠ ᠶ᠋ᠢᠨ ᠰᠢᠨ᠎ᠡ ᠶ᠋ᠢᠨ ᠲᠠᠪᠤᠨ᠎ᠠ ᠠᠢᠽᠦ᠋ᠩ ᠬᠠᠭᠠᠨ ᠲᠡᠭᠷᠢ ᠶ᠋ᠢ ᠳᠠᠬᠢᠵᠤ᠂ ᠴᠡᠷᠢᠭ ᠦ᠋ᠨ ᠳᠣᠲᠣᠷ᠎ᠠ ᠭᠠᠯ ᠫᠤᠤ ᠪᠠ ᠪᠠᠢᠯᠳᠤᠭᠠᠨ ᠤ᠋ ᠵᠡᠪᠰᠡᠭ ᠢ᠋ ᠬᠤᠯᠠᠭᠤᠨ ᠪᠡᠯᠡᠳᠬᠡᠵᠦ᠂ ᠫᠦ ᠴᠠ ᠭᠤᠸᠠᠨ ᠨᠦ᠍ ᠳ᠋ᠦ᠍ᠷ ᠳᠥᠷᠪᠡᠨ ᠵᠠᠭᠤᠨ ᠲᠠᠪᠢᠨ 《ᠰᠢᠳᠤᠷᠭᠤ ᠡᠯᠪᠡᠷᠢᠯᠳᠦ ᠴᠡᠷᠢᠭ 》 ᠢ ᠳᠠᠭᠠᠭᠤᠯᠤᠨ ᠥᠭᠴᠦ ᠪᠦᠸᠧ ᠵᠧᠦ ᠬᠣᠲᠠ ᠶ᠋ᠢᠨ ᠡᠮᠦᠨ᠎ᠡ ᠬᠠᠭᠠᠯᠭ᠎ᠠ ᠪᠠᠷ ᠰᠡᠮᠡᠬᠡᠷ ᠬᠤᠯᠠᠭᠤᠨ ᠭᠠᠷᠴᠤ ᠵᠡᠭᠦᠨ ᠡᠲᠡᠭᠡᠳ ᠢ᠋ᠶ᠋ᠡᠷ ᠲᠣᠭᠣᠷᠢᠨ ᠭᠡᠨᠡᠳᠲᠡ ᠬᠣᠢᠲᠤ ᠵᠦᠭ ᠴᠣᠬᠢᠨ ᠣᠷᠣᠵᠤ᠂ ᠮᠣᠩᠭᠣᠯ ᠤ᠋ᠨ ᠤᠨᠠᠭᠤᠯᠢ ᠰᠠᠬᠢᠬᠤ ᠴᠡᠷᠢᠭ ᠢ᠋ ᠭᠡᠨᠡᠳᠲᠡ ᠰᠢᠪᠲᠤᠯᠤᠨ ᠠᠯᠠᠨ ᠭᠠᠷᠴᠤ ᠰᠢᠭᠤᠳ ᠸᠠᠩ ᠵᠢᠶᠠᠽᠢ ᠶ᠋ᠢᠨ ᠭᠠᠵᠠᠷ ᠲᠦᠮᠡᠨᠲᠡᠢ ᠶ᠋ᠢᠨ ᠴᠡᠷᠢᠭ ᠦ᠋ᠨ ᠬᠣᠷᠢᠶ᠎ᠠ ᠶ᠋ᠢ ᠪᠠᠢᠯᠳᠤᠷ᠎ᠠ ᠢᠷᠡᠪᠡ᠃ ᠠᠯᠲᠠᠨ ᠤᠯᠤᠰ ᠤ᠋ᠨ ᠡᠵᠡᠨ ᠠᠢᠽᠦ᠋ᠩ ᠪᠦᠸᠧ ᠵᠧᠦ ᠶ᠋ᠢᠨ ᠬᠣᠢᠲᠤ ᠬᠠᠭᠠᠯᠭ᠎ᠠ ᠳ᠋ᠤᠷ ᠣᠩᠭᠣᠴᠠ ᠶ᠋ᠢ ᠬᠣᠯᠪᠣᠨ ᠬᠦᠯᠢᠶᠡᠵᠦ ᠂ ᠬᠡᠷᠪᠡ ᠳᠡᠢᠯᠬᠦ ᠦᠭᠡᠢ ᠳ᠋ᠦ᠍ᠷ ᠬᠦᠷᠪᠡᠰᠦ ᠰᠢᠦᠢ ᠵᠧᠦ ᠳ᠋ᠦ᠍ᠷ ᠪᠤᠷᠤᠭᠤᠯᠠᠰᠤᠭᠠᠢ ᠬᠡᠮᠡᠵᠦᠬᠦᠢ᠃ ᠲᠡᠳᠦᠢ ᠰᠥᠨᠢ ᠭᠤᠷᠪᠠᠨ ᠵᠢᠩ ᠦ᠋ᠨ ᠦᠶ᠎ᠡ ᠳ᠋ᠦ᠍ ᠬᠣᠶᠠᠷ ᠴᠡᠷᠢᠭ ᠬᠠᠷᠢᠯᠴᠠᠨ ᠪᠠᠢᠯᠳᠤᠬᠤᠢ ᠳ᠋ᠤᠷ 《ᠰᠢᠳᠤᠷᠭᠤ ᠡᠯᠪᠡᠷᠢᠯᠲᠦ ᠴᠡᠷᠢᠭ 》ᠪᠠᠬᠠᠨ ᠤᠬᠤᠷᠢᠵᠤ ᠭᠡᠨᠡᠳᠲᠡ ᠣᠷᠣᠭᠰᠢ ᠴᠣᠬᠢᠨ ᠣᠷᠣᠵᠤ᠂ ᠫᠦ ᠴᠠ ᠭᠤᠸᠠᠨ ᠨᠥ᠍ ᠴᠡᠷᠢᠭ ᠢ᠋ ᠬᠠᠭᠠᠰᠯᠠᠵᠤ ᠪᠢᠴᠢᠬᠠᠨ ᠣᠩᠭᠣᠴᠠ ᠳ᠋ᠤᠷ ᠵᠢᠷᠠ ᠳᠠᠯᠠᠨ ᠬᠥᠮᠦᠨ ᠢ᠋ ᠰᠠᠭᠤᠯᠭᠠᠭᠠᠳ ᠬᠣᠷᠢᠭᠤᠯ ᠤ᠋ᠨ ᠭᠠᠳᠠᠨ᠎ᠠ ᠭᠠᠷᠴᠤ ᠬᠣᠶᠠᠷ ᠡᠲᠡᠭᠡᠳ ᠡᠴᠡ ᠬᠠᠪᠴᠢᠨ ᠪᠠᠢᠯᠳᠤᠬᠤᠢ ᠳ᠋ᠤᠷ ᠭᠠᠯ ᠫᠤᠤ ᠪᠠᠷᠢᠵᠤ ᠥᠪᠡᠷ ᠢ᠋ᠶ᠋ᠡᠨ ᠲᠡᠷᠢᠭᠦᠯᠡᠨ ᠣᠷᠣᠭᠰᠠᠨ ᠳ᠋ᠤᠷ ᠮᠣᠩᠭᠣᠯ ᠤ᠋ᠨ ᠲᠦᠮᠡᠨᠲᠡᠢ ᠨᠢᠭᠡᠨᠲᠡ ᠲᠤᠯᠤᠨ ᠴᠢᠳᠠᠬᠤ ᠦᠭᠡᠢ ᠶᠡᠬᠡᠯ᠎ᠡ ᠳᠠᠷᠤᠭᠳᠠᠵᠤ᠂ ᠬᠠᠭᠤᠷᠠᠢ ᠳ᠋ᠤᠷ ᠠᠯᠠᠭᠳᠠᠨ ᠤᠰᠤᠨ ᠳ᠋ᠤᠷ ᠴᠠᠴᠠᠭᠰᠠᠨ ᠠᠨᠤ ᠭᠤᠷᠪᠠᠨ ᠮᠢᠩᠭᠠᠨ ᠲᠠᠪᠤᠨ ᠵᠠᠭᠤᠨ ᠴᠡᠷᠢᠭ᠃ ᠡᠭᠦᠨ ᠳ᠋ᠦ᠍ᠷ ᠫᠦ ᠴᠠ ᠭᠤᠸᠠᠨ ᠨᠥ᠍ ᠲᠡᠳᠡᠨ ᠦ᠌ ᠪᠠᠷᠢᠭᠰᠠᠨ ᠬᠣᠷᠢᠭᠤᠯ ᠢ᠋ ᠴᠥᠮ ᠭᠠᠯ ᠢ᠋ᠶ᠋ᠠᠷ ᠰᠢᠲᠠᠭᠠᠵᠤ᠂ ᠰᠠᠶᠢ ᠴᠡᠷᠢᠭ ᠢ᠋ᠶ᠋ᠡᠨ ᠠᠪᠴᠤ ᠪᠤᠴᠠᠭᠰᠠᠨ ᠳ᠋ᠤᠷ ᠠᠯᠲᠠᠨ ᠤᠯᠤᠰ ᠤ᠋ᠨ ᠡᠵᠡᠨ ᠫᠦ ᠴᠠ ᠭᠤᠸᠠᠨ ᠨᠦ᠍ ᠶ᠋ᠢ ᠴᠣᠬᠣᠮ ᠵᠡᠭᠦᠨ ᠡᠲᠡᠭᠡᠳ ᠦ᠋ᠨ ᠳᠡᠳ᠋ ᠶᠤᠸᠠᠨᠱᠤᠸᠠᠢ ᠪᠥᠭᠡᠳ ᠼᠠᠨ ᡁᠢ ᠵᠧᠩ ᠱᠢ ᠲᠦᠰᠢᠮᠡᠯ ᠡᠷᠭᠦᠮᠵᠢᠯᠡᠪᠡᠢ᠃ ᠲᠡᠳᠦᠢ ᠵᠠᠩ ᠵᠢᠢ ᠰᠢᠶᠠᠨ ᠢ᠋ᠶ᠋ᠠᠷ ᠣᠯᠠᠨ ᠴᠡᠷᠢᠭ ᠢ᠋ ᠵᠠᠬᠢᠷᠤᠭᠤᠯᠵᠤ ᠪᠦᠸᠧ ᠵᠧᠦ ᠬᠣᠲᠠ ᠶ᠋ᠢ ᠰᠠᠬᠢᠭᠤᠯᠪᠠᠢ᠃ ᠲᠡᠭᠦᠨᠴᠡ ᠫᠦ ᠴᠠ ᠭᠤᠸᠠᠨ ᠨᠦ᠍ ᠮᠣᠩᠭᠣᠯ ᠤ᠋ᠨ ᠴᠡᠷᠢᠭ ᠢ᠋ ᠡᠨᠡ ᠨᠢᠭᠡᠨ ᠤᠳᠠᠭ᠎ᠠ ᠳᠠᠷᠤᠭᠰᠠᠨ ᠠ᠋ᠴᠠ ᠬᠣᠢᠰᠢ ᠣᠮᠣᠭ ᠨᠡᠩ ᠶᠡᠬᠡᠲᠡᠵᠦ᠂ ᠠᠯᠲᠠᠨ ᠤᠯᠤᠰ ᠤ᠋ᠨ ᠡᠵᠡᠨ ᠠᠢᠽᠦ᠋ᠩ ᠬᠠᠭᠠᠨ ᠢ᠋ ᠬᠦᠨᠳᠦ ᠪᠣᠯᠭᠠᠨ ᠵᠣᠣ ᠪᠢ ᠳᠠᠩ ᠬᠡᠮᠡᠬᠦ ᠬᠠᠷᠰᠢ ᠳ᠋ᠤᠷ ᠰᠠᠭᠤᠯᠭᠠᠨ ᠰᠤᠯᠠ ᠰᠠᠢᠳ ᠤ᠋ᠨ ᠣᠷᠣᠵᠤ ᠭᠠᠷᠬᠤ ᠶ᠋ᠢ ᠴᠠᠭᠠᠵᠠᠯᠠᠭᠠᠳ ᠪᠠᠰᠠ ᠠᠢᠽᠦ᠋ᠩ ᠦ᠋ᠨ ᠵᠠᠩ ᠰᠠᠨᠠᠭᠠᠨ ᠤᠷᠪᠠᠬᠤ ᠠ᠋ᠴᠠ ᠠᠶᠤᠵᠤ᠂ ᠡᠩ ᠦ᠋ᠨ ᠲᠦᠰᠢᠮᠡᠳ ᠢ᠋ ᠳᠡᠷᠭᠡᠳᠡ ᠢᠨᠤ ᠣᠷᠣᠭᠤᠯᠬᠤ ᠦᠭᠡᠢ ᠪᠣᠯᠭᠠᠭᠰᠠᠨ ᠳ᠋ᠤᠷ ᠠᠢᠽᠦ᠋ᠩ ᠬᠠᠭᠠᠨ ᠪᠡᠶ᠎ᠡ ᠪᠡᠨ ᠬᠣᠷᠢᠪᠠ ᠭᠡᠮᠡᠨ ᠰᠢᠳᠠᠷ ᠠᠷᠠᠳ ᠲᠤᠷ ᠥᠭᠦᠯᠡᠷᠦᠨ :《ᠡᠷᠲᠡ ᠡᠴᠡ ᠢᠨᠠᠭᠰᠢ ᠦᠯᠦ ᠮᠥᠬᠥᠬᠦ ᠤᠯᠤᠰ ᠦᠭᠡᠢ᠂ ᠦᠯᠦ ᠦᠬᠦᠬᠦ ᠬᠥᠮᠦᠨ ᠦᠭᠡᠢ᠂ ᠭᠠᠭᠴᠠ ᠪᠢ ᠬᠥᠮᠦᠨ ᠲᠠᠨᠢᠭᠰᠠᠨ ᠦᠭᠡᠢ ᠳ᠋ᠦ᠍ᠷ ᠢ᠋ᠶ᠋ᠡᠨ ᠬᠣᠷᠣᠰᠤᠮᠤᠢ᠃ ᠡᠨᠡ ᠫᠦ ᠴᠠ ᠭᠤᠸᠠᠨ ᠨᠥ᠍ ᠪᠣᠭᠣᠯ ᠳ᠋ᠤᠷ ᠬᠣᠷᠢᠭᠳᠠᠭᠰᠠᠨ ᠳ᠋ᠤᠷ ᠦᠨᠡᠬᠡᠷ ᠲᠡᠨᠴᠢᠭᠦᠷᠡᠮᠦᠢ ! 》 ᠬᠡᠮᠡᠬᠦᠢ ᠳ᠋ᠦ᠍ᠷ ᠨᠧᠢ ᠱᠢ ᠲᠦᠰᠢᠮᠡᠯ ᠵᠢᠦᠢ ᠯᠢᠶᠠᠩ᠂ ᠰᠥᠩ ᠬᠦᠢ᠂ ᠹᠧᠩ ᠢᠦᠢ ᠲᠦᠰᠢᠮᠡᠯ ᠨᠢᠦ ᠰᠢ ᠯᠢᠶᠠᠨ᠂ ᠸᠧᠨ ᠴᠦ᠂ ᠡᠦ ᠬᠦ᠌ ᠰᠦᠨ᠂ ᠠᠢ ᠱᠢ ᠵᠡᠷᠭᠡ ᠶ᠋ᠢᠨ ᠣᠯᠠᠨ ᠰᠠᠢᠳ ᠤ᠋ᠳ ᠰᠡᠮᠡᠬᠡᠷ ᠵᠥᠪᠯᠡᠨ ᠫᠦ ᠴᠠ ᠭᠤᠸᠠᠨ ᠨᠦ᠍ ᠶ᠋ᠢ ᠠᠯᠠᠰᠤᠭᠠᠢ ᠭᠡᠮᠡᠨ ᠼᠠᠢ ᠵᠧᠦ ᠬᠣᠲᠠ ᠶ᠋ᠢᠨ ᠬᠡᠷᠡᠮ ᠥᠨᠳᠥᠷ ᠤᠨᠠᠭᠤᠯᠢ ᠭᠦᠨ ᠴᠡᠷᠢᠭ ᠣᠯᠠᠨ ᠠᠮᠤ ᠡᠯᠪᠡᠭ ᠲᠤᠯᠠ ᠬᠠᠭᠠᠨ ᠲᠡᠨᠳᠡ ᠡᠴᠢᠵᠦ ᠥᠪᠡᠷ ᠢ᠋ᠶ᠋ᠡᠨ ᠴᠡᠷᠢᠭ ᠢ᠋ ᠲᠡᠵᠢᠭᠡᠮᠦ ! ᠬᠡᠮᠡᠭᠰᠡᠨ ᠳ᠋ᠦ᠍ᠷ ᠬᠠᠭᠠᠨ ᠵᠥᠪᠰᠢᠶᠡᠷᠡᠵᠦ ᠬᠠᠷᠠᠬᠠᠨ ᠭᠠᠷᠬᠤ ᠠᠷᠭ᠎ᠠ ᠵᠥᠪᠳᠡᠬᠦ ᠳ᠋ᠦ᠍ᠷ ᠴᠢᠪᠬᠢᠲᠡᠯ᠎ᠡ ᠰᠢ ᠵᠧᠦ᠂ ᠴᠢᠨ ᠵᠧᠦ᠂ ᠨᠢᠩ ᠵᠧᠦ ᠡᠨᠡ ᠭᠤᠷᠪᠠᠨ ᠵᠧᠦ ᠶ᠋ᠢ ᠬᠠᠮᠲᠤ ᠵᠠᠬᠢᠷᠬᠤ ᠽᠦᠩ ᠱᠤᠸᠠᠢ ᠲᠦᠰᠢᠮᠡᠯ ᠡᠦ ᠬᠦ᠌ ᠯᠦᠨ ᠭᠣᠣ ᠳᠥᠷᠪᠡᠨ ᠵᠠᠭᠤᠨ ᠲᠠᠭᠠᠷ ᠠᠮᠤ ᠠᠪᠴᠤ ᠬᠦᠢ ᠳᠧ ᠹᠦ ᠳ᠋ᠦ᠍ᠷ ᠬᠦᠷᠭᠡᠵᠦ ᠢᠷᠡᠭᠡᠳ ᠬᠠᠭᠠᠨ ᠢ᠋ ᠵᠠᠯᠠᠭᠰᠠᠨ ᠳ᠋ᠤᠷ᠂ ᠬᠠᠭᠠᠨ ᠰᠠᠨᠠᠭ᠎ᠠ ᠲᠣᠭᠲᠠᠵᠤ ᠡᠴᠢᠰᠦᠭᠡᠢ ᠬᠡᠮᠡᠬᠦᠶ᠎ᠡ᠂ ᠫᠦ ᠴᠠ ᠭᠤᠸᠠᠨ ᠨᠦ᠍ ᠪᠦᠸᠧ ᠵᠧᠦ ᠡᠴᠡ ᠪᠤᠴᠠᠭᠰᠠᠨ ᠳ᠋ᠤᠷ ᠠᠢᠽᠦ᠋ᠩ ᠬᠠᠭᠠᠨ ᠴᠠᠢ ᠵᠧᠦ ᠳ᠋ᠦ᠍ᠷ ᠡᠴᠢᠬᠦ ᠪᠡᠨ ᠬᠡᠯᠡᠭᠰᠡᠨ᠎ᠡ᠂ ᠪᠣᠢ ᠴᠠ ᠭᠤᠸᠠᠨ ᠨᠦ᠍ ᠭᠠᠷ ᠰᠡᠷᠪᠡᠯᠵᠡᠨ ᠬᠥᠯ ᠳᠡᠪᠬᠡᠴᠡᠵᠦ :《ᠲᠡᠨᠳᠡ ᠡᠴᠢᠵᠦ ᠪᠣᠯᠬᠤ ᠦᠭᠡᠢ ! 