ᠬᠠᠢᠷᠠᠬᠠᠨ ᠯᠢ ᠴᠢᠦᠸᠡᠨ ᠰᠥᠩ ᠤᠯᠤᠰ ᠤ᠋ᠨ ᠶᠠᠩ ᠵᠧᠦ ᠪᠠᠯᠭᠠᠰᠤᠨ ᠢ᠋ ᠪᠠᠢᠯᠳᠤᠬᠤᠶ᠎ᠠ ᠰᠢᠨ ᠳᠠᠩ ᠤ᠋ᠨ ᠭᠠᠵᠠᠷ ᠲᠤᠷ ᠠᠯᠠᠭᠳᠠᠪᠠ
ᠬᠠᠯᠪᠠᠷᠬᠠᠢ ᠼᠤᠤ ᠬᠤᠸᠠᠩ ᠠᠯᠲᠠᠨ ᠤᠯᠤᠰ ᠤ᠋ᠨ ᠸᠠᠨ ᠽᠢ ᠴᠧᠩ ᠬᠣᠲᠠᠨ ᠠ᠋ᠴᠠ ᠳᠤᠲᠠᠭᠠᠬᠤᠶ᠎ᠠ ᠮᠣᠩᠭᠣᠯ ᠲᠠᠢᠱᠢ ᠪᠤᠯᠤ ᠳ᠋ᠤᠷ ᠠᠪᠲᠠᠪᠠ
ᠵᠢᠷᠠᠨ ᠭᠤᠷᠪᠠᠳᠤᠭᠠᠷ ᠪᠦᠯᠦᠭ
ᠴᠠᠭᠠᠭᠴᠢᠨ ᠲᠠᠤᠯᠠᠢ ᠵᠢᠯ ᠂ ᠶᠡᠬᠡ ᠬᠥᠬᠡ ᠮᠣᠩᠭᠣᠯ ᠤᠯᠤᠰ ᠤ᠋ᠨ ᠲᠠᠢᠽᠦ᠋ᠩ ᠬᠠᠭᠠᠨ ᠤ᠋ ᠭᠤᠷᠪᠠᠳᠤᠭᠠᠷ ᠣᠨ᠂
ᠰᠥᠩ ᠤᠯᠤᠰ ᠤ᠋ᠨ ᠯᠢᠽᠦ᠋ᠩ ᠬᠠᠭᠠᠨ ᠵᠣᠣ ᠶᠦᠨ ᠦ᠌ ᠱᠣᠣ ᠳ᠋ᠢᠩ ᠦ᠋ᠨ ᠳᠥᠷᠪᠡᠳᠦᠭᠡᠷ ᠣᠨ ᠂
ᠠᠯᠲᠠᠨ ᠤᠯᠤᠰ ᠤ᠋ᠨ ᠠᠢᠽᠦ᠋ᠩ ᠬᠠᠭᠠᠨ ᠤ᠋ ᠵᠧᠩ ᠳᠡ ᠶ᠋ᠢᠨ ᠨᠠᠢ᠍ᠮᠠᠳᠤᠭᠠᠷ ᠣᠨ
ᠬᠠᠢᠷᠠᠬᠠᠨ ᠯᠢ ᠴᠢᠦᠸᠡᠨ ᠰᠥᠩ ᠤᠯᠤᠰ ᠤ᠋ᠨ ᠶᠠᠩ ᠵᠧᠦ ᠪᠠᠯᠭᠠᠰᠤᠨ ᠢ᠋ ᠪᠠᠢᠯᠳᠤᠬᠤᠶ᠎ᠠ ᠰᠢᠨ ᠳᠠᠩ ᠤ᠋ᠨ ᠭᠠᠵᠠᠷ ᠲᠤᠷ ᠠᠯᠠᠭᠳᠠᠪᠠ
ᠬᠠᠯᠪᠠᠷᠬᠠᠢ ᠼᠤᠤ ᠬᠤᠸᠠᠩ ᠠᠯᠲᠠᠨ ᠤᠯᠤᠰ ᠤ᠋ᠨ ᠸᠠᠨ ᠽᠢ ᠴᠧᠩ ᠬᠣᠲᠠᠨ ᠠ᠋ᠴᠠ ᠳᠤᠲᠠᠭᠠᠬᠤᠶ᠎ᠠ ᠮᠣᠩᠭᠣᠯ ᠲᠡᠢᠰᠢ ᠪᠤᠯᠤ ᠳ᠋ᠤᠷ ᠠᠪᠲᠠᠪᠠ
ᠯᠢ ᠴᠢᠦᠸᠡᠨ ᠬᠡᠪ ᠭᠡᠨᠡᠳᠲᠡ ᠰᠥᠩ ᠦ᠋ᠨ ᠴᠡᠷᠢᠭ ᠲᠦ᠍ᠷ ᠨᠢᠭᠡᠨ ᠵᠡᠷᠭᠡ ᠭᠡᠨᠡᠳᠡᠭᠳᠡᠭᠡᠳ ᠬᠡᠪ ᠢ᠋ᠶ᠋ᠡᠷ ᠪᠠᠰᠠ ᠬᠠᠭᠠᠵᠤ ᠪᠠᠢᠯᠳᠤᠬᠤᠢ ᠳ᠋ᠤᠷ ᠵᠣᠣ ᠹᠠᠨ᠂ ᠵᠣᠣ ᠺᠦᠢ ᠬᠣᠶᠠᠭᠤᠯᠠ ᠨᠢᠭᠡᠨ ᠳ᠋ᠦ᠍ᠷ ᠪᠠᠰᠠ ᠣᠯᠠᠨ ᠵᠠᠩᠵᠤᠨ ᠨᠠᠷ ᠢ᠋ᠶ᠋ᠠᠨ ᠠᠪᠴᠤ ᠭᠡᠨᠡᠳᠲᠡ ᠵᠡᠭᠦᠨ ᠬᠠᠭᠠᠯᠭ᠎ᠠ ᠪᠠᠷ ᠭᠠᠷᠴᠤ ᠪᠠᠢᠯᠳᠤᠭᠰᠠᠨ ᠳ᠋ᠤᠷ ᠯᠢ ᠴᠢᠦᠸᠡᠨ ᠱᠠᠩ ᠴᠧᠩ ᠬᠤᠳᠠᠨ᠎ᠠ ᠣᠷᠣᠪᠠ᠃ ᠵᠣᠣ ᠹᠠᠨ᠂ ᠵᠣᠣ ᠺᠦᠢ ᠪᠠᠷᠠᠭᠤᠨ ᠬᠠᠭᠠᠯᠭ᠎ᠠ ᠶ᠋ᠢ ᠪᠠᠢᠯᠳᠤᠪᠠᠰᠤ ᠯᠢ ᠴᠢᠦᠸᠡᠨ ᠪᠠᠲᠤᠯᠠᠨ ᠰᠠᠬᠢᠭᠠᠳ ᠭᠠᠷᠬᠤ ᠦᠭᠡᠢ ᠳ᠋ᠦ᠍ᠷ ᠵᠣᠣ ᠺᠦᠢ ᠥᠭᠦᠯᠡᠷᠦᠨ : 《ᠪᠢᠳᠡ ᠡᠭᠡᠪᠡᠰᠦ ᠯᠢ ᠴᠢᠦᠸᠡᠨ ᠯᠠᠪ ᠭᠠᠷᠴᠤ ᠢᠷᠡᠮᠦᠢ ᠂ ᠲᠡᠷᠡ ᠬᠢᠷᠢ ᠠᠬ᠎ᠠ ᠴᠢ ᠬᠡᠷᠡᠮ ᠢ᠋ ᠢᠨᠤ ᠡᠪᠳᠡᠵᠦ ᠣᠷᠣ ! 》ᠭᠡᠮᠡᠨ ᠵᠥᠪᠳᠡᠵᠦ ᠳᠠᠷᠤᠢ ᠴᠡᠷᠢᠭ ᠡᠭᠡᠬᠦᠢ ᠳ᠋ᠦ᠍ᠷ ᠯᠢ ᠴᠢᠦᠸᠡᠨ ᠦᠨᠡᠬᠡᠷ ᠨᠡᠬᠡᠨ ᠭᠠᠷᠴᠤ ᠢᠷᠡᠭᠰᠡᠨ ᠳ᠋ᠦ᠍ᠷ ᠵᠣᠣ ᠹᠠᠨ ᠳᠠᠷᠤᠢ ᠶᠠᠪᠠᠭᠠᠨ ᠴᠡᠷᠢᠭ ᠢ᠋ ᠠᠪᠴᠤ ᠬᠣᠲᠠ ᠶ᠋ᠢᠨ ᠬᠡᠷᠡᠮ ᠢ᠋ ᠡᠪᠳᠡᠨ ᠪᠠᠢᠯᠳᠤᠬᠤᠢ ᠳ᠋ᠤᠷ ᠯᠢ ᠴᠢᠦᠸᠡᠨ ᠦ᠌ ᠳᠡᠭᠦᠦ ᠯᠢ ᠬᠤ᠌ ᠬᠡᠮᠡᠭᠴᠢ ᠬᠣᠲᠠᠨ ᠤ᠋ ᠳᠡᠭᠡᠷ᠎ᠡ ᠡᠴᠡ ᠬᠦᠴᠦᠯᠡᠨ ᠪᠠᠢᠯᠳᠤᠵᠤ ᠵᠡᠪᠡ ᠴᠢᠯᠠᠭᠤᠨ ᠢ᠋ ᠪᠣᠷᠣᠭᠠᠨ ᠮᠡᠲᠦ ᠳᠡᠯᠡᠳᠬᠦᠢ ᠳ᠋ᠦ᠍ ᠵᠣᠣ ᠹᠠᠨ ᠴᠡᠷᠢᠭ ᠢ᠋ᠶ᠋ᠡᠨ ᠬᠣᠢᠰᠢ ᠤᠬᠤᠷᠢᠲᠠᠯᠠ ᠵᠣᠣ ᠺᠦᠢ ᠵᠡᠭᠦᠨ ᠬᠣᠢᠲᠤ ᠠ᠋ᠴᠠ ᠳᠠᠬᠢᠨ ᠡᠭᠡᠵᠦ ᠪᠠᠢᠯᠳᠤᠭᠠᠳ ᠯᠢ ᠬᠤ᠌ ᠶ᠋ᠢᠨ ᠴᠡᠷᠢᠭ ᠢ᠋ ᠴᠢᠨᠠᠭᠰᠢ ᠡᠭᠡᠬᠦ ᠶ᠋ᠢ ᠦᠵᠡᠭᠡᠳ ᠵᠣᠣ ᠹᠠᠨ ᠤ᠋ ᠪᠡᠶ᠎ᠡ ᠮᠥᠨ ᠬᠦ᠌ ᠬᠣᠢᠨ᠎ᠠ ᠠ᠋ᠴᠠ ᠠᠨᠤ ᠳᠠᠷᠤᠨ ᠪᠠᠢᠯᠳᠤᠭᠰᠠᠨ ᠳ᠋ᠤᠷ ᠯᠢ ᠴᠢᠦᠸᠠᠨ᠂ ᠬᠣᠲᠠᠨ ᠳ᠋ᠤᠷ ᠡᠭᠡᠨ ᠣᠷᠣᠵᠤ ᠴᠢᠳᠠᠬᠤ ᠦᠭᠡᠢ ᠪᠣᠯᠤᠭᠰᠠᠨ᠎ᠠ᠂ ᠰᠥᠩ ᠤᠯᠤᠰ ᠤ᠋ᠨ ᠴᠡᠷᠢᠭ ᠭᠤᠷᠪᠠᠨ ᠡᠲᠡᠭᠡᠳ ᠡᠴᠡ ᠬᠠᠪᠴᠢᠨ ᠪᠠᠢᠯᠳᠤᠵᠤ ᠬᠠᠷᠠᠬᠠᠨ ᠱᠠᠩ ᠴᠧᠩ ᠬᠣᠲᠠ ᠶ᠋ᠢᠨ ᠣᠢᠷ᠎ᠠ ᠬᠦᠷᠲᠡᠯ᠎ᠡ ᠯᠢ ᠴᠢᠦᠸᠠᠨ ᠬᠣᠲᠠ ᠶ᠋ᠢᠨ ᠳᠣᠲᠣᠷ᠎ᠠ ᠠ᠋ᠴᠠ ᠠᠯᠠᠨ ᠭᠠᠷᠴᠤ ᠢᠷᠡᠭᠡᠳ ᠥᠮᠥᠭᠯᠡᠨ ᠠᠪᠴᠤ ᠬᠣᠲᠠᠨ ᠳ᠋ᠤᠷ ᠣᠷᠣᠪᠠ᠃ ᠵᠣᠣ ᠹᠠᠨ᠂ ᠵᠣᠣ ᠺᠦᠢ ᠬᠣᠶᠠᠭᠤᠯᠠ ᠵᠥᠪᠳᠡᠨ ᠯᠢ ᠴᠢᠦᠸᠠᠨ᠂ ᠫᠢᠩ ᠱᠠᠨ ᠳᠠᠩ ᠳ᠋ᠤᠷ ᠪᠠᠢᠬᠤ ᠲᠤᠯᠠ ᠪᠢᠳᠡ ᠪᠠᠷᠠᠭᠤᠨ ᠬᠠᠭᠠᠯᠭ᠎ᠠ ᠪᠠᠷ ᠭᠠᠷᠪᠠᠰᠤ ᠴᠢᠦᠸᠠᠨ ᠫᠢᠩ ᠱᠠᠨ ᠣᠢᠷ᠎ᠠ ᠲᠤᠯᠠ ᠯᠢ ᠴᠢᠦᠸᠠᠨ ᠢ᠋ ᠪᠠᠷᠢᠵᠤ ᠪᠣᠯᠤᠮᠤᠢ ᠭᠡᠮᠡᠨ ᠳᠠᠷᠤᠢ ᠲᠡᠷᠡ ᠰᠥᠨᠢ ᠳᠣᠯᠣᠭᠠᠨ ᠮᠢᠩᠭᠠᠨ ᠴᠡᠷᠢᠭ ᠢ᠋ ᠠᠪᠴᠤ ᠰᠡᠮᠡᠬᠡᠷ ᠶᠠᠩ ᠵᠧᠦ ᠡᠴᠡ ᠭᠠᠷᠴᠤ ᠯᠢ ᠴᠢᠦᠸᠠᠨ ᠤ᠋ ᠴᠡᠷᠢᠭ ᠢ᠋ ᠬᠤᠯᠠᠭᠤᠵᠤ ᠭᠡᠨᠡᠳᠲᠡ ᠪᠠᠢᠯᠳᠤᠭᠰᠠᠨ ᠳ᠋ᠤᠷ ᠯᠢ ᠴᠢᠦᠸᠠᠨ ᠤ᠋ ᠴᠡᠷᠢᠭ ᠲᠤᠯᠤᠨ ᠴᠢᠳᠠᠬᠤ ᠦᠭᠡᠢ ᠭᠡᠨᠡᠳᠲᠡ ᠬᠠᠰᠬᠢᠷᠤᠨ ᠳᠥᠷᠪᠡᠨ ᠵᠦᠭ ᠲᠦ᠍ᠷ ᠪᠤᠳᠠᠷᠠᠯᠳᠤᠨ ᠰᠠᠷᠨᠢᠭᠰᠠᠨ ᠳ᠋ᠤᠷ ᠯᠢ ᠴᠢᠦᠸᠠᠨ᠂ ᠱᠠᠩ ᠴᠧᠩ ᠳ᠋ᠦ᠍ᠷ ᠣᠷᠣᠰᠤᠭᠠᠢ ᠭᠡᠮᠡᠨ ᠠᠷᠪᠠᠭᠠᠳ ᠮᠣᠷᠢᠲᠠᠨ ᠢ᠋ ᠠᠪᠴᠤ ᠤᠮᠠᠷ᠎ᠠ ᠵᠦᠭ ᠪᠤᠷᠤᠭᠤᠯᠠᠬᠤᠢ ᠳ᠋ᠤᠷ ᠵᠣᠣ ᠺᠦᠢ᠂ ᠶᠦᠩ ᠨᠢᠩ ᠸᠧᠢ ᠶ᠋ᠢᠨ ᠣᠯᠠᠨ ᠴᠡᠷᠢᠭ ᠢ ᠠᠪᠴᠤ ᠬᠣᠢᠨ᠎ᠠ ᠠ᠋ᠴᠠ ᠨᠡᠬᠡᠵᠦ ᠣᠷᠣᠭᠰᠠᠨ᠎ᠠ᠂ ᠯᠢ ᠴᠢᠦᠸᠠᠨ ᠱᠠᠩ ᠴᠧᠩ ᠬᠣᠲᠠᠨ ᠳ᠋ᠤᠷ ᠮᠥᠨ ᠣᠷᠣᠵᠤ ᠪᠣᠯᠬᠤ ᠦᠭᠡᠢ ᠪᠣᠯᠤᠭᠠᠳ ᠱᠠᠨ ᠳᠠᠩ ᠤ᠋ᠨ ᠣᠢᠷ᠎ᠠ ᠵᠠᠮ ᠢ᠋ᠶ᠋ᠠᠷ ᠶᠠᠪᠤᠰᠤᠭᠠᠢ ᠭᠡᠮᠡᠨ ᠤᠰᠤ ᠰᠢᠪᠡᠷ ᠢ ᠠᠨᠤ ᠦᠵᠡᠪᠡᠰᠦ ᠂ ᠨᠢᠭᠡᠨᠲᠡ ᠥᠪᠦᠷᠡᠵᠦ ᠬᠠᠭᠤᠷᠠᠢ ᠪᠣᠯᠤᠭᠰᠠᠨ ᠳ᠋ᠤᠷ ᠬᠠᠷᠠᠬᠠᠨ ᠬᠠᠪᠤᠷ ᠤ᠋ᠨ ᠲᠡᠪᠡᠭᠡ ᠬᠥᠳᠡᠯᠬᠦ ᠴᠠᠭ ᠢ᠋ ᠦᠯᠦ ᠪᠣᠳᠣᠨ᠂ ᠳᠠᠷᠤᠢ ᠲᠡᠭᠦᠨ ᠢ᠋ᠶ᠋ᠡᠷ ᠣᠷᠣᠵᠤ ᠢᠷᠡᠭᠡᠳ ᠬᠡᠳᠦᠨ ᠣᠷᠣᠢ ᠶ᠋ᠢ ᠭᠠᠷᠤᠭᠰᠠᠨ ᠦᠭᠡᠢ ᠮᠣᠷᠢ ᠶᠡᠬᠡ ᠲᠡᠪᠡᠭᠡ ᠳ᠋ᠦ᠍ᠷ ᠣᠷᠣᠵᠤ ᠰᠢᠪᠠᠷᠳᠠᠪᠠ᠃ ᠦᠵᠡᠰᠡ ᠡᠨᠡ ᠬᠡᠳᠦᠨ ᠡᠳᠦᠷ ᠪᠠᠢᠯᠳᠤᠭᠠᠨ ᠤ᠋ ᠶᠡᠬᠡ ᠲᠣᠭᠣᠰᠣᠨ ᠳ᠋ᠤᠷ ᠳᠡᠭᠡᠷ᠎ᠡ ᠢᠨᠦ ᠬᠥᠷᠥᠰᠥᠯᠡᠭᠰᠡᠨ ᠢ᠋ᠶ᠋ᠡᠷ ᠬᠠᠭᠤᠷᠠᠢ ᠮᠡᠲᠦ ᠦᠵᠡᠭᠳᠡᠭᠰᠡᠨ ᠠᠵᠤᠭᠤ᠃ ᠲᠡᠢᠨ ᠬᠦ᠌ ᠬᠠᠷᠠᠬᠠᠨ ᠰᠢᠪᠠᠷᠳᠠᠵᠤ ᠭᠠᠷᠴᠤ ᠴᠢᠳᠠᠬᠤ ᠦᠭᠡᠢ ᠪᠢᠯᠴᠠᠯᠠᠨ ᠠᠬᠤᠢ ᠳ᠋ᠤᠷ ᠭᠤᠴᠢᠭᠠᠳ ᠢᠯᠡᠭᠦᠦ ᠪᠦᠭᠭᠦᠭᠰᠡᠨ ᠴᠡᠷᠢᠭ ᠭᠠᠷᠴᠤ ᠤᠷᠲᠤ ᠬᠤᠯᠤᠰᠤᠨ ᠡᠰᠢᠲᠦ ᠵᠢᠳᠠ ᠪᠠᠷ ᠬᠠᠮᠲᠤ ᠪᠠᠷ ᠵᠢᠳᠠᠯᠠᠯᠴᠠᠨ ᠠᠯᠠᠪᠠ᠃ ᠯᠢ ᠴᠢᠦᠸᠠᠨ ᠤ᠋ ᠣᠯᠠᠨ ᠴᠡᠷᠢᠭ ᠢ᠋ ᠯᠢ ᠴᠢᠦᠸᠠᠨ ᠤ᠋ ᠳᠣᠣᠷᠠᠬᠢ ᠵᠠᠩᠵᠤᠨ ᠭᠦᠸᠧ ᠠᠨ ᠢ᠋ ᠳᠠᠭᠠᠰᠤᠭᠠᠢ ᠬᠡᠮᠡᠪᠡᠰᠦ ᠭᠦᠸᠧ ᠠᠨ ᠪᠣᠯᠬᠤ ᠦᠭᠡᠢ ᠲᠤᠯᠠ ᠣᠯᠠᠨ ᠴᠡᠷᠢᠭ᠂ ᠸᠧᠢ ᠠᠨ ᠳ᠋ᠤᠷ ᠬᠦᠷᠴᠦ ᠯᠢ ᠴᠢᠦᠸᠠᠨ ᠤ᠋ ᠡᠮ᠎ᠡ ᠶᠠᠩ ᠱᠢ ᠳ᠋ᠦ᠍ᠷ ᠳᠠᠭᠠᠪᠠ᠃ ᠵᠣᠣ ᠹᠠᠨ᠂ ᠵᠣᠣ ᠺᠦᠢ ᠲᠡᠷᠡ ᠴᠡᠷᠢᠭ ᠦ᠋ᠨ ᠬᠣᠢᠨ᠎ᠠ ᠠ᠋ᠴᠠ ᠬᠥᠭᠡᠭᠡᠵᠦ ᠶᠡᠬᠡᠯ᠎ᠡ ᠳᠠᠷᠤᠪᠠᠢ᠃
