ᠬᠥᠬᠡ ᠰᠤᠳᠤᠷ - ᠢᠨᠵᠠᠨᠨᠠᠰᠢ < ᠵᠢᠷᠠᠨ ᠳᠥᠷᠪᠡᠳᠦᠭᠡᠷ ᠪᠦᠯᠦᠭ > Хөх судар - Инжинаш < Жаран дөрөвдүгээр бүлэг > ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠥᠬᠡ ᠰᠤᠳᠤᠷ - ᠢᠨᠵᠠᠨᠨᠠᠰᠢ < ᠵᠢᠷᠠᠨ ᠳᠥᠷᠪᠡᠳᠦᠭᠡᠷ ᠪᠦᠯᠦᠭ > Хөх судар - Инжинаш < Жаран дөрөвдүгээр бүлэг >

ᠬᠥᠬᠡ ᠰᠤᠳᠤᠷ - ᠢᠨᠵᠠᠨᠨᠠᠰᠢ < ᠵᠢᠷᠠᠨ ᠳᠥᠷᠪᠡᠳᠦᠭᠡᠷ ᠪᠦᠯᠦᠭ > Хөх судар - Инжинаш < Жаран дөрөвдүгээр бүлэг >

ᠠᠩᠭᠢᠯᠠᠯ:ᠲᠡᠦᠬᠡ ᠰᠣᠶᠣᠯ
2023-10-20

353

ᠴᠢᠨ ᠸᠠᠩ ᠲᠣᠯᠢ ᠰᠠᠨ ᠹᠧᠩ ᠱᠠᠨ ᠠᠭᠤᠯᠠᠨ ᠳ᠋ᠤᠷ ᠭᠤᠷᠪᠠᠨ ᠮᠢᠩᠭᠠᠨ ᠢ᠋ᠶ᠋ᠠᠷ ᠠᠯᠲᠠᠨ ᠤ᠋ ᠠᠷᠪᠠᠨ ᠲᠦᠮᠡᠨ ᠢ᠋ ᠳᠠᠷᠤᠪᠠ

ᠲᠠᠢᠱᠢ ᠪᠤᠯᠤ ᠪᠢᠶᠠᠨ ᠯᠢᠶᠠᠩ ᠴᠧᠩ ᠬᠣᠲᠠᠨ ᠳ᠋ᠤᠷ ᠠᠷᠪᠠᠬᠠᠨ ᠲᠦᠮᠡᠨ ᠢ᠋ᠶ᠋ᠡᠷ ᠠᠯᠲᠠᠨ ᠤ᠋ ᠮᠢᠩᠭ᠎ᠠ ᠮᠢᠩᠭᠠᠨ ᠢ᠋ ᠬᠠᠭᠠᠪᠠ

                          
                                 ᠵᠢᠷᠠᠨ ᠳᠥᠷᠪᠡᠳᠦᠭᠡᠷ ᠪᠦᠯᠦᠭ 
                                 ᠬᠠᠷ᠎ᠠ ᠯᠤᠤ ᠵᠢᠯ᠂ ᠶᠡᠬᠡ ᠬᠥᠬᠡ ᠮᠣᠩᠭᠣᠯ ᠤᠯᠤᠰ ᠤ᠋ᠨ ᠳᠠᠢᠽᠦ᠋ᠩ ᠬᠠᠭᠠᠨ ᠤ᠋ 
                                 ᠳᠥᠷᠪᠡᠳᠦᠭᠡᠷ ᠣᠨ᠂ ᠰᠥᠩ ᠤᠯᠤᠰ ᠤ᠋ᠨ ᠯᠢᠽᠦ᠋ᠩ ᠬᠠᠭᠠᠨ ᠤ᠋ ᠵᠣᠣ ᠶᠦᠨ ᠦ᠌ 
                                 ᠱᠣᠣ ᠳ᠋ᠢᠩ ᠦ᠋ᠨ ᠲᠠᠪᠤᠳᠤᠭᠠᠷ ᠣᠨ᠂ ᠡᠨᠡ ᠵᠢᠯ ᠠᠯᠲᠠᠨ ᠤᠯᠤᠰ ᠤ᠋ᠨ ᠠᠢᠽᠦ᠋ᠩ ᠱᠧᠦ ᠰᠢᠦᠢ 
                                 ᠪᠠᠰᠠ ᠣᠨ ᠤ᠋ ᠨᠡᠷ᠎ᠡ ᠪᠡᠨ ᠬᠠᠯᠠᠵᠤ ᠲᠢᠶᠠᠨ ᠰᠢᠩ ᠦ᠋ᠨ ᠲᠡᠷᠢᠭᠦᠨ ᠣᠨ ᠬᠡᠮᠡᠪᠡ᠃ 
                                 ᠳᠠᠢᠽᠦ᠋ᠩ ᠬᠠᠭᠠᠨ ᠡᠨᠡ ᠵᠢᠯ ᠳᠥᠴᠢᠨ ᠳᠣᠯᠣᠭᠠᠨ ᠰᠡᠭᠦᠳᠡᠷ ᠲᠡᠢ᠂ ᠡᠨᠡ ᠵᠢᠯ ᠲᠡᠢ ᠬᠤᠸᠠᠩ ᠲᠠᠢᠬᠡᠦ ᠶ᠋ᠢᠨ 
                                 ᠳᠠᠯᠠᠨ ᠰᠡᠭᠦᠳᠡᠷ ᠦ᠋ᠨ ᠶᠡᠬᠡ ᠥᠷᠯᠥᠭ ᠪᠠᠭᠤᠯᠭᠠᠨ ᠬᠥᠭᠰᠢᠨ ᠨᠢᠯᠬᠠᠰ ᠲᠤᠷ ᠶᠡᠬᠡ ᠱᠠᠩ ᠲᠠᠯᠪᠢᠪᠠ  

                ᠴᠢᠨ ᠸᠠᠩ ᠲᠣᠯᠢ ᠰᠠᠨ ᠹᠧᠩ ᠱᠠᠨ ᠠᠭᠤᠯᠠᠨ ᠳ᠋ᠤᠷ ᠭᠤᠷᠪᠠᠨ ᠮᠢᠩᠭᠠᠨ ᠢ᠋ᠶ᠋ᠠᠷ ᠠᠯᠲᠠᠨ ᠤ᠋ ᠠᠷᠪᠠᠨ ᠲᠦᠮᠡᠨ ᠢ᠋ ᠳᠠᠷᠤᠪᠠ  
             ᠲᠡᠢᠰᠢ ᠪᠤᠯᠤ ᠪᠢᠶᠠᠨ ᠯᠢᠶᠠᠩ ᠴᠧᠩ ᠬᠣᠲᠠᠨ ᠳ᠋ᠤᠷ ᠠᠷᠪᠠᠬᠠᠨ ᠲᠦᠮᠡᠨ ᠢ᠋ᠶ᠋ᠡᠷ ᠠᠯᠲᠠᠨ ᠤ᠋ ᠮᠢᠩᠭ᠎ᠠ ᠮᠢᠩᠭᠠᠨ ᠢ᠋ ᠬᠠᠭᠠᠪᠠ      

       ᠲᠡᠨᠳᠡᠴᠡ ᠴᠠᠭᠠᠨ ᠰᠠᠷ᠎ᠠ ᠳ᠋ᠤᠷ ᠬᠠᠭᠠᠨ ᠤ᠋ ᠭᠡᠭᠡᠨ ᠪᠠᠢ ᠫᠦ ᠳᠣᠪᠣ ᠳ᠋ᠤᠷ ᠭᠠᠷᠴᠤ ᠮᠥᠷᠡᠨ ᠢ᠋ ᠭᠡᠲᠦᠯᠵᠦ ᠶᠠᠩ ᠵᠧᠦ ᠳ᠋ᠦ᠍ᠷ ᠣᠷᠣᠭᠠᠳ ᠮᠥᠨ ᠬᠦ᠌ ᠶᠡᠬᠡ ᠵᠠᠩᠵᠤᠨ ᠲᠣᠭᠲᠣᠩᠭᠣ᠌ ᠪᠠᠭᠠᠲᠤᠷ ᠢ᠋ ᠤᠷᠢᠳᠠ ᠬᠣᠰᠢᠭᠤᠴᠢ ᠪᠣᠯᠭᠠᠨ ᠲᠠᠢᠰᠢ ᠪᠤᠯᠤ ᠶ᠋ᠢᠨ ᠴᠡᠷᠢᠭ ᠯᠦ᠍ᠭᠡ ᠠᠯᠲᠠᠨ ᠤᠯᠤᠰ ᠤ᠋ᠨ ᠨᠡᠢᠰᠯᠡᠯ ᠪᠢᠶᠠᠨ ᠯᠢᠶᠠᠩ ᠬᠣᠲᠠ ᠶ᠋ᠢ ᠬᠠᠭᠠᠷ᠎ᠠ ᠶᠠᠪᠤᠭᠤᠯᠤᠭᠠᠳ ᠬᠠᠭᠠᠨ ᠬᠣᠢᠨ᠎ᠠ ᠠ᠋ᠴᠠ ᠠᠨᠤ ᠠᠯᠭᠤᠷ ᠶᠠᠪᠤᠨ ᠠᠲᠠᠯ᠎ᠠ ᠠᠯᠲᠠᠨ ᠤᠯᠤᠰ ᠤ᠋ᠨ ᠠᠢᠽᠦ᠋ᠩ ᠬᠠᠭᠠᠨ ᠳᠥᠷᠪᠡᠨ ᠵᠦᠭ ᠡᠴᠡ ᠶᠡᠬᠡ ᠴᠡᠷᠢᠭ ᠢᠷᠡᠬᠦᠢ ᠳ᠋ᠦ᠍ᠷ ᠶᠡᠬᠡᠯ᠎ᠡ ᠰᠢᠬᠠᠮᠳᠠᠨ ᠵᠠᠭᠤᠨ ᠲᠦᠰᠢᠮᠡᠳ ᠲᠣᠷ ᠢ᠋ᠶ᠋ᠠᠨ ᠵᠠᠷᠯᠢᠭ ᠪᠠᠭᠤᠯᠭᠠᠨ ᠳᠠᠢᠰᠤᠨ ᠳ᠋ᠤᠷ ᠲᠤᠯᠬᠤ ᠶ᠋ᠢ ᠵᠥᠪᠯᠡᠨ ᠲᠣᠭᠲᠠᠭ᠎ᠠ ᠬᠡᠮᠡᠬᠦᠢ ᠳ᠋ᠦ᠍ᠷ ᠱᠠᠩ ᠱᠤ᠌ ᠯᠢᠩ ᠱᠢ ᠲᠦᠰᠢᠮᠡᠯ ᠶᠠᠩ ᠵᠢᠦᠢ ᠶᠠᠨ ᠠᠢᠯᠠᠳᠬᠠᠷᠤᠨ:《ᠮᠣᠩᠭᠣᠯ ᠤ᠋ᠨ ᠴᠡᠷᠢᠭ ᠬᠣᠯᠠ ᠠ᠋ᠴᠠ ᠢᠷᠡᠭᠰᠡᠨ ᠳ᠋ᠦ᠍ᠷ ᠵᠠᠪᠳᠤᠵᠤ ᠪᠠᠢᠯᠳᠤᠰᠤᠭᠠᠢ 》ᠬᠡᠮᠡᠬᠦᠢ ᠳ᠋ᠦ᠍ᠷ ᠫᠢᠩ ᠵᠠᠩ ᠵᠧᠩ ᠱᠢ ᠲᠦᠰᠢᠮᠡᠯ ᠪᠠᠢᠰᠠᠪᠤ  ᠮᠠᠵᠢᠤᠴᠤ ᠲᠠᠨ ᠤ᠋ ᠴᠡᠷᠢᠭ ᠢ᠋ᠶ᠋ᠡᠷ ᠢᠷᠭᠡᠨ ᠦ᠌ ᠴᠢᠭᠢᠷᠠᠭ ᠡᠷ᠎ᠡ ᠶ᠋ᠢ ᠨᠢᠭᠡᠨ ᠲᠦᠮᠡᠨ ᠰᠣᠩᠭᠣᠨ ᠠᠪᠴᠤ ᠮᠠᠵᠢᠤᠴᠤ ᠶ᠋ᠢ ᠳᠠᠭᠠᠯᠳᠤᠭᠤᠯᠤᠨ ᠢᠯᠡᠭᠡᠵᠦ ᠬᠠᠲᠤᠨ ᠮᠥᠷᠡᠨ ᠦ᠌ ᠲᠠᠰᠤᠷᠬᠠᠢ ᠡᠷᠭᠢ ᠶ᠋ᠢ ᠰᠡᠲᠡᠯᠵᠦ᠂ ᠮᠥᠷᠡᠨ ᠦ᠌ ᠤᠰᠤ ᠶ᠋ᠢ ᠲᠠᠲᠠᠵᠤ ᠪᠢᠶᠠᠨ ᠵᠢᠩ ᠬᠣᠲᠠ ᠶ᠋ᠢ ᠲᠣᠭᠣᠷᠢᠭᠰᠠᠨ ᠭᠦᠨ ᠤᠨᠠᠭᠤᠯᠢ ᠳ᠋ᠤᠷ ᠣᠷᠣᠭᠤᠯᠤᠨ᠂ ᠬᠣᠲᠠ ᠶ᠋ᠢᠨ ᠠᠳᠠᠯᠢ ᠭᠦᠨ ᠤᠰᠤ ᠪᠣᠯᠭᠠᠵᠤ᠂ ᠶᠡᠬᠡ ᠵᠠᠩᠵᠤᠨ ᠾᠧ ᠶᠠᠨ ᠬᠦ᠂ ᠰᠢᠨ ᠬᠠᠨ ᠳ᠋ᠤᠷ ᠶᠠᠪᠠᠭᠠᠨ ᠮᠣᠷᠢᠲᠤ ᠭᠤᠷᠪᠠᠨ ᠲᠦᠮᠡᠨ ᠴᠡᠷᠢᠭ ᠥᠭᠴᠦ ᠬᠠᠲᠤᠨ ᠮᠥᠷᠡᠨ ᠦ᠌ ᠬᠥᠪᠡᠭᠡ ᠶ᠋ᠢ ᠴᠠᠭᠳᠠᠭᠤᠯᠤᠨ᠂ ᠨᠡᠢᠰᠯᠡᠯ ᠢ᠋ ᠲᠣᠭᠣᠷᠢᠨ ᠪᠦᠬᠦᠢ ᠵᠠᠭᠤᠨ ᠣᠪᠣᠭᠲᠠᠨ ᠢᠷᠭᠡᠨ ᠦ᠌ ᠲᠠᠪᠤᠨ ᠲᠦᠮᠡᠨ ᠡᠷᠦᠬᠡ ᠶ᠋ᠢ ᠨᠡᠢᠰᠯᠡᠯ ᠦ᠋ᠨ ᠳᠣᠲᠣᠷ᠎ᠠ ᠨᠡᠭᠦᠯᠭᠡᠨ ᠣᠷᠣᠭᠤᠯᠵᠤ᠂ ᠮᠣᠩᠭᠣᠯ ᠢ᠋ ᠲᠤᠯᠬᠤ ᠶ᠋ᠢ ᠪᠡᠯᠡᠳᠦᠭᠰᠡᠨ ᠳ᠋ᠦ᠍ᠷ ᠮᠣᠩᠭᠣᠯ ᠤ᠋ᠨ ᠳᠠᠢᠽᠦ᠋ᠩ ᠬᠠᠭᠠᠨ ᠪᠠᠷᠠᠭᠤᠨ ᠰᠢᠶᠠ ᠤᠯᠤᠰ ᠤ᠋ᠨ ᠬᠥᠮᠦᠨ ᠰᠢᠦᠸᠠᠢ ᠾᠧ ᠶ᠋ᠢᠨ ᠡᠷᠭᠦᠭᠰᠡᠨ ᠠᠷᠭ᠎ᠠ ᠪᠠᠷ ᠾᠧ ᠵᠦᠩ ᠦ᠋ᠨ ᠭᠠᠵᠠᠷ ᠢ᠋ᠶ᠋ᠠᠷ ᠶᠠᠪᠤᠨ᠂ ᠾᠧ ᠴᠢᠩ ᠰᠢᠶᠠᠨ ᠢ᠋ᠶ᠋ᠠᠷ ᠬᠥᠳᠡᠭᠡᠰᠦᠨ᠂ ᠪᠠᠢ ᠫᠦ ᠳᠣᠪᠣ ᠪᠠᠷ ᠮᠥᠷᠡᠨ ᠢ᠋ ᠭᠡᠲᠦᠯᠵᠦ ᠢᠷᠡᠲᠡᠯ᠎ᠡ ᠴᠢᠪ ᠭᠡᠮᠡᠨ ᠴᠢᠨ ᠸᠠᠩ ᠲᠣᠯᠢ ᠴᠡᠷᠢᠭ ᠦ᠋ᠳ ᠢ᠋ᠶ᠋ᠡᠨ ᠠᠪᠤᠨ ᠢᠷᠡᠵᠦ᠂ ᠠᠯᠲᠠᠨ ᠤᠯᠤᠰ ᠤ᠋ᠨ ᠵᠢᠶᠡᠭᠦ᠋ᠨᠰᠠᠬ᠎ᠠ ᠶ᠋ᠢ ᠤᠭᠲᠤᠨ ᠪᠠᠢᠯᠳᠤᠵᠤ᠂ ᠪᠦᠸᠧ ᠶ᠋ᠢᠨ ᠵᠢᠶᠣᠤ ᠳ᠋ᠤᠷ ᠬᠦᠷᠦᠭᠡᠳ ᠡᠭᠡᠵᠦ ᠣᠷᠣᠬᠤᠶ᠎ᠠ᠂ ᠴᠢᠨ ᠸᠠᠩ ᠲᠣᠯᠢ ᠶ᠋ᠢᠨ ᠴᠡᠷᠢᠭ ᠦ᠋ᠨ ᠬᠣᠶᠠᠷ ᠮᠥᠷᠥ ᠶ᠋ᠢᠨ ᠵᠠᠩᠵᠤᠨ ᠯᠢ ᠴᠢᠩ ᠭᠦᠸᠧ᠂ ᠰᠦ᠍ ᠰᠢᠶᠣᠤ ᠯᠢ ᠬᠣᠶᠠᠭᠤᠯᠠ ᠤᠷᠢᠳᠠ ᠳᠣᠪᠲᠣᠯᠤᠨ ᠰᠥᠨᠢ ᠪᠡᠷ ᠬᠦᠷᠴᠦ ᠢᠷᠡᠭᠡᠳ ᠠᠯᠲᠠᠨ ᠤᠯᠤᠰ ᠤ᠋ᠨ ᠵᠢᠶᠡᠭᠦ᠋ᠨᠰᠠᠬ᠎ᠠ ᠶ᠋ᠢᠨ ᠭᠤᠷᠪᠠᠨ ᠲᠦᠮᠡᠨ ᠴᠡᠷᠢᠭ ᠢ᠋ ᠬᠤᠳᠬᠤᠨ ᠪᠠᠢᠯᠳᠤᠭᠰᠠᠨ ᠳ᠋ᠤᠷ ᠠᠯᠲᠠᠨ ᠤᠯᠤᠰ ᠤ᠋ᠨ ᠴᠡᠷᠢᠭ ᠶᠡᠬᠡᠯ᠎ᠡ ᠳᠠᠷᠤᠭᠳᠠᠵᠤ᠂ ᠮᠣᠩᠭᠣᠯ ᠤ᠋ᠨ ᠬᠣᠶᠠᠷᠬᠠᠨ ᠮᠢᠩᠭᠠᠨ ᠴᠡᠷᠢᠭ ᠲᠦ᠍ᠷ ᠰᠠᠮᠠᠭᠤᠷᠠᠨ ᠪᠤᠲᠠᠷᠠᠯᠴᠠᠵᠤ᠂ ᠮᠡᠵᠢᠤᠴᠦ ᠲᠠᠨ ᠴᠥᠮ ᠠᠯᠠᠭᠳᠠᠭᠠᠳ ᠭᠤᠷᠪᠠᠨ ᠲᠦᠮᠡᠨ ᠴᠡᠷᠢᠭ ᠡᠴᠡ ᠭᠤᠷᠪᠠᠬᠠᠨ ᠵᠠᠭᠤ ᠦᠯᠡᠳᠡᠵᠦ ᠳᠤᠲᠠᠭᠠᠪᠠᠢ᠃ ᠬᠥᠭᠡᠷᠦᠬᠦᠢ ᠡᠨᠡ ᠤᠳᠠᠭ᠎ᠠ ᠶ᠋ᠢᠨ ᠴᠡᠷᠢᠭ ᠦ᠋ᠨ ᠦᠬᠦᠭᠰᠡᠨ ᠢᠨᠦ ᠦᠨᠡᠬᠡᠷ ᠶᠠᠭᠤᠲᠠᠢ ᠭᠠᠰᠢᠭᠤᠨ ! ᠲᠡᠳᠦᠢ ᠳᠠᠢᠽᠦ᠋ᠩ ᠶᠠᠩ ᠵᠧᠦ ᠬᠣᠲᠠᠨ ᠳ᠋ᠤᠷ ᠵᠠᠯᠠᠷᠠᠨ ᠪᠠᠭᠤᠵᠤ᠂ ᠶᠡᠬᠡ ᠵᠠᠩᠵᠤᠨ ᠰᠥᠪᠡᠬᠡᠲᠡᠢ ᠶ᠋ᠢ ᠲᠡᠢᠰᠢ ᠪᠤᠯᠤ ᠳ᠋ᠤᠷ ᠬᠠᠪᠰᠤᠷᠤᠭᠤᠯᠤᠨ ᠪᠢᠶᠠᠨ ᠵᠢᠩ ᠢ᠋ ᠬᠠᠭᠠᠵᠤ ᠪᠠᠢᠯᠳᠤᠷ᠎ᠠ ᠢᠯᠡᠭᠡᠪᠡᠢ᠃ 
       ᠡᠭᠦᠨ ᠳ᠋ᠦ᠍ᠷ ᠠᠯᠲᠠᠨ ᠤᠯᠤᠰ ᠤ᠋ᠨ ᠫᠧᠩ ᠴᠧᠩ ᠬᠣᠲᠠ ᠶ᠋ᠢᠨ ᠳ᠋ᠢᠩ ᠬᠦᠩ᠂ ᠮᠠ ᠪᠦᠸᠧ ᠵᠢᠶᠠᠨ ᠴᠡᠷᠢᠭ ᠢ᠋ᠶ᠋ᠡᠨ ᠠᠪᠴᠤ ᠳᠠᠢᠽᠦ᠋ᠩ ᠬᠠᠭᠠᠨ ᠢ᠋ ᠤᠭᠲᠤᠨ ᠣᠷᠣᠵᠤ ᠥᠭᠭᠦᠭᠰᠡᠨ ᠳ᠋ᠦ᠍ᠷ ᠬᠠᠭᠠᠨ ᠴᠢᠨ ᠸᠠᠩ ᠲᠣᠯᠢ ᠳ᠋ᠤᠷ ᠱᠠᠩᠨᠠᠵᠤ ᠲᠤᠰᠢᠶᠠᠪᠠ᠃ ᠡᠭᠦᠨᠴᠡ ᠠᠯᠲᠠᠨ ᠤᠯᠤᠰ ᠤ᠋ᠨ ᠡᠵᠡᠨ ᠠᠢᠽᠦ᠋ᠩ ᠪᠠᠰᠠ ᠣᠯᠠᠨ ᠲᠦᠰᠢᠮᠡᠳ ᠢ ᠴᠢᠭᠤᠯᠭᠤᠯᠤᠨ ᠵᠥᠪᠯᠡᠯᠳᠦᠬᠦᠢ ᠳ᠋ᠦ᠍ᠷ ᠣᠯᠠᠨ ᠰᠠᠢᠳ ᠤ᠋ᠨ ᠥᠴᠢᠬᠦ ᠢᠨᠦ : ᠡᠨᠡ ᠤᠳᠠᠭ᠎ᠠ ᠣᠳᠣ ᠪᠠᠰᠠ ᠤᠷᠢᠳᠤ ᠵᠣ᠌ ᠬᠤ᠌ ᠭᠣᠣ ᠴᠢ ᠶ᠋ᠢᠨ ᠰᠠᠬᠢᠭᠰᠠᠨ ᠮᠡᠲᠦ ᠪᠣᠯᠪᠠᠰᠤ ᠪᠣᠯᠬᠤ ᠦᠭᠡᠢ᠂ ᠤᠷᠢᠳᠤ ᠤᠳᠠᠭ᠎ᠠ ᠶᠠᠨ ᠵᠢᠩ ᠪᠠᠯᠭᠠᠰᠤᠨ ᠢ᠋ ᠠᠪᠲᠠᠬᠤ ᠲᠤᠬᠠᠢ ᠴᠥᠮ ᠲᠡᠷᠡ ᠬᠣᠶᠠᠷ ᠤ᠋ᠨ ᠦᠭᠡ ᠪᠡᠷ ᠪᠣᠯᠵᠤ᠂ ᠳᠣᠲᠣᠷ᠎ᠠ ᠭᠠᠳᠠᠭᠠᠳᠤ ᠶ᠋ᠢ ᠴᠥᠮ ᠬᠠᠯᠬᠠᠯᠠᠨ ᠴᠢᠳᠠᠭᠰᠠᠨ ᠦᠭᠡᠢ᠃ ᠬᠣᠲᠠ ᠶ᠋ᠢᠨ ᠳᠥᠷᠪᠡᠨ ᠡᠲᠡᠭᠡᠳ ᠨᠢᠭᠡᠨ ᠵᠠᠭᠤᠨ ᠬᠣᠷᠢᠨ ᠭᠠᠵᠠᠷ ᠢ᠋ ᠬᠠᠮᠠᠭᠠᠯᠠᠬᠤᠶ᠎ᠠ ᠪᠡᠷᠬᠡ᠂ ᠲᠡᠢᠨ ᠬᠦ᠌ ᠭᠠᠳᠠᠨ᠎ᠠ ᠠ᠋ᠴᠠ ᠳᠡᠪᠰᠢᠭᠦᠯᠦᠨ ᠬᠣᠲᠠᠨ ᠳ᠋ᠤᠷ ᠣᠷᠣᠭᠤᠯᠤᠭᠰᠠᠨ ᠳᠥᠴᠢᠨ ᠲᠦᠮᠡᠨ ᠢᠷᠭᠡᠨ ᠢ᠋ ᠴᠡᠷᠢᠭ ᠲᠦ᠍ᠷ ᠲᠣᠭᠠᠴᠠᠨ ᠵᠢᠴᠢ ᠬᠣᠲᠠ ᠶ᠋ᠢᠨ ᠳᠣᠲᠣᠷᠠᠬᠢ ᠴᠡᠷᠢᠭ ᠯᠦ᠍ᠭᠡ ᠬᠠᠪᠰᠤᠷᠤᠭᠤᠯᠤᠨ ᠰᠠᠬᠢᠭᠤᠯᠰᠤᠭᠠᠢ᠃ ᠡᠭᠦᠨ ᠡᠴᠡ ᠭᠠᠳᠠᠨ᠎ᠠ ᠤᠷᠢᠳᠠ ᠶ᠋ᠢᠨ ᠭᠠᠪᠢᠶᠠᠲᠤ ᠵᠠᠭᠤᠨ ᠢᠯᠡᠭᠦᠦ ᠴᠡᠷᠢᠭ ᠢ᠋ ᠬᠥᠬᠢᠭᠦᠯᠦᠨ᠂ ᠬᠣᠲᠠ ᠰᠠᠬᠢᠬᠤ ᠭᠤᠷᠪᠠᠨ ᠭᠠᠵᠠᠷ ᠤ᠋ᠨ ᠵᠠᠩᠵᠤᠨ ᠨᠠᠷ ᠤ᠋ᠨ ᠳᠤᠲᠠᠭᠤ ᠳ᠋ᠤᠷ ᠨᠥᠬᠥᠰᠦᠭᠡᠢ᠃ ᠡᠳᠡᠭᠡᠷ ᠨᠡᠢᠰᠯᠡᠯ ᠦ᠋ᠨ ᠵᠡᠭᠦᠨ ᠪᠠᠷᠠᠭᠤᠨ ᠬᠥᠪᠡᠭᠡ ᠪᠡᠷ ᠪᠠᠭᠤᠳᠠᠯᠯᠠᠭᠤᠯᠵᠤ᠂ ᠬᠣᠶᠠᠷ ᠳᠦ ᠢᠦᠢ ᠲᠦᠰᠢᠮᠡᠯ ᠳ᠋ᠦ᠍ᠷ ᠬᠤᠸᠠᠢ ᠵᠧᠦ ᠶ᠋ᠢᠨ ᠵᠢᠷᠤᠮ ᠤ᠋ᠨ ᠴᠡᠷᠢᠭ ᠳᠥᠷᠪᠡᠨ ᠲᠦᠮᠡᠨ ᠪᠠ ᠢᠷᠭᠡᠨ ᠦ᠌ ᠴᠢᠭᠢᠷᠠᠭ ᠡᠷᠡᠰ ᠢ᠋ ᠰᠣᠩᠭᠣᠵᠤ ᠬᠠᠪᠰᠤᠷᠤᠭᠤᠯᠤᠨ᠂ ᠳᠥᠷᠪᠡᠨ ᠠᠩᠭᠢ ᠬᠤᠪᠢᠶᠠᠨ ᠳᠥᠷᠪᠡᠨ ᠵᠦᠭ ᠪᠦᠷᠢ ᠳ᠋ᠦ᠍ᠷ ᠰᠠᠬᠢᠭᠤᠯᠵᠤ᠂ ᠡᠭᠦᠨ ᠦ᠌ ᠳᠣᠲᠣᠷ᠎ᠠ ᠠ᠋ᠴᠠ ᠰᠢᠯᠭᠠᠷᠠᠭᠰᠠᠨ ᠪᠠᠭᠠᠲᠤᠳ ᠢ᠋ ᠳᠥᠷᠪᠡᠨ ᠮᠢᠩᠭᠠᠨ ᠰᠢᠯᠭᠠᠨ ᠭᠠᠷᠭᠠᠵᠤ᠂ ᠹᠧᠢ ᠬᠤ᠌ ᠵᠢᠶᠦ᠋ᠨ – ᠨᠢᠰᠬᠦ ᠪᠠᠷᠰ ᠤ᠋ᠨ ᠴᠡᠷᠢᠭ ᠭᠡᠮᠡᠨ ᠨᠡᠷᠡᠢᠳᠴᠦ ᠵᠦᠭ ᠪᠦᠷᠢ ᠳ᠋ᠦ᠍ᠷ ᠨᠢᠭᠡᠨ ᠮᠢᠩᠭᠠᠨ 《ᠹᠧᠢ ᠬᠤ᠌ ᠵᠢᠶᠦ᠋ᠨ 》ᠭᠠᠷᠭᠠᠨ᠂ ᠡᠳᠦᠷ ᠰᠥᠨᠢ ᠦᠭᠡᠢ ᠪᠠᠢᠴᠠᠭᠠᠨ ᠴᠠᠭᠳᠠᠵᠤ ᠲᠤᠯᠤᠯᠴᠠᠨ ᠲᠡᠳᠬᠦᠯᠴᠡᠭᠦᠯᠪᠡᠰᠦ ᠣᠯᠠᠨ ᠴᠡᠷᠢᠭ ᠦ᠋ᠨ ᠬᠦᠴᠦᠨ ᠰᠠᠶᠢ ᠬᠦᠷᠦᠯᠴᠡᠬᠦ ᠪᠣᠯᠠᠢ ᠬᠡᠮᠡᠪᠡ᠃   
       ᠲᠡᠳᠦᠢ ᠠᠯᠲᠠᠨ ᠤᠯᠤᠰ ᠤ᠋ᠨ ᠠᠢᠽᠦ᠋ᠩ ᠬᠠᠭᠠᠨ ᠬᠠᠨ ᠯᠢᠨ ᠰᠢᠦᠸᠠᠢ ᠱᠢ – ᠪᠢᠴᠢᠭ ᠦ᠋ᠨ ᠤᠳᠬᠠᠰ ᠤ᠋ᠨ ᠳᠡᠳ᠋ ᠰᠠᠢᠳ ᠵᠣᠣ ᠫᠢᠩ ᠸᠸᠨ ᠳ᠋ᠦ᠍ᠷ ᠵᠠᠷᠯᠢᠭ ᠪᠠᠭᠤᠯᠭᠠᠨ ᠥᠪᠡᠷ ᠦ᠋ᠨ ᠰᠠᠨᠠᠭᠠᠨ ᠢ᠋ᠶ᠋ᠠᠨ ᠪᠢᠴᠢᠭᠦᠯᠵᠦ ᠵᠠᠭᠤᠨ ᠣᠪᠣᠭᠲᠤ ᠳ᠋ᠠᠭᠠᠨ ᠲᠤᠩᠬᠠᠭᠯᠠᠭᠰᠠᠨ ᠲᠡᠷᠡ ᠵᠣᠣ ᠪᠢᠴᠢᠭ ᠦ᠋ᠨ ᠳᠣᠲᠣᠷ᠎ᠠ : 《ᠬᠠᠭᠠᠨ ᠤ᠋ ᠪᠡᠶ᠎ᠡ ᠶᠢᠰᠦᠨ ᠳᠠᠪᠬᠤᠷ ᠥᠨᠳᠥᠷ ᠲᠣᠷ ᠵᠢᠷᠭᠠᠯ ᠢ᠋ ᠡᠳ᠋ᠯᠡᠭᠡᠳ ᠣᠯᠠᠨ ᠢᠷᠭᠡᠨ ᠢ᠋ᠶ᠋ᠡᠨ ᠠᠷᠪᠠᠨ ᠬᠤᠪᠢ ᠦᠭᠡᠢᠭᠦᠦ ᠶᠠᠳᠠᠩᠭᠢ ᠶ᠋ᠢᠨ ᠵᠣᠪᠠᠯᠠᠩ ᠢ᠋ ᠠᠮᠰᠠᠭᠠᠨ᠂ ᠬᠢᠮᠤᠷ ᠣᠭᠣᠴᠢᠭᠰᠠᠨ ᠢ ᠦᠯᠦ ᠬᠠᠢᠬᠤᠷᠤᠭᠰᠠᠨ ᠳ᠋ᠤᠷ ᠢ᠋ᠶ᠋ᠠᠨ ᠭᠡᠮᠰᠢᠨ ᠤᠬᠠᠵᠤ ᠭᠤᠨᠢᠶᠠᠨ ᠭᠣᠮᠣᠳᠠᠭᠰᠠᠨ ᠰᠠᠨᠠᠭᠠᠨ ᠢ᠋ᠶ᠋ᠠᠨ ᠢᠯᠡᠳᠬᠡᠭᠦᠯᠦᠨ᠂ ᠣᠯᠠᠨ ᠢᠷᠭᠡᠨ ᠵᠠᠭᠤᠨ ᠣᠪᠣᠭᠲᠠᠨ ᠤ᠋ ᠴᠢᠩ ᠦᠨᠡᠨ ᠵᠢᠷᠤᠮᠲᠤ ᠰᠡᠳᠬᠢᠯ ᠢ᠋ ᠬᠣᠭᠣᠰᠣᠳᠠᠭᠤᠯᠤᠭᠰᠠᠨ ᠳ᠋ᠤᠷ ᠡᠢᠮᠦ ᠪᠣᠯᠪᠠ ! 》 ᠬᠡᠮᠡᠭᠰᠡᠨ ᠵᠠᠷᠯᠢᠭ ᠢ᠋ ᠰᠣᠨᠣᠰᠤᠭᠰᠠᠨ ᠪᠦᠬᠦᠨ ᠦᠯᠦ ᠢᠭᠲᠦᠯᠬᠦ ᠪᠡᠷ ᠦᠭᠡᠢ᠃ ᠨᠡᠩᠳᠡ ᠯᠦᠸᠧ ᠶᠠᠩ ᠤ᠋ᠨ ᠣᠯᠠᠨ ᠢᠷᠭᠡᠨ ᠡᠨᠡ ᠵᠠᠷᠯᠢᠭ ᠢ᠋ ᠦᠵᠡᠭᠡᠳ ᠴᠥᠮ ᠳᠠᠭᠤ ᠲᠠᠯᠪᠢᠨ ᠤᠬᠢᠯᠠᠯᠴᠠᠪᠠᠢ᠃ 
       ᠡᠨᠡ ᠦᠶ᠎ᠡ ᠳ᠋ᠦ᠍ᠷ ᠮᠣᠩᠭᠣᠯ ᠤᠯᠤᠰ ᠤ᠋ᠨ ᠳᠠᠢᠽᠦ᠋ᠩ ᠬᠠᠭᠠᠨ ᠢᠦᠢ ᠱᠠᠨ ᠠᠭᠤᠯᠠᠨ᠎ᠠ ᠠᠯᠲᠠᠨ ᠤᠯᠤᠰ ᠤ᠋ᠨ ᠴᠡᠷᠢᠭ ᠢ᠋ ᠪᠠᠢᠯᠳᠤᠵᠤ ᠳᠠᠷᠤᠭᠰᠠᠨ ᠠ᠋ᠴᠠ ᠳᠥᠷᠪᠡᠨ ᠵᠦᠭ ᠦ᠋ᠨ ᠡᠯ᠎ᠡ ᠵᠧᠦ ᠰᠢᠶᠠᠨ ᠬᠣᠲᠠ ᠪᠠᠯᠭᠠᠰᠤᠨ ᠢ᠋ ᠦᠯᠦ ᠡᠪᠳᠡᠯᠡᠨ ᠦᠯᠦ ᠳᠠᠭᠠᠭᠤᠯᠤᠭᠰᠠᠨ ᠢ᠋ᠶ᠋ᠠᠷ ᠦᠭᠡᠢ᠂ ᠭᠠᠭᠴᠠ ᠳ᠋ᠧᠩ ᠵᠧᠦ ᠡᠴᠡ ᠪᠢᠶᠠᠨ ᠯᠢᠶᠠᠩ ᠤ᠋ᠨ ᠵᠦᠭ ᠮᠣᠷᠳᠠᠵᠤ ᠡᠴᠢᠬᠦᠢ ᠳ᠋ᠦ᠍ᠷ ᠠᠯᠲᠠᠨ ᠤᠯᠤᠰ ᠤ᠋ᠨ ᠬᠣᠶᠠᠷ ᠰᠢᠩ ᠱᠧᠩ ᠱᠢ ᠲᠦᠰᠢᠮᠡᠯ ᠸᠠᠨ ᠶᠠᠨ ᠾᠧ ᠳᠡ᠂ ᠢ ᠯᠢ ᠫᠦ ᠾᠧ ᠬᠣᠶᠠᠭᠤᠯᠠᠨ ᠶᠠᠪᠠᠭᠠᠨ ᠮᠣᠷᠢᠲᠤ ᠠᠷᠪᠠᠨ ᠲᠠᠪᠤᠨ ᠲᠦᠮᠡᠨ ᠴᠡᠷᠢᠭ ᠢ᠋ ᠠᠪᠴᠤ ᠪᠤᠷᠤᠭᠤᠯᠠᠨ ᠡᠴᠢᠬᠦᠢ ᠳ᠋ᠦ᠍ᠷ ᠴᠢᠨ ᠸᠠᠩ ᠲᠣᠯᠢ ᠶ᠋ᠢᠨ ᠭᠤᠷᠪᠠᠨ ᠮᠢᠩᠭᠠᠨ ᠴᠡᠷᠢᠭ ᠬᠣᠢᠨ᠎ᠠ ᠠ᠋ᠴᠠ ᠳᠠᠷᠤᠨ ᠬᠥᠭᠡᠭᠡᠵᠦ ᠢᠷᠡᠬᠦᠶ᠎ᠡ : ᠸᠠᠨ ᠶᠠᠨ ᠾᠧ ᠳᠡ ᠵᠥᠪᠯᠡᠨ ᠥᠭᠦᠯᠡᠷᠦᠨ :《ᠮᠣᠩᠭᠣᠯ ᠤ᠋ᠨ ᠴᠡᠷᠢᠭ ᠭᠤᠷᠪᠠᠬᠠᠨ ᠮᠢᠩᠭᠠᠨ ᠳ᠋ᠤᠷ ᠪᠢᠳᠡ ᠦᠯᠦ ᠪᠠᠢᠯᠳᠤᠨ ᠡᠨᠡ ᠮᠡᠲᠦ ᠳᠤᠲᠠᠭᠠᠨ ᠶᠠᠪᠤᠬᠤ ᠠᠨᠤ ᠳᠠᠩᠴᠤ ᠬᠡᠲᠦᠷᠬᠡᠢ ᠦᠭᠡᠨᠴᠡ ᠪᠠᠭᠤᠷᠠᠢ ᠶ᠋ᠢᠨ ᠲᠤᠢᠯ ᠳ᠋ᠤᠷ ᠬᠦᠷᠦᠭᠰᠡᠨ ᠦᠭᠡᠢ ᠤᠤ ? ᠵᠠᠮ ᠳ᠋ᠤᠷ ᠨᠢᠭᠡᠨ ᠤᠳᠠᠭ᠎ᠠ ᠭᠡᠨᠡᠳᠡᠭᠦᠯᠦᠨ ᠪᠠᠢᠯᠳᠤᠰᠤᠭᠠᠢ ! 》 ᠭᠡᠮᠡᠨ ᠵᠢᠶᠦ᠋ᠨ ᠵᠧᠦ ᠶ᠋ᠢᠨ ᠱᠠ ᠾᠧ ᠭᠣᠣᠯ ᠳ᠋ᠤᠷ ᠬᠦᠷᠦᠭᠡᠳ ᠭᠡᠨᠡᠳᠲᠡ ᠴᠡᠷᠢᠭ ᠵᠣᠭᠰᠣᠵᠤ᠂ ᠮᠣᠩᠭᠣᠯ ᠤ᠋ᠨ ᠴᠡᠷᠢᠭ ᠢ᠋ ᠬᠦᠯᠢᠶᠡᠨ ᠤᠭᠲᠤᠨ ᠪᠠᠢᠯᠳᠤᠰᠤᠭᠠᠢ ᠬᠡᠮᠡᠬᠦᠢ ᠳ᠋ᠦ᠍ᠷ ᠮᠣᠩᠭᠣᠯ ᠤ᠋ᠨ ᠴᠢᠨ ᠸᠠᠩ ᠲᠣᠯᠢ ᠶ᠋ᠢᠨ ᠴᠡᠷᠢᠭ ᠨᠡᠬᠡᠨ ᠬᠦᠷᠴᠦ ᠢᠷᠡᠭᠡᠳ ᠠᠯᠲᠠᠨ ᠤᠯᠤᠰ ᠤ᠋ᠨ ᠴᠡᠷᠢᠭ ᠢ᠋ ᠦᠵᠡᠮᠡᠭᠴᠡ ᠴᠢᠨ ᠸᠠᠩ ᠲᠣᠯᠢ ᠠᠶᠤᠭᠰᠠᠨ ᠮᠡᠲᠦ ᠪᠣᠯᠵᠤ ᠶᠠᠭᠠᠷᠠᠨ ᠴᠠᠭᠠᠵᠠ ᠵᠠᠷᠯᠠᠨ : ᠴᠡᠷᠢᠭ ᠬᠤᠷᠳᠤᠨ ᠡᠭᠡᠵᠦ ᠳᠤᠲᠠᠭ᠎ᠠ ᠬᠡᠮᠡᠭᠰᠡᠨ ᠳᠡᠭᠡᠷ᠎ᠡ ᠬᠤᠷᠳᠤᠨ ᠡᠭᠡᠵᠦ ᠳᠤᠲᠠᠭ᠎ᠠ ᠭᠡᠮᠡᠨ ᠳᠤᠲᠠᠭᠠᠬᠤᠢ ᠳ᠋ᠤᠷ ᠳᠣᠣᠷᠠᠬᠢ ᠵᠠᠩᠵᠤᠨ ᠢᠨᠦ ᠴᠡᠷᠢᠭ ᠲᠠᠴᠢᠶᠠᠳᠠᠵᠤ ᠠᠰᠠᠭᠤᠷᠤᠨ : 《ᠸᠠᠩ ᠶᠠᠭᠤᠨ ᠳ᠋ᠤᠷ ᠡᠨᠡ ᠮᠡᠲᠦ ᠤᠤᠯᠢᠬᠠᠢ ᠠᠶᠤᠮᠠᠲᠠᠭᠠᠢ ᠪᠣᠯᠪᠠ  》 ᠬᠡᠮᠡᠬᠦᠢ ᠳ᠋ᠦ᠍ᠷ ᠲᠣᠯᠢ ᠥᠭᠦᠯᠡᠷᠦᠨ: 《ᠠᠯᠲᠠᠨ ᠤᠯᠤᠰ ᠤ᠋ᠨ ᠴᠡᠷᠢᠭ ᠠᠷᠪᠠᠨ ᠲᠦᠮᠡᠨ ᠂ ᠮᠠᠨ ᠤ᠋ ᠴᠡᠷᠢᠭ ᠭᠤᠷᠪᠠᠨ ᠮᠢᠩᠭᠠᠨ ᠬᠡᠷᠬᠢᠨ ᠲᠤᠯᠵᠤ ᠪᠣᠯᠬᠤ ? 》ᠬᠡᠮᠡᠬᠦᠢ ᠳ᠋ᠦ᠍ᠷ ᠠᠯᠲᠠᠨ ᠤᠯᠤᠰ ᠤ᠋ᠨ ᠶᠡᠬᠡ ᠴᠡᠷᠢᠭ ᠣᠮᠣᠭᠰᠢᠵᠤ᠂ ᠮᠣᠩᠭᠣᠯ ᠤ᠋ᠨ ᠴᠡᠷᠢᠭ ᠢ᠋ ᠬᠥᠭᠡᠭᠡᠵᠦ ᠢᠷᠡᠬᠦᠢ ᠳ᠋ᠦ᠍ᠷ ᠮᠣᠩᠭᠣᠯ ᠤ᠋ᠨ ᠵᠠᠩᠵᠤᠨ ᠴᠡᠷᠢᠭ ᠲᠡᠰᠬᠦ ᠠᠯᠳᠠᠷᠠᠨ ᠪᠦᠭᠦᠳᠡᠭᠡᠷ ᠪᠠᠢᠯᠳᠤᠰᠤᠭᠠᠢ ᠭᠡᠮᠡᠨ ᠱᠦᠯᠬᠦᠲᠦᠬᠦᠢ ᠳ᠋ᠦ᠍ᠷ ᠴᠢᠨ ᠸᠠᠩ ᠲᠣᠯᠢ ᠠᠰᠠᠭᠤᠷᠤᠨ : 《ᠲᠠᠨ ᠳ᠋ᠤᠷ ᠦᠨᠡᠬᠡᠷ ᠲᠡᠭᠦᠨ ᠯᠦ᠍ᠭᠡ ᠪᠠᠢᠯᠳᠤᠬᠤ ᠰᠥᠰᠥ ᠪᠣᠢ ᠤᠤ ? 》 ᠬᠡᠮᠡᠬᠦᠢ ᠳ᠋ᠦ᠍ᠷ ᠪᠦᠭᠦᠳᠡᠭᠡᠷ ᠭᠠᠷ ᠨᠤᠬᠤᠯᠬᠢᠯᠠᠨ ᠬᠥᠯ ᠳᠡᠪᠬᠡᠴᠡᠨ 《ᠡᠭᠡᠵᠦ ᠪᠠᠢᠯᠳᠤᠰᠤᠭᠠᠢ ! 