》ᠭᠡᠮᠡᠨ ᠬᠣᠷᠢᠭᠯᠠᠬᠤᠢ ᠳ᠋ᠤᠷ ᠣᠯᠠᠨ ᠲᠦᠰᠢᠮᠡᠯ ᠶᠡᠬᠡᠯ᠎ᠡ ᠠᠭᠤᠷᠯᠠᠪᠠ᠃
ᠲᠡᠳᠦᠢ ᠫᠦ ᠴᠠ ᠭᠤᠸᠠᠨ ᠨᠦ᠍ ᠭᠠᠷᠴᠤ : 《ᠬᠡᠨ ᠬᠥᠮᠦᠨ ᠼᠠᠢ ᠵᠧᠦ ᠳ᠋ᠦ᠍ᠷ ᠲᠠᠪᠰᠢᠮᠤᠢ ᠬᠡᠮᠡᠪᠡᠰᠦ ᠲᠡᠭᠦᠨ ᠢ᠋ ᠠᠯᠠᠮᠤᠢ ! 》ᠭᠡᠮᠡᠨ ᠵᠠᠷᠯᠠᠭᠰᠠᠨ ᠳ᠋ᠤᠷ ᠣᠯᠠᠨ ᠲᠦᠰᠢᠮᠡᠳ ᠲᠡᠭᠦᠨ ᠢ᠋ ᠬᠠᠭᠠᠨ ᠳ᠋ᠤᠷ ᠠᠭᠰᠤᠷᠬᠢᠯᠠᠪᠠ᠂ ᠡᠵᠡᠨ ᠡᠰᠢ ᠦᠭᠡᠢ ᠪᠣᠯᠪᠠ ᠭᠡᠮᠡᠨ ᠬᠠᠭᠠᠨ ᠳ᠋ᠤᠷ ᠠᠢᠯᠠᠳᠬᠠᠨ ᠡᠷᠲᠡᠬᠡᠨ ᠠᠷᠭ᠎ᠠ ᠶ᠋ᠢ ᠲᠣᠭᠲᠠᠭᠠᠮᠤ ᠬᠡᠮᠡᠬᠦᠢ ᠳ᠋ᠦ᠍ᠷ ᠬᠠᠭᠠᠨ ᠳᠠᠷᠤᠢ ᠰᠥᠩ ᠬᠦᠢ ᠨᠠᠷ ᠯᠤᠭ᠎ᠠ ᠵᠥᠪᠯᠡᠵᠦ᠂ ᠽᠡᠢᠰᠢᠶᠠᠩ ᠢ᠋ ᠳᠠᠭᠤᠳᠠᠵᠤ ᠬᠡᠷᠡᠭ ᠵᠥᠪᠯᠡᠮᠦᠢ ᠭᠡᠮᠡᠨ ᠫᠦ ᠴᠠ ᠭᠤᠸᠠᠨ ᠨᠦ᠍ ᠶ᠋ᠢ ᠳᠠᠭᠤᠳᠠᠨ ᠣᠷᠣᠭᠤᠯᠬᠤᠢ ᠳ᠋ᠤᠷ ᠸᠧᠨ ᠴᠦ ᠶ᠋ᠢ ᠵᠣᠣ ᠪᠢ ᠳᠠᠩ ᠬᠠᠷᠰᠢ ᠶ᠋ᠢᠨ ᠡᠭᠦᠳᠡᠨ ᠦ᠌ ᠬᠣᠢᠨ᠎ᠠ ᠪᠦᠭᠭᠦᠭᠦᠯᠵᠦ᠂ ᠫᠦ ᠴᠠ ᠭᠤᠸᠠᠨ ᠨᠥ᠍ ᠶ᠋ᠢ ᠣᠷᠣᠵᠤ ᠢᠷᠡᠬᠦᠢ ᠳ᠋ᠦ᠍ᠷ ᠸᠧᠨ ᠴᠦ ᠭᠡᠨᠡᠳᠲᠡ ᠭᠠᠷᠴᠤ ᠬᠣᠢᠨ᠎ᠠ ᠠ᠋ᠴᠠ ᠨᠢᠭᠡᠨᠲᠡ ᠬᠠᠳᠬᠤᠭᠰᠠᠨ ᠳ᠋ᠤᠷ ᠲᠡᠭᠦᠨ ᠦ᠌ ᠬᠠᠪᠢᠷᠭ᠎ᠠ ᠳᠠᠭᠠᠷᠢᠭᠳᠠᠵᠤ ᠶᠡᠬᠡᠯ᠎ᠡ ᠬᠠᠰᠬᠢᠷᠬᠤᠢ ᠳ᠋ᠤᠷ ᠠᠢᠽᠦ᠋ᠩ ᠬᠠᠭᠠᠨ ᠥᠪᠡᠷ ᠢ᠋ᠶ᠋ᠡᠨ ᠶᠠᠭᠠᠷᠠᠨ ᠭᠠᠷᠴᠤ ᠳᠤᠲᠠᠭᠠᠨ ᠬᠣᠲᠠ ᠲᠣᠭᠣᠷᠢᠨ ᠭᠦᠶᠦᠬᠦᠢ ᠳ᠋ᠦ᠍ᠷ ᠸᠧᠨ ᠴᠦ᠂ ᠠᠢ ᠱᠢ ᠨᠠᠷ ᠬᠡᠳᠦᠢᠨᠡᠢ ᠫᠦ ᠴᠠ ᠭᠤᠸᠠᠨ ᠨᠦ᠍ ᠶ᠋ᠢ ᠴᠠᠪᠴᠢᠵᠤ ᠠᠯᠠᠪᠠ᠃ ᠡᠭᠦᠨ ᠳ᠋ᠦ᠍ᠷ ᠲᠡᠭᠦᠨ ᠦ᠌ ᠬᠠᠷᠢᠶᠠᠲᠤ 《ᠰᠢᠳᠤᠷᠭᠤ ᠡᠯᠪᠡᠷᠢᠯᠲᠦ ᠴᠡᠷᠢᠭ 》ᠡᠨᠡ ᠬᠤᠪᠢᠰᠬᠠᠯ ᠢ᠋ ᠰᠣᠨᠣᠰᠴᠤ ᠴᠥᠮ ᠰᠡᠳᠬᠢᠯ ᠬᠤᠪᠢᠯᠵᠤ ᠶᠠᠭᠠᠷᠠᠨ ᠵᠠᠷ ᠵᠡᠪᠰᠡᠭ ᠢ᠋ᠶ᠋ᠡᠨ ᠠᠪᠴᠤ ᠲᠤᠯᠰᠤᠭᠠᠢ ᠬᠡᠮᠡᠬᠦᠢ ᠳ᠋ᠦ᠍ᠷ ᠸᠧᠨ ᠴᠦ ᠬᠠᠭᠠᠨ ᠢ᠋ ᠪᠡᠶ᠎ᠡ ᠪᠡᠷ ᠭᠠᠷᠴᠤ ᠲᠣᠬᠣᠷᠤᠭᠤᠯᠤᠮᠤ ᠭᠡᠮᠡᠨ ᠠᠢᠯᠠᠳᠬᠠᠭᠰᠠᠨ ᠳ᠋ᠤᠷ ᠠᠢᠽᠦ᠋ᠩ ᠬᠠᠭᠠᠨ ᠱᠤᠸᠠᠩ ᠮᠧᠨ ᠬᠠᠭᠠᠯᠭ᠎ᠠ ᠳ᠋ᠤᠷ ᠭᠠᠷᠴᠤ ᠰᠠᠭᠤᠭᠠᠳ 《ᠰᠢᠳᠤᠷᠭᠤ ᠡᠯᠪᠡᠷᠢᠯᠳᠦ ᠴᠡᠷᠢᠭ 》 ᠦ᠋ᠨ ᠶᠠᠯ᠎ᠠ ᠶ᠋ᠢ ᠬᠡᠯᠲᠦᠷᠢᠭᠦᠯᠦᠨ ᠲᠣᠬᠣᠷᠤᠭᠤᠯᠵᠤ ᠰᠠᠶᠢ ᠨᠠᠮᠬᠠᠷᠠᠭᠤᠯᠪᠠᠢ᠃