ᠲᠡᠳᠦᠢ ᠮᠣᠩᠭᠣᠯ ᠤ᠋ᠨ ᠲᠡᠢᠰᠢ ᠪᠤᠯᠤ ᠶᠡᠬᠡ ᠴᠡᠷᠢᠭ ᠢ᠋ᠶ᠋ᠡᠷ ᠹᠸᠩ ᠰᠢᠶᠠᠩ ᠹᠦ ᠶ᠋ᠢ ᠬᠠᠭᠠᠵᠤ ᠪᠠᠢᠬᠤᠢ ᠳ᠋ᠤᠷ ᠬᠠᠷᠠᠬᠠᠨ ᠡᠴᠢᠭᠡ ᠲᠡᠢᠰᠢ ᠮᠤᠬᠤᠯᠢ ᠶ᠋ᠢᠨ ᠰᠠᠨᠠᠭᠠᠨ ᠢ ᠳᠥᠷᠪᠡᠯ ᠦᠭᠡᠢ ᠳᠠᠭᠤᠷᠢᠶᠠᠨ ᠰᠠᠬᠢᠬᠤᠢ ᠳ᠋ᠤᠷ ᠯᠢ ᠴᠢᠦᠸᠠᠨ ᠤ᠋ ᠡᠮ᠎ᠡ ᠶᠠᠩ ᠱᠢ ᠡᠨᠡ ᠮᠡᠳᠡᠭᠡ ᠶ᠋ᠢ ᠡᠯᠴᠢ ᠪᠡᠷ ᠲᠡᠢᠰᠢ ᠭᠦᠸᠧ ᠸᠠᠩ ᠪᠤᠯᠤ ᠳ᠋ᠤᠷ ᠮᠡᠳᠡᠭᠦᠯᠦᠨ ᠢᠯᠡᠭᠡᠭᠰᠡᠨ ᠳ᠋ᠦ᠍ᠷ ᠪᠤᠯᠤ ᠶᠡᠬᠡᠯ᠎ᠡ ᠭᠠᠰᠢᠭᠤᠳᠠᠨ ᠥᠭᠦᠯᠡᠷᠦᠨ: 《ᠬᠠᠢᠷᠠᠬᠠᠨ ᠯᠢ ᠴᠢᠦᠸᠠᠨ ᠴᠢᠳᠠᠯᠲᠤ ᠪᠠᠭᠠᠲᠤᠷ ᠡᠨᠡ ᠶᠠᠭᠠᠬᠢᠭᠰᠠᠨ ᠪᠣᠢ ? ᠮᠢᠨᠦ ᠡᠴᠢᠭᠡ ᠸᠠᠩ ᠨᠢᠭᠡᠨ ᠱᠢ ᠲᠢᠶᠠᠨ ᠢᠩ ᠢ᠋ ᠣᠯᠵᠤ ᠳᠠᠭᠠᠭᠤᠯᠤᠨ ᠠᠷᠠᠢ ᠬᠦᠴᠦᠨ ᠢ᠋ ᠠᠪᠬᠤᠢ ᠳ᠋ᠤᠷ ᠰᠠᠨᠠᠮᠰᠠᠷ ᠦᠭᠡᠢ ᠲᠡᠢᠨ ᠳ᠋ᠦ᠍ᠷ ᠠᠪᠲᠠᠪᠠ᠃ ᠡᠳᠦᠭᠡ ᠪᠢ ᠨᠢᠭᠡᠨ ᠵᠢᠯ ᠢᠯᠡᠭᠦᠦ ᠶ᠋ᠢᠨ ᠬᠦᠴᠦᠨ ᠰᠦᠢᠳᠬᠡᠵᠦ ᠯᠢ ᠴᠢᠦᠸᠠᠨ ᠢ᠋ ᠣᠷᠣᠭᠤᠯᠤᠨ ᠠᠪᠴᠤ ᠨᠢᠭᠡᠨ ᠮᠥᠷᠥ ᠪᠣᠯᠭᠠᠨ ᠶᠠᠩ ᠵᠧᠦ ᠶ᠋ᠢᠨ ᠵᠡᠷᠭᠡ ᠭᠠᠵᠠᠷ ᠢ᠋ ᠲᠠᠢᠯᠠᠭᠤᠯᠪᠠᠰᠤ ᠪᠠᠰᠠ ᠡᠢᠨ ᠬᠦ᠌ ᠪᠣᠯᠪᠠ᠃ ᠮᠢᠨᠦ ᠡᠴᠢᠭᠡ ᠬᠥᠪᠡᠭᠦᠨ ᠡᠵᠡᠨ ᠳ᠋ᠦ᠍ᠷ ᠴᠢᠩ ᠦᠨᠡᠨ ᠢ᠋ᠶ᠋ᠡᠷ ᠬᠠᠷᠢᠭᠤᠯᠠᠨ ᠵᠢᠳᠬᠦᠪᠡᠰᠦ᠂ ᠲᠡᠭᠷᠢ ᠶᠠᠭᠤᠨ ᠳ᠋ᠤᠷ ᠰᠢᠳᠤᠷᠭᠤ ᠮᠠᠨ ᠤ᠋ ᠦᠢᠯᠡ ᠶ᠋ᠢ ᠡᠨᠡ ᠮᠡᠲᠦ ᠲᠠᠰᠤᠯᠤᠮᠤᠢ ? ᠡᠰᠡᠬᠦᠯ᠎ᠡ ᠮᠢᠨᠦ ᠲᠣᠭ᠎ᠠ ᠨᠠᠰᠤᠨ ᠲᠡᠭᠦᠰᠦᠭᠰᠡᠨ ᠴᠦ᠍ ᠪᠣᠯᠪᠠᠤ? ᠲᠡᠭᠷᠢ ᠨᠠᠮᠠᠶ᠋ᠢ ᠦᠬᠦᠭᠦᠯᠪᠡᠴᠦ ᠪᠤᠯᠤ ᠹᠧᠩ ᠰᠢᠶᠠᠩ ᠹᠦ ᠬᠣᠲᠠ ᠶ᠋ᠢ ᠠᠪᠴᠤ ᠠᠯᠲᠠᠨ ᠤᠯᠤᠰ ᠤ᠋ᠨ ᠪᠢᠶᠠᠨ ᠯᠢᠶᠠᠩ ᠴᠧᠩ ᠬᠣᠲᠠ ᠶ᠋ᠢ ᠠᠪᠴᠤ ᠡᠵᠡᠨ ᠡᠴᠢᠭᠡ ᠳ᠋ᠦ᠍ᠷ ᠬᠠᠷᠢᠭᠤᠯᠬᠤᠢ ᠶ᠋ᠢ ᠬᠦᠯᠢᠶᠡᠵᠦ ᠦᠬᠦᠭᠦᠯ ! 》 ᠭᠡᠮᠡᠨ ᠯᠢ ᠴᠢᠦᠸᠠᠨ ᠤ᠋ ᠬᠡᠭᠦᠷ ᠢ ᠰᠥᠩ ᠤᠯᠤᠰ ᠣᠯᠵᠤ ᠠᠪᠠᠴᠢᠭᠰᠠᠨ ᠲᠤᠯᠠ ᠬᠣᠭᠣᠰᠣᠨ ᠬᠥᠰᠢᠶ᠎ᠡ ᠪᠤᠰᠬᠠᠵᠤ ᠪᠡᠯᠪᠡᠰᠦᠷᠡᠨ ᠳᠠᠭᠢᠪᠠ᠃
ᠡᠨᠡ ᠦᠶ᠎ᠡ ᠳ᠋ᠦ᠍ᠷ ᠱᠠᠨ ᠰᠢ ᠡᠴᠡ ᠲᠠᠢᠽᠦ᠋ᠩ ᠬᠠᠭᠠᠨ ᠤ᠋ ᠵᠠᠷᠯᠢᠭ ᠢ᠋ᠶ᠋ᠠᠷ ᠲᠡᠢᠰᠢ ᠪᠤᠯᠤ ᠶ᠋ᠢ ᠡᠷᠭᠢᠵᠦ ᠦᠵᠡᠭᠦᠯᠦᠷ᠎ᠡ ᠵᠠᠷᠤᠭᠰᠠᠨ ᠠᠪᠠᠭ᠎ᠠ ᠹᠦ ᠮᠠ ᠪᠤᠲ᠋ᠤ ᠶ᠋ᠢᠨ ᠬᠥᠪᠡᠭᠦᠨ ᠲᠠᠪᠤᠨᠠᠩ ᠨᠠᠨᠰᠠᠷ ᠪᠠᠢᠭᠰᠠᠨ ᠲᠤᠯᠠ ᠲᠠᠢᠰᠢ ᠪᠤᠯᠤ ᠶ᠋ᠢᠨ ᠵᠢᠳᠬᠦᠯᠳᠦ ᠰᠠᠢᠳ ᠢ᠋ ᠡᠨᠡ ᠮᠡᠲᠦ ᠬᠦᠨᠳᠦ ᠦᠵᠡᠬᠦ ᠶ᠋ᠢ ᠦᠵᠡᠭᠡᠳ ᠶᠡᠬᠡᠯ᠎ᠡ ᠰᠡᠳᠬᠢᠯ ᠬᠥᠳᠡᠯᠦᠨ ᠭᠠᠢᠬᠠᠵᠤ ᠪᠢᠰᠢᠷᠡᠭᠡᠳ ᠲᠠᠢᠰᠢ ᠪᠤᠯᠤ ᠳ᠋ᠤᠷ ᠥᠭᠦᠯᠡᠷᠦᠨ : 《 ᠲᠠᠢᠰᠢ ᠡᠳᠦᠭᠡ ᠳᠠᠷᠤᠢ ᠪᠣᠳᠣᠷᠣᠣᠯ ᠪᠢᠴᠢᠵᠦ ᠬᠠᠭᠠᠨ ᠠ᠋ᠴᠠ ᠨᠠᠮᠠᠶ᠋ᠢ ᠭᠤᠶᠤᠵᠤ ᠠᠪ᠂ ᠡᠨᠡ ᠹᠧᠩ ᠰᠢᠶᠠᠩ ᠹᠦ ᠶ᠋ᠢᠨ ᠬᠣᠷᠣᠰᠤᠯ ᠢ᠋ ᠲᠠᠪᠤᠨᠠᠩ ᠪᠢ ᠠᠪᠴᠤ ᠥᠭᠰᠦᠭᠡᠢ᠃ ᠲᠡᠢᠰᠢ ᠦᠨᠡᠬᠡᠷ ᠬᠥᠮᠦᠨ ᠦ᠌ ᠰᠡᠳᠬᠢᠯ ᠢ᠋ ᠬᠥᠳᠡᠯᠭᠡᠮᠦᠢ ! 》ᠬᠡᠮᠡᠬᠦᠢ ᠳ᠋ᠦ᠍ᠷ ᠲᠡᠢᠰᠢ ᠪᠤᠯᠤ ᠶᠡᠬᠡᠯ᠎ᠡ ᠪᠠᠶᠠᠷᠯᠠᠵᠤ᠂ ᠳᠠᠷᠤᠢ ᠬᠠᠭᠠᠨ ᠠ᠋ᠴᠠ ᠨᠠᠠᠰᠠᠷ ᠢ᠋ ᠴᠡᠷᠢᠭ ᠦ᠋ᠨ ᠬᠦᠷᠢᠶ᠎ᠡ ᠳ᠋ᠦ᠍ᠷ ᠪᠡᠶ᠎ᠡ ᠳ᠋ᠦ᠍ᠷ ᠢ᠋ᠶ᠋ᠡᠨ ᠲᠤᠰᠠᠯᠠᠭᠤᠯᠬᠤ ᠭᠡᠮᠡᠨ ᠪᠤᠭᠤᠲᠤ ᠬᠤᠸᠠ ᠶ᠋ᠢ ᠳᠣᠪᠲᠣᠯᠭᠠᠨ ᠵᠠᠷᠯᠢᠭ ᠭᠤᠶᠤᠷ᠎ᠠ ᠱᠠᠨ ᠰᠢ ᠳ᠋ᠦ᠍ᠷ ᠳᠣᠪᠲᠣᠯᠭᠠᠭᠠᠳ ᠨᠢᠭᠡᠨᠲᠡᠭᠡᠭᠦᠷ ᠨᠠᠨᠰᠠᠷ ᠯᠤᠭ᠎ᠠ ᠹᠸᠩ ᠰᠢᠶᠠᠩ ᠹᠦ ᠶ᠋ᠢ ᠠᠪᠬᠤ ᠠᠷᠭ᠎ᠠ ᠶ᠋ᠢ ᠵᠥᠪᠯᠡᠬᠦᠢ ᠳ᠋ᠦ᠍ᠷ ᠨᠠᠨᠰᠠᠷ ᠥᠭᠦᠯᠡᠷᠦᠨ : 《ᠮᠠᠰᠢ ᠬᠢᠯᠪᠠᠷ᠂ ᠨᠢᠭᠡᠨ ᠵᠦᠢᠯ ᠦ᠋ᠨ ᠠᠷᠭ᠎ᠠ ᠪᠣᠢ᠂ ᠡᠳᠦᠭᠡ ᠳᠠᠷᠤᠢ ᠮᠣᠳᠣᠴᠢ ᠨᠠᠷ ᠢ᠋ ᠴᠤᠭᠯᠠᠭᠤᠯᠤᠨ ᠳᠥᠷᠪᠡᠨ ᠠᠷᠠᠯ ᠳᠥᠷᠪᠡᠨ ᠬᠦᠷᠳᠦᠲᠦ᠂ ᠳᠡᠭᠡᠷ᠎ᠡ ᠢᠨᠤ ᠬᠠᠪᠳᠠᠭᠠᠢᠯ ᠮᠣᠳᠣ ᠬᠠᠲᠠᠭᠰᠠᠨ ᠳᠣᠣᠷ᠎ᠠ ᠠᠨᠤ ᠱᠠᠲᠤ ᠮᠣᠳᠣ – ᠡᠢᠮᠦ ᠡᠭᠦᠯᠡᠨ ᠱᠠᠲᠤ ᠣᠯᠠᠨᠲᠠ ᠬᠢᠵᠦ᠂ ᠶᠡᠬᠡ ᠪᠣᠷᠣᠭᠠᠨ ᠬᠤᠷ᠎ᠠ ᠰᠠᠯᠬᠢᠨ ᠴᠠᠰᠤᠲᠤ ᠰᠥᠨᠢ ᠰᠡᠮᠡᠬᠡᠷ ᠬᠦᠷᠴᠦ ᠨᠢᠭᠡᠨ ᠲᠡᠮᠳᠡᠭ ᠢ᠋ᠶ᠋ᠡᠷ ᠬᠣᠲᠠ ᠳ᠋ᠤᠷ ᠠᠪᠠᠷᠢᠪᠠᠰᠤ ᠹᠧᠩ ᠰᠢᠶᠠᠩ ᠹᠦ ᠶ᠋ᠢ ᠠᠪᠴᠤ ᠪᠣᠯᠤᠮᠤᠢ ! 》ᠬᠡᠮᠡᠬᠦᠢ ᠳ᠋ᠦ᠍ᠷ ᠲᠡᠢᠰᠢ ᠪᠤᠯᠤ ᠶᠡᠬᠡ ᠯᠡ ᠪᠠᠶᠠᠷᠯᠠᠨ ᠳᠠᠷᠤᠢ ᠮᠣᠳᠣᠴᠢ ᠶ᠋ᠢ ᠬᠤᠷᠢᠶᠠᠵᠤ ᠳᠥᠷᠪᠡᠨ ᠵᠠᠭᠤᠨ ᠪᠢᠲᠡᠭᠦᠦ ᠫᠧᠩ ᠲᠡᠢ ᠡᠭᠦᠯᠡᠨ ᠱᠠᠲᠤ ᠦᠢᠯᠡᠳᠦᠭᠦᠯᠪᠡ᠃ ᠡᠨᠡ ᠴᠢᠯᠥᠭᠡ ᠳ᠋ᠦ᠍ᠷ ᠲᠦᠰᠢᠮᠡᠯ ᠵᠠᠷᠤᠵᠤ ᠯᠢ ᠴᠢᠦᠸᠡᠨ ᠦ᠌ ᠡᠮ᠎ᠡ ᠦᠷ᠎ᠡ ᠶ᠋ᠢ ᠬᠠᠮᠠᠭᠠᠯᠠᠷ᠎ᠠ ᠢᠯᠡᠭᠡᠪᠡ᠃ ᠲᠡᠳᠦᠢ ᠬᠠᠭᠠᠰ ᠰᠠᠷ᠎ᠠ ᠶ᠋ᠢᠨ ᠳᠣᠲᠣᠷ᠎ᠠ ᠠᠷᠲᠠᠢ ᠮᠣᠳᠣ᠂ ᠲᠡᠮᠦᠷᠯᠢᠭ ᠠᠷᠲᠠᠢ ᠮᠣᠳᠣ᠂ ᠨᠠᠷᠢᠨ ᠠᠭᠠᠷᠤ ᠬᠠᠷ᠎ᠠ ᠬᠤᠰᠤ ᠶ᠋ᠢᠨ ᠵᠡᠷᠭᠡ ᠪᠥᠬᠡ ᠮᠣᠳᠣᠨ ᠤ᠋ ᠬᠠᠯᠬᠠᠪᠴᠢ ᠫᠸᠩᠲᠦ ᠳᠥᠷᠪᠡᠨ ᠬᠦᠷᠳᠦᠲᠦ ᠡᠭᠦᠯᠡᠨ ᠱᠠᠲᠤ ᠴᠥᠮ ᠪᠦᠲᠦᠵᠦ᠂ ᠳᠥᠷᠪᠡᠨ ᠵᠠᠭᠤᠨ ᠢᠯᠡᠭᠦᠦ ᠪᠣᠯᠪᠠ᠃