》ᠬᠡᠮᠡᠬᠦᠢ ᠳ᠋ᠦ᠍ᠷ ᠲᠣᠯᠢ ᠲᠡᠳᠡᠨ ᠦ᠌ ᠴᠢᠩ ᠦᠨᠡᠨ ᠢ᠋ ᠮᠡᠳᠡᠭᠡᠳ ᠳᠠᠷᠤᠢ ᠱᠠ ᠾᠧ ᠭᠣᠣᠯ ᠤ᠋ᠨ ᠳᠡᠭᠡᠳᠦ ᠣᠯᠣᠮ ᠢ᠋ᠶ᠋ᠠᠷ ᠴᠡᠷᠢᠭ ᠢ᠋ᠶ᠋ᠡᠨ ᠲᠡᠭᠰᠢᠯᠡᠵᠦ ᠬᠦᠯᠢᠶᠡᠪᠡ᠃ ᠠᠯᠲᠠᠨ ᠤᠯᠤᠰ ᠤ᠋ᠨ ᠸᠠᠨ ᠶᠠᠨ ᠾᠧ ᠳᠡ ᠶ᠋ᠢᠨ ᠴᠡᠷᠢᠭ ᠰᠠᠶᠢ ᠬᠦᠷᠢᠶ᠎ᠡ ᠪᠠᠭᠤᠵᠤ ᠪᠠᠢᠲᠠᠯ᠎ᠠ ᠲᠣᠯᠢ ᠴᠢᠨ ᠸᠠᠩ ᠭᠡᠨᠡᠳᠲᠡ ᠭᠤᠷᠪᠠᠨ ᠮᠢᠩᠭᠠᠨ ᠴᠡᠷᠢᠭ ᠢ᠋ᠶ᠋ᠡᠨ ᠭᠤᠷᠪᠠᠨ ᠠᠩᠭᠢ ᠰᠠᠯᠭᠠᠵᠤ ᠭᠤᠷᠪᠠᠨ ᠬᠦᠴᠦᠲᠡᠨ ᠦ᠌ ᠵᠢᠭᠰᠠᠭᠠᠯ ᠪᠣᠯᠭᠠᠨ ᠬᠡᠩᠭᠡᠷᠭᠡ ᠳᠡᠯᠡᠳᠦᠨ ᠠᠯᠠᠨ ᠡᠭᠡᠵᠦ ᠢᠷᠩᠰᠡᠨ᠎ᠡ᠂ ᠠᠯᠲᠠᠨ ᠤᠯᠤᠰ ᠤ᠋ᠨ ᠴᠡᠷᠢᠭ ᠰᠠᠶᠢ ᠪᠤᠳᠠᠭ᠎ᠠ ᠴᠢᠨᠠᠵᠤ ᠢᠳᠡᠰᠦᠭᠡᠢ ᠬᠡᠮᠡᠲᠡᠯ᠎ᠡ ᠮᠣᠩᠭᠣᠯ ᠤ᠋ᠨ ᠴᠡᠷᠢᠭ ᠴᠢᠯᠠᠭᠤ ᠥᠩᠬᠥᠷᠢᠬᠦ ᠮᠡᠲᠦ ᠴᠣᠬᠢᠨ ᠢᠷᠡᠭᠰᠡᠨ ᠳ᠋ᠦ᠍ᠷ ᠠᠯᠲᠠᠨ ᠤᠯᠤᠰ ᠤ᠋ᠨ ᠴᠡᠷᠢᠭ ᠠᠷᠭ᠎ᠠ ᠳ᠋ᠤᠷ ᠣᠷᠣᠭᠰᠠᠨ ᠢ᠋ ᠮᠡᠳᠡᠵᠦ ᠶᠡᠬᠡᠯ᠎ᠡ ᠠᠶᠤᠨ ᠰᠥᠰᠥ ᠬᠡᠮᠬᠡᠷᠡᠵᠦ᠂ ᠬᠤᠶᠠᠭ ᠳᠤᠭᠤᠯᠠᠭ᠎ᠠ᠂ ᠵᠠᠷ ᠵᠡᠪᠰᠡᠭ᠂ ᠲᠣᠭᠣᠭ᠎ᠠ ᠲᠤᠯᠭ᠎ᠠ᠂ ᠠᠮᠤ ᠬᠦᠨᠡᠰᠦ ᠪᠡᠨ ᠴᠥᠮ ᠣᠷᠬᠢᠵᠤ ᠪᠤᠷᠤᠭᠤᠯᠠᠬᠤᠢ ᠳ᠋ᠤᠷ ᠮᠣᠩᠭᠣᠯ ᠤ᠋ᠨ ᠴᠡᠷᠢᠭ ᠳᠠᠷᠤᠢ ᠰᠠᠯᠬᠢᠨ ᠤᠷᠤᠭᠤ ᠴᠠᠬᠢᠯᠭᠠᠨ ᠮᠡᠲᠦ ᠪᠠᠢᠯᠳᠤᠨ ᠣᠷᠣᠵᠤ ᠠᠯᠠᠨ ᠶᠠᠪᠤᠬᠤᠢ ᠳ᠋ᠤᠷ ᠠᠯᠲᠠᠨ ᠤᠯᠤᠰ ᠤ᠋ᠨ ᠴᠡᠷᠢᠭ ᠠᠮᠢᠰᠬᠤᠬᠤ ᠴᠢᠯᠥᠭᠡ ᠦᠭᠡᠢ ᠪᠡᠷ ᠳᠤᠲᠠᠭᠠᠭᠰᠠᠭᠠᠷ ᠬᠤᠸᠠᠩ ᠢᠦᠢ ᠳ᠋ᠢᠶᠠᠨ ᠬᠡᠮᠡᠬᠦ ᠭᠠᠵᠠᠷ ᠲᠤᠷ ᠬᠦᠷᠴᠦ ᠵᠢᠶᠦ᠋ᠨ ᠵᠧᠦ ᠡᠴᠡ ᠬᠣᠷᠢᠨ ᠲᠠᠪᠤᠨ ᠭᠠᠵᠠᠷ ᠤ᠋ᠨ ᠡᠴᠦᠰ ᠲᠦ᠍ᠷ ᠬᠦᠷᠲᠡᠯ᠎ᠡ ᠪᠣᠷᠣᠭᠠᠨ ᠴᠠᠰᠤ ᠬᠠᠮᠲᠤ ᠪᠠᠷ ᠰᠢᠭᠤᠷᠤᠨ ᠣᠷᠣᠵᠤ᠂ ᠠᠯᠲᠠᠨ ᠤᠯᠤᠰ ᠤ᠋ᠨ ᠴᠡᠷᠢᠭ ᠬᠠᠷᠠᠬᠠᠨ ᠲᠡᠭᠷᠢ ᠶ᠋ᠢ ᠳᠠᠭᠤᠳᠠᠨ ᠭᠠᠰᠠᠯᠤᠯᠴᠠᠨ ᠣᠷᠣᠭᠰᠢ ᠣᠷᠣᠵᠤ ᠴᠢᠳᠠᠬᠤ ᠦᠭᠡᠢ᠂ ᠭᠡᠨᠡᠳᠲᠡ ᠪᠠᠰᠠ ᠪᠢᠶᠠᠨ ᠵᠢᠩ ᠡᠴᠡ ᠵᠠᠷᠯᠢᠭ ᠢᠷᠡᠵᠦ ᠬᠣᠶᠠᠷ ᠰᠢᠩ ᠱᠧᠩ ᠱᠢ ᠶ᠋ᠢᠨ ᠴᠡᠷᠢᠭ ᠢ᠋ ᠪᠢᠶᠠᠨ ᠯᠢᠶᠠᠩ ᠴᠧᠩ ᠪᠠᠯᠭᠠᠰᠤᠨ᠎ᠠ ᠢᠷ᠎ᠡ ᠭᠡᠮᠡᠨ ᠵᠠᠷᠯᠠᠭᠰᠠᠨ ᠳ᠋ᠤᠷ ᠬᠣᠶᠠᠷ ᠵᠠᠩᠵᠤᠨ ᠮᠣᠩᠭᠣᠯ ᠤ᠋ᠨ ᠴᠡᠷᠢᠭ ᠢ᠋ ᠣᠷᠬᠢᠭᠠᠳ ᠬᠣᠢᠲᠤ ᠵᠦᠭ ᠮᠥᠷᠡᠨ ᠢ᠋ ᠭᠡᠲᠦᠯᠰᠦᠭᠡᠢ ᠬᠡᠮᠡᠪᠡᠰᠦ᠂ ᠮᠣᠩᠭᠣᠯ ᠤ᠋ᠨ ᠴᠡᠷᠢᠭ ᠬᠠᠨ ᠵᠢᠶᠠᠩ ᠮᠥᠷᠡᠨ ᠦ᠌ ᠣᠯᠣᠮ ᠤ᠋ᠨ ᠬᠣᠶᠠᠷ ᠦᠵᠦᠭᠦᠷ ᠲᠣᠷ ᠴᠥᠮ ᠶᠡᠬᠡ ᠮᠣᠳᠣ ᠪᠤᠯᠠᠵᠤ ᠬᠠᠯᠬᠠᠯᠠᠨ ᠪᠥᠭᠯᠡᠭᠰᠡᠨ ᠳ᠋ᠦ᠍ᠷ ᠠᠯᠲᠠᠨ ᠤᠯᠤᠰ ᠤ᠋ᠨ ᠵᠠᠩᠵᠤᠨ ᠶᠠᠩ ᠵᠣᠣ ᠶᠠᠨ ᠱᠠᠯᠠᠮᠠᠭᠠᠢᠯᠠᠨ ᠵᠠᠮ ᠪᠤᠯᠢᠶᠠᠨ ᠣᠯᠵᠤ᠂ ᠰᠠᠶᠢ ᠣᠯᠠᠨ ᠴᠡᠷᠢᠭ ᠢ᠋ᠶ᠋ᠡᠨ ᠠᠪᠴᠤ ᠣᠷᠣᠭᠰᠢ ᠵᠤᠲᠠᠵᠤ ᠶᠠᠪᠤᠭᠰᠠᠭᠠᠷ ᠰᠠᠨ ᠹᠧᠩ ᠱᠠᠨ – ᠭᠤᠷᠪᠠᠨ ᠣᠷᠣᠢᠲᠤ ᠠᠭᠤᠯᠠᠨ ᠳ᠋ᠤᠷ ᠬᠦᠷᠴᠦ ᠢᠷᠡᠨ ᠴᠡᠷᠢᠭ ᠦ᠋ᠨ ᠠᠷᠠᠳ ᠭᠤᠷᠪᠠᠨ ᠡᠳᠦᠷ ᠢᠳᠡᠰᠢ ᠣᠯᠵᠤ ᠢᠳᠡᠭᠰᠡᠨ ᠦᠭᠡᠢ᠃ ᠡᠨᠡ ᠦᠶ᠎ᠡ ᠳ᠋ᠦ᠍ᠷ ᠮᠣᠩᠭᠣᠯ ᠴᠡᠷᠢᠭ ᠶᠡᠬᠡᠯ᠎ᠡ ᠲᠠᠢᠯᠵᠤ ᠲᠠᠯᠪᠢᠯ ᠦᠭᠡᠢ ᠨᠡᠬᠡᠵᠦ ᠣᠷᠣᠬᠤᠢ ᠳ᠋ᠤᠷ ᠠᠯᠲᠠᠨ ᠤᠯᠤᠰ ᠠ᠋ᠴᠠ ᠰᠢᠨ᠎ᠡ ᠳᠠᠭᠠᠭᠰᠠᠨ ᠫᠧᠩ ᠴᠧᠩ ᠦ᠋ᠨ ᠮᠠ ᠪᠦᠸᠧ ᠵᠢᠶᠠᠨ ᠥᠭᠦᠯᠡᠷᠦᠨ : 《ᠴᠠᠰᠤ ᠠᠰᠤᠷᠤ ᠶᠡᠬᠡ᠂ ᠴᠡᠷᠢᠭ ᠢ᠋ ᠲᠦᠷ ᠵᠣᠭᠰᠣᠭᠠᠵᠤ᠂ ᠬᠠᠭᠠᠨ ᠤ᠋ ᠶᠡᠬᠡ ᠴᠡᠷᠢᠭ ᠢ᠋ ᠬᠦᠯᠢᠶᠡᠪᠡᠰᠦ ᠶᠠᠮᠪᠠᠷ ? 》ᠲᠣᠯᠢ ᠴᠢᠨ ᠸᠠᠩ ᠢᠨᠢᠶᠡᠨ ᠥᠭᠦᠯᠡᠷᠦᠨ : 《ᠡᠨᠡ ᠴᠠᠰᠤ ᠬᠠᠷᠢᠨ ᠲᠡᠭᠷᠢ ᠮᠠᠨ ᠳ᠋ᠤᠷ ᠲᠤᠰᠠᠯᠠᠭᠰᠠᠨ ᠪᠤᠶᠤ᠃ ᠡᠨᠡ ᠴᠠᠰᠤ ᠠ᠋ᠴᠠ ᠪᠤᠰᠤ ᠪᠣᠯᠪᠠᠰᠤ ᠡᠨᠡ ᠴᠡᠷᠢᠭ ᠢ᠋ ᠳᠡᠢᠯᠬᠦᠶ᠎ᠡ ᠪᠡᠷᠬᠡ᠂ ᠣᠳᠣ ᠡᠨᠡ ᠬᠡᠪᠴᠢᠶᠡᠨ ᠢ᠋ ᠠᠯᠳᠠᠪᠠᠰᠤ ᠡᠨᠡ ᠬᠣᠶᠠᠷ ᠵᠤᠯᠪᠢᠨ ᠬᠣᠲᠠ ᠳ᠋ᠤᠷ ᠣᠷᠣᠵᠤ ᠪᠠᠷᠢᠬᠤᠢ ᠳ᠋ᠤᠷ ᠪᠡᠷᠬᠡ ᠪᠣᠯᠤᠮᠤᠢ᠂ ᠠᠯᠲᠠᠨ ᠤᠯᠤᠰ ᠤ᠋ᠨ ᠢᠲᠡᠭᠡᠭᠰᠡᠨ ᠢᠨᠣ ᠳᠠᠷᠤᠢ ᠡᠨᠡ ᠬᠡᠳᠦᠨ ᠬᠥᠮᠦᠨ ᠳ᠋ᠦ᠍ᠷ ᠢ᠋ᠶ᠋ᠡᠨ ᠪᠣᠯᠠᠢ᠃ ᠡᠨᠡ ᠲᠤᠬᠠᠢ ᠦᠯᠦ ᠪᠠᠢᠯᠳᠤᠨ ᠡᠵᠡᠨ ᠢ᠋ ᠬᠦᠯᠢᠶᠡᠵᠦ ᠬᠡᠷᠬᠢᠨ ᠪᠣᠯᠬᠤ ?  ᠨᠠᠮᠠᠶ᠋ᠢ ᠶᠠᠭᠤᠨ ᠤ᠋ ᠲᠤᠯᠠ ᠡᠮᠦᠨ᠎ᠡ ᠵᠦᠭ ᠶᠠᠪᠤᠭᠤᠯᠪᠠ ? 》ᠭᠡᠮᠡᠨ ᠳᠠᠷᠤᠢ ᠾᠧ ᠪᠧᠢ ᠶ᠋ᠢᠨ ᠳ᠋ᠢᠩ ᠬᠦᠩ᠂ ᠮᠠ ᠪᠦᠸᠧ ᠵᠢᠶᠠᠨ ᠤ᠋ ᠴᠡᠷᠢᠭ ᠢ᠋ ᠬᠠᠮᠲᠤ ᠠᠪᠴᠤ ᠰᠠᠨ ᠹᠧᠩ ᠱᠠᠨ ᠠᠭᠤᠯᠠᠨ᠎ᠠ ᠨᠡᠬᠡᠨ ᠬᠦᠷᠴᠦ ᠠᠭᠤᠯᠠ ᠶ᠋ᠢ ᠳᠥᠷᠪᠡᠨ ᠵᠦᠭ ᠡᠴᠡ ᠲᠣᠭᠣᠷᠢᠨ ᠪᠦᠰᠡᠯᠡᠵᠦ ᠠᠪᠤᠭᠠᠳ ᠳᠠᠷᠤᠢ ᠪᠠᠭᠤᠳᠠᠯ ᠪᠠᠭᠤᠵᠤ᠂ ᠲᠦᠯᠡᠭᠡ ᠴᠠᠪᠴᠢᠭᠤᠯᠤᠨ ᠣᠯᠠᠨ ᠴᠡᠷᠢᠭ ᠮᠢᠬ᠎ᠠ ᠰᠢᠷᠠᠵᠤ ᠢᠳᠡᠬᠦᠢ ᠳ᠋ᠦ᠍ᠷ ᠰᠠᠢᠬᠠᠨ ᠦᠨᠦᠷ ᠴᠠᠰᠤᠨ ᠤ᠋ ᠳᠣᠲᠣᠷ᠎ᠠ ᠬᠡᠳᠦᠨ ᠭᠠᠵᠠᠷ ᠦᠨᠦᠰᠳᠡᠵᠦ᠂ ᠠᠯᠲᠠᠨ ᠤᠯᠤᠰ ᠤ᠋ᠨ ᠭᠤᠷᠪᠠᠨ ᠡᠳᠦᠷ ᠥᠯᠪᠡᠷᠦᠭᠰᠡᠨ ᠴᠡᠷᠢᠭ ᠪᠠᠰᠠ ᠶᠡᠬᠡ ᠴᠠᠰᠤᠨ ᠳ᠋ᠤᠷ ᠲᠣᠬᠢᠶᠠᠯᠳᠤᠭᠠᠳ ᠨᠡᠩ ᠪᠠᠰᠠ ᠡᠨᠡ ᠰᠢᠷᠠᠭᠰᠠᠨ ᠮᠢᠬ᠎ᠠ ᠶ᠋ᠢᠨ ᠦᠨᠦᠷ ᠲᠣᠷ ᠲᠡᠰᠬᠦᠶ᠎ᠡ ᠪᠡᠷᠬᠡ ᠪᠣᠯᠵᠤ᠂ ᠲᠡᠭᠷᠢ ᠶ᠋ᠢ ᠳᠠᠭᠤᠳᠠᠯᠴᠠᠨ ᠤᠬᠢᠯᠠᠬᠤ ᠳᠠᠭᠤᠨ ᠡᠭᠦᠯᠡᠨ ᠳ᠋ᠦ᠍ᠷ ᠨᠡᠪᠲᠡᠷᠡᠮᠦᠢ᠃ ᠡᠭᠦᠨ ᠳ᠋ᠦ᠍ᠷ ᠴᠢᠨ ᠸᠠᠩ ᠲᠣᠯᠢ ᠥᠭᠦᠯᠡᠷᠦᠨ : 《ᠠᠯᠲᠠᠨ ᠤᠯᠤᠰ ᠤ᠋ᠨ ᠴᠡᠷᠢᠭ ᠢ᠋ ᠵᠢᠶᠦ᠋ᠨ ᠵᠧᠦ ᠶ᠋ᠢᠨ ᠵᠦᠭ ᠵᠠᠮ ᠲᠠᠯᠪᠢᠨ ᠭᠠᠷᠭᠠᠵᠤ ᠠᠯᠠᠪᠠᠰᠤ ᠰᠠᠶᠢ ᠬᠢᠯᠪᠠᠷ᠂ ᠡᠨᠡ ᠠᠭᠤᠯᠠᠨ ᠤ᠋ ᠳᠣᠲᠣᠷ᠎ᠠ ᠠᠯᠠᠬᠤᠢ ᠳ᠋ᠤᠷ ᠪᠡᠷᠬᠡ ! 》ᠭᠡᠮᠡᠨ ᠣᠯᠠᠨ ᠴᠡᠷᠢᠭ ᠢ᠋ ᠴᠠᠳᠲᠠᠯ᠎ᠠ ᠢᠳᠡᠭᠦᠯᠦᠨ ᠰᠣᠭᠲᠣᠲᠠᠯ᠎ᠠ ᠤᠤᠭᠤᠯᠭᠠᠵᠤ᠂ ᠳᠠᠷᠤᠢ ᠴᠠᠭᠠᠵᠠ ᠵᠠᠷᠯᠠᠨ ᠵᠢᠶᠦ᠋ᠨ ᠵᠧᠦ ᠶ᠋ᠢᠨ ᠵᠦᠭ ᠵᠠᠮ ᠲᠠᠯᠪᠢᠨ ᠥᠭᠴᠦ ᠬᠥᠭᠡᠭᠡᠵᠦ ᠠᠯᠠᠬᠤ ᠪᠠᠷ ᠪᠡᠯᠡᠳᠬᠡᠵᠦ᠂ ᠡᠨᠡᠲᠡᠭᠡ ᠡᠴᠡ ᠠᠪᠠ ᠬᠥᠭᠡᠭᠡᠬᠦ ᠮᠡᠲᠦ ᠬᠣᠮᠤᠷᠠᠨ ᠠᠯᠠᠨ ᠣᠷᠣᠭᠰᠠᠨ ᠳ᠋ᠤᠷ ᠠᠯᠲᠠᠨ ᠤᠯᠤᠰ ᠤ᠋ᠨ ᠮᠣᠬᠣᠵᠤ ᠥᠯᠪᠡᠷᠦᠭᠰᠡᠨ ᠴᠡᠷᠢᠭ ᠰᠠᠮᠠᠭᠤᠷᠠᠨ ᠪᠤᠷᠬᠢᠷᠠᠯᠳᠤᠵᠤ᠂ ᠳᠠᠷᠤᠢ ᠵᠢᠶᠦ᠋ᠨ ᠵᠧᠦ ᠶ᠋ᠢᠨ ᠵᠦᠭ ᠪᠤᠲᠠᠷᠠᠨ ᠪᠤᠷᠤᠭᠤᠯᠠᠬᠤ ᠳ᠋ᠤᠷ ᠪᠠᠷᠬᠢᠷᠠᠨ ᠴᠢᠷᠠᠯᠠᠬᠤ ᠳᠠᠭᠤᠨ ᠳ᠋ᠤᠷ ᠠᠭᠤᠯᠠ ᠠᠨᠢᠷᠯᠠᠮᠤᠢ᠃ ᠡᠭᠦᠨ ᠳ᠋ᠦ᠍ᠷ ᠮᠣᠩᠭᠣᠯ ᠠ᠋ᠴᠠ ᠤᠷᠪᠠᠭᠰᠠᠨ ᠡᠦ ᠰᠢᠶᠠ ᠶ᠋ᠢᠨ ᠪᠡᠶ᠎ᠡ ᠤᠷᠢᠳᠠ ᠭᠤᠴᠢᠭᠠᠳ ᠮᠣᠷᠢᠲᠠᠨ ᠢ᠋ ᠠᠪᠴᠤ ᠬᠤᠯᠤᠰᠤᠨ ᠰᠢᠭᠤᠢ ᠪᠠᠷ ᠨᠢᠭᠤᠨ ᠶᠠᠪᠤᠵᠤ᠂ ᠮᠢ ᠰᠢᠶᠠᠨ ᠤ᠋ ᠵᠦᠭ ᠡᠴᠢᠪᠡ᠃ ᠶᠠᠩ ᠸᠧ ᠶᠠᠨ᠂ ᠹᠠᠨ ᠽᠧ᠂ ᠵᠠᠩ ᠾᠦᠢ ᠲᠠᠨ ᠶᠠᠪᠠᠭᠠᠨ ᠢ᠋ᠶ᠋ᠠᠷ ᠪᠠᠢᠯᠳᠤᠨ ᠭᠠᠷᠤᠭᠰᠠᠨ ᠳ᠋ᠤᠷ ᠴᠢᠨ ᠸᠠᠩ ᠲᠣᠯᠢ ᠶᠡᠬᠡ ᠦᠬᠡᠷ ᠫᠤᠤ ᠲᠠᠯᠪᠢᠭᠤᠯᠤᠨ ᠴᠠᠬᠢᠯᠭᠠᠨ ᠮᠡᠲᠦ ᠠᠯᠠᠨ ᠣᠷᠣᠭᠰᠠᠨ ᠳ᠋ᠤᠷ ᠥᠯᠪᠡᠷᠴᠦ ᠪᠠᠢᠭᠰᠠᠨ ᠴᠡᠷᠢᠭ ᠢ᠋ ᠰᠣᠭᠲᠣᠭᠤ ᠴᠠᠳᠬᠤᠯᠠᠩ ᠴᠡᠷᠢᠭ ᠦ᠋ᠨ ᠠᠯᠠᠬᠤ ᠠᠨᠤ ᠬᠠᠭᠤᠷᠠᠢ ᠨᠠᠪᠴᠢ ᠰᠢᠷᠠᠯᠵᠢ ᠳ᠋ᠤᠷ ᠲᠦᠢᠮᠡᠷ ᠲᠠᠯᠪᠢᠬᠤ ᠠᠳᠠᠯᠢ᠃ ᠠᠶ᠎ᠠ ᠡᠨᠡ ᠨᠢᠭᠡᠨ ᠵᠡᠷᠭᠡ ᠠᠯᠠᠯᠳᠤᠭᠠᠨ ᠳ᠋ᠤᠷ ᠴᠠᠭᠠᠨ ᠴᠠᠰᠤᠨ ᠳ᠋ᠤᠷ ᠤᠯᠠᠭᠠᠨ ᠴᠢᠰᠤ ᠤᠷᠤᠰᠴᠤ ᠠᠭᠤᠯᠠ ᠳᠦᠭᠦᠷᠡᠩ ᠤᠯᠠᠭᠠᠨ ᠲᠣᠭᠣᠷ ᠳᠡᠯᠭᠡᠷᠡᠪᠡ᠃ ᠵᠠᠮ ᠲᠠᠯ᠎ᠠ ᠳ᠋ᠤᠷ ᠤᠯᠠᠪᠢᠷ ᠮᠠᠨᠳᠠᠷᠠᠸ᠎ᠠ ᠵᠤᠯᠭᠠᠷᠠᠭᠰᠠᠨ ᠮᠡᠲᠦ᠃ ᠣᠳᠣ ᠰᠠᠶᠢ ᠴᠢᠰᠤᠨ ᠵᠠᠮ ᠤᠯᠠᠢᠲᠠᠯ᠎ᠠ ᠢᠯᠡᠷᠡᠭᠡᠳ ᠦᠬᠦᠭᠰᠡᠨ ᠦᠬᠦᠳᠡᠯ ᠴᠠᠭᠠᠨ ᠬᠠᠰ ᠲᠠᠯᠠᠪᠤᠷ ᠲᠤᠷ ᠤᠯᠠᠭᠠᠨ ᠮᠠᠨᠳᠠᠷᠠᠸ᠎ᠠ ᠭᠡᠰᠡᠷ ᠢ᠋ ᠳᠡᠷᠡᠯᠡᠨ ᠬᠡᠪᠲᠡᠵᠦ᠂ ᠬᠠᠷᠢᠨ 《ᠲᠣᠭᠣᠷ ᠭᠦᠢᠯᠡᠰᠦᠨ ᠦ᠌ ᠬᠦᠷᠢᠶᠡᠯᠡᠩ 》 ᠦ᠋ᠨ ᠰᠢᠯᠦᠭ ᠦ᠋ᠨ ᠵᠣᠴᠢᠳ ᠰᠠᠷᠠᠨ ᠤ᠋ ᠭᠡᠷᠡᠯ ᠦ᠋ᠨ ᠳᠣᠣᠷ᠎ᠠ ᠲᠣᠭᠣᠷᠢᠨ ᠤᠯᠠᠭᠠᠨ ᠲᠣᠭᠣᠷ ᠤ᠋ᠨ ᠴᠡᠴᠡᠭ ᠦ᠋ᠨ ᠭᠡᠰᠡᠷ ᠲᠣᠷ ᠰᠣᠭᠲᠣᠯᠴᠠᠭᠰᠠᠨ ᠪᠠᠷᠤᠭ ᠪᠣᠢ ᠃ ᠰᠤᠳᠤᠷᠴᠢ ᠲᠦᠰᠢᠮᠡᠯ ᠢᠨᠵᠠᠨᠨᠠᠰᠢ ᠪᠢ ᠪᠢᠴᠢᠭᠰᠡᠭᠡᠷ ᠡᠨᠳᠡ ᠬᠦᠷᠴᠦ ᠤᠷᠲᠤ ᠰᠡᠭᠦᠷᠡᠰᠦᠨ ᠠᠯᠳᠠᠵᠤ ᠲᠡᠮᠳᠡᠭᠯᠡᠭᠰᠡᠨ ᠰᠢᠯᠦᠭ ᠦ᠋ᠨ ᠦᠭᠡ : 
             ᠠᠷᠢᠭᠤᠨ ᠬᠠᠰ ᠤ᠋ᠨ ᠠᠭᠤᠯᠠ ᠲᠠᠯ᠎ᠠ ᠳ᠋ᠤᠷ ᠠᠶᠤᠮᠰᠢᠭᠲᠤ ᠪᠠᠢᠯᠳᠤᠭᠠᠨ ᠳᠡᠭᠳᠡᠬᠦᠶ᠎ᠡ  
             ᠠᠯᠠᠭᠳᠠᠭᠰᠠᠨ ᠴᠢᠰᠤ ᠴᠠᠭᠠᠨ ᠴᠠᠰᠤᠨ᠎ᠠ ᠤᠯᠠᠭᠠᠨ ᠥᠩᠭᠡ ᠬᠤᠷᠴᠠ᠂ 
             ᠠᠯᠲᠠᠨ ᠤᠯᠤᠰ ᠮᠥᠬᠥᠬᠦ ᠰᠢᠬᠠᠭᠰᠠᠨ᠎ᠠ ᠲᠡᠭᠷᠢ ᠪᠠᠰᠠ ᠳᠠᠷᠤᠯᠠᠬᠤᠢ ᠳ᠋ᠤᠷ 
             ᠠᠶ᠎ᠠ ᠬᠥᠭᠡᠷᠦᠬᠦᠢ ᠡᠳᠡᠭᠡᠷ ᠬᠥᠮᠦᠨ ᠶᠠᠭᠤᠲᠠᠢ ᠬᠢᠯᠢᠰ ᠠᠵᠢ !  
       ᠠᠯᠲᠠᠨ ᠤᠯᠤᠰ ᠤ᠋ᠨ ᠣᠯᠠᠨ ᠴᠡᠷᠢᠭ ᠴᠠᠰᠤᠨ ᠤ᠋ ᠳᠣᠲᠣᠷ᠎ᠠ ᠬᠥᠨᠳᠡᠯᠡᠨ ᠭᠤᠯᠳᠤ ᠤᠨᠠᠭᠰᠠᠨ ᠠᠨᠤ ᠬᠠᠳᠤᠭᠰᠠᠨ ᠲᠦᠯᠡᠭᠡ ᠠᠳᠠᠯᠢ᠂ ᠶᠠᠩ ᠸᠧ ᠶᠠᠨ᠂ ᠹᠠᠨ ᠽᠧ᠂ ᠵᠠᠩ ᠾᠦᠢ ᠲᠠᠨ ᠤ᠋ ᠵᠠᠩᠵᠤᠨ ᠨᠠᠷ ᠶᠠᠪᠠᠭᠠᠨ ᠢ᠋ᠶ᠋ᠠᠷ ᠳᠤᠲᠠᠭᠠᠨ ᠬᠥᠯᠳᠡᠵᠦ᠂ ᠵᠠᠮ ᠤ᠋ᠨ ᠴᠡᠷᠢᠭ ᠦ᠋ᠨ ᠬᠥᠮᠦᠨ ᠵᠡᠪᠰᠡᠭ ᠣᠯᠳᠠᠪᠠᠰᠤ ᠴᠥᠯᠪᠡᠨ ᠠᠪᠴᠤ ᠮᠣᠩᠭᠣᠯ ᠤ᠋ᠨ ᠴᠡᠷᠢᠭ ᠯᠦ᠍ᠭᠡ ᠪᠠᠢᠯᠳᠤᠭᠰᠠᠭᠠᠷ ᠪᠠᠰᠠ ᠴᠥᠮ ᠠᠯᠠᠭᠳᠠᠵᠤ᠂ ᠬᠠᠰ ᠤ᠋ᠨ ᠬᠡᠮᠬᠡᠳᠡᠭ ᠲᠣᠷ ᠬᠡᠪᠲᠡᠵᠦ ᠮᠠᠨᠳᠠᠷᠠᠸ᠎ᠠ ᠵᠢᠷᠤᠭ ᠲᠤᠷ ᠳᠡᠷᠡᠯᠡᠪᠡ᠃  
       ᠲᠡᠳᠦᠢ ᠸᠠᠨ ᠶᠠᠨ ᠾᠧ ᠳᠡ ᠶᠡᠬᠡ ᠬᠡᠷᠡᠭ ᠨᠢᠭᠡᠨᠲᠡ ᠡᠢᠮᠦ ᠪᠣᠯᠤᠭᠰᠠᠨ ᠳ᠋ᠤᠷ ᠮᠣᠷᠢᠨ ᠠ᠋ᠴᠠ ᠪᠠᠨ ᠪᠠᠭᠤᠵᠤ ᠪᠠᠢᠯᠳᠤᠭᠰᠠᠭᠠᠷ ᠢ ᠯᠢ ᠫᠦ ᠾᠧ ᠡᠴᠡ ᠰᠠᠯᠤᠭᠠᠳ ᠲᠡᠭᠦᠨ ᠦ᠌ ᠬᠠᠮᠢᠭ᠎ᠠ ᠪᠠᠢᠬᠤ ᠶ᠋ᠢ ᠮᠡᠳᠡᠬᠦ ᠦᠭᠡᠢ ᠪᠣᠯᠵᠤ᠂ ᠴᠸᠨ ᠬᠤᠤᠱᠠᠩ ᠯᠤᠭ᠎ᠠ ᠬᠡᠳᠦᠨ ᠵᠠᠭᠤᠨ ᠮᠣᠷᠢᠲᠠᠨ ᠢ᠋ ᠠᠪᠴᠤ ᠪᠤᠷᠤᠭᠤᠯᠠᠨ ᠵᠢᠶᠦ᠋ᠨ ᠵᠧᠦ ᠬᠣᠲᠠᠨ ᠳ᠋ᠤᠷ ᠰᠢᠷᠭᠤᠨ ᠣᠷᠣᠵᠤ ᠬᠠᠭᠠᠯᠭ᠎ᠠ ᠶ᠋ᠢ ᠲᠠᠭ ᠳᠠᠷᠤᠵᠤ᠂ ᠢ ᠯᠡ ᠫᠦ ᠾᠧ ᠰᠢᠭᠤᠳ ᠪᠢᠶᠠᠨ ᠵᠢᠩ ᠪᠠᠯᠭᠠᠰᠤᠨ ᠤ᠋ ᠵᠦᠭ ᠪᠤᠷᠤᠭᠤᠯᠠᠬᠤᠶ᠎ᠠ᠂ ᠸᠠᠩ ᠵᠢᠩ ᠴᠢᠶᠣᠤ ᠬᠥᠭᠥᠷᠭᠡ ᠳ᠋ᠦ᠍ᠷ ᠴᠢᠨᠠᠳᠤ ᠠ᠋ᠴᠠ ᠲᠡᠢᠰᠢ ᠪᠤᠯᠤ ᠶ᠋ᠢᠨ ᠢᠯᠡᠬᠡᠨ ᠪᠦᠭᠭᠦᠭᠦᠯᠦᠭᠰᠡᠨ ᠵᠠᠩᠵᠤᠨ ᠠᠯᠲᠠᠨᠱᠠᠭ᠎ᠠ ᠳ᠋ᠤᠷ ᠠᠮᠢᠳᠤ ᠪᠠᠷ ᠪᠠᠷᠢᠭᠳᠠᠪᠠ᠃ ᠡᠨᠡ ᠦᠶ᠎ᠡ ᠮᠣᠩᠭᠣᠯ ᠤ᠋ᠨ ᠳᠠᠢᠽᠦ᠋ᠩ ᠬᠠᠭᠠᠨ ᠶᠠᠩ ᠵᠧᠦ ᠡᠴᠡ ᠭᠠᠷᠴᠤ ᠢᠷᠡᠭᠡᠳ ᠴᠢᠨ ᠸᠠᠩ ᠲᠣᠯᠢ ᠶ᠋ᠢᠨ ᠴᠡᠷᠢᠭ ᠢ᠋ ᠠᠯᠲᠠᠨ ᠤᠯᠤᠰ ᠤ᠋ᠨ ᠸᠠᠨ ᠶᠠᠨ ᠾᠧ ᠳᠡ ᠠᠷᠪᠠᠨ ᠲᠠᠪᠤᠨ ᠲᠦᠮᠡᠨ ᠴᠡᠷᠢᠭ ᠢ᠋ᠶ᠋ᠡᠷ ᠤᠭᠲᠤᠵᠤ ᠪᠠᠢᠯᠳᠤᠮᠤᠢ ᠭᠡᠮᠡᠨ ᠰᠣᠨᠣᠰᠴᠤ ᠶᠠᠭᠠᠷᠠᠨ ᠬᠥᠭᠰᠢᠨ ᠬᠦᠯᠦᠭ ᠵᠢᠶᠦ᠋ᠨ ᠸᠠᠩ ᠴᠢᠯᠠᠭᠤᠨ᠂ ᠬᠣᠣ ᠸᠠᠨ ᠪᠦ ᠬᠤᠸᠠ ᠬᠣᠶᠠᠭᠤᠯᠠ ᠶ᠋ᠢ ᠤᠷᠢᠳᠠ ᠰᠢᠳᠠᠷ ᠰᠢᠯᠭᠠᠭᠰᠠᠨ ᠴᠡᠷᠢᠭ ᠢ᠋ ᠠᠪᠴᠤ ᠢᠯᠡᠭᠡᠲᠡᠯ᠎ᠡ ᠬᠡᠳᠦᠢᠨᠡᠢ ᠴᠥᠮ ᠳᠠᠷᠤᠵᠤ ᠠᠷᠢᠯᠭᠠᠭᠠᠳ ᠵᠢᠶᠦ᠋ᠨ ᠵᠧᠦ ᠶ᠋ᠢ ᠬᠠᠭᠠᠬᠤ ᠠᠵᠤᠭᠤ᠃ 
       ᠲᠡᠳᠦᠢ ᠬᠠᠮᠲᠤ ᠨᠡᠢᠯᠡᠵᠦ ᠵᠢᠶᠦ᠋ᠨ ᠵᠧᠦ ᠶ᠋ᠢ ᠬᠠᠭᠠᠵᠤ ᠪᠠᠢᠯᠳᠤᠬᠤᠶ᠎ᠠ᠂ ᠳᠠᠭᠠᠯᠳᠤᠭ᠎ᠠ ᠬᠠᠭᠠᠨ ᠤ᠋ ᠭᠡᠭᠡᠨ ᠮᠥᠨ ᠵᠠᠯᠠᠷᠠᠨ ᠬᠦᠷᠴᠦ ᠢᠷᠡᠭᠡᠳ ᠴᠢᠨ ᠸᠠᠩ ᠲᠣᠯᠢ ᠶ᠋ᠢᠨ ᠭᠤᠷᠪᠠᠬᠠᠨ ᠮᠢᠩᠭᠠᠨ ᠢ᠋ᠶ᠋ᠠᠷ ᠠᠯᠲᠠᠨ ᠤ᠋ ᠠᠷᠪᠠᠨ ᠲᠠᠪᠤᠨ ᠲᠦᠮᠡᠨ ᠢ᠋ ᠳᠠᠷᠤᠭᠰᠠᠨ ᠭᠠᠵᠠᠷ ᠢ᠋ ᠦᠵᠡᠭᠡᠳ ᠳᠡᠭᠦᠦ ᠶᠦ᠍ᠭᠡᠨ ᠴᠢᠨ ᠸᠠᠩ ᠲᠣᠯᠢ ᠶ᠋ᠢᠨ ᠭᠠᠷ ᠢ᠋ ᠪᠠᠷᠢᠵᠤ ᠵᠠᠷᠯᠢᠭ ᠪᠣᠯᠤᠷᠤᠨ :《ᠠᠶ᠎ᠠ ᠮᠢᠨᠦ ᠡᠨᠡ ᠳᠡᠭᠦᠦ ᠡᠴᠡ ᠪᠤᠰᠤ ᠬᠡᠨ ᠊ᠶ᠎ᠠ᠂ ᠡᠢᠮᠦ ᠭᠠᠵᠠᠷ ᠲᠤᠷ ᠡᠨᠡ ᠮᠡᠲᠦ ᠪᠠᠢᠯᠳᠤᠵᠤ᠂ ᠡᠨᠡ ᠮᠡᠲᠦ ᠴᠠᠰᠤᠨ ᠳ᠋ᠤᠷ ᠡᠨᠡ ᠮᠡᠲᠦ ᠲᠠᠢᠯᠤᠨ ᠴᠢᠳᠠᠬᠤ ᠠᠵᠢ !  ᠳᠡᠭᠡᠳᠦ ᠲᠠᠢᠽᠦ ᠱᠧᠩ ᠡᠦ ᠬᠤᠸᠠᠩᠳᠢ ᠶ᠋ᠢᠨ ᠪᠠᠭᠠᠲᠤᠷ ᠢ᠋ ᠭᠠᠭᠴᠠ ᠡᠨᠡ ᠳᠡᠭᠦᠦ ᠮᠢᠨᠦ ᠠᠪᠤᠨ ᠲᠥᠷᠥᠵᠦᠬᠦᠢ ! 》ᠬᠡᠮᠡᠬᠦᠢ ᠳ᠋ᠦ᠍ᠷ ᠣᠯᠠᠨ ᠰᠢᠳᠠᠷ ᠸᠠᠩ ᠰᠠᠢᠳ ᠤ᠋ᠳ ᠪᠠᠰᠠ ᠠᠢᠯᠠᠳᠬᠠᠷᠤᠨ :《ᠴᠢᠨ ᠸᠠᠩ ᠲᠣᠯᠢ ᠶ᠋ᠢᠨ ᠪᠠᠭᠠᠲᠤᠷ ᠨᠡᠷ᠎ᠡ ᠦᠨᠡᠬᠡᠷ ᠳᠡᠯᠡᠬᠡᠢ ᠳ᠋ᠠᠭᠢᠨ᠎ᠠ ᠠᠯᠳᠠᠷᠰᠢᠵᠤᠬᠤᠢ ! 》 ᠭᠡᠮᠡᠨ ᠮᠠᠭᠲᠠᠯᠴᠠᠬᠤᠢ ᠳ᠋ᠤᠷ ᠴᠢᠨ ᠸᠠᠩ ᠲᠣᠯᠢ ᠥᠭᠦᠯᠡᠷᠦᠨ : 《ᠨᠠᠳᠠ ᠶᠠᠮᠪᠠᠷ ᠡᠷᠳᠡᠮ ᠴᠢᠳᠠᠯ ᠪᠣᠢ ?  ᠡᠨᠡ ᠪᠦᠭᠦᠳᠡ ᠴᠥᠮ ᠬᠠᠭᠠᠨ ᠡᠵᠡᠨ ᠦ᠌ ᠶᠡᠬᠡ ᠪᠤᠶᠠᠨ ᠳ᠋ᠤᠷ ᠲᠡᠭᠷᠢ ᠰᠠᠬᠢᠭᠤᠯᠰᠤᠨ ᠤ᠋ ᠢᠪᠡᠭᠡᠯ ᠲᠤᠰᠠᠯᠠᠬᠤ ᠶ᠋ᠢᠨ ᠰᠢᠯᠲᠠᠭᠠᠨ ᠪᠣᠯᠠᠢ ! 》ᠬᠡᠮᠡᠭᠰᠡᠨ ᠳ᠋ᠦ᠍ᠷ ᠵᠠᠭᠤᠨ ᠲᠦᠰᠢᠮᠡᠳ ᠴᠢᠨ ᠸᠠᠩ ᠲᠣᠯᠢ ᠶ᠋ᠢᠨ ᠭᠠᠪᠢᠶ᠎ᠠ ᠳ᠋ᠤᠷ ᠦᠯᠦ ᠣᠮᠣᠷᠬᠠᠬᠤ ᠶ᠋ᠢ ᠶᠡᠬᠡᠯ᠎ᠡ ᠭᠠᠢᠬᠠᠯᠳᠤᠪᠠ᠃ 
       ᠲᠡᠳᠦᠢ ᠲᠣᠯᠢ ᠴᠢᠨ ᠸᠠᠩ ᠲᠡᠷᠢᠭᠦᠯᠡᠨ ᠴᠢ ᠸᠠᠩ ᠴᠢᠯᠠᠭᠤᠨ᠂ ᠬᠤ᠌ ᠸᠠᠨ ᠪᠦ ᠬᠤᠸᠠ᠂ ᠮᠣᠩᠭᠣᠯ ᠪᠤᠬ᠎ᠠ ᠳᠥᠷᠪᠡᠭᠦᠯᠡ ᠬᠣᠲᠠ ᠶ᠋ᠢᠨ ᠳᠥᠷᠪᠡᠨ ᠪᠡᠶ᠎ᠡ ᠶ᠋ᠢ ᠪᠦᠰᠡᠯᠡᠵᠦ᠂ ᠵᠢᠶᠦ᠋ᠨ ᠵᠧᠦ ᠬᠣᠲᠠᠨ ᠢ᠋ ᠪᠠᠢᠯᠳᠤᠨ ᠣᠯᠠᠨ ᠴᠡᠷᠢᠭ ᠢ᠋ᠶ᠋ᠡᠷ ᠮᠣᠳᠣᠨ ᠫᠠᠢ ᠪᠠᠷᠢᠭᠤᠯᠵᠤ᠂ ᠬᠣᠲᠠ ᠶ᠋ᠢᠨ ᠭᠠᠳᠠᠨ᠎ᠠ ᠠ᠋ᠴᠠ ᠪᠠᠢᠯᠳᠤᠬᠤᠢ ᠳ᠋ᠤᠷ ᠸᠠᠨ ᠶᠠᠨ ᠾᠧ ᠳᠡ ᠳᠣᠲᠣᠷ᠎ᠠ ᠠ᠋ᠴᠠ ᠪᠡᠬᠢᠯᠡᠵᠦ ᠬᠡᠳᠦᠨ ᠡᠳᠦᠷ ᠪᠠᠢᠯᠳᠤᠭᠠᠳ ᠭᠡᠨᠡᠳᠲᠡ ᠪᠠᠰᠠ ᠪᠣᠷᠣᠭᠠᠨ ᠴᠠᠰᠤ ᠬᠠᠮᠲᠤ ᠪᠠᠷ ᠣᠷᠣᠵᠤ ᠬᠣᠢᠨ᠎ᠠ ᠠ᠋ᠴᠠ ᠬᠦᠢᠲᠡᠨ ᠰᠠᠯᠬᠢᠨ ᠰᠠᠯᠬᠢᠯᠠᠭᠰᠠᠨ ᠳ᠋ᠤᠷ ᠬᠣᠲᠠ ᠶ᠋ᠢᠨ ᠳᠡᠭᠡᠷ᠎ᠡ ᠣᠪᠣᠭᠠᠯᠠᠭᠰᠠᠨ ᠮᠣᠳᠣ ᠴᠢᠯᠠᠭᠤ ᠴᠥᠮ ᠨᠠᠭᠠᠯᠳᠤᠨ ᠬᠥᠯᠳᠡᠭᠰᠡᠨ ᠳ᠋ᠦ᠍ᠷ ᠲᠣᠯᠢ ᠶᠡᠬᠡᠯ᠎ᠡ ᠪᠠᠶᠠᠷᠯᠠᠨ ᠶᠡᠬᠡ ᠬᠡᠩᠭᠡᠷᠭᠡ ᠴᠣᠬᠢᠭᠤᠯᠵᠤ᠂ ᠬᠠᠮᠲᠤ ᠪᠠᠷ ᠡᠭᠦᠯᠡᠨ ᠱᠠᠲᠤ ᠪᠤᠰᠬᠠᠨ ᠬᠣᠲᠠᠨ ᠳ᠋ᠤᠷ ᠳᠠᠪᠠᠨ ᠭᠠᠷᠤᠭᠰᠠᠨ᠎ᠠ ᠵᠢᠶᠦ᠋ᠨ ᠵᠧᠦ ᠶ᠋ᠢᠨ ᠴᠡᠷᠢᠭ ᠶᠡᠬᠡᠯ᠎ᠡ ᠪᠠᠷᠬᠢᠷᠠᠯᠳᠤᠨ ᠬᠣᠢᠲᠤ ᠬᠠᠭᠠᠯᠭ᠎ᠠ ᠪᠤᠯᠢᠶᠠᠭᠳᠠᠭᠰᠠᠨ ᠳ᠋ᠤᠷ ᠮᠣᠩᠭᠣᠯ ᠤ᠋ᠨ ᠴᠡᠷᠢᠭ ᠠᠯᠠᠨ ᠣᠷᠣᠵᠤ ᠬᠣᠲᠠᠨ ᠢ᠋ ᠠᠪᠤᠭᠠᠳ ᠸᠠᠨ ᠶᠠᠨ ᠾᠧ ᠳᠡ ᠡᠮᠦᠨ᠎ᠡ ᠬᠠᠭᠠᠯᠭ᠎ᠠ ᠶ᠋ᠢᠨ ᠢᠷᠣᠭᠠᠷ ᠲᠤᠷ ᠬᠤ᠌ ᠸᠠᠨ ᠪᠦ ᠬᠤᠸᠠ ᠳ᠋ᠤᠷ ᠠᠮᠢᠳᠤ ᠪᠠᠷᠢᠭᠳᠠᠪᠠ᠃ ᠬᠤ᠌ ᠸᠠᠨ ᠪᠦ ᠬᠤᠸᠠ ᠡᠭᠦᠨ ᠢ᠋ ᠦᠵᠡᠵᠦ ᠪᠠᠰᠠ ᠳᠠᠭᠠᠭᠤᠯᠬᠤ ᠠ᠋ᠴᠠ ᠠᠶᠤᠵᠤ ᠠᠮᠠᠨ ᠬᠠᠪᠠᠷ ᠨᠢᠳᠦ ᠴᠢᠬᠢ ᠶ᠋ᠢ ᠴᠥᠮ ᠡᠪᠳᠡᠯᠡᠵᠦ ᠠᠪᠴᠤ ᠢᠷᠡᠭᠰᠡᠨ ᠳ᠋ᠦ᠍ᠷ ᠦᠵᠡᠪᠡᠰᠦ ᠬᠡᠷᠡᠭ ᠦᠭᠡᠢ ᠪᠣᠯᠤᠭᠰᠠᠨ ᠲᠤᠯᠠ ᠠᠷᠭ᠎ᠠ ᠦᠭᠡᠢ ᠠᠯᠠᠭᠤᠯᠵᠤ ᠲᠣᠯᠣᠭᠠᠢ ᠶ᠋ᠢ ᠥᠨᠳᠥᠷ ᠰᠢᠷᠤᠭ ᠲᠤᠷ ᠡᠯᠭᠦᠪᠡ᠃ 
       ᠲᠡᠳᠦᠢ ᠴᠸᠨ ᠬᠤᠤᠱᠠᠩ ᠤ᠋ᠨ ᠴᠡᠷᠢᠭ ᠪᠠᠰᠠ ᠬᠠᠷᠢᠭᠤᠴᠠᠨ ᠪᠠᠢᠯᠳᠤᠬᠤᠢ ᠳ᠋ᠤᠷ ᠣᠯᠠᠨ ᠴᠡᠷᠢᠭ ᠢ᠋ᠶ᠋ᠡᠷ ᠪᠠᠷᠬᠢᠷᠠᠨ ᠬᠡᠯᠡᠭᠦᠯᠦᠷᠦᠨ:《ᠲᠠᠨ ᠤ᠋ ᠢᠲᠡᠭᠡᠭᠰᠡᠨ ᠢᠨᠦ ᠬᠠᠲᠤᠨ ᠮᠥᠷᠡᠨ ᠬᠢᠭᠡᠳ ᠸᠠᠨ ᠶᠠᠨ ᠾᠧ ᠳᠡ ᠵᠠᠩᠵᠤᠨ ᠬᠣᠶᠠᠷ ᠲᠤᠷ ᠪᠥᠯᠥᠭᠡ᠃ ᠡᠳᠦᠭᠡ ᠬᠠᠲᠤᠨ ᠮᠥᠷᠡᠨ ᠨᠢᠭᠡᠨᠲᠡ ᠪᠢᠳᠡᠨ ᠦ᠌ ᠪᠣᠯᠵᠤ ᠭᠡᠲᠦᠯᠦᠨ ᠭᠠᠷᠤᠭᠠᠳ ᠸᠠᠨ ᠶᠠᠨ ᠾᠧ ᠳᠡ ᠵᠠᠩᠵᠤᠨ ᠴᠢᠨᠦ ᠪᠠᠰᠠ ᠨᠢᠭᠡᠨᠲᠡ ᠪᠠᠷᠢᠭᠳᠠᠪᠠ᠃ ᠬᠣᠲᠠ ᠪᠠᠰᠠ ᠨᠢᠭᠡᠨᠲᠡ ᠠᠪᠲᠠᠭᠰᠠᠨ ᠳ᠋ᠤᠷ ᠪᠠᠰᠡᠨ ᠶᠠᠭᠤᠨ ᠢ᠋ ᠪᠠᠢᠯᠳᠤᠮᠤᠢ ? 》ᠬᠡᠮᠡᠭᠰᠡᠨ ᠳ᠋ᠦ᠍ᠷ ᠣᠯᠠᠨ ᠴᠡᠷᠢᠭ ᠲᠤᠭ ᠢ᠋ᠶ᠋ᠠᠨ ᠬᠡᠪᠲᠡᠭᠦᠯᠵᠦ ᠵᠡᠪᠰᠡᠭ ᠣᠷᠭᠢᠯᠴᠠᠵᠤ ᠳᠠᠭᠠᠪᠠ᠃ ᠡᠨᠡ ᠦᠶ᠎ᠡ ᠳ᠋ᠦ᠍ᠷ ᠠᠯᠲᠠᠨ ᠤᠯᠤᠰ ᠤ᠋ᠨ ᠰᠢᠳᠤᠷᠭᠤ ᠡᠯᠪᠡᠷᠢᠯᠳᠦ ᠲᠣᠢᠨ ᠰᠠᠢᠳ ᠴᠸᠨ ᠬᠤᠤᠱᠠᠩ ᠰᠤᠯᠠ ᠢᠷᠭᠡᠨ ᠦ᠌ ᠨᠣᠭᠣᠭ᠎ᠠ ᠶ᠋ᠢᠨ ᠵᠣᠭᠣᠷᠢ ᠳ᠋ᠤᠷ ᠨᠢᠭᠤᠵᠤ᠂ ᠮᠣᠩᠭᠣᠯ ᠤ᠋ᠨ ᠴᠡᠷᠢᠭ ᠬᠣᠲᠠ ᠶ᠋ᠢ ᠨᠢᠭᠡᠨᠲᠡ ᠡᠵᠡᠯᠡᠨ ᠲᠦᠪᠰᠢᠳᠬᠡᠵᠦ ᠰᠡᠯᠡᠭᠦᠨ ᠪᠣᠯᠤᠭᠰᠠᠨ ᠬᠣᠢᠨ᠎ᠠ᠂ ᠭᠠᠷᠴᠤ ᠴᠢᠳᠠᠬᠤ ᠦᠭᠡᠢ ᠪᠡᠨ ᠰᠠᠶᠢ ᠮᠡᠳᠡᠭᠡᠳ ᠮᠣᠩᠭᠣᠯ ᠤ᠋ᠨ ᠴᠡᠷᠢᠭ ᠲᠦ᠍ᠷ ᠪᠠᠷᠢᠭᠳᠠᠨ ᠡᠴᠢᠭᠰᠡᠨ ᠳ᠋ᠦ᠍ᠷ ᠴᠢᠪᠬᠢᠲᠡᠯ᠎ᠡ ᠬᠠᠭᠠᠨ ᠡᠵᠡᠨ ᠬᠣᠲᠠᠨ ᠳ᠋ᠤᠷ ᠵᠠᠯᠠᠷᠠᠨ ᠬᠦᠷᠴᠦ ᠢᠷᠡᠬᠦᠢ ᠳ᠋ᠦ᠍ᠷ ᠤᠴᠠᠷᠠᠭᠠᠳ ᠬᠠᠭᠠᠨ ᠵᠠᠷᠯᠢᠭ ᠢ᠋ᠶ᠋ᠠᠷ ᠴᠢᠨ ᠸᠠᠩ ᠲᠣᠯᠢ ᠳ᠋ᠤᠷ ᠲᠤᠰᠢᠶᠠᠨ ᠠᠰᠠᠭᠤᠯᠭᠠᠭᠰᠠᠨ ᠳ᠋ᠤᠷ ᠴᠸᠨ ᠬᠤᠤᠱᠠᠩ ᠥᠭᠦᠯᠡᠷᠦᠨ : 《ᠪᠢ ᠬᠡᠮᠡᠭᠴᠢ ᠠᠯᠲᠠᠨ ᠤᠯᠤᠰ ᠤ᠋ᠨ ᠤᠭᠰᠠᠭ᠎ᠠ ᠶ᠋ᠢᠨ ᠶᠡᠬᠡ ᠰᠢᠳᠤᠷᠭᠤ ᠵᠢᠷᠤᠮᠲᠤ ᠲᠣᠢᠨ ᠰᠠᠢᠳ ᠵᠦᠩ ᠰᠢᠶᠣᠤ ᠵᠢᠶᠦ᠋ᠨ ᠦ᠌ ᠽᠦᠩ ᠯᠢᠩ ᠲᠦᠰᠢᠮᠡᠯ ᠸᠠᠨ ᠶᠠᠨ ᠴᠸᠨ ᠬᠤᠤᠱᠠᠩ ᠮᠥᠨ ᠪᠣᠢ᠃ ᠳ᠋ᠠ ᠴᠠᠩ ᠶᠤᠸᠠᠨ ᠤ᠋ ᠭᠠᠵᠠᠷ᠂ ᠸᠧᠢ ᠵᠧᠦ ᠬᠣᠲᠠ᠂ ᠪᠠᠰᠠ ᠳ᠋ᠣᠣ ᠾᠦᠢ ᠬᠦ ᠵᠡᠪᠡ ᠶ᠋ᠢᠨ ᠵᠡᠷᠭᠡ ᠭᠠᠵᠠᠷ ᠲᠤ᠌ ᠲᠠᠨ ᠤ᠋ ᠴᠡᠷᠢᠭ ᠢ᠋ ᠠᠯᠠᠭᠰᠠᠨ ᠠᠨᠤ ᠪᠢ ᠪᠣᠯᠠᠢ᠃ ᠮᠢᠨᠦ ᠪᠡᠶ᠎ᠡ ᠬᠡᠷᠪᠡ ᠣᠯᠠᠨ ᠰᠠᠮᠠᠭᠤᠨ ᠴᠡᠷᠢᠭ ᠦ᠋ᠨ ᠳᠣᠲᠣᠷ᠎ᠠ ᠦᠬᠦᠪᠡᠰᠦ ᠤᠯᠤᠰ ᠭᠡᠷ ᠲᠦ᠍ᠷ ᠮᠡᠳᠡᠬᠦ ᠬᠥᠮᠦᠨ ᠦᠭᠡᠢ ᠲᠤᠯᠠ ᠡᠨᠡ ᠡᠳᠦᠷ ᠲᠤᠬᠠᠢᠯᠠᠨ ᠡᠨᠡ ᠮᠡᠲᠦ ᠭᠡᠭᠡᠨ ᠲᠣᠳᠣᠷᠬᠠᠢ ᠪᠠᠷ ᠦᠬᠦᠪᠡᠰᠦ ᠳᠡᠯᠡᠬᠡᠢ ᠳ᠋ᠠᠬᠢᠨ ᠳ᠋ᠤᠷ ᠮᠡᠳᠡᠬᠦ ᠬᠥᠮᠦᠨ ᠪᠣᠢ ᠪᠣᠯᠠᠢ ! ᠬᠤᠷᠳᠤᠨ ᠠᠯᠠ ᠬᠤᠷᠳᠤᠨ ᠠᠯᠠ ! 》ᠭᠡᠮᠡᠨ ᠪᠠᠷᠬᠢᠷᠠᠨ ᠬᠠᠷᠢᠶᠠᠬᠤᠢ ᠳ᠋ᠤᠷ ᠮᠣᠩᠭᠣᠯ ᠤ᠋ᠨ ᠵᠠᠩᠵᠤᠨ ᠨᠠᠷ ᠲᠡᠭᠦᠨ ᠢ ᠳᠠᠭᠠᠲᠤᠭᠠᠢ ᠭᠡᠮᠡᠨ ᠬᠡᠯᠡᠪᠡᠰᠦ ᠴᠸᠨ ᠬᠤᠤᠱᠠᠩ ᠥᠭᠦᠯᠡᠷᠦᠨ : 《ᠪᠢ ᠬᠥᠮᠦᠨ ᠪᠥᠭᠡᠲᠡᠯ᠎ᠡ ᠶᠠᠭᠤᠨ ᠳ᠋ᠤᠷ ᠠᠳᠤᠭᠤᠰᠤᠨ ᠳ᠋ᠤᠷ ᠳᠠᠭᠠᠮᠤᠢ ? 》 ᠭᠡᠮᠡᠨ ᠬᠠᠷᠢᠶᠠᠬᠤᠢ ᠳ᠋ᠤᠷ ᠴᠢᠨ ᠸᠠᠩ ᠲᠣᠯᠢ ᠪᠠᠬᠠᠨ ᠢᠨᠢᠶᠡᠵᠦ ᠥᠭᠦᠯᠡᠷᠦᠨ : 《ᠮᠤᠬᠤᠷᠳᠠᠵᠤ ᠪᠠᠷᠢᠭᠳᠠᠭᠰᠠᠨ ᠮᠤᠬᠤᠷ ᠡᠯᠵᠢᠭᠡ᠂ ᠬᠡᠰᠢᠭ ᠢ᠋ᠶ᠋ᠡᠨ ᠪᠠᠷᠠᠭᠰᠠᠨ ᠬᠤᠤᠱᠠᠩ ᠴᠢ ᠳᠡᠮᠡᠢᠯᠡ ᠬᠡᠷᠬᠢᠨ ᠠᠭᠠᠰᠢᠯᠠᠮᠤᠢ ? ᠬᠡᠳᠦᠢ ᠦᠨᠡᠬᠡᠷ ᠠᠮᠢᠳᠤᠷᠠᠪᠠᠴᠤ ᠶᠠᠮᠪᠠᠷ ᠠᠮᠲᠠ ? ᠬᠡᠷᠡᠭ ᠢ᠋ ᠡᠰᠡ ᠴᠢᠳᠠᠵᠤ ᠪᠠᠷᠢᠭᠳᠠᠭᠠᠳ ᠪᠠᠰᠠ ᠪᠠᠭᠠᠲᠤᠷ ᠭᠡᠮᠡᠨ ᠠᠭᠠᠰᠢᠯᠠᠮᠤᠢ ᠤᠤ ? ᠪᠠᠭᠠᠲᠤᠷ ᠪᠥᠭᠡᠲᠡᠯ᠎ᠡ ᠶᠠᠭᠤᠨ ᠳ᠋ᠤᠷ ᠪᠠᠷᠢᠭᠳᠠᠪᠠ ? ᠪᠤᠷᠬᠠᠨ ᠤ᠋ ᠲᠣᠯᠣᠭᠠᠢ ᠪᠣᠭᠣᠯ ᠤ᠋ᠨ ᠶᠠᠪᠤᠳᠠᠯ ᠲᠠᠢ ᠥᠴᠦᠬᠡᠨ ᠮᠤᠬᠤᠷ ᠤ᠋ᠨ ᠬᠥᠯ ᠢ᠋ ᠢᠰᠬᠦᠯᠦᠨ ᠰᠥᠭᠥᠳᠬᠡ ! 》 ᠬᠡᠮᠡᠭᠰᠡᠨ ᠳ᠋ᠦ᠍ᠷ ᠴᠡᠷᠢᠭ ᠦ᠋ᠨ ᠠᠷᠠᠳ ᠬᠡᠳᠦᠨᠲᠡ ᠢᠰᠬᠦᠯᠦᠮᠡᠭᠴᠡ ᠲᠦᠰᠬᠢᠲᠡᠯ᠎ᠡ ᠰᠥᠭᠥᠳᠬᠡᠪᠡᠰᠦ ᠪᠠᠢᠨ ᠪᠠᠢᠨ ᠭᠦᠶᠦᠨ ᠪᠣᠰᠬᠤᠢ ᠳ᠋ᠤᠷ ᠴᠡᠷᠢᠭ ᠢ᠋ᠶ᠋ᠡᠷ ᠬᠥᠯ ᠢ᠋ ᠢᠨᠣ ᠴᠠᠪᠴᠢᠭᠤᠯᠤᠨ ᠰᠥᠭᠥᠳᠬᠡᠪᠡ᠃ ᠲᠡᠳᠦᠢ ᠬᠠᠷᠢᠶᠠᠬᠤ ᠠᠨᠤ ᠵᠣᠭᠰᠣᠬᠤ ᠦᠭᠡᠢ ᠳ᠋ᠦ᠍ᠷ ᠬᠣᠶᠠᠷ ᠣᠭᠣᠴᠢ ᠶ᠋ᠢ ᠠᠨᠤ ᠴᠢᠬᠢ ᠵᠠᠪᠵᠢᠨ ᠳ᠋ᠤᠷ ᠲᠤᠯᠲᠠᠯ᠎ᠠ ᠬᠠᠭᠠᠯᠤᠭᠰᠠᠨ ᠳ᠋ᠤᠷ ᠬᠠᠷᠢᠶᠠᠨ ᠴᠢᠳᠠᠬᠤ ᠦᠭᠡᠢ ᠪᠣᠯᠵᠤ ᠴᠢᠰᠤᠨ ᠢ᠋ᠶ᠋ᠠᠨ ᠦᠯᠢᠶᠡᠨ ᠰᠠᠷᠪᠠᠯᠵᠠᠬᠤᠶ᠎ᠠ᠂ ᠴᠢᠨ ᠸᠠᠩ ᠣᠯᠠᠨ ᠲᠦᠰᠢᠮᠡᠳ ᠦ᠋ᠨ ᠵᠦᠭ ᠥᠭᠦᠯᠡᠷᠦᠨ : 《ᠮᠠᠨ ᠤ᠋ ᠤᠯᠤᠰ ᠡᠨᠡ ᠮᠡᠲᠦ ᠬᠠᠷᠢᠶᠠᠭᠴᠢᠳ ᠢ᠋ ᠰᠠᠢᠨ ᠡᠷᠡᠰ ᠪᠣᠢ ᠊ᠶ᠎ᠠ ᠭᠡᠮᠡᠨ ᠬᠡᠳᠦ ᠬᠡᠳᠦᠨ ᠬᠥᠮᠦᠨ ᠢ᠋ ᠳᠠᠭᠠᠭᠤᠯᠤᠭᠰᠠᠨ ᠳ᠋ᠤᠷ ᠡᠳᠡᠭᠡᠷ ᠪᠣᠭᠣᠯᠴᠤᠳ ᠪᠠᠷᠢᠭᠳᠠᠪᠠᠰᠤ ᠣᠳᠣ ᠪᠠᠭᠠᠲᠤᠷ ᠦᠭᠡᠢ ᠪᠥᠭᠡᠲᠡᠯ᠎ᠡ ᠪᠠᠭᠠᠲᠤᠷ ᠮᠡᠲᠦ ᠠᠭᠠᠰᠢᠯᠠᠮᠤᠢ᠃ ᠮᠠᠨ ᠤ᠋ ᠬᠦᠳᠡᠷ ᠪᠦᠰᠡ ᠶ᠋ᠢ ᠡᠨᠡ ᠪᠣᠭᠣᠯ ᠠᠯᠠᠭᠰᠠᠨ ᠪᠣᠯᠠᠢ ! ᠬᠤᠷᠳᠤᠨ ᠬᠦᠳᠡᠷ ᠪᠦᠰᠡ ᠶ᠋ᠢᠨ ᠨᠡᠷ᠎ᠡ ᠶ᠋ᠢ ᠪᠢᠴᠢᠵᠦ ᠬᠦᠵᠢ ᠰᠢᠲᠠᠭᠠᠨ ᠡᠨᠡ ᠮᠤᠬᠤᠷ ᠪᠣᠭᠣᠯ ᠢ᠋ ᠡᠮᠦᠨ᠎ᠡ ᠢᠨᠣ ᠠᠪᠠᠴᠢᠵᠤ ᠣᠭᠲᠣᠴᠢᠨ ᠠᠯᠠᠵᠤ᠂ ᠵᠢᠷᠦᠬᠡ ᠶ᠋ᠢ ᠢᠨᠣ ᠵᠦᠯᠳᠡᠯᠡᠨ ᠭᠠᠷᠭᠠᠵᠤ᠂ ᠬᠦᠳᠡᠷ ᠪᠦᠰᠡ ᠶ᠋ᠢᠨ ᠰᠦᠨᠡᠰᠦᠨ ᠢ᠋ ᠳᠠᠬᠢᠵᠤ᠂ ᠵᠢᠷᠤᠮᠲᠤ ᠰᠦᠨᠡᠰᠦᠨ ᠢ᠋ ᠲᠣᠬᠣᠷᠤᠭᠤᠯᠤᠨ ᠪᠠᠶᠠᠰᠬᠠᠵᠤ᠂ ᠭᠠᠪᠢᠶ᠎ᠠ ᠳ᠋ᠤᠷ ᠬᠠᠷᠢᠭᠤᠯ ! 》 ᠭᠡᠮᠡᠨ ᠠᠪᠠᠴᠢᠵᠤ ᠮᠥᠴᠢᠯᠡᠨ ᠠᠯᠠᠵᠤ ᠵᠦᠯᠳᠡ ᠪᠡᠷ ᠬᠦᠳᠡᠷ ᠪᠦᠰᠡ ᠶ᠋ᠢᠨ ᠨᠡᠷ᠎ᠡ ᠶ᠋ᠢᠨ ᠡᠮᠦᠨ᠎ᠡ ᠳᠠᠬᠢᠪᠠ᠃ 
       ᠲᠡᠳᠦᠢ ᠲᠡᠷᠡ ᠴᠸᠨ ᠬᠤᠤᠱᠠᠩ ᠤ᠋ᠨ ᠵᠢᠷᠦᠬᠡ ᠦᠨᠡᠬᠡᠷ ᠶᠡᠬᠡ ᠤᠤ ?  ᠬᠡᠮᠡᠬᠦᠯ᠎ᠡ ᠣᠭᠲᠣ ᠶᠡᠬᠡ ᠪᠢᠰᠢ᠂ ᠬᠠᠷᠢᠨ ᠪᠠᠭ᠎ᠠ ᠠᠵᠤᠭᠤ ! ᠲᠡᠳᠦᠢ ᠮᠣᠩᠭᠣᠯ ᠤ᠋ᠨ ᠵᠠᠯᠠᠭᠤᠰ ᠪᠠᠭᠠᠲᠤᠳ ᠴᠤᠭᠯᠠᠵᠤ ᠴᠸᠨ ᠬᠤᠤᠱᠠᠩ ᠤ᠋ᠨ ᠦᠬᠦᠭᠰᠡᠨ ᠶᠠᠰᠤᠨ ᠳ᠋ᠤᠷ ᠭᠡᠭᠦᠦ ᠶ᠋ᠢᠨ ᠰᠦᠨ ᠦ᠌ ᠠᠷᠠᠵᠠ ᠶ᠋ᠢ ᠳᠤᠰᠤᠭᠠᠵᠤ ᠦᠬᠦᠯᠡᠷᠳ : 
             ᠬᠣᠴᠢ ᠦᠭᠡᠢ ᠰᠠᠢᠨ ᠡᠷ᠎ᠡ ᠪᠣᠯᠠᠢ !
             ᠬᠣᠢᠴᠢ ᠳᠠᠬᠢᠨ ᠲᠥᠷᠥᠯ ᠠᠪᠤᠪᠠᠰᠤ᠂ 
             ᠬᠣᠴᠣᠷᠤᠯ ᠦᠭᠡᠢ ᠮᠠᠨ ᠤ᠋ ᠮᠣᠩᠭᠣᠯ ᠳ᠋ᠤᠷ ᠣᠯᠳᠠᠵᠤ 
             ᠬᠣᠴᠣᠷᠬᠤ ᠭᠠᠪᠢᠶ᠎ᠠ ᠶ᠋ᠢ ᠵᠢᠳᠬᠦᠨ ᠪᠦᠲᠦᠭᠡᠬᠦ ᠪᠣᠯᠲᠤᠭᠠᠢ !
       ᠲᠡᠨᠳᠡᠴᠡ ᠴᠢᠨ ᠸᠠᠩ ᠲᠣᠯᠢ ᠶᠡᠬᠡ ᠴᠡᠷᠢᠭ ᠢ᠋ ᠠᠪᠴᠤ ᠡᠴᠢᠬᠦᠶ᠎ᠡ᠂ ᠠᠯᠲᠠᠨᠱᠠᠭ᠎ᠠ ᠭᠤᠸᠠᠨ ᠱᠠᠨ ᠠᠭᠤᠯᠠᠨ᠎ᠠ ᠬᠠᠭᠠᠨ ᠢ᠋ ᠤᠭᠲᠤᠷ᠎ᠠ ᠢᠷᠡᠬᠦᠶ᠎ᠡ ᠢ ᠯᠢ ᠫᠦ ᠾᠧ ᠶ᠋ᠢ ᠪᠠᠷᠢᠭᠰᠠᠨ ᠳ᠋ᠤᠷ ᠴᠢᠨ ᠸᠠᠩ ᠲᠣᠯᠢ ᠲᠡᠭᠦᠨ ᠢ᠋ ᠳᠠᠭᠠᠭᠤᠯᠰᠤᠭᠠᠢ ᠭᠡᠮᠡᠨ ᠬᠡᠳᠦᠢᠴᠢᠨᠡᠭᠡᠨ ᠬᠣᠷᠢᠭᠯᠠᠨ ᠬᠡᠯᠡᠪᠡᠴᠦ ᠪᠣᠯᠬᠤ ᠦᠭᠡᠢ᠂ ᠴᠢᠨ ᠸᠠᠩ ᠲᠣᠯᠢ ᠳ᠋ᠤᠷ ᠥᠭᠦᠯᠡᠷᠦᠨ : 《ᠪᠢ ᠠᠯᠲᠠᠨ ᠤᠯᠤᠰ ᠤ᠋ᠨ ᠶᠡᠬᠡ ᠲᠦᠰᠢᠮᠡᠯ ᠪᠣᠯᠵᠤ ᠬᠦᠨᠳᠦ ᠬᠡᠰᠢᠭ ᠲᠣᠷ ᠢᠨᠣ ᠬᠦᠷᠲᠡᠪᠡ᠃ ᠠᠮᠢᠳᠤ ᠪᠣᠯᠪᠠᠰᠤ ᠠᠯᠲᠠᠨ ᠤ᠋ ᠰᠠᠢᠳ᠂ ᠦᠬᠦᠪᠡᠰᠦ ᠪᠠᠰᠠ ᠲᠡᠭᠦᠨ ᠦ᠌ ᠴᠢᠳᠬᠥᠷ ᠪᠣᠯᠠᠢ᠃  ᠨᠠᠮᠠᠶ᠋ᠢ ᠲᠠ ᠴᠡᠷᠢᠭ ᠲᠦ᠍ᠷ ᠢ᠋ᠶ᠋ᠡᠨ ᠬᠡᠷᠡᠭᠯᠡᠵᠦ ᠦᠯᠦ ᠴᠢᠳᠠᠮᠤᠢ ! 》 ᠬᠡᠮᠡᠬᠦᠢ ᠳ᠋ᠦ᠍ᠷ ᠲᠣᠯᠢ ᠠᠰᠠᠭᠤᠷᠤᠨ : 《ᠪᠢ ᠴᠢᠨᠦ ᠵᠢᠷᠤᠮ ᠢ᠋ ᠭᠦᠢᠴᠡᠭᠡᠨ ᠠᠯᠠᠰᠤᠭᠠᠢ ᠬᠡᠮᠡᠬᠦᠯ᠎ᠡ ᠮᠢᠨᠦ ᠳᠣᠲᠣᠷ᠎ᠠ ᠲᠦᠪᠳᠡᠬᠦ ᠦᠭᠡᠢ᠂ ᠪᠢ  ᠴᠢᠮᠠᠶ᠋ᠢ ᠲᠠᠯᠪᠢᠨ ᠢᠯᠡᠭᠡᠰᠦᠭᠡᠢ᠂ ᠴᠢ ᠥᠪᠡᠰᠦᠪᠡᠨ ᠦᠬᠦᠵᠦ ᠵᠢᠷᠤᠮ ᠢ᠋ᠶ᠋ᠠᠨ ᠭᠦᠢᠴᠡᠭᠡᠲᠦᠭᠡᠢ ! 》 ᠭᠡᠮᠡᠨ ᠲᠠᠯᠪᠢᠭᠰᠠᠨ ᠳ᠋ᠤᠷ ᠬᠡᠰᠢᠭ ᠲᠣᠷ ᠮᠥᠷᠭᠥᠵᠦ ᠳᠠᠷᠤᠢ ᠬᠦᠵᠦᠭᠦᠦ ᠪᠡᠨ ᠣᠭᠲᠣᠯᠵᠤ ᠦᠬᠦᠰᠦᠭᠡᠢ ᠬᠡᠮᠡᠭᠰᠡᠨ ᠢ᠋ ᠲᠣᠯᠢ ᠴᠢᠨ ᠸᠠᠩ ᠵᠣᠭᠰᠣᠭᠠᠵᠤ ᠣᠯᠠᠨ ᠤ᠋ ᠵᠦᠭ ᠥᠭᠦᠯᠡᠷᠦᠨ :《ᠢ ᠯᠢ ᠫᠦ ᠾᠧ ᠶ᠋ᠢ ᠦᠨᠡᠨ ᠰᠠᠢᠨ ᠵᠢᠷᠤᠮᠲᠠᠨ ᠬᠡᠮᠡᠵᠦ ᠪᠣᠯᠤᠮᠤᠢ ᠭᠡᠮᠡᠨ ᠬᠠᠭᠤᠷᠮᠠᠭ ᠬᠡᠭᠦᠷ ᠬᠢᠵᠦ ᠭᠤᠸᠠᠨ ᠱᠠᠨ ᠠᠭᠤᠯᠠᠨ ᠳ᠋ᠤᠷ ᠪᠤᠮᠪᠠᠯᠠᠭᠤᠯᠵᠤ : 《ᠠᠯᠲᠠᠨ ᠤᠯᠤᠰ ᠤ᠋ᠨ ᠵᠢᠷᠤᠮᠲᠤ ᠵᠠᠩᠵᠤᠨ ᠢ ᠯᠢ ᠫᠦ ᠾᠧ 》ᠭᠡᠮᠡᠨ ᠬᠥᠰᠢᠶ᠎ᠡ ᠪᠤᠰᠬᠠᠨ ᠥᠭᠪᠡ᠃  
       ᠲᠡᠭᠦᠨᠴᠡ ᠬᠣᠶᠠᠷ ᠰᠠᠷ᠎ᠠ ᠳ᠋ᠤᠷ ᠶᠡᠬᠡ ᠴᠡᠷᠢᠭ ᠢᠦ ᠹᠧᠩ ᠭᠤᠸᠠᠨ ᠪᠣᠭᠣᠮᠲᠠ ᠪᠠᠷ ᠣᠷᠣᠭᠰᠠᠨ ᠢ᠋ ᠠᠯᠲᠠᠨ ᠤᠯᠤᠰ ᠰᠠᠶᠢ ᠣᠯᠵᠤ ᠰᠣᠨᠣᠰᠤᠭᠠᠳ ᠲᠦ ᠳ᠋ᠠᠨ᠂ ᠡᠦ ᠳ᠋ᠢᠶᠠᠨ ᠬᠣᠶᠠᠭᠤᠯᠠ ᠶ᠋ᠢ ᠢᠯᠡᠭᠡᠵᠦ᠂ ᠸᠸᠨ ᠰᠢᠶᠠᠩ ᠭᠠᠵᠠᠷ ᠤ᠋ᠨ ᠰᠢᠩ ᠱᠧᠩ ᠱᠢ ᠲᠦᠰᠢᠮᠡᠯ ᠪᠣᠯᠭᠠᠨ ᠲᠦᠩ ᠭᠤᠸᠠᠨ ᠢ᠋ ᠰᠠᠬᠢᠭᠤᠯᠵᠤ᠂ ᠲᠦ ᠳ᠋ᠠᠨ ᠢ᠋ ᠭᠤᠸᠠᠨ ᠱᠠᠨ ᠤ᠋ ᠵᠠᠭᠤᠨ ᠡᠷᠦᠬᠡ ᠶ᠋ᠢᠨ ᠽᠦᠩ ᠭᠤᠸᠠᠨ ᠪᠣᠯᠭᠠᠵᠤ ᠬᠡᠷᠡᠭ ᠢ ᠰᠢᠳᠬᠡᠭᠦᠯᠬᠦᠶ᠎ᠡ᠂ ᠵᠠᠭᠤᠨ ᠲᠦᠰᠢᠮᠡᠳ ᠳᠣᠪᠲᠣᠯᠤᠨ ᠢᠷᠡᠵᠦ᠂ ᠭᠤᠸᠠᠨ ᠱᠠᠨ ᠤ᠋ ᠣᠢᠷᠠᠯᠴᠠᠭ᠎ᠠ ᠰᠢᠶᠠ ᠵᠸᠨ ᠭᠠᠵᠠᠷ ᠤ᠋ᠨ ᠢᠷᠭᠡᠨ ᠢ᠋ ᠪᠠᠰᠠ ᠴᠥᠮ ᠶᠡᠬᠡ ᠬᠣᠲᠠᠨ᠎ᠠ ᠳᠡᠪᠰᠢᠭᠦᠯᠦᠨ ᠣᠷᠣᠭᠤᠯᠵᠤ᠂ ᠠᠮᠤ ᠡᠪᠡᠰᠦ ᠨᠠᠷᠢᠨ ᠬᠦᠨᠳᠦ ᠶ᠋ᠢ ᠴᠢᠭᠤᠯᠤᠭᠤᠯᠤᠨ ᠱᠠᠨ ᠵᠧᠦ ᠳ᠋ᠦ᠍ᠷ ᠠᠴᠢᠷᠠᠪᠠ᠃ ᠠᠭᠤᠯᠠ ᠭᠣᠣᠯ ᠤ᠋ᠨ ᠣᠢᠷ᠎ᠠ ᠰᠠᠭᠤᠭᠰᠠᠨ ᠠᠨᠤ ᠠᠭᠤᠯᠠ ᠰᠢᠭᠤᠢ ᠳ᠋ᠤᠷ ᠨᠢᠭᠤᠨ ᠳᠠᠯᠳᠠᠯᠠᠵᠤ ᠴᠡᠷᠢᠭ ᠦ᠋ᠨ ᠬᠥᠯ ᠡᠴᠡ ᠵᠠᠢᠯᠠᠮᠤᠢ᠃ ᠠᠯᠲᠠᠨ ᠤᠯᠤᠰ ᠤ᠋ᠨ ᠲᠦᠰᠢᠮᠡᠯ ᠠ ᠯᠢ ᠾᠧ ᠫᠦ ᠵᠠᠷᠯᠢᠭ ᠢ᠋ᠶ᠋ᠠᠷ ᠵᠠᠩᠵᠤᠨ ᠡᠦ ᠳ᠋ᠢᠶᠠᠨ ᠢ᠋ ᠳᠠᠭᠤᠳᠠᠵᠤ ᠪᠢᠶᠠᠨ ᠵᠢᠩ ᠳ᠋ᠦ᠍ᠷ ᠠᠪᠠᠴᠢᠪᠠᠢ᠃ ᠡᠦ ᠳ᠋ᠢᠶᠠᠨ ᠢ᠋ ᠲᠦᠩ ᠭᠤᠸᠠᠨ ᠪᠣᠭᠣᠮᠲᠠ ᠶ᠋ᠢᠨ ᠨᠡᠢᠲᠡ ᠶ᠋ᠢ ᠵᠠᠬᠢᠷᠬᠤ ᠽᠦᠩ ᠰᠢᠦᠸᠠᠢ – ᠠ ᠾᠧ ᠾᠧ ᠳ᠋ᠦ᠍ᠷ ᠬᠠᠪᠰᠤᠷᠤᠭᠤᠯᠤᠨ ᠲᠤᠰᠢᠶᠠᠪᠠ᠃ ᠶᠤᠸᠠᠨ ᠴᠢᠨ ᠵᠢᠶᠠᠨ ᠴᠡᠷᠢᠭ ᠦ᠋ᠨ ᠨᠡᠢᠲᠡ ᠶ᠋ᠢᠨ ᠳᠠᠷᠤᠭ᠎ᠠ ᠽᠦᠩ ᠰᠢᠦᠸᠠᠢ ᠸᠠᠨ ᠶᠠᠨ ᠴᠥᠩ ᠰᠢ ᠲᠠᠨ ᠤ᠋ ᠵᠠᠬᠢᠷᠬᠤ ᠶᠠᠪᠠᠭᠠᠨ ᠴᠡᠷᠢᠭ ᠠᠷᠪᠠᠨ ᠨᠢᠭᠡᠨ ᠲᠦᠮᠡᠨ᠂ ᠵᠢᠴᠢ ᠮᠣᠷᠢᠲᠤ ᠴᠡᠷᠢᠭ ᠲᠠᠪᠤᠨ ᠮᠢᠩᠭᠠᠨ ᠢ᠋ ᠲᠠᠷᠬᠠᠭᠠᠵᠤ᠂ ᠴᠢᠨ ᠵᠢᠶᠠᠨ ᠤ᠋ ᠣᠯᠠᠨ ᠪᠣᠭᠣᠮᠲᠠ ᠳ᠋ᠤᠷ ᠬᠠᠪᠴᠢᠯ ᠠᠮᠠᠨ ᠢ᠋ ᠰᠠᠬᠢᠭᠤᠯᠵᠤ᠂ ᠭᠦᠸᠧ ᠶ᠋ᠢᠨ ᠭᠠᠵᠠᠷ ᠠ᠋ᠴᠠ ᠱᠠᠨ ᠤ᠋ ᠭᠠᠵᠠᠷ ᠲᠤᠷ ᠣᠷᠣᠬᠤ ᠲᠦᠩ ᠬᠤᠸᠠ᠂ ᠸᠸᠨ ᠰᠢᠶᠠᠩ ᠵᠡᠷᠭᠡ ᠶ᠋ᠢᠨ ᠭᠠᠵᠠᠷ ᠤ᠋ᠨ ᠴᠡᠷᠢᠭ ᠦ᠋ᠨ ᠠᠮᠤ ᠲᠤᠲᠤᠷᠭ᠎ᠠ ᠶ᠋ᠢ ᠬᠡᠳᠦᠨ ᠠᠷᠪᠠᠨ ᠲᠦᠮᠡᠨ ᠲᠠᠭᠠᠷ ᠢ᠋ ᠤᠯᠤᠰ ᠤ᠋ᠨ ᠬᠡᠷᠡᠭᠯᠡᠯ ᠳ᠋ᠦ᠍ᠷ ᠪᠡᠯᠡᠳᠬᠡᠭᠰᠡᠨ ᠬᠣᠶᠠᠷ ᠵᠠᠭᠤᠨ ᠢᠯᠡᠭᠦᠦ ᠣᠩᠭᠣᠴᠠ ᠪᠠᠷ ᠤᠷᠤᠰᠬᠠᠯ ᠢ᠋ ᠳᠠᠭᠠᠵᠤ ᠵᠡᠭᠦᠨ ᠵᠦᠭ ᠳᠡᠪᠰᠢᠭᠦᠯᠰᠦᠭᠡᠢ ᠬᠡᠮᠡᠲᠡᠯ᠎ᠡ ᠭᠡᠨᠡᠳᠲᠡ ᠮᠣᠩᠭᠣᠯ ᠤ᠋ᠨ ᠲᠡᠢᠰᠢ ᠪᠤᠯᠤ᠂ ᠰᠥᠪᠡᠭᠡᠲᠡᠢ ᠨᠠᠷ ᠤ᠋ᠨ ᠶᠡᠬᠡ ᠴᠡᠷᠢᠭ ᠬᠦᠷᠴᠦ ᠢᠷᠡᠭᠰᠡᠨ ᠳ᠋ᠦ᠍ᠷ ᠳᠠᠷᠤᠢ ᠠᠮᠤ ᠲᠡᠭᠡᠭᠡᠬᠦ ᠶ᠋ᠢ ᠵᠣᠭᠰᠣᠭᠠᠵᠤ᠂ ᠣᠩᠭᠣᠴᠠ ᠬᠣᠭᠣᠰᠣᠨ ᠢ᠋ᠶ᠋ᠠᠷ ᠡᠭᠡᠬᠦ ᠲᠠᠰᠢᠷᠠᠮ ᠳ᠋ᠤᠷ ᠨᠠᠨ ᠵᠧᠦ ᠶ᠋ᠢᠨ ᠣᠯᠠᠨ ᠢᠷᠭᠡᠨ ᠨᠠᠷᠢᠨ ᠵᠥᠭᠡᠯᠡᠨ ᠡᠳ᠋ ᠲᠠᠸᠠᠷ ᠢ᠋ᠶ᠋ᠠᠨ ᠠᠪᠴᠤ ᠣᠩᠭᠣᠴᠠᠨ᠎ᠠ ᠭᠠᠷᠴᠤ ᠪᠤᠷᠤᠭᠤᠯᠠᠬᠤᠶ᠎ᠠ ᠮᠣᠩᠭᠣᠯ ᠤ᠋ᠨ ᠮᠣᠷᠢᠲᠤ ᠴᠡᠷᠢᠭ ᠲᠦ᠍ᠷ ᠤᠴᠠᠷᠠᠭᠠᠳ ᠣᠯᠣᠮ ᠢ᠋ᠶ᠋ᠠᠷ ᠮᠣᠷᠢ ᠶ᠋ᠢ ᠤᠮᠪᠠᠭᠤᠯᠤᠨ ᠣᠷᠣᠵᠤ ᠣᠯᠠᠨ ᠣᠩᠭᠣᠴᠠ ᠶ᠋ᠢ ᠪᠤᠯᠢᠶᠠᠬᠤᠢ ᠳ᠋ᠤᠷ ᠡᠷ᠎ᠡ ᠡᠮ᠎ᠡ ᠶ᠋ᠢᠨ ᠦᠬᠦᠭᠰᠡᠨ ᠢ᠋ ᠲᠣᠭᠠᠯᠠᠪᠠᠴᠤ ᠪᠠᠷᠠᠬᠤ ᠦᠭᠡᠢ᠃ ᠡᠨᠡ ᠬᠢᠷᠢ ᠳ᠋ᠦ᠍ᠷ ᠠᠯᠲᠠᠨ ᠤᠯᠤᠰ ᠤ᠋ᠨ ᠲᠦᠩ ᠭᠤᠸᠠᠨ ᠢ᠋ ᠰᠠᠬᠢᠭᠰᠠᠨ ᠶᠡᠬᠡ ᠵᠠᠩᠵᠤᠨ ᠯᠢ ᠫᠢᠩ ᠪᠣᠭᠣᠮᠲᠠ ᠪᠠᠨ ᠮᠣᠩᠭᠣᠯ ᠳ᠋ᠤᠷ ᠡᠷᠭᠦᠵᠦ ᠮᠥᠷᠭᠥᠨ ᠳᠠᠭᠠᠭᠰᠠᠨ ᠳ᠋ᠤᠷ ᠮᠣᠩᠭᠣᠯ ᠤ᠋ᠨ ᠴᠡᠷᠢᠭ ᠳᠠᠷᠠᠭ᠎ᠠ ᠳᠠᠷᠠᠭ᠎ᠠ ᠪᠠᠷ ᠳᠠᠯᠠᠢ ᠶ᠋ᠢᠨ ᠳᠠᠪᠠᠯᠭᠠᠨ ᠮᠡᠲᠦ ᠣᠷᠣᠵᠤ ᠢᠷᠡᠭᠡᠳ ᠴᠢᠩ ᠴᠢᠦᠢ ᠡᠴᠡ ᠱᠠᠨ ᠤ᠋ ᠭᠠᠵᠠᠷ ᠬᠦᠷᠲᠡᠯ᠎ᠡ ᠳᠦᠭᠦᠷᠲᠡᠯ᠎ᠡ ᠣᠷᠣᠵᠤ᠂ ᠽᠦᠩ ᠰᠢᠦᠸᠠᠢ – ᠡᠦ ᠳ᠋ᠢᠶᠠᠨ᠂ ᠸᠸᠨ ᠰᠢᠶᠠᠩ ᠤ᠋ᠨ ᠬᠠᠷᠢᠶᠠᠲᠤ ᠭᠠᠵᠠᠷ ᠤ᠋ᠨ ᠴᠡᠷᠢᠭ ᠢᠷᠭᠡᠨ ᠦ᠌ ᠬᠥᠭᠰᠢᠨ ᠵᠠᠯᠠᠭᠤ ᠶ᠋ᠢ ᠠᠪᠴᠤ ᠥᠪᠡᠷ ᠢ᠋ᠶ᠋ᠡᠨ ᠲᠡᠷᠢᠭᠦᠯᠡᠨ ᠪᠠᠷᠠᠭᠤᠨ ᠡᠮᠦᠨᠡᠲᠦ ᠵᠠᠮ ᠢ᠋ ᠪᠠᠷᠢᠵᠤ ᠶᠡᠬᠡ ᠠᠭᠤᠯᠠᠨ᠎ᠠ ᠣᠷᠣᠪᠠᠰᠤ ᠤᠯᠢᠶᠠᠰᠤᠨ ᠮᠣᠳᠣ ᠮᠠᠰᠢ ᠠᠷᠪᠢᠨ᠂ ᠶᠠᠪᠤᠬᠤᠢ ᠳ᠋ᠤᠷ ᠪᠡᠷᠬᠡᠲᠡᠢ ᠲᠤᠯᠠ ᠳᠤᠮᠳᠠᠳᠤ ᠴᠡᠷᠢᠭ ᠦ᠋ᠨ ᠬᠦᠷᠢᠶᠡᠨ ᠦ᠌ ᠵᠠᠩᠵᠤᠨ ᠨᠠᠷ ᠣᠯᠠᠩᠬᠢ ᠨᠢ ᠴᠥᠮ ᠡᠭᠡᠵᠦ ᠬᠠᠷᠢᠪᠠᠢ᠃ ᠡᠭᠦᠨ ᠢ᠋ ᠮᠣᠩᠭᠣᠯ ᠤ᠋ᠨ ᠴᠡᠷᠢᠭ ᠰᠣᠨᠣᠰᠤᠭᠠᠳ ᠲᠠᠢᠰᠢ ᠪᠤᠯᠤ ᠶ᠋ᠢᠨ ᠳᠣᠣᠷᠠᠬᠢ ᠵᠠᠩᠵᠤᠨ ᠽᠢ ᠯᠦ᠍ ᠱᠢ ᠬᠡᠳᠦᠨ ᠵᠠᠭᠤᠨ ᠴᠢᠭᠢᠷᠠᠭ ᠱᠠᠯᠠᠮᠠᠭᠠᠢ ᠮᠣᠷᠢᠲᠤ ᠴᠡᠷᠢᠭ ᠢ᠋ ᠠᠪᠴᠤ ᠬᠥᠭᠡᠭᠡᠵᠦ ᠢᠷᠡᠭᠡᠳ ᠠᠭᠤᠯᠠᠨ ᠤ᠋ ᠵᠠᠮ ᠢ᠋ᠶ᠋ᠠᠷ ᠥᠭᠡᠳᠡᠯᠡᠨ ᠣᠷᠣᠭᠰᠠᠨ ᠳ᠋ᠤᠷ ᠠᠭᠤᠯᠠᠨ ᠤ᠋ ᠵᠠᠮ ᠤ᠋ᠨ ᠬᠤᠷᠠᠭᠰᠠᠨ ᠴᠠᠰᠤ ᠡᠳᠦᠷ ᠭᠡᠰᠴᠦ ᠰᠥᠨᠢ ᠬᠥᠯᠳᠡᠬᠦ ᠲᠤᠯᠠ ᠰᠢᠪᠠᠷ ᠤᠰᠤ ᠶᠠᠪᠤᠬᠤᠢ ᠳ᠋ᠤᠷ ᠮᠠᠰᠢ ᠪᠡᠷᠬᠡ ᠂ ᠵᠠᠢᠯᠠᠵᠤ ᠳᠤᠲᠠᠭᠠᠬᠤ ᠰᠤᠯᠠ ᠢᠷᠭᠡᠨ ᠪᠠ ᠠᠯᠲᠠᠨ ᠤᠯᠤᠰ ᠤ᠋ᠨ ᠴᠡᠷᠢᠭ ᠢ᠋ ᠳᠠᠭᠠᠵᠤ ᠳᠤᠲᠠᠭᠠᠬᠤ ᠡᠬᠡᠨᠡᠷ ᠥᠬᠢᠳ ᠴᠡᠷᠢᠭ ᠦ᠋ᠨ ᠮᠡᠲᠦ ᠲᠡᠷᠭᠡ ᠮᠣᠷᠢ ᠦᠭᠡᠢ ᠲᠤᠯᠠ ᠴᠡᠷᠢᠭ ᠲᠦ᠍ᠷ ᠢ᠋ᠶ᠋ᠡᠨ ᠣᠷᠬᠢᠭᠳᠠᠭᠠᠳ ᠭᠠᠰᠢᠭᠤᠳᠠᠨ ᠳᠠᠭᠤᠳᠠᠯᠴᠠᠵᠤ ᠪᠠᠷᠬᠢᠷᠠᠯᠴᠠᠨ ᠤᠬᠢᠯᠠᠬᠤ ᠳᠠᠭᠤᠨ ᠵᠠᠮ ᠵᠠᠯᠭᠠᠯᠳᠤᠨ ᠠᠭᠤᠯᠠ ᠦᠷᠭᠦᠯᠵᠢᠯᠡᠵᠦᠬᠦᠢ ᠃ ᠮᠣᠩᠭᠣᠯ ᠤ᠋ᠨ ᠴᠡᠷᠢᠭ ᠡᠭᠦᠨ ᠢ᠋ ᠦᠵᠡᠭᠡᠳ ᠵᠠᠷᠯᠠᠨ ᠥᠭᠦᠯᠡᠷᠦᠨ :《ᠪᠢᠳᠡᠨ ᠦ᠌ ᠮᠣᠩᠭᠣᠯ ᠴᠡᠷᠢᠭ ᠦ᠋ᠨ ᠶᠤᠸᠠᠨᠱᠤᠸᠠᠢ – ᠲᠠᠢᠰᠢ ᠭᠦᠸᠧ ᠸᠠᠩ ᠤ᠋ᠨ ᠴᠠᠭᠠᠵᠠ ᠴᠢᠩᠭ᠎ᠠ ᠂ ᠢᠷᠭᠡᠨ ᠢ᠋ ᠬᠠᠯᠳᠠᠭᠤᠯᠬᠤ ᠦᠭᠡᠢ ᠪᠣᠯᠠᠢ ᠃ ᠲᠠ ᠢᠯᠡᠭᠦᠴᠡ ᠡᠨᠡ ᠮᠡᠲᠦ ᠳᠦᠷᠪᠡᠵᠦ ᠂ ᠤᠴᠢᠷ ᠢ᠋ ᠮᠡᠳᠡᠬᠦ ᠦᠭᠡᠢ ᠤᠤᠯᠢᠬᠠᠢ ᠲᠦᠰᠢᠮᠡᠯ ᠢ᠋ᠶ᠋ᠡᠨ ᠳᠠᠭᠠᠵᠤ ᠥᠪᠡᠷ ᠢ᠋ᠶ᠋ᠡᠨ ᠵᠣᠪᠠᠬᠤ ᠶ᠋ᠢ ᠡᠷᠢᠬᠦ ᠪᠣᠯᠠᠢ ! 》 ᠬᠡᠮᠡᠭᠰᠡᠨ ᠳ᠋ᠦ᠍ᠷ ᠣᠯᠠᠨ ᠢᠷᠭᠡᠨ ᠦ᠌ ᠪᠠᠶᠠᠷᠯᠠᠯᠴᠠᠨ ᠳᠠᠭᠤᠳᠠᠯᠴᠠᠬᠤ ᠳᠠᠭᠤᠨ ᠭᠣᠣᠯ ᠵᠡᠪᠡ ᠬᠥᠩᠭᠢᠷᠡᠰᠦᠮᠤᠢ᠃ 