ᠡᠨᠡ ᠬᠢᠷᠢ ᠳ᠋ᠦ᠍ᠷ ᠠᠯᠲᠠᠨ ᠤᠯᠤᠰ ᠤ᠋ᠨ ᠵᠦᠩ ᠵᠢᠩ ᠪᠠᠯᠭᠠᠰᠤᠨ ᠢ᠋ ᠰᠠᠬᠢᠭᠰᠠᠨ ᠴᠢᠶᠠᠩ ᠱᠧᠨ ᠦ᠌ ᠭᠠᠪᠢᠶ᠎ᠠ ᠳ᠋ᠤᠷ ᠵᠠᠷᠯᠢᠭ ᠪᠠᠭᠤᠯᠭᠠᠨ ᠬᠥᠬᠢᠭᠡᠵᠦ ᠳᠡᠪᠰᠢᠭᠦᠯᠦᠨ ᠵᠦᠩ ᠶᠤᠸᠠᠨ ᠤ᠋ ᠯᠢᠦ ᠱᠧᠦ ᠲᠦᠰᠢᠮᠡᠯ ᠪᠣᠯᠭᠠᠵᠤ ᠪᠠᠰᠠ ᠼᠠᠨ ᠵᠧᠩ ᠲᠦᠰᠢᠮᠡᠯ ᠨᠧᠢ ᠴᠦ ᠯᠢᠶᠠᠨ ᠡᠮᠦᠨ᠎ᠡ ᠠᠭᠤᠯᠠ ᠠ᠋ᠴᠠ ᠠᠷᠪᠠᠨ ᠲᠦᠮᠡᠨ ᠢᠯᠡᠭᠦᠦ ᠴᠡᠷᠢᠭ ᠳᠠᠭᠠᠭᠤᠯᠤᠨ ᠯᠦᠸ᠋ᠸ ᠶᠠᠩ ᠳ᠋ᠤᠷ ᠣᠷᠣᠭᠰᠠᠨ ᠳ᠋ᠤᠷ ᠲᠡᠭᠦᠨ ᠢ᠋ ᠪᠠᠰᠠ ᠳᠡᠪᠰᠢᠭᠦᠯᠦᠨ ᠰᠢᠩ ᠱᠧᠩ ᠱᠢ ᠲᠦᠰᠢᠮᠡᠯ ᠪᠣᠯᠭᠠᠪᠠᠢ᠃ ᠡᠭᠦᠨ ᠳ᠋ᠦ᠍ᠷ ᠯᠢᠦ ᠱᠧᠦ ᠲᠦᠰᠢᠮᠡᠯ ᠴᠢᠶᠠᠩ ᠱᠧᠨ ᠮᠥᠨ ᠴᠤᠸᠠᠨ ᠠᠢ ᠥᠷᠲᠡᠭᠡᠨ ᠦ᠌ ᠵᠡᠭᠦᠨ ᠳ᠋ᠦ᠍ ᠨᠢᠭᠡᠨ ᠲᠠᠩᠬᠢᠮ ᠪᠠᠷᠢᠵᠤ ᠨᠡᠷ᠎ᠡ ᠶ᠋ᠢ 《ᠬᠡᠰᠢᠭ ᠢ᠋ ᠬᠠᠷᠢᠭᠤᠯᠬᠤ – ᠪᠦᠦ ᠧᠨ ᠳᠠᠩ 》ᠭᠡᠮᠡᠨ ᠨᠡᠷᠡᠯᠡᠵᠦ᠂ ᠠᠢᠽᠦ᠋ᠩ ᠬᠠᠭᠠᠨ ᠤ᠋ ᠵᠠᠷᠯᠢᠭ ᠤ᠋ᠨ ᠪᠢᠴᠢᠭ ᠢ᠋ ᠬᠥᠰᠢᠶ᠎ᠡ ᠴᠢᠯᠠᠭᠤᠨ ᠳ᠋ᠤᠷ ᠰᠡᠢᠯᠦᠭᠦᠯᠵᠦ᠂ ᠳᠤᠷᠠᠲᠠᠶ᠎ᠠ ᠦᠬᠦᠨ ᠵᠢᠳᠬᠦᠵᠦ ᠬᠠᠷᠢᠭᠤᠯᠠᠰᠤᠭᠠᠢ ᠭᠡᠮᠡᠨ ᠲᠠᠩᠭᠠᠷᠢᠭᠯᠠᠵᠤ ᠪᠢᠴᠢᠪᠡᠢ᠃ ᠳᠠᠷᠠᠭ᠎ᠠ ᠪᠠᠷ ᠮᠣᠩᠭᠣᠯ ᠤ᠋ᠨ ᠴᠡᠷᠢᠭ ᠪᠢᠶᠠᠨ ᠵᠧᠦ ᠡᠴᠡ ᠰᠧ ᠯᠢᠶᠧ ᠶ᠋ᠢᠨ ᠬᠥᠪᠡᠭᠦᠨ ᠢ᠋ ᠪᠠᠷᠢᠵᠤ ᠠᠪᠤᠭᠠᠳ ᠤ᠋ᠨ ᠴᠠᠩ ᠹᠦ ᠶ᠋ᠢᠨ ᠵᠡᠭᠦᠨ ᠬᠠᠭᠠᠯᠭ᠎ᠠ ᠶ᠋ᠢᠨ ᠭᠠᠳᠠᠨ᠎ᠠ ᠠᠪᠠᠴᠢᠵᠤ ᠴᠡᠭᠡᠷ ᠦᠵᠡᠭᠦᠯᠦᠨ ᠰᠧ ᠯᠢᠶᠧ ᠶ᠋ᠢᠨ ᠬᠥᠪᠡᠭᠦᠨ ᠢ᠋ ᠡᠯᠰᠡᠨ ᠳᠠᠭᠠᠭᠤᠯᠰᠤᠭᠠᠢ ᠬᠡᠮᠡᠬᠦᠢ ᠳ᠋ᠦ᠍ᠷ ᠰᠧ ᠯᠢᠶᠧ ᠵᠡᠭᠦᠨ ᠪᠠᠷᠠᠭᠤᠨ ᠡᠲᠡᠭᠡᠳ ᠦ᠋ᠨ ᠠᠷᠠᠳ ᠢ᠋ᠶ᠋ᠠᠷ ᠬᠥᠪᠡᠭᠦᠨ ᠢ᠋ᠶ᠋ᠡᠨ ᠬᠠᠷᠪᠤᠭᠤᠯᠵᠤ ᠡᠭᠡᠭᠦᠯᠦᠭᠡᠳ ᠳᠠᠷᠠᠭ᠎ᠠ ᠪᠠᠷ ᠪᠢᠶᠠᠨ ᠵᠢᠩ ᠬᠣᠲᠠᠨ ᠤ᠋ ᠼᠦᠢ ᠯᠢ ᠶ᠋ᠢᠨ ᠬᠤᠪᠢᠰᠬᠠᠯ ᠢ᠋ ᠰᠣᠨᠣᠰᠴᠤ ᠪᠢᠶᠠᠨ ᠯᠢᠶᠠᠩ ᠨᠢᠭᠡᠨᠲᠡ ᠠᠪᠲᠠᠭᠰᠠᠨ ᠳ᠋ᠤᠷ ᠶᠡᠬᠡᠯ᠎ᠡ ᠵᠣᠪᠠᠨᠢᠵᠤ᠂ ᠬᠦᠨᠳᠦ ᠡᠪᠡᠳᠴᠢᠨ ᠬᠦᠷᠲᠡᠵᠦ ᠦᠭᠡ ᠬᠡᠯᠡᠵᠦ ᠴᠢᠳᠠᠬᠤ ᠦᠭᠡᠢ ᠪᠡᠷ ᠦᠬᠦᠪᠡ᠃ ᠡᠭᠦᠨ ᠳ᠋ᠦ᠍ᠷ ᠠᠷᠭ᠎ᠠ ᠦᠭᠡᠢ ᠽᠦᠩ ᠱᠤᠸᠠᠢ ᠡᠦ ᠯᠢᠨ ᠳᠡ ᠬᠤ᠌ ᠲᠦ ᠶ᠋ᠢ ᠰᠧ ᠯᠢᠶᠧ ᠶ᠋ᠢᠨ ᠣᠷᠣᠨ ᠳ᠋ᠤᠷ ᠰᠢᠩ ᠱᠧᠩ ᠱᠢ ᠲᠦᠰᠢᠮᠡᠯ᠂ ᠴᠢᠶᠠᠩ ᠱᠧᠨ ᠢ᠋ ᠽᠦᠩ ᠱᠤᠸᠠᠢ ᠲᠦᠰᠢᠮᠡᠯ ᠪᠣᠯᠭᠠᠪᠠᠢ᠃ ᠲᠡᠢᠨ ᠬᠦ᠌ ᠰᠠᠷ᠎ᠠ ᠢᠯᠡᠭᠦᠦ ᠪᠣᠯᠵᠤ ᠬᠣᠲᠠᠨ ᠤ᠋ ᠳᠣᠲᠣᠷ᠎ᠠ ᠠᠮᠤ ᠲᠠᠰᠤᠷᠠᠭᠰᠠᠨ ᠳ᠋ᠤᠷ ᠣᠯᠠᠨ ᠴᠡᠷᠢᠭ ᠢᠷᠭᠡᠨ ᠶᠡᠬᠡᠯ᠎ᠡ ᠰᠠᠷᠨᠢᠬᠤᠶᠠ᠂ ᠮᠣᠩᠭᠣᠯ ᠤ᠋ᠨ ᠴᠡᠷᠢᠭ ᠪᠠᠰᠠ ᠢᠷᠡᠵᠦ ᠯᠦᠸᠧ ᠶᠠᠩ ᠤ᠋ᠨ ᠡᠮᠦᠨ᠎ᠡ ᠤᠰᠤᠨ ᠤ᠋ ᠬᠥᠪᠡᠭᠡ ᠳ᠋ᠦ᠍ᠷ ᠵᠢᠭᠰᠠᠭᠠᠯ ᠵᠢᠭᠰᠠᠭᠠᠭᠰᠠᠨ ᠳ᠋ᠤᠷ ᠴᠢᠶᠠᠩ ᠱᠧᠨ ᠤᠰᠤᠨ ᠤ᠋ ᠬᠣᠢᠲᠤ ᠡᠲᠡᠭᠡᠳ ᠲᠣᠷ ᠵᠢᠭᠰᠠᠭᠠᠯ ᠵᠢᠭᠰᠠᠭᠠᠨ ᠲᠤᠯᠬᠤᠶ᠎ᠠ᠂ ᠮᠣᠩᠭᠣᠯ ᠤ᠋ᠨ ᠬᠠᠨ ᠶᠤᠸᠠᠨᠱᠤᠸᠠᠢ ᠭᠠᠭᠴᠠ ᠮᠣᠷᠢ ᠪᠠᠷ ᠤᠰᠤᠨ ᠳᠠᠩ ᠳ᠋ᠤᠷ ᠵᠣᠭᠰᠣᠵᠤ ᠴᠢᠶᠠᠩ ᠱᠧᠨ ᠳ᠋ᠦ᠍ᠷ ᠠᠰᠢᠭ ᠵᠣᠪᠠᠯᠠᠩ ᠢ᠋ ᠲᠣᠭᠠᠴᠢᠵᠤ᠂ ᠲᠡᠭᠷᠢ ᠶ᠋ᠢᠨ ᠴᠠᠭ ᠢ᠋ ᠳᠠᠭᠠᠵᠤ ᠮᠠᠨ ᠳ᠋ᠤᠷ ᠣᠷᠣᠵᠤ ᠳᠠᠭᠠᠪᠠᠰᠤ ᠪᠦᠷᠢᠨ᠎ᠡ ᠬᠠᠮᠠᠭᠠᠯᠠᠵᠤ ᠪᠣᠯᠤᠮᠤᠢ ᠬᠡᠮᠡᠬᠦᠢ ᠳ᠋ᠦ᠍ᠷ ᠴᠢᠶᠠᠩ ᠱᠧᠨ ᠮᠣᠷᠢ ᠪᠠᠨ ᠳᠣᠪᠲᠣᠯᠤᠨ ᠣᠷᠣᠵᠤ ᠬᠠᠷᠪᠤᠬᠤᠢ ᠳ᠋ᠤᠷ ᠬᠠᠨ ᠶᠤᠸᠠᠨᠱᠤᠸᠠᠢ ᠶᠡᠬᠡᠯ᠎ᠡ ᠢᠨᠢᠶᠡᠨ ᠥᠭᠦᠯᠡᠷᠦᠨ : 《ᠮᠤᠩᠬᠠᠭ ᠬᠢᠲᠠᠳ ᠬᠡᠷᠡᠭ ᠦᠭᠡᠢ ᠲᠥᠭᠡ ᠢᠮᠠᠬᠤ ᠶ᠋ᠢ ᠡᠷᠬᠢᠯᠡᠵᠦ ᠬᠡᠪᠴᠢᠶᠡᠨᠳᠦ ᠶᠡᠬᠡ ᠬᠡᠳᠦᠨ ᠠᠯᠲᠠ ᠶ᠋ᠢ ᠦᠯᠦ ᠤᠬᠠᠮᠤᠢ ! 》ᠭᠡᠮᠡᠨ ᠵᠢᠭᠰᠠᠭᠠᠯ ᠳ᠋ᠤᠷ ᠢ᠋ᠶ᠋ᠠᠨ ᠡᠭᠡᠭᠡᠳ ᠬᠡᠳᠦᠨ ᠵᠠᠭᠤᠨ ᠶᠠᠪᠠᠭᠠᠨ ᠴᠡᠷᠢᠭ ᠢ᠋ ᠠᠪᠴᠤ ᠬᠥᠭᠥᠷᠭᠡ ᠶ᠋ᠢ ᠪᠤᠯᠢᠶᠠᠨ ᠪᠠᠢᠯᠳᠤᠬᠤᠢ ᠳ᠋ᠤᠷ ᠴᠢᠶᠠᠩ ᠱᠧᠨ ᠨᠢᠭᠡᠨ ᠴᠡᠷᠢᠭ ᠢ᠋ᠶ᠋ᠡᠷ ᠲᠤᠭ ᠪᠠᠷᠢᠭᠤᠯᠵᠤ᠂ ᠭᠠᠭᠴᠠᠭᠠᠷ ᠲᠣᠰᠴᠤ ᠪᠠᠢᠯᠳᠤᠨ᠂ ᠮᠣᠩᠭᠣᠯ ᠤ᠋ᠨ ᠬᠡᠳᠦᠨ ᠬᠥᠮᠦᠨ ᠢ᠋ ᠠᠯᠠᠭᠠᠳ ᠪᠠᠰᠠ ᠥᠪᠡᠷ ᠦ᠋ᠨ ᠳ᠋ᠦᠲ᠋ᠦ᠋ᠩ ᠦ᠋ᠨ ᠮᠥᠩᠭᠥᠨ ᠫᠠᠢ ᠶᠤᠭᠠᠨ ᠲᠡᠷᠢᠭᠦᠯᠡᠨ ᠣᠷᠣᠭᠰᠠᠨ ᠴᠡᠷᠢᠭ ᠦ᠋ᠨ ᠬᠥᠮᠦᠨ ᠦ᠌ ᠬᠦᠵᠦᠭᠦᠨ ᠳ᠋ᠦ᠍ᠷ ᠵᠡᠭᠦᠯᠭᠡᠭᠰᠡᠨ ᠳ᠋ᠦ᠍ᠷ ᠴᠡᠷᠢᠭ ᠦ᠋ᠨ ᠰᠡᠳᠬᠢᠯ ᠶᠡᠬᠡᠯ᠎ᠡ ᠪᠠᠶᠠᠷᠯᠠᠨ ᠰᠦᠷ ᠬᠦᠴᠦᠨ ᠳᠠᠬᠢᠨ ᠳᠡᠭᠡᠷᠡᠳᠡᠵᠦ᠂ ᠳᠠᠷᠤᠢ ᠬᠣᠲᠠᠨ ᠤ᠋ ᠭᠠᠳᠠᠨ᠎ᠠ ᠳᠥᠷᠪᠡᠨ ᠥᠨᠴᠥᠭ ᠪᠠ ᠲᠠᠪᠤᠨ ᠡᠭᠦᠳᠡᠨ ᠳ᠋ᠦ᠍ᠷ ᠴᠥᠮ ᠬᠠᠯᠬᠠᠪᠴᠢ ᠭᠡᠷᠡᠯ ᠴᠣᠭᠴᠠᠯᠠᠵᠤ᠂ ᠨᠡᠷ᠎ᠡ ᠶ᠋ᠢ 《 ᠮᠧᠢ ᠬᠤᠸᠠ ᠴᠢᠶᠠᠩ 》ᠭᠡᠮᠡᠨ ᠳᠠᠭᠤᠳᠠᠮᠤᠢ᠃ ᠮᠣᠩᠭᠣᠯ ᠤ᠋ᠨ ᠴᠡᠷᠢᠭ ᠲᠠᠪᠤᠨ ᠵᠠᠭᠤᠨ ᠮᠣᠷᠢᠲᠠᠨ ᠲᠡᠷᠡ ᠬᠡᠷᠡᠮ ᠢ᠋ ᠳᠠᠭᠠᠷᠢᠨ ᠢᠷᠡᠬᠦᠢ ᠳ᠋ᠦ᠍ᠷ ᠴᠢᠶᠠᠩ ᠱᠧᠨ ᠬᠣᠶᠠᠷ ᠵᠠᠭᠤᠨ ᠮᠣᠷᠢᠲᠠᠨ ᠢ᠋ ᠠᠪᠴᠤ ᠬᠡᠩᠭᠡᠷᠭᠡ ᠳᠡᠯᠡᠳᠦᠨ ᠤᠭᠲᠤᠨ ᠭᠠᠷᠬᠤᠶ᠎ᠠ ᠮᠣᠩᠭᠣᠯ ᠤ᠋ᠨ ᠴᠡᠷᠢᠭ ᠳᠠᠷᠤᠢ ᠬᠣᠢᠰᠢ ᠤᠬᠤᠷᠢᠪᠠᠢ᠃ ᠡᠭᠦᠨ ᠳ᠋ᠦ᠍ ᠡᠦ ᠯᠢᠨ ᠳᠡ ᠬᠤ᠌ ᠲᠦ ᠮᠣᠩᠭᠣᠯ ᠤ᠋ᠨ ᠴᠡᠷᠢᠭ ᠦ᠋ᠨ ᠴᠢᠭᠢᠷᠠᠭ ᠢ᠋ ᠦᠵᠡᠭᠡᠳ ᠳᠠᠷᠤᠢ ᠰᠤᠪᠳᠠᠭ ᠮᠣᠷᠢᠲᠠᠨ ᠤ᠋ ᠬᠡᠳᠦᠨ ᠵᠠᠭᠤᠨ ᠴᠡᠷᠢᠭ ᠢ᠋ ᠠᠪᠴᠤ ᠼᠠᠢ ᠵᠧᠦ ᠬᠣᠲᠠᠨ ᠳ᠋ᠤᠷ ᠪᠤᠷᠤᠭᠤᠯᠠᠨ ᠡᠴᠢᠪᠡ᠃ ᠡᠭᠦᠨ ᠳ᠋ᠦ᠍ᠷ ᠢᠩ ᠶᠠᠩ ᠳᠦ ᠢᠦᠢ ᠲᠦᠰᠢᠮᠡᠯ ᠪᠠᠷᠠᠭᠤᠨ ᠬᠠᠭᠠᠯᠭ᠎ᠠ ᠪᠠᠨ ᠨᠡᠭᠡᠭᠡᠵᠦ ᠳᠠᠭᠠᠭᠰᠠᠨ ᠳ᠋ᠤᠷ ᠴᠢᠶᠠᠩ ᠱᠧᠨ ᠬᠣᠲᠠᠨ ᠢ᠋ ᠬᠠᠮᠠᠭᠠᠯᠠᠨ ᠴᠢᠳᠠᠬᠤ ᠦᠭᠡᠢ ᠪᠡᠨ ᠮᠡᠳᠡᠭᠡᠳ ᠦᠬᠦᠬᠦ ᠡᠴᠡ ᠦᠯᠦ ᠠᠶᠤᠬᠤ ᠬᠡᠳᠦᠨ ᠠᠷᠪᠠᠨ ᠠᠷᠠᠳ ᠢ᠋ ᠠᠪᠴᠤ ᠵᠡᠭᠦᠨ ᠬᠠᠭᠠᠯᠭ᠎ᠠ ᠪᠠᠷ ᠪᠠᠢᠯᠳᠤᠨ ᠭᠠᠷᠤᠭᠰᠠᠨ ᠳ᠋ᠤᠷ ᠮᠣᠩᠭᠣᠯ ᠤ᠋ᠨ ᠴᠡᠷᠢᠭ ᠲᠣᠰᠴᠤ ᠪᠠᠢᠯᠳᠤᠨ ᠬᠤᠷᠢᠶᠠᠵᠤ ᠠᠪᠤᠭᠠᠳ ᠲᠥᠭᠥᠷᠢᠭᠯᠡᠨ ᠬᠠᠭᠠᠵᠤ ᠠᠮᠢᠳᠤ ᠪᠠᠷ ᠪᠠᠷᠢᠵᠤ ᠠᠪᠤᠭᠠᠳ ᠮᠣᠷᠢᠨ ᠳᠡᠭᠡᠷ᠎ᠡ ᠬᠥᠨᠳᠡᠯᠡᠨ ᠢ᠋ᠶ᠋ᠡᠷ ᠠᠴᠢᠵᠤ᠂ ᠮᠣᠩᠭᠣᠯ ᠤ᠋ᠨ ᠲᠡᠢᠰᠢ ᠶ᠋ᠢᠨ ᠬᠥᠪᠡᠭᠦᠨ ᠳᠡᠰ ᠲᠣᠭᠣᠰ ᠶᠤᠸᠠᠨᠱᠤᠸᠠᠢ ᠳ᠋ᠤᠷ ᠠᠪᠴᠤ ᠢᠷᠡᠭᠰᠡᠨ ᠳ᠋ᠦ᠍ᠷ ᠴᠡᠷᠢᠭ ᠦ᠋ᠨ ᠠᠷᠠᠳ ᠴᠢᠶᠠᠩ ᠱᠧᠨ ᠦ᠌ ᠲᠣᠭᠰᠢᠨ ᠢ᠋ ᠦᠵᠡᠵᠦ ᠰᠤᠷᠭᠠᠨ ᠥᠭᠦᠯᠡᠷᠦᠨ : 《ᠪᠠᠷᠠᠭᠳᠠᠭᠰᠠᠨ ᠤᠯᠤᠰ ᠲᠤᠷ ᠴᠢᠷᠮᠠᠢᠨ ᠦᠬᠦᠪᠡᠴᠦ ᠶᠠᠭᠤᠨ ᠤ᠋ ᠲᠤᠰᠠ? ᠬᠣᠢᠰᠢ ᠬᠠᠲᠤᠨ ᠨᠢᠭᠡᠨᠲᠡ ᠰᠥᠭᠥᠳᠪᠡᠰᠦ ᠳᠠᠷᠤᠢ ᠰᠢᠳᠤᠷᠭᠤ ᠪᠥᠭᠡᠳ ᠪᠠᠰᠠ ᠤᠷᠢᠳᠤᠰ ᠢ᠋ᠶ᠋ᠠᠨ ᠬᠠᠮᠠᠭᠠᠯᠠᠵᠤ ᠪᠣᠯᠤᠮᠤᠢ ! 》ᠬᠡᠮᠡᠬᠦᠢ ᠳ᠋ᠦ᠍ᠷ ᠴᠢᠶᠠᠩ ᠱᠧᠨ ᠦᠭᠡ ᠶ᠋ᠢ ᠠᠪᠬᠤ ᠦᠭᠡᠢ ᠲᠤᠯᠠ ᠴᠡᠷᠢᠭ ᠦ᠋ᠨ ᠠᠷᠠᠳ ᠢᠨᠢᠶᠡᠨ ᠥᠭᠦᠯᠡᠷᠦᠨ : 《ᠠᠯᠲᠠᠨ ᠤᠯᠤᠰ᠂ ᠰᠥᠩ ᠤᠯᠤᠰ᠂ ᠯᠢᠶᠣᠣ ᠤᠯᠤᠰ᠂ ᠰᠢᠶᠠ ᠤᠯᠤᠰ᠂ ᠰᠢ ᠢᠦᠢ ᠤᠯᠤᠰ᠂ ᠭᠠᠤᠯᠢ ᠤᠯᠤᠰ᠂ ᠡᠳᠡᠭᠡᠷ ᠤᠯᠤᠰ ᠤ᠋ᠨ ᠶᠡᠬᠡ ᠬᠠᠳ ᠪᠠ ᠡᠷᠭᠢᠨ ᠰᠠᠢᠳ ᠳᠠᠭᠠᠭᠰᠠᠨ ᠢᠨᠤ ᠳᠡᠯᠡᠬᠡᠢ ᠳ᠋ᠠᠬᠢᠨ ᠳ᠋ᠤᠷ ᠳᠦᠭᠦᠷᠴᠦᠬᠦᠢ᠃ ᠲᠡᠳᠡᠭᠡᠷ ᠠᠯᠢᠨ ᠠᠨᠤ ᠴᠢᠮ᠎ᠠ ᠠ᠋ᠴᠠ ᠳᠣᠣᠷ᠎ᠠ ᠠᠷᠠᠳ ᠪᠣᠢ ? ᠨᠢᠭᠡᠨᠲᠡ ᠡᠨᠡ ᠮᠡᠲᠦ ᠪᠣᠯᠤᠭᠰᠠᠨ ᠤᠯᠤᠰ ᠲᠤᠷ ᠡᠨᠡ ᠮᠡᠲᠦ ᠠᠭᠠᠰᠢᠯᠠᠨ ᠮᠠᠭᠤ ᠡᠮᠡᠰ ᠦ᠋ᠨ ᠪᠠᠢᠳᠠᠯ ᠢ᠋ ᠭᠠᠷᠭᠠᠭᠠᠳ ᠶᠠᠮᠪᠠᠷ ᠶᠡᠬᠡ ᠭᠠᠢᠬᠠᠯ ᠪᠣᠢ ? 》ᠭᠡᠮᠡᠨ ᠴᠢᠶᠠᠩ ᠱᠧᠨ ᠢ᠋ ᠬᠣᠢᠰᠢ ᠬᠠᠨᠳᠤᠭᠤᠯᠤᠨ ᠵᠣᠭᠰᠣᠭᠠᠪᠠᠰᠤ ᠲᠣᠯᠣᠭᠠᠢ ᠪᠠᠨ ᠣᠨᠴᠠ ᠡᠮᠦᠨ᠎ᠡ ᠵᠦᠭ ᠡᠷᠭᠢᠬᠦᠢ ᠳ᠋ᠦ᠍ᠷ ᠴᠡᠷᠢᠭ ᠦ᠋ᠨ ᠠᠷᠠᠳ ᠢᠨᠢᠶᠡᠳᠦ ᠪᠣᠯᠭᠠᠨ ᠴᠢᠶᠠᠩ ᠱᠧᠨ ᠢ᠋ ᠮᠣᠳᠣᠨ ᠵᠢᠶᠠ ᠽᠢ ᠳ᠋ᠦ᠍ᠷ ᠰᠥᠭᠥᠳᠬᠡᠵᠦ ᠬᠦᠯᠢᠭᠡᠳ ᠲᠣᠯᠣᠭᠠᠢ ᠶ᠋ᠢ ᠪᠠᠰᠠ ᠬᠣᠢᠰᠢ ᠬᠠᠨᠳᠤᠭᠤᠯᠤᠨ ᠡᠷᠡᠭᠡᠳ ᠳᠡᠰ ᠲᠣᠭᠣᠰ ᠤ᠋ᠨ ᠡᠮᠦᠨ᠎ᠡ ᠠᠴᠢᠷᠠᠵᠤ ᠲᠠᠯᠪᠢᠭᠰᠠᠨ ᠳ᠋ᠤᠷ ᠳᠡᠰ ᠲᠣᠭᠣᠰ ᠲᠡᠭᠦᠨ ᠢ᠋ ᠵᠣᠷᠢᠭ ᠢ᠋ᠶ᠋ᠠᠨ ᠭᠦᠢᠴᠡᠳᠬᠡᠲᠦᠭᠡᠢ ᠭᠡᠮᠡᠨ ᠲᠠᠯᠪᠢᠭᠤᠯᠵᠤ᠂ ᠲᠡᠭᠦᠨ ᠦ᠌ ᠡᠵᠡᠨ ᠵᠦᠭ ᠬᠠᠨᠳᠤᠭᠤᠯᠤᠨ ᠰᠥᠭᠥᠳᠬᠡᠵᠦ ᠠᠯᠠᠭᠤᠯᠤᠨ ᠲᠡᠭᠦᠨ ᠦ᠌ ᠵᠢᠷᠤᠮ ᠢ᠋ ᠭᠦᠢᠴᠡᠳᠬᠡᠪᠡ᠃