ᠲᠡᠳᠦᠢ ᠡᠭᠦᠨ ᠢ᠋ ᠦᠭᠡ ᠨᠡᠪᠲᠡᠷᠡᠬᠦ ᠡᠴᠡ ᠠᠶᠤᠵᠤ ᠤᠨᠠᠭᠤᠯᠢ ᠡᠷᠦᠵᠦ ᠬᠢᠯᠭᠡᠭᠡᠳ ᠮᠣᠳᠣᠴᠢ ᠶ᠋ᠢ ᠮᠥᠨ ᠲᠦᠷ ᠭᠠᠷᠭᠠᠬᠤ ᠦᠭᠡᠢ ᠳᠣᠲᠣᠷ᠎ᠠ ᠠᠨᠤ ᠱᠠᠲᠤ ᠪᠦᠲᠦᠭᠡᠪᠡ᠃ ᠤᠨᠠᠭᠤᠯᠢ ᠶ᠋ᠢᠨ ᠡᠭᠦᠳᠡ ᠳ᠋ᠦ᠍ᠷ ᠲᠡᠢᠰᠢ ᠥᠪᠡᠷ ᠦ᠋ᠨ ᠪᠠᠷᠰ ᠤ᠋ᠨ ᠴᠠᠴᠠᠷ ᠢ᠋ᠶ᠋ᠠᠷ ᠪᠠᠭᠤᠳᠠᠯᠯᠠᠵᠤᠬᠤᠢ᠃ ᠱᠠᠲᠤ ᠪᠦᠲᠦᠭᠰᠡᠨ ᠰᠥᠨᠢ ᠳᠠᠷᠤᠢ ᠡᠮᠦᠨ᠎ᠡ ᠡᠴᠡ ᠶᠡᠬᠡ ᠰᠠᠯᠬᠢᠨ ᠰᠠᠯᠬᠢᠯᠠᠵᠤ ᠬᠣᠢᠨ᠎ᠠ ᠠ᠋ᠴᠠ ᠬᠠᠷ᠎ᠠ ᠮᠠᠨᠠᠨ ᠳᠡᠭᠳᠡᠵᠦ᠂ ᠲᠡᠭᠷᠢ ᠯᠣᠪᠬᠢᠮᠠ ᠬᠠᠷᠠᠩᠭᠤᠢ ᠪᠣᠯᠵᠤ᠂ ᠳᠥᠷᠪᠡᠨ ᠰᠠᠷ᠎ᠠ ᠶ᠋ᠢᠨ ᠶᠡᠬᠡ ᠬᠤᠷ᠎ᠠ ᠡᠬᠢᠯᠡᠬᠦᠢ ᠳ᠋ᠦ᠍ᠷ ᠲᠠᠢᠰᠢ ᠪᠤᠯᠤ ᠨᠠᠨᠰᠠᠷ ᠬᠣᠶᠠᠭᠤᠯᠠ ᠮᠥᠨ ᠰᠥᠨᠢ ᠳᠠᠷᠤᠢ ᠴᠠᠭᠠᠵᠠ ᠵᠠᠷᠯᠠᠨ ᠣᠯᠠᠨ ᠴᠡᠷᠢᠭ ᠢ᠋ ᠳᠥᠷᠪᠡᠨ ᠠᠩᠭᠢ ᠨᠠᠢ᠍ᠮᠠᠨ ᠪᠠᠭ ᠬᠤᠪᠢᠶᠠᠵᠤ᠂ ᠨᠠᠠᠰᠠᠷ ᠪᠠᠷᠠᠭᠤᠨ ᠡᠮᠦᠨ᠎ᠡ ᠵᠣᠪᠬᠢᠰ᠂ ᠮᠣᠩᠭᠣᠯ ᠰᠠᠷᠠᠨ ᠪᠠᠷᠠᠭᠤᠨ ᠬᠣᠢᠲᠤ ᠵᠣᠪᠬᠢᠰ᠂ ᠥᠨᠳᠥᠷ ᠰᠡᠴᠡᠨ ᠦ᠌ ᠬᠥᠪᠡᠭᠦᠨ ᠪᠣᠯᠢᠭ᠌ᠲᠦ ᠪᠠᠰ᠂ ᠰᠢᠯᠢᠭᠲᠦ ᠪᠠᠷᠰ ᠵᠡᠭᠦᠨ ᠡᠲᠡᠭᠡᠳ ᠦ᠋ᠨ ᠡᠮᠦᠨ᠎ᠡ ᠬᠣᠢᠨ᠎ᠠ ᠵᠣᠪᠬᠢᠰ᠂ ᠵᠠᠮᠪᠠᠯ ᠤ᠋ᠨ ᠬᠥᠪᠡᠭᠦᠨ ᠠᠬᠠᠢ᠂ ᠶᠠᠱ᠌ᠢ ᠬᠣᠶᠠᠭᠤᠯᠠ ᠬᠣᠢᠲᠤ ᠪᠡᠶ᠎ᠡ ᠶ᠋ᠢᠨ ᠵᠡᠭᠦᠨ ᠪᠠᠷᠠᠭᠤᠨ ᠵᠣᠪᠬᠢᠰ᠂ ᠰᠢᠷᠢ ᠬᠤᠲᠤᠭ ᠤ᠋ᠨ ᠬᠥᠪᠡᠭᠦᠨ ᠬᠠᠳᠤ ᠲᠡᠮᠦᠷ᠂ ᠳᠤᠭᠤᠯᠠᠭ᠎ᠠ ᠲᠡᠮᠦᠷ ᠠᠬ᠎ᠠ ᠳᠡᠭᠦᠦ ᠬᠣᠶᠠᠭᠤᠯᠠ ᠬᠣᠲᠠ ᠶ᠋ᠢᠨ ᠡᠮᠦᠨ᠎ᠡ ᠪᠡᠶ᠎ᠡ ᠶ᠋ᠢᠨ ᠵᠡᠭᠦᠨ ᠪᠠᠷᠠᠭᠤᠨ ᠵᠣᠪᠬᠢᠰ᠂ ᠵᠢᠴᠢ ᠲᠠᠢᠰᠢ ᠪᠤᠯᠤ ᠡᠮᠦᠨ᠎ᠡ ᠬᠠᠭᠠᠯᠭ᠎ᠠ᠂ ᠵᠢᠶᠦ᠋ᠨ ᠸᠠᠩ ᠳᠠᠢᠰᠤᠨᠳᠠᠷᠤᠭᠴᠢ ᠬᠣᠢᠲᠤ ᠬᠠᠭᠠᠯᠭ᠎ᠠ᠂ ᠲᠠᠴᠢᠩᠬᠤᠷᠯᠤ ᠶ᠋ᠢᠨ ᠬᠥᠪᠡᠭᠦᠨ ᠰᠢᠯᠢᠶᠠᠮᠪᠤ ᠪᠠᠷᠠᠭᠤᠨ ᠬᠠᠭᠠᠯᠭ᠎ᠠ᠂ ᠢᠯᠠᠭᠤᠭᠰᠠᠨ ᠤ᠋ ᠬᠥᠪᠡᠭᠦᠨ ᠬᠠᠵᠤᠰᠢᠯ ᠵᠡᠭᠦᠨ ᠬᠠᠭᠠᠯᠭ᠎ᠠ᠂ ᠳᠥᠷᠪᠡᠨ ᠠᠩᠭᠢ ᠶ᠋ᠢᠨ ᠶᠡᠬᠡ ᠴᠡᠷᠢᠭ ᠢ᠋ ᠠᠪᠴᠤ ᠬᠣᠲᠠᠨ ᠤ᠋ ᠣᠢᠷ᠎ᠠ ᠬᠦᠷᠲᠡᠯ᠎ᠡ ᠴᠢᠪᠬᠢᠲᠡᠯ᠎ᠡ ᠶᠡᠬᠡ ᠬᠤᠷ᠎ᠠ ᠴᠢᠳᠬᠠᠳ ᠬᠦᠷᠴᠦ ᠢᠷᠡᠨ᠂ ᠪᠤᠯᠤ ᠭᠡᠨᠡᠳᠲᠡ ᠶᠡᠬᠡ ᠮᠤᠷᠤᠢ ᠦᠬᠡᠷ ᠪᠦᠷᠢᠶ᠎ᠡ ᠦᠯᠢᠶᠡᠯᠭᠡᠨ ᠬᠠᠮᠲᠤ ᠪᠠᠷ ᠱᠠᠲᠤ ᠶ᠋ᠢ ᠲᠦᠯᠬᠢᠨ ᠬᠣᠲᠠ ᠳ᠋ᠤᠷ ᠪᠣᠰᠬᠠᠵᠤ ᠭᠠᠷᠬᠤᠶ᠎ᠠ ᠬᠣᠲᠠ ᠶ᠋ᠢᠨ ᠳᠡᠭᠡᠷᠡᠬᠢ ᠴᠡᠷᠢᠭ ᠶᠠᠭᠠᠷᠠᠨ ᠵᠡᠪᠡ ᠴᠢᠯᠠᠭᠤ ᠪᠠ ᠥᠩᠭᠥᠷᠢᠯ ᠮᠣᠳᠣ ᠶ᠋ᠢ ᠳᠣᠷᠣᠭᠰᠢ ᠲᠦᠯᠬᠢᠬᠦᠶᠡ᠂ ᠴᠡᠷᠢᠭ ᠬᠡᠳᠦᠢᠨᠡᠢ ᠬᠣᠲᠠ ᠶ᠋ᠢᠨ ᠢᠷᠣᠭᠠᠷ ᠬᠦᠷᠪᠡ᠃ ᠨᠡᠩ ᠨᠠᠨᠰᠠᠷ ᠤ᠋ᠨ ᠬᠠᠷᠢᠶᠠᠲᠤ ᠵᠡᠭᠦᠨ ᠡᠮᠦᠨ᠎ᠡ ᠵᠣᠪᠬᠢᠰ ᠤ᠋ᠨ ᠴᠡᠷᠢᠭ ᠤᠷᠢᠳᠠ ᠮᠡᠳᠡᠵᠦ᠂ ᠴᠡᠷᠢᠭ ᠬᠣᠲᠠ ᠶ᠋ᠢᠨ ᠣᠢᠷ᠎ᠠ ᠬᠦᠷᠬᠦᠢ ᠶ᠋ᠢᠨ ᠤᠷᠢᠳᠠ ᠮᠡᠳᠡᠭᠡᠳ ᠬᠠᠮᠲᠤ ᠵᠡᠪᠡ ᠴᠢᠯᠠᠭᠤᠨ ᠢ᠋ᠶ᠋ᠠᠷ ᠶᠡᠬᠡ ᠬᠤᠷ᠎ᠠ ᠯᠤᠭ᠎ᠠ ᠬᠠᠮᠲᠤ ᠪᠠᠷ ᠳᠡᠯᠡᠳᠬᠦᠢ ᠳ᠋ᠦ᠍ᠷ ᠨᠠᠨᠰᠠᠷ ᠳᠡᠭᠡᠷ᠎ᠡ ᠪᠡᠨ ᠪᠠᠮᠪᠠᠢ ᠪᠠᠷᠢᠵᠤ ᠰᠢᠷᠭᠤᠯᠠᠨ ᠣᠷᠣᠵᠤ ᠱᠠᠲᠤ ᠶ᠋ᠢᠨ ᠳᠡᠭᠡᠷ᠎ᠡ ᠦᠵᠦᠭᠦᠷ ᠲᠣᠷ ᠬᠦᠷᠪᠡᠰᠦ᠂ ᠬᠣᠲᠠ ᠰᠠᠬᠢᠬᠤ ᠴᠡᠷᠢᠭ ᠴᠥᠮ ᠨᠠᠨᠰᠠᠷ ᠢ ᠵᠢᠳᠠ ᠪᠠᠷ ᠴᠢᠴᠢᠯᠬᠢᠯᠠᠨ ᠦᠯᠦ ᠵᠣᠭᠰᠣᠬᠤᠢ ᠳ᠋ᠤ᠌ ᠨᠠᠨᠰᠠᠷ ᠬᠠᠷᠠᠬᠠᠨ ᠭᠠᠷᠬᠤ ᠠᠷᠭ᠎ᠠ ᠦᠭᠡᠢ ᠪᠦᠬᠦᠢ ᠳ᠋ᠦ᠍ᠷ ᠦᠵᠡᠪᠡᠰᠦ ᠤᠷᠲᠤ ᠵᠢᠳᠠ ᠶ᠋ᠢᠨ ᠴᠢᠴᠢᠬᠦ ᠢᠨᠦ ᠨᠠᠮ ᠪᠣᠯᠪᠠ᠃ ᠲᠡᠳᠦᠢ ᠰᠠᠶᠢ ᠭᠠᠷᠰᠤᠭᠠᠢ ᠭᠡᠮᠡᠨ ᠦᠵᠡᠪᠡᠰᠦ ᠭᠡᠨᠡᠳᠲᠡ ᠨᠢᠭᠡᠨ ᠴᠠᠬᠢᠯᠭᠠᠨ ᠴᠠᠬᠢᠯᠤᠨ ᠭᠡᠷᠡᠯ ᠳ᠋ᠦ᠍ᠷ ᠦᠵᠡᠬᠦᠯ᠎ᠡ ᠬᠥᠭᠰᠢᠨ ᠲᠠᠢᠰᠢ ᠭᠦᠸᠧ ᠸᠠᠩ ᠮᠤᠬᠤᠯᠢ ᠪᠡᠶ᠎ᠡ ᠳ᠋ᠦ᠍ᠷ ᠠᠯᠲᠠᠨ ᠬᠤᠶᠠᠭ ᠳᠤᠭᠤᠯᠠᠭ᠎ᠠ ᠡᠮᠦᠰᠴᠦ ᠶᠡᠬᠡ ᠢᠯᠳᠦ ᠪᠡᠷ ᠱᠠᠲᠤ ᠶ᠋ᠢᠨ ᠳᠡᠭᠡᠷ᠎ᠡ ᠦᠵᠦᠭᠦᠷ ᠢ᠋ ᠵᠢᠳᠠᠯᠠᠵᠤ ᠴᠡᠷᠢᠭ ᠢ᠋ ᠴᠠᠪᠴᠢᠯᠠᠨ ᠤᠨᠠᠭᠠᠬᠤᠢ ᠳ᠋ᠤᠷ ᠣᠯᠠᠨ ᠴᠡᠷᠢᠭ ᠭᠢᠯᠪᠠᠯᠭᠡᠨ ᠦ᠌ ᠭᠡᠷᠡᠯ ᠳ᠋ᠦ᠍ᠷ ᠦᠵᠡᠭᠡᠳ ᠶᠡᠬᠡᠯ᠎ᠡ ᠠᠶᠤᠯᠳᠤᠵᠤ᠂ ᠬᠣᠢᠰᠢ ᠤᠬᠤᠷᠢᠭᠰᠠᠨ ᠡᠨᠡ ᠴᠢᠯᠥᠭᠡᠨ ᠳ᠋ᠦ᠍ᠷ ᠨᠠᠨᠰᠠᠷ ᠳᠠᠷᠤᠢ ᠬᠣᠲᠠᠨ ᠳ᠋ᠤᠷ ᠬᠠᠷᠠᠢᠨ ᠭᠠᠷᠴᠤ ᠠᠯᠠᠨ ᠡᠭᠦᠰᠬᠡᠵᠦ᠂ ᠲᠡᠮᠳᠡᠭ ᠪᠦᠷᠢᠶ᠎ᠡ ᠲᠠᠲᠠᠭᠰᠠᠨ ᠳ᠋ᠤᠷ ᠳᠥᠷᠪᠡᠨ ᠵᠦᠭ ᠨᠠᠢ᠍ᠮᠠᠨ ᠵᠣᠪᠬᠢᠰ ᠤ᠋ᠨ ᠣᠯᠠᠨ ᠵᠠᠩᠵᠤᠨ ᠴᠡᠷᠢᠭ ᠬᠠᠮᠲᠤ ᠪᠠᠷ ᠰᠢᠪᠲᠤᠯᠵᠤ᠂ ᠴᠥᠮ ᠬᠣᠲᠠᠨ ᠳ᠋ᠤᠷ ᠭᠠᠷᠴᠤ ᠬᠣᠲᠠ ᠬᠠᠳᠠᠭᠠᠯᠠᠬᠤ ᠴᠡᠷᠢᠭ ᠢ ᠠᠯᠠᠬᠤ ᠠᠨᠤ ᠡᠪᠡᠰᠦ ᠬᠠᠳᠤᠬᠤ ᠮᠡᠲᠦ᠂ ᠳᠥᠷᠪᠡᠨ ᠬᠠᠭᠠᠯᠭ᠎ᠠ ᠬᠠᠮᠲᠤ ᠪᠠᠷ ᠨᠡᠭᠡᠭᠡᠭᠰᠡᠨ ᠳ᠋ᠦ᠍ᠷ ᠶᠡᠬᠡ ᠴᠡᠷᠢᠭ ᠦᠶᠡᠷ ᠤᠷᠤᠰᠬᠤ ᠮᠡᠲᠦ ᠣᠷᠣᠵᠤ ᠡᠴᠢᠪᠡ᠃ ᠨᠠᠨᠰᠠᠷ ᠤᠷᠢᠳᠠ ᠬᠣᠲᠠ ᠰᠠᠬᠢᠭᠰᠠᠨ ᠯᠢᠦ ᠰᠢᠩ ᠬ᠌ᠧ ᠶ᠋ᠢ ᠡᠷᠢᠵᠦ ᠣᠯᠵᠤ ᠪᠠᠷᠢᠭᠠᠳ ᠶᠡᠬᠡ ᠴᠡᠷᠢᠭ ᠢ᠋ᠶ᠋ᠡᠷ ᠬᠣᠲᠠ ᠶ᠋ᠢᠨ ᠳᠥᠷᠪᠡᠨ ᠬᠠᠭᠠᠯᠭ᠎ᠠ ᠶ᠋ᠢ ᠬᠠᠭᠠᠯᠭᠠᠵᠤ᠂ ᠬᠣᠲᠠ ᠶ᠋ᠢᠨ ᠲᠤᠰᠢᠶᠠᠯᠲᠠᠨ ᠠᠷᠠᠳ ᠢ᠋ ᠴᠥᠮ ᠡᠷᠢᠨ ᠪᠠᠷᠢᠵᠤ᠂ ᠢᠷᠭᠡᠨ ᠢ᠋ ᠴᠥᠮ ᠠᠯᠠᠮᠤᠢ ᠬᠡᠮᠡᠭᠰᠡᠨ ᠳ᠋ᠦ᠍ᠷ ᠲᠡᠢᠰᠢ ᠪᠤᠯᠤ ᠲᠦᠪᠳᠡᠬᠦ ᠦᠭᠡᠢ ᠴᠡᠷᠢᠭ ᠢ᠋ ᠬᠣᠷᠢᠶᠠᠨ ᠪᠠᠢᠯᠭᠠᠪᠠ᠃ ᠲᠡᠳᠦᠢ ᠡᠨᠡ ᠰᠥᠨᠢ ᠣᠯᠠᠨ ᠴᠡᠷᠢᠭ ᠬᠣᠲᠠᠨ ᠳ᠋ᠤᠷ ᠭᠠᠷᠬᠤᠢ ᠳ᠋ᠤᠷ ᠴᠥᠮ ᠲᠠᠢᠰᠢ ᠮᠤᠬᠤᠯᠢ ᠶ᠋ᠢ ᠣᠯᠵᠤ ᠦᠵᠡᠭᠡᠳ ᠲᠠᠢᠰᠢ ᠪᠤᠯᠤ ᠨᠡᠩᠳᠡ ᠪᠠᠰᠠ ᠡᠴᠢᠭᠡ ᠪᠡᠨ ᠦᠵᠡᠵᠦ ᠶᠡᠬᠡᠯ᠎ᠡ ᠤᠬᠢᠯᠠᠨ ᠮᠥᠷᠭᠥᠵᠦ ᠂ ᠹᠧᠩ ᠰᠢᠶᠠᠩ ᠹᠦ ᠶ᠋ᠢᠨ ᠶᠡᠬᠡ ᠶᠠᠮᠤᠨ ᠳ᠋ᠤᠷ ᠮᠤᠬᠤᠯᠢ ᠶ᠋ᠢᠨ ᠬᠥᠷᠥᠭ ᠢ᠋ ᠳᠠᠬᠢᠵᠤ᠂ ᠹᠧᠩ ᠰᠢᠶᠠᠩ ᠹᠦ ᠶ᠋ᠢ ᠰᠠᠬᠢᠭᠰᠠᠨ ᠲᠦᠰᠢᠮᠡᠯ ᠯᠢᠦ ᠰᠢᠩ ᠬ᠌ᠧ ᠶ᠋ᠢ ᠲᠡᠷᠢᠭᠦᠯᠡᠨ ᠪᠠᠭ᠎ᠠ ᠲᠦᠰᠢᠮᠡᠯ ᠭᠤᠴᠢᠨ ᠬᠣᠶᠠᠷ ᠬᠥᠮᠦᠨ ᠢ᠋ ᠴᠥᠮ ᠴᠠᠪᠴᠢᠭᠤᠯᠤᠨ ᠠᠯᠠᠵᠤ᠂ ᠡᠴᠢᠭᠡ ᠮᠤᠬᠤᠯᠢ ᠶ᠋ᠢ ᠳᠠᠬᠢᠵᠤ ᠬᠣᠷᠣᠰᠤᠯ ᠢ᠋ ᠭᠠᠷᠭᠠᠵᠤ᠂ ᠮᠥᠨ ᠳᠡᠢᠯᠦᠭᠰᠡᠨ ᠬᠦᠴᠦᠨ ᠳ᠋ᠦ᠍ᠷ ᠨᠠᠨᠰᠠᠷ ᠲᠤᠷ ᠴᠡᠷᠢᠭ ᠥᠭᠴᠦ ᠰᠢ ᠾᠧ ᠵᠧᠦ ᠬᠣᠲᠠᠨ ᠢ᠋ ᠪᠠᠢᠯᠳᠤᠭᠤᠯᠵᠤ᠂ ᠥᠪᠡᠷ ᠢ᠋ᠶ᠋ᠡᠨ ᠬᠣᠲᠠ ᠶ᠋ᠢᠨ ᠣᠢᠷ᠎ᠠ ᠪᠦᠭᠭᠦᠪᠡ᠃ ᠰᠢ ᠾᠧ ᠵᠧᠦ ᠶ᠋ᠢ ᠰᠠᠬᠢᠭᠰᠠᠨ ᠶᠡᠬᠡ ᠵᠠᠩᠵᠤᠨ ᠵᠢᠶᠠᠩ ᠶᠦᠨ ᠰᠤᠯᠠ ᠢᠷᠭᠡᠨ ᠢ ᠴᠥᠮ ᠴᠡᠷᠢᠭ ᠪᠣᠯᠭᠠᠨ᠂ ᠠᠷᠪᠠᠨ ᠲᠦᠮᠡᠨ ᠢᠯᠡᠭᠦᠦ ᠳ᠋ᠦ᠍ᠷ ᠡᠷᠡᠮᠰᠢᠵᠦ ᠤᠭᠲᠤᠨ ᠪᠠᠢᠯᠳᠤᠬᠤᠢ ᠳ᠋ᠤᠷ ᠨᠠᠨᠰᠠᠷ ᠤᠷᠢᠳᠠ ᠶ᠋ᠢᠨ ᠵᠥᠪᠯᠡᠭᠰᠡᠨ ᠠᠷᠭ᠎ᠠ ᠪᠠᠷ ᠵᠣᠷᠢᠮᠠᠭ ᠢ᠋ᠶ᠋ᠠᠷ ᠳᠠᠷᠤᠭᠳᠠᠭᠴᠢ ᠪᠣᠯᠤᠨ ᠳᠤᠲᠠᠭᠠᠬᠤᠢ ᠳ᠋ᠤᠷ ᠵᠢᠶᠠᠩ ᠶᠦᠨ ᠶᠡᠬᠡᠯ᠎ᠡ ᠪᠠᠶᠠᠷᠯᠠᠨ ᠬᠠᠷᠠᠬᠠᠨ ᠬᠥᠭᠡᠭᠡᠵᠦ ᠶᠠᠪᠤᠬᠤᠢ ᠵᠠᠪᠰᠠᠷ ᠲᠤᠷ ᠪᠤᠯᠤ ᠲᠡᠳᠡᠨ ᠢ᠋ ᠭᠠᠷᠤᠮᠠᠭᠴᠠ ᠬᠣᠲᠠᠨ ᠢ᠋ ᠳᠠᠪᠠᠭᠤᠯᠤᠨ ᠬᠠᠭᠠᠯᠭ᠎ᠠ ᠶ᠋ᠢ ᠪᠥᠭᠯᠡᠨ ᠠᠪᠴᠤ ᠰᠢ ᠾᠧ ᠵᠧᠦ ᠬᠣᠲᠠᠨ ᠢ᠋ ᠠᠪᠤᠪᠠ᠃ ᠲᠡᠳᠦᠢ ᠵᠢᠶᠠᠩ ᠶᠦᠨ ᠬᠠᠷᠠᠬᠠᠨ ᠨᠠᠨᠰᠠᠷ ᠢ ᠠᠮᠲᠠᠳᠠᠶ᠎ᠠ ᠨᠡᠬᠡᠬᠦᠢ ᠳ᠋ᠦ᠍ᠷ ᠬᠤᠯᠤᠰᠤᠨ ᠤ᠋ ᠳᠣᠲᠣᠷ᠎ᠠ ᠫᠤᠤ ᠳᠠᠭᠤᠷᠢᠰᠴᠤ ᠨᠠᠢ᠍ᠮᠠᠨ ᠶᠡᠬᠡ ᠵᠠᠩᠵᠤᠨ ᠨᠠᠷ ᠪᠠᠢᠯᠳᠤᠨ ᠭᠠᠷᠤᠭᠰᠠᠨ ᠳ᠋ᠤᠷ ᠵᠢᠶᠠᠩ ᠶᠦᠨ ᠶᠡᠬᠡᠯ᠎ᠡ ᠭᠡᠯᠮᠡᠵᠦ ᠡᠭᠡᠰᠦᠭᠡᠢ ᠬᠡᠮᠡᠲᠡᠯ᠎ᠡ ᠳᠤᠲᠠᠭᠠᠭᠰᠠᠨ ᠨᠠᠨᠰᠠᠷ ᠤ᠋ᠨ ᠴᠡᠷᠢᠭ ᠴᠥᠮ ᠪᠤᠭᠤᠳᠠᠢ ᠶ᠋ᠢᠨ ᠲᠠᠷᠢᠶ᠎ᠠ ᠠ᠋ᠴᠠ ᠭᠠᠷᠴᠤ ᠡᠭᠡᠬᠦ ᠵᠠᠮ ᠢ᠋ ᠬᠠᠯᠬᠠᠯᠠᠨ ᠬᠠᠪᠴᠢᠨ ᠠᠯᠠᠭᠰᠠᠨ ᠳ᠋ᠤᠷ ᠠᠯᠲᠠᠨ ᠤᠯᠤᠰ ᠤ᠋ᠨ ᠴᠡᠷᠢᠭ ᠶᠡᠬᠡᠯ᠎ᠡ ᠰᠠᠮᠠᠭᠤᠷᠠᠨ ᠳᠥᠷᠪᠡᠨ ᠵᠦᠭ ᠵᠠᠮ ᠡᠷᠢᠬᠦᠶᠡ ᠠᠯᠠᠭᠳᠠᠭᠰᠠᠨ ᠴᠡᠷᠢᠭ ᠦ᠋ᠨ ᠶᠠᠰᠤ ᠲᠠᠯ᠎ᠠ ᠳᠦᠭᠦᠷᠪᠡ᠃
ᠲᠡᠳᠦᠢ ᠵᠢᠶᠠᠩ ᠶᠦᠨ ᠶᠡᠬᠡᠯ᠎ᠡ ᠠᠶᠤᠵᠤ᠂ ᠲᠠᠷᠢᠶ᠎ᠠ ᠶ᠋ᠢ ᠣᠭᠲᠣᠯᠤᠨ ᠭᠦᠶᠦᠯᠭᠡᠨ ᠡᠴᠢᠬᠦᠢ ᠳ᠋ᠦ᠍ᠷ ᠲᠠᠲᠠᠭᠰᠠᠨ ᠵᠡᠯ᠎ᠡ ᠳ᠋ᠦ᠍ᠷ ᠮᠣᠷᠢ ᠪᠦᠳᠦᠷᠢᠭᠡᠳ ᠮᠣᠩᠭᠣᠯ ᠤ᠋ᠨ ᠴᠡᠷᠢᠭ ᠬᠦᠯᠢᠵᠦ ᠪᠠᠷᠢᠪᠠ᠃ ᠵᠢᠶᠠᠩ ᠶᠦᠨ ᠦ᠌ ᠳᠠᠷᠤᠭᠳᠠᠭᠰᠠᠨ ᠴᠡᠷᠢᠭ ᠬᠣᠲᠠ ᠶ᠋ᠢᠨ ᠵᠦᠭ ᠳᠤᠲᠠᠭᠠᠬᠤᠢ ᠳ᠋ᠤᠷ ᠬᠣᠲᠠᠨ ᠠ᠋ᠴᠠ ᠪᠠᠰᠠ ᠨᠢᠭᠡᠨ ᠠᠩᠭᠢ ᠴᠡᠷᠢᠭ ᠤᠭᠲᠤᠨ ᠭᠠᠷᠴᠤ ᠢᠷᠡᠭᠡᠳ ᠬᠠᠪᠴᠢᠨ ᠪᠠᠢᠯᠳᠤᠭᠰᠠᠨ ᠳ᠋ᠤᠷ ᠠᠯᠲᠠᠨ ᠤᠯᠤᠰ ᠤ᠋ᠨ ᠴᠡᠷᠢᠭ ᠭᠤᠴᠢᠨ ᠭᠠᠵᠠᠷ ᠤ᠋ᠨ ᠬᠥᠷᠥᠰᠥ ᠶ᠋ᠢ ᠪᠦᠷᠬᠦᠲᠡᠯ᠎ᠡ ᠦᠬᠦᠵᠦᠬᠦᠢ᠃ ᠣᠯᠤᠭᠰᠠᠨ ᠴᠡᠷᠢᠭ ᠢ᠋ ᠴᠥᠮ ᠳᠠᠭᠠᠭᠤᠯᠵᠤ᠂ ᠤᠷᠢᠳᠠ ᠳᠤᠲᠠᠭᠠᠭᠰᠠᠨ ᠬᠡᠳᠦᠨ ᠮᠢᠩᠭᠠᠨ ᠴᠡᠷᠢᠭ ᠴᠢᠦ ᠴᠢ ᠬᠣᠲᠠᠨ ᠳ᠋ᠤᠷ ᠣᠷᠣᠵᠤ ᠪᠠᠲᠤᠯᠠᠨ ᠰᠠᠬᠢᠪᠠ᠃ ᠡᠭᠦᠨ ᠡᠴᠡ ᠪᠤᠰᠤ ᠴᠢᠩ ᠶᠠᠩ ᠂ ᠪᠢᠨ ᠶᠤᠸᠠᠨ ᠤ᠋ ᠵᠡᠷᠭᠡ ᠶ᠋ᠢᠨ ᠬᠣᠲᠠ ᠥᠪᠡᠷ ᠢ᠋ᠶ᠋ᠡᠨ ᠡᠷᠢᠨ ᠳᠠᠭᠠᠪᠠ᠃
ᠲᠡᠳᠦᠢ ᠮᠥᠨ ᠬᠦᠴᠦᠨ ᠳ᠋ᠦ᠍ᠷ ᠨᠠᠨᠰᠠᠷ ᠤᠷᠢᠳᠠ ᠶᠡᠬᠡ ᠴᠡᠷᠢᠭ ᠦ᠋ᠨ ᠬᠠᠭᠠᠰ ᠢ᠋ ᠠᠪᠴᠤ ᠵᠢᠩ ᠵᠧᠦ ᠬᠣᠲᠠ ᠶ᠋ᠢᠨ ᠤᠷᠪᠠᠭᠰᠠᠨ ᠬᠦ ᠶᠤᠸᠠᠨ ᠱᠧᠦ ᠶ᠋ᠢ ᠪᠦᠰᠡᠯᠡᠨ ᠬᠠᠭᠠᠵᠤ ᠂ ᠪᠢᠲᠡᠭᠦᠦ ᠱᠠᠲᠤ ᠪᠠᠷ ᠰᠥᠨᠢ ᠳᠠᠪᠠᠵᠤ ᠬᠦᠷᠦᠭᠰᠡᠨ ᠡᠳᠦᠷ ᠲᠣᠷ ᠳᠠᠷᠤᠢ ᠵᠢᠩ ᠵᠧᠦ ᠶ᠋ᠢ ᠡᠭᠡᠭᠦᠯᠦᠨ ᠠᠪᠴᠤ ᠬᠣᠲᠠ ᠰᠠᠬᠢᠭᠰᠠᠨ ᠶᠡᠬᠡ ᠵᠠᠩᠵᠤᠨ ᠬᠦ ᠶᠤᠸᠠᠨ ᠱᠧᠦ ᠶ᠋ᠢ ᠪᠠᠷᠢᠵᠤ ᠠᠪᠤᠪᠠ᠃ ᠡᠨᠡ ᠦᠶ᠎ᠡ ᠳ᠋ᠦ᠍ᠷ ᠣᠯᠠᠨ ᠲᠦᠰᠢᠮᠡᠳ ᠵᠥᠪᠳᠡᠵᠦ ᠵᠢᠩ ᠵᠧᠦ ᠶ᠋ᠢᠨ ᠢᠷᠭᠡᠨ ᠢ᠋ ᠤᠬᠢᠶᠠᠰᠤᠭᠠᠢ ᠬᠡᠮᠡᠬᠦᠢ ᠳ᠋ᠦ᠍ᠷ ᠨᠠᠨᠰᠠᠷ ᠢᠨᠢᠶᠡᠨ ᠥᠭᠦᠯᠡᠷᠦᠨ : 《ᠲᠡᠢᠮᠦ ᠪᠥᠭᠡᠰᠦ ᠬᠣᠭᠣᠰᠣᠨ ᠬᠣᠲᠠᠨ ᠢ᠋ ᠠᠪᠴᠤ ᠶᠠᠭᠤ ᠬᠢᠬᠦ ? 》ᠭᠡᠮᠡᠨ ᠬᠦ ᠶᠤᠸᠠᠨ ᠱᠧᠦ ᠶ᠋ᠢ ᠠᠯᠠᠵᠤ ᠲᠣᠯᠣᠭᠠᠢ ᠶ᠋ᠢ ᠡᠯᠭᠦᠵᠦ᠂ ᠬᠣᠲᠠ ᠶ᠋ᠢᠨ ᠳᠣᠲᠣᠷ᠎ᠠ ᠭᠠᠳᠠᠨ᠎ᠠ ᠨᠡᠢᠲᠡ ᠳ᠋ᠦ᠍ᠷ ᠵᠠᠷᠯᠠᠨ ᠲᠦᠪᠰᠢᠳᠬᠡᠪᠡ᠃ ᠡᠨᠡ ᠬᠢᠷᠢ ᠳ᠋ᠦ᠍ᠷ ᠠᠯᠲᠠᠨ ᠤᠯᠤᠰ ᠤ᠋ᠨ ᠰᠢᠩ ᠱᠧᠩ ᠱᠢ ᠲᠦᠰᠢᠮᠡᠯ ᠸᠠᠨ ᠶᠠᠨ ᠾᠧ ᠳᠡ᠂ ᠶᠠᠯᠪᠠᠭ ᠬᠣᠶᠠᠭᠤᠯᠠ ᠴᠠᠭᠠᠨ ᠰᠠᠷ᠎ᠠ ᠳ᠋ᠤ᠌ ᠹᠧᠩ ᠰᠢᠶᠠᠩ ᠹᠦ ᠶ᠋ᠢ ᠲᠡᠩᠬᠡᠷᠡᠭᠦᠯᠦᠷ᠎ᠡ ᠢᠷᠡᠭᠡᠳ ᠤᠷᠤᠭᠰᠢ ᠣᠷᠣᠬᠤ ᠦᠭᠡᠢ ᠳ᠋ᠦ᠍ᠷ ᠠᠯᠲᠠᠨ ᠤᠯᠤᠰ ᠤ᠋ᠨ ᠱᠤ᠌ ᠮᠢ ᠫᠠᠨ ᠭᠤᠸᠠᠨ ᠲᠦᠰᠢᠮᠡᠯ ᠪᠠᠢ ᠬᠤᠸᠠ ᠵᠠᠷᠯᠢᠭ ᠢ᠋ᠶ᠋ᠠᠷ ᠢᠷᠡᠵᠦ᠂ ᠴᠡᠷᠢᠭ ᠤᠷᠤᠭᠰᠢ ᠣᠷᠣ ᠭᠡᠮᠡᠨ ᠱᠠᠭᠠᠷᠳᠠᠬᠤᠢ ᠳ᠋ᠤᠷ ᠸᠠᠨ ᠶᠠᠨ ᠾᠧ ᠳᠡ᠂ ᠶᠠᠯᠪᠠᠭ ᠨᠠᠷ ᠥᠭᠦᠯᠡᠷᠦᠨ : 《ᠮᠣᠩᠭᠣᠯ ᠤ᠋ᠨ ᠴᠡᠷᠢᠭ ᠦ᠋ᠨ ᠬᠦᠴᠦᠨ ᠠᠰᠤᠷᠤ ᠬᠠᠳᠠᠨ ᠪᠥᠭᠡᠳ ᠬᠡᠲᠦᠷᠬᠡᠶ᠎ᠡ ᠪᠠᠳᠠᠷᠠᠩᠭᠤᠢ᠂ ᠬᠥᠩᠭᠡᠯᠡᠨ ᠪᠠᠢᠯᠳᠤᠵᠤ ᠪᠣᠯᠬᠤ ᠦᠭᠡᠢ ! 》ᠬᠡᠮᠡᠬᠦᠢ ᠳ᠋ᠦ᠍ᠷ ᠪᠠᠢ ᠬᠤᠸᠠ ᠡᠭᠡᠵᠦ ᠬᠠᠭᠠᠨ ᠳ᠋ᠤᠷ ᠠᠢᠯᠠᠳᠬᠠᠭᠰᠠᠨ ᠳ᠋ᠤᠷ᠂ ᠠᠯᠲᠠᠨ ᠤᠯᠤᠰ ᠤ᠋ᠨ ᠠᠢᠽᠦ᠋ᠩ ᠬᠠᠭᠠᠨ ᠶᠡᠬᠡᠯ᠎ᠡ ᠲᠡᠨᠴᠢᠭᠦᠷᠡᠨ ᠠᠭᠤᠷᠯᠠᠵᠤ᠂ ᠳᠠᠬᠢᠨ ᠡᠯᠴᠢ ᠵᠠᠷᠤᠵᠤ ᠰᠢᠪᠠᠳᠠᠵᠤ ᠬᠡᠯᠡᠭᠦᠯᠦᠷᠦᠨ : 《ᠶᠡᠬᠡ ᠹᠧᠩ ᠰᠢᠶᠠᠩ ᠹᠦ ᠬᠣᠲᠠ ᠤᠳᠠᠭᠠᠨ ᠬᠠᠭᠠᠭᠳᠠᠵᠤ ᠰᠠᠬᠢᠬᠤᠶ᠎ᠠ ᠪᠡᠷᠬᠡ ᠪᠣᠯᠤᠭᠰᠠᠨ ᠠᠨᠤ ᠯᠠᠪ ᠪᠥᠭᠡᠲᠡᠯ᠎ᠡ ᠮᠠᠨ ᠤ᠋ ᠴᠡᠷᠢᠭ ᠦᠯᠦ ᠣᠷᠣᠬᠤ ᠠᠨᠤ ᠶᠠᠭᠤᠨ ? ᠬᠡᠷᠬᠢᠪᠡᠴᠦ ᠪᠣᠭᠣᠮᠲᠠ ᠭ᠍ᠡᠷᠪᠠᠰᠤ ᠮᠣᠩᠭᠣᠯ ᠤ᠋ᠨ ᠴᠡᠷᠢᠭ ᠪᠠᠬᠠᠨ ᠲᠠᠲᠠᠵᠤ ᠡᠭᠡᠬᠦ ᠴᠦ᠍ ᠶᠠᠭᠤᠨ ᠤ᠋ ᠮᠠᠭᠠᠳ ? ᠲᠡᠢᠨ ᠪᠣᠯᠪᠠᠰᠤ ᠹᠧᠩ ᠰᠢᠶᠠᠩ ᠹᠦ ᠶ᠋ᠢ ᠲᠡᠩᠬᠡᠷᠡᠭᠦᠯᠵᠦ ᠪᠣᠯᠬᠤ ᠦᠭᠡᠢ ᠤᠤ ? 》ᠭᠡᠮᠡᠨ ᠳᠠᠬᠢᠨ ᠳᠠᠪᠲᠠᠨ ᠴᠢᠩᠳᠠᠯᠠᠨ ᠱᠠᠭᠠᠷᠳᠠᠭᠰᠠᠨ ᠠᠲᠠᠯ᠎ᠠ ᠸᠠᠨ ᠶᠠᠨ ᠾᠧ ᠳᠡ᠂ ᠶᠠᠯᠪᠠᠭ ᠨᠠᠷ ᠴᠡᠷᠢᠭ ᠢ᠋ᠶ᠋ᠡᠨ ᠠᠪᠤᠨ ᠪᠣᠭᠣᠮᠲᠠ ᠭᠠᠷᠴᠤ ᠹᠧᠩ ᠰᠢᠶᠠᠩ ᠹᠦ ᠡᠴᠡ ᠬᠣᠯᠠ ᠬᠤᠸᠠ ᠢᠨ ᠰᠢᠶᠠᠨ ᠤ᠋ ᠵᠠᠬ᠎ᠠ ᠬᠥᠪᠡᠭᠡ ᠪᠡᠷ ᠬᠠᠢᠮᠰᠠᠨ ᠶᠠᠪᠤᠬᠤᠶ᠎ᠠ ᠴᠢᠪᠬᠢᠲᠡᠯ᠎ᠡ ᠮᠣᠩᠭᠣᠯ ᠤ᠋ᠨ ᠨᠠᠨᠰᠠᠷ ᠤ᠋ᠨ ᠨᠢᠭᠡᠨ ᠰᠠᠯᠠᠭᠠᠨ ᠤ᠋ ᠴᠡᠷᠢᠭ ᠲᠦ᠍ᠷ ᠤᠴᠠᠷᠠᠵᠤ᠂ ᠰᠥᠨᠢ ᠶᠡᠬᠡᠯ᠎ᠡ ᠳᠠᠷᠤᠭᠳᠠᠨ ᠳᠤᠲᠠᠭᠠᠵᠤ᠂ ᠲᠦᠩ ᠭᠤᠸᠠᠨ ᠪᠣᠭᠣᠮᠲᠠ ᠳ᠋ᠤᠷ ᠣᠷᠣᠵᠤ ᠡᠴᠢᠭᠡᠳ ᠰᠠᠬᠢᠵᠤ ᠭᠠᠷᠬᠤ ᠦᠭᠡᠢ ᠳ᠋ᠦ᠍ᠷ ᠹᠧᠩ ᠰᠢᠶᠠᠩ ᠹᠦ ᠵᠡᠷᠭᠡ ᠶ᠋ᠢᠨ ᠣᠯᠠᠨ ᠬᠣᠲᠠ ᠴᠥᠮ ᠠᠪᠲᠠᠭᠰᠠᠨ ᠠᠵᠤᠭᠤ᠃ ᠲᠡᠳᠦᠢ ᠨᠠᠨᠰᠠᠷ ᠳᠡᠢᠯᠦᠭᠰᠡᠨ ᠴᠡᠷᠢᠭ ᠢ᠋ᠶ᠋ᠡᠨ ᠠᠪᠴᠤ ᠶᠤᠸᠠᠨ ᠵᠧᠦ ᠶ᠋ᠢᠨ ᠵᠦᠭ ᠢᠷᠡᠬᠦᠢ ᠳ᠋ᠦ᠍ᠷ ᠶᠤᠸᠠᠨ ᠵᠧᠦ ᠶ᠋ᠢᠨ ᠢᠷᠭᠡᠨ ᠬᠥᠭᠰᠢᠨ ᠨᠢᠯᠬ᠎ᠠ ᠪᠠᠨ ᠣᠷᠬᠢᠵᠤ ᠴᠥᠮ ᠳᠤᠲᠠᠭᠠᠨ᠂ ᠬᠣᠲᠠᠨ ᠢ᠋ ᠬᠣᠭᠣᠰᠣᠨ ᠣᠷᠬᠢᠭᠰᠠᠨ ᠳ᠋ᠤᠷ ᠶᠤᠸᠠᠨ ᠵᠧᠦ ᠶ᠋ᠢ ᠬᠢᠯᠪᠠᠷ ᠣᠯᠵᠤ᠂ ᠬᠣᠲᠠᠨ ᠳ᠋ᠤᠷ ᠣᠷᠣᠵᠤ ᠲᠠᠢᠰᠢ ᠳ᠋ᠤᠷ ᠮᠡᠳᠡᠭᠦᠯᠦᠨ ᠶᠠᠪᠤᠭᠤᠯᠤᠭᠠᠳ ᠬᠣᠲᠠ ᠶ᠋ᠢᠨ ᠢᠷᠭᠡᠨ ᠢ᠋ ᠲᠣᠭᠲᠠᠭᠠᠬᠤᠢ ᠳ᠋ᠤᠷ ᠰᠢᠳᠠᠷ ᠲᠦᠰᠢᠮᠡᠳ ᠮᠡᠳᠡᠭᠦᠯᠦᠷᠦᠨ: 《ᠡᠨᠡ ᠶᠤᠸᠠᠨ ᠵᠧᠦ ᠶ᠋ᠢᠨ ᠢᠷᠭᠡᠳ ᠶᠡᠬᠡ ᠬᠠᠭᠠᠰ ᠤᠷᠭᠤᠭᠰᠠᠨ ᠳ᠋ᠤᠷ ᠯᠠᠪ ᠤᠷᠪᠠᠵᠤ ᠢᠷᠡᠬᠦ ᠪᠣᠢ᠃ ᠡᠨᠡ ᠲᠠᠰᠢᠷᠠᠮ ᠳ᠋ᠤᠷ ᠬᠥᠭᠡᠭᠡᠵᠦ ᠠᠯᠠᠭᠠᠳ ᠲᠡᠳᠡᠨ ᠦ᠌ ᠬᠦᠴᠦᠨ ᠲᠡᠭᠦᠰᠴᠦ ᠪᠠᠢᠯᠳᠤᠷ᠎ᠠ ᠢᠷᠡᠬᠦ ᠶ᠋ᠢ ᠲᠠᠰᠤᠯᠪᠠᠰᠤ ᠪᠤᠰᠤ ᠬᠣᠲᠠ ᠶ᠋ᠢᠨ ᠳᠤᠲᠠᠭᠠᠨ ᠤᠷᠭᠤᠬᠤ ᠢᠷᠭᠡᠨ ᠳ᠋ᠦ᠍ᠷ ᠳᠦᠷᠢᠮ ᠦᠵᠡᠭᠦᠯᠦᠨ ᠠᠶᠤᠯᠭᠠᠰᠤᠭᠠᠢ ! 》ᠬᠡᠮᠡᠬᠦᠢ ᠳ᠋ᠦ᠍ᠷ ᠲᠠᠪᠤᠨᠠᠩ ᠨᠠᠨᠰᠠᠷ ᠥᠭᠦᠯᠡᠷᠦᠨ : 《ᠡᠳᠡᠭᠡᠷ ᠢᠷᠭᠡᠨ ᠯᠠᠪ ᠲᠡᠳᠡᠨ ᠢ᠋ ᠬᠣᠢᠲᠤ ᠵᠦᠭ ᠠᠪᠠᠴᠢᠬᠤ ᠠ᠋ᠴᠠ ᠠᠶᠤᠵᠤ ᠤᠷᠭᠤᠭᠰᠠᠨ ᠪᠣᠢ ᠶᠠ᠂ ᠥᠪᠡᠷ᠎ᠡ ᠰᠠᠨᠠᠭᠠᠨ ᠦᠭᠡᠢ᠂ ᠬᠡᠳᠦᠨ ᠦᠭᠡ ᠪᠡᠷ ᠲᠣᠭᠲᠠᠭᠠᠨ ᠢᠷᠡᠭᠦᠯᠵᠦ ᠪᠣᠯᠬᠤ ᠪᠥᠭᠡᠲᠡᠯ᠎ᠡ ᠠᠯᠠᠵᠤ ᠶᠠᠭᠤ ᠬᠢᠬᠦ ? 》ᠭᠡᠮᠡᠨ ᠰᠢᠯᠢᠶᠡᠮᠪᠦ ᠶ᠋ᠢ ᠨᠡᠭᠡᠭᠦᠯᠦᠨ ᠢᠯᠡᠭᠡᠵᠦ᠂ ᠲᠡᠳᠡᠭᠡᠷ ᠢᠷᠭᠡᠳ ᠲᠣᠷ ᠲᠤᠩᠬᠠᠭᠯᠠᠨ ᠥᠭᠦᠯᠡᠷᠦᠨ : 《ᠲᠠ ᠬᠤᠷᠳᠤᠨ ᠬᠣᠲᠠ ᠳ᠋ᠠᠭᠠᠨ ᠡᠭᠡᠵᠦ ᠰᠠᠭᠤ᠂ ᠬᠡᠷᠪᠡ ᠵᠥᠷᠢᠴᠡᠪᠡᠰᠦ ᠡᠮ᠎ᠡ ᠦᠷ᠎ᠡ ᠶ᠋ᠢ ᠴᠢᠨᠦ ᠴᠥᠮ ᠠᠯᠠᠮᠤᠢ᠂ ᠲᠠ ᠭᠡᠷ ᠭᠡᠷ ᠲᠡᠭᠡᠨ ᠰᠠᠭᠤᠪᠠᠰᠤ ᠲᠠᠨ ᠢ᠋ ᠦᠰᠦᠨ ᠲᠡᠳᠦᠢ ᠦᠯᠦ ᠬᠥᠳᠡᠯᠭᠡᠮᠦᠢ ! 》ᠬᠡᠮᠡᠭᠡᠳ ᠬᠤᠷᠳᠤᠨ᠎ᠠ ᠴᠡᠷᠢᠭ ᠦ᠋ᠨ ᠬᠦᠨᠡᠰᠦ ᠡᠯᠪᠡᠭ ᠪᠡᠯᠡᠳᠴᠦ ᠴᠡᠷᠢᠭ ᠢ᠋ ᠤᠭᠲᠤᠵᠤ ᠠᠪ ! ᠬᠡᠮᠡᠭᠰᠡᠨ ᠳ᠋ᠦ᠍ᠷ ᠲᠡᠳᠡᠭᠡᠷ ᠢᠷᠭᠡᠨ ᠶᠡᠬᠡ ᠯᠡ ᠪᠠᠶᠠᠰᠤᠯᠳᠤᠨ ᠬᠣᠲᠠᠨ ᠳ᠋ᠤᠷ ᠡᠭᠡᠨ ᠣᠷᠣᠵᠤ᠂ ᠮᠠᠭᠲᠠᠬᠤ ᠳᠠᠭᠤᠨ ᠬᠣᠲᠠ ᠠᠨᠢᠷᠯᠠᠮᠤᠢ᠃ ᠡᠭᠦᠨ ᠡᠴᠡ ᠭᠠᠳᠠᠨ᠎ᠠ ᠪᠠᠰᠠ ᠡᠨᠡ ᠬᠣᠲᠠ ᠶ᠋ᠢᠨ ᠴᠸᠨ ᠣᠪᠣᠭᠲᠤ ᠢᠷᠭᠡᠨ ᠨᠡᠷ᠎ᠡ ᠭᠣᠣ᠂ ᠵᠠᠭᠤᠨ ᠲᠦᠮᠡᠨ ᠦ᠌ ᠶᠡᠬᠡ ᠪᠠᠶᠠᠨ᠂ ᠤᠷᠢᠳᠠ ᠬᠡᠳᠦᠨ ᠮᠢᠩᠭᠠᠨ ᠬᠥᠮᠦᠨ ᠢ᠋ ᠠᠪᠴᠤ ᠰᠢᠨ ᠹᠦ ᠠᠭᠤᠯᠠᠨ ᠤ᠋ ᠨᠦᠬᠡ ᠳ᠋ᠦ᠍ᠷ ᠣᠷᠣᠵᠤ ᠨᠢᠭᠤᠭᠰᠠᠨ ᠳ᠋ᠤᠷ ᠮᠣᠩᠭᠣᠯ ᠲᠦᠰᠢᠮᠡᠳ ᠭᠠᠯ ᠢ᠋ᠶ᠋ᠠᠷ ᠰᠢᠲᠠᠭᠠᠨ ᠪᠠᠢᠯᠳᠤᠰᠤᠭᠠᠢ ᠬᠡᠮᠡᠬᠦᠢ ᠳ᠋ᠦ᠍ᠷ ᠨᠠᠨᠰᠠᠷ ᠥᠭᠦᠯᠡᠷᠦᠨ: 《ᠠᠷᠭ᠎ᠠ ᠪᠠᠷ ᠵᠠᠭᠤᠨ ᠲᠦᠮᠡᠨ ᠢ᠋ ᠣᠷᠣᠭᠤᠯᠪᠠᠰᠤ ᠪᠠᠭᠠᠲᠤᠷ ᠪᠣᠢ ᠊ᠶ᠎ᠠ ᠠᠯᠠᠵᠤ ᠬᠢᠳᠤᠭᠠᠳ ᠶᠠᠮᠪᠠᠷ ᠲᠤᠰᠠ ? 》ᠭᠡᠮᠡᠨ ᠥᠪᠡᠷ ᠢ᠋ᠶ᠋ᠡᠨ ᠰᠤᠯᠠ ᠬᠤᠪᠴᠠᠰᠤ ᠪᠠᠷ ᠬᠡᠳᠦᠨ ᠮᠣᠷᠢᠲᠠᠨ ᠢ ᠠᠪᠴᠤ ᠰᠢᠨ ᠹᠦ ᠠᠭᠤᠯᠠᠨ ᠤ᠋ ᠥᠨᠳᠥᠷ ᠲᠣᠷ ᠭᠠᠷᠴᠤ ᠳᠠᠭᠤᠳᠠᠨ ᠥᠭᠦᠯᠡᠷᠦᠨ : 《ᠲᠡᠷᠢᠭᠦᠯᠡᠭᠰᠡᠨ ᠬᠥᠮᠦᠨ ᠴᠸᠨ ᠭᠣᠣ ᠭᠠᠷᠴᠤ ᠢᠷ᠎ᠡ᠂ ᠲᠠᠨ ᠢ᠋ ᠭᠠᠯᠳᠠᠵᠤ ᠠᠯᠠᠮᠤᠢ ᠬᠡᠮᠡᠵᠦ ᠪᠣᠢ᠂ ᠠᠮᠢᠳᠤᠷᠠᠬᠤ ᠵᠠᠮ ᠪᠠᠢᠲᠠᠯ᠎ᠠ ᠶᠠᠭᠤᠨ ᠳ᠋ᠤ᠌ ᠡᠷᠬᠡᠪᠰᠢ ᠦᠬᠦᠮᠦᠢ ? 》 ᠬᠡᠮᠡᠬᠦᠢ ᠳ᠋ᠦ᠍ᠷ ᠴᠸᠨ ᠭᠣᠣ ᠭᠠᠷᠴᠤ ᠬᠣᠯᠠ ᠠ᠋ᠴᠠ ᠰᠥᠭᠥᠳᠴᠦ ᠮᠥᠷᠭᠥᠬᠦᠢ ᠳ᠋ᠦ᠍ᠷ ᠨᠠᠨᠰᠠᠷ ᠥᠭᠦᠯᠡᠷᠦᠨ:《ᠪᠢ ᠬᠡᠮᠡᠭᠴᠢ ᠴᠡᠷᠢᠭ ᠦ᠋ᠨ ᠡᠵᠡᠨ᠂ ᠲᠠ ᠳᠤᠭᠤᠢ ᠬᠣᠲᠠᠨ ᠳ᠋ᠤᠷ ᠢ᠋ᠶ᠋ᠠᠨ ᠰᠠᠭᠤ᠂ ᠪᠢ ᠦᠯᠦ ᠠᠪᠠᠴᠢᠮᠤᠢ ! 》 ᠭᠡᠮᠡᠨ ᠰᠤᠮᠤ ᠬᠤᠭᠤᠯᠵᠤ ᠲᠠᠩᠭᠠᠷᠢᠭᠯᠠᠨ ᠬᠡᠯᠡᠭᠰᠡᠨ ᠳ᠋ᠦ᠍ᠷ ᠣᠯᠠᠨ ᠢᠷᠭᠡᠳ ᠪᠠᠶᠠᠷᠯᠠᠨ ᠮᠠᠭᠲᠠᠨ ᠰᠢᠲᠦᠵᠦ ᠳᠠᠭᠤᠳᠠᠯᠴᠠᠬᠤ ᠳᠠᠭᠤᠨ ᠳ᠋ᠤᠷ ᠠᠭᠤᠯᠠ ᠬᠠᠳᠠ ᠬᠥᠩᠭᠢᠷᠡᠰᠴᠦ ᠴᠥᠮ ᠨᠠᠨᠰᠠᠷ ᠢ᠋ ᠳᠠᠭᠠᠵᠤ ᠶᠤᠸᠠᠨ ᠵᠧᠦ ᠳ᠋ᠦ᠍ᠷ ᠣᠷᠣᠵᠤ ᠨᠠᠨᠰᠠᠷ ᠤ᠋ᠨ ᠬᠥᠷᠥᠭ ᠢ᠋ ᠭᠡᠷ ᠭᠡᠷ ᠲᠡᠭᠡᠨ ᠲᠠᠬᠢᠪᠡ᠃ ᠡᠭᠦᠨᠴᠡ ᠮᠣᠩᠭᠣᠯ ᠤ᠋ᠨ ᠴᠡᠷᠢᠭ ᠹᠧᠩ ᠰᠢᠶᠠᠩ ᠹᠦ᠂ ᠯᠦᠸᠧ ᠶᠠᠩ ᠴᠧᠩ᠂ ᠾᠧ ᠵᠦᠩ ᠹᠦ ᠵᠡᠷᠭᠡ ᠣᠯᠠᠨ ᠬᠣᠲᠠ ᠶ᠋ᠢ ᠴᠥᠮ ᠠᠪᠴᠤ ᠲᠣᠭᠲᠠᠭᠠᠭᠠᠳ ᠣᠯᠠᠨ ᠢᠷᠭᠡᠨ ᠢ ᠤᠷᠢᠳᠠ ᠶ᠋ᠢᠨ ᠠᠳᠠᠯᠢ ᠠᠯᠠᠭᠰᠠᠨ ᠦᠭᠡᠢ ᠳ᠋ᠦ᠍ᠷ ᠣᠯᠠᠨ ᠢ᠋ᠶ᠋ᠠᠷ ᠵᠥᠪᠯᠡᠵᠦ ᠪᠤᠯᠤ᠂ ᠨᠠᠨᠰᠠᠷ ᠢ᠋ ᠬᠣᠶᠠᠷ ᠰᠦᠮ᠎ᠡ ᠪᠠᠷᠢᠨ ᠳᠠᠬᠢᠬᠤᠢ ᠳ᠋ᠤᠷ ᠪᠤᠯᠤ ᠡᠴᠢᠵᠦ ᠥᠭᠦᠯᠡᠷᠦᠨ : 《ᠮᠢᠨᠦ ᠡᠴᠢᠭᠡ ᠡᠨᠳᠡ ᠥᠩᠭᠡᠷᠡᠭᠰᠡᠨ ᠲᠤᠯᠠ ᠰᠦᠮ᠎ᠡ ᠪᠠᠷᠢᠪᠠᠰᠤ ᠮᠢᠨᠦ ᠡᠴᠢᠭᠡ ᠳ᠋ᠦ᠍ᠷ ᠬᠠᠷᠢᠨ ᠨᠢᠭᠡᠨ ᠰᠦᠮ᠎ᠡ ᠪᠠᠷᠢᠵᠤ᠂ ᠹᠧᠩ ᠰᠢᠶᠠᠩ ᠹᠦ ᠶ᠋ᠢᠨ ᠬᠣᠢᠲᠤ ᠠᠭᠤᠯᠠ ᠳ᠋ᠤᠷ ᠲᠠᠬᠢᠲᠤᠭᠠᠢ ! 