       ᠲᠡᠳᠦᠢ ᠮᠣᠩᠭᠣᠯ ᠤ᠋ᠨ ᠽᠢ ᠯᠦ᠍ ᠱᠢ ᠶ᠋ᠢᠨ ᠴᠡᠷᠢᠭ ᠲᠢᠶᠧ ᠯᠢᠩ ᠳᠠᠪᠠᠭᠠᠨ ᠳ᠋ᠤᠷ ᠠᠯᠲᠠᠨ ᠤᠯᠤᠰ ᠤ᠋ᠨ ᠤᠷᠭᠤᠭᠰᠠᠨ ᠲᠦᠰᠢᠮᠡᠯ ᠡᠦ ᠳ᠋ᠢᠶᠠᠨ ᠤ᠋ ᠴᠡᠷᠢᠭ ᠢ᠋ ᠭᠦᠢᠴᠡᠨ ᠬᠦᠷᠴᠦ ᠨᠢᠭᠡᠨᠲᠡ ᠬᠠᠰᠬᠢᠷᠤᠨ ᠪᠠᠢᠯᠳᠤᠬᠤᠢ ᠳ᠋ᠤᠷ ᠠᠯᠲᠠᠨ ᠤᠯᠤᠰ ᠤ᠋ᠨ ᠴᠡᠷᠢᠭ ᠲᠤᠢᠯ ᠢ᠋ᠶ᠋ᠠᠷ ᠥᠯᠥᠰᠴᠦ ᠥᠯᠪᠡᠷᠦᠭᠰᠡᠨ ᠲᠤᠯᠠ ᠰᠢᠭᠤᠳ ᠪᠠᠢᠯᠳᠤᠨ ᠴᠢᠳᠠᠬᠤ ᠦᠭᠡᠢ ᠪᠤᠷᠤᠭᠤᠯᠠᠨ ᠳᠤᠲᠠᠭᠠᠭᠰᠠᠭᠠᠷ ᠽᠦᠩ ᠰᠢᠦᠸᠠᠢ – ᠸᠠᠨ ᠶᠠᠨ ᠴᠥᠩ ᠰᠢ᠂ ᠶᠡᠬᠡ ᠬᠣᠰᠢᠭᠤᠴᠢ ᠵᠸᠠ ᠢ ᠮᠣᠩᠭᠣᠯ ᠳ᠋ᠤᠷ ᠠᠯᠠᠭᠳᠠᠭᠰᠠᠨ ᠳ᠋ᠤᠷ ᠠᠯᠲᠠᠨ ᠤᠯᠤᠰ ᠤ᠋ᠨ ᠶᠡᠬᠡ ᠴᠡᠷᠢᠭ ᠠᠷᠪᠠᠨ ᠭᠤᠷᠪᠠᠨ ᠲᠦᠮᠡᠨ ᠶᠡᠬᠡᠯ᠎ᠡ ᠪᠤᠷᠭᠢᠯᠳᠤᠨ ᠰᠠᠮᠠᠭᠤᠷᠠᠵᠤ ᠪᠤᠳᠠᠷᠠᠯᠳᠤᠨ ᠰᠠᠷᠨᠢᠯᠴᠠᠪᠠᠢ᠃ ᠶᠡᠬᠡ ᠽᠦᠩ ᠰᠢᠦᠸᠠᠢ – ᠡᠦ ᠳ᠋ᠢᠶᠠᠨ᠂ ᠶᠡᠬᠡ ᠵᠠᠩᠵᠤᠨ ᠾᠧ ᠶᠦᠨ ᠭᠤᠴᠢᠭᠠᠳ ᠮᠣᠷᠢᠲᠠᠨ ᠢ᠋ ᠠᠪᠴᠤ ᠳᠠᠯᠳᠠ ᠠᠭᠤᠯᠠᠨ ᠤ᠋ ᠵᠡᠪᠡ ᠪᠡᠷ ᠪᠤᠷᠤᠭᠤᠯᠠᠬᠤᠢ ᠳ᠋ᠤᠷ ᠮᠣᠩᠭᠣᠯ ᠤ᠋ᠨ ᠬᠦᠷᠡᠯ ᠪᠦᠰᠡ ᠶ᠋ᠢᠨ ᠴᠡᠷᠢᠭ ᠲᠦ᠍ᠷ ᠪᠠᠷᠢᠭᠳᠠᠵᠤ ᠴᠥᠮ ᠠᠯᠠᠭᠳᠠᠪᠠ᠃ 
       ᠲᠡᠳᠦᠢ ᠮᠣᠩᠭᠣᠯ ᠤ᠋ᠨ ᠶᠡᠬᠡ ᠴᠡᠷᠢᠭ ᠬᠦᠢ ᠳᠧ ᠹᠦ ᠶ᠋ᠢ ᠬᠡᠳᠦᠨ ᠡᠳᠦᠷ ᠬᠠᠭᠠᠵᠤ᠂ ᠬᠣᠲᠠ ᠰᠠᠬᠢᠭᠰᠠᠨ ᠵᠢᠩ ᠯᠢ ᠲᠦᠰᠢᠮᠡᠯ ᠢᠦᠢ ᠱᠢ ᠨᠠᠢᠷᠠᠮᠳᠠᠭᠤ ᠮᠡᠷᠭᠡᠨ᠂ ᠬᠣᠲᠠ ᠶ᠋ᠢᠨ ᠠᠰᠠᠷ ᠠ᠋ᠴᠠ ᠵᠠᠭᠤᠨ ᠵᠦᠢᠯ ᠦ᠋ᠨ ᠵᠥᠭᠡᠯᠡᠨ ᠦᠭᠡ ᠪᠡᠷ ᠭᠤᠶᠤᠴᠢᠯᠠᠨ ᠤᠬᠢᠯᠠᠵᠤ᠂ ᠪᠠᠰᠠ ᠳᠡᠭᠡᠰᠦ ᠪᠡᠷ ᠵᠠᠭᠤᠨ ᠵᠦᠢᠯ ᠦ᠋ᠨ ᠴᠡᠷᠢᠭ ᠦ᠋ᠨ ᠬᠦᠨᠡᠰᠦ ᠶ᠋ᠢ ᠤᠶᠠᠵᠤ ᠪᠠᠭᠤᠯᠭᠠᠨ ᠴᠡᠷᠢᠭ ᠲᠦ᠍ᠷ ᠢᠨᠤ ᠬᠦᠨᠡᠰᠦ ᠡᠷᠭᠦᠬᠦ ᠳ᠋ᠦ᠍ᠷ ᠮᠣᠩᠭᠣᠯ ᠴᠡᠷᠢᠭ ᠦ᠋ᠨ ᠵᠠᠩ ᠳᠣᠭᠰᠢᠨ ᠪᠣᠯᠪᠠᠴᠤ ᠡᠭᠡᠨᠡᠭᠲᠡ ᠥᠷᠥᠰᠢᠶᠡᠩᠭᠦᠢ ᠲᠤᠯᠠ ᠲᠡᠭᠦᠨ ᠦ᠌ ᠬᠣᠲᠠ ᠶ᠋ᠢ ᠲᠦᠷ ᠬᠡᠯᠲᠦᠷᠢᠭᠦᠯᠪᠡ᠃ ᠡᠨᠡ ᠢᠨᠤ ᠠᠯᠲᠠᠨ ᠤᠯᠤᠰ ᠤ᠋ᠨ ᠰᠢᠩ ᠱᠧᠩ ᠱᠢ ᠲᠦᠰᠢᠮᠡᠯ ᠽᠠᠨ ᠢᠦᠢ ᠯᠦ᠍ ᠡᠷᠭᠦᠨ ᠮᠡᠳᠡᠭᠦᠯᠵᠦ ᠬᠡᠷᠡᠭᠯᠡᠭᠰᠡᠨ ᠢᠦᠢ ᠱᠢ ᠪᠣᠯᠠᠢ᠂ ᠲᠡᠢᠨ ᠬᠦ᠌ ᠡᠨᠡ ᠬᠦᠢ ᠳᠧ ᠹᠦ ᠡᠨᠡ ᠨᠢᠭᠡᠨ ᠢᠦᠢ ᠱᠢ ᠶ᠋ᠢᠨ ᠨᠠᠢᠷᠠᠮᠳᠠᠭᠤ ᠵᠥᠭᠡᠯᠡᠨ ᠮᠡᠷᠭᠡᠨ ᠡᠷᠳᠡᠮ ᠳ᠋ᠦ᠍ᠷ ᠢᠲᠡᠭᠡᠵᠦ᠂ ᠡᠨᠡ ᠨᠢᠭᠡᠨ ᠬᠣᠲᠠ ᠶ᠋ᠢᠨ ᠲᠦᠮᠡᠨ ᠢᠷᠭᠡᠨ ᠦᠬᠦᠯ ᠡᠴᠡ ᠭᠡᠲᠦᠯᠪᠡᠢ᠃ 
       ᠡᠨᠡ ᠬᠢᠷᠢ ᠳ᠋ᠦ᠍ᠷ ᠠᠯᠲᠠᠨ ᠤᠯᠤᠰ ᠤ᠋ᠨ ᠡᠵᠡᠨ ᠳᠠᠬᠢᠨ ᠪᠢᠴᠢᠭ ᠦ᠋ᠨ ᠡᠷᠳᠡᠮᠲᠡᠨ ᠢ ᠰᠣᠩᠭᠣᠵᠤ ᠴᠧᠩᠰᠢᠶᠠᠩ ᠪᠣᠯᠭᠠᠨ ᠬᠡᠷᠡᠭᠯᠡᠪᠡᠰᠦ ᠵᠣᠬᠢᠮᠤᠢ᠃ ᠸᠠᠨ ᠶᠠᠨ ᠼᠠᠢ ᠪᠦ ᠳ᠋ᠦ᠍ᠷ ᠡᠷᠳᠡᠮ ᠦᠭᠡᠢ᠂ ᠳᠡᠯᠡᠬᠡᠢ ᠳ᠋ᠠᠬᠢᠨ ᠤ᠋ ᠲᠦᠮᠡᠨ ᠪᠣᠳᠠᠰ ᠮᠢᠩᠭᠠᠨ ᠦᠢᠯᠡᠰ ᠲᠣᠷ ᠨᠡᠪᠲᠡᠷᠡᠭᠰᠡᠨ ᠦᠭᠡᠢ ᠲᠤᠯᠠ ᠬᠥᠮᠦᠨ ᠢ᠋ ᠬᠡᠷᠡᠭᠯᠡᠵᠦ ᠴᠢᠳᠠᠭᠰᠠᠨ ᠦᠭᠡᠢ᠂ ᠶᠡᠬᠡ ᠲᠣᠪᠴᠢᠶ᠎ᠠ ᠣᠨᠢᠰᠣᠨ ᠢ᠋ ᠣᠯᠬᠤ ᠦᠭᠡᠢ ᠶᠡᠬᠡ ᠦᠢᠯᠡ ᠶ᠋ᠢ ᠰᠠᠭᠠᠳᠠᠭᠤᠯᠤᠮᠤᠢ ᠭᠡᠮᠡᠨ ᠭᠤᠶᠤᠴᠢᠯᠠᠨ ᠠᠢᠯᠠᠳᠬᠠᠭᠰᠠᠨ ᠳ᠋ᠤᠷ ᠴᠧᠩᠰᠢᠶᠠᠩ ᠤ᠋ᠨ ᠲᠤᠰᠢᠶᠠᠯ ᠢ᠋ ᠪᠠᠢᠯᠭᠠᠵᠤ ᠭᠡᠷ ᠲᠦ᠍ ᠢᠨᠦ ᠰᠠᠭᠤᠯᠭᠠᠭᠰᠠᠨ ᠪᠥᠯᠥᠭᠡ᠃ ᠬᠣᠢᠨ᠎ᠠ ᠮᠣᠩᠭᠣᠯ ᠤ᠋ᠨ ᠴᠧᠩᠰᠢᠶᠠᠩ ᠰᠥᠪᠡᠭᠡᠲᠡᠢ᠂ ᠲᠡᠢᠰᠢ ᠪᠤᠯᠤ᠂ ᠵᠢᠶᠦ᠋ᠨ ᠸᠠᠩ ᠲᠠᠢᠰᠤᠨᠳᠠᠷᠤᠭᠴᠢ᠂ ᠴᠢ ᠸᠠᠩ ᠴᠢᠯᠠᠭᠤᠨ ᠨᠠᠷ ᠪᠢᠶᠠᠨ ᠯᠢᠶᠠᠩ ᠴᠧᠩ ᠬᠣᠲᠠ ᠶ᠋ᠢ ᠶᠡᠬᠡ ᠴᠡᠷᠢᠭ ᠢ᠋ᠶ᠋ᠡᠷ ᠢᠷᠡᠵᠦ ᠬᠠᠭᠠᠭᠰᠠᠨ᠎ᠠ᠂ ᠬᠠᠭᠠᠨ ᠠ᠋ᠴᠠ ᠲᠡᠷᠢᠭᠦᠯᠡᠨ ᠭᠤᠢᠯᠢᠨᠴᠢ ᠳ᠋ᠤᠷ ᠬᠦᠷᠲᠡᠯ᠎ᠡ ᠴᠥᠮ ᠵᠣᠪᠠᠨᠢᠨ ᠭᠠᠰᠠᠯᠠᠬᠤᠢ ᠳ᠋ᠤᠷ ᠲᠡᠳᠡᠭᠡᠷ ᠪᠢᠴᠢᠭ ᠦ᠋ᠨ ᠠᠷᠠᠳ ᠠᠨᠤ ᠽᠠᠢᠰᠢᠶᠠᠩ ᠴᠧᠩᠰᠢᠶᠠᠩ ᠲᠡᠷᠢᠭᠦᠯᠡᠵᠦ᠂ ᠮᠠᠭᠤ ᠪᠢᠴᠢᠭᠡᠴᠢ ᠨᠠᠷ ᠲᠤᠷ ᠢ᠋ᠶ᠋ᠠᠨ ᠬᠦᠷᠲᠡᠯ᠎ᠡ ᠴᠥᠮ ᠠᠮᠠᠨ ᠵᠢᠮᠢᠢᠵᠦ ᠨᠢᠳᠦ ᠪᠦᠯᠲᠡᠢᠨ ᠣᠭᠲᠣᠬᠠᠨ ᠴᠤ᠌ ᠬᠡᠷᠡᠭ ᠦᠭᠡᠢ ᠪᠣᠯᠵᠤᠬᠤᠢ᠃ ᠠᠯᠲᠠᠨ ᠤᠯᠤᠰ ᠤᠭ ᠲᠤᠷ ᠴᠡᠷᠢᠭ ᠢ᠋ᠶ᠋ᠡᠷ ᠤᠯᠤᠰ ᠢ᠋ ᠣᠯᠵᠤ ᠬᠡᠳᠦᠨ ᠦᠶ᠎ᠡ ᠪᠣᠯᠵᠤ ᠵᠢᠷᠭᠠᠯ ᠴᠡᠩᠭᠡᠯ ᠢ᠋ ᠣᠯᠤᠭᠰᠠᠨ ᠠ᠋ᠴᠠ ᠴᠡᠷᠢᠭ ᠦ᠋ᠨ ᠦᠨᠡᠨᠴᠢ ᠴᠢᠬᠡᠴᠢ ᠰᠤᠷᠭᠠᠯ ᠢ᠋ᠶ᠋ᠠᠨ ᠴᠥᠮ ᠣᠷᠬᠢᠭᠠᠳ ᠭᠠᠭᠴᠠ ᠪᠢᠴᠢᠭ ᠦ᠋ᠨ ᠤᠷᠠᠨ ᠬᠠᠭᠤᠷᠮᠠᠴᠢ ᠰᠠᠢᠳ ᠢ᠋ ᠡᠷᠬᠢᠯᠡᠭᠰᠡᠭᠡᠷ ᠣᠨ ᠤᠳᠠᠵᠤ᠂ ᠡᠳᠦᠭᠡ ᠭᠡᠨᠡᠳᠲᠡ ᠮᠣᠩᠭᠣᠯ ᠤ᠋ᠨ ᠴᠡᠷᠢᠭ ᠳᠠᠬᠢᠨ ᠡᠳᠦᠭᠡᠭᠰᠡᠨ ᠳ᠋ᠦ᠍ᠷ ᠲᠡᠳᠡᠭᠡᠷ ᠬᠣᠭᠣᠰᠣᠨ ᠬᠣᠩᠰᠢᠶᠠᠷ ᠢ᠋ᠶ᠋ᠠᠷ ᠬᠣᠲᠠ ᠪᠠᠢᠭᠤᠯᠤᠭᠴᠢ ᠪᠢᠴᠢᠭ ᠦ᠋ᠨ ᠰᠠᠢᠳ ᠠᠨᠤ ᠴᠥᠮ ᠬᠤᠷᠢᠶᠠᠭᠰᠠᠨ ᠰᠠᠩ ᠤ᠋ᠨ ᠹᠦᠩᠯᠦ ᠶ᠋ᠢ ᠢᠳᠡᠨ ᠮᠥᠩᠭᠥ ᠶ᠋ᠢ ᠠᠪᠴᠤ ᠲᠣᠷᠭ᠎ᠠ ᠡᠮᠦᠰᠦᠨ ᠲᠤᠲᠤᠷᠭ᠎ᠠ ᠢᠳᠡᠬᠦ ᠪᠣᠢ ᠊ᠶ᠎ᠠ ᠂ ᠨᠢᠭᠡᠨ ᠠᠯᠬᠤᠮ ᠤ᠋ᠨ ᠲᠤᠰᠠ ᠴᠤ᠌ ᠬᠦᠷᠭᠡᠨ ᠴᠢᠳᠠᠬᠤ ᠦᠭᠡᠢ ᠪᠣᠯᠤᠭᠠᠳ ᠵᠠᠷᠢᠮ ᠵᠥᠪᠯᠡᠯ ᠦ᠋ᠨ ᠶᠡᠬᠡ ᠰᠠᠢᠳ ᠠᠨᠤ 《ᠲᠦᠮᠡᠨ ᠬᠥᠮᠦᠨ ᠤᠬᠠᠰᠢ ᠦᠭᠡᠢ ᠠᠷᠭ᠎ᠠ ᠪᠣᠳᠣᠯᠭ᠎ᠠ ᠣᠯᠪᠠ  》 ᠭᠡᠮᠡᠨ ᠬᠡᠳᠦᠨ ᠠᠷᠪᠠᠨ ᠲᠦᠮᠡᠨ ᠴᠡᠷᠢᠭ ᠢ᠋ ᠶᠠᠪᠤᠭᠤᠯᠪᠠᠰᠤ᠂ ᠶᠠᠪᠤᠭᠰᠠᠨ ᠴᠡᠷᠢᠭ ᠪᠦᠬᠦᠨ ᠮᠣᠩᠭᠣᠯ ᠳ᠋ᠤᠷ ᠤᠴᠠᠷᠠᠮᠠᠭᠴᠠ ᠳᠠᠷᠤᠢ ᠮᠣᠩᠭᠣᠯ ᠤ᠋ᠨ ᠢᠳᠡᠰᠢ ᠪᠣᠯᠤᠮᠤᠢ᠃ ᠬᠡᠳᠦᠢ ᠨᠢᠭᠡᠨ ᠬᠣᠶᠠᠷ ᠴᠡᠷᠢᠭ ᠦ᠋ᠨ ᠰᠠᠢᠳ ᠭᠡᠮᠡᠨ ᠰᠣᠩᠭᠣᠨ ᠭᠠᠷᠭᠠᠭᠰᠠᠨ ᠠᠨᠤ ᠪᠠᠰᠠ ᠴᠤ᠌ ᠴᠥᠮ ᠬᠣᠭᠣᠰᠣᠨ ᠬᠣᠩᠰᠢᠶᠠᠷᠳᠠᠨ ᠠ᠋ᠴᠠ ᠪᠡᠶ᠎ᠡ ᠭᠠᠷᠤᠭᠰᠠᠨ ᠠᠷᠠᠳ ᠲᠤᠯᠠ ᠬᠡᠳᠦᠨ ᠠᠷᠪᠠᠨ ᠲᠦᠮᠡᠨ ᠴᠡᠷᠢᠭ ᠢ᠋ ᠳᠠᠭᠠᠭᠤᠯᠤᠨ ᠭᠠᠷᠤᠮᠠᠭᠴᠠ ᠤᠷᠢᠳᠠ ᠣᠯᠠᠨ ᠴᠡᠷᠢᠭ ᠢ᠋ᠶ᠋ᠡᠨ ᠴᠥᠮ ᠠᠯᠠᠭᠤᠯᠤᠭᠠᠳ ᠲᠡᠭᠦᠨ ᠦ᠌ ᠪᠡᠶ᠎ᠡ ᠬᠡᠷᠪᠡ ᠡᠰᠡ ᠠᠯᠠᠭᠳᠠᠨ ᠮᠤᠯᠲᠤᠷᠠᠨ ᠭ᠍ᠡᠷᠪᠠᠰᠤ ᠳᠠᠷᠤᠢ ᠥᠪᠡᠷ ᠢ᠋ᠶ᠋ᠡᠨ ᠦᠬᠦᠭᠰᠡᠭᠡᠷ ᠠᠯᠲᠠᠨ ᠤᠯᠤᠰ ᠤ᠋ᠨ ᠴᠡᠷᠢᠭ ᠦ᠋ᠨ ᠵᠠᠩᠵᠤᠨ ᠠᠨᠤ ᠳᠡᠢᠯᠦᠭᠳᠡᠨ ᠪᠠᠷᠠᠭᠳᠠᠬᠤᠢ ᠳ᠋ᠤᠷ ᠬᠦᠷᠦᠭᠡᠳ ᠣᠭᠲᠣ ᠠᠷᠭ᠎ᠠ ᠦᠭᠡᠢ ᠪᠣᠯᠪᠠ᠃ ᠣᠯᠠᠨ ᠪᠢᠴᠢᠭ ᠦ᠋ᠨ ᠰᠠᠢᠳ ᠠᠨᠤ ᠭᠡᠷ ᠭᠡᠷ ᠲᠡᠭᠡᠨ ᠰᠤᠯᠠ ᠡᠬᠡᠨᠡᠷ ᠭᠤᠸ᠎ᠠ ᠲᠠᠲᠠᠪᠤᠷᠢ ᠨᠠᠷ ᠯᠤᠭ᠎ᠠ ᠪᠠᠨ ᠠᠷᠢᠬᠢ ᠤᠤᠭᠤᠯᠴᠠᠨ ᠬᠥᠭᠵᠢᠮ ᠡᠭᠦᠰᠬᠡᠨ ᠵᠢᠷᠭᠠᠯᠳᠤᠵᠤ᠂ ᠡᠨᠡ ᠡᠳᠦᠷ ᠬᠣᠲᠠ ᠠᠪᠲᠠᠪᠠᠰᠤ ᠮᠠᠷᠭᠠᠲᠠ ᠳᠠᠭᠠᠮᠤᠢ ᠊ᠶ᠎ᠠ ᠬᠡᠮᠡᠬᠦ ᠰᠠᠨᠠᠭ᠎ᠠ ᠨᠢᠭᠡᠨᠲᠡ ᠲᠣᠭᠲᠠᠵᠤ᠂ ᠥᠴᠦᠬᠡᠨ ᠴᠦ᠍ ᠬᠡᠷᠡᠭᠰᠡᠬᠦ ᠦᠭᠡᠢ ᠳ᠋ᠦ᠍ᠷ ᠠᠯᠲᠠᠨ ᠤᠯᠤᠰ ᠤ᠋ᠨ ᠠᠢᠽᠦ᠋ᠩ ᠬᠠᠭᠠᠨ ᠰᠠᠶᠢ ᠤᠷᠢᠳᠤ ᠡᠳᠦᠷ ᠦ᠋ᠨ ᠲᠠᠰᠢᠶᠠᠷᠠᠭᠰᠠᠨ ᠳ᠋ᠤᠷ ᠶᠡᠬᠡᠯ᠎ᠡ ᠭᠡᠮᠰᠢᠨ ᠠᠷᠭ᠎ᠠ ᠦᠭᠡᠢ ᠥᠨᠥ ᠡᠷᠳᠡᠮ ᠦᠭᠡᠢ ᠭᠡᠮᠡᠨ ᠣᠷᠬᠢᠵᠤ ᠭᠡᠭᠡᠭᠰᠡᠨ ᠬᠠᠭᠤᠴᠢᠨ ᠰᠠᠢᠳ ᠢ᠋ᠶ᠋ᠠᠨ ᠴᠢᠭᠤᠯᠭᠤᠯᠤᠨ ᠡᠷᠢᠭᠰᠡᠭᠡᠷ᠂ ᠡᠷᠳᠡᠮ ᠦᠭᠡᠢ ᠭᠡᠮᠡᠨ ᠪᠠᠢᠯᠭᠠᠭᠰᠠᠨ ᠬᠠᠭᠤᠴᠢᠨ ᠴᠧᠩᠰᠢᠶᠠᠩ ᠸᠠᠨ ᠶᠠᠨ ᠼᠠᠢ ᠪᠦ ᠶ᠋ᠢ ᠣᠯᠵᠤ ᠴᠡᠷᠢᠭ ᠦ᠋ᠨ ᠬᠡᠷᠡᠭ ᠲᠦ᠍ᠷ ᠬᠡᠷᠡᠭᠯᠡᠰᠦᠭᠡᠢ ᠬᠡᠮᠡᠬᠦᠢ ᠳ᠋ᠦ᠍ᠷ ᠸᠠᠨ ᠶᠠᠨ ᠼᠠᠢ ᠪᠦ ᠰᠡᠭᠦᠷᠡᠰᠦ ᠠᠯᠳᠠᠵᠤ ᠬᠡᠯᠡᠭᠰᠡᠨ ᠢᠨᠤ:《ᠬᠣᠭᠣᠰᠣᠨ ᠬᠣᠩᠰᠢᠶᠠᠷ ᠤ᠋ᠨ ᠬᠣᠣᠷ ᠬᠣᠳᠣᠭᠣᠳᠣ ᠡᠪᠴᠢᠭᠦᠦ ᠳ᠋ᠦ᠍ᠷ ᠣᠷᠣᠪᠠ᠂ ᠪᠢ ᠭ᠍ᠡᠷᠪᠠᠰᠤ ᠬᠡᠷᠬᠢᠬᠦ ? ᠡᠷᠲᠡᠨ ᠦ᠌ ᠯᠢᠩ ᠢᠨ ᠽᠢ ᠬᠦᠩ ᠭᠤᠷᠪᠠᠨ ᠵᠡᠷᠭᠡ ᠲᠦᠰᠢᠮᠡᠯ ᠡᠴᠡ ᠪᠠᠢᠯᠭᠠᠵᠤ ᠭᠤᠷᠪᠠᠨ ᠵᠡᠷᠭᠡ ᠤᠭ ᠲᠦᠰᠢᠮᠡᠯ ᠳ᠋ᠦ᠍ᠷ ᠡᠷᠭᠦᠮᠵᠢᠯᠡᠲᠡᠯ᠎ᠡ ᠴᠢᠷᠠᠢ ᠬᠤᠪᠢᠰᠤᠭᠰᠠᠨ ᠦᠭᠡᠢ ᠪᠥᠭᠡᠲᠡᠯ᠎ᠡ ᠪᠢ ᠠᠷᠠᠢ ᠨᠢᠭᠡᠨ ᠤᠳᠠᠭ᠎ᠠ ᠳ᠋ᠤᠷ ᠬᠡᠷᠬᠢᠨ ᠥᠪᠡᠷ᠎ᠡ ᠦᠭᠡ ᠥᠴᠢᠵᠦ ᠪᠣᠯᠬᠤ ?  ᠭᠠᠭᠴᠠ ᠲᠡᠷᠡ ᠬᠡᠳᠦᠢ ᠭᠤᠷᠪᠠᠨ ᠵᠡᠷᠭᠡ ᠥᠰᠴᠦ ᠪᠠᠭᠤᠷᠠᠪᠠᠰᠤ ᠡᠰᠡ ᠦᠬᠦᠵᠦᠬᠦᠢ᠂ ᠪᠢ ᠡᠨᠡ ᠤᠳᠠᠭ᠎ᠠ ᠳ᠋ᠤᠷ ᠳᠠᠷᠤᠢ ᠪᠠᠷᠠᠬᠤ ᠪᠣᠯᠠᠢ ! 》 ᠭᠡᠮᠡᠨ ᠵᠠᠷᠯᠢᠭ ᠢ᠋ ᠬᠦᠯᠢᠶᠡᠨ ᠠᠪᠴᠤ ᠬᠣᠲᠠ ᠰᠠᠬᠢᠬᠤ ᠣᠯᠠᠨ ᠴᠡᠷᠢᠭ ᠢ᠋ ᠵᠠᠬᠢᠷᠴᠤ ᠪᠠᠢᠯᠳᠤᠬᠤ ᠰᠠᠬᠢᠬᠤ ᠠᠷᠭ᠎ᠠ ᠤᠬᠠᠭᠠᠨ ᠢ᠋ ᠰᠤᠷᠭᠠᠵᠤ᠂ ᠬᠡᠳᠦᠨ ᠤᠳᠠᠭ᠎ᠠ ᠬᠣᠲᠠ ᠠᠪᠲᠠᠬᠤ ᠠᠶᠤᠯ ᠠ᠋ᠴᠠ ᠠᠪᠤᠷᠠᠵᠤ᠂ ᠮᠠᠰᠢ ᠶᠡᠬᠡ ᠲᠤᠰᠠ ᠪᠣᠯᠤᠭᠰᠠᠨ ᠳ᠋ᠤᠷ ᠬᠠᠭᠤᠴᠢᠨ ᠶᠣᠰᠣᠭᠠᠷ ᠴᠧᠩᠰᠢᠶᠠᠩ ᠪᠣᠯᠭᠠᠵᠤ᠂ ᠪᠠᠰᠠ ᠪᠢᠶᠠᠨ ᠵᠢᠩ ᠪᠠᠯᠭᠠᠰᠤᠨ ᠤ᠋ ᠢᠷᠭᠡᠨ ᠢ᠋ ᠬᠣᠶᠠᠷ ᠲᠦᠮᠡᠨ ᠰᠢᠯᠭᠠᠵᠤ ᠴᠡᠷᠢᠭ ᠪᠣᠯᠭᠠᠭᠠᠳ ᠪᠠᠰᠠ ᠲᠡᠭᠦᠨ ᠳ᠋ᠦ᠍ᠷ ᠵᠠᠬᠢᠷᠤᠭᠤᠯᠤᠭᠰᠠᠨ ᠢ᠋ᠶ᠋ᠠᠷ ᠬᠣᠲᠠ ᠠᠪᠲᠠᠬᠤ ᠵᠣᠪᠠᠯᠠᠩ ᠠ᠋ᠴᠠ ᠠᠷᠠᠢ ᠬᠡᠯᠲᠦᠷᠢᠨ ᠠᠮᠤᠢ᠃ ᠡᠨᠡ ᠦᠶ᠎ᠡ ᠳ᠋ᠦ᠍ᠷ ᠴᠢᠨ ᠸᠠᠩ ᠲᠣᠯᠢ ᠶ᠋ᠢᠨ ᠴᠡᠷᠢᠭ ᠪᠠᠰᠠ ᠣᠷᠣᠰ ᠤᠯᠤᠰ ᠤ᠋ᠨ ᠴᠡᠷᠢᠭ ᠦ᠋ᠨ ᠠᠷᠭ᠎ᠠ ᠶ᠋ᠢ ᠬᠡᠷᠡᠭᠯᠡᠵᠦ ᠵᠠᠭᠤᠨ ᠵᠦᠢᠯ ᠦ᠋ᠨ ᠫᠤᠤ ᠪᠡᠯᠡᠳᠬᠡᠵᠦ᠂ ᠭᠤᠷᠪᠠᠨ ᠰᠠᠷ᠎ᠠ ᠶ᠋ᠢᠨ ᠰᠢᠨᠡᠳ ᠢ᠋ᠶ᠋ᠡᠷ ᠯᠦᠸᠧ ᠶᠠᠩ ᠴᠧᠩ ᠢ ᠪᠠᠢᠯᠳᠤᠬᠤ ᠶ᠋ᠢ ᠪᠡᠯᠡᠳᠬᠡᠪᠡᠢ᠃ ᠡᠨᠡ ᠲᠤᠬᠠᠢ ᠯᠦᠸᠧ ᠶᠠᠩ ᠬᠣᠲᠠᠨ ᠤ᠋ ᠳᠣᠲᠣᠷ᠎ᠠ ᠰᠠᠨ ᠹᠧᠩ ᠱᠠᠨ ᠤ᠋ ᠳᠠᠷᠤᠭᠳᠠᠭᠰᠠᠨ ᠴᠡᠷᠢᠭ ᠳᠥᠷᠪᠡᠨ ᠮᠢᠩᠭ᠎ᠠ᠂ ᠪᠠᠰᠠ ᠲᠣᠢᠨ ᠰᠠᠢᠳ ᠴᠸᠡ ᠬᠤᠤᠱᠠᠩ ᠤ᠋ᠨ ᠵᠦᠩ ᠰᠢᠶᠣᠤ ᠵᠢᠶᠦ᠋ᠨ – ᠰᠢᠳᠤᠷᠭᠤ ᠡᠯᠪᠡᠷᠢᠯᠲᠦ ᠴᠡᠷᠢᠭ ᠨᠢᠭᠡᠨ ᠵᠠᠭᠤᠨ ᠢᠯᠡᠭᠦᠦ ᠪᠠᠢᠭᠰᠠᠨ ᠲᠤᠯᠠ ᠯᠦᠸᠧ ᠶᠠᠩ ᠴᠧᠩ ᠬᠣᠲᠠ ᠶ᠋ᠢ ᠡᠭᠦᠨ ᠢ᠋ᠶ᠋ᠡᠷ ᠰᠠᠬᠢᠵᠤ ᠪᠠᠢᠭᠰᠠᠨ ᠪᠥᠯᠥᠭᠡ᠃ ᠡᠨᠡ ᠬᠣᠲᠠ ᠶ᠋ᠢᠨ ᠰᠠᠬᠢᠭᠤᠯ ᠲᠦᠰᠢᠮᠡᠯ ᠰᠠ ᠾᠧ ᠨᠢᠶᠠᠨ ᠤ᠋ ᠨᠢᠷᠤᠭᠤᠨ ᠳ᠋ᠤ᠌ ᠰᠢᠷᠭᠤᠯᠵᠢᠨ ᠬᠠᠲᠠᠭᠢ ᠭᠠᠷᠴᠤ ᠪᠠᠢᠯᠳᠤᠨ ᠴᠢᠳᠠᠬᠤ ᠦᠭᠡᠢ ᠳ᠋ᠡᠭᠡᠨ ᠬᠣᠷᠣᠰᠴᠤ ᠴᠢᠨ ᠱᠦᠢ ᠣᠰᠤᠨ᠎ᠠ ᠬᠠᠷᠠᠢᠵᠤ ᠦᠬᠦᠪᠡᠢ᠃ 
       ᠯᠦᠸᠧ ᠶᠠᠩ ᠬᠣᠲᠠ ᠶ᠋ᠢᠨ ᠿᠧᠨ ᠱᠧᠦ ᠶᠠᠨ᠂ ᠯᠦᠸᠧ ᠶᠠᠩ ᠳ᠋ᠤᠷ ᠳᠠᠬᠢᠨ ᠹᠦ ᠪᠠᠢᠭᠤᠯᠵᠤ ᠢᠷᠭᠡᠨ ᠦ᠌ ᠬᠡᠷᠡᠭ ᠢ᠋ ᠰᠢᠳᠬᠡᠵᠦ ᠪᠠᠢᠭᠰᠠᠨ ᠪᠥᠯᠥᠭᠡ᠃ ᠪᠢᠶᠠᠨ ᠯᠢᠶᠠᠩ ᠳ᠋ᠤᠷ ᠡᠭᠡᠭᠡᠳ ᠾᠧ ᠨᠠᠨ ᠤ᠋ ᠣᠯᠠᠨ ᠢᠷᠭᠡᠨ ᠴᠢᠶᠠᠩ ᠱᠠᠨ ᠬᠡᠮᠡᠬᠦ ᠨᠢᠭᠡᠨ ᠪᠢᠴᠢᠭ ᠴᠡᠷᠢᠭ ᠦ᠋ᠨ ᠡᠷᠳᠡᠮᠲᠦ ᠬᠥᠮᠦᠨ ᠢ᠋ ᠣᠯᠵᠤ ᠪᠦᠭᠦᠳᠡᠭᠡᠷ ᠰᠢᠳᠤᠷᠭᠤ ᠠᠷᠢᠭᠤᠨ ᠢ᠋ ᠲᠣᠭᠠᠴᠢᠨ ᠡᠷᠭᠦᠨ ᠠᠢᠯᠠᠳᠬᠠᠭᠠᠳ ᠹᠦ ᠶ᠋ᠢᠨ ᠬᠡᠷᠡᠭ ᠬᠢᠭᠡᠳ ᠯᠦᠸ᠋ᠸ ᠶᠠᠩ ᠤ᠋ᠨ ᠪᠡᠯᠡᠨ ᠪᠦᠬᠦᠢ ᠴᠡᠷᠢᠭ ᠬᠣᠶᠠᠷ ᠮᠢᠩᠭᠠᠨ ᠲᠠᠪᠤᠨ ᠵᠠᠭᠤᠨ ᠢ᠋ ᠬᠠᠮᠲᠤ ᠪᠠᠷ ᠵᠠᠬᠢᠷᠤᠭᠤᠯᠵᠤ ᠭᠤᠷᠪᠠᠨ ᠡᠳᠦᠷ ᠵᠥᠪᠯᠡᠨ ᠪᠦᠬᠦᠢ ᠳ᠋ᠦ᠍ᠷ ᠮᠣᠩᠭᠣᠯ ᠤ᠋ᠨ ᠴᠢᠨ ᠸᠠᠩ ᠲᠣᠯᠢ ᠶ᠋ᠢᠨ ᠴᠡᠷᠢᠭ ᠬᠦᠷᠴᠦ ᠢᠷᠡᠭᠡᠳ ᠯᠦᠸᠧ ᠶᠠᠩ ᠢ᠋ ᠭᠤᠷᠪᠠᠨ ᠪᠡᠶ᠎ᠡ ᠡᠴᠡ ᠬᠠᠭᠠᠵᠤ ᠪᠠᠢᠯᠳᠤᠨ ᠫᠤᠤ ᠵᠡᠪᠡ ᠬᠠᠮᠲᠤ ᠪᠠᠷ ᠬᠠᠷᠪᠤᠬᠤᠢ ᠳ᠋ᠤᠷ ᠬᠣᠲᠠ ᠶ᠋ᠢᠨ ᠳᠣᠲᠣᠷ᠎ᠠ ᠲᠣᠷᠭ᠎ᠠ ᠪᠥᠰ ᠦᠭᠡᠢ ᠲᠤᠯᠠ ᠴᠢᠶᠠᠩ ᠱᠠᠨ ᠳᠡᠪᠡᠯ ᠬᠤᠪᠴᠠᠳ ᠬᠥᠰᠢᠭᠡ ᠵᠠᠮ᠎ᠠ ᠶ᠋ᠢᠨ ᠵᠦᠢᠯ ᠢ᠋ ᠡᠪᠳᠡᠵᠦ ᠲᠤᠭ ᠬᠢᠭᠢᠷᠢ ᠬᠢᠵᠦ᠂ ᠬᠣᠲᠠ ᠶ᠋ᠢᠨ ᠳᠡᠭᠡᠷ᠎ᠡ ᠶᠡᠬᠡᠯ᠎ᠡ ᠪᠤᠰᠬᠠᠵᠤ ᠲᠡᠮᠳᠡᠭ ᠪᠣᠯᠭᠠᠨ᠂ ᠥᠪᠡᠷ ᠦ᠋ᠨ ᠪᠡᠶ᠎ᠡ ᠪᠡᠷ ᠣᠯᠠᠨ ᠴᠡᠷᠢᠭ ᠢ᠋ ᠠᠪᠴᠤ ᠬᠣᠲᠠᠨ ᠢ᠋ ᠬᠠᠮᠠᠭᠠᠯᠠᠨ ᠪᠠᠢᠯᠳᠤᠵᠤ᠂ ᠡᠭᠦᠨ ᠡᠴᠡ ᠭᠠᠳᠠᠨ᠎ᠠ ᠪᠠᠰᠠ ᠣᠯᠠᠨ ᠴᠡᠷᠢᠭ ᠦ᠋ᠨ ᠳᠣᠲᠣᠷ᠎ᠠ ᠠ᠋ᠴᠠ ᠰᠠᠢᠨ ᠴᠢᠭᠢᠷᠠᠭ ᠲᠡᠨᠡᠭ ᠴᠡᠷᠢᠭ ᠦ᠋ᠨ ᠡᠷᠡᠰ ᠢ᠋ ᠬᠡᠳᠦᠨ ᠵᠠᠭᠤᠨ ᠰᠣᠩᠭᠣᠨ ᠭᠠᠷᠭᠠᠵᠤ ᠨᠢᠭᠡᠨ ᠪᠠᠭ ᠪᠣᠯᠭᠠᠨ ᠵᠣᠬᠢᠶᠠᠵᠤ᠂ ᠢᠨᠠᠭᠰᠢ ᠴᠢᠨᠠᠭᠰᠢ ᠡᠴᠢᠵᠦ ᠢᠷᠡᠨ ᠬᠠᠷᠢᠯᠴᠠᠨ ᠲᠤᠰᠠᠯᠠᠯᠴᠠᠭᠰᠠᠨ ᠢ᠋ᠶ᠋ᠠᠷ ᠬᠣᠲᠠ ᠨᠡᠯᠢᠶᠡᠳ ᠪᠠᠲᠤ ᠪᠣᠯᠵᠤ ᠣᠯᠠᠨ ᠪᠠᠬᠠᠨ ᠠᠮᠤᠷ ᠪᠣᠯᠪᠠ᠃ ᠲᠡᠢᠨ ᠬᠦ᠌ ᠡᠨᠡ ᠴᠡᠷᠢᠭ ᠢ᠋ 《ᠲᠠᠰᠤᠷᠬᠠᠢ ᠪᠠᠭᠠᠲᠤᠷ ᠴᠡᠷᠢᠭ  》 ᠭᠡᠮᠡᠨ ᠨᠡᠷᠡᠢᠳᠪᠡ᠂ ᠬᠦᠴᠦᠨ ᠴᠢᠳᠠᠯ ᠬᠡᠳᠦᠨ ᠲᠦᠮᠡᠨ ᠳ᠋ᠦ᠍ᠷ ᠲᠡᠩᠴᠡᠮᠦᠢ᠃ ᠡᠨᠡ ᠬᠢᠷᠢ ᠳ᠋ᠦ᠍ᠷ ᠴᠡᠷᠢᠭ ᠦ᠋ᠨ ᠵᠡᠪᠰᠡᠭ ᠴᠥᠮ ᠡᠪᠳᠡᠷᠡᠭᠰᠡᠨ ᠳ᠋ᠦ᠍ᠷ ᠭᠠᠤᠯᠢ ᠬᠦᠷᠡᠯ ᠦ᠋ᠨ ᠵᠣᠭᠣᠰ ᠢ᠋ ᠬᠠᠢᠯᠤᠭᠤᠯᠤᠨ ᠲᠡᠮᠦᠷ ᠢ᠋ ᠣᠷᠣᠯᠠᠵᠤ ᠵᠠᠷ ᠵᠡᠪᠰᠡᠭ ᠬᠢᠵᠦ᠂ ᠬᠡᠷᠪᠡ ᠮᠣᠩᠭᠣᠯ ᠤ᠋ᠨ ᠴᠡᠷᠢᠭ ᠦ᠋ᠨ ᠨᠢᠭᠡᠨ ᠵᠡᠪᠡ ᠶ᠋ᠢ ᠣᠯᠪᠠᠰᠤ ᠰᠠᠯᠭᠠᠵᠤ ᠳᠥᠷᠪᠡᠨ ᠵᠡᠪᠡ ᠪᠣᠯᠭᠠᠨ ᠬᠢᠵᠦ ᠭᠡᠳᠡᠷᠭᠦ ᠬᠠᠷᠪᠤᠮᠤᠢ᠂ ᠡᠰᠡᠬᠦᠯ᠎ᠡ ᠬᠤᠯᠤᠰᠤᠨ ᠤ᠋ ᠬᠣᠩᠬᠢᠶ᠎ᠠ ᠪᠠᠷ ᠨᠤᠮᠤ ᠰᠤᠮᠤ ᠬᠢᠵᠦ ᠬᠠᠷᠪᠤᠯᠬᠢᠯᠠᠮᠤᠢ᠃ ᠪᠠᠰᠠ ᠭᠠᠷ ᠫᠤᠤ ᠡᠭᠦᠳᠴᠦ ᠬᠠᠷᠪᠤᠬᠤᠢ ᠳ᠋ᠤᠷ ᠳᠡᠮᠡᠢ ᠣᠯᠠᠨ ᠬᠥᠮᠦᠨ ᠢ᠋ ᠤᠨᠤᠬᠤ ᠦᠭᠡᠢ ᠳ᠋ᠦ᠍ᠷ ᠪᠠᠰᠠ ᠳᠡᠭᠡᠰᠦ ᠪᠡᠷ ᠴᠢᠯᠠᠭᠤ ᠤᠶᠠᠵᠤ ᠴᠣᠬᠢᠬᠤ ᠶ᠋ᠢ ᠰᠤᠷᠭᠠᠵᠤ᠂ ᠴᠣᠬᠢᠭᠤᠯᠪᠠᠰᠤ ᠨᠡᠯᠢᠶᠡᠳ ᠣᠨᠣᠴᠢᠲᠠᠢ ᠪᠥᠭᠡᠳ ᠵᠢᠭᠠᠭᠰᠠᠨ ᠭᠠᠵᠠᠷ ᠦᠯᠦ ᠤᠨᠤᠬᠤ ᠢᠨᠤ ᠦᠭᠡᠢ᠃ ᠲᠡᠢᠨ ᠬᠦ᠌ ᠴᠢᠶᠠᠩ ᠱᠠᠨ ᠤ᠋ ᠳᠥᠷᠪᠡᠨ ᠡᠲᠡᠭᠡᠳ ᠢ᠋ ᠲᠣᠭᠣᠷᠢᠨ ᠶᠠᠪᠤᠵᠤ ᠬᠠᠷᠠᠭᠠᠯᠵᠠᠨ ᠪᠠᠢᠯᠳᠤᠵᠤ ᠬᠦᠷᠦᠭᠰᠡᠨ ᠡᠯ᠎ᠡ ᠭᠠᠵᠠᠷ ᠯᠠᠪ ᠲᠠᠢᠯᠤᠮᠤᠢ᠃ ᠡᠭᠦᠨ ᠳ᠋ᠦ᠍ᠷ ᠴᠢᠨ ᠸᠠᠩ ᠲᠣᠯᠢ ᠴᠡᠷᠢᠭ ᠨᠡᠮᠡᠵᠦ ᠭᠤᠷᠪᠠᠨ ᠰᠠᠷ᠎ᠠ ᠬᠦᠴᠦᠯᠡᠨ ᠪᠠᠢᠯᠳᠤᠪᠠᠰᠤ ᠬᠣᠲᠠ ᠶ᠋ᠢᠨ ᠣᠢᠷ᠎ᠠ ᠬᠠᠯᠠᠭᠠᠬᠤᠶ᠎ᠠ ᠪᠡᠷᠬᠡ᠂ ᠲᠦᠷ ᠴᠡᠷᠢᠭ ᠡᠭᠡᠵᠦ ᠲᠠᠲᠠᠪᠠᠢ᠃ 