ᠲᠡᠭᠦᠨᠴᠡ ᠠᠯᠲᠠᠨ ᠤᠯᠤᠰ ᠤ᠋ᠨ ᠡᠵᠡᠨ ᠠᠢᠽᠦ᠋ᠩ ᠬᠠᠭᠠᠨ ᠱᠧᠦ ᠰᠢᠦᠢ᠂ ᠬᠦᠢ ᠳᠧ ᠹᠦ ᠳ᠋ᠦ᠍ᠷ ᠬᠠᠷᠠᠬᠠᠨ ᠮᠣᠩᠭᠣᠯ ᠤ᠋ᠨ ᠲᠦᠮᠡᠨᠲᠡᠢ ᠳ᠋ᠦ᠍ᠷ ᠬᠠᠭᠠᠭᠳᠠᠵᠤ ᠶᠡᠬᠡᠯ᠎ᠡ ᠴᠢᠬᠤᠯᠳᠠᠭᠰᠠᠨ ᠪᠥᠭᠡᠳ ᠪᠠᠰᠠ ᠴᠡᠷᠢᠭ ᠦ᠋ᠨ ᠵᠠᠮ ᠠᠨᠤ ᠲᠠᠰᠤᠷᠠᠭᠰᠠᠨ ᠳ᠋ᠤᠷ ᠶᠤᠸᠠᠨᠱᠤᠸᠠᠢ ᠸᠠᠩ ᠵᠢᠢ ᠶ᠋ᠢ ᠦᠯᠡᠳᠡᠭᠡᠵᠦ ᠬᠦᠢ ᠳᠧ ᠹᠦ ᠶ᠋ᠢ ᠰᠠᠬᠢᠭᠤᠯᠤᠭᠠᠳ ᠳᠠᠷᠤᠢ ᠼᠠᠢ ᠵᠧᠦ ᠶ᠋ᠢ ᠵᠣᠷᠢᠪᠠ᠃ ᠡᠨᠡ ᠬᠢᠷᠢ ᠳ᠋ᠦ᠍ᠷ ᠡᠨᠡ ᠲᠡᠨᠳᠡ ᠪᠤᠷᠤᠭᠤᠯᠠᠭᠰᠠᠭᠠᠷ ᠤᠳᠠᠭᠰᠠᠨ ᠲᠤᠯᠠ ᠤᠯᠠᠮ ᠴᠥᠮ ᠮᠣᠬᠣᠵᠤ ᠶᠠᠳᠠᠩᠭᠢᠷᠠᠭᠠᠳ ᠲᠥᠷᠥ ᠶ᠋ᠢᠨ ᠵᠠᠭᠤᠨ ᠲᠦᠰᠢᠮᠡᠳ ᠴᠥᠮ ᠣᠯᠠᠩᠬᠢ ᠨᠢ ᠶᠠᠪᠠᠭᠠᠯᠠᠨ ᠳᠠᠭᠠᠵᠤ ᠰᠢᠪᠡᠷ ᠤᠰᠤᠨ ᠳ᠋ᠤᠷ ᠱᠠᠯᠪᠠᠵᠤ ᠪᠡᠯᠴᠢᠨ᠂ ᠬᠦᠨᠡᠰᠦ ᠦᠭᠡᠢ ᠲᠤᠯᠠ ᠬᠥᠬᠡ ᠴᠢᠪᠠᠭ᠎ᠠ ᠶ᠋ᠢ ᠲᠡᠭᠦᠵᠦ ᠢᠳᠡᠨ ᠬᠦᠨᠡᠰᠦᠯᠡᠵᠦ ᠶᠠᠪᠤᠭᠰᠠᠭᠠᠷ ᠬᠥᠯ ᠢᠨᠦ ᠴᠥᠮ ᠬᠠᠪᠤᠳᠴᠤ ᠨᠢᠭᠡᠨ ᠡᠳᠦᠷ ᠶᠠᠪᠤᠵᠤ ᠪᠦᠸᠧ ᠵᠧᠦ ᠳ᠋ᠦ᠍ᠷ ᠬᠦᠷᠴᠦ ᠬᠠᠭᠠᠨ ᠤ᠋ ᠪᠡᠶ᠎ᠡ ᠰᠢᠷ᠎ᠠ ᠳᠡᠪᠡᠯ ᠦ᠋ᠨ ᠳᠡᠭᠡᠷ᠎ᠡ ᠬᠠᠷ᠎ᠠ ᠡᠪᠡᠰᠦᠨ ᠨᠥᠮᠥᠷᠭᠡ ᠨᠣᠮᠥᠷᠴᠦ ᠠᠯᠲᠠᠨ ᠬᠠᠰ ᠤ᠋ᠨ ᠪᠦᠰᠡ ᠪᠦᠰᠡᠯᠡᠨ ᠬᠥᠬᠡ ᠰᠢᠷ᠎ᠠ ᠬᠣᠶᠠᠷ ᠥᠩᠭᠡ ᠶ᠋ᠢᠨ ᠳᠠᠯᠪᠠᠭ᠎ᠠ ᠡᠮᠦᠨ᠎ᠡ ᠵᠠᠮ ᠤᠳᠤᠷᠢᠳᠤᠨ᠂ ᠬᠣᠢᠨ᠎ᠠ ᠰᠢᠷ᠎ᠠ ᠲᠤᠭ ᠰᠢᠷ᠎ᠠ ᠰᠢᠭᠦᠷ ᠡᠷᠭᠦᠵᠦ᠂ ᠬᠣᠶᠠᠷ ᠭᠤᠷᠪᠠᠬᠠᠨ ᠵᠠᠭᠤᠨ ᠬᠥᠮᠦᠨ ᠳᠠᠭᠠᠵᠤ᠂ ᠡᠳᠡᠭᠡᠷ ᠦ᠋ᠨ ᠳᠣᠲᠣᠷ᠎ᠠ ᠨᠡᠢᠲᠡ ᠲᠠᠪᠢᠬᠠᠨ ᠮᠣᠷᠢ ᠪᠠᠷ ᠡᠯᠭᠦᠨ ᠰᠡᠯᠭᠦᠨ ᠤᠨᠤᠵᠤ᠂ ᠬᠡᠳᠦᠨ ᠡᠳᠦᠷ ᠶᠠᠪᠤᠵᠤ ᠼᠠᠢ ᠵᠧᠦ ᠬᠣᠲᠠ ᠳ᠋ᠤᠷ ᠬᠦᠷᠦᠭᠰᠡᠨ ᠳ᠋ᠦ᠍ᠷ ᠼᠠᠢ ᠵᠧᠦ ᠶ᠋ᠢᠨ ᠥᠲᠡᠭᠦᠰ ᠬᠥᠭᠰᠢᠳ ᠵᠠᠮ ᠤ᠋ᠨ ᠵᠡᠭᠦᠨ ᠳ᠋ᠦ᠍ ᠰᠥᠭᠥᠳᠴᠦ ᠤᠭᠲᠤᠭᠰᠠᠨᠠ᠂ ᠠᠢᠽᠦ᠋ᠩ ᠬᠠᠭᠠᠨ ᠰᠢᠳᠠᠷ ᠰᠠᠢᠳ ᠢ᠋ᠶ᠋ᠠᠷ ᠣᠯᠠᠨ ᠬᠥᠭᠰᠢᠳ ᠲᠣᠷ ᠵᠠᠷᠯᠢᠭ ᠢ᠋ ᠤᠯᠠᠮᠵᠢᠯᠠᠭᠤᠯᠤᠨ ᠬᠡᠯᠡᠭᠦᠯᠦᠷᠦᠨ :《ᠲᠠᠨ ᠤ᠋ ᠣᠯᠠᠨ ᠤᠯᠤᠰ ᠤ᠋ᠨ ᠬᠡᠰᠢᠭ ᠲᠣᠷ ᠵᠠᠭᠤᠨ ᠣᠨ ᠢᠯᠡᠭᠦᠦ ᠬᠦᠷᠲᠡᠪᠡ᠂ ᠡᠳᠦᠭᠡ ᠮᠢᠨᠦ ᠪᠡᠶ᠎ᠡ ᠡᠷᠳᠡᠮ ᠦᠭᠡᠢ ᠲᠤᠯᠠ ᠲᠠᠨ ᠤ᠋ ᠣᠯᠠᠨ ᠢ᠋ ᠵᠣᠪᠠᠯᠠᠩ ᠳ᠋ᠤᠷ ᠲᠣᠬᠢᠶᠠᠯᠳᠤᠭᠤᠯᠪᠠᠢ᠃ ᠨᠡᠩᠳᠡ ᠮᠢᠨᠦ ᠪᠡᠶ᠎ᠡ ᠶ᠋ᠢ ᠲᠣᠭᠠᠴᠢᠬᠤ ᠭᠠᠵᠠᠷ ᠦᠭᠡᠢ᠂ ᠲᠠᠨ ᠤ᠋ ᠣᠯᠠᠨ ᠮᠢᠨᠦ ᠤᠷᠢᠳᠤᠰ ᠳᠡᠭᠡᠳᠦᠰ ᠢ ᠡᠰᠡ ᠤᠮᠠᠷᠲᠠᠪᠠᠰᠤ ᠵᠣᠬᠢᠮᠤᠢ ! 