》ᠬᠡᠮᠡᠬᠦᠢ ᠳ᠋ᠦ᠍ᠷ ᠣᠯᠠᠨ ᠢᠷᠭᠡᠳ ᠪᠠᠶᠠᠰᠤᠯᠳᠤᠨ ᠮᠣᠩᠭᠣᠯ ᠤ᠋ᠨ ᠲᠠᠢᠰᠢ ᠭᠦᠸᠧ ᠸᠠᠩ ᠮᠤᠬᠤᠯᠢ ᠶ᠋ᠢᠨ ᠰᠦᠮ᠎ᠡ ᠶ᠋ᠢ ᠹᠧᠩ ᠰᠢᠶᠠᠩ ᠹᠦ ᠶ᠋ᠢᠨ ᠶᠡᠬᠡ ᠰᠢᠶᠠᠩ ᠶᠦᠨ ᠱᠠᠨ ᠠᠭᠤᠯᠠ ᠳ᠋ᠤᠷ ᠪᠠᠢᠭᠤᠯᠵᠤ᠂ ᠬᠣᠶᠠᠷ ᠡᠲᠡᠭᠡᠳ ᠲᠣᠷ ᠱᠢ ᠲᠢᠶᠠᠨ ᠢᠩ᠂ ᠯᠢ ᠴᠢᠦᠸᠠᠨ ᠬᠣᠶᠠᠭᠤᠯᠠ ᠶ᠋ᠢ ᠵᠣᠭᠰᠣᠭᠠᠵᠤ ᠪᠦᠲᠦᠭᠡᠪᠡ᠃ ᠡᠳᠦᠭᠡ ᠪᠣᠯᠲᠠᠯ᠎ᠠ ᠰᠠᠯᠬᠢᠨ ᠪᠣᠷᠣᠭᠠᠨ ᠢ᠋ ᠲᠡᠭᠰᠢᠳᠬᠡᠨ ᠹᠧᠩ ᠰᠢᠶᠠᠩ ᠹᠦ ᠶ᠋ᠢᠨ ᠭᠠᠵᠠᠷ ᠶᠡᠬᠡᠯ᠎ᠡ ᠲᠤᠰᠠᠯᠠᠮᠤᠢ᠃ ᠡᠨᠡ ᠲᠠᠬᠢᠯᠭ᠎ᠠ ᠳ᠋ᠤᠷ ᠴᠢᠪᠬᠢᠲᠡᠯ᠎ᠡ ᠯᠢ ᠴᠢᠦᠸᠠᠨ ᠤ᠋ ᠡᠮ᠎ᠡ ᠶᠠᠩ ᠮᠢᠶᠣᠤ ᠵᠸᠨ ᠬᠥᠪᠡᠭᠦᠨ ᠯᠢ ᠼᠠᠢ ᠶ᠋ᠢ ᠠᠪᠴᠤ ᠦᠵᠡᠷ᠎ᠡ ᠡᠴᠢᠬᠦᠶ᠎ᠡ ᠰᠥᠪᠡᠭᠡᠲᠡᠢ ᠪᠠᠭᠠᠲᠤᠷ ᠤ᠋ᠨ ᠴᠡᠷᠢᠭ ᠯᠤᠬᠡ ᠢᠷᠡᠪᠡ ᠃ ᠶᠠᠭᠠᠬᠢᠨ ᠢᠷᠡᠪᠡ ? ᠬᠡᠮᠡᠪᠡᠰᠦ : ᠤᠭ ᠠ᠋ᠴᠠ ᠪᠤᠯᠤ ᠤᠷᠢᠳᠠ ᠰᠣᠨᠣᠰᠤᠮᠠᠭᠴᠠ ᠦᠵᠡᠭᠦᠯᠦᠷ᠎ᠡ ᠬᠥᠮᠦᠨ ᠵᠠᠷᠤᠨ᠂ ᠳᠠᠭᠠᠯᠳᠤᠭ᠎ᠠ ᠰᠥᠪᠡᠭᠡᠲᠡᠢ ᠪᠠᠭᠠᠲᠤᠷ ᠲᠤᠷ ᠭᠤᠷᠪᠠᠨ ᠮᠢᠩᠭᠠᠨ ᠴᠡᠷᠢᠭ ᠥᠭᠴᠦ ᠯᠢ ᠴᠢᠦᠸᠠᠨ ᠤ᠋ ᠠᠪᠲᠠᠭᠰᠠᠨ ᠭᠠᠵᠠᠷ ᠢ᠋ ᠳᠠᠩᠰᠠᠨ ᠦᠵᠡᠭᠦᠯᠦᠷ᠎ᠡ ᠢᠯᠡᠭᠡᠭᠰᠡᠨ ᠳ᠋ᠦ᠍ᠷ ᠠᠯᠲᠠᠨ ᠤᠯᠤᠰ ᠤ᠋ᠨ ᠲᠣᠢᠨ ᠰᠠᠢᠳ ᠴᠸᠨ ᠬᠤᠤᠱᠠᠩ ᠡᠪᠡᠳᠴᠢᠨ ᠰᠠᠢᠨ ᠪᠣᠯᠵᠤ ᠸᠠᠨ ᠶᠠᠨ ᠾᠧ ᠳᠡ᠂ ᠶᠠᠯᠪᠠᠭ ᠤ᠋ᠨ ᠳᠡᠷᠭᠡᠳᠡ ᠢᠷᠡᠭᠡᠳ ᠮᠣᠩᠭᠣᠯ ᠤ᠋ᠨ ᠨᠢᠭᠡᠨ ᠠᠩᠭᠢ ᠴᠡᠷᠢᠭ ᠪᠠᠷᠠᠭᠤᠨ ᠡᠮᠦᠨ᠎ᠡ ᠣᠷᠣᠪᠠ ᠬᠡᠮᠡᠭᠰᠡᠨ ᠳ᠋ᠦ᠍ᠷ ᠳᠠᠷᠤᠢ ᠬᠠᠷᠢᠶᠠᠲᠤ ᠴᠡᠷᠢᠭ ᠢ᠋ᠶ᠋ᠡᠨ ᠠᠪᠴᠤ ᠪᠣᠭᠣᠮᠲᠠ ᠭᠠᠷᠤᠨ ᠳ᠋ᠧᠦ ᠺᠦᠢ ᠬᠦ ᠬᠡᠮᠡᠬᠦ ᠵᠡᠪᠡ ᠳ᠋ᠦ᠍ᠷ ᠴᠡᠷᠢᠭ ᠪᠦᠭᠭᠦᠵᠦ᠂ ᠰᠥᠪᠡᠭᠡᠲᠡᠢ ᠪᠠᠭᠠᠲᠤᠷ ᠤ᠋ᠨ ᠴᠡᠷᠢᠭ ᠢ᠋ ᠭᠡᠨᠡᠳᠡᠭᠦᠯᠦᠨ ᠨᠢᠭᠡᠨ ᠵᠡᠷᠭᠡ ᠳᠠᠷᠤᠭᠰᠠᠨ ᠳ᠋ᠤᠷ ᠰᠥᠪᠡᠭᠡᠲᠡᠢ ᠪᠠᠭᠠᠲᠤᠷ ᠶᠡᠬᠡᠯ᠎ᠡ ᠠᠭᠤᠷᠯᠠᠵᠤ᠂ ᠴᠡᠷᠢᠭ ᠢ᠋ ᠡᠭᠡᠭᠦᠯᠦᠨ ᠢᠷᠠᠪᠠᠰᠤ ᠴᠸᠨ ᠬᠤᠤᠱᠠᠩ ᠬᠠᠷᠢᠨ ᠠᠷᠭ᠎ᠠ ᠦᠭᠡᠢ ᠹᠧᠢ ᠵᠧᠦ ᠳ᠋ᠦ᠍ᠷ ᠡᠴᠢᠭᠰᠡᠨ ᠪᠥᠯᠥᠭᠡ᠃ ᠦᠵᠡᠰᠡ ᠡᠨᠡ ᠲᠠᠪᠤᠨ ᠰᠠᠷ᠎ᠠ ᠳ᠋ᠤᠷ ᠰᠥᠩ ᠤᠯᠤᠰ ᠤ᠋ᠨ ᠵᠣᠣ ᠹᠠᠨ᠂ ᠵᠣᠣ ᠺᠦᠢ ᠳᠠᠬᠢᠨ ᠴᠡᠷᠢᠭ ᠠᠪᠴᠤ ᠯᠢ ᠴᠢᠦᠸᠠᠨ ᠤ᠋ ᠡᠮ᠎ᠡ ᠦᠷ᠎ᠡ ᠶ᠋ᠢᠨ ᠣᠷᠣᠰᠢᠬᠤ ᠬᠤᠸᠠᠢ ᠨᠠᠨ ᠤ᠋ ᠭᠠᠵᠠᠷ ᠭᠡᠨᠡᠳᠲᠡ ᠬᠦᠷᠴᠦ ᠢᠷᠡᠭᠡᠳ ᠰᠣᠴᠢᠮᠠᠭᠠᠢ ᠪᠠᠢᠯᠳᠤᠭᠰᠠᠨ ᠳ᠋ᠤᠷ ᠯᠢ ᠴᠢᠦᠸᠠᠨ ᠤ᠋ ᠬᠥᠪᠡᠭᠦᠨ ᠯᠢ ᠼᠠᠢ ᠶ᠋ᠢᠨ ᠴᠡᠷᠢᠭ ᠳᠠᠷᠤᠭᠳᠠᠵᠤ ᠳᠤᠲᠠᠭᠠᠬᠤᠢ ᠳ᠋ᠤᠷ ᠵᠣᠣ ᠹᠠᠨ᠂ ᠵᠣᠣ ᠺᠦᠢ ᠨᠠᠷ ᠳᠠᠷᠤᠢ ᠠᠷᠪᠠᠨ ᠲᠦᠮᠡᠨ ᠴᠡᠷᠢᠭ ᠢ᠋ᠶ᠋ᠡᠷ ᠬᠤᠸᠠᠢ ᠨᠠᠨ ᠤ᠋ ᠶᠠᠨ ᠴᠧᠩ ᠬᠣᠲᠠᠨ ᠢ᠋ ᠪᠠᠢᠯᠳᠤᠨ ᠠᠪᠴᠤ ᠪᠠᠰᠠ ᠳᠠᠪᠰᠢᠵᠤ ᠬᠤᠸᠠᠢ ᠨᠠᠨ ᠢ᠋ ᠪᠠᠢᠯᠳᠤᠬᠤᠢ ᠳ᠋ᠤᠷ ᠯᠢ ᠼᠠᠢ ᠶ᠋ᠢᠨ ᠴᠡᠷᠢᠭ ᠢ ᠲᠦᠮᠡᠨ ᠢᠯᠡᠭᠦᠦ ᠬᠥᠭᠡᠭᠡᠵᠦ ᠠᠯᠠᠭᠠᠳ ᠪᠠᠰᠠ ᠡᠭᠡᠵᠦ ᠯᠢ ᠼᠠᠢ ᠶ᠋ᠢᠨ ᠬᠠᠷᠢᠶᠠᠲᠤ ᠢᠷᠭᠡᠨ ᠢ ᠭᠠᠯ ᠲᠠᠯᠪᠢᠨ ᠬᠣᠶᠠᠷ ᠮᠢᠩᠭᠠᠨ ᠢᠯᠡᠭᠦᠦ ᠰᠢᠲᠠᠭᠠᠵᠤ᠂ ᠬᠤᠸᠠᠢ ᠨᠠᠨ ᠤ᠋ ᠬᠠᠷᠢᠶᠠᠲᠤ ᠶᠢᠰᠦᠨ ᠬᠦᠷᠢᠶ᠎ᠡ ᠲᠠᠪᠤᠨ ᠬᠣᠲᠠ ᠶ᠋ᠢ ᠴᠥᠮ ᠲᠦᠢᠪᠡᠭᠡᠨ ᠳᠠᠪᠴᠢᠯᠠᠪᠠ᠃ ᠯᠢ ᠴᠢᠦᠸᠠᠨ ᠤ᠋ ᠳᠣᠣᠷᠠᠬᠢ ᠲᠦᠰᠢᠮᠡᠯ ᠸᠠᠩ ᠮᠢᠨ᠂ ᠵᠣᠣ ᠪᠠᠢ ᠱᠧᠩ ᠨᠠᠷ ᠯᠢ ᠼᠠᠢ ᠶ᠋ᠢ ᠠᠪᠴᠤ ᠮᠣᠩᠭᠣᠯ ᠤ᠋ᠨ ᠵᠦᠭ ᠳᠤᠲᠠᠭᠠᠪᠠᠢ᠃ ᠯᠢ ᠴᠢᠦᠸᠠᠨ ᠤ᠋ ᠡᠮ᠎ᠡ ᠶᠠᠩ ᠮᠢᠶᠣᠤ ᠵᠧᠨ ᠳᠣᠣᠷᠠᠬᠢ ᠲᠦᠰᠢᠮᠡᠯ ᠵᠧᠩ ᠶᠠᠨ ᠳᠠ ᠨᠠᠷ ᠤ᠋ᠨ ᠵᠦᠭ ᠤᠷᠲᠤ ᠰᠡᠭᠦᠷᠡᠰᠦᠨ ᠠᠯᠳᠠᠵᠤ ᠥᠭᠦᠯᠡᠷᠦᠨ : 《ᠬᠣᠷᠢᠨ ᠣᠨ ᠤ᠋ ᠤᠷᠢᠳᠤᠬᠢ ᠬᠤᠸᠠᠢ ᠨᠠᠨ ᠤ᠋ ᠴᠡᠷᠢᠭ ᠦ᠋ᠨ ᠵᠢᠳᠠ ᠢᠯᠳᠦ ᠳᠡᠯᠡᠬᠡᠢ ᠳ᠋ᠠᠬᠢᠨ ᠳ᠋ᠤᠷ ᠨᠡᠷ᠎ᠡ ᠲᠡᠢ ᠪᠥᠯᠥᠭᠡ᠃ ᠪᠢ ᠡᠳᠦᠭᠡ ᠡᠨᠳᠡ ᠠᠪᠠᠰᠤ ᠲᠠ ᠮᠥᠨ ᠰᠥᠩ ᠤᠯᠤᠰ ᠲᠤᠷ ᠦᠯᠦ ᠳᠠᠭᠠᠬᠤ ᠲᠤᠯᠠ ᠲᠠᠨ ᠳ᠋ᠤᠷ ᠵᠣᠪᠠᠯᠠᠩ ᠪᠣᠯᠵᠤ ᠶᠠᠭᠤ ᠬᠢᠬᠦ ? ᠲᠠ ᠳᠠᠷᠤᠢ ᠳᠠᠭᠠᠲᠤᠭᠠᠢ᠂ ᠬᠣᠷᠢᠨ ᠣᠨ ᠪᠣᠯᠬᠤ ᠦᠭᠡᠢ ᠪᠠᠰᠠ ᠢᠷᠡᠵᠦ ᠠᠪᠤᠮᠤᠢ᠃ ᠲᠡᠷᠡ ᠴᠠᠭ ᠲᠤᠷ ᠰᠡᠳᠬᠢᠯ ᠢ᠋ᠶ᠋ᠡᠨ ᠮᠡᠳᠡᠵᠡᠭᠡ ! 》 ᠭᠡᠮᠡᠨ ᠠᠨ ᠶᠦᠩ ᠨᠠᠷ ᠢ᠋ ᠠᠪᠴᠤ ᠣᠯᠠᠨ ᠢ᠋ ᠣᠷᠬᠢᠵᠤ᠂ ᠬᠤᠸᠠᠢ ᠨᠠᠨ ᠠ᠋ᠴᠠ ᠠᠩᠭᠢᠵᠢᠷᠠᠨ ᠮᠣᠩᠭᠣᠯ ᠤ᠋ᠨ ᠰᠥᠪᠡᠬᠡᠲᠡᠢ ᠪᠠᠭᠠᠲᠤᠷ ᠤ᠋ᠨ ᠴᠡᠷᠢᠭ ᠯᠦ᠍ᠭᠡ ᠨᠡᠢᠯᠡᠵᠦ ᠤᠬᠢᠯᠠᠨ ᠮᠥᠷᠭᠥᠵᠦ ᠬᠡᠯᠡᠭᠰᠡᠨ ᠳ᠋ᠦ᠍ᠷ ᠲᠡᠢᠰᠢ ᠪᠤᠯᠤ ᠰᠡᠭᠦᠷᠡᠰᠦᠨ ᠠᠯᠳᠠᠵᠤ ᠥᠭᠦᠯᠡᠷᠦᠨ : 《ᠪᠢ ᠹᠧᠩ ᠰᠢᠶᠠᠩ ᠹᠦ ᠶ᠋ᠢ ᠣᠷᠣᠯᠳᠣᠭᠰᠠᠭᠠᠷ ᠬᠤᠸᠠᠢ ᠨᠠᠨ ᠢ᠋ ᠠᠯᠳᠠᠪᠠ ! 》ᠭᠡᠮᠡᠨ ᠬᠠᠭᠠᠨ ᠳ᠋ᠤᠷ ᠶᠠᠯ᠎ᠠ ᠬᠦᠯᠢᠶᠡᠨ ᠪᠣᠳᠣᠷᠣᠣᠯ ᠪᠢᠴᠢᠭ ᠠᠢᠯᠠᠳᠬᠠᠨ ᠶᠠᠪᠤᠭᠤᠯᠪᠠ᠃ ᠡᠨᠡ ᠦᠶ᠎ᠡ ᠳ᠋ᠦ᠍ᠷ ᠬᠠᠷᠠᠬᠠᠨ ᠬᠠᠯᠠᠭᠤᠨ ᠵᠤᠨ ᠤ᠋ ᠳᠤᠮᠳᠠᠳᠤ ᠰᠠᠷ᠎ᠠ ᠪᠣᠯᠤᠭᠰᠠᠨ ᠲᠤᠯᠠ ᠬᠠᠭᠠᠨ ᠱᠠᠨ ᠰᠢ ᠶ᠋ᠢᠨ ᠭᠤᠷᠪᠠᠨ ᠬᠣᠲᠠᠨ ᠢ᠋ ᠲᠦᠪᠰᠢᠳᠬᠡᠵᠦ᠂ ᠬᠠᠯᠠᠭᠤᠨ ᠠ᠋ᠴᠠ ᠵᠠᠢᠯᠠᠨ ᠶᠡᠷᠡᠨ ᠶᠢᠰᠦᠨ ᠪᠤᠯᠠᠭ ᠤ᠋ᠨ ᠭᠠᠵᠠᠷ᠎ᠠ ᠶᠡᠬᠡ ᠴᠡᠷᠢᠭ ᠪᠠᠭᠤᠯᠭᠠᠵᠤ᠂ ᠣᠯᠠᠨ ᠸᠠᠩ ᠰᠠᠢᠳ ᠲᠤᠷ ᠵᠠᠷᠯᠢᠭ ᠪᠣᠯᠤᠷᠤᠨ: 《ᠤᠯᠤᠰ ᠪᠦᠬᠦᠨ ᠦ᠌ ᠪᠠᠭᠤᠷᠠᠬᠤ ᠠᠨᠤ ᠴᠥᠮ ᠬᠤᠯᠠᠭᠠᠢ ᠳᠠᠢᠰᠤᠨ ᠠ᠋ᠴᠠ ᠪᠣᠯᠤᠮᠤᠢ᠃ ᠡᠳᠦᠭᠡ ᠡᠮᠦᠨ᠎ᠡ ᠠᠯᠲᠠᠨ ᠤᠯᠤᠰ᠂ ᠰᠥᠩ ᠤᠯᠤᠰ ᠢ᠋ ᠪᠦᠷᠢᠨ᠎ᠡ ᠠᠪᠤᠭᠠᠳᠤᠢ᠂ ᠡᠨᠡ ᠬᠣᠶᠠᠷ ᠢ᠋ ᠡᠰᠡ ᠮᠥᠬᠥᠭᠡᠪᠡᠰᠦ ᠮᠠᠨ ᠤ᠋ ᠤᠯᠤᠰ ᠤᠳᠠᠵᠤ ᠦᠯᠦ ᠪᠣᠯᠤᠮᠤᠢ᠃ ᠲᠠ ᠮᠢᠨᠦ ᠲᠤᠯᠠ ᠰᠠᠢᠨ ᠠᠷᠭ᠎ᠠ ᠶ᠋ᠢ ᠪᠣᠳᠣᠵᠤ ᠠᠢᠯᠠᠳᠬ᠎ᠠ ! 》ᠬᠡᠮᠡᠭᠰᠡᠨ ᠳ᠋ᠦ᠍ᠷ ᠶᠡᠬᠡ ᠴᠢᠨ ᠸᠠᠩ ᠲᠣᠯᠢ ᠤᠷᠤᠭᠰᠢ ᠲᠠᠪᠰᠢᠵᠤ᠂ ᠨᠢᠳᠦ ᠢᠷᠮᠡᠨ ᠰᠢᠳᠠᠷ ᠠᠷᠠᠳ ᠢ᠋ ᠵᠠᠢᠯᠠᠭᠤᠯᠤᠨ ᠰᠥᠭᠥᠳᠴᠦ ᠬᠡᠳᠦᠨ ᠵᠦᠢᠯ ᠦ᠋ᠨ ᠦᠭᠡ ᠠᠢᠯᠠᠳᠬᠠᠪᠠ᠃ ᠦᠭᠡ ᠮᠠᠰᠢ ᠨᠠᠷᠢᠨ ᠲᠤᠯᠠ ᠣᠯᠠᠨ ᠴᠥᠮ ᠡᠰᠡ ᠮᠡᠳᠡᠪᠡ᠃