       ᠡᠨᠡ ᠦᠶ᠎ᠡ ᠳ᠋ᠦ᠍ᠷ ᠠᠯᠲᠠᠨ ᠤᠯᠤᠰ ᠠ᠋ᠴᠠ ᠮᠣᠩᠭᠣᠯ ᠤ᠋ᠨ ᠳᠠᠢᠽᠦ᠋ᠩ ᠬᠠᠭᠠᠨ ᠳ᠋ᠤᠷ ᠡᠶᠡᠳᠡᠬᠦ ᠶ᠋ᠢ ᠭᠤᠶᠤᠷ᠎ᠠ ᠡᠯᠴᠢ ᠬᠡᠳᠦᠨ ᠤᠳᠠᠭ᠎ᠠ ᠡᠴᠢᠭᠰᠡᠨ ᠳ᠋ᠦ᠍ᠷ ᠲᠡᠢᠽᠦ᠋ᠩ ᠬᠠᠭᠠᠨ ᠲᠦᠷ ᠬᠠᠯᠠᠭᠤᠨ ᠠ᠋ᠴᠠ ᠵᠠᠢᠯᠠᠨ ᠬᠣᠢᠲᠤ ᠵᠦᠭ ᠤᠬᠤᠷᠢᠵᠤ᠂ ᠲᠡᠳᠡᠨ ᠦ᠌ ᠡᠶᠡᠳᠡᠬᠦᠢ ᠳ᠋ᠦ᠍ᠷ ᠬᠡᠯᠡᠯᠴᠡᠬᠦ ᠡᠯᠴᠢ ᠶ᠋ᠢ ᠶᠠᠩ ᠵᠧᠦ ᠡᠴᠡ ᠵᠠᠷᠤᠵᠤ ᠪᠢᠶᠠᠨ ᠯᠢᠶᠠᠩ ᠴᠧᠩ ᠪᠠᠯᠭᠠᠰᠤᠨ ᠳ᠋ᠤᠷ ᠢᠯᠡᠬᠡᠨ ᠵᠠᠷᠯᠢᠭ ᠤ᠋ᠨ ᠵᠣᠣ ᠪᠢᠴᠢᠭ ᠢ᠋ ᠥᠭᠴᠦ ᠠᠯᠲᠠᠨ ᠤᠯᠤᠰ ᠤ᠋ᠨ ᠠᠢᠽᠦ᠋ᠩ ᠬᠠᠭᠠᠨ ᠢ᠋ ᠳᠠᠭᠠᠲᠤᠭᠠᠢ ᠭᠡᠮᠡᠨ ᠤᠬᠠᠭᠤᠯᠵᠤ᠂ ᠵᠢᠴᠢ ᠠᠯᠲᠠᠨ ᠤᠯᠤᠰ ᠤ᠋ᠨ ᠪᠢᠴᠢᠭ ᠦ᠋ᠨ ᠤᠳᠬᠠᠰ ᠤ᠋ᠨ ᠳᠡᠳ᠋ ᠰᠠᠢᠳ ᠵᠣᠣ ᠪᠢᠩ ᠸᠠᠨ᠂ ᠶᠠᠨ ᠱᠢ ᠬᠦᠩ᠂ ᠶᠤᠸᠠᠨ ᠵᠢᠶᠧ ᠲᠠᠨ ᠤ᠋ ᠵᠡᠷᠭᠡ ᠬᠣᠷᠢᠨ ᠳᠣᠯᠣᠭᠠᠨ ᠭᠡᠷ ᠦ᠋ᠨ ᠠᠮᠠᠨ᠂ ᠪᠠᠰᠠ ᠮᠠᠨ ᠳ᠋ᠤᠷ ᠪᠠᠷᠢᠭᠳᠠᠭᠰᠠᠨ ᠢ ᠯᠢ ᠫᠦ ᠾᠧ ᠶ᠋ᠢᠨ ᠭᠡᠷ ᠦ᠋ᠨ ᠠᠮᠠᠨ ᠡᠮ᠎ᠡ ᠦᠷ᠎ᠡ ᠶ᠋ᠢ ᠴᠥᠮ ᠢᠯᠡᠭᠡ᠂ ᠡᠭᠦᠨ ᠡᠴᠡ ᠭᠠᠳᠠᠨ᠎ᠠ ᠬᠠᠳᠬᠤᠮᠠᠯ ᠣᠶᠣᠬᠤ ᠤᠷᠠᠨ ᠥᠬᠢᠳ ᠪᠠ ᠰᠢᠪᠠᠭᠤ ᠰᠤᠷᠭᠠᠭᠴᠢ ᠠᠪᠠ ᠶ᠋ᠢᠨ ᠬᠥᠮᠦᠰ ᠢ᠋ ᠪᠡᠷᠢ ᠬᠡᠮᠡᠵᠦᠬᠦᠢ᠃ ᠡᠭᠦᠨ ᠳ᠋ᠦ᠍ᠷ ᠠᠯᠲᠠᠨ ᠤᠯᠤᠰ ᠤ᠋ᠨ ᠠᠢᠽᠦ᠋ᠩ ᠬᠠᠭᠠᠨ ᠸᠠᠨ ᠶᠠᠨ ᠱᠧᠦ ᠰᠢᠦᠢ ᠠᠷᠭ᠎ᠠ ᠦᠭᠡᠢ ᠲᠡᠭᠦᠨ ᠦ᠌ ᠠᠬ᠎ᠠ ᠵᠢᠩ ᠸᠠᠩ ᠸᠠᠨ ᠶᠠᠨ ᠱᠧᠦ ᠴᠦᠨ ᠦ᠌ ᠬᠥᠪᠡᠭᠦᠨ ᠬᠤᠸᠠᠨ ᠾᠧ ᠶ᠋ᠢ ᠼᠤᠤ ᠸᠠᠩ ᠭᠡᠮᠡᠨ ᠡᠷᠭᠦᠮᠵᠢᠯᠡᠵᠦ ᠳᠡᠨᠵᠢ ᠪᠣᠯᠭᠠᠨ᠂ ᠱᠠᠩᠱᠤ ᠲᠦᠰᠢᠮᠡᠯ – ᠵᠡᠭᠦᠨ ᠡᠲᠡᠭᠡᠳ ᠦ᠋ᠨ ᠴᠧᠩᠰᠢᠶᠠᠩ ᠯᠢ ᠰᠢ ᠲᠠᠨ ᠢ᠋ᠶ᠋ᠠᠷ ᠮᠣᠩᠭᠣᠯ ᠤ᠋ᠨ ᠠᠪᠤᠮᠤᠢ ᠬᠡᠮᠡᠭᠰᠡᠨ ᠪᠦᠬᠦᠨ ᠢ᠋ ᠴᠥᠮ ᠳᠤᠳᠠᠭᠤᠯᠤᠯ ᠦᠭᠡᠢ ᠪᠡᠷ ᠪᠦᠷᠢᠳᠬᠡᠨ ᠬᠦᠷᠭᠡᠭᠦᠯᠦᠨ ᠢᠯᠡᠭᠡᠵᠦ ᠨᠠᠢᠷᠠᠯᠳᠤᠬᠤ ᠶ᠋ᠢ ᠭᠤᠶᠤᠮᠤᠢ᠃ ᠵᠢᠴᠢ ᠪᠠᠰᠠ ᠵᠢᠶᠠᠨ ᠢ ᠲᠠᠢᠹᠦ᠋ ᠲᠦᠰᠢᠮᠡᠯ ᠠᠬᠤᠢ᠍ᠨᠳᠠᠢ᠂ ᠫᠠᠢ ᠮᠠᠨ ᠢ᠋ ᠨᠠᠢᠷᠠᠯᠳᠤᠨ ᠡᠶᠡᠳᠡᠬᠦ ᠶ᠋ᠢ ᠬᠡᠯᠡᠯᠴᠡᠬᠦ ᠡᠯᠴᠢ ᠪᠣᠯᠭᠠᠵᠤ ᠶᠠᠪᠤᠭᠤᠯᠬᠤᠢ ᠶ᠋ᠢᠨ ᠤᠷᠢᠳᠠ᠂ ᠮᠣᠩᠭᠣᠯ ᠤ᠋ᠨ ᠶᠡᠬᠡ ᠵᠠᠩᠵᠤᠨ ᠰᠥᠪᠡᠬᠡᠲᠡᠢ ᠪᠠᠭᠠᠲᠤᠷ ᠰᠣᠨᠣᠰᠴᠤ ᠶᠠᠭᠠᠷᠠᠨ ᠲᠡᠢᠰᠢ ᠪᠤᠯᠤ ᠳ᠋ᠤᠷ ᠬᠡᠯᠡᠪᠡᠰᠦ᠂ ᠪᠤᠯᠤ ᠢᠨᠢᠶᠡᠵᠦ ᠭᠠᠷ ᠢ᠋ᠶ᠋ᠠᠷ ᠵᠡᠭᠦᠨ ᠴᠢᠬᠢ ᠪᠡᠨ ᠳᠠᠷᠤᠭᠰᠠᠨ ᠳ᠋ᠤᠷ ᠰᠥᠪᠡᠭᠡᠲᠡᠢ ᠤᠴᠢᠷ ᠢ᠋ ᠤᠬᠠᠵᠤ ᠮᠡᠳᠡᠭᠡᠳ ᠳᠠᠷᠤᠢ ᠬᠣᠲᠠ ᠶ᠋ᠢᠨ ᠳᠣᠣᠷ᠎ᠠ ᠬᠦᠷᠴᠦ :《ᠪᠢ ᠵᠠᠷᠯᠢᠭ ᠢ᠋ᠶ᠋ᠠᠷ ᠬᠣᠲᠠ ᠶ᠋ᠢ ᠪᠠᠢᠯᠳᠤᠬᠤ ᠶ᠋ᠢ ᠮᠡᠳᠡᠬᠦ ᠪᠣᠢ ᠊ᠶ᠎ᠠ᠂ ᠥᠪᠡᠷ᠎ᠡ ᠶ᠋ᠢ ᠮᠡᠳᠡᠬᠦ ᠦᠭᠡᠢ ! 》ᠭᠡᠮᠡᠨ ᠳᠠᠷᠤᠢ ᠪᠠᠢᠯᠳᠤᠨ ᠣᠷᠣᠬᠤᠢ ᠳ᠋ᠤᠷ ᠫᠤᠤ ᠵᠡᠪᠰᠡᠭ ᠵᠡᠪᠡ ᠴᠢᠯᠠᠭᠤ ᠳ᠋ᠤᠷ ᠬᠣᠲᠠ ᠶ᠋ᠢᠨ ᠭᠠᠳᠠᠷ ᠤᠨᠠᠭᠤᠯᠢ ᠪᠠᠬᠠᠨ ᠡᠪᠳᠡᠷᠡᠮᠡᠭᠴᠡ ᠬᠣᠲᠠ ᠶ᠋ᠢᠨ ᠳᠣᠲᠣᠷᠠᠬᠢ ᠢᠷᠭᠡᠨ ᠦ᠌ ᠡᠬᠡᠨᠡᠷ ᠥᠬᠢᠳ ᠲᠦ᠍ᠷ ᠬᠦᠷᠲᠡᠯ᠎ᠡ ᠪᠦᠭᠦᠳᠡᠭᠡᠷ ᠣᠷᠣᠵᠤ ᠮᠣᠳᠣ ᠴᠢᠯᠠᠭᠤ ᠵᠥᠭᠡᠭᠡᠵᠦ ᠪᠥᠭᠯᠡᠵᠦ ᠬᠠᠯᠬᠠᠯᠴᠠᠮᠤᠢ᠂ ᠡᠭᠦᠨ ᠳ᠋ᠦ᠍ᠷ ᠠᠯᠲᠠᠨ ᠤᠯᠤᠰ ᠤ᠋ᠨ ᠫᠢᠩ ᠵᠠᠩ ᠲᠦᠰᠢᠮᠡᠯ ᠪᠠᠢ ᠰᠠ ᠴᠡᠷᠢᠭ ᠠᠪᠴᠤ ᠪᠠᠢᠯᠳᠤᠰᠤᠭᠠᠢ ᠬᠡᠮᠡᠬᠦᠯ᠎ᠡ᠂ ᠪᠠᠰᠠ ᠬᠡᠯᠡᠯᠴᠡᠨ ᠨᠠᠢᠷᠠᠯᠳᠤᠮᠤᠢ ᠬᠡᠮᠡᠵᠦ ᠪᠠᠢᠬᠤ ᠲᠤᠯᠠ ᠪᠠᠰᠠ ᠠᠶᠤᠮᠰᠢᠭ ᠦᠭᠡᠢ ᠪᠠᠢᠯᠳᠤᠨ ᠴᠢᠳᠠᠬᠤ ᠦᠭᠡᠢ ᠬᠠᠷᠠᠬᠠᠨ ᠬᠣᠲᠠᠨ ᠤ᠋ ᠳᠣᠲᠣᠷ᠎ᠠ ᠶᠡᠬᠡᠯ᠎ᠡ ᠪᠤᠷᠬᠢᠷᠠᠯᠳᠤᠬᠤᠢ ᠳ᠋ᠤᠷ ᠠᠢᠽᠦ᠋ᠩ ᠱᠧᠦ ᠰᠢᠦᠢ ᠰᠣᠨᠣᠰᠴᠤ ᠠᠷᠪᠠᠭᠠᠳ ᠮᠣᠷᠢᠲᠠᠨ ᠢ᠋ ᠠᠪᠴᠤ ᠳᠣᠲᠣᠭᠠᠳᠤ ᠰᠢᠷ᠎ᠠ ᠬᠣᠲᠠ ᠶ᠋ᠢᠨ ᠰᠢᠦᠸᠠᠨ ᠮᠸᠡ ᠬᠠᠭᠠᠯᠭ᠎ᠠ ᠪᠠᠷ ᠭᠠᠷᠴᠤ ᠵᠣ᠌ ᠴᠢᠦᠸᠠᠢ ᠬᠥᠭᠥᠷᠭᠡ ᠳ᠋ᠦ᠍ᠷ ᠪᠣᠷᠣᠭᠠᠨ ᠢ ᠲᠡᠰᠡᠷᠭᠦᠯᠡᠨ ᠬᠦᠷᠴᠦ ᠢᠷᠡᠲᠡᠯ᠎ᠡ ᠬᠠᠭᠠᠨ ᠤ᠋ ᠲᠡᠷᠭᠡ ᠵᠢᠭᠰᠠᠭᠠᠯ ᠴᠥᠮ ᠨᠣᠷᠤᠭᠰᠠᠨ ᠳ᠋ᠤᠷ ᠬᠣᠲᠠ ᠶ᠋ᠢᠨ ᠣᠯᠠᠨ ᠢᠷᠭᠡᠨ ᠶᠡᠬᠡᠯ᠎ᠡ ᠭᠠᠢᠬᠠᠯᠳᠤᠨ᠂ ᠡᠵᠡᠨ ᠭᠡᠨᠡᠳᠲᠡ ᠭᠠᠷᠴᠤ ᠢᠷᠡᠭᠰᠡᠨ ᠳ᠋ᠦ᠍ᠷ ᠨᠡᠢᠰᠯᠡᠯ ᠦ᠋ᠨ ᠬᠣᠲᠠᠯᠠᠭᠠᠷ ᠰᠣᠴᠢᠨ ᠪᠠᠯᠠᠷᠠᠵᠤ ᠰᠤᠯᠠ ᠢᠷᠭᠡᠨ ᠵᠠᠢᠯᠠᠬᠤ ᠪᠠ ᠬᠠᠷᠢᠶᠠᠲᠤ ᠲᠦᠰᠢᠮᠡᠳ ᠤᠭᠲᠤᠬᠤ ᠶ᠋ᠢ ᠴᠥᠮ ᠣᠰᠣᠯᠳᠠᠵᠤ᠂ ᠵᠠᠭᠤᠨ ᠣᠪᠣᠭᠲᠠᠨ ᠵᠠᠢᠯᠠᠨ ᠵᠠᠪᠳᠤᠬᠤ ᠦᠭᠡᠢ ᠵᠠᠮ ᠤ᠋ᠨ ᠬᠠᠵᠠᠭᠤᠳᠠ ᠰᠥᠭᠥᠳᠦᠯᠴᠡᠪᠡ᠃ ᠬᠠᠭᠠᠨ ᠢ᠋ ᠬᠣᠲᠠᠨ ᠢ᠋ ᠣᠷᠬᠢᠵᠤ ᠶᠠᠪᠤᠬᠤ ᠪᠣᠯᠭᠠᠨ ᠰᠠᠨᠠᠵᠤ᠂ ᠬᠥᠭᠰᠢᠨ ᠵᠠᠯᠠᠭᠤᠰ ᠬᠠᠭᠠᠨ ᠢ᠋ ᠬᠠᠯᠬᠠᠯᠠᠨ ᠬᠣᠷᠢᠭᠯᠠᠵᠤ ᠮᠥᠷᠭᠥᠬᠦᠢ ᠳ᠋ᠦ᠍ᠷ ᠬᠠᠭᠠᠨ ᠤ᠋ ᠬᠣᠢᠨ᠎ᠠ ᠠ᠋ᠴᠠ ᠠᠨᠤ ᠶᠡᠬᠡ ᠰᠠᠢᠳ ᠽᠠᠢᠰᠢᠶᠠᠩ᠂ ᠴᠧᠩᠰᠢᠶᠠᠩ ᠨᠠᠷ ᠪᠠ ᠰᠢᠳᠠᠷ ᠰᠠᠢᠳ᠂ ᠲᠠᠢᠭᠠᠨ ᠬᠢᠶ᠎ᠡ ᠨᠠᠷ ᠠᠨᠤ ᠭᠦᠢᠴᠡᠨ ᠢᠷᠡᠵᠦ᠂ ᠶᠠᠭᠠᠷᠠᠨ ᠪᠣᠷᠣᠭᠠᠨ ᠤ᠋ ᠰᠢᠬᠦᠷ ᠬᠠᠯᠬᠠᠪᠴᠢ ᠪᠠ ᠨᠥᠮᠥᠷᠭᠡ ᠪᠦᠷᠬᠦᠭᠦᠯ ᠢ᠋ ᠠᠨᠤ ᠠᠪᠴᠤ ᠢᠷᠡᠨ ᠨᠥᠮᠥᠷᠦᠮᠦ ᠬᠡᠮᠡᠬᠦᠢ ᠳ᠋ᠦ᠍ᠷ ᠬᠠᠭᠠᠨ ᠨᠥᠮᠥᠷᠬᠦ ᠦᠭᠡᠢ ᠥᠭᠦᠯᠡᠷᠦᠨ: 《ᠮᠡᠬᠦᠰ ᠪᠢ ᠳᠠᠢᠰᠤᠨ ᠤ᠋ ᠳᠣᠲᠣᠷ᠎ᠠ ᠪᠤᠷᠤᠭᠤᠯᠠᠨ ᠳᠤᠲᠠᠭᠠᠬᠤᠢ ᠳ᠋ᠤᠷ ᠲᠡᠳᠡᠭᠡᠷ ᠵᠡᠷᠭᠡ ᠶ᠋ᠢᠨ ᠶᠠᠭᠤᠮ᠎ᠠ ᠪᠠᠷ ᠶᠠᠭᠤ ᠬᠢᠬᠦ ! 》ᠭᠡᠮᠡᠨ ᠲᠦᠰᠢᠮᠡᠯ ᠲᠦᠰᠢᠶ᠎ᠡ ᠴᠡᠷᠢᠭ ᠢᠷᠭᠡᠨ ᠦ᠌ ᠬᠠᠮᠲᠤ ᠪᠠᠷ ᠬᠣᠷᠢᠭᠯᠠᠬᠤᠢ ᠳ᠋ᠤᠷ ᠰᠠᠶᠢ ᠡᠭᠡᠪᠡ᠃ ᠳᠠᠭᠠᠯᠳᠤᠭ᠎ᠠ ᠬᠣᠲᠠ ᠶ᠋ᠢᠨ ᠪᠠᠷᠠᠭᠤᠨ ᠡᠮᠦᠨ᠎ᠡ ᠥᠨᠴᠥᠭ ᠢ᠋ ᠰᠠᠬᠢᠬᠤ ᠲᠠᠪᠢ ᠵᠢᠷᠠᠨ ᠴᠡᠷᠢᠭ ᠢᠷᠡᠵᠦ ᠵᠠᠮ ᠲᠣᠰᠴᠤ ᠠᠢᠯᠠᠳᠬᠠᠷᠤᠨ :《ᠮᠣᠩᠭᠣᠯ ᠤ᠋ᠨ ᠴᠡᠷᠢᠭ ᠰᠢᠷᠣᠢ ᠵᠥᠭᠡᠭᠡᠵᠦ ᠶᠡᠬᠡ ᠤᠰᠤᠨ ᠤᠨᠠᠭᠤᠯᠢ ᠶ᠋ᠢᠨ ᠬᠠᠭᠠᠰ ᠢ᠋ ᠪᠥᠭᠯᠡᠨ ᠶᠡᠬᠡ ᠬᠠᠭᠠᠰ ᠢ᠋ ᠥᠩᠭᠡᠷᠡᠭᠰᠡᠨ ᠠᠲᠠᠯ᠎ᠠ ᠫᠢᠩ ᠵᠠᠩ ᠲᠦᠰᠢᠮᠡᠯ ᠪᠠᠰᠠ ᠬᠦ᠌ ᠪᠠᠢᠯᠳᠤᠭᠤᠯᠬᠤ ᠦᠭᠡᠢ᠂ ᠭᠠᠭᠴᠠ ᠨᠠᠢᠷᠠᠮᠳᠠᠬᠤ ᠶ᠋ᠢ ᠡᠪᠳᠡᠭᠦᠵᠡᠢ ᠬᠡᠮᠡᠮᠦᠢ ! 》ᠬᠡᠮᠡᠭᠰᠡᠨ ᠳ᠋ᠦ᠍ᠷ ᠠᠢᠽᠦ᠋ᠩ ᠥᠭᠦᠯᠡᠷᠦᠨ : 《ᠮᠡᠬᠦᠰ ᠬᠥᠮᠦᠨ ᠵᠠᠭᠤᠨ ᠣᠪᠣᠭᠲᠠᠨ ᠣᠯᠠᠨ ᠢᠷᠭᠡᠨ ᠢ᠋ᠶ᠋ᠡᠨ ᠬᠠᠢᠷᠠᠯᠠᠨ᠂ ᠮᠣᠩᠭᠣᠯ ᠳ᠋ᠤᠷ ᠨᠢᠭᠡᠨᠲᠡ ᠲᠦᠰᠢᠮᠡᠯ ᠬᠡᠮᠡᠭᠳᠡᠨ ᠬᠣᠢᠰᠢ ᠬᠠᠨᠳᠤᠵᠤ ᠮᠣᠩᠭᠣᠯ ᠢ᠋ ᠦᠢᠯᠡᠴᠢᠯᠡᠨ᠂ ᠡᠯ᠎ᠡ ᠵᠦᠢᠯ ᠦ᠋ᠨ ᠠᠯᠪᠠ ᠪᠠᠷᠢᠬᠤ ᠳ᠋ᠤᠷ ᠠᠯᠢᠪᠠ ᠵᠦᠢᠯ ᠢ᠋ ᠴᠥᠮ ᠳᠠᠭᠠᠵᠤ᠂ ᠦᠷᠡᠴᠢᠯᠡᠭᠰᠡᠨ ᠭᠠᠭᠴᠠ ᠦᠷ᠎ᠡ ᠪᠡᠨ ᠲᠡᠵᠢᠭᠡᠨ ᠥᠰᠬᠡᠵᠦ ᠬᠥᠮᠦᠵᠢᠭᠦᠯᠦᠨ ᠬᠥᠮᠦᠨ ᠪᠣᠯᠭᠠᠨ ᠴᠢᠳᠠᠬᠤᠢ ᠶ᠋ᠢᠨ ᠤᠷᠢᠳ ᠪᠠᠰᠠ ᠮᠣᠩᠭᠣᠯ ᠳ᠋ᠤᠷ ᠳᠡᠨᠵᠢ ᠪᠣᠯᠭᠠᠨ ᠳᠠᠷᠤᠭᠤᠯᠪᠠ᠃ ᠲᠡᠢᠮᠦ ᠶ᠋ᠢᠨ ᠲᠤᠯᠠ ᠲᠠᠨ ᠤ᠋ ᠣᠯᠠᠨ ᠲᠦᠷ ᠪᠠᠬᠠᠨ ᠬᠦᠯᠢᠭᠡᠯᠵᠡᠲᠦᠭᠡᠢ᠂ ᠼᠤᠤ ᠸᠠᠩ ᠬᠥᠪᠡᠭᠦᠨ ᠮᠢᠨᠦ ᠭᠠᠷᠴᠤ ᠮᠣᠩᠭᠣᠯ ᠳ᠋ᠤᠷ ᠡᠴᠢᠭᠰᠡᠨ ᠠᠲᠠᠯ᠎ᠠ ᠮᠣᠩᠭᠣᠯ ᠤ᠋ᠨ ᠴᠡᠷᠢᠭ ᠪᠠᠰᠠ ᠡᠭᠡᠬᠦ ᠦᠭᠡᠢ ᠪᠣᠯᠪᠠᠰᠤ ᠲᠡᠷᠡ ᠴᠠᠭ ᠲᠤᠷ ᠲᠠ ᠣᠳᠣ ᠦᠬᠦᠨ ᠪᠠᠢᠯᠳᠤᠬᠤᠢ ᠳ᠋ᠤᠷ ᠣᠷᠣᠢᠲᠠᠬᠤ ᠦᠭᠡᠢ ! 》ᠭᠡᠮᠡᠨ ᠬᠥᠪᠡᠭᠦᠨ ᠼᠤᠤ ᠸᠠᠩ ᠢ᠋ ᠮᠣᠷᠳᠠᠭᠤᠯᠪᠠ᠃ ᠲᠡᠢᠨ ᠠᠲᠠᠯ᠎ᠠ ᠮᠣᠩᠭᠣᠯ ᠤ᠋ᠨ ᠴᠡᠷᠢᠭ ᠦ᠋ᠨ ᠬᠦᠷᠢᠶ᠎ᠡ ᠳ᠋ᠦ᠍ᠷ ᠵᠠᠷᠯᠢᠭ ᠢᠷᠡᠭᠡᠳᠦᠢ ᠲᠤᠯᠠ ᠰᠥᠪᠡᠭᠡᠲᠡᠢ ᠪᠠᠭᠠᠲᠤᠷ ᠴᠡᠷᠢᠭ ᠲᠦ᠍ᠷ ᠬᠦᠴᠦᠨ ᠨᠡᠮᠡᠵᠦ ᠬᠣᠲᠠ ᠶ᠋ᠢ ᠪᠠᠢᠯᠳᠤᠵᠤ ᠵᠣᠭᠰᠣᠬᠤ ᠦᠭᠡᠢ ᠳ᠋ᠦ᠍ᠷ ᠠᠯᠲᠠᠨ ᠤᠯᠤᠰ ᠤ᠋ᠨ ᠬᠠᠭᠠᠨ ᠠᠨᠤ ᠵᠢᠩ ᠳᠧ ᠬᠦᠩ ᠢ᠋ᠶ᠋ᠡᠷ ᠣᠯᠠᠨ ᠵᠦᠢᠯ ᠦ᠋ᠨ ᠫᠤᠤ ᠬᠢᠯᠭᠡᠵᠦ᠂ ᠪᠠᠰᠠ ᠰᠢᠷᠠᠮᠤ ᠪᠠᠷ ᠬᠥᠨᠳᠡᠢ ᠳ᠋ᠧᠩᠯᠦ ᠮᠡᠲᠦ ᠴᠢᠳᠬᠤᠵᠤ ᠶᠡᠬᠡ ᠪᠠᠭ᠎ᠠ ᠴᠥᠮ ᠵᠢᠩ ᠢᠯᠡᠭᠦᠦ ᠬᠦᠨᠳᠦ ᠪᠣᠢ᠃ ᠳᠣᠲᠣᠷ᠎ᠠ ᠬᠦ ᠳᠠᠷᠢ ᠪᠠᠷ ᠳᠦᠭᠦᠷᠭᠡᠵᠦ ᠶᠡᠬᠡ ᠫᠤᠤ ᠳ᠋ᠤᠷ ᠬᠢᠵᠦ ᠬᠠᠷᠪᠤᠨ ᠭᠠᠷᠭᠠᠵᠤ ᠳᠡᠯᠪᠡᠷᠡᠪᠡᠰᠦ ᠮᠥᠨ ᠨᠡᠯᠢᠶᠡᠳ ᠭᠠᠵᠠᠷ ᠥᠰᠥᠷᠬᠡᠮᠦᠢ᠃ ᠡᠭᠦᠨ ᠡᠴᠡ ᠭᠠᠳᠠᠨ᠎ᠠ ᠪᠠᠰᠠ ᠬᠣᠲᠠᠨ ᠤ᠋ ᠳᠣᠲᠣᠷ᠎ᠠ ᠪᠠᠢᠬᠤ ᠲᠠᠢ ᠬᠤ᠌ ᠱᠢ ᠴᠢᠯᠠᠭᠤᠨ ᠤ᠋ ᠵᠣᠬᠢᠶᠠᠮᠠᠯ ᠬᠠᠳᠠ ᠶ᠋ᠢᠨ ᠦᠵᠡᠮᠵᠢᠲᠦ ᠠᠭᠤᠯᠠ ᠶ᠋ᠢ ᠪᠦᠷᠢᠨ᠎ᠡ ᠡᠪᠳᠡᠭᠦᠯᠵᠦ᠂ ᠬᠣᠲᠠ ᠬᠠᠢᠰᠠᠩ ᠤ᠋ᠨ ᠳᠣᠲᠣᠷ᠎ᠠ ᠰᠠᠬᠢᠭᠤᠯ ᠪᠠᠢᠭᠤᠯᠵᠤ᠂ ᠪᠠᠰᠠ ᠬᠣᠲᠠ ᠶ᠋ᠢᠨ ᠳᠣᠲᠣᠷᠠᠬᠢ ᠤᠷᠲᠤ ᠬᠠᠷᠰᠢ ᠪᠠ ᠴᠡᠷᠢᠭ ᠢᠷᠭᠡᠨ ᠦ᠌ ᠡᠪᠳᠡᠷᠡᠵᠦ ᠴᠤᠴᠠᠷᠠᠭᠰᠠᠨ ᠭᠡᠷ ᠬᠦᠷᠢᠶ᠎ᠡ ᠶ᠋ᠢᠨ ᠴᠢᠯᠠᠭᠤ ᠲᠣᠭᠣᠰᠬ᠎ᠠ ᠰᠢᠷᠣᠢ ᠮᠣᠳᠣ ᠶ᠋ᠢ ᠠᠨᠤ ᠵᠥᠭᠡᠭᠡᠯᠭᠡᠨ᠂ ᠡᠳᠦᠷ ᠰᠥᠨᠢ ᠦᠭᠡᠢ ᠬᠡᠳᠦᠨ ᠠᠷᠪᠠᠨ ᠲᠦᠮᠡᠨ ᠬᠥᠮᠦᠨ ᠢ᠋ᠶ᠋ᠡᠷ ᠬᠣᠲᠠ ᠶ᠋ᠢᠨ ᠳᠣᠲᠣᠷ᠎ᠠ ᠠ᠋ᠴᠠ ᠢᠪᠡᠭᠦᠯᠦᠨ ᠪᠠᠷᠢᠭᠤᠯᠤᠭᠰᠠᠭᠠᠷ ᠬᠣᠲᠠ ᠯᠤᠭ᠎ᠠ ᠰᠠᠴᠠᠭᠤ ᠪᠣᠯᠭᠠᠭᠰᠠᠨ ᠳ᠋ᠤᠷ ᠮᠣᠩᠭᠣᠯ ᠬᠡᠳᠦᠢ ᠶᠡᠬᠡ ᠫᠤᠤ ᠪᠠᠷ ᠬᠠᠷᠪᠤᠪᠠᠴᠤ ᠨᠡᠪᠲᠡᠷᠡᠬᠦ ᠦᠭᠡᠢ ᠪᠣᠯᠤᠭᠠᠳ ᠬᠣᠲᠠ ᠶ᠋ᠢᠨ ᠳᠥᠷᠪᠡᠨ ᠥᠨᠴᠥᠭ ᠲᠣᠷ ᠪᠠᠰᠠ ᠳᠥᠷᠪᠡᠨ ᠵᠠᠭᠤᠨ ᠢᠯᠡᠭᠦᠦ ᠫᠤᠤ ᠪᠡᠯᠡᠳᠬᠡᠵᠦ ᠭᠠᠳᠠᠭᠰᠢ ᠫᠤᠤᠳᠠᠮᠤᠢ᠃ ᠡᠭᠦᠨ ᠳ᠋ᠦ᠍ᠷ ᠬᠣᠲᠠ ᠶ᠋ᠢᠨ ᠬᠠᠢᠰᠠᠩ ᠮᠣᠩᠭᠣᠯ ᠤ᠋ᠨ ᠫᠤᠤ ᠳ᠋ᠤᠷ ᠡᠪᠳᠡᠷᠡᠨ ᠤᠨᠠᠬᠤ ᠲᠤᠯᠠ ᠭᠠᠳᠠᠨ᠎ᠠ ᠠᠨᠤ ᠤᠳᠠᠨ ᠤ᠋ ᠦᠵᠦᠭᠦᠷ ᠨᠣᠢᠲᠠᠨ ᠦᠬᠡᠷ ᠦ᠋ᠨ ᠠᠷᠠᠰᠤ ᠪᠠᠷ ᠯᠠᠪᠷᠢ ᠮᠡᠲᠦ ᠤᠨᠵᠢᠯᠠᠭᠤᠯᠤᠨ ᠬᠢᠭᠰᠡᠨ ᠳ᠋ᠦ᠍ᠷ ᠬᠡᠳᠦᠢ ᠫᠤᠤ ᠶ᠋ᠢᠨ ᠲᠡᠯᠢᠩ ᠲᠣᠰᠪᠠᠴᠤ ᠨᠡᠪᠲᠡᠷᠡᠬᠦ ᠦᠭᠡᠢ᠃ ᠡᠨᠡ ᠮᠡᠲᠦ ᠡᠯ᠎ᠡ ᠵᠦᠢᠯ ᠦ᠋ᠨ ᠠᠷᠭ᠎ᠠ ᠪᠠᠷ ᠬᠣᠲᠠᠨ ᠢ᠋ ᠬᠠᠮᠠᠭᠠᠯᠠᠨ ᠰᠠᠬᠢᠬᠤᠢ ᠳ᠋ᠤᠷ ᠮᠣᠩᠭᠣᠯ ᠤ᠋ᠨ ᠴᠡᠷᠢᠭ ᠬᠣᠲᠠ ᠶ᠋ᠢᠨ ᠭᠠᠳᠠᠭᠤᠷ ᠨᠢᠭᠡᠨ ᠵᠠᠭᠤᠨ ᠲᠠᠪᠢᠨ ᠢᠯᠡᠭᠦᠦ ᠡᠳᠦᠷ ᠪᠦᠰᠡᠯᠡᠵᠦ ᠪᠠᠢᠯᠳᠤᠨ᠂ ᠬᠣᠲᠠ ᠬᠡᠷᠡᠮ ᠫᠤᠤ ᠳ᠋ᠤᠷ ᠰᠡᠲᠡᠷᠡᠪᠡᠴᠦ ᠤᠨᠠᠭᠤᠯᠢ ᠭᠣᠣ ᠭᠦᠨ ᠪᠥᠭᠡᠳ ᠣᠷᠣᠨ ᠬᠦᠷᠢᠶ᠎ᠡ ᠥᠷᠭᠡᠨ ᠲᠤᠯᠠ ᠣᠷᠣᠬᠤᠶ᠎ᠠ ᠪᠡᠷᠬᠡ᠃ ᠡᠨᠡ ᠤᠨᠠᠭᠤᠯᠢ ᠶ᠋ᠢᠨ ᠭᠦᠨ ᠢᠨᠣ ᠬᠣᠶᠠᠷ ᠵᠠᠩ᠂ ᠥᠷᠭᠡᠨ ᠢᠨᠣ ᠬᠣᠷᠢᠨ ᠵᠠᠩ᠂ ᠡᠭᠦᠨ ᠦ᠌ ᠳᠣᠲᠣᠷ᠎ᠠ ᠪᠠᠰᠠ ᠰᠢᠷᠣᠢ ᠶ᠋ᠢᠨ ᠳᠣᠪᠣ ᠪᠠᠷ ᠤᠨᠠᠭᠤᠯᠢ ᠳ᠋ᠤᠷ ᠰᠢᠷᠣᠢ ᠶ᠋ᠢᠨ ᠬᠠᠯᠬᠠᠪᠴᠢ ᠬᠢᠵᠦ ᠭᠤᠴᠢ ᠳᠥᠴᠢᠨ ᠠᠯᠬᠤᠮ ᠤ᠋ᠨ ᠭᠠᠵᠠᠷ ᠵᠠᠭᠤᠭᠠᠳ ᠬᠥᠮᠦᠨ ᠰᠠᠬᠢᠵᠤᠬᠤᠢ᠃ ᠡᠨᠡ ᠬᠡᠷᠡᠮ ᠢ᠋ ᠬᠣᠲᠠ ᠰᠠᠬᠢᠬᠤ ᠵᠠᠩᠵᠤᠨ ᠪᠠᠢ ᠰᠠ ᠰᠠᠬᠢᠮᠤᠢ᠂ ᠡᠭᠦᠨ ᠳ᠋ᠦ᠍ᠷ ᠮᠣᠩᠭᠣᠯ ᠤ᠋ᠨ ᠴᠡᠷᠢᠭ ᠬᠣᠲᠠ ᠶ᠋ᠢᠨ ᠬᠠᠭᠠᠯᠭ᠎ᠠ ᠶ᠋ᠢ ᠪᠠᠢᠯᠳᠤᠬᠤᠢ ᠳ᠋ᠤᠷ ᠮᠠᠰᠢ ᠪᠡᠷᠬᠡ᠃ ᠵᠢᠴᠢ ᠪᠠᠰᠠ ᠣᠯᠠᠨ ᠴᠡᠷᠢᠭ ᠢᠷᠭᠡᠨ ᠦ᠌ ᠳᠣᠲᠣᠷ᠎ᠠ ᠠ᠋ᠴᠠ ᠵᠠᠩᠵᠤᠨ ᠪᠠᠢ ᠰᠠ ᠲᠡᠨᠡᠭ ᠮᠠᠩᠬᠤᠤ ᠠᠷᠠᠳ ᠢ᠋ ᠮᠢᠩᠭᠠᠨ ᠢᠯᠡᠭᠦᠦ ᠰᠣᠩᠭᠣᠨ᠂ ᠰᠥᠨᠢ ᠮᠣᠩᠭᠣᠯ ᠤ᠋ᠨ ᠫᠤᠤᠲ᠋ᠠᠢ ᠶ᠋ᠢ ᠪᠤᠯᠢᠶᠠᠰᠤᠭᠠᠢ ᠭᠡᠮᠡᠨ ᠰᠥᠨᠢ ᠣᠯᠠᠨ ᠪᠦᠷᠬᠦᠭᠦᠯᠲᠦ ᠵᠤᠯᠠ ᠪᠠᠷ ᠲᠡᠮᠳᠡᠭ ᠪᠣᠯᠭᠠᠨ ᠬᠣᠲᠠ ᠶ᠋ᠢᠨ ᠴᠡᠷᠢᠭ ᠢ᠋ ᠬᠠᠷᠠᠲᠤᠭᠠᠢ ᠬᠡᠮᠡᠭᠰᠡᠨ ᠢ᠋ ᠰᠥᠪᠡᠭᠡᠲᠡᠢ ᠪᠠᠭᠠᠲᠤᠷ ᠮᠡᠳᠡᠭᠡᠳ ᠳᠠᠷᠤᠢ ᠴᠡᠷᠢᠭ ᠪᠦᠭᠭᠦᠵᠦ ᠪᠠᠢᠯᠳᠤᠵᠤ ᠳᠠᠷᠤᠭᠰᠠᠨ ᠳ᠋ᠤᠷ ᠠᠪᠴᠤ ᠴᠢᠳᠠᠭᠰᠠᠨ ᠦᠭᠡᠢ᠃ ᠡᠭᠦᠨ ᠳ᠋ᠦ᠍ᠷ ᠭᠡᠳᠡᠷᠭᠦ ᠴᠡᠷᠢᠭ ᠬᠣᠬᠢᠷᠠᠭᠠᠳ ᠠᠷᠭ᠎ᠠ ᠦᠭᠡᠢ ᠪᠣᠯᠵᠤ᠂ ᠪᠠᠰᠠ ᠨᠢᠭᠡᠨ ᠰᠣᠨᠢᠨ ᠫᠤᠤ ᠬᠢᠵᠦ ᠭᠠᠬᠠᠢ ᠶ᠋ᠢᠨ ᠳᠠᠪᠤᠰᠠᠩ ᠤ᠋ᠨ ᠴᠢᠨᠡᠭᠡᠨ ᠬᠥᠨᠳᠡᠢ ᠰᠢᠷᠠᠮᠤ ᠶ᠋ᠢᠨ ᠳᠠᠯᠢᠩ ᠬᠢᠵᠦ᠂ ᠡᠭᠦᠨ ᠦ᠌ ᠳᠣᠲᠣᠷ᠎ᠠ ᠮᠥᠨ ᠬᠦ ᠳᠠᠷᠢ ᠳᠦᠭᠦᠷᠭᠡᠵᠦ᠂ ᠶᠡᠬᠡ ᠫᠤᠤ ᠳ᠋ᠤᠷ ᠬᠢᠵᠦ ᠬᠣᠲᠠ ᠶ᠋ᠢᠨ ᠠᠰᠠᠷ ᠠ᠋ᠴᠠ ᠮᠣᠩᠭᠣᠯ ᠤ᠋ᠨ ᠴᠡᠷᠢᠭ ᠦ᠋ᠨ ᠬᠦᠷᠢᠶ᠎ᠡ ᠳ᠋ᠦ᠍ᠷ ᠬᠠᠷᠪᠤᠮᠤᠢ᠃ ᠡᠨᠡ ᠰᠢᠷᠠᠮᠤ ᠶ᠋ᠢᠨ ᠪᠥᠮᠪᠥᠭᠡ ᠬᠠᠭᠠᠷᠠᠪᠠᠰᠤ ᠮᠥᠨ ᠬᠡᠳᠦᠨ ᠠᠷᠪᠠᠨ ᠵᠠᠩ ᠭᠠᠵᠠᠷ ᠰᠢᠲᠠᠬᠤ ᠲᠤᠯᠠ ᠡᠭᠦᠨ ᠦ᠌ ᠨᠡᠷ᠎ᠡ ᠶ᠋ᠢ ᠵᠸᠨ ᠲᠢᠶᠠᠨ ᠯᠧᠢ – ᠲᠡᠭᠷᠢ ᠶ᠋ᠢ ᠲᠤᠷᠭᠢᠭᠤᠯᠤᠭᠴᠢ ᠠᠶᠤᠩᠭ᠎ᠠ ᠭᠡᠮᠡᠨ ᠳᠠᠭᠤᠳᠠᠮᠤᠢ᠃ ᠡᠭᠦᠨ ᠦ᠌ ᠳᠡᠯᠪᠡᠷᠡᠬᠦ ᠳᠠᠭᠤᠨ ᠵᠠᠭᠤᠨ ᠭᠠᠵᠠᠷ ᠰᠣᠨᠣᠰᠳᠠᠮᠤᠢ᠃ ᠡᠭᠦᠨ ᠳ᠋ᠦ᠍ᠷ ᠰᠥᠪᠡᠬᠡᠲᠡᠢ ᠪᠠᠭᠠᠲᠤᠷ ᠦᠬᠡᠷ ᠦ᠋ᠨ ᠠᠷᠠᠰᠤ ᠪᠠᠷ ᠪᠢᠲᠡᠭᠦᠦ ᠬᠠᠯᠬᠠᠪᠴᠢ ᠬᠢᠵᠦ ᠳᠣᠲᠣᠷ᠎ᠠ ᠬᠥᠮᠦᠨ ᠳᠠᠯᠳᠠᠯᠠᠵᠤ ᠪᠠᠰᠠ ᠬᠣᠲᠠ ᠶ᠋ᠢ ᠪᠠᠢᠯᠳᠤᠮᠤᠢ᠃ ᠡᠭᠦᠨ ᠳ᠋ᠦ᠍ᠷ ᠠᠯᠲᠠᠨ ᠤᠯᠤᠰ ᠤ᠋ᠨ ᠴᠡᠷᠢᠭ ᠴᠢᠬᠤᠯᠳᠠᠪᠠᠰᠤ ᠳᠠᠷᠤᠢ ᠵᠸᠨ ᠲᠢᠶᠠᠨ ᠯᠧᠢ ᠪᠤᠶᠤ ᠴᠢ ᠾᠦᠸᠧ ᠵᠢᠶᠠᠨ ᠬᠡᠮᠡᠬᠦ ᠭᠠᠯ ᠰᠤᠮᠤ ᠪᠠᠷ ᠬᠠᠷᠪᠤᠮᠤᠢ᠃ ᠡᠨᠡ ᠵᠸᠨ ᠲᠢᠶᠠᠨ ᠯᠧᠢ ᠠᠷᠪᠠᠨ ᠬᠡᠳᠦᠨ ᠠᠯᠲᠠ ᠶ᠋ᠢᠨ ᠭᠠᠵᠠᠷ ᠢ᠋ ᠬᠠᠭᠠᠯᠤᠨ ᠥᠰᠥᠷᠬᠡᠵᠦ ᠴᠢᠳᠠᠬᠤ ᠲᠤᠯᠠ ᠮᠣᠩᠭᠣᠯ ᠤ᠋ᠨ ᠴᠡᠷᠢᠭ ᠬᠣᠲᠠ ᠶ᠋ᠢᠨ ᠣᠢᠷ᠎ᠠ ᠬᠠᠯᠠᠭᠠᠵᠤ ᠴᠢᠳᠠᠬᠤ ᠦᠭᠡᠢ᠂ ᠳᠣᠣᠭᠤᠷ ᠬᠥᠨᠳᠡᠢᠯᠡᠨ ᠣᠷᠣᠰᠤᠭᠠᠢ ᠬᠡᠮᠡᠬᠦᠯ᠎ᠡ ᠡᠮᠦᠨ᠎ᠡ ᠭᠠᠵᠠᠷ ᠤᠰᠤᠷᠬᠠᠭ ᠲᠤᠯᠠ ᠨᠦᠬᠡ ᠳ᠋ᠦ᠍ᠷ ᠴᠥᠮ ᠤᠰᠤ ᠣᠷᠣᠵᠤ ᠡᠷᠦᠵᠦ ᠪᠣᠯᠬᠤ ᠦᠭᠡᠢ᠃ ᠦᠬᠡᠷ ᠫᠤᠤ ᠪᠠᠷ ᠪᠠᠢᠯᠳᠤᠪᠠᠰᠤ ᠡᠨᠡ ᠵᠸᠨ ᠲᠢᠶᠠᠨ ᠯᠧᠢ᠂ ᠴᠢ ᠾᠦᠸᠧ ᠵᠢᠶᠠᠨ ᠬᠣᠶᠠᠷ ᠵᠦᠢᠯ ᠮᠠᠰᠢ ᠬᠡᠴᠡᠭᠦᠦ ᠲᠤᠯᠠ ᠮᠣᠩᠭᠣᠯ ᠤ᠋ᠨ ᠴᠡᠷᠢᠭ ᠡᠨᠡ ᠬᠣᠶᠠᠷ ᠵᠦᠢᠯ ᠡᠴᠡ ᠪᠠᠬᠠᠨ ᠠᠶᠤᠮᠤᠢ᠃ ᠲᠡᠢᠨ ᠪᠣᠯᠪᠠᠴᠤ ᠡᠨᠡ ᠨᠢᠭᠡᠨ ᠳᠠᠷᠠᠭ᠎ᠠ ᠪᠠᠷ ᠡᠳᠦᠷ ᠰᠥᠨᠢ ᠵᠠᠯᠭᠠᠯᠳᠤᠨ ᠠᠷᠪᠠᠨ ᠵᠢᠷᠭᠤᠭᠠᠨ ᠡᠳᠦᠷ ᠪᠠᠢᠯᠳᠤᠵᠤ᠂ ᠬᠣᠲᠠᠨ ᠤ᠋ ᠳᠣᠲᠣᠷ᠎ᠠ ᠭᠠᠳᠠᠨ᠎ᠠ ᠬᠣᠶᠠᠷ ᠡᠲᠡᠭᠡᠳ ᠦ᠋ᠨ ᠴᠡᠷᠢᠭ ᠦ᠋ᠨ ᠠᠷᠠᠳ ᠵᠠᠭᠤᠨ ᠲᠦᠮᠡᠨ ᠢᠯᠡᠭᠦᠦ ᠦᠬᠦᠪᠡ᠃ ᠮᠣᠩᠭᠣᠯ ᠤ᠋ᠨ ᠡᠮᠦᠨ᠎ᠡ ᠴᠥᠮ ᠬᠢᠲᠠᠳ ᠴᠡᠷᠢᠭ ᠲᠤᠯᠠ ᠠᠯᠲᠠᠨ ᠤᠯᠤᠰ ᠴᠥᠮ ᠬᠢᠲᠠᠳ ᠢ᠋ᠶ᠋ᠠᠨ ᠠᠯᠠᠪᠠ᠃ 
       ᠲᠡᠳᠦᠢ ᠬᠠᠷᠠᠬᠠᠨ ᠲᠤᠯᠤᠯᠴᠠᠨ ᠪᠦᠬᠦᠢ ᠳ᠋ᠦ᠍ᠷ ᠲᠡᠢᠰᠢ ᠭᠦᠸᠧ ᠸᠠᠩ ᠪᠤᠯᠤ ᠳ᠋ᠤᠷ ᠬᠠᠭᠠᠨ ᠤ᠋ ᠵᠠᠷᠯᠢᠭ ᠢᠷᠡᠵᠦ : 《ᠲᠡᠳᠡᠨ ᠡᠶᠡᠳᠡᠭᠰᠡᠨ ᠦ᠌ ᠲᠤᠯᠠ ᠲᠦᠷ ᠵᠠᠪ ᠲᠠᠯᠪᠢᠨ ᠴᠡᠷᠢᠭ ᠢ᠋ ᠪᠠᠬᠠᠨ ᠤᠬᠤᠷᠢ ! 》 ᠬᠡᠮᠡᠭᠰᠡᠨ ᠳ᠋ᠦ᠍ᠷ ᠬᠣᠲᠠᠨ ᠤ᠋ ᠳᠣᠲᠣᠷ᠎ᠠ ᠠ᠋ᠴᠠ ᠪᠠᠰᠠ ᠠᠯᠲᠠᠨ ᠤᠯᠤᠰ ᠤ᠋ᠨ ᠲᠠᠢᠬᠡᠦ ᠮᠧᠨ ᠮᠢᠩ ᠾᠦᠢ ᠬᠤᠸᠠᠩᠬᠡᠦ ᠠᠨᠤ ᠬᠤ᠌ ᠪᠦ ᠱᠢ ᠯᠠᠩ ᠲᠦᠰᠢᠮᠡᠯ ᠶᠠᠩ ᠵᠢᠦᠢ ᠿᠧᠨ ᠢ᠋ ᠢ ᠴᠢᠦ ᠮᠸᠡ ᠬᠠᠭᠠᠯᠭ᠎ᠠ ᠪᠠᠷ ᠭᠠᠷᠭᠠᠵᠤ᠂ ᠶᠡᠬᠡ ᠬᠤᠷᠢᠮ ᠥᠭᠭᠦᠭᠦᠯᠵᠦ ᠠᠯᠲᠠ ᠮᠥᠩᠭᠥᠨ ᠰᠤᠪᠤᠳ ᠲᠠᠨ᠎ᠠ᠂ ᠲᠣᠷᠭ᠎ᠠ ᠲᠥᠷᠭᠡ ᠳᠡᠪᠡᠯ ᠬᠤᠪᠴᠠᠳ ᠬᠡᠳᠦᠨ ᠵᠠᠭᠤᠨ ᠲᠡᠷᠭᠡ ᠭᠠᠷᠭᠠᠵᠤ ᠪᠠᠷᠢᠭᠠᠳ ᠨᠢᠭᠡᠨᠲᠡ ᠨᠠᠢᠷᠠᠯᠳᠤᠭᠰᠠᠨ ᠪᠥᠭᠡᠳ ᠶᠠᠭᠤᠨ ᠳ᠋ᠤᠷ ᠡᠢᠨ ᠬᠦ᠌ ᠴᠢᠬᠤᠯᠳᠠᠭᠤᠯᠤᠮᠤᠢ ? ᠬᠡᠮᠡᠬᠦᠢ ᠳ᠋ᠦ᠍ᠷ ᠲᠡᠢᠰᠢ ᠭᠦᠸᠧ ᠸᠠᠩ ᠪᠤᠯᠤ ᠭᠠᠭᠴᠠ ᠬᠠᠭᠠᠨ ᠤ᠋ ᠡᠮᠦᠨ᠎ᠡ ᠡᠴᠡ ᠢᠷᠡᠭᠰᠡᠨ ᠰᠥᠪᠡᠬᠡᠲᠡᠢ ᠪᠠᠭᠠᠲᠤᠷ ᠢ᠋ ᠲᠦᠯᠬᠢᠮᠦᠢ᠃ 