》 ᠬᠡᠮᠡᠭᠰᠡᠨ ᠳ᠋ᠦ᠍ᠷ ᠣᠯᠠᠨ ᠢᠷᠭᠡᠨ ᠴᠥᠮ ᠤᠬᠢᠯᠠᠯᠴᠠ《ᠲᠦᠮᠡᠨ ᠨᠠᠰᠤᠲᠤ ! 》ᠭᠡᠮᠡᠨ ᠳᠠᠭᠤᠳᠠᠯᠴᠠᠨ ᠮᠥᠷᠭᠥᠯᠴᠡᠪᠡᠢ᠃ ᠲᠡᠳᠦᠢ ᠨᠢᠭᠡᠨ ᠡᠳᠦᠷ ᠥᠨᠵᠢᠵᠦ᠂ ᠵᠢᠴᠢ ᠡᠳᠦᠷ ᠣᠷᠣᠭᠰᠢ ᠣᠷᠣᠵᠤ ᠪᠦᠸᠧ ᠵᠧᠦ ᠡᠴᠡ ᠵᠢᠷᠠᠨ ᠭᠠᠵᠠᠷ ᠶᠠᠪᠤᠵᠤ ᠱᠤᠸᠠᠩ ᠵᠧᠦ ᠰᠧ ᠰᠦᠮ᠎ᠡ ᠳ᠋ᠦ᠍ᠷ ᠬᠦᠷᠲᠡᠯ᠎ᠡ ᠶᠡᠬᠡ ᠪᠣᠷᠣᠭᠠᠨ ᠬᠦᠷᠴᠦ ᠢᠷᠡᠭᠰᠡᠨ ᠳ᠋ᠦ᠍ᠷ ᠬᠠᠭᠠᠨ ᠤ᠋ ᠵᠢᠭᠰᠠᠭᠠᠯ ᠰᠦᠮ᠎ᠡ ᠳ᠋ᠦ᠍ᠷ ᠪᠣᠷᠣᠭᠠᠨ ᠢ᠋ ᠳᠠᠯᠳᠠᠯᠠᠬᠤᠶᠠ ᠦᠵᠡᠪᠡᠰᠦ ᠰᠦᠮ᠎ᠡ ᠶ᠋ᠢᠨ ᠬᠦᠷᠢᠶ᠎ᠡ ᠡᠪᠳᠡᠷᠬᠡᠢ ᠴᠤᠴᠠᠷᠬᠠᠢ᠂ ᠶᠡᠨᠳᠡᠷ ᠬᠡᠷᠡᠰᠬᠡ ᠳ᠋ᠦ᠍ᠷ ᠡᠪᠡᠰᠦ ᠤᠷᠭᠤᠵᠤ᠂ ᠵᠠᠭᠤᠨ ᠲᠦᠰᠢᠮᠡᠯ ᠦ᠋ᠨ ᠳᠡᠪᠡᠯ ᠬᠤᠪᠴᠠᠳ ᠲᠤᠷ ᠴᠥᠮ ᠰᠢᠪᠠᠷ ᠤᠰᠤ ᠨᠠᠭᠠᠯᠳᠤᠵᠤ᠂ ᠬᠠᠭᠠᠨ ᠤ᠋ ᠰᠢᠭᠦᠷ ᠳᠠᠯᠪᠠᠭ᠎ᠠ ᠴᠥᠮ ᠪᠣᠷᠣᠭᠠᠨ ᠳ᠋ᠤᠷ ᠨᠣᠷᠴᠤ ᠵᠣᠭᠰᠣᠮᠤᠢ᠃ ᠨᠢᠳᠦ ᠡᠷᠭᠦᠵᠦ ᠦᠵᠡᠪᠡᠰᠦ ᠡᠪᠡᠰᠦ ᠰᠤᠢᠬᠠ ᠲᠠᠯ᠎ᠠ ᠳᠦᠭᠦᠷᠴᠦ ᠬᠥᠮᠦᠨ ᠮᠣᠷᠢ ᠰᠡᠭᠦᠳᠡᠷ ᠦᠭᠡᠢ ᠳ᠋ᠦ᠍ᠷ ᠠᠢᠽᠦ᠋ᠩ ᠬᠠᠭᠠᠨ ᠤᠷᠲᠤ ᠰᠡᠭᠦᠷᠡᠰᠦᠨ ᠠᠯᠳᠠᠵᠤ ᠥᠭᠦᠯᠡᠷᠦᠨ : ᠤᠯᠤᠰ ᠲᠥᠷᠥ ᠮᠣᠬᠣᠵᠤ ᠡᠪᠳᠡᠷᠡᠨ ᠬᠣᠲᠠ ᠪᠠᠯᠭᠠᠰᠤᠨ ᠠᠪᠲᠠᠭᠰᠠᠨᠠ ᠣᠯᠠᠨ ᠢᠷᠭᠡᠨ ᠪᠤᠲᠠᠷᠠᠨ ᠰᠠᠷᠨᠢᠵᠤ ᠬᠥᠮᠦᠨ ᠠᠮᠢᠲᠠᠨ ᠳᠠᠭᠤᠰᠴᠤᠬᠤᠢ᠂ ᠤᠷᠢᠳᠤᠰ ᠳᠡᠭᠡᠳᠦᠰ ᠦ᠋ᠨ ᠲᠠᠬᠢᠯ ᠲᠠᠪᠢᠭ ᠲᠠᠰᠤᠷᠠᠨ ᠲᠠᠮᠲᠤᠷᠠᠬᠤ ᠴᠠᠭ ᠲᠤᠷ ᠤᠶᠠᠷᠠᠯᠲᠤ ᠨᠠᠮᠠᠶ᠋ᠢ ᠲᠣᠬᠢᠶᠠᠯᠳᠤᠭᠤᠯᠤᠨ ᠲᠥᠷᠥᠭᠦᠯᠵᠦ ᠡᠨᠡ ᠶᠠᠯ᠎ᠠ ᠶ᠋ᠢ ᠬᠦᠯᠢᠶᠡᠯᠭᠡᠪᠡ᠃
ᠰᠤᠳᠤᠷᠴᠢ ᠲᠦᠰᠢᠮᠡᠯ ᠢᠨᠵᠠᠨᠨᠠᠰᠢ ᠶ᠋ᠢᠨ ᠰᠤᠯᠠ ᠰᠢᠯᠦᠭ ᠢᠨᠦ :
ᠪᠠᠲᠤ ᠵᠣᠷᠢᠭᠲᠤ ᠪᠤᠯᠤ ᠲᠡᠢᠰᠢ ᠡᠴᠢᠭᠡ ᠶ᠋ᠢᠨ ᠭᠡᠷᠢᠶᠡᠰ ᠢ᠋ᠶ᠋ᠡᠷ ᠪᠢᠶᠠᠨ ᠵᠢᠩ ᠪᠠᠯᠭᠠᠰᠤᠨ ᠢ᠋ ᠠᠪᠤᠭᠰᠠᠨ᠎ᠠ
ᠪᠠᠭᠠᠲᠤᠷ ᠬᠦᠴᠦᠲᠦ ᠰᠥᠪᠡᠭᠡᠲᠡᠢ ᠵᠠᠩᠵᠤᠨ ᠡᠵᠡᠨ ᠦ᠌ ᠵᠠᠷᠯᠢᠭ ᠢ᠋ᠶ᠋ᠠᠷ ᠸᠠᠨ ᠶᠠᠨ ᠠᠢᠮᠠᠭ ᠢ᠋ ᠬᠤᠷᠢᠶᠠᠮᠵᠢᠯᠠᠪᠠ᠃
ᠪᠠᠢᠳᠠᠯ ᠢ᠋ ᠤᠬᠠᠭᠰᠠᠨ ᠼᠦᠢ ᠯᠢ ᠪᠠᠢᠭ᠎ᠠ ᠡᠷᠬᠡ ᠶ᠋ᠢ ᠡᠵᠡᠯᠡᠭᠰᠡᠨ ᠢ᠋ᠶ᠋ᠡᠷ ᠳ᠋ᠦᠩ ᠵᠢᠩ ᠦ᠋ᠨ ᠢᠷᠭᠡᠨ ᠢ᠋ ᠠᠪᠤᠷᠠᠪᠠ
ᠪᠠᠷᠳᠠᠮ ᠢ᠋ ᠡᠷᠬᠢᠯᠡᠭᠰᠡᠨ ᠫᠦ ᠴᠠ ᠭᠤᠸᠠᠨ ᠨᠥ᠍ ᠡᠷᠳᠡᠮ ᠦᠭᠡᠢ ᠳ᠋ᠦ᠍ᠷ ᠬᠦᠢ ᠳᠧ ᠹᠦ ᠬᠣᠲᠠᠨ ᠳ᠋ᠤᠷ ᠠᠯᠠᠭᠳᠠᠪᠠᠢ᠃