ᠲᠡᠳᠦᠢ ᠲᠣᠯᠢ ᠴᠢᠨ ᠸᠠᠩ ᠤ᠋ᠨ ᠠᠷᠭ᠎ᠠ ᠶ᠋ᠢ ᠬᠠᠭᠠᠨ ᠰᠣᠨᠣᠰᠴᠤ ᠶᠡᠬᠡᠯ᠎ᠡ ᠪᠠᠶᠠᠷᠯᠠᠨ ᠮᠥᠨ ᠠᠷᠭ᠎ᠠ ᠪᠠᠷ ᠶᠠᠪᠤᠰᠤᠭᠠᠢ ᠭᠡᠮᠡᠨ ᠵᠠᠷᠯᠢᠭ ᠪᠠᠭᠤᠯᠭᠠᠪᠠ᠃ ᠲᠡᠳᠦᠢ ᠨᠢᠭᠡᠨᠲᠡᠭᠡᠭᠦᠷ ᠲᠡᠢᠰᠢ ᠪᠤᠯᠤ᠂ ᠵᠢᠶᠦ᠋ᠨ ᠸᠠᠩ ᠳᠠᠢᠰᠤᠨᠳᠠᠷᠤᠭᠴᠢ ᠨᠠᠷ ᠲᠤᠷ ᠵᠠᠷᠯᠢᠭ ᠪᠠᠭᠤᠯᠭᠠᠨ᠂ ᠱᠠᠨ ᠳ᠋ᠦᠩ ᠦ᠋ᠨ ᠴᠡᠷᠢᠭ ᠢ᠋ ᠪᠡᠯᠡᠳᠬᠡᠨ ᠠᠪᠴᠤ ᠣᠭᠲᠣ ᠭᠡᠮᠡᠨ ᠵᠠᠷᠯᠢᠭ ᠪᠠᠭᠤᠯᠭᠠᠪᠠ᠃ ᠡᠨᠡ ᠦᠶ᠎ᠡ ᠳ᠋ᠦ᠍ᠷ ᠬᠤᠸᠠᠢ ᠨᠠᠨ ᠤ᠋ ᠯᠢ ᠴᠢᠦᠸᠠᠨ ᠤ᠋ ᠠᠢᠮᠠᠭ ᠴᠥᠮ ᠰᠥᠩ ᠦ᠋ᠨ ᠵᠣᠣ ᠹᠠᠨ᠂ ᠵᠣᠣ ᠺᠦᠢ ᠶ᠋ᠢᠨ ᠴᠡᠷᠢᠭ ᠲᠦ᠍ᠷ ᠳᠠᠷᠤᠭᠳᠠᠭᠠᠳ ᠯᠢ ᠴᠢᠦᠸᠠᠨ ᠤ᠋ ᠶᠡᠬᠡ ᠲᠦᠰᠢᠮᠡᠯ ᠭᠦᠸᠧ ᠠᠨ ᠶᠦᠩ ᠢᠨᠤ ᠯᠢ ᠴᠢᠦᠸᠠᠨ ᠤ᠋ ᠡᠮ᠎ᠡ ᠶᠠᠩ ᠮᠢᠶᠣᠤ ᠵᠧᠨ ᠢ᠋ ᠳᠠᠭᠠᠵᠤ᠂ ᠱᠠᠨ ᠳ᠋ᠦᠩ ᠦ᠋ᠨ ᠮᠣᠩᠭᠣᠯ ᠤ᠋ᠨ ᠴᠡᠷᠢᠭ ᠲᠡᠢᠰᠢ ᠭᠦᠸᠧ ᠸᠠᠩ ᠪᠤᠯᠤ ᠶ᠋ᠢ ᠡᠷᠢᠨ ᠢᠷᠡᠭᠰᠡᠨ ᠴᠠᠭ ᠲᠤᠯᠠ ᠳᠠᠷᠤᠢ ᠦᠯᠡᠭᠰᠡᠨ ᠴᠡᠷᠢᠭ ᠢ᠋ ᠢᠨᠤ ᠵᠠᠬᠢᠷᠤᠭᠤᠯᠵᠤ ᠪᠡᠯᠡᠳᠬᠡᠭᠡᠳ ᠬᠠᠭᠠᠨ ᠳ᠋ᠤᠷ ᠠᠢᠯᠠᠳᠬᠠᠵᠤ᠂ ᠭᠦᠸᠧ ᠠᠨ ᠶᠦᠩ ᠢ ᠱᠠᠨ ᠳ᠋ᠦᠩ ᠦ᠋ᠨ ᠳᠦ ᠶᠤᠸᠠᠨᠱᠤᠸᠠᠢ ᠪᠥᠭᠡᠳ ᠰᠢᠩ ᠱᠧᠩ ᠱᠢ ᠲᠦᠰᠢᠮᠡᠯ ᠪᠣᠯᠭᠠᠬᠤᠢ ᠳ᠋ᠤᠷ ᠭᠦᠸᠧ ᠠᠨ ᠶᠦᠩ ᠢ᠋ ᠰᠤᠷᠭᠠᠨ ᠥᠭᠦᠯᠡᠷᠦᠨ :《ᠴᠢ ᠰᠠᠢᠬᠠᠨ ᠬᠢᠴᠢᠶᠡᠨ ᠶᠠᠪᠤ᠂ ᠲᠣᠭᠲᠠᠭᠤᠷᠢ ᠦᠭᠡᠢ ᠰᠡᠳᠬᠢᠯ ᠢ᠋ ᠪᠢᠲᠡᠭᠡᠢ ᠪᠡᠷᠢ᠂ ᠬᠢᠴᠢᠶᠡ! 》ᠬᠡᠮᠡᠪᠡ᠃ ᠲᠡᠳᠦᠢ ᠬᠠᠭᠠᠨ ᠶᠡᠬᠡ ᠬᠠᠯᠠᠭᠤᠨ ᠢ᠋ ᠥᠩᠭᠡᠷᠡᠭᠡᠵᠦ ᠳᠣᠯᠣᠭᠠᠨ ᠰᠠᠷ᠎ᠠ ᠶ᠋ᠢᠨ ᠰᠡᠭᠦᠯ ᠢ᠋ᠶ᠋ᠡᠷ ᠪᠠᠰᠠ ᠡᠮᠦᠨ᠎ᠡ ᠵᠦᠭ ᠲᠠᠪᠰᠢᠨ ᠣᠷᠣᠬᠤ ᠶ᠋ᠢ ᠵᠥᠪᠯᠡᠬᠦᠢ ᠳ᠋ᠦ᠍ᠷ ᠠᠯᠲᠠᠨ ᠤᠯᠤᠰ ᠤ᠋ᠨ ᠹᠧᠩ ᠰᠢᠶᠠᠩ ᠹᠦ ᠶ᠋ᠢᠨ ᠴᠡᠷᠢᠭ ᠡᠴᠡ ᠬᠠᠭᠠᠰ – ᠰᠦ᠍ ᠪᠦ ᠬᠠᠨ᠂ ᠯᠢ ᠴᠧᠩ ᠭᠦᠸᠧ ᠬᠡᠮᠡᠬᠦ ᠬᠣᠶᠠᠷ ᠪᠠᠭᠠᠬᠠᠨ ᠲᠦᠰᠢᠮᠡᠯ ᠦ᠋ᠨ ᠰᠦ᠍ ᠪᠦ ᠬᠠᠨ ᠢ᠋ ᠡᠯᠴᠢ ᠪᠣᠯᠭᠠᠵᠤ᠂ ᠰᠥᠩ ᠤᠯᠤᠰ ᠲᠤᠷ ᠢᠯᠡᠭᠡᠭᠰᠡᠨ ᠳ᠋ᠦ᠍ᠷ ᠰᠦ᠍ ᠪᠦ ᠬᠠᠨ ᠵᠣᠣ ᠪᠢᠴᠢᠭ ᠢ᠋ ᠡᠭᠦᠷᠴᠦ ᠳᠣᠯᠣᠭᠠᠨ ᠰᠠᠷ᠎ᠠ ᠳ᠋ᠤᠷ ᠰᠥᠩ ᠤᠯᠤᠰ ᠤ᠋ᠨ ᠮᠢᠶᠠᠨ ᠵᠧᠦ ᠳ᠋ᠦ᠍ᠷ ᠬᠦᠷᠴᠦ ᠵᠧᠦ ᠶ᠋ᠢᠨ ᠶᠠᠮᠤᠨ ᠳ᠋ᠤᠷ ᠣᠷᠣᠬᠤᠢ ᠳ᠋ᠤᠷ ᠮᠢᠶᠠᠨ ᠵᠧᠦ ᠶ᠋ᠢᠨ ᠲᠦᠩ ᠵᠢᠢ ᠲᠦᠰᠢᠮᠡᠯ ᠵᠠᠩ ᠰᠢᠦᠸᠠᠨ ᠬᠡᠮᠡᠭᠴᠢ ᠤᠷᠢᠳᠠ ᠠᠯᠲᠠᠨ ᠤᠯᠤᠰ ᠲᠤᠷ ᠪᠦᠬᠦᠢ ᠦᠶ᠎ᠡ ᠳ᠋ᠦ᠍ᠷ ᠲᠡᠭᠦᠨ ᠳ᠋ᠦ᠍ᠷ ᠳᠠᠷᠤᠭᠳᠠᠭᠰᠠᠨ ᠲᠤᠯᠠ ᠰᠥᠨᠢ ᠬᠤᠯᠠᠭᠤᠵᠤ ᠰᠦ᠍ ᠪᠦ ᠬᠠᠨ ᠢ᠋ ᠠᠯᠠᠪᠠᠢ᠃ ᠲᠡᠳᠦᠢ ᠬᠣᠶᠠᠷ ᠡᠲᠡᠭᠡᠳ ᠦ᠋ᠨ ᠮᠡᠳᠡᠭᠡ ᠲᠠᠰᠤᠷᠠᠬᠤᠢ ᠳ᠋ᠤᠷ ᠠᠯᠲᠠᠨ ᠤᠯᠤᠰ ᠤ᠋ᠨ ᠹᠧᠩ ᠰᠢᠶᠠᠩ ᠹᠦ ᠡᠴᠡ ᠳᠠᠭᠠᠭᠰᠠᠨ ᠪᠠᠭ᠎ᠠ ᠲᠦᠰᠢᠮᠡᠯ ᠯᠢ ᠴᠧᠩ ᠭᠦᠸᠧ ᠲᠣᠯᠢ ᠴᠢᠨ ᠸᠠᠩ ᠤ᠋ᠨ ᠪᠠᠭᠤᠳᠠᠯ ᠳ᠋ᠤᠷ ᠢᠷᠡᠵᠦ ᠨᠢᠭᠤᠴᠠ ᠮᠡᠳᠡᠭᠦᠯ ᠭᠡᠮᠡᠨ ᠮᠡᠳᠡᠭᠦᠯᠦᠭᠰᠡᠨ ᠳ᠋ᠦ᠍ᠷ ᠲᠣᠯᠢ ᠴᠢᠨ ᠸᠠᠩ ᠳᠠᠷᠤᠢ ᠳᠠᠭᠤᠳᠠᠨ ᠣᠷᠣᠭᠤᠯᠵᠤ᠂ ᠰᠢᠳᠠᠷ ᠠᠷᠠᠳ ᠢ᠋ ᠵᠠᠢᠯᠠᠭᠤᠯᠤᠨ ᠯᠢ ᠴᠧᠩ ᠭᠦᠸᠧ ᠡᠴᠡ ᠠᠰᠠᠭᠤᠭᠰᠠᠨ ᠳ᠋ᠤᠷ ᠯᠢ ᠴᠧᠩ ᠭᠦᠸᠧ ᠮᠡᠳᠡᠭᠦᠯᠦᠷᠦᠨ :《ᠠᠯᠲᠠᠨ ᠤᠯᠤᠰ ᠳ᠋ᠦᠩ ᠵᠢᠩ ᠪᠢᠶᠠᠨ ᠯᠢᠶᠠᠩ ᠳ᠋ᠤᠷ ᠨᠡᠭᠦᠵᠦ ᠬᠣᠷᠢᠨ ᠵᠢᠯ ᠠᠮᠤᠷ ᠰᠠᠭᠤᠬᠤ ᠪᠣᠯᠤᠭᠰᠠᠨ ᠠᠨᠤ ᠴᠥᠮ ᠲᠦᠩ ᠭᠤᠸᠠᠨ ᠪᠣᠭᠣᠮᠲᠠ ᠪᠠ ᠰᠢᠷ᠎ᠠ ᠮᠥᠷᠡᠨ ᠳ᠋ᠦ᠍ᠷ ᠢᠲᠡᠭᠡᠵᠦᠬᠦᠢ᠃ ᠲᠦᠩ ᠭᠤᠸᠠᠨ ᠪᠣᠭᠣᠮᠲᠠ ᠶ᠋ᠢᠨ ᠪᠠᠲᠤ ᠪᠡᠬᠢ᠂ ᠰᠢᠷ᠎ᠠ ᠮᠥᠷᠡᠨ ᠦ᠌ ᠭᠦᠨ ᠶᠡᠬᠡ ᠳ᠋ᠦ᠍ᠷ ᠢᠲᠡᠭᠡᠵᠦ ᠲᠦᠰᠢᠭᠰᠡᠨ ᠪᠣᠯᠠᠢ᠃ ᠡᠳᠦᠭᠡ ᠪᠢᠳᠡᠨ ᠦ᠌ ᠴᠡᠷᠢᠭ ᠪᠤᠤ ᠵᠢᠢ ᠱᠠᠨ ᠠᠭᠤᠯᠠ ᠪᠠᠷ ᠭᠠᠷᠴᠤ ᠬᠠᠨ ᠵᠦᠩ ᠦ᠋ᠨ ᠭᠠᠵᠠᠷ ᠢ᠋ ᠪᠠᠢᠯᠳᠤᠪᠠᠰᠤ ᠠᠯᠲᠠᠨ ᠤᠯᠤᠰ ᠤ᠋ᠨ ᠢᠷᠭᠡᠨ ᠰᠠᠨᠠᠭᠠᠨ ᠳ᠋ᠤᠷ ᠦᠭᠡᠢ ᠪᠥᠭᠡᠳ ᠲᠡᠷᠡ ᠭᠠᠵᠠᠷ ᠤ᠋ᠨ ᠢᠷᠭᠡᠨ ᠪᠠᠰᠠ ᠮᠣᠩᠭᠣᠯ ᠴᠡᠷᠢᠭ ᠦ᠋ᠨ ᠰᠦᠷ ᠢ᠋ ᠠᠩᠬ᠎ᠠ ᠦᠵᠡᠬᠦ ᠲᠤᠯᠠ ᠯᠠᠪ ᠶᠡᠬᠡᠯ᠎ᠡ ᠠᠶᠤᠵᠤ ᠳᠤᠲᠠᠭᠠᠮᠤᠢ᠃ ᠡᠢᠨ ᠪᠣᠯᠪᠠᠰᠤ ᠨᠢᠭᠡᠨ ᠰᠠᠷ᠎ᠠ ᠪᠣᠯᠤᠯ ᠦᠭᠡᠢ ᠪᠡᠷ ᠳᠠᠩ ᠳ᠋ᠧᠩ ᠦ᠋ᠨ ᠭᠠᠵᠠᠷ① ᠲᠤᠷ ᠨᠡᠪᠲᠡᠷᠡᠵᠦ ᠬᠦᠷᠪᠡᠰᠦ ᠠᠯᠲᠠᠨ ᠤᠯᠤᠰ ᠮᠠᠨ ᠤ᠋ ᠴᠡᠷᠢᠭ ᠢ᠋ ᠲᠡᠭᠷᠢ ᠡᠴᠡ ᠪᠠᠭᠤᠪᠠ ᠬᠡᠮᠡᠮᠦ᠃ ᠡᠢᠨ ᠪᠣᠯᠪᠠᠰᠤ ᠶᠡᠬᠡ ᠬᠡᠷᠡᠭ ᠢ᠋ ᠪᠦᠲᠦᠭᠡᠪᠡᠰᠦ ᠪᠣᠯᠤᠮᠤᠢ ! 》 ᠬᠡᠮᠡᠭᠰᠡᠨ ᠳ᠋ᠦ᠍ᠷ ᠲᠣᠯᠢ ᠴᠢᠨ ᠸᠠᠩ ᠶᠡᠬᠡᠯ᠎ᠡ ᠪᠠᠶᠠᠷᠯᠠᠨ ᠮᠢᠨᠦ ᠰᠠᠨᠠᠭᠠᠨ ᠳ᠋ᠤᠷ ᠨᠡᠢᠴᠡᠪᠡ ᠭᠡᠮᠡᠨ ᠵᠢᠴᠢ ᠡᠳᠦᠷ ᠦ᠋ᠨ ᠲᠥᠷᠥ ᠳ᠋ᠦ᠍ᠷ ᠯᠢ ᠴᠧᠩ ᠭᠦᠸᠧ ᠶ᠋ᠢ ᠤᠳᠤᠷᠢᠳᠤᠨ ᠬᠠᠭᠠᠨ ᠳ᠋ᠤᠷ ᠮᠥᠷᠭᠥᠭᠦᠯᠦᠨ᠂ ᠲᠡᠭᠦᠨ ᠦ᠌ ᠨᠢᠭᠤᠴᠠ ᠨᠤᠭᠤᠯᠪᠤᠷᠢ ᠶ᠋ᠢ ᠠᠢᠯᠠᠳᠬᠠᠭᠰᠠᠨ ᠳ᠋ᠤᠷ ᠯᠢ ᠴᠧᠩ ᠭᠦᠸᠧ ᠶ᠋ᠢᠨ ᠨᠤᠭᠤᠯᠪᠤᠷᠢ ᠶ᠋ᠢ ᠬᠠᠭᠠᠨ ᠦᠵᠡᠭᠡᠳ ᠲᠣᠯᠢ ᠴᠢᠨ ᠸᠠᠩ ᠯᠤᠭ᠎ᠠ ᠨᠢᠭᠡᠨ ᠠᠳᠠᠯᠢ ᠲᠤᠯᠠ ᠶᠡᠬᠡᠯ᠎ᠡ ᠪᠠᠶᠠᠷᠯᠠᠨ᠂ ᠯᠢ ᠴᠧᠩ ᠭᠦᠸᠧ ᠶ᠋ᠢ ᠡᠷᠭᠦᠮᠵᠢᠯᠡᠨ ᠶᠡᠬᠡ ᠴᠢᠨ ᠸᠠᠩ ᠶᠤᠸᠠᠨᠱᠤᠸᠠᠢ ᠲᠣᠯᠢ ᠶ᠋ᠢᠨ ᠵᠡᠭᠦᠨ ᠡᠲᠡᠭᠡᠳ ᠦ᠋ᠨ ᠶᠡᠬᠡ ᠵᠠᠩᠵᠤᠨ᠂ ᠵᠢᠴᠢ ᠰᠦ᠍ ᠪᠦ ᠬᠠᠨ ᠢ᠋ ᠰᠥᠩ ᠤᠯᠤᠰ ᠲᠤᠷ ᠡᠯᠴᠢ ᠢᠯᠡᠬᠡᠨ ᠡᠭᠡᠭᠰᠡᠨ ᠦᠭᠡᠢ ᠳ᠋ᠦ᠍ᠷ ᠰᠦ᠍ ᠪᠦ ᠬᠠᠨ ᠤ᠋ ᠶᠡᠬᠡ ᠬᠥᠪᠡᠭᠦᠨ ᠰᠦ᠍ ᠶ᠋ᠢᠨ ᠰᠢᠶᠣᠤ ᠶ᠋ᠢ ᠪᠠᠷᠠᠭᠤᠨ ᠡᠲᠡᠭᠡᠳ ᠦ᠋ᠨ ᠶᠡᠬᠡ ᠵᠠᠩᠵᠤᠨ ᠪᠣᠯᠭᠠᠨ ᠡᠷᠭᠦᠪᠡ᠃