       ᠲᠡᠳᠦᠢ ᠠᠯᠲᠠᠨ ᠤ᠋ ᠡᠯᠴᠢ ᠶ᠋ᠢ ᠡᠭᠡᠭᠦᠯᠵᠦ ᠪᠤᠯᠤ᠂ ᠲᠠᠢᠰᠤᠨᠳᠠᠷᠤᠭᠴᠢ᠂ ᠰᠥᠪᠡᠭᠡᠲᠡᠢ ᠨᠠᠷ ᠵᠥᠪᠯᠡᠨ ᠥᠭᠦᠯᠡᠷᠦᠨ : 《ᠴᠣᠬᠣᠮ ᠳ᠋ᠤᠷ ᠡᠨᠡ ᠤᠳᠠᠭ᠎ᠠ ᠳ᠋ᠤᠷ ᠪᠢᠶᠠᠨ ᠵᠢᠩ ᠢ᠋ ᠠᠪᠴᠤ ᠬᠠᠭᠠᠨ ᠢ᠋ ᠠᠨᠤ ᠪᠠᠷᠢᠬᠤ ᠪᠥᠯᠥᠭᠡ᠂ ᠨᠢᠭᠡᠨᠲᠡ ᠮᠠᠨ ᠤ᠋ ᠬᠠᠭᠠᠨ ᠤ᠋ ᠵᠠᠷᠯᠢᠭ ᠲᠤᠷ ᠭᠡᠯᠳᠦᠷᠢᠭᠦᠯ ᠭᠡᠮᠡᠨ ᠢᠷᠡᠭᠰᠡᠨ ᠪᠥᠭᠡᠳ ᠡᠳᠦᠭᠡ ᠪᠠᠰᠠ ᠳᠠᠭᠠᠭᠰᠠᠨ ᠲᠤᠯᠠ ᠬᠡᠯᠲᠦᠷᠢᠭᠦᠯᠬᠦ ᠪᠣᠢ ᠊ᠶ᠎ᠠ ! 》 ᠭᠡᠮᠡᠨ ᠶᠡᠬᠡ ᠴᠡᠷᠢᠭ ᠢ᠋ ᠲᠠᠲᠠᠵᠤ᠂ ᠾᠧ ᠯᠦᠸᠧ ᠶ᠋ᠢᠨ ᠭᠠᠵᠠᠷ ᠲᠤᠷ ᠪᠠᠭᠤᠯᠭᠠᠪᠠ᠃ ᠡᠭᠦᠨ ᠳ᠋ᠦ᠍ᠷ ᠠᠯᠲᠠᠨ ᠤᠯᠤᠰ ᠼᠠᠨ ᠵᠧᠩ ᠲᠦᠰᠢᠮᠡᠯ ᡂᠢ ᠼᠠᠨ᠂ ᠾᠧ ᠱᠢ ᠨᠠᠷ ᠤ᠋ᠨ ᠬᠣᠲᠠ ᠰᠠᠬᠢᠭᠰᠠᠨ ᠭᠠᠪᠢᠶ᠎ᠠ ᠳ᠋ᠤᠷ ᠣᠯᠠᠨ ᠲᠦᠰᠢᠮᠡᠳ ᠢ᠋ ᠠᠪᠴᠤ ᠪᠠᠶᠠᠷ ᠲᠤᠷ ᠨᠡᠢᠯᠡᠭᠦᠯᠬᠦᠢ ᠳ᠋ᠦ᠍ᠷ ᠠᠢᠽᠦ᠋ᠩ ᠬᠠᠭᠠᠨ ᠤ᠋ ᠳᠣᠲᠣᠭᠠᠳᠤ ᠲᠥᠷᠥᠯ ᠸᠠᠨ ᠶᠠᠨ ᠰᠢᠶᠧ ᠯᠢᠶᠧ ᠥᠭᠦᠯᠡᠷᠦᠨ :《ᠡᠷᠲᠡ ᠬᠣᠲᠠᠨ ᠤ᠋ ᠳᠣᠲᠣᠷ᠎ᠠ ᠠᠷᠭ᠎ᠠ ᠲᠣᠭᠲᠠᠭᠠᠨ ᠦᠢᠯᠡ ᠶ᠋ᠢ ᠪᠣᠯᠵᠣᠬᠤ ᠶ᠋ᠢ ᠴᠦᠨ ᠴᠢᠦ ᠶ᠋ᠢᠨ ᠦᠶ᠎ᠡ ᠳ᠋ᠦ᠍ᠷ ᠢᠴᠢᠭᠦᠷᠢ ᠪᠣᠯᠭᠠᠵᠤᠬᠤᠢ᠃ ᠬᠣᠲᠠ ᠶ᠋ᠢ ᠪᠠᠢᠯᠳᠤᠬᠤ ᠶ᠋ᠢ ᠲᠦᠷ ᠵᠣᠭᠰᠣᠭᠰᠠᠨ ᠢ᠋ ᠶᠠᠮᠪᠠᠷ ᠪᠠᠶᠠᠷ ᠬᠡᠮᠡᠬᠦ ᠪᠣᠢ ? 》 ᠬᠡᠮᠡᠭᠰᠡᠨ ᠳ᠋ᠦ᠍ᠷ ᠾᠧ ᠱᠢ ᠠᠭᠤᠷᠯᠠᠨ ᠥᠭᠦᠯᠡᠷᠦᠨ :《ᠬᠠᠭᠠᠨ ᠤ᠋ ᠱᠧ ᠵᠢᠢ ᠮᠥᠬᠥᠭᠰᠡᠨ ᠦᠭᠡᠢ᠂ ᠲᠡᠢ ᠮᠢᠶᠣᠤ ᠡᠪᠳᠡᠷᠡᠭᠰᠡᠨ ᠦᠭᠡᠢ᠂ ᠬᠠᠭᠠᠨ ᠵᠣᠪᠠᠯᠠᠩ ᠠ᠋ᠴᠠ ᠭᠠᠷᠴᠤ ᠢᠷᠭᠡᠨ ᠦᠬᠦᠯ ᠡᠴᠡ ᠭᠡᠲᠦᠯᠪᠡᠢ ! ᠸᠠᠨ ᠶᠠᠨ ᠤᠭᠰᠠᠭ᠎ᠠ ᠳ᠋ᠤᠷ ᠪᠠᠶᠠᠷ ᠪᠤᠰᠤ ᠤᠤ ?  ᠶᠠᠭᠤᠨ ᠳ᠋ᠤᠷ ᠪᠠᠶᠠᠷ ᠪᠤᠰᠤ ᠬᠡᠮᠡᠮᠦᠢ! 》ᠭᠡᠮᠡᠨ ᠳᠠᠷᠤᠢ ᠵᠣᠣ ᠫᠢᠩ ᠸᠠᠨ ᠢ᠋ᠶ᠋ᠠᠷ ᠪᠣᠳᠣᠷᠣᠣᠯ ᠪᠢᠴᠢᠭ ᠪᠢᠴᠢᠭᠦᠯᠵᠦ ᠬᠠᠭᠠᠨ ᠳ᠋ᠤᠷ ᠠᠢᠯᠠᠳᠬᠠᠨ ᠪᠠᠶᠠᠷ ᠲᠤᠷ ᠨᠡᠢᠯᠡᠭᠦᠯᠦᠨ ᠪᠠᠶᠠᠷ ᠤ᠋ᠨ ᠶᠣᠰᠣᠨ ᠢ᠋ᠶ᠋ᠠᠷ ᠮᠥᠷᠭᠥᠪᠡᠢ᠃ 
       ᠲᠡᠳᠦᠢ ᠠᠢᠽᠦ᠋ᠩ ᠬᠠᠭᠠᠨ ᠳ᠋ᠤᠸᠠᠨ ᠮᠸᠡ ᠬᠠᠭᠠᠯᠭ᠎ᠠ ᠭᠠᠷᠴᠤ ᠶᠡᠬᠡ ᠠᠭᠤᠴᠢᠯᠠᠯ ᠤ᠋ᠨ ᠵᠠᠷᠯᠢᠭ ᠪᠠᠭᠤᠯᠭᠠᠨ᠂ ᠥᠷᠯᠥᠭ ᠲᠦᠭᠡᠭᠡᠵᠦ᠂ ᠣᠨ ᠤ᠋ ᠴᠣᠯᠠ ᠶ᠋ᠢ ᠬᠠᠯᠠᠵᠤ 《ᠲᠢᠶᠠᠨ ᠰᠢᠩ 》 ᠦ᠋ᠨ ᠲᠡᠷᠢᠭᠦᠨ ᠣᠨ ᠬᠡᠮᠡᠪᠡᠢ᠃ ᠣᠯᠠᠨ ᠵᠧᠦ ᠵᠢᠶᠦ᠋ᠨ ᠢ᠋ ᠪᠡᠬᠢᠯᠡᠨ ᠰᠠᠬᠢᠭᠰᠠᠨ ᠲᠦᠰᠢᠮᠡᠯ ᠵᠠᠩᠵᠤᠨ ᠴᠡᠷᠢᠭ ᠢᠷᠭᠡᠨ ᠳ᠋ᠦ᠍ᠷ ᠱᠠᠩ ᠲᠠᠯᠪᠢᠵᠤ᠂ ᠭᠠᠪᠢᠶ᠎ᠠ ᠵᠢᠳᠬᠦᠯᠳᠦ ᠠᠷᠠᠳ ᠢ᠋ ᠢᠯᠭᠠᠨ ᠡᠷᠭᠦᠵᠦ ᠲᠤᠰᠢᠶᠠᠯ ᠵᠡᠷᠭᠡ ᠥᠭᠪᠡᠢ᠃ ᠭᠠᠳᠠᠭᠠᠳᠤ ᠶᠡᠬᠡ ᠬᠣᠲᠠ ᠶ᠋ᠢᠨ ᠹᠧᠩ ᠴᠢᠦ ᠮᠸᠡ ᠬᠠᠭᠠᠯᠭ᠎ᠠ ᠶ᠋ᠢ ᠨᠡᠭᠡᠭᠡᠵᠦ᠂ ᠴᠡᠷᠢᠭ ᠢᠷᠭᠡᠨ ᠢ᠋ ᠭᠠᠷᠭᠠᠵᠤ ᠲᠦᠯᠡᠭᠡ ᠡᠪᠡᠰᠦ ᠵᠥᠭᠡᠭᠡᠯᠭᠡᠵᠦ ᠣᠷᠣᠭᠤᠯᠤᠨ ᠠᠮᠢᠳᠤᠷᠠᠭᠤᠯᠪᠠᠢ᠃ ᠠᠢᠽᠦ᠋ᠩ ᠬᠠᠭᠠᠨ ᠫᠢᠩ ᠵᠠᠩ ᠵᠧᠩ ᠱᠢ ᠲᠦᠰᠢᠮᠡᠯ ᠸᠠᠨ ᠶᠠᠨ ᠪᠠᠢ ᠰᠠ ᠶ᠋ᠢᠨ ᠲᠤᠰᠢᠶᠠᠯ ᠢ᠋ ᠤᠭᠴᠠᠷᠠᠭᠤᠯᠪᠠᠢ᠃ ᠳᠠᠭᠠᠯᠳᠤᠭ᠎ᠠ ᠲᠠᠪᠤᠨ ᠰᠠᠷ᠎ᠠ ᠳ᠋ᠤᠷ ᠪᠢᠶᠠᠨ ᠵᠢᠩ ᠬᠣᠲᠠ ᠳᠣᠲᠣᠷ᠎ᠠ ᠶᠡᠬᠡ ᠵᠠᠷ ᠡᠪᠡᠳᠴᠢᠨ ᠳᠡᠯᠭᠡᠷᠡᠵᠦ᠂ ᠲᠠᠪᠢᠨ ᠡᠳᠦᠷ ᠦ᠋ᠨ ᠳᠣᠲᠣᠷ᠎ᠠ ᠵᠢᠷᠠᠨ ᠲᠦᠮᠡᠨ ᠬᠥᠮᠦᠨ ᠦᠬᠦᠪᠡ᠃ ᠡᠨᠡ ᠤᠳᠠᠭ᠎ᠠ ᠶ᠋ᠢᠨ ᠦᠬᠦᠯ ᠦ᠋ᠨ ᠲᠣᠭ᠎ᠠ ᠴᠡᠷᠢᠭ ᠦ᠋ᠨ ᠲᠣᠭ᠎ᠠ ᠠ᠋ᠴᠠ ᠬᠡᠲᠦᠷᠡᠪᠡ᠃
       ᠵᠢᠴᠢ ᠵᠢᠷᠭᠤᠭᠠᠨ ᠰᠠᠷ᠎ᠠ ᠳ᠋ᠤᠷ ᠠᠯᠲᠠᠨ ᠤᠯᠤᠰ ᠤ᠋ᠨ ᠰᠢᠦᠢ ᠵᠧᠦ ᠬᠣᠲᠠ ᠶ᠋ᠢᠨ ᠴᠡᠷᠢᠭ ᠢ᠋ ᠵᠠᠬᠢᠷᠬᠤ ᠽᠦᠩ ᠯᠢᠩ ᠲᠦᠰᠢᠮᠡᠯ ᠸᠠᠩ ᠢᠦ᠂ ᠵᠠᠩ ᠰᠢᠩ ᠵᠢᠴᠢ ᠳ᠋ᠦ᠍ᠲ᠋ᠦ᠋ᠩ ᠲᠦᠰᠢᠮᠡᠯ ᠹᠧᠩ ᠰᠢᠶᠠᠨ ᠲᠠᠨ ᠤᠷᠪᠠᠵᠤ᠂ ᠠᠯᠲᠠᠨ ᠤᠯᠤᠰ ᠤ᠋ᠨ ᠠᠮᠤ ᠡᠪᠡᠰᠦ ᠶ᠋ᠢ ᠭᠠᠯᠳᠠᠨ ᠰᠠᠮᠠᠭᠤᠨ ᠡᠳᠦᠭᠰᠡᠨ ᠳ᠋ᠦ᠍ᠷ ᠵᠡᠷᠭᠡᠯᠡᠳᠡᠭᠡ ᠭᠠᠵᠠᠷ ᠢ᠋ ᠵᠠᠬᠢᠷᠬᠤ ᠰᠢᠩ ᠱᠧᠩ ᠲᠦᠰᠢᠮᠡᠯ ᠳ᠋ᠦᠨ ᠳ᠋ᠠᠨ ᠶᠠᠭᠠᠷᠠᠨ ᠨᠡᠢᠰᠯᠡᠯ ᠳ᠋ᠦ᠍ᠷ ᠳᠤᠲᠠᠭᠠᠨ ᠡᠴᠢᠪᠡ᠃ ᠡᠨᠡ ᠲᠤᠬᠠᠢ ᠮᠣᠩᠭᠣᠯ ᠳ᠋ᠤᠷ ᠳᠠᠭᠠᠭᠰᠠᠨ ᠯᠢ ᠴᠢᠤᠸᠠᠨ ᠤ᠋ ᠳᠣᠣᠷᠠᠬᠢ ᠵᠠᠩᠵᠤᠨ ᠭᠦᠸᠧ ᠠᠨ ᠶᠦᠩ ᠮᠣᠩᠭᠣᠯ ᠠ᠋ᠴᠠ ᠤᠷᠪᠠᠵᠤ᠂ ᠴᠡᠷᠢᠭ ᠳᠠᠭᠠᠭᠤᠯᠤᠨ ᠰᠢᠦᠢ ᠵᠧᠦ ᠳ᠋ᠦ᠍ᠷ ᠣᠷᠣᠵᠤ᠂ ᠬᠣᠲᠠ ᠰᠠᠬᠢᠭᠰᠠᠨ ᡁᠢ ᠢᠦ ᠶ᠋ᠢ ᠠᠯᠠᠵᠤ ᠹᠧᠩ ᠰᠢᠶᠠᠨ ᠬᠡᠮᠡᠬᠦ ᠬᠥᠮᠦᠨ ᠢ᠋ ᠡᠷᠭᠦᠵᠦ᠂ ᠶᠡᠬᠡ ᠶᠤᠸᠠᠨᠱᠤᠸᠠᠢ ᠪᠣᠯᠭᠠᠨ ᠰᠢᠦᠢ ᠵᠧᠦ ᠶ᠋ᠢᠨ ᠬᠡᠷᠡᠭ ᠢ᠋ ᠵᠠᠬᠢᠷᠤᠭᠤᠯᠪᠠᠢ᠃ ᠳᠠᠭᠠᠯᠳᠤᠭ᠎ᠠ ᠳᠣᠯᠣᠭᠠᠨ ᠰᠠᠷ᠎ᠠ ᠳ᠋ᠤᠷ ᠪᠠᠰᠠ ᠠᠯᠲᠠᠨ ᠤᠯᠤᠰ ᠤ᠋ᠨ 《ᠨᠢᠰᠬᠦ ᠪᠠᠷᠰ ᠤ᠋ᠨ ᠴᠡᠷᠢᠭ 》 ᠦ᠋ᠨ ᠱᠠᠨ ᠹᠦ ᠬᠡᠮᠡᠭᠴᠢ ᠬᠥᠮᠦᠨ ᠲᠡᠷᠢᠭᠦᠯᠡᠵᠦ ᠮᠣᠩᠭᠣᠯ ᠤ᠋ᠨ ᠴᠡᠷᠢᠭ ᠠᠪᠤᠷ᠎ᠠ ᠢᠷᠡᠭᠰᠡᠨ ᠡᠯᠴᠢ ᠳ᠋ᠧᠩ ᠴᠢᠩ ᠲᠠᠨ ᠤ᠋ ᠨᠥᠬᠥᠷ ᠰᠡᠯᠲᠡ ᠲᠡᠢ ᠭᠤᠴᠢᠨ ᠢᠯᠡᠭᠦᠦ ᠬᠥᠮᠦᠨ ᠢ᠋ ᠵᠣᠴᠢᠨ ᠪᠠᠭᠤᠬᠤ ᠶᠠᠮᠤᠨ ᠳ᠋ᠤᠷ ᠠᠯᠠᠪᠠᠢ᠃ ᠠᠯᠲᠠᠨ ᠤᠯᠤᠰ ᠤ᠋ᠨ ᠠᠢᠽᠦ᠋ᠩ ᠬᠠᠭᠠᠨ ᠠᠰᠠᠭᠤᠬᠤ ᠦᠭᠡᠢ ᠥᠩᠭᠡᠷᠡᠭᠰᠡᠨ ᠳ᠋ᠦ᠍ᠷ ᠡᠭᠦᠨᠴᠡ ᠬᠣᠶᠠᠷ ᠤᠯᠤᠰ ᠤ᠋ᠨ ᠤᠷᠢᠳᠤ ᠶ᠋ᠢᠨ ᠨᠠᠢᠷ ᠨᠢᠭᠡᠨᠲᠡ ᠡᠪᠳᠡᠷᠡᠵᠦ᠂ ᠳᠠᠬᠢᠨ ᠡᠶᠡᠳᠡᠬᠦ ᠶ᠋ᠢ ᠨᠢᠭᠡᠨᠲᠡ ᠲᠠᠰᠤᠯᠪᠠᠢ᠃ 
       ᠮᠣᠩᠭᠣᠯ ᠤ᠋ᠨ ᠵᠦᠭ ᠪᠦᠷᠢ ᠶ᠋ᠢᠨ ᠴᠡᠷᠢᠭ ᠪᠠᠰᠠ ᠬᠥᠳᠡᠯᠪᠡ᠃ ᠡᠨᠡ ᠲᠤᠬᠠᠢ ᠤᠷᠪᠠᠭᠰᠠᠨ ᠭᠦᠸᠧ ᠠᠨ ᠶᠦᠩ᠂ ᠰᠢᠦᠢ ᠵᠧᠦ ᠬᠣᠲᠠ ᠶ᠋ᠢ ᠣᠯᠤᠭᠠᠳ ᠪᠠᠰᠠ ᠠᠯᠲᠠᠨ ᠤᠯᠤᠰ ᠤ᠋ᠨ ᠰᠢᠦᠢ ᠵᠧᠦ ᠡᠴᠡ ᠵᠡᠭᠦᠨ ᠲᠡᠰᠢ ᠪᠦᠭᠦᠳᠡ ᠶ᠋ᠢ ᠵᠠᠬᠢᠷᠠᠬᠤ ᠲᠦᠰᠢᠮᠡᠯ ᠯᠢᠦ ᠠᠨ ᠭᠦᠸᠧ᠂ ᠱᠧ ᠵᠧᠦ ᠶ᠋ᠢᠨ ᠬᠠᠷᠢᠶᠠᠲᠤ ᠵᠧᠦ ᠰᠢᠶᠠᠨ ᠬᠢᠭᠡᠳ ᠪᠠᠰᠠ ᠳᠦ ᠵᠧᠩ ᠦ᠋ᠨ ᠬᠠᠷᠢᠶᠠᠲᠤ ᠵᠧᠦ ᠵᠢᠶᠦ᠋ᠨ ᠢ᠋ ᠠᠪᠴᠤ ᠭᠦᠸᠧ ᠠᠨ ᠶᠦᠩ ᠳ᠋ᠦ᠍ᠷ ᠳᠠᠭᠠᠭᠰᠠᠨ ᠳ᠋ᠤᠷ ᠭᠦᠸᠧ ᠠᠨ ᠶᠦᠩ ᠢ᠋ᠶ᠋ᠡᠷ ᠰᠢᠦᠢ ᠵᠧᠦ᠂ ᠫᠧᠢ ᠵᠧᠦ᠂ ᠱᠧ ᠵᠧᠦ ᠭᠤᠷᠪᠠᠨ ᠭᠠᠵᠠᠷ ᠢ᠋ ᠡᠵᠡᠯᠡᠭᠰᠡᠨ ᠳ᠋ᠦ᠍ᠷ ᠮᠣᠩᠭᠣᠯ ᠤ᠋ᠨ ᠪᠠᠷᠠᠭᠤᠨ ᠡᠲᠡᠭᠡᠳ ᠦ᠋ᠨ ᠶᠡᠬᠡ ᠶᠤᠸᠠᠨᠱᠤᠸᠠᠢ ᠠᠨ ᠵᠣᠣ ᠯᠦ᠍ ᠰᠣᠨᠣᠰᠴᠤ ᠶᠡᠬᠡᠯ᠎ᠡ ᠠᠭᠤᠷᠯᠠᠨ ᠥᠭᠦᠯᠡᠷᠦᠨ : 《ᠡᠨᠡ ᠭᠤᠷᠪᠠᠨ ᠵᠧᠦ ᠪᠣᠯᠪᠠᠰᠤ ᠮᠠᠨ ᠤ᠋ ᠠᠪᠬᠤ ᠭᠠᠵᠠᠷ᠂ ᠡᠨᠡ ᠭᠦᠸᠧ ᠠᠨ ᠶᠦᠩ ᠬᠤᠯᠠᠭᠠᠢ ᠳᠠᠪᠴᠢᠯᠠᠪᠠ᠃ ᠡᠨᠡ ᠤᠷᠪᠠᠭᠰᠠᠨ ᠪᠣᠭᠣᠯ ᠢ᠋ ᠡᠰᠡ ᠪᠠᠷᠢᠪᠠᠰᠤ ᠪᠣᠯᠬᠤ ᠦᠭᠡᠢ !》ᠭᠡᠮᠡᠨ ᠳᠠᠷᠤᠢ ᠳᠣᠣᠷᠠᠬᠢ ᠬᠢᠲᠠᠳ ᠵᠠᠩᠵᠤᠨ ᠵᠠᠩ ᠵᠢᠨ ᠢ᠋ ᠴᠡᠷᠢᠭ ᠠᠪᠤᠭᠤᠯᠤᠨ ᠢᠯᠡᠭᠡᠪᠡ᠃ ᠲᠡᠳᠦᠢ ᠵᠠᠩ ᠵᠢᠨ ᠳᠣᠪᠲᠣᠯᠤᠨ ᠰᠢᠦᠢ ᠵᠧᠦ ᠳ᠋ᠦ᠍ᠷ ᠬᠦᠷᠴᠦ ᠭᠦᠸᠧ ᠠᠨ ᠶᠦᠩ ᠢ᠋ ᠪᠠᠷᠢᠬᠤᠶ᠎ᠠ ᠵᠠᠪᠳᠤᠭᠰᠠᠨ ᠳ᠋ᠤᠷ ᠭᠦᠸᠧ ᠠᠨ ᠶᠦᠩ ᠶᠠᠭᠠᠷᠠᠨ ᠳᠤᠲᠠᠭᠠᠨ ᠭᠠᠷᠴᠤ ᠴᠡᠷᠢᠭ ᠢ᠋ᠶ᠋ᠡᠨ ᠴᠢᠭᠤᠯᠤᠭᠤᠯᠤᠨ ᠵᠠᠩ ᠵᠢᠨ ᠢ᠋ ᠤᠭᠲᠤᠨ ᠪᠠᠢᠯᠳᠤᠭᠰᠠᠨ᠎ᠠ᠂ ᠵᠠᠩ ᠵᠢᠨ ᠰᠠᠨᠠᠭᠠᠨ ᠳ᠋ᠤᠷ ᠦᠭᠡᠢ ᠭᠡᠨᠡᠳᠡᠭᠳᠡᠵᠦ ᠭᠦᠸᠧ ᠠᠨ ᠶᠦᠩ ᠦ᠋ᠨ ᠴᠡᠷᠢᠭ ᠲᠦ᠍ᠷ ᠦᠬᠦᠪᠡᠢ᠃ ᠡᠭᠦᠨ ᠳ᠋ᠦ᠍ᠷ ᠬᠠᠢ ᠵᠧᠦ ᠶ᠋ᠢ ᠰᠠᠬᠢᠵᠤ ᠠᠭᠰᠠᠨ ᠶᠤᠸᠠᠨᠱᠤᠸᠠᠢ ᠲᠢᠶᠠᠨ ᠫᠦ ᠲᠠᠨ ᠯᠤᠭ᠎ᠠ ᠨᠡᠢᠯᠡᠵᠦ᠂ ᠮᠣᠩᠭᠣᠯ ᠠ᠋ᠴᠠ ᠢᠯᠡᠷᠭᠡᠶ᠎ᠡ ᠤᠷᠪᠠᠵᠤ᠂ ᠶᠠᠩ ᠮᠢᠶᠣᠤ ᠶ᠋ᠸᠨ ᠢ᠋ ᠣᠷᠬᠢᠵᠤ᠂ ᠫᠧᠢ ᠵᠧᠦ ᠳ᠋ᠦ᠍ᠷ ᠡᠭᠡᠵᠦ᠂ ᠱᠠᠨ ᠳ᠋ᠦᠩ ᠦ᠋ᠨ ᠣᠯᠠᠨ ᠵᠧᠦ ᠯᠦ᠍ᠭᠡ ᠨᠡᠢᠯᠡᠵᠦ᠂ ᠰᠢᠦᠢ ᠵᠧᠦ᠂ ᠫᠧᠢ ᠵᠧᠦ ᠪᠠᠰᠠ ᠱᠧ ᠵᠧᠦ ᠡᠨᠡ ᠭᠤᠷᠪᠠᠨ ᠭᠠᠵᠠᠷ ᠢ᠋ ᠠᠪᠴᠤ ᠣᠯᠠᠨ ᠢ᠋ ᠴᠢᠭᠤᠯᠭᠤᠯᠤᠨ ᠴᠠᠭᠠᠨ ᠮᠣᠷᠢ ᠬᠠᠷ᠎ᠠ ᠦᠬᠡᠷ ᠠᠯᠠᠵᠤ ᠪᠦᠭᠦᠳᠡᠭᠡᠷ ᠲᠠᠩᠭᠠᠷᠢᠭᠯᠠᠨ ᠨᠡᠢᠯᠡᠵᠦ ᠠᠯᠲᠠᠨ ᠤᠯᠤᠰ ᠲᠤᠷ ᠳᠠᠭᠠᠭᠰᠠᠨ᠎ᠠ᠂ ᠠᠯᠲᠠᠨ ᠤᠯᠤᠰ ᠤ᠋ᠨ ᠠᠢᠽᠦ᠋ᠩ ᠬᠠᠭᠠᠨ ᠭᠦᠸᠧ ᠠᠨ ᠶᠦᠩ ᠢ᠋ ᠸᠠᠩ ᠡᠷᠭᠦᠮᠵᠢᠯᠡᠵᠦ᠂ ᠥᠪᠡᠷ ᠦ᠋ᠨ ᠣᠪᠣᠭ ᠲᠤᠷ ᠢ᠋ᠶ᠋ᠠᠨ ᠣᠷᠣᠭᠤᠯᠵᠤ ᠸᠠᠨ ᠶᠠᠨ ᠶᠦᠩ ᠸᠠᠩ ᠬᠡᠮᠡᠪᠡᠢ᠃ ᠡᠭᠦᠨ ᠳ᠋ᠦ᠍ᠷ ᠤᠷᠢᠳᠤ ᠶ᠋ᠢᠨ ᠳᠠᠭᠠᠭᠰᠠᠨ ᠣᠯᠠᠨ ᠲᠡᠭᠦᠨ ᠢ᠋ ᠮᠥᠬᠥᠬᠦ ᠤᠯᠤᠰ ᠲᠤᠷ ᠳᠠᠭᠠᠪᠠᠢ ᠭᠡᠮᠡᠨ ᠪᠦᠭᠦᠳᠡᠭᠡᠷ ᠫᠦᠷᠬᠢᠲᠡᠯ᠎ᠡ ᠲᠠᠷᠬᠠᠯᠴᠠᠭᠰᠠᠨ ᠳ᠋ᠤᠷ ᠭᠦᠸᠧ ᠠᠨ ᠶᠦᠩ ᠬᠣᠭᠣᠰᠣᠨ ᠨᠢᠭᠡᠨ ᠸᠠᠩ ᠨᠡᠷ᠎ᠡ ᠶ᠋ᠢ ᠡᠵᠡᠯᠡᠵᠦ ᠡᠴᠢᠬᠦ ᠣᠷᠣᠨ ᠦᠭᠡᠢ ᠪᠣᠯᠵᠤ᠂ ᠠᠷᠭ᠎ᠠ ᠦᠭᠡᠢ ᠳᠧ ᠴᠢᠤᠸᠠᠨ ᠤ᠋ ᠳᠡᠷᠭᠡᠳᠡ ᠠᠨ ᠭᠦᠸᠧ ᠯᠦ᠍ᠭᠡ ᠰᠢᠦᠢ ᠵᠧᠦ ᠶ᠋ᠢ ᠡᠵᠡᠯᠡᠬᠦ ᠵᠦᠩ ᠱᠧᠩ ᠡᠦ ᠬᠡᠮᠡᠭᠴᠢ ᠲᠦᠰᠢᠮᠡᠯ ᠳ᠋ᠦ᠍ᠷ ᠤᠴᠠᠷᠠᠵᠤ᠂ ᠥᠪᠡᠷ ᠦ᠋ᠨ ᠠᠯᠲᠠᠨ ᠤᠯᠤᠰ ᠲᠤᠷ ᠳᠠᠭᠠᠭᠰᠠᠨ ᠢ᠋ᠶ᠋ᠠᠨ ᠬᠡᠯᠡᠭᠰᠡᠨ ᠦᠭᠡᠢ ᠪᠡᠷ ᠳᠠᠷᠤᠢ ᠲᠡᠭᠦᠨ ᠯᠦ᠍ᠭᠡ ᠨᠥᠬᠥᠷᠯᠡᠵᠦ᠂ ᠲᠡᠭᠦᠨ ᠦ᠌ ᠲᠦᠮᠡᠨ ᠢᠯᠡᠭᠦᠦ ᠴᠡᠷᠢᠭ ᠢ᠋ ᠠᠪᠴᠤ ᠬᠠᠢ ᠵᠧᠦ ᠬᠣᠲᠠᠨ ᠢ᠋ ᠪᠠᠢᠯᠳᠤᠷ᠎ᠠ ᠡᠴᠢᠬᠦᠢ ᠳ᠋ᠦ᠍ᠷ ᠵᠠᠮ ᠳ᠋ᠤᠷ ᠲᠡᠭᠦᠨ ᠦ᠌ ᠠᠯᠲᠠᠨ ᠤᠯᠤᠰ ᠲᠤᠷ ᠳᠠᠭᠠᠭᠰᠠᠨ ᠬᠡᠷᠡᠭ ᠵᠠᠳᠠᠷᠠᠵᠤ᠂ ᠵᠦᠩ ᠱᠧᠩ ᠡᠦ ᠶ᠋ᠢᠨ ᠴᠡᠷᠢᠭ ᠪᠠᠰᠠ ᠴᠥᠮ ᠬᠠᠷᠢᠵᠤ ᠢᠷᠡᠪᠡ᠃ ᠡᠭᠦᠨ ᠳ᠋ᠦ᠍ᠷ ᠭᠦᠸᠧ ᠠᠨ ᠶᠦᠩ ᠠᠷᠭ᠎ᠠ ᠵᠠᠳᠠᠷᠠᠭᠰᠠᠨ ᠢ᠋ ᠮᠡᠳᠡᠭᠡᠳ ᠰᠠᠶᠢ ᠠᠯᠲᠠᠨ ᠤᠯᠤᠰ ᠤ᠋ᠨ ᠸᠠᠩ ᠤ᠋ᠨ ᠳᠡᠪᠡᠯ ᠮᠠᠯᠠᠭ᠎ᠠ ᠪᠠᠨ ᠡᠮᠦᠰᠴᠦ ᠳᠠᠬᠢᠨ ᠠᠯᠲᠠᠨ ᠤᠯᠤᠰ ᠲᠤᠷ ᠣᠷᠣᠵᠤ ᠵᠠᠩᠵᠤᠨ ᠴᠡᠷᠢᠭ ᠰᠢᠯᠭᠠᠬᠤᠢ ᠳ᠋ᠤᠷ ᠯᠢ ᠴᠢᠤᠸᠠᠨ ᠤ᠋ ᠡᠮ᠎ᠡ ᠶᠠᠩ ᠮᠢᠶᠣᠤ ᠵᠸᠨ᠂ ᠭᠦᠸᠧ ᠠᠨ ᠶᠦᠩ ᠦ᠋ᠨ ᠤᠷᠪᠠᠭᠰᠠᠨ ᠢ᠋ ᠰᠣᠨᠣᠰᠴᠤ ᠮᠣᠩᠭᠣᠯ ᠤ᠋ᠨ ᠲᠠᠢᠰᠢ ᠠ᠋ᠴᠠ ᠶᠡᠬᠡᠯ᠎ᠡ ᠠᠶᠤᠵᠤ ᠶᠠᠭᠠᠷᠠᠨ ᠭᠦᠸᠧ ᠠᠨ ᠶᠦᠩ ᠦ᠋ᠨ ᠨᠢᠭᠡᠨ ᠭᠡᠷ ᠦ᠋ᠨ ᠬᠥᠭᠰᠢᠨ ᠵᠠᠯᠠᠭᠤ᠂ ᠡᠮ᠎ᠡ ᠦᠷ᠎ᠡ ᠶ᠋ᠢ ᠴᠥᠮ ᠪᠠᠷᠢᠵᠤ ᠠᠯᠠᠭᠠᠳ ᠲᠣᠯᠣᠭᠠᠢ ᠶ᠋ᠢ ᠪᠠᠷᠢᠭᠤᠯᠵᠤ᠂ ᠲᠠᠢᠰᠢ ᠪᠤᠯᠤ ᠳ᠋ᠤᠷ ᠬᠦᠷᠭᠡᠨ ᠶᠠᠯ᠎ᠠ ᠬᠦᠯᠢᠶᠡᠷ᠎ᠡ ᠴᠢᠩ ᠵᠧᠦ ᠳ᠋ᠦ᠍ᠷ ᠢᠷᠡᠪᠡ᠃ ᠡᠭᠦᠨ ᠳ᠋ᠦ᠍ᠷ ᠭᠦᠸᠧ ᠠᠨ ᠶᠦᠩ ᠰᠣᠨᠣᠰᠴᠤ ᠶᠡᠬᠡᠯ᠎ᠡ ᠬᠣᠷᠣᠰᠤᠨ ᠬᠠᠷᠠᠩᠭᠤᠳᠴᠤ ᠠᠯᠲᠠᠨ ᠠ᠋ᠴᠠ ᠣᠯᠤᠭᠰᠠᠨ ᠴᠡᠷᠢᠭ ᠢ᠋ᠶ᠋ᠡᠨ ᠠᠪᠴᠤ ᠶᠠᠩ ᠮᠢᠶᠣᠤ ᠵᠧᠨ ᠢ᠋ ᠳᠠᠢᠯᠠᠷ᠎ᠠ ᠢᠷᠡᠬᠦᠢ ᠳ᠋ᠦ᠍ᠷ ᠠᠯᠲᠠᠨ ᠤᠯᠤᠰ ᠤ᠋ᠨ ᠠᠢᠽᠦ᠋ᠩ ᠬᠠᠭᠠᠨ ᠰᠣᠨᠣᠰᠴᠤ ᠰᠢᠳᠠᠷ ᠰᠠᠢᠳ ᠱᠢ ᠢᠩ ᠢ᠋ ᠵᠠᠷᠤᠵᠤ᠂ ᠭᠦᠸᠧ ᠠᠨ ᠶᠦᠩ᠂ ᠳᠧ ᠴᠢᠤᠸᠠᠨ᠂ ᠠᠨ ᠭᠦᠸᠧ ᠭᠤᠷᠪᠠᠭᠤᠯᠠ ᠶ᠋ᠢ ᠴᠥᠮ ᠶᠡᠬᠡ ᠲᠦᠰᠢᠮᠡᠯ ᠡᠷᠭᠦᠮᠵᠢᠯᠡᠨ ᠮᠣᠩᠭᠣᠯ ᠯᠤᠭ᠎ᠠ ᠲᠤᠯᠵᠤ ᠪᠠᠢᠯᠳᠤᠬᠤ ᠶ᠋ᠢ ᠪᠡᠯᠡᠳᠬᠡᠪᠡᠢ᠃ 
       ᠨᠠᠢ᠍ᠮᠠᠨ ᠰᠠᠷ᠎ᠠ ᠳ᠋ᠤᠷ ᠮᠣᠩᠭᠣᠯ ᠠ᠋ᠴᠠ ᠤᠷᠪᠠᠭᠰᠠᠨ ᠡᠦ ᠰᠢᠶᠠᠨ᠂ ᠰᠠᠨ ᠹᠧᠩ ᠱᠠᠨ ᠠᠭᠤᠯᠠᠨ ᠳ᠋ᠤᠷ ᠳᠠᠷᠤᠭᠳᠠᠨ᠂ ᠪᠤᠲᠠᠷᠠᠭᠰᠠᠨ ᠴᠡᠷᠢᠭ ᠢ᠋ ᠡᠯᠰᠡᠨ ᠬᠤᠷᠢᠶᠠᠵᠤ᠂ ᠠᠷᠪᠠᠨ ᠲᠦᠮᠡᠨ ᠬᠥᠮᠦᠨ ᠢ᠋ ᠣᠯᠵᠤ᠂ ᠯᠢᠦ ᠱᠠᠨ ᠠᠭᠤᠯᠠᠨ᠎ᠠ ᠪᠠᠭᠤᠳᠠᠯᠯᠠᠵᠤ᠂ ᠪᠢᠶᠠᠨ ᠵᠢᠩ ᠨᠡᠢᠰᠯᠡᠯ ᠬᠠᠭᠠᠭᠳᠠᠭᠰᠠᠨ ᠲᠤᠬᠠᠢ᠂ ᠠᠯᠲᠠᠨ ᠤᠯᠤᠰ ᠤ᠋ᠨ ᠠᠢᠽᠦ᠋ᠩ ᠬᠠᠭᠠᠨ ᠡᠦ ᠰᠢᠶᠠᠨ ᠢ᠋ ᠵᠠᠷᠯᠢᠭ ᠢ᠋ᠶ᠋ᠠᠷ ᠳ᠋ᠧᠩ ᠵᠧᠦ ᠬᠣᠲᠠ ᠶ᠋ᠢᠨ ᠰᠢᠩ ᠱᠧᠩ ᠱᠢ ᠲᠦᠰᠢᠮᠡᠯ ᠸᠠᠨ ᠶᠠᠨ ᠰᠢᠶᠧ ᠯᠢᠶᠧ ᠲᠠᠨ ᠯᠤᠭ᠎ᠠ ᠬᠠᠪᠰᠤᠷᠤᠭᠤᠯᠵᠤ᠂ ᠸᠠᠨ ᠶᠠᠨ ᠬᠤ᠌ ᠰᠢᠶᠧ ᠯᠤᠭ᠎ᠠ ᠨᠡᠢᠯᠡᠵᠦ ᠤᠷᠤᠭᠰᠢ ᠣᠷᠣᠵᠤ ᠢᠷ᠎ᠡ ᠬᠡᠮᠡᠭᠰᠡᠨ ᠳ᠋ᠦ᠍ᠷ ᠡᠦ ᠰᠢᠶᠠᠨ ᠨᠠᠷ ᠮᠢ ᠰᠢᠶᠠᠨ ᠤ᠋ ᠵᠡᠭᠦᠨᠲᠡ ᠬᠦᠷᠴᠦ ᠢᠷᠡᠭᠡᠳ ᠮᠣᠩᠭᠣᠯ ᠤ᠋ᠨ ᠴᠡᠷᠢᠭ ᠮᠢ ᠱᠠᠨ ᠠᠭᠤᠯᠠᠨ ᠳ᠋ᠤᠷ ᠪᠠᠭᠤᠳᠠᠯᠯᠠᠭᠰᠠᠨ ᠢ᠋ ᠰᠣᠨᠣᠰᠴᠤ ᠸᠠᠨ ᠶᠠᠨ ᠰᠢᠶᠧ ᠯᠢᠶ᠋ᠸ ᠥᠭᠦᠯᠡᠷᠦᠨ :《ᠪᠢᠳᠡ ᠡᠨᠳᠡ ᠲᠦᠷ ᠬᠦᠷᠢᠶ᠎ᠡ ᠪᠠᠭᠤᠵᠤ᠂ ᠡᠦ ᠰᠢᠶᠠᠨ ᠤ᠋ ᠬᠦᠷᠴᠦ ᠢᠷᠡᠬᠦ ᠶ᠋ᠢ ᠬᠦᠯᠢᠶᠡᠵᠦ ᠬᠠᠮᠲᠤ ᠤᠷᠤᠭᠰᠢ ᠣᠷᠣᠰᠤᠭᠠᠢ ᠬᠡᠮᠡᠵᠦ ᠪᠣᠯᠬᠤ ᠦᠭᠡᠢ ᠪᠣᠯᠪᠠ ! 》ᠭᠡᠮᠡᠨ ᠸᠠᠨ ᠶᠠᠨ ᠰᠢᠶᠧ ᠯᠢᠶᠧ ᠳᠠᠷᠤᠢ ᠤᠷᠤᠭᠰᠢᠯᠠᠨ ᠪᠢᠶᠠᠨ ᠵᠢᠩ ᠳ᠋ᠦ᠍ᠷ ᠬᠦᠷᠴᠦ ᠢᠷᠡᠪᠡᠢ᠃ ᠡᠭᠦᠨ ᠳ᠋ᠦ᠍ᠷ ᠠᠢᠽᠦ᠋ᠩ ᠬᠠᠭᠠᠨ ᠪᠠᠰᠠ  ᠱᠤ᠌ ᠮᠢ ᠱᠢ ᠲᠦᠰᠢᠮᠡᠯ ᠾᠧ ᠱᠢ ᠶ᠋ᠢ ᠶᠡᠬᠡ ᠴᠡᠷᠢᠭ ᠢ᠋ ᠵᠠᠬᠢᠷᠤᠭᠤᠯᠤᠨ᠂ ᠡᠦ ᠰᠢᠶᠠᠨ ᠢ᠋ ᠣᠭᠳᠣᠭᠣᠯᠣᠨ ᠢᠯᠡᠭᠡᠪᠡᠢ᠃ ᠸᠠᠨ ᠶᠠᠨ ᠰᠢᠶᠧ ᠯᠢᠶᠧ ᠲᠠᠨ ᠂ ᠵᠢᠩ ᠱᠦᠢ ᠣᠰᠤᠨ᠎ᠠ ᠬᠦᠷᠴᠦ ᠢᠷᠡᠭᠡᠳ ᠭᠡᠨᠡᠳᠲᠡ ᠮᠣᠩᠭᠣᠯ ᠤ᠋ᠨ ᠪᠠᠷᠠᠭᠤᠨ ᠡᠲᠡᠭᠡᠳ ᠦ᠋ᠨ ᠶᠤᠸᠠᠨᠱᠤᠸᠠᠢ ᠠ ᠵᠣ᠌ ᠯᠦ᠍ ᠵᠠᠨ ᠤ᠋ ᠭᠦᠸᠧ ᠠᠨ ᠶᠦᠩ ᠢ᠋ ᠡᠷᠢᠨ ᠪᠠᠷᠢᠭᠰᠠᠨ ᠴᠡᠷᠢᠭ ᠲᠦ᠍ᠷ ᠤᠴᠠᠷᠠᠭᠠᠳ ᠰᠥᠰᠥ ᠬᠡᠮᠬᠡᠷᠡᠨ ᠪᠠᠢᠯᠳᠤᠭᠰᠠᠨ ᠦᠭᠡᠢ ᠪᠡᠷ ᠴᠥᠮ ᠪᠤᠲᠠᠷᠠᠯᠳᠤᠨ ᠰᠠᠷᠨᠢᠨ ᠳᠤᠲᠠᠭᠠᠪᠠᠢ᠃ ᠡᠦ ᠰᠢᠶᠠᠨ ᠡᠨᠡ ᠮᠡᠳᠡᠭᠡ ᠶ᠋ᠢ ᠰᠣᠨᠣᠰᠴᠤ ᠶᠡᠬᠡᠯ᠎ᠡ ᠠᠶᠤᠨ ᠶᠠᠭᠠᠷᠠᠨ ᠡᠭᠡᠬᠦᠢ ᠳ᠋ᠦ᠍ᠷ ᠡᠦ ᠰᠢᠶᠠᠨ ᠤ᠋ ᠴᠡᠷᠢᠭ ᠮᠣᠩᠭᠣᠯ ᠭᠡᠮᠡᠨ ᠰᠣᠨᠣᠰᠤᠮᠠᠭᠴᠠ ᠳᠠᠷᠤᠢ ᠰᠠᠷᠨᠢᠨ ᠪᠤᠷᠤᠭᠤᠯᠠᠵᠤ᠂ ᠮᠥᠨ ᠬᠦ᠌ ᠯᠢᠦ ᠱᠠᠨ ᠠᠭᠤᠯᠠᠨ ᠳ᠋ᠤᠷ ᠢ᠋ᠶ᠋ᠠᠨ ᠡᠭᠡᠵᠦ ᠢᠷᠡᠪᠡ᠃ ᠡᠭᠦᠨ ᠳ᠋ᠦ᠍ᠷ ᠡᠦ ᠾᠧ ᠱᠢ᠂ ᠶᠦᠩ ᠮᠢᠶᠠᠨ ᠤ᠋ ᠭᠠᠵᠠᠷ ᠭᠤᠷᠪᠠᠨ ᠡᠳᠦᠷ ᠬᠦᠯᠢᠶᠡᠵᠦ᠂ ᠰᠠᠶᠢ ᠸᠠᠨ ᠶᠠᠨ ᠰᠢᠶᠧ ᠯᠢᠶᠧ ᠶ᠋ᠢᠨ ᠴᠡᠷᠢᠭ ᠰᠠᠷᠨᠢᠭᠰᠠᠨ ᠢ᠋ ᠰᠣᠨᠣᠰᠴᠤ ᠶᠡᠬᠡᠯ᠎ᠡ ᠠᠶᠤᠵᠤ᠂ ᠪᠦᠬᠦ ᠴᠡᠷᠢᠭ ᠦ᠋ᠨ ᠬᠦᠷᠢᠶ᠎ᠡ ᠪᠡᠨ ᠴᠥᠮ ᠭᠡᠭᠡᠭᠡᠳ ᠳᠣᠪᠲᠣᠯᠤᠨ ᠪᠤᠷᠤᠭᠤᠯᠠᠵᠤ ᠬᠠᠷᠢᠵᠤ ᠢᠷᠡᠪᠡ᠃ ᠡᠭᠦᠨ ᠳ᠋ᠦ᠍ᠷ ᠠᠯᠲᠠᠨ ᠤᠯᠤᠰ ᠤ᠋ᠨ ᠠᠢᠽᠦ᠋ᠩ ᠠᠭᠤᠷᠯᠠᠵᠤ᠂ ᠾᠧ ᠱᠢ ᠶ᠋ᠢᠨ ᠵᠡᠷᠭᠡ ᠶ᠋ᠢ ᠡᠪᠳᠡᠵᠦ ᠶᠠᠯᠠᠯᠠᠨ ᠰᠢᠳᠬᠡᠭᠰᠡᠨ ᠳ᠋ᠦ᠍ᠷ ᠾᠧ ᠱᠢ ᠬᠣᠷᠣᠰᠤᠨ ᠵᠠᠨᠤᠵᠤ ᠪᠠᠶᠠᠷ ᠦᠭᠡᠢ ᠤᠷᠪᠠᠰᠤᠭᠠᠢ ᠬᠡᠮᠡᠬᠦ ᠪᠥᠯᠥᠭᠡ᠂ ᠬᠣᠢᠨ᠎ᠠ ᠼᠦᠢ ᠯᠢ ᠬᠡᠮᠡᠬᠦ ᠬᠥᠮᠦᠨ ᠳ᠋ᠦ᠍ᠷ ᠠᠯᠠᠭᠳᠠᠪᠠᠢ᠃ ᠰᠥᠩ᠂ ᠠᠯᠲᠠᠨ᠂ ᠮᠣᠩᠭᠣᠯ ᠭᠤᠷᠪᠠᠨ ᠤᠯᠤᠰ ᠨᠢᠭᠡᠨ ᠵᠡᠷᠭᠡ ᠵᠢᠭᠤᠷᠠᠯᠳᠤᠭᠰᠠᠨ ᠢ᠋ ᠲᠦᠷ ᠲᠠᠯᠪᠢᠰᠤᠭᠠᠢ᠃ 
       ᠶᠢᠰᠦᠨ ᠰᠠᠷ᠎ᠠ ᠳ᠋ᠤᠷ ᠲᠠᠢᠽᠦ᠋ᠩ ᠬᠠᠭᠠᠨ ᠴᠠᠪᠴᠢᠶᠠᠯ ᠪᠣᠭᠣᠮᠲᠠ ᠶ᠋ᠢᠨ ᠭᠠᠳᠠᠨ᠎ᠠ ᠭᠤᠸᠠᠨ ᠱᠠᠨ ᠠᠭᠤᠯᠠᠨ ᠳ᠋ᠤᠷ ᠵᠤᠰᠠᠭᠰᠠᠨ ᠲᠤᠯᠠ ᠬᠠᠷᠠᠬᠠᠨ ᠨᠠᠮᠤᠷ ᠪᠣᠯᠵᠤ᠂ ᠡᠮᠦᠨᠡᠰᠢ ᠡᠭᠡᠰᠦᠭᠡᠢ ᠬᠡᠮᠡᠲᠡᠯ᠎ᠡ ᠯᠢᠶᠣᠣ ᠳ᠋ᠦᠩ ᠡᠴᠡ ᠡᠯᠴᠢ ᠢᠯᠡᠭᠡᠵᠦ ᠮᠡᠳᠡᠭᠦᠯᠬᠦ ᠢᠨᠦ : ᠰᠣᠯᠣᠩᠭᠣᠰ ᠤᠯᠤᠰ ᠤ᠋ᠨ ᠳᠠ ᠯᠦ᠍ ᠭᠦᠸᠧ ᡂᠢ ᠡᠵᠡᠨ ᠡᠴᠡ ᠪᠡᠨ ᠳᠠᠯᠳᠠᠭᠤᠷ ᠤᠷᠪᠠᠵᠤ᠂ ᠮᠠᠨ ᠤ᠋ ᠮᠣᠩᠭᠣᠯ ᠤ᠋ᠨ ᠲᠠᠯᠪᠢᠵᠤ ᠵᠠᠬᠢᠷᠤᠭᠤᠯᠤᠭᠰᠠᠨ ᠳᠠᠯᠠᠨ ᠬᠣᠶᠠᠷ ᠳᠠᠷᠤᠩᠭᠤᠢ ᠲᠦᠰᠢᠮᠡᠯ ᠢ᠋ ᠴᠥᠮ ᠠᠯᠠᠵᠤ᠂ ᠡᠵᠡᠨ ᠢ᠋ᠶ᠋ᠡᠨ ᠠᠪᠴᠤ ᠵᠡᠭᠦᠨ ᠳᠠᠯᠠᠢ ᠶ᠋ᠢᠨ ᠬᠣᠢᠭ ᠲᠤᠷ ᠵᠢᠶᠠᠩ ᠬᠤᠸᠠ ᠳ᠋ᠣᠣ ᠠᠷᠠᠯ ᠳ᠋ᠤᠷ ᠣᠷᠣᠵᠤ ᠰᠠᠭᠤᠪᠠ᠃ ᠠᠩᠬ᠎ᠠ ᠤᠳᠠᠭ᠎ᠠ ᠳᠠᠭᠠᠭᠰᠠᠨ ᠰᠣᠯᠣᠩᠭᠣᠰ ᠤ᠋ᠨ ᠾᠦᠩ ᠹᠦ ᠶᠤᠸᠠᠨ ᠦᠯᠡᠭᠰᠡᠨ ᠤᠯᠤᠰ ᠢᠷᠭᠡᠨ ᠢ᠋ ᠢᠨᠦ ᠠᠪᠴᠤ ᠮᠣᠩᠭᠣᠯ ᠤ᠋ᠨ ᠶᠡᠬᠡ ᠴᠡᠷᠢᠭ ᠡᠴᠢᠬᠦ ᠶ᠋ᠢ ᠬᠦᠯᠢᠶᠡᠮᠦᠢ ᠭᠡᠮᠡᠨ ᠠᠢᠯᠠᠳᠬᠠᠨ ᠢᠷᠡᠭᠰᠡᠨ ᠳ᠋ᠦ᠍ᠷ ᠲᠠᠢᠽᠦ᠋ᠩ ᠬᠠᠭᠠᠨ ᠶᠡᠬᠡᠯ᠎ᠡ ᠤᠨᠲᠤᠭᠤᠴᠠᠨ᠂ ᠮᠥᠨ ᠬᠦ᠌ ᠥᠨᠳᠥᠷ ᠰᠡᠴᠡᠨ ᠦ᠌ ᠬᠥᠪᠡᠭᠦᠨ ᠰᠢᠯᠢᠭᠲᠦ ᠪᠠᠷᠰ ᠲᠤᠷ ᠬᠣᠢᠲᠤ ᠡᠲᠡᠭᠡᠳ ᠦ᠋ᠨ ᠴᠡᠷᠢᠭ ᠢ᠋ ᠠᠷᠪᠠᠨ ᠲᠦᠮᠡᠨ ᠥᠭᠴᠦ ᠰᠣᠯᠣᠩᠭᠣᠰ ᠤᠯᠤᠰ ᠢ᠋ ᠳᠠᠢᠯᠠᠷ᠎ᠠ ᠢᠯᠡᠭᠡᠪᠡ᠃ ᠳᠠᠭᠠᠯᠳᠤᠭ᠎ᠠ ᠠᠯᠲᠠᠨ ᠤᠯᠤᠰ ᠢ᠋ ᠡᠯᠰᠡᠷ᠎ᠡ ᠡᠴᠢᠭᠰᠡᠨ ᠮᠣᠩᠭᠣᠯ ᠤ᠋ᠨ ᠡᠯᠴᠢ ᠳᠠᠩ ᠴᠢᠩ ᠢ᠋ ᠠᠯᠠᠭᠰᠠᠨ ᠬᠡᠷᠡᠭ ᠢ᠋ ᠠᠢᠯᠠᠳᠬᠠᠨ ᠢᠷᠡᠭᠰᠡᠨ ᠳ᠋ᠦ᠍ᠷ ᠬᠠᠭᠠᠨ ᠶᠡᠬᠡᠯ᠎ᠡ ᠬᠢᠯᠢᠩᠯᠡᠨ᠂ ᠶᠡᠬᠡ ᠴᠡᠷᠢᠭ ᠡᠮᠦᠨ᠎ᠡ ᠵᠦᠭ ᠣᠷᠣ ᠭᠡᠮᠡᠨ ᠴᠠᠭᠠᠵᠠ ᠵᠠᠷᠯᠠᠲᠠᠯ᠎ᠠ ᠳᠠᠷᠠᠭ᠎ᠠ ᠪᠠᠷ ᠪᠠᠰᠠ ᠰᠢᠯᠢᠭᠲᠦ ᠪᠠᠷᠰ ᠶᠡᠬᠡ ᠴᠡᠷᠢᠭ ᠢ᠋ ᠠᠪᠴᠤ ᠲᠢᠶᠧ ᠬᠦ ᠶ᠋ᠢ ᠬᠣᠰᠢᠭᠤᠴᠢ ᠪᠣᠯᠭᠠᠨ᠂ ᠰᠣᠯᠣᠩᠭᠣᠰ ᠤᠯᠤᠰ ᠢ᠋ ᠣᠷᠣᠵᠤ ᠳᠠᠢᠯᠠᠭᠠᠳ ᠬᠣᠭ ᠱᠦᠭᠦᠷᠳᠡᠬᠦ ᠮᠡᠲᠦ ᠠᠯᠠᠨ᠂ ᠳᠠᠷᠤᠢ ᠵᠢᠶᠠᠩ ᠬᠤᠸᠠ ᠳ᠋ᠣᠣ ᠨᠡᠷᠡᠲᠦ ᠳᠠᠯᠠᠢ ᠶ᠋ᠢᠨ ᠬᠣᠢᠭ ᠲᠤᠷ ᠠᠨᠤ ᠬᠦᠷᠴᠦ ᠹᠧᠩ ᠵᠢᠶᠠᠩ ᠬᠣᠲᠠᠨ ᠤ᠋ ᠡᠮᠦᠨ᠎ᠡ ᠡᠲᠡᠭᠡᠳ ᠦ᠋ᠨ ᠴᠦ ᠢᠨ ᠴᠧᠩ ᠬᠡᠮᠡᠬᠦ ᠬᠣᠲᠠ ᠳ᠋ᠤᠷ ᠰᠠᠨᠠᠮᠰᠠᠷ ᠦᠭᠡᠢ ᠪᠠᠢᠯᠳᠤᠭᠠᠨ ᠤ᠋ ᠳᠣᠲᠣᠷ᠎ᠠ᠂ ᠶᠤᠸᠠᠨᠱᠤᠸᠠᠢ ᠰᠢᠯᠢᠭᠲᠦ ᠪᠠᠷᠰ ᠴᠡᠷᠢᠭ ᠦ᠋ᠨ ᠨᠢᠭᠤᠴᠠ ᠬᠣᠣᠷᠠᠲᠤ ᠰᠤᠮᠤ ᠳ᠋ᠤᠷ ᠣᠨᠣᠭᠳᠠᠵᠤ ᠬᠡᠳᠦᠨ ᠡᠳᠦᠷ ᠪᠣᠯᠵᠤ ᠪᠡᠶ᠎ᠡ ᠥᠩᠭᠡᠷᠡᠭᠰᠡᠨ ᠳ᠋ᠦ᠍ᠷ ᠬᠣᠰᠢᠭᠤᠴᠢ ᠲᠢᠶᠧ ᠬᠦ ᠶᠡᠬᠡᠯ᠎ᠡ ᠤᠬᠢᠯᠠᠨ ᠪᠡᠯᠪᠡᠰᠦᠷᠡᠵᠦ᠂ ᠳᠠᠷᠤᠢ ᠶᠡᠬᠡ ᠴᠡᠷᠢᠭ ᠢ᠋ᠶ᠋ᠡᠷ ᠰᠣᠯᠣᠩᠭᠣᠰ ᠤᠯᠤᠰ ᠢ᠋ ᠲᠠᠢᠯᠠᠭᠰᠠᠭᠠᠷ ᠳᠠ ᠯᠦ᠍ ᠭᠦᠸᠧ ᡂᠢ ᠶ᠋ᠢ ᠴᠠᠪᠴᠢᠨ ᠠᠯᠠᠭᠠᠳ ᠦᠨᠳᠦᠰᠦᠨ ᠢ ᠲᠠᠰᠤᠯᠬᠤᠢ ᠳ᠋ᠤᠷ ᠬᠦᠷᠦᠭᠰᠡᠨ ᠢ᠋ ᠰᠣᠯᠣᠩᠭᠣᠰ ᠤ᠋ᠨ ᠡᠵᠡᠨ ᠴᠧ ᠸᠠᠩ ᠥᠪᠡᠷ ᠦ᠋ᠨ ᠡᠷᠬᠡ ᠪᠤᠰᠤ ᠪᠠᠢᠭᠰᠠᠭᠠᠷ ᠡᠢᠮᠦ ᠪᠣᠯᠤᠭᠰᠠᠨ ᠢ᠋ ᠬᠡᠯᠡᠵᠦ ᠳᠠᠭᠠᠭᠰᠠᠨ ᠳ᠋ᠤᠷ ᠳᠠᠷᠤᠢ ᠤᠷᠢᠳᠠ ᠶ᠋ᠢᠨ ᠳᠠᠭᠠᠭᠰᠠᠨ ᠾᠦᠩ ᠹᠦ ᠶᠤᠸᠠᠨ ᠳ᠋ᠤᠷ ᠰᠣᠯᠣᠩᠭᠣᠰ ᠤᠯᠤᠰ ᠤ᠋ᠨ ᠨᠡᠢᠲᠡ ᠶ᠋ᠢ ᠵᠠᠬᠢᠷᠤᠭᠤᠯᠵᠤ᠂ ᠲᠣᠪᠴᠢ ᠣᠨᠢᠰᠣ ᠶ᠋ᠢ ᠮᠡᠳᠡᠭᠦᠯᠵᠦ ᠪᠠᠷᠢᠭᠤᠯᠪᠠᠢ᠃ 
       ᠲᠡᠳᠦᠢ ᠡᠭᠡᠵᠦ ᠢᠷᠡᠲᠡᠯ᠎ᠡ ᠬᠠᠭᠠᠨ ᠤ᠋ ᠳᠡᠭᠦᠦ ᠴᠢᠨ ᠸᠠᠩ ᠿᠦᠢᠽᠦ᠋ᠩ ᠲᠣᠯᠢ ᠡᠪᠦᠯ ᠦ᠋ᠨ ᠠᠷᠪᠠᠨ ᠰᠠᠷ᠎ᠠ ᠳ᠋ᠤ᠌ ᠡᠪᠡᠳᠴᠦ ᠬᠠᠭᠠᠨ ᠤ᠋ ᠳᠡᠷᠭᠡᠳᠡ ᠪᠡᠶ᠎ᠡ ᠥᠩᠭᠡᠷᠡᠪᠡᠢ᠃ ᠬᠠᠭᠠᠨ ᠤ᠋ ᠭᠡᠭᠡᠨ ᠡᠮ ᠲᠣᠮ ᠢ᠋ᠶ᠋ᠠᠷ ᠰᠤᠪᠢᠯᠠᠨ ᠪᠠᠢᠲᠠᠯ᠎ᠠ ᠰᠠᠢᠨ ᠪᠣᠯᠭᠠᠨ ᠡᠰᠡ ᠴᠢᠳᠠᠪᠠᠢ᠃ ᠿᠦᠢᠽᠦ᠋ᠩ ᠳᠥᠴᠢᠨ ᠵᠢᠷᠭᠤᠭᠠᠨ ᠨᠠᠰᠤ ᠲᠠᠢ᠂ ᠲᠠᠢᠽᠦ ᠶ᠋ᠢᠨ ᠬᠣᠷᠢᠨ ᠵᠢᠷᠭᠤᠭᠠᠨ ᠨᠠᠰᠤᠨ ᠳ᠋ᠤᠷ ᠲᠥᠷᠥᠭᠰᠡᠨ ᠠᠵᠤᠭᠤ᠃ ᠡᠭᠦᠨᠴᠡ ᠵᠢᠷᠭᠤᠭᠠᠨ ᠬᠥᠪᠡᠭᠦᠨ ᠲᠡᠢ᠂ ᠶᠡᠬᠡ ᠬᠥᠪᠡᠭᠦᠨ ᠮᠥᠩᠬᠡ᠂ ᠳᠡᠳ᠋ ᠬᠥᠪᠡᠭᠦᠨ ᠵᠦᠯᠭᠡ᠂ ᠭᠤᠲᠠᠭᠠᠷ ᠬᠥᠪᠡᠭᠦᠨ ᠬᠤᠲᠤᠭᠲᠤ᠂ ᠳᠥᠲᠥᠭᠡᠷ ᠬᠥᠪᠡᠭᠦᠨ ᠬᠤᠪᠢᠯᠠᠢ᠂ ᠲᠠᠪᠤᠳᠤᠭᠠᠷ ᠬᠥᠪᠡᠭᠦᠨ ᠬᠦᠯᠦᠭ᠂ ᠵᠢᠷᠭᠤᠳᠤᠭᠠᠷ ᠬᠥᠪᠡᠭᠦᠨ ᠡᠯᠪᠡᠭ᠂ ᠶᠡᠬᠡ ᠬᠥᠪᠡᠭᠦᠨ ᠮᠥᠩᠬᠡ ᠬᠣᠶᠠᠳᠤᠭᠠᠷ ᠬᠥᠪᠡᠭᠦᠨ ᠵᠦᠯᠭᠡ᠂ ᠭᠤᠷᠪᠠᠳᠤᠭᠠᠷ ᠬᠥᠪᠡᠭᠦᠨ ᠬᠤᠲᠤᠭᠲᠤ᠂ ᠳᠥᠷᠪᠡᠳᠦᠭᠡᠷ ᠬᠥᠪᠡᠭᠦᠨ ᠬᠤᠪᠢᠯᠠᠢ ᠳᠥᠷᠪᠡᠭᠦᠯᠡ ᠴᠥᠮ ᠿᠦᠢᠽᠦ᠋ᠩ ᠲᠣᠯᠢ ᠶ᠋ᠢᠨ ᠬᠣᠩᠭᠢᠷᠠᠳ ᠠ᠋ᠴᠠ ᠤᠪᠤᠭᠰᠠᠨ ᠬᠤᠳᠠᠷᠭ᠎ᠠ ᠪᠠᠭᠠᠲᠤᠷ ᠤ᠋ᠨ ᠥᠬᠢᠨ ᠴᠢᠯᠭᠡᠷ ᠡᠰᠢ ᠵᠤᠵᠠᠭᠠᠨ ᠬᠦᠷᠳᠦ ᠲᠠᠢᠬᠡᠦ ᠡᠴᠡ ᠲᠥᠷᠥᠭᠰᠡᠨ ᠪᠥᠯᠥᠭᠡ ᠃ ᠲᠠᠪᠤᠳᠤᠭᠠᠷ ᠬᠥᠪᠡᠭᠦᠨ ᠬᠦᠯᠦᠭ᠂ ᠿᠦᠢᠽᠦ᠋ᠩ ᠲᠣᠯᠢ ᠶ᠋ᠢᠨ ᠳᠡᠳ᠋ ᠬᠠᠲᠤᠨ ᠠᠯᠲᠠᠨ ᠤᠯᠤᠰ ᠤ᠋ᠨ ᠸᠧᠢ ᠱᠣᠣ ᠸᠠᠩ ᠶᠦᠩ ᠵᠢᠢ ᠬᠠᠭᠠᠨ ᠤ᠋ ᠥᠬᠢᠨ ᠴᠢ ᠭᠦᠸᠧ ᠭᠦᠩᠵᠦ ᠡᠴᠡ ᠲᠦᠷᠦᠵᠦᠬᠦᠢ᠂ ᠵᠢᠷᠭᠤᠳᠤᠭᠠᠷ ᠬᠥᠪᠡᠭᠦᠨ ᠡᠯᠪᠡᠭ᠂ ᠿᠦᠢᠽᠦ᠋ᠩ ᠲᠣᠯᠢ ᠶ᠋ᠢᠨ ᠰᠤᠯᠠ ᠬᠠᠲᠤᠨ ᠠ᠋ᠴᠠ ᠲᠦᠷᠦᠵᠦᠬᠦᠢ᠃ ᠲᠣᠯᠢ ᠶ᠋ᠢ ᠿᠦᠢᠽᠦ᠋ᠩ ᠬᠡᠮᠡᠬᠦ ᠢᠨᠦ ᠲᠡᠭᠦᠨ ᠦ᠌ ᠶᠡᠬᠡ ᠬᠥᠪᠡᠭᠦᠨ ᠮᠥᠩᠬᠡ᠂ ᠳᠥᠷᠪᠡᠳᠦᠭᠡᠷ ᠬᠥᠪᠡᠭᠦᠨ ᠬᠤᠪᠢᠯᠠᠢ ᠴᠥᠮ ᠬᠠᠭᠠᠨ ᠰᠠᠭᠤᠭᠰᠠᠨ ᠲᠤᠯᠠ ᠡᠢᠨ ᠬᠦ᠌ ᠡᠷᠭᠦᠭᠰᠡᠨ ᠪᠥᠯᠥᠭᠡ᠃ ᠡᠳᠦᠭᠡ ᠭᠠᠭᠴᠠ ᠶᠡᠬᠡ ᠬᠥᠪᠡᠭᠦᠨ ᠮᠥᠩᠬᠡ ᠴᠡᠷᠢᠭ ᠦ᠋ᠨ ᠬᠦᠷᠢᠶ᠎ᠡ ᠳ᠋ᠦ᠍ᠷ ᠳᠠᠭᠠᠵᠤ ᠶᠠᠪᠤᠬᠤ ᠲᠤᠯᠠ ᠬᠠᠭᠠᠨ ᠯᠤᠭ᠎ᠠ ᠿᠦᠢᠽᠦ᠋ᠩ ᠲᠣᠯᠢ ᠶ᠋ᠢᠨ ᠶᠠᠰᠤᠨ ᠢ᠋ ᠪᠠᠷᠢᠵᠤ᠂ ᠬᠠᠭᠠᠨ ᠪᠡᠶ᠎ᠡ ᠪᠡᠷ ᠲᠡᠭᠦᠨ ᠦ᠌ ᠤᠯᠤᠰ ᠲᠤᠷ ᠶᠡᠬᠡ ᠭᠠᠪᠢᠶ᠎ᠠ ᠲᠠᠢ ᠳ᠋ᠤᠷ ᠪᠡᠯᠪᠡᠰᠦᠷᠡᠯ ᠡᠮᠦᠰᠴᠦ ᠶᠡᠬᠡᠳᠡ ᠭᠠᠰᠢᠭᠤᠳᠠᠨ ᠬᠠᠢᠯᠠᠵᠤ ᠶᠠᠰᠤᠨ ᠢ᠋ ᠳ᠋ᠠᠢᠳᠦ᠋ ᠳ᠋ᠦ᠍ᠷ ᠲᠠᠯᠪᠢᠵᠤ᠂ ᠶᠡᠬᠡ ᠪᠡᠯᠪᠡᠰᠦᠷᠡᠯ ᠦ᠋ᠨ ᠬᠡᠷᠡᠭ ᠢ᠋ ᠰᠢᠳᠬᠡᠬᠦᠢ ᠳ᠋ᠦ᠍ᠷ ᠭᠤᠸᠠᠩ ᠰᠢᠶᠠᠨ ᠬᠤᠸᠠᠩ ᠲᠠᠢᠬᠡᠦ ᠰᠡᠭᠦᠳᠡᠷ ᠥᠨᠳᠥᠷ ᠪᠣᠯᠤᠭᠰᠠᠨ ᠲᠤᠯᠠ᠂ ᠵᠠᠷᠯᠢᠭ ᠢ᠋ᠶ᠋ᠠᠷ ᠬᠣᠯᠠ ᠤᠯᠤᠰ ᠢ᠋ ᠳᠠᠢᠯᠠᠷ᠎ᠠ ᠡᠴᠢᠪᠡ ᠭᠡᠮᠡᠨ ᠳᠠᠷᠤᠢ ᠰᠣᠨᠣᠰᠬᠠᠭᠰᠠᠨ ᠦᠭᠡᠢ᠃ ᠬᠠᠲᠤᠳ ᠬᠥᠪᠡᠭᠦᠳ ᠢ᠋ ᠢᠨᠦ ᠪᠤᠰᠤ ᠰᠢᠯᠲᠠᠭ ᠵᠢᠭᠠᠨ ᠳ᠋ᠠᠢᠳᠦ᠋ ᠳ᠋ᠦ᠍ᠷ ᠢᠷᠡᠭᠦᠯᠵᠦ ᠭᠠᠰᠠᠯᠠᠩ ᠤ᠋ᠨ ᠬᠡᠷᠡᠭ ᠢ᠋ ᠲᠡᠭᠦᠰᠬᠡᠯᠭᠡᠵᠦ᠂ ᠡᠮᠦᠨ᠎ᠡ ᠤᠮᠠᠷ᠎ᠠ ᠬᠣᠶᠠᠷ ᠮᠣᠩᠭᠣᠨ ᠦᠢᠯᠡᠳᠦᠭᠦᠯᠪᠡ᠃ ᠡᠮᠦᠨ᠎ᠡ ᠮᠣᠩᠭᠣᠨ ᠢ᠋ ᠪᠠᠰᠠ ᠬᠦ᠌ ᠴᠢ ᠨᠢᠶᠠᠨ ᠬᠦ ᠳ᠋ᠦ᠍ᠷ ᠦᠢᠯᠡᠳᠦᠭᠦᠯᠪᠡ᠂ ᠬᠣᠢᠲᠤ ᠮᠣᠩᠭᠣᠨ ᠢ᠋ ᠪᠤᠷᠬᠠᠨ ᠭᠠᠯᠳᠤᠨ᠎ᠠ ᠳ᠋ᠤᠷ ᠦᠢᠯᠡᠳᠦᠭᠦᠯᠪᠡ᠃ ᠡᠨᠡ ᠵᠢᠯ ᠬᠠᠭᠠᠨ ᠳ᠋ᠤᠷ ᠦᠷᠡᠴᠢᠯᠡᠭᠳᠡᠭᠰᠡᠨ ᠶᠡᠬᠡ ᠬᠥᠪᠡᠭᠦᠨ ᠮᠥᠩᠬᠡ᠂ ᠬᠣᠷᠢᠨ ᠲᠠᠪᠤᠨ ᠨᠠᠰᠤ ᠲᠠᠢ᠂ ᠬᠠᠷᠠᠬᠠᠨ ᠴᠡᠷᠢᠭ ᠲᠡᠢᠨ ᠳ᠋ᠦ᠍ᠷ ᠶᠠᠪᠤᠮᠤᠢ᠃ ᠳᠥᠷᠪᠡᠳᠦᠭᠡᠷ ᠬᠥᠪᠡᠭᠦᠨ ᠬᠤᠪᠢᠯᠠᠢ ᠰᠡᠴᠡᠨ ᠰᠠᠶᠢ ᠠᠷᠪᠠᠨ ᠨᠠᠢ᠍ᠮᠠᠨ ᠨᠠᠰᠤ ᠲᠠᠢ᠂ ᠬᠠᠷᠠᠬᠠᠨ ᠶᠡᠬᠡ ᠪᠢᠴᠢᠭ ᠦ᠋ᠨ ᠰᠤᠷᠭᠠᠭᠤᠯᠢ ᠳ᠋ᠤᠷ ᠭᠦᠨ᠎ᠡ ᠬᠢᠴᠢᠶᠡᠬᠦ ᠴᠠᠭ᠂ ᠣᠯᠠᠨ ᠬᠠᠭᠠᠨ᠂ ᠸᠠᠩ ᠤ᠋ᠨ ᠲᠠᠢᠽᠢ ᠨᠠᠷ ᠤ᠋ᠨ ᠳᠣᠲᠣᠷ᠎ᠠ ᠬᠢᠲᠠᠳ ᠬᠡᠯᠡᠨ ᠦ᠌ ᠪᠢᠴᠢᠭ ᠲᠣᠷ ᠭᠦᠨ᠎ᠡ ᠨᠡᠪᠲᠡᠷᠡᠭᠰᠡᠨ ᠢᠨᠦ ᠭᠠᠭᠴᠠ ᠡᠨᠡ ᠬᠤᠪᠢᠯᠠᠢ᠃ ᠬᠢᠲᠠᠳ ᠤ᠋ᠨ ᠡᠷᠭᠦᠭᠰᠡᠳ᠂ ᠣᠶᠤᠲᠠᠨ ᠨᠠᠷ ᠢ᠋ ᠤᠷᠲᠤᠳᠠ ᠭᠠᠷᠲᠠᠭᠠᠨ ᠴᠢᠳᠠᠳᠠᠭ ᠠᠵᠤᠭᠤ᠃ ᠲᠡᠢᠨ ᠬᠦ᠌ ᠪᠢᠴᠢᠭ ᠦ᠋ᠨ ᠡᠷᠳᠡᠮᠲᠡᠨ ᠳ᠋ᠦ᠍ᠷ ᠳᠤᠷᠠᠲᠠᠢ᠂ ᠰᠡᠴᠡᠨ ᠭᠡᠭᠡᠬᠡᠨ ᠢ᠋ ᠳᠠᠭᠠᠯᠠᠮᠤᠢ᠂ ᠲᠡᠢᠨ ᠬᠦ᠌ ᠪᠦᠭᠦᠳᠡᠭᠡᠷ ᠲᠡᠭᠦᠨ ᠦ᠌ 《ᠬᠤᠪᠢᠯᠠᠢ ᠰᠡᠴᠡᠨ 》 ᠭᠡᠮᠡᠨ ᠳᠠᠭᠤᠳᠠᠳᠠᠭ ᠠᠵᠤᠭᠤ᠃  ᠲᠥᠪ ᠦ᠋ᠨ ᠬᠠᠲᠤᠨ ᠠᠨᠤ ᠮᠥᠨ ᠬᠦ᠌ ᠭᠤᠸᠠᠩ ᠰᠢᠶᠠᠨ ᠲᠠᠢᠬᠡᠦ ᠶ᠋ᠢᠨ ᠲᠥᠷᠬᠥᠮ ᠦ᠋ᠨ ᠴᠢ ᠥᠬᠢᠨ ᠠᠵᠤᠭᠤ᠃ ᠲᠡᠢᠨ ᠬᠦ᠌ ᠬᠠᠭᠠᠨ ᠬᠠᠷᠠᠬᠠᠨ ᠤᠬᠢᠯᠠᠨ ᠭᠠᠰᠠᠯᠵᠤ ᠳᠡᠭᠦᠦ ᠳ᠋ᠡᠭᠡᠨ ᠭᠣᠮᠣᠳᠠᠨ ᠪᠥᠬᠥᠶ᠎ᠡ᠂ ᠳᠠᠷᠠᠭ᠎ᠠ ᠪᠠᠰᠠ ᠰᠢᠯᠢᠭᠲᠦ ᠪᠠᠷᠰ ᠤ᠋ᠨ ᠰᠣᠯᠣᠩᠭᠣᠰ ᠤᠯᠤᠰ ᠲᠤᠷ ᠡᠨᠳᠡᠭᠰᠡᠨ ᠢ᠋ ᠰᠣᠨᠣᠰᠴᠤ ᠨᠡᠩᠳᠡ ᠭᠠᠰᠢᠭᠤᠳᠠᠨ ᠵᠠᠷᠯᠢᠭ ᠪᠣᠯᠤᠷᠤᠨ : 《ᠡᠨᠡ ᠵᠢᠯ ᠮᠢᠨᠦ ᠪᠠᠷᠠᠭᠤᠨ ᠮᠥᠷᠥ ᠡᠪᠳᠡᠷᠡᠵᠦ᠂ ᠵᠡᠭᠦᠨ ᠬᠤᠷᠤᠭᠤ ᠬᠤᠭᠤᠷᠠᠪᠠ ᠭᠡᠮᠡᠨ ᠿᠦᠢᠽᠦ᠋ᠩ ᠲᠣᠯᠢ ᠶ᠋ᠢᠨ ᠪᠡᠶ᠎ᠡ ᠶ᠋ᠢ ᠠᠯᠲᠠᠨ ᠢ᠋ᠶ᠋ᠠᠷ ᠪᠦᠲᠦᠭᠡᠵᠦ᠂ ᠬᠠᠵᠠᠭᠤᠳᠠ ᠰᠢᠯᠢᠭᠲᠦ ᠪᠠᠷᠰ ᠢ᠋ ᠵᠣᠭᠰᠣᠭᠠᠨ ᠰᠦᠮ᠎ᠡ ᠳ᠋ᠦ᠍ᠷ ᠳᠠᠬᠢᠭᠤᠯᠪᠠ᠃ 
       ᠲᠡᠭᠦᠨᠴᠡ ᠬᠠᠭᠠᠨ ᠶᠡᠬᠡ ᠴᠡᠷᠢᠭ ᠢ᠋ ᠲᠦᠳᠡᠭᠡᠯᠵᠡᠭᠦᠯᠪᠡ᠃ ᠡᠨᠡ ᠠᠷᠪᠠᠨ ᠨᠢᠭᠡᠨ ᠰᠠᠷ᠎ᠠ ᠳ᠋ᠤᠷ᠂ ᠤᠷᠪᠠᠭᠰᠠᠨ ᠬᠤᠯᠠᠭᠠᠢ ᠭᠦᠸᠧ ᠠᠨ ᠶᠦᠩ᠂ ᠪᠠᠰᠠ ᠠᠯᠲᠠᠨ ᠤᠯᠤᠰ ᠤ᠋ᠨ ᠸᠠᠨ ᠶᠠᠨ ᠶᠦᠩ ᠠᠨ ᠨᠠᠷ ᠮᠣᠩᠭᠣᠯ ᠤ᠋ᠨ ᠰᠢᠦᠢ ᠵᠧᠦ ᠶ᠋ᠢ ᠪᠠᠢᠯᠳᠤᠭᠠᠳ ᠮᠣᠩᠭᠣᠯ ᠤ᠋ᠨ ᠠ ᠵᠣ᠌ ᠯᠦ᠍ ᠶᠤᠸᠠᠨᠱᠤᠸᠠᠢ ᠳ᠋ᠤᠷ ᠶᠡᠬᠡᠯ᠎ᠡ ᠳᠠᠷᠤᠭᠳᠠᠵᠤ ᠡᠭᠡᠬᠦᠶ᠎ᠡ᠂ ᠲᠠᠢᠰᠢ ᠪᠤᠯᠤ ᠳ᠋ᠤᠷ ᠪᠠᠰᠠ ᠲᠠᠰᠤᠯᠤᠭᠳᠠᠨ ᠶᠡᠬᠡᠯ᠎ᠡ ᠠᠯᠠᠭᠳᠠᠵᠤ ᠠᠷᠠᠢ ᠠᠮᠢ ᠪᠠᠨ ᠠᠪᠴᠤ ᠪᠤᠷᠤᠭᠤᠯᠠᠨ ᠭᠠᠷᠪᠠ᠃ ᠳᠠᠷᠠᠭ᠎ᠠ ᠡᠪᠦᠯ ᠦ᠋ᠨ ᠠᠷᠪᠠᠨ ᠬᠣᠶᠠᠷ ᠰᠠᠷ᠎ᠠ ᠳ᠋ᠤᠷ ᠰᠥᠩ ᠤᠯᠤᠰ ᠤ᠋ᠨ ᠬᠤᠸᠠᠩ ᠲᠠᠢᠬᠡᠦ ᠶᠠᠩ ᠱᠢ ᠦᠭᠡᠢ ᠪᠣᠯᠪᠠ᠃ ᠪᠠᠰᠠ ᠮᠣᠩᠭᠣᠯ ᠤ᠋ᠨ ᠭᠠᠵᠠᠷ ᠤ᠋ᠨ ᠸᠠᠩ ᠢ ᠶ᠋ᠢ ᠡᠯᠴᠢ ᠪᠣᠯᠭᠠᠨ ᠰᠥᠩ ᠤᠯᠤᠰ ᠤ᠋ᠨ ᠰᠢᠩ ᠬᠤ᠌ ᠳ᠋ᠤᠷ ᠢᠯᠡᠬᠡᠨ ᠬᠠᠮᠲᠤ ᠠᠯᠲᠠᠨ ᠤᠯᠤᠰ ᠢ᠋ ᠬᠠᠪᠴᠢᠨ ᠪᠠᠢᠯᠳᠤᠰᠤᠭᠠᠢ ᠭᠡᠮᠡᠨ ᠵᠥᠪᠯᠡᠷ᠎ᠡ ᠢᠷᠡᠭᠰᠡᠨ ᠳ᠋ᠦ᠍ᠷ ᠰᠢᠳᠠᠷ ᠰᠠᠢᠳ ᠱᠢ ᠰᠢᠶᠦ᠋ᠩ ᠤᠯᠠᠮᠵᠢᠯᠠᠨ ᠠᠢᠯᠠᠳᠬᠠᠭᠰᠠᠨ ᠠᠨᠤ : 《ᠲᠥᠷᠥ ᠶ᠋ᠢᠨ ᠲᠦᠰᠢᠮᠡᠳ ᠡᠨᠡ ᠤᠳᠠᠭ᠎ᠠ ᠳ᠋ᠤᠷ ᠣᠳᠣ ᠬᠠᠭᠤᠴᠢᠨ ᠬᠣᠷᠣᠰᠤᠯ ᠢ᠋ ᠠᠷᠢᠯᠭᠠᠰᠤᠭᠠᠢ᠃ 》ᠬᠡᠮᠡᠬᠦᠢ ᠳ᠋ᠦ᠍ᠷ ᠰᠢᠳᠠᠷ ᠰᠠᠢᠳ ᠱᠢ ᠰᠢᠶᠦ᠋ᠩ ᠤᠯᠠᠮᠵᠢᠯᠠᠨ ᠠᠢᠯᠠᠳᠬᠠᠭᠰᠠᠨ ᠠᠨᠤ : 《ᠲᠥᠷᠥ ᠶ᠋ᠢᠨ ᠲᠦᠰᠢᠮᠡᠳ ᠡᠨᠡ ᠤᠳᠠᠭ᠎ᠠ ᠳ᠋ᠤᠷ ᠣᠳᠣ ᠬᠠᠭᠤᠴᠢᠨ ᠬᠣᠷᠣᠰᠤᠯ ᠢ᠋ ᠠᠷᠢᠯᠭᠠᠰᠤᠭᠠᠢ᠃ 》 ᠬᠡᠮᠡᠬᠦᠢ ᠳ᠋ᠦ᠍ᠷ ᠭᠠᠭᠴᠠ ᠵᠠᠩᠵᠤᠨ ᠵᠣᠣ ᠹᠠᠨ ᠪᠠᠶᠠᠷ ᠦᠭᠡᠢ ᠥᠭᠦᠯᠡᠷᠦᠨ : 《ᠡᠨᠡ ᠬᠡᠷᠡᠭ ᠰᠠᠢᠨ ᠦᠭᠡᠢ᠂ ᠴᠢᠨᠣ᠎ᠠ ᠶ᠋ᠢ ᠠᠷᠢᠯᠭᠠᠬᠤᠶ᠎ᠠ ᠪᠠᠷᠰ ᠢ᠋ ᠤᠳᠤᠷᠢᠳᠤᠨ ᠣᠷᠣᠭᠤᠯᠵᠤ ᠢᠷᠡᠬᠦ ᠬᠡᠷᠡᠭ᠂ ᠡᠷᠲᠡ ᠡᠳᠦᠷ ᠮᠣᠩᠭᠣᠯ ᠯᠤᠭ᠎ᠠ ᠳᠠᠯᠠᠢ ᠶ᠋ᠢᠨ ᠬᠥᠪᠡᠭᠡ ᠳ᠋ᠦ᠍ᠷ ᠪᠣᠯᠵᠣᠵᠤ ᠴᠢᠭᠤᠯᠭᠠᠨ ᠴᠢᠭᠤᠯᠤᠭᠰᠠᠨ ᠬᠡᠷᠡᠭ ᠮᠠᠨ ᠤ᠋ ᠤᠯᠤᠰ ᠠᠷᠠᠢ ᠮᠣᠩᠭᠣᠯ ᠳ᠋ᠤᠷ ᠠᠪᠲᠠᠭᠰᠠᠨ ᠦᠭᠡᠢ ᠪᠤᠰᠤ ᠤᠤ ?  ᠡᠳᠦᠭᠡ ᠪᠠᠰᠠ ᠴᠢᠭᠤᠯᠭᠠᠨ ᠨᠡᠢᠯᠡᠪᠡᠰᠦ ᠮᠠᠰᠢ ᠲᠦᠭᠰᠢᠭᠦᠷᠢᠲᠡᠢ ! 》ᠬᠡᠮᠡᠭᠰᠡᠨ ᠳ᠋ᠦ᠍ᠷ ᠰᠢᠶᠦ᠋ᠩ ᠯᠢ ᠴᠥᠩ᠂ ᠵᠣᠣ ᠶᠦᠨ ᠦᠭᠡ ᠠᠪᠤᠭᠰᠠᠨ ᠦᠭᠡᠢ᠂ ᠳᠠᠷᠤᠢ ᠰᠢᠳᠠᠷ ᠰᠠᠢᠳ ᠱᠢ ᠰᠢᠶᠦ᠋ᠩ ᠢ᠋ ᠬᠠᠷᠢᠭᠤ ᠪᠣᠯᠵᠣᠷ᠎ᠠ ᠵᠠᠷᠤᠵᠤ ᠠᠯᠲᠠᠨ ᠤᠯᠤᠰ ᠢ᠋ ᠳᠠᠢᠯᠠᠬᠤ ᠶ᠋ᠢ ᠬᠦᠯᠢᠶᠡᠨ ᠠᠪᠤᠷ᠎ᠠ ᠬᠡᠯᠡᠭᠦᠯᠦᠭᠰᠡᠨ ᠢᠨᠦ : 《ᠪᠢᠳᠡᠨ ᠦ᠌ ᠤᠯᠤᠰ ᠬᠠᠪᠰᠤᠷᠴᠤ ᠠᠯᠲᠠᠨ ᠤᠯᠤᠰ ᠢ᠋ ᠠᠷᠢᠯᠭᠠᠪᠠᠰᠤ ᠾᠧ ᠨᠠᠨ ᠤ᠋ ᠭᠠᠵᠠᠷ ᠢ᠋ ᠮᠠᠨ ᠤ᠋ ᠤᠯᠤᠰ ᠲᠤᠷ ᠡᠭᠡᠭᠦᠯᠦᠨ ᠥᠭᠲᠦᠭᠡᠢ ! 》 ᠬᠡᠮᠡᠬᠦᠢ ᠳ᠋ᠦ᠍ᠷ ᠮᠣᠩᠭᠣᠯ ᠤ᠋ᠨ ᠶᠤᠸᠠᠨᠱᠤᠸᠠᠢ ᠥᠭᠦᠯᠡᠷᠦᠨ :《ᠲᠡᠢᠮᠦ ᠪᠥᠭᠡᠰᠦ ᠲᠠ ᠶᠠᠭᠤᠨ ᠳ᠋ᠤᠷ ᠭᠠᠭᠴᠠᠭᠠᠷ ᠳᠠᠢᠯᠠᠵᠤ ᠦᠯᠦ ᠠᠪᠤᠮᠤᠢ ! 》ᠭᠡᠮᠡᠨ ᠢᠨᠢᠶᠡᠯᠴᠡᠪᠡ᠃ 
       ᠲᠡᠨᠳᠡᠴᠡ ᠡᠨᠡ ᠦᠶ᠎ᠡ ᠳ᠋ᠦ᠍ᠷ ᠠᠯᠲᠠᠨ ᠤᠯᠤᠰ ᠤ᠋ᠨ ᠠᠢᠽᠥ᠋ᠩ ᠬᠠᠭᠠᠨ ᠱᠧᠦ ᠰᠢᠦ ᠪᠢᠶᠠᠨ ᠯᠢᠶᠠᠩ ᠪᠠᠯᠭᠠᠰᠤᠨ᠎ᠠ ᠠᠮᠤ ᠲᠡᠭᠦᠰᠴᠦ ᠬᠦᠨᠡᠰᠦ ᠲᠠᠰᠤᠷᠠᠭᠠᠳ ᠬᠦᠴᠦᠨ ᠮᠣᠬᠣᠵᠤ ᠪᠠᠴᠢᠮ ᠲᠦᠭᠰᠢᠭᠦᠷᠢ ᠲᠡᠢ ᠪᠣᠯᠤᠭᠰᠠᠨ ᠳ᠋ᠤᠷ ᠲᠥᠷᠥ ᠶ᠋ᠢᠨ ᠣᠯᠠᠨ ᠲᠦᠰᠢᠮᠡᠳ ᠢ᠋ᠶ᠋ᠡᠨ ᠳᠠᠭᠤᠳᠠᠨ ᠣᠷᠣᠭᠤᠯᠵᠤ ᠵᠥᠪᠯᠡᠯᠳᠦᠬᠦᠶ᠎ᠡ᠂ ᠵᠠᠷᠢᠮ ᠠᠨᠤ : 《ᠬᠠᠭᠠᠨ ᠬᠦᠢ ᠳᠧ ᠹᠦ ᠶ᠋ᠢᠨ ᠳᠥᠷᠪᠡᠨ ᠡᠲᠡᠭᠡᠳ ᠲᠣᠷ ᠴᠥᠮ ᠬᠤᠪᠢᠯᠭᠠᠨ ᠤᠰᠤ ᠪᠣᠢ ᠲᠤᠯᠠ ᠥᠪᠡᠷ ᠢ᠋ ᠬᠠᠮᠠᠭᠠᠯᠠᠪᠠᠰᠤ ᠪᠣᠯᠤᠮᠤᠢ 》 ᠬᠡᠮᠡᠪᠡᠢ᠃ ᠵᠠᠷᠢᠮ ᠠᠨᠤ : 《ᠪᠠᠷᠠᠭᠤᠨ ᠠᠭᠤᠯᠠᠨ ᠤ᠋ ᠬᠣᠷᠮᠣᠢ ᠪᠠᠷ ᠶᠠᠪᠤᠵᠤ ᠳ᠋ᠧᠩ ᠵᠧᠦ ᠬᠣᠲᠠᠨ ᠳ᠋ᠤᠷ ᠣᠷᠣᠪᠠᠰᠤ ᠳᠡᠭᠡᠷ᠎ᠡ  》ᠬᠡᠮᠡᠮᠦᠢ᠃ ᠵᠠᠷᠢᠮ ᠠᠨᠤ 《ᠳ᠋ᠧᠩ ᠵᠧᠦ ᠳ᠋ᠦ᠍ᠷ ᠣᠷᠣᠵᠤ ᠪᠣᠯᠬᠤ ᠦᠭᠡᠢ᠂ ᠮᠣᠩᠭᠣᠯ ᠤ᠋ᠨ ᠲᠠᠢᠰᠢ ᠪᠤᠯᠤ ᠵᠠᠩᠵᠤᠨ ᠰᠥᠪᠡᠭᠡᠲᠡᠢ ᠪᠠᠭᠠᠲᠤᠷ ᠠᠨᠤ ᠢᠦ ᠵᠧᠦ ᠳ᠋ᠦ᠍ᠷ ᠪᠣᠢ ᠲᠤᠯᠠ ᠬᠡᠲᠦᠷᠬᠡᠢ ᠣᠢᠷ᠎ᠠ᠂ ᠨᠡᠩ ᠲᠦᠭᠰᠢᠭᠦᠷᠢ ᠲᠡᠢ᠂ ᠬᠠᠷᠢᠨ ᠤᠷᠢᠳᠠ ᠴᠧ ᠼᠠᠢ ᠶ᠋ᠢ ᠠᠪᠴᠤ ᠬᠣᠢᠨ᠎ᠠ ᠲᠣᠭᠣᠷᠢᠵᠤ ᠳ᠋ᠧᠩ ᠰᠢᠶᠠᠨ ᠳ᠋ᠤᠷ ᠣᠷᠣᠪᠠᠰᠤ ᠰᠠᠶᠢ ᠪᠣᠯᠤᠮᠤᠢ 》ᠭᠡᠮᠡᠨ ᠪᠦᠭᠦᠳᠡᠭᠡᠷ ᠬᠤᠪᠢ ᠬᠤᠪᠢ ᠪᠠᠨ ᠬᠡᠯᠡᠵᠦ᠂ ᠨᠡᠩ ᠲᠣᠭᠲᠠᠭᠤᠷᠢ ᠦᠭᠡᠢ ᠪᠣᠯᠤᠭᠰᠠᠨ ᠳ᠋ᠤᠷ ᠠᠯᠲᠠᠨ ᠤ᠋ ᠠᠢᠽᠥ᠋ᠩ ᠨᠡᠩᠳᠡ ᠲᠣᠭᠲᠠᠭᠠᠨ ᠴᠢᠳᠠᠬᠤ ᠦᠭᠡᠢ ᠪᠣᠯᠤᠭᠠᠳ ᠢᠦ ᠽᠢ ᠶᠠᠮᠤᠨ ᠤ᠋ ᠯᠠᠩ ᠵᠦᠩ ᠲᠦᠰᠢᠮᠡᠯ ᠶᠦᠨ ᠹᠠᠨ ᠪᠧᠢ ᠬᠤᠸᠠ ᠠ᠋ᠴᠠ ᠠᠰᠠᠭᠤᠪᠠᠰᠤ ᠠᠢᠯᠠᠳᠬᠠᠬᠤ ᠠᠨᠤ : 《ᠬᠦᠢ ᠳᠧ ᠹᠦ ᠶ᠋ᠢᠨ ᠬᠣᠲᠠᠨ ᠬᠡᠳᠦᠢ ᠪᠠᠲᠤ ᠪᠡᠬᠢ ᠪᠣᠯᠪᠠᠴᠤ ᠠᠮᠤ ᠡᠪᠡᠰᠦ ᠦᠭᠡᠢ᠂ ᠲᠡᠭᠦᠨ ᠳ᠋ᠦ᠍ᠷ ᠣᠷᠣᠭᠰᠠᠭᠠᠷ ᠬᠦᠨᠳᠦ ᠬᠠᠭᠠᠭᠳᠠᠨ ᠬᠦᠨᠡᠰᠦ ᠲᠠᠰᠤᠷᠠᠨ ᠬᠠᠷᠠᠭᠰᠠᠭᠠᠷ ᠦᠬᠦᠬᠦ ᠶ᠋ᠢ ᠡᠷᠢᠬᠦ ᠬᠡᠷᠡᠭ᠂ ᠬᠡᠷᠬᠢᠪᠡᠴᠦ ᠲᠡᠨᠳᠡ ᠡᠴᠢᠵᠦ ᠪᠣᠯᠬᠤ ᠦᠭᠡᠢ᠃ ᠡᠳᠦᠭᠡ ᠮᠣᠩᠭᠣᠯ ᠤ᠋ᠨ ᠶᠡᠬᠡ ᠪᠤᠯᠤ᠂ ᠳᠠᠢᠰᠤᠨᠳᠠᠷᠤᠭᠴᠢ᠂ ᠰᠥᠪᠡᠭᠡᠲᠡᠢ ᠨᠠᠷ ᠴᠥᠮ ᠢᠦ ᠵᠧᠦ ᠳ᠋ᠦ᠍ᠷ ᠪᠣᠢ᠂ ᠴᠧᠩ ᠰᠢᠶᠠᠨ ᠳ᠋ᠤᠷ ᠮᠥᠨ ᠡᠴᠢᠵᠦ ᠪᠣᠯᠬᠤ ᠦᠭᠡᠢ᠃ ᠡᠳᠦᠭᠡ ᠶ᠋ᠢᠨ ᠠᠷᠭ᠎ᠠ ᠣᠳᠣ ᠭᠠᠭᠴᠠ ᠨᠢᠭᠡᠨ ᠰᠡᠳᠬᠢᠯ ᠬᠠᠮᠲᠤ ᠬᠦᠴᠦᠨ ᠢ᠋ᠶ᠋ᠡᠷ ᠮᠣᠩᠭᠣᠯ ᠳ᠋ᠤᠷ ᠠᠪᠲᠠᠭᠰᠠᠨ ᠢᠦ ᠵᠧᠦ ᠶ᠋ᠢ ᠡᠷᠢᠨ ᠬᠦᠷᠴᠦ ᠬᠦᠴᠦᠯᠡᠨ ᠪᠠᠢᠯᠳᠤᠬᠤ ᠠᠨᠤ ᠡᠷᠬᠢᠮ᠃ ᠵᠠᠮ ᠵᠠᠮ ᠤ᠋ᠨ ᠳᠤᠮᠳᠠ ᠲᠣᠰᠴᠤ ᠪᠠᠢᠯᠳᠤᠬᠤ ᠠᠨᠤ ᠨᠡᠩ ᠡᠷᠬᠢᠮ᠂ ᠡᠭᠦᠨᠴᠡ ᠬᠣᠲᠠ ᠶ᠋ᠢᠨ ᠣᠢᠷ᠎ᠠ ᠲᠣᠰᠴᠤ ᠪᠠᠢᠯᠳᠤᠬᠤ ᠠᠨᠤ ᠨᠡᠩᠳᠡ ᠡᠷᠬᠢᠮ ᠶᠠᠭᠤᠨ ?  ᠬᠡᠮᠡᠪᠡᠰᠦ : ᠡᠳᠦᠭᠡ ᠮᠠᠨ ᠤ᠋ ᠴᠡᠷᠢᠭ ᠲᠦ᠍ᠷ ᠪᠠᠰᠠ ᠪᠠᠬᠠᠨ ᠢᠳᠡᠬᠦ ᠠᠮᠤ ᠪᠣᠢ᠂ ᠪᠠᠢᠯᠳᠤᠬᠤ ᠬᠦᠴᠦᠨ ᠪᠠᠰᠠ ᠪᠣᠢ᠂ ᠬᠡᠷᠪᠡ ᠨᠡᠢᠰᠯᠡᠯ ᠡᠴᠡ ᠬᠣᠯᠠ ᠭ᠍ᠡᠷᠪᠡᠰᠤ ᠴᠡᠷᠢᠭ ᠦ᠋ᠨ ᠢᠳᠡᠬᠦ ᠬᠦᠨᠡᠰᠦ ᠠᠮᠤ ᠡᠪᠡᠰᠦ ᠶ᠋ᠢ ᠳᠡᠪᠰᠢᠭᠦᠯᠦᠶ᠎ᠡ ᠮᠠᠰᠢ ᠪᠡᠷᠬᠡ ᠲᠦᠪᠡᠭ ᠪᠣᠯᠤᠮᠤᠢ᠃ ᠵᠠᠷᠢᠮ ᠴᠡᠷᠢᠭ ᠴᠦ᠍ ᠨᠢᠭᠤᠨ ᠵᠠᠢᠯᠠᠵᠤ ᠳᠠᠯᠳᠠᠯᠠᠨ ᠭᠠᠷᠴᠤ ᠴᠢᠳᠠᠬᠤ ᠦᠭᠡᠢ ᠲᠤᠯᠠ ᠴᠥᠮ ᠨᠢᠭᠡᠨ ᠰᠡᠳᠬᠢᠯ ᠬᠠᠮᠲᠤ ᠬᠦᠴᠦᠨ ᠢ᠋ᠶ᠋ᠡᠷ ᠦᠬᠦᠨ ᠪᠠᠢᠯᠳᠤᠪᠠᠰᠤ ᠬᠠᠷᠢᠨ ᠨᠢᠭᠡᠨ ᠵᠦᠭ ᠭᠠᠷᠬᠤ ᠪᠣᠯᠠᠢ ! 》ᠬᠡᠮᠡᠭᠰᠡᠨ ᠳ᠋ᠦ᠍ᠷ ᠠᠯᠲᠠᠨ ᠤᠯᠤᠰ ᠤ᠋ᠨ ᠠᠢᠽᠦ᠋ᠩ ᠦᠭᠡ ᠶ᠋ᠢ ᠠᠪᠤᠭᠰᠠᠨ ᠦᠭᠡᠢ᠂ ᠣᠯᠠᠨ ᠴᠡᠷᠢᠭ ᠦ᠋ᠨ ᠠᠷᠠᠳ ᠢ ᠴᠢᠭᠤᠯᠤᠭᠤᠯᠤᠨ ᠳᠠ ᠴᠢᠩ ᠳ᠋ᠢᠶᠠᠨ ᠬᠠᠷᠰᠢ ᠳ᠋ᠤᠷ ᠭᠠᠷᠴᠤ ᠰᠠᠭᠤᠭᠠᠳ ᠵᠠᠷᠯᠠᠨ ᠥᠭᠦᠯᠡᠷᠦᠨ:《ᠬᠡᠷᠪᠡ ᠡᠨᠡ ᠨᠡᠢᠰᠯᠡᠯ ᠬᠣᠲᠠ ᠶ᠋ᠢᠨ ᠠᠮᠤ ᠶ᠋ᠢ ᠢᠳᠡᠵᠦ ᠪᠠᠷᠠᠪᠠᠰᠤ ᠬᠠᠭᠠᠨ ᠤ᠋ ᠭᠡᠭᠡᠨ ᠪᠡᠶ᠎ᠡ ᠪᠡᠷ ᠭᠠᠷᠴᠤ ᠪᠠᠢᠯᠳᠤᠰᠤᠭᠠᠢ ! 》ᠭᠡᠮᠡᠨ ᠲᠤᠩᠬᠠᠭᠯᠠᠬᠤᠢ ᠳ᠋ᠤᠷ ᠣᠯᠠᠨ ᠴᠡᠷᠢᠭ ᠦ᠋ᠨ ᠵᠠᠩᠵᠤᠨ ᠨᠠᠷ ᠵᠥᠪᠯᠡᠯᠳᠦᠵᠦ ᠠᠢᠯᠠᠳᠬᠠᠭᠰᠠᠨ ᠠᠨᠤ : 《ᠪᠣᠭᠳᠠ ᠡᠵᠡᠨ ᠦ᠌ ᠪᠡᠶ᠎ᠡ ᠶ᠋ᠢᠨ ᠭᠡᠭᠡᠨ ᠭᠠᠷᠴᠤ ᠪᠣᠯᠬᠤ ᠦᠭᠡᠢ᠂ ᠡᠭᠡᠨᠡᠭᠲᠡ ᠵᠠᠩᠵᠤᠨ ᠭᠠᠷᠭᠠᠵᠤ ᠲᠤᠯᠤᠭᠤᠯᠪᠠᠰᠤ ᠡᠷᠬᠢᠮ ! 》 ᠬᠡᠮᠡᠵᠦᠬᠦᠢ᠃ ᠠᠯᠲᠠᠨ ᠤᠯᠤᠰ ᠤ᠋ᠨ ᠠᠢᠽᠦ᠋ᠩ ᠫᠦ ᠴᠠ ᠭᠤᠸᠠᠨ ᠨᠦ᠍ ᠶ᠋ᠢ ᠮᠣᠷᠢᠲᠤ ᠴᠡᠷᠢᠭ ᠦ᠋ᠨ ᠶᠤᠸᠠᠨᠱᠤᠸᠠᠢ᠂ ᠭᠣᠣ ᠰᠢᠶᠠᠨ ᠢ᠋ ᠶᠠᠪᠠᠭᠠᠨ ᠴᠡᠷᠢᠭ ᠦ᠋ᠨ ᠶᠤᠸᠠᠨᠱᠤᠸᠠᠢ᠂ ᠢᠦ ᠵᠢᠢ ᠶ᠋ᠢ ᠲᠠᠰᠢᠯᠠᠭᠤᠯᠵᠤ ᠵᠠᠷᠯᠢᠭ ᠪᠠᠭᠤᠯᠭᠠᠪᠠ᠃ ᠭᠤᠷᠪᠠᠨ ᠵᠠᠩᠵᠤᠨ ᠵᠠᠷᠯᠢᠭ ᠢ᠋ ᠬᠦᠯᠢᠶᠡᠨ ᠮᠥᠷᠭᠥᠵᠦ ᠭᠠᠷᠪᠠ᠃ ᠡᠭᠦᠨ ᠳ᠋ᠦ᠍ᠷ ᠼᠠᠨ ᠵᠧᠩ ᠲᠦᠰᠢᠮᠡᠯ ᠨᠧᠢ ᠽᠦ᠍ ᠬᠤᠸᠠ ᠭᠠᠷᠴᠤ ᠥᠭᠦᠯᠡᠷᠦᠨ : 《ᠲᠠᠨ ᠤ᠋ ᠵᠡᠷᠭᠡ ᠶ᠋ᠢᠨ ᠪᠢᠲᠡᠭᠦᠯᠢᠭ ᠠᠷᠠᠳ ᠥᠨᠳᠥᠷ ᠪᠣᠭᠣᠨᠢ ᠶ᠋ᠢ ᠤᠬᠠᠬᠤ ᠦᠭᠡᠢ ᠪᠡᠷ ᠤᠯᠤᠰ ᠭᠡᠷ ᠦ᠋ᠨ ᠶᠡᠬᠡ ᠬᠡᠷᠡᠭ ᠢ᠋ ᠠᠶᠤᠮᠰᠢᠭ ᠦᠭᠡᠢ ᠬᠥᠩᠭᠡᠨ ᠦᠵᠡᠵᠦ ᠬᠦᠯᠢᠶᠡᠨ ᠳᠠᠭᠠᠭᠠᠴᠢᠯᠠᠨ ᠴᠢᠳᠠᠬᠤ ᠦᠭᠡᠢ ! 》ᠬᠡᠮᠡᠭᠰᠡᠨ ᠳ᠋ᠦ᠍ᠷ ᠣᠯᠠᠨ ᠲᠦᠰᠢᠮᠡᠳ ᠴᠥᠮ ᠢᠪ ᠴᠢᠪ ᠳᠠᠭᠤᠨ ᠭᠠᠷᠴᠤ ᠴᠢᠳᠠᠭᠰᠠᠨ ᠦᠭᠡᠢ ᠳ᠋ᠦ᠍ᠷ ᠮᠣᠷᠢᠲᠤ ᠴᠡᠷᠢᠭ ᠦ᠋ᠨ ᠶᠤᠸᠠᠨᠱᠤᠸᠠᠢ ᠫᠦ ᠴᠠ ᠭᠤᠸᠠᠨ ᠨᠥ᠍ ᠵᠢᠬᠡᠭᠦᠨ ᠢ᠋ᠶ᠋ᠡᠷ ᠢᠨᠢᠶᠡᠨ ᠥᠭᠦᠯᠡᠷᠦᠨ :《ᠬᠡᠷᠪᠡ ᠤᠭ ᠠ᠋ᠴᠠ ᠲᠥᠷᠥ ᠶ᠋ᠢᠨ ᠶᠡᠬᠡ ᠽᠠᠢᠰᠢᠶᠠᠩ᠂ ᠴᠧᠩᠰᠢᠶᠠᠩ ᠨᠠᠷ ᠪᠠᠲᠤᠯᠠᠨ ᠴᠢᠳᠠᠭᠠᠳ ᠬᠠᠮᠠᠭᠠᠯᠠᠨ ᠲᠥᠰᠥᠭᠯᠡᠭᠰᠡᠨ ᠪᠥᠭᠡᠰᠦ ᠶᠠᠭᠤᠨ ᠤ᠋ ᠮᠠᠨ ᠤ᠋ ᠵᠡᠷᠭᠡ ᠶ᠋ᠢᠨ ᠪᠢᠲᠡᠭᠦᠯᠢᠭ ᠠᠷᠠᠳ ᠢ ᠵᠠᠷᠤᠬᠤᠢ ᠳ᠋ᠤᠷ ᠬᠦᠷᠬᠦ ᠠᠵᠢ ! ᠬᠡᠷᠡᠭ ᠨᠢᠭᠡᠨᠲᠡ ᠡᠨᠡ ᠬᠢᠷᠢ ᠳ᠋ᠦ᠍ᠷ ᠬᠦᠷᠦᠭᠰᠡᠨ ᠲᠤᠯᠠ ᠣᠳᠣ ᠼᠠᠨ ᠵᠧᠩ ᠲᠦᠰᠢᠮᠡᠯ ᠴᠢ ᠬᠡᠷᠬᠢᠬᠦ ᠶ᠋ᠢ ᠲᠣᠭᠲᠠᠭᠠᠲᠤᠭᠠᠢ ! 》 ᠬᠡᠮᠡᠭᠰᠡᠨ ᠳ᠋ᠦ᠍ᠷ ᠪᠠᠷᠠᠭᠤᠨ ᠡᠲᠡᠭᠡᠳ ᠦ᠋ᠨ ᠴᠧᠩᠰᠢᠶᠠᠩ ᠸᠠᠨ ᠶᠠᠨ ᠼᠠᠢ ᠪᠦ᠂ ᠫᠢᠩ ᠵᠠᠩ ᠵᠧᠩ ᠱᠢ ᠲᠦᠰᠢᠮᠡᠯ  ᠪᠠᠨ ᠰᠠ᠂ ᠪᠠᠷᠠᠭᠤᠨ ᠡᠲᠡᠭᠡᠳ ᠦ᠋ᠨ ᠳᠡᠳ᠋ ᠶᠤᠸᠠᠨᠱᠤᠸᠠᠢ ᠬᠤᠸᠠ ᠴᠦᠨ᠂ ᠵᠡᠭᠦᠨ ᠡᠲᠡᠭᠡᠳ ᠦ᠋ᠨ ᠴᠧᠩᠰᠢᠶᠠᠩ ᠯᠢᠰᠢ᠂ ᠪᠠᠰᠠ ᠨᠢᠭᠡᠨ ᠶᠤᠸᠠᠨᠱᠤᠸᠠᠢ ᠵᠡᠭᠦᠨ ᠡᠲᠡᠭᠡᠳ ᠵᠢᠶᠠᠨ ᠵᠢᠶᠦ᠋ᠨ ᠲᠦᠰᠢᠮᠡᠯ ᠳᠦ ᠳ᠋ᠠᠨ ᠪᠠᠢ ᠵᠢᠶᠠᠨ ᠲᠠᠨ ᠣᠯᠠᠨ ᠴᠡᠷᠢᠭ ᠢ᠋ ᠲᠡᠷᠢᠭᠦᠯᠡᠨ ᠬᠠᠮᠠᠭᠠᠯᠠᠨ ᠳᠠᠭᠠᠰᠤᠭᠠᠢ᠂ ᠵᠢᠴᠢ ᠼᠠᠨ ᠵᠧᠩ ᠲᠦᠰᠢᠮᠡᠯ ᠨᠢᠦ ᠱᠠᠨ᠂ ᠺᠠᠢ ᠹᠧᠩ ᠲᠦᠰᠢᠮᠡᠯ ᠰᠢᠨᠢᠶᠸᠠᠭᠪᠥ᠋᠂ ᠳᠣᠲᠣᠭᠠᠳᠤ ᠬᠣᠲᠠ ᠶ᠋ᠢᠨ ᠳᠥᠷᠪᠡᠨ ᠡᠲᠡᠭᠡᠳ ᠢ᠋ ᠵᠠᠬᠢᠷᠬᠤ ᠨᠡᠢᠲᠡ ᠽᠦᠩ ᠯᠢᠩ ᠵᠣ᠌ ᠭᠧ᠂ ᠭᠠᠳᠠᠭᠠᠳᠤ ᠬᠣᠲᠠ ᠶ᠋ᠢ ᠰᠠᠬᠢᠬᠤ ᠶᠡᠬᠡ ᠶᠤᠸᠠᠨᠱᠤᠸᠠᠢ ᠶ᠋ᠢᠨ ᠵᠠᠬᠢᠷᠬᠤ ᠠᠨᠤ ᠵᠡᠭᠦᠨ ᠡᠲᠡᠭᠡᠳ ᠦ᠋ᠨ ᠬᠣᠲᠠ ᠶ᠋ᠢ ᠰᠠᠬᠢᠬᠤ ᠪᠡᠰᠡᠬᠡ᠂ ᠡᠮᠦᠨ᠎ᠡ ᠡᠲᠡᠭᠡᠳ ᠦ᠋ᠨ ᠬᠣᠲᠠᠨ ᠢ᠋ ᠰᠠᠬᠢᠬᠤ ᠪᠦ ᠵᠣ᠌ ᠯᠦ᠍᠂ ᠮᠢ ᠨᠥ᠍ ᠲᠠᠨ ᠢ᠋ ᠦᠯᠡᠳᠡᠭᠡᠵᠦ ᠰᠠᠬᠢᠭᠤᠯᠤᠭᠠᠳ ᠰᠠᠩ ᠬᠥᠮᠥᠷᠭᠡ ᠶ᠋ᠢᠨ ᠡᠳ᠋ ᠲᠠᠸᠠᠷ ᠢ᠋ ᠭᠠᠷᠭᠠᠵᠤ᠂ ᠳᠣᠲᠣᠭᠠᠳᠤ ᠣᠷᠳᠣᠨ ᠤ᠋ ᠰᠠᠪᠠ ᠰᠠᠭᠠᠯᠢ ᠪᠠ ᠣᠷᠳᠣᠨ ᠤ᠋ ᠳᠣᠲᠣᠷᠠᠬᠢ ᠳᠡᠪᠡᠯ ᠬᠤᠪᠴᠠᠳ ᠢ᠋ ᠠᠪᠴᠤ ᠣᠯᠠᠨ ᠵᠠᠩᠵᠤᠨ ᠴᠡᠷᠢᠭ ᠲᠦ᠍ᠷ ᠱᠠᠩᠨᠠᠵᠤ᠂ ᠣᠯᠠᠨ ᠢᠷᠭᠡᠨ ᠳ᠋ᠦ᠍ᠷ ᠵᠠᠷᠯᠢᠭ ᠪᠠᠭᠤᠯᠭᠠᠷᠤᠨ :《ᠡᠳᠦᠭᠡ ᠮᠢᠨᠦ ᠪᠡᠶ᠎ᠡ ᠬᠦᠢ ᠳᠧ ᠹᠦ ᠳ᠋ᠦ᠍ᠷ ᠡᠴᠢᠮᠦᠢ᠂ ᠵᠠᠩᠵᠤᠨ ᠴᠡᠷᠢᠭ ᠦ᠋ᠨ ᠭᠡᠷ ᠦ᠋ᠨ ᠪᠦᠬᠦᠨ ᠢ᠋ ᠪᠢᠶᠠᠨ ᠯᠢᠶᠠᠩ ᠪᠠᠯᠭᠠᠰᠤᠨ᠎ᠠ ᠦᠯᠡᠳᠡᠭᠡᠪᠡᠰᠦ ᠦᠵᠡᠲᠡᠯ᠎ᠡ ᠬᠦᠨᠡᠰᠦ ᠲᠠᠰᠤᠷᠠᠵᠤ ᠬᠠᠷᠠᠭᠰᠠᠭᠠᠷ ᠥᠯᠪᠡᠷᠴᠦ ᠦᠬᠦᠬᠦ ᠲᠤᠯᠠ ᠴᠥᠮ ᠲᠠᠯᠪᠢᠵᠤ ᠭᠠᠷᠭᠠᠰᠤᠭᠠᠢ᠂ ᠮᠢᠨᠦ ᠴᠡᠷᠢᠭ ᠮᠣᠷᠢᠨ ᠤ᠋ ᠬᠣᠢᠨ᠎ᠠ ᠠ᠋ᠴᠠ ᠳᠠᠭᠠᠵᠤ ᠬᠦᠢ ᠳᠧ ᠹᠦ ᠳ᠋ᠦ᠍ᠷ ᠬᠦᠷᠴᠦ ᠴᠢᠳᠠᠬᠤ ᠠᠨᠤ ᠪᠣᠢ ᠪᠥᠭᠡᠰᠦ ᠳᠠᠷᠤᠢ ᠳᠠᠭᠠᠵᠤ ᠶᠠᠪᠤᠲᠤᠭᠠᠢ᠃ ᠴᠡᠷᠢᠭ ᠮᠣᠷᠢᠨ ᠤ᠋ ᠬᠦᠨᠡᠰᠦ ᠬᠦᠴᠦᠨ ᠢ᠋ ᠪᠢ ᠬᠡᠳᠦᠨ ᠡᠳᠦᠷ ᠳᠠᠭᠠᠭᠠᠴᠢᠯᠠᠰᠤᠭᠠᠢ ! 》ᠭᠡᠮᠡᠨ ᠠᠯᠲᠠᠨ ᠤᠯᠤᠰ ᠤ᠋ᠨ ᠠᠢᠽᠦ᠋ᠩ᠂ ᠪᠠᠢ ᠪᠦ ᠶ᠋ᠢ ᠵᠠᠷᠤᠵᠤ ᠵᠠᠷᠯᠢᠭ ᠢ ᠤᠯᠠᠮᠵᠢᠯᠠᠨ᠂ ᠤᠷᠢᠳᠤ ᠡᠳᠦᠷ ᠦ᠋ᠨ ᠴᠠᠭᠳᠠᠨ ᠪᠠᠢᠴᠠᠭᠠᠷ᠎ᠠ ᠭᠠᠷᠬᠤ ᠶ᠋ᠢ ᠵᠥᠪᠯᠡᠯᠲᠦᠭᠦᠯᠦᠭᠰᠡᠨ ᠢ᠋ ᠠᠰᠠᠭᠤᠭᠰᠠᠨ ᠳ᠋ᠤᠷ : 《ᠪᠠᠢ ᠬᠤᠸᠠ ᠴᠡᠷᠢᠭ ᠦ᠋ᠨ ᠡᠵᠡᠨ ᠪᠣᠯᠤᠨ ᠬᠠᠯᠠᠵᠤ᠂ ᠡᠳᠦᠭᠡ ᠳᠠᠷᠤᠢ ᠢᠦ ᠵᠧᠦ ᠳ᠋ᠦ᠍ᠷ ᠪᠠᠢᠯᠳᠤᠷ᠎ᠠ ᠡᠴᠢᠬᠦ ᠪᠡᠷ ᠲᠣᠭᠲᠠᠪᠠᠢ 》 ᠬᠡᠮᠡᠪᠡ᠃ ᠠᠯᠲᠠᠨ ᠤᠯᠤᠰ ᠤ᠋ᠨ ᠠᠢᠽᠦ᠋ᠩ ᠪᠢᠶᠠᠨ ᠯᠢᠶᠠᠩ ᠪᠠᠯᠭᠠᠰᠤᠨ ᠢ᠋ᠶ᠋ᠠᠨ ᠣᠷᠬᠢᠵᠤ ᠡᠴᠢᠬᠦᠶ᠎ᠡ᠂ ᠳᠣᠲᠣᠭᠠᠳᠤ ᠣᠷᠳᠣᠨ ᠤ᠋ ᠲᠠᠢᠬᠡᠦ ᠬᠤᠸᠠᠩᠬᠡᠦ᠂ ᠪᠢᠨ ᠹᠧᠢ ᠨᠠᠷ ᠠ᠋ᠴᠠ ᠰᠠᠯᠤᠨ ᠲᠦᠪᠳᠡᠬᠦ ᠦᠭᠡᠢ ᠶᠡᠬᠡᠯ᠎ᠡ ᠤᠬᠢᠯᠠᠯᠴᠠᠪᠠ᠃ ᠠᠯᠲᠠᠨ ᠤᠯᠤᠰ ᠤ᠋ᠨ ᠠᠢᠽᠦ᠋ᠩ ᠱᠧᠦ ᠰᠢᠦᠢ ᠨᠢᠳᠦᠨ ᠦ᠌ ᠨᠢᠯᠪᠤᠰᠤᠨ ᠢ᠋ᠶ᠋ᠠᠷ ᠨᠢᠭᠤᠷ ᠢ᠋ᠶ᠋ᠠᠨ ᠤᠬᠢᠶᠠᠭᠰᠠᠭᠠᠷ ᠭᠠᠳᠠᠭᠠᠳᠤ ᠶᠡᠬᠡ ᠬᠣᠲᠠ ᠶ᠋ᠢᠨ ᠺᠠᠢ ᠶᠠᠩ ᠮᠸᠨ ᠬᠠᠭᠠᠯᠭ᠎ᠠ ᠳ᠋ᠤᠷ ᠬᠣᠲᠠ ᠰᠠᠬᠢᠬᠤ ᠪᠠᠷ ᠬᠣᠴᠣᠷᠤᠭᠰᠠᠨ ᠣᠯᠠᠨ ᠵᠠᠩᠵᠤᠨ ᠴᠡᠷᠢᠭ ᠲᠦ᠍ᠷ ᠯᠤᠤ ᠶ᠋ᠢᠨ ᠬᠠᠨᠴᠤᠢ ᠪᠠᠷ ᠨᠢᠭᠤᠷ ᠢ᠋ᠶ᠋ᠠᠨ ᠬᠠᠯᠬᠠᠯᠠᠨ ᠪᠠᠷᠢᠵᠤ ᠤᠶᠠᠷᠠᠨ ᠪᠠᠷᠬᠢᠷᠠᠯᠳᠤᠬᠤ ᠳᠠᠭᠤᠨ ᠢ᠋ᠶ᠋ᠠᠷ ᠵᠠᠷᠯᠢᠭ ᠪᠠᠭᠤᠯᠭᠠᠭᠰᠠᠨ ᠠᠨᠤ : 《ᠣᠯᠠᠨ ᠰᠠᠢᠨ ᠡᠷᠡᠰ ᠲᠠ ᠦᠯᠦ ᠵᠢᠳᠬᠦᠨ ᠦᠯᠦ ᠬᠢᠴᠢᠶᠡᠭᠦᠨ ᠢ᠋ᠶ᠋ᠡᠷ ᠦᠭᠡᠢ᠂ ᠬᠡᠷᠪᠡ ᠨᠢᠭᠡᠬᠡᠨ ᠬᠥᠮᠦᠨ ᠴᠦ᠍ ᠣᠷᠣᠭᠰᠢ ᠣᠷᠣᠪᠠᠰᠤ ᠱᠧ ᠵᠢᠢ ᠮᠢᠶᠣᠤ ᠶ᠋ᠢ ᠬᠠᠮᠠᠭᠠᠯᠠᠭᠰᠠᠨ ᠭᠠᠪᠢᠶ᠎ᠠ ᠳ᠋ᠤᠷ ᠲᠣᠭᠠᠴᠠᠬᠤ ᠪᠠᠷ ᠦᠭᠡᠢ ᠪᠣᠯᠠᠢ᠃ ᠦᠨᠡᠬᠡᠷ ᠨᠡᠢᠰᠯᠡᠯ ᠢ᠋ ᠪᠡᠬᠢᠯᠡᠨ ᠰᠠᠬᠢᠵᠤ ᠴᠢᠳᠠᠪᠠᠰᠤ ᠡᠭᠡᠵᠦ ᠢᠷᠡᠭᠰᠡᠨ ᠴᠠᠭ ᠲᠤᠷ ᠠᠷᠪᠠᠨ ᠬᠤᠪᠢ ᠪᠠᠷ ᠬᠦᠨᠳᠦᠳᠡ ᠱᠠᠩᠨᠠᠰᠤᠭᠠᠢ ! 》 ᠬᠡᠮᠡᠭᠰᠡᠨ ᠳ᠋ᠦ᠍ᠷ ᠡᠨᠡ ᠵᠠᠷᠯᠢᠭ ᠢ᠋ ᠰᠣᠨᠣᠰᠤᠭᠰᠠᠨ ᠵᠠᠩᠵᠤᠨ ᠴᠡᠷᠢᠭ ᠪᠦᠬᠦᠨ ᠨᠢᠯᠪᠤᠰᠤᠨ ᠢ᠋ᠶ᠋ᠠᠨ ᠡᠰᠡ ᠤᠨᠠᠭᠠᠭᠰᠠᠨ ᠬᠥᠮᠦᠨ ᠦᠭᠡᠢ᠂ ᠲᠡᠰᠬᠡᠯ ᠥᠭᠡᠶ᠎ᠡ ᠤᠬᠢᠯᠠᠯᠴᠠᠪᠠᠢ᠃ ᠮᠥᠨ ᠡᠳᠦᠷ ᠭᠧ ᠴᠠᠩ ᠶᠤᠸᠠᠨᠱᠤᠸᠠᠢ ᠬᠤ᠌ ᠰᠢᠶᠧ ᠬᠤ᠌ ᠴᠡᠷᠢᠭ ᠳᠠᠭᠠᠭᠤᠯᠤᠨ ᠬᠦᠷᠴᠦ ᠢᠷᠡᠭᠡᠳ ᠠᠢᠽᠥ᠋ᠩ ᠳ᠋ᠦ᠍ᠷ ᠠᠢᠯᠠᠳᠬᠠᠷᠤᠨ : 《ᠨᠡᠢᠰᠯᠡᠯ ᠡᠴᠡ ᠪᠠᠷᠠᠭᠤᠨᠰᠢ ᠭᠤᠷᠪᠠᠨ ᠵᠠᠭᠤᠨ ᠭᠠᠵᠠᠷ ᠤ᠋ᠨ ᠳᠣᠲᠣᠷ᠎ᠠ ᠭᠣᠣᠯ ᠤᠰᠤ ᠬᠤᠳᠳᠤᠭ ᠨᠠᠭᠤᠷ ᠣᠯᠳᠠᠬᠤ ᠦᠭᠡᠢ᠂ ᠬᠠᠷᠢᠨ ᠴᠢᠨ ᠾᠧ ᠶ᠋ᠢᠨ ᠵᠠᠮ ᠢ᠋ᠶ᠋ᠠᠷ ᠶᠠᠪᠤᠬᠤ ᠶ᠋ᠢ ᠬᠦᠷᠬᠦ ᠦᠭᠡᠢ ! 》 ᠬᠡᠮᠡᠭᠰᠡᠨ᠎ᠡ᠂ ᠠᠢᠽᠥ᠋ᠩ ᠳᠠᠷᠤᠢ ᠰᠠᠨᠠᠭᠠᠨ ᠲᠣᠭᠲᠠᠵᠤ ᠵᠡᠭᠦᠨ ᠵᠦᠭ ᠮᠣᠷᠢᠯᠠᠨ ᠣᠷᠣᠵᠤ ᠢᠷᠡᠪᠡ᠃ ᠡᠨᠡ ᠬᠢᠷᠢ ᠳ᠋ᠦ᠍ᠷ ᠠᠯᠲᠠᠨ ᠤᠯᠤᠰ ᠤ᠋ᠨ ᠶᠡᠬᠡ ᠶᠤᠸᠠᠨᠱᠤᠸᠠᠢ ᠪᠠᠢ ᠰᠠ᠂ ᠭᠤᠸᠠᠩ ᠯᠢᠶᠠᠩ ᠾᠧ ᠳᠣᠪᠣ ᠳ᠋ᠤᠷ ᠰᠥᠩ ᠤᠯᠤᠰ ᠠ᠋ᠴᠠ ᠮᠣᠩᠭᠣᠯ ᠳ᠋ᠤᠷ ᠳᠠᠭᠠᠭᠰᠠᠨ ᠾᠧ ᠽᠦ᠍ ᠸᠸᠨ ᠦ᠌ ᠴᠡᠷᠢᠭ ᠢ᠋ ᠳᠠᠷᠤᠵᠤ ᠬᠣᠶᠠᠷ ᠬᠦᠷᠢᠶ᠎ᠡ ᠶ᠋ᠢ ᠢᠨᠣ ᠳᠠᠭᠠᠭᠤᠯᠵᠤ᠂ ᠤᠯᠤᠰ ᠤ᠋ᠨ ᠲᠤᠯᠠ ᠭᠡᠮᠡᠨ ᠾᠧ ᠽᠦ᠍ ᠸᠸᠨ ᠢ᠋ ᠳᠠᠭᠠᠭᠰᠠᠨ ᠵᠠᠩᠵᠤᠨ ᠨᠠᠷ ᠤ᠋ᠨ ᠶᠠᠯ᠎ᠠ ᠶ᠋ᠢ ᠴᠥᠮ ᠭᠡᠯᠳᠦᠷᠢᠭᠦᠯᠵᠦ᠂ ᠲᠠᠮᠠᠭ᠎ᠠ ᠲᠡᠮᠳᠡᠭ ᠢ ᠴᠥᠮ ᠬᠤᠷᠢᠶᠠᠮᠵᠢᠯᠠᠨ ᠠᠪᠤᠪᠠᠢ᠃ ᠠᠯᠲᠠᠨ ᠤᠯᠤᠰ ᠤ᠋ᠨ ᠠᠢᠽᠥ᠋ᠩ ᠳᠠᠭᠠᠭᠰᠠᠨ ᠣᠯᠠᠨ ᠵᠠᠩᠵᠤᠨ ᠨᠠᠷ ᠱᠠᠯᠠᠮᠠᠭᠠᠢᠯᠠᠨ ᠳᠠᠷᠤᠢ ᠬᠡᠩᠭᠡᠷᠭᠡ ᠳᠡᠯᠡᠳᠦᠭᠦᠯᠦᠨ ᠺᠠᠢ ᠵᠧᠦ ᠳ᠋ᠦ᠍ᠷ ᠣᠷᠣᠵᠤ ᠳᠠ ᠮᠢᠩ ᠹᠦ ᠶ᠋ᠢ ᠠᠪᠤᠭᠰᠠ ᠳ᠋ᠤᠷ ᠰᠥᠩ ᠪᠢᠩ ᠹᠦ ᠶ᠋ᠢᠨ ᠡᠷᠡᠯᠬᠡᠭ ᠪᠠᠭᠠᠲᠤᠷ ᠡᠷᠡᠰ ᠴᠥᠮ ᠤᠭᠲᠤᠨ ᠢᠷᠡᠵᠦ ᠮᠥᠷᠭᠥᠵᠦ᠂ ᠸᠸᠨ ᠰᠦᠨ᠂ ᠴᠠᠩ ᠰᠦᠨ ᠨᠠᠷ ᠠᠢᠯᠠᠳᠬᠠᠷᠤᠨ : 《ᠲᠠᠢᠬᠡᠦ᠂ ᠬᠤᠸᠠᠩᠬᠡᠦ᠂ ᠶᠡᠬᠡ ᠰᠠᠢᠳ ᠭᠦᠩᠵᠦ ᠨᠠᠷ ᠴᠥᠮ ᠪᠢᠶᠠᠨ ᠯᠢᠶᠠᠩ ᠪᠠᠯᠭᠠᠰᠤᠨ᠎ᠠ ᠪᠣᠢ᠂ ᠡᠵᠡᠨ ᠦ᠌ ᠪᠡᠶ᠎ᠡ ᠤᠮᠠᠷ᠎ᠠ ᠵᠦᠭ ᠣᠲᠣᠭᠠᠳ ᠬᠡᠷᠪᠡ ᠰᠡᠳᠬᠢᠯ ᠳ᠋ᠦ᠍ᠷ ᠡᠰᠡ ᠨᠡᠢᠴᠡᠪᠡᠰᠦ ᠪᠣᠭᠳᠠ ᠡᠵᠡᠨ ᠭᠠᠭᠴᠠ ᠪᠡᠶ᠎ᠡ ᠪᠡᠷ ᠬᠠᠮᠢᠭᠠᠰᠢ ᠡᠴᠢᠮᠦᠢ ?  ᠪᠠᠰᠠ ᠬᠦ᠌ ᠬᠦᠢ ᠳᠧ ᠹᠦ ᠳ᠋ᠦ᠍ᠷ ᠡᠴᠢᠬᠦ ᠢᠨᠦ ᠳᠡᠭᠡᠷ᠎ᠡ᠂ ᠬᠡᠷᠪᠡ ᠤᠮᠠᠷ᠎ᠠ ᠵᠦᠭ ᠣᠷᠣᠪᠠᠰᠤ ᠲᠠᠪᠤ ᠵᠢᠷᠭᠤᠭᠠᠨ ᠰᠠᠷ᠎ᠠ ᠳ᠋ᠤᠷ ᠡᠭᠡᠵᠦ ᠴᠢᠳᠠᠬᠤ ᠦᠭᠡᠢ ᠪᠣᠯᠤᠮᠤᠢ᠃ ᠬᠠᠷᠢᠨ ᠤᠷᠢᠳᠠ ᠸᠧᠢ ᠵᠧᠦ ᠶ᠋ᠢ ᠠᠪᠴᠤ ᠨᠡᠢᠰᠯᠡᠯ ᠳ᠋ᠦ᠍ᠷ ᠡᠭᠡᠬᠦᠢ ᠳ᠋ᠦ᠍ᠷ ᠬᠦᠷᠬᠦ ᠦᠭᠡᠢ ! 》 ᠬᠡᠮᠡᠬᠦᠢ ᠳ᠋ᠦ᠍ᠷ ᠶᠡᠬᠡ ᠶᠤᠸᠠᠨᠱᠤᠸᠠᠢ ᠪᠠᠢ ᠰᠠ ᠥᠭᠦᠯᠡᠷᠦᠨ : 《ᠪᠣᠭᠳᠠ ᠶ᠋ᠢᠨ ᠪᠡᠶ᠎ᠡ ᠠᠮᠤᠷ ᠦᠭᠡᠢ ᠲᠤᠯᠠ ᠮᠣᠷᠢᠨ ᠳᠡᠭᠡᠷ᠎ᠡ ᠶᠠᠪᠤᠬᠤᠢ ᠳ᠋ᠤᠷ ᠪᠡᠷᠬᠡ᠂ ᠵᠢᠴᠢ ᠳ᠋ᠦ᠍ᠷ ᠮᠣᠩᠭᠣᠯ ᠤ᠋ᠨ ᠴᠡᠷᠢᠭ ᠲᠦ᠍ᠷ ᠡᠵᠡᠨ ᠦ᠌ ᠪᠠᠢᠬᠤ ᠣᠷᠣᠨ ᠢ᠋ ᠮᠡᠳᠡᠭᠳᠡᠵᠦ ᠪᠣᠯᠬᠤ ᠦᠭᠡᠢ ᠲᠤᠯᠠ ᠡᠳᠦᠭᠡ ᠡᠵᠡᠨ ᠢ ᠲᠦᠷ ᠬᠦᠢ ᠳᠧ ᠹᠦ ᠳ᠋ᠦ᠍ᠷ ᠭᠠᠷᠭᠠᠵᠤ ᠪᠠᠢᠭᠠᠳ ᠲᠦᠰᠢᠮᠡᠯ ᠪᠢᠳᠡ ᠳᠠᠭᠠᠭᠰᠠᠨ ᠵᠠᠩᠵᠤᠨ ᠴᠡᠷᠢᠭ ᠦ᠋ᠳ ᠢ᠋ ᠠᠪᠴᠤ ᠳ᠋ᠦᠩ ᠹᠠᠩ ᠹᠦ ᠳ᠋ᠦ᠍ᠷ ᠬᠦᠷᠴᠦ ᠣᠯᠠᠨ ᠴᠡᠷᠢᠭ ᠦ᠋ᠨ ᠬᠦᠷᠴᠦ ᠢᠷᠡᠬᠦ ᠶ᠋ᠢ ᠬᠦᠯᠢᠭᠡᠯᠵᠡᠭᠦᠯᠦᠨ᠂ ᠨᠢᠭᠡᠨᠲᠡ ᠬᠡᠩᠭᠡᠷᠭᠡ ᠳᠡᠯᠡᠳᠦᠨ ᠳᠠᠷᠤᠢ ᠤᠷᠤᠭᠰᠢ ᠣᠷᠣᠪᠠᠰᠤ ᠾᠧ ᠰᠦᠸᠧ ᠶ᠋ᠢ ᠡᠷᠢᠵᠦ ᠪᠣᠯᠤᠮᠤᠢ᠂ ᠡᠭᠦᠨ ᠳ᠋ᠦ᠍ᠷ ᠭᠠᠭᠴᠠ ᠪᠣᠯᠭᠣᠮᠵᠢᠯᠠᠬᠤ ᠠᠨᠤ ᠾᠧ ᠨᠠᠨ ᠤ᠋ ᠴᠡᠷᠢᠭ ᠬᠣᠭᠣᠰᠣᠳᠠᠭᠤᠵᠠᠢ᠃ 》 ᠫᠦ ᠴᠠ ᠭᠤᠸᠠᠨ ᠨᠥ᠍ ᠥᠭᠦᠯᠡᠷᠦᠨ : 《ᠸᠧᠢ ᠵᠧᠦ ᠳ᠋ᠦ᠍ᠷ ᠠᠮᠤ ᠡᠪᠡᠰᠦ ᠪᠣᠢ ᠪᠥᠭᠡᠰᠦ ᠰᠠᠬᠢᠵᠤ ᠪᠣᠯᠬᠤ ᠦᠭᠡᠢ ᠤᠤ ? 》ᠶᠤᠸᠠᠨᠱᠤᠸᠠᠢ ᠪᠠᠢ ᠰᠠ ᠥᠭᠦᠯᠡᠷᠦᠨ : 《ᠪᠢᠶᠠᠨ ᠯᠢᠶᠠᠩ ᠴᠧᠩ ᠢ᠋ ᠰᠠᠬᠢᠵᠤ ᠡᠰᠡ ᠴᠢᠳᠠᠭᠠᠳ ᠸᠧᠢ ᠵᠧᠦ ᠶ᠋ᠢ ᠰᠠᠬᠢᠪᠠᠴᠤ ᠶᠠᠮᠪᠠᠷ ᠲᠤᠰᠠ ᠪᠣᠢ ! 》ᠬᠡᠮᠡᠬᠦᠢ ᠳ᠋ᠦ᠍ᠷ ᠠᠢᠽᠦ᠋ᠩ ᠪᠠᠴᠢᠮᠳᠠᠨ ᠰᠢᠬᠠᠮᠳᠠᠵᠤ᠂ ᠰᠡᠳᠬᠢᠯ ᠲᠣᠭᠲᠠᠵᠤ ᠾᠧ ᠰᠦᠸᠧ ᠭᠠᠵᠠᠷ ᠤ᠋ᠨ ᠵᠦᠭ ᠵᠣᠷᠢᠪᠠᠢ᠃ 
       ᠮᠣᠩᠭᠣᠯ ᠤ᠋ᠨ ᠶᠡᠬᠡ ᠶᠤᠸᠠᠨᠱᠤᠸᠠᠢ ᠪᠤᠯᠤ᠂ ᠳᠠᠢᠰᠤᠨᠳᠠᠷᠤᠭᠴᠢ ᠬᠣᠶᠠᠷ ᠸᠠᠩ᠂ ᠶᠡᠬᠡ ᠵᠠᠩᠵᠤᠨ ᠰᠥᠪᠡᠭᠡᠲᠡᠢ ᠪᠠᠭᠠᠲᠤᠷ ᠨᠠᠷ᠂ ᠠᠯᠲᠠᠨ ᠤᠯᠤᠰ ᠤ᠋ᠨ ᠠᠢᠽᠦ᠋ᠩ ᠪᠢᠶᠠᠨ ᠯᠢᠶᠠᠩ ᠴᠧᠩ ᠢ᠋ᠶ᠋ᠡᠨ ᠣᠷᠬᠢᠵᠤ ᠤᠷᠭᠤᠪᠠ ᠭᠡᠮᠡᠨ ᠰᠣᠨᠣᠰᠴᠤ ᠮᠠᠨ ᠢ᠋ ᠭᠡᠨᠡᠳᠡᠭᠦᠯᠪᠡ ᠭᠡᠮᠡᠨ ᠶᠡᠬᠡᠯ᠎ᠡ ᠠᠭᠤᠷᠯᠠᠵᠤ᠂ ᠴᠡᠷᠢᠭ ᠢ᠋ ᠭᠤᠷᠪᠠᠨ ᠠᠩᠭᠢ ᠰᠠᠯᠭᠠᠨ ᠭᠦᠸᠧ ᠸᠠᠩ ᠲᠠᠢᠰᠢ ᠪᠤᠯᠤ᠂ ᠳᠠᠢᠰᠤᠨᠳᠠᠷᠤᠭᠴᠢ ᠨᠠᠷ ᠪᠢᠶᠠᠨ ᠵᠢᠩ ᠢ᠋ ᠳᠠᠬᠢᠨ ᠢᠷᠡᠵᠦ ᠪᠦᠰᠡᠯᠡᠭᠡᠳ ᠰᠦᠪᠡᠭᠡᠲᠡᠢ᠂ ᠨᠠᠨᠰᠠᠷ ᠬᠤᠷᠴᠠ ᠴᠡᠷᠢᠭ ᠰᠠᠢᠨ ᠮᠣᠷᠢᠨ ᠢ ᠰᠣᠩᠭᠣᠵᠤ᠂ ᠠᠢᠽᠦ᠋ᠩ ᠱᠧᠦ ᠰᠢᠦᠢ ᠶ᠋ᠢ ᠨᠡᠬᠡᠵᠦ ᠡᠴᠢᠪᠡ᠃ ᠤᠴᠢᠷ ᠢ᠋ ᠲᠡᠳᠦᠢ ᠨᠡᠯᠢᠶᠡᠳ ᠶᠠᠪᠤᠭᠤᠯᠬᠤᠢ ᠳ᠋ᠤᠷ ᠡᠨᠡ ᠲᠤᠬᠠᠢ ᠴᠢᠪᠬᠢᠲᠡᠯ᠎ᠡ ᠰᠣᠯᠣᠩᠭᠣᠰ ᠤᠯᠤᠰ ᠤ᠋ᠨ ᠡᠵᠡᠨ ᠴᠧ ᠸᠠᠩ ᠥᠪᠡᠷ ᠦ᠋ᠨ ᠨᠢᠭᠡᠨ ᠮᠡᠳᠡᠭᠰᠡᠨ ᠤᠴᠢᠷ ᠪᠠ ᠮᠡᠬᠡᠯᠡᠭᠳᠡᠵᠦ ᠶᠠᠯ᠎ᠠ ᠣᠯᠤᠭᠰᠠᠨ᠂ ᠳᠠ ᠯᠦ᠍ ᠭᠦᠸᠧ ᡂᠢ ᠳ᠋ᠦ᠍ᠷ ᠭᠡᠨᠡᠳᠡᠭᠰᠡᠨ ᠢ᠋ᠶ᠋ᠡᠨ ᠲᠣᠳᠣᠷᠬᠠᠢᠯᠠᠨ ᠭᠠᠷᠭᠠᠵᠤ᠂ ᠴᠧ ᠸᠠᠩ ᠤ᠋ᠨ ᠪᠤᠤ ᠳ᠋ᠢᠩ᠂ ᠵᠣᠣ ᠰᠢᠦᠢ ᠵᠢᠩ ᠬᠣᠶᠠᠷ ᠲᠠᠢᠹᠦ᠋ ᠲᠦᠰᠢᠮᠡᠯ ᠢ᠋ᠶ᠋ᠡᠷ ᠠᠯᠪᠠ ᠬᠥᠷᠭᠡᠯᠭᠡᠬᠦ ᠪᠣᠳᠣᠷᠣᠣᠯ ᠪᠢᠴᠢᠭᠦᠯᠵᠦ᠂ ᠶ᠋ᠢᠨ ᠪᠤᠤ ᠳ᠋ᠢᠩ᠂ ᠵᠣᠣ ᠰᠢᠦᠢ ᠵᠢᠩ ᠳ᠋ᠦ᠍ᠷ ᠪᠠᠷᠢᠭᠤᠯᠵᠤ ᠮᠥᠷᠭᠥᠷ᠎ᠡ ᠵᠠᠷᠤᠪᠠ᠃ 
       ᠡᠨᠡ ᠵᠢᠯ ᠦ᠋ᠨ ᠳᠣᠣᠷ᠎ᠠ ᠰᠥᠪᠡᠬᠡᠲᠡᠢ ᠪᠠᠭᠠᠲᠤᠷ᠂ ᠲᠠᠪᠤᠨᠠᠩ ᠨᠠᠨᠰᠠᠷ ᠨᠠᠷ ᠴᠡᠷᠢᠭ ᠠᠪᠴᠤ ᠠᠢᠽᠦ᠋ᠩ ᠢ᠋ ᠰᠤᠷᠬᠠᠯᠠᠨ ᠬᠥᠭᠡᠭᠡᠵᠦ ᠢᠷᠡᠪᠡ᠃ ᠡᠭᠦᠨ ᠦ᠌ ᠬᠡᠷᠬᠢᠬᠦ ᠶ᠋ᠢ ᠳᠣᠣᠷᠠᠲᠤ ᠪᠦᠯᠦᠭ ᠲᠣᠷ ᠦᠵᠡᠭᠳᠡᠬᠦᠢ᠃  

ᠰᠤᠳᠤᠷᠴᠢ ᠲᠦᠰᠢᠮᠡᠯ ᠢᠨᠵᠠᠨᠨᠠᠰᠢ ᠶ᠋ᠢᠨ ᠰᠤᠯᠠ ᠰᠢᠯᠦᠭ ᠢᠨᠣ :   
             ᠤᠷᠢᠳᠤᠰ ᠢ ᠮᠥᠷᠳᠡᠭᠴᠢ ᠲᠠᠢᠽᠦ᠋ᠩ ᠬᠠᠭᠠᠨ ᠪᠡᠶ᠎ᠡ ᠪᠡᠨ ᠵᠦᠳᠡᠭᠡᠵᠦ ᠠᠯᠲᠠᠨ ᠤᠯᠤᠰ ᠢ᠋ ᠳᠠᠢᠯᠠᠮᠤᠢ
             ᠤᠷᠤᠭᠰᠢᠳᠠ ᠵᠢᠳᠬᠦᠭᠴᠢ ᠿᠦᠢᠽᠦ᠋ᠩ ᠡᠵᠡᠨ ᠠᠮᠢ ᠪᠠᠨ ᠲᠡᠪᠴᠢᠵᠦ ᠠᠬ᠎ᠠ ᠶ᠋ᠢᠨ ᠲᠥᠷᠥ ᠳ᠋ᠦ᠍ᠷ ᠵᠢᠳᠬᠦᠮᠦᠢ᠂ 
             ᠤᠬᠠᠭᠠᠨ ᠡᠷᠳᠡᠮᠲᠦ ᠲᠡᠢᠰᠢ ᠪᠤᠯᠤ ᠡᠴᠢᠭᠡ ᠪᠡᠨ ᠨᠡᠬᠡᠮᠵᠢᠯᠡᠨ ᠭᠠᠵᠠᠷ ᠣᠷᠣᠨ ᠢ᠋ ᠠᠪᠤᠮᠤᠢ 
             ᠤᠬᠤᠷᠢᠰᠢ ᠦᠭᠡᠢ ᠰᠥᠪᠡᠭᠡᠲᠡᠢ ᠪᠠᠭᠠᠲᠤᠷ ᠦᠬᠦᠬᠦ ᠪᠡᠨ ᠤᠮᠠᠷᠲᠠᠵᠤ ᠪᠢᠶᠠᠨ ᠵᠢᠩ ᠪᠠᠯᠭᠠᠰᠤᠨ ᠢ᠋ ᠪᠠᠢᠯᠳᠤᠮᠤᠢ᠃