– – – –
① ᠾᠧ ᠨᠠᠨ ᠮᠣᠵᠢ ᠶ᠋ᠢᠨ ᠳᠠᠩ ᠵᠧᠦ᠂ ᠳ᠋ᠧᠩ ᠵᠧᠦ ᠬᠣᠶᠠᠷ ᠭᠠᠵᠠᠷ ᠢ᠋ ᠨᠡᠢᠯᠡᠭᠦᠯᠵᠦ ᠳᠠᠩ ᠳ᠋ᠧᠩ ᠦ᠋ᠨ ᠭᠠᠵᠠᠷ ᠬᠡᠮᠡᠵᠦᠬᠦᠢ᠃
ᠲᠡᠳᠦᠢ ᠬᠠᠭᠠᠨ ᠤ᠋ ᠭᠡᠭᠡᠨ ᠰᠢᠳᠠᠷ ᠣᠢᠷ᠎ᠠ ᠶᠡᠬᠡ ᠸᠠᠩ ᠤ᠋ᠳ ᠢ᠋ᠶ᠋ᠠᠨ ᠴᠢᠭᠤᠯᠭᠤᠯᠵᠤ᠂ ᠰᠤᠯᠠ ᠠᠷᠠᠳ ᠢ᠋ ᠵᠠᠢᠯᠠᠭᠤᠯᠤᠨ ᠵᠠᠷᠯᠢᠭ ᠪᠣᠯᠤᠷᠤᠨ : 《ᠲᠡᠷᠡ ᠵᠢᠯ ᠬᠠᠭᠠᠨ ᠡᠴᠢᠭᠡ ᠲᠠᠢᠽᠦ ᠪᠣᠭᠳᠠ ᠠᠯᠲᠠᠨ ᠤᠯᠤᠰ ᠢ᠋ ᠡᠮᠦᠨ᠎ᠡ ᠪᠢᠶᠠᠨ ᠵᠢᠩ ᠪᠠᠯᠭᠠᠰᠤᠨ ᠳ᠋ᠤᠷ ᠨᠡᠭᠦᠭᠰᠡᠨ ᠳᠠᠷᠤᠢ ᠬᠡᠯᠡᠭᠰᠡᠨ ᠢᠨᠤ:< ᠳᠠᠩ ᠳ᠋ᠧᠩ ᠳ᠋ᠦ᠍ᠷ ᠣᠷᠣᠬᠤᠢ ᠳ᠋ᠤᠷ ᠡᠷᠬᠡᠪᠰᠢ ᠰᠥᠩ ᠤᠯᠤᠰ ᠠ᠋ᠴᠠ ᠵᠠᠮ ᠵᠢᠭᠡᠯᠡᠵᠦ᠂ ᠪᠦᠦ ᠵᠢᠢ ᠱᠠᠨ᠂ ᠭᠠᠨ ᠵᠦᠩ ᠢ᠋ᠶ᠋ᠡᠷ ᠣᠷᠣᠵᠤ ᠪᠠᠢᠯᠳᠤᠪᠠᠰᠤ ᠠᠯᠲᠠᠨ ᠤᠯᠤᠰ ᠤ᠋ᠨ ᠲᠦᠩ ᠭᠤᠸᠠᠨ ᠪᠣᠭᠣᠮᠲᠠ ᠶ᠋ᠢ ᠰᠠᠬᠢᠭᠰᠠᠨ ᠴᠡᠷᠢᠭ ᠬᠣᠭᠣᠰᠣᠳᠠᠨ᠂ ᠮᠢᠩᠭᠠᠨ ᠭᠠᠵᠠᠷ ᠳᠠᠩ ᠳ᠋ᠧᠩ ᠳ᠋ᠦ᠍ᠷ ᠬᠡᠳᠦᠢ ᠳᠣᠪᠲᠣᠯᠤᠨ ᠬᠦᠷᠴᠦ ᠴᠢᠳᠠᠪᠠᠴᠤ ᠪᠠᠢᠯᠳᠤᠨ ᠦᠯᠦ ᠴᠢᠳᠠᠮᠤᠢ > ᠭᠡᠮᠡᠨ ᠬᠣᠢᠨ᠎ᠠ ᠯᠢᠦ ᠫᠠᠨ ᠱᠠᠨ ᠠᠭᠤᠯᠠᠨ ᠳ᠋ᠤᠷ ᠮᠥᠨ ᠡᠢᠨ ᠬᠦ᠌ ᠭᠡᠷᠢᠶᠡᠰᠦᠯᠡᠵᠦᠬᠦᠢ᠃ ᠡᠳᠦᠭᠡ ᠳᠡᠭᠦᠦ ᠴᠢᠨ ᠸᠠᠩ ᠤ᠋ᠨ ᠦᠭᠡ ᠮᠥᠨ ᠡᠢᠮᠦ᠂ ᠨᠡᠩ ᠪᠠᠰᠠ ᠠᠯᠲᠠᠨ ᠤᠯᠤᠰ ᠤ᠋ᠨ ᠬᠠᠭᠤᠴᠢᠨ ᠵᠠᠩᠵᠤᠨ ᠯᠢ ᠴᠧᠩ ᠭᠦᠸᠧ ᠪᠠᠰᠠ ᠡᠢᠨ ᠥᠭᠦᠯᠡᠮᠦᠢ᠃ ᠡᠨᠡ ᠮᠠᠭᠠᠳ ᠰᠠᠢᠨ ᠠᠷᠭ᠎ᠠ ᠮᠥᠨ᠂ ᠲᠡᠢᠨ ᠬᠦ᠌ ᠪᠢ ᠤᠷᠢᠳᠠ ᠳᠡᠭᠦᠦ ᠴᠢᠨ ᠸᠠᠩ ᠤ᠋ᠨ ᠠᠢᠯᠠᠳᠬᠠᠭᠰᠠᠨ – ᠰᠥᠩ ᠤᠯᠤᠰ ᠲᠤᠷ ᠰᠦ᠍ ᠪᠦ ᠬᠠᠨ ᠢ᠋ ᠢᠯᠡᠭᠡᠪᠡᠰᠦ ᠡᠭᠡᠵᠦ ᠡᠰᠡ ᠢᠷᠡᠭᠰᠡᠨ ᠢ᠋ᠶ᠋ᠡᠷ ᠦᠵᠡᠬᠦᠯ᠎ᠡ ᠰᠥᠩ ᠤᠯᠤᠰ ᠠᠯᠠᠵᠤᠬᠤᠢ᠃ ᠨᠢᠭᠡᠨᠲᠡ ᠡᠢᠮᠦ ᠪᠣᠯᠭᠠᠭᠰᠠᠨ ᠲᠤᠯᠠ ᠤᠷᠢᠳᠠ ᠠᠯᠲᠠᠨ ᠤᠯᠤᠰ ᠢ᠋ ᠳᠠᠢᠯᠠᠵᠤ ᠂ ᠬᠣᠢᠨ᠎ᠠ ᠰᠥᠩ ᠤᠯᠤᠰ ᠢ᠋ ᠳᠠᠢᠯᠠᠵᠤ ᠠᠷᠢᠯᠭᠠᠶ᠎ᠠ ! 》ᠬᠡᠮᠡᠭᠡᠳ ᠣᠯᠠᠨ ᠢ ᠴᠢᠭᠤᠯᠭᠤᠯᠵᠤ : 《ᠬᠣᠢᠲᠤ ᠵᠢᠯ ᠦ᠋ᠨ ᠴᠠᠭᠠᠨ ᠰᠠᠷ᠎ᠠ ᠳ᠋ᠤᠷ ᠡᠮᠦᠨ᠎ᠡ ᠤᠮᠠᠷ᠎ᠠ ᠶ᠋ᠢᠨ ᠨᠡᠢᠲᠡ ᠴᠡᠷᠢᠭ ᠢ᠋ ᠬᠠᠭᠠᠨ ᠪᠡᠶ᠎ᠡ ᠪᠡᠷ ᠵᠠᠬᠢᠷᠴᠤ ᠡᠮᠦᠨ᠎ᠡ ᠵᠦᠭ ᠴᠡᠷᠢᠭ ᠣᠷᠣᠵᠤ᠂ ᠠᠯᠲᠠᠨ ᠤᠯᠤᠰ ᠤ᠋ᠨ ᠪᠢᠶᠠᠨ ᠵᠢᠩ ᠢ᠋ ᠪᠠᠢᠯᠳᠤᠬᠤᠶ᠎ᠠ᠂ ᠡᠳᠦᠭᠡ ᠲᠦᠷ ᠤᠷᠢᠳᠠ ᠪᠠᠷ ᠲᠣᠯᠢ ᠴᠢᠨ ᠸᠠᠩ ᠤ᠋ᠨ ᠰᠢᠯᠭᠠᠭᠰᠠᠨ ᠪᠣᠯᠣᠳ ᠬᠦᠴᠦᠲᠦ ᠴᠡᠷᠢᠭ ᠢ᠋ ᠲᠠᠪᠤᠨ ᠲᠦᠮᠡᠨ ᠳᠠᠢᠴᠢᠯᠠᠨ ᠠᠪᠴᠤ ᠪᠤᠤ ᠵᠢᠢ ᠭᠠᠵᠠᠷ ᠢ᠋ ᠪᠠᠢᠯᠳᠤᠨ ᠠᠪᠴᠤ ᠬᠣᠢᠲᠤ ᠵᠢᠯ ᠠᠯᠲᠠᠨ ᠤᠯᠤᠰ ᠤ᠋ᠨ ᠪᠢᠶᠠᠨ ᠯᠢᠶᠠᠩ ᠴᠧᠩ ᠬᠣᠲᠠ ᠳ᠋ᠤᠷ ᠵᠣᠯᠭᠠᠰᠤᠭᠠᠢ ! 》 ᠭᠡᠮᠡᠨ ᠪᠣᠯᠵᠣᠵᠤ ᠵᠠᠷᠯᠢᠭ ᠪᠠᠭᠤᠯᠭᠠᠭᠰᠠᠨ ᠳ᠋ᠤᠷ ᠲᠣᠯᠢ ᠴᠢᠨ ᠸᠠᠩ ᠠᠢᠯᠠᠳᠬᠠᠷᠤᠨ :《ᠰᠣᠨᠣᠰᠬᠤᠯ᠎ᠠ ᠡᠷᠲᠡᠨ ᠦ᠌ ᠳᠠᠩ ᠤᠯᠤᠰ ᠤ᠋ᠨ ᠲᠠᠢᠽᠥ᠋ᠩ ᠯᠢ ᠱᠢ ᠮᠢᠨ ᠳᠠᠩ ᠤᠯᠤᠰ ᠢ ᠪᠠᠢᠭᠤᠯᠬᠤ ᠳ᠋ᠤᠷ ᠳᠠᠭᠠᠭᠤᠯᠤᠭᠰᠠᠨ ᠴᠡᠷᠢᠭ ᠨᠢᠭᠡᠨ ᠲᠦᠮᠡᠨ ᠳ᠋ᠦ᠍ᠷ ᠬᠦᠷᠦᠭᠰᠡᠨ ᠦᠭᠡᠢ᠂ ᠵᠢᠴᠢ ᠮᠠᠨ ᠤ᠋ ᠳᠡᠭᠡᠳᠦ ᠲᠠᠢᠽᠦ ᠬᠠᠭᠠᠨ ᠡᠮᠦᠨ᠎ᠡ ᠵᠦᠭ ᠣᠷᠣᠬᠤᠢ ᠳ᠋ᠤᠷ ᠮᠥᠨ ᠲᠠᠪᠤᠨ ᠮᠢᠩᠭᠠᠨ ᠪᠣᠯᠣᠳ ᠬᠦᠴᠦᠲᠡᠨ ᠢ᠋ ᠰᠣᠩᠭᠣᠨ ᠬᠡᠷᠡᠭᠯᠡᠵᠦ ᠳᠥᠷᠪᠡᠨ ᠵᠦᠭ ᠢ᠋ ᠴᠥᠮ ᠳᠠᠢᠯᠠᠪᠠ᠃ ᠪᠠᠰᠠ ᠬᠥᠭᠰᠢᠨ ᠲᠡᠢᠰᠢ ᠮᠤᠬᠤᠯᠢ ᠮᠥᠨ ᠬᠡᠳᠦᠬᠡᠨ ᠮᠢᠩᠭᠠᠨ ᠴᠡᠷᠢᠭ ᠢ᠋ ᠡᠷᠬᠢᠯᠡᠨ ᠬᠡᠷᠡᠭᠯᠡᠵᠦ᠂ ᠯᠢᠶᠣᠣ ᠰᠢ᠂ ᠱᠠᠨ ᠳ᠋ᠦᠩ᠂ ᠾᠧ ᠪᠧᠢ ᠶ᠋ᠢ ᠲᠣᠭᠲᠠᠭᠠᠪᠠ᠃ ᠡᠳᠦᠭᠡ ᠦᠵᠡᠬᠦᠯ᠎ᠡ ᠣᠯᠠᠨ ᠴᠡᠷᠢᠭ ᠬᠡᠮᠡᠭᠴᠢ ᠬᠣᠭᠣᠰᠣᠨ ᠰᠦᠷ ᠪᠣᠢ ᠊ᠶ᠎ᠠ᠂ ᠬᠤᠷᠴᠠ ᠦᠭᠡᠢ ᠪᠣᠯᠪᠠᠰᠤ ᠣᠷᠣᠬᠤ ᠡᠭᠡᠬᠦᠢ ᠳ᠋ᠦ᠍ᠷ ᠵᠦᠳᠡᠭ ᠤᠳᠠᠭᠠᠨ᠂ ᠲᠡᠵᠢᠭᠡᠵᠦ ᠬᠠᠮᠠᠭᠠᠯᠠᠭᠴᠢ ᠳ᠋ᠤᠷ ᠦᠯᠡᠮᠵᠢ ᠨᠦᠰᠡᠷ᠂ ᠲᠦᠰᠢᠮᠡᠯ ᠪᠢ ᠲᠠᠪᠤᠨ ᠮᠢᠩᠭᠠᠨ ᠠ᠋ᠴᠠ ᠢᠯᠡᠭᠦᠦ ᠴᠡᠷᠢᠭ ᠠᠪᠬᠤ ᠦᠭᠡᠢ᠂ ᠭᠠᠭᠴᠠ ᠲᠡᠵᠢᠭᠡᠯ ᠬᠡᠰᠢᠭ ᠢ᠋ ᠲᠦᠮᠡᠨ ᠴᠡᠷᠢᠭ ᠢ᠋ᠶ᠋ᠡᠷ ᠬᠦᠷᠲᠡᠭᠡᠪᠡᠰᠦ ᠶᠡᠬᠡ ᠦᠢᠯᠡ ᠮᠠᠭᠠᠳ ᠪᠦᠲᠦᠮᠦᠢ ! 》 ᠬᠡᠮᠡᠭᠰᠡᠨ ᠳ᠋ᠦ᠍ᠷ ᠲᠠᠢᠽᠥ᠋ᠩ ᠬᠠᠭᠠᠨ ᠮᠥᠨ ᠭᠡᠮᠡᠨ ᠵᠥᠪᠰᠢᠶᠡᠵᠦ ᠠᠢᠯᠠᠳᠬᠠᠭᠰᠠᠨ ᠶᠣᠰᠣᠭᠠᠷ ᠮᠣᠷᠳᠠᠭᠤᠯᠵᠤ᠂ ᠬᠠᠭᠠᠨ ᠤ᠋ ᠭᠡᠭᠡᠨ ᠶᠦᠨ ᠵᠦᠩ ᠭᠠᠵᠠᠷ ᠪᠠᠭᠤᠭᠰᠠᠨ ᠳ᠋ᠤᠷ ᠭᠠᠢᠯᠢ ᠶ᠋ᠢᠨ ᠲᠦᠰᠢᠮᠡᠳ ᠴᠧ ᠱᠢ ᠬᠦ᠂ ᠵᠣᠣ ᠹᠠᠩ ᠤ᠋ᠨ ᠵᠡᠷᠭᠡ ᠬᠣᠷᠢᠭᠠᠳ ᠲᠦᠰᠢᠮᠡᠳ ᠬᠠᠭᠠᠨ ᠳ᠋ᠤᠷ ᠪᠠᠷᠠᠯᠬᠠᠵᠤ᠂ ᠠᠷᠪᠠᠨ ᠵᠠᠮ ᠤ᠋ᠨ ᠭᠠᠢᠯᠢ ᠶ᠋ᠢᠨ ᠵᠦᠢᠯ ᠠᠯᠲᠠ ᠮᠥᠩᠭᠥᠨ᠂ ᠲᠣᠷᠭ᠎ᠠ ᠲᠥᠷᠭᠡ᠂ ᠣᠭ᠌ᠶᠤ ᠱ᠌ᠢᠷᠦ᠂ ᠰᠤᠪᠤᠳ ᠲᠠᠨ᠎ᠠ ᠶ᠋ᠢᠨ ᠵᠦᠢᠯ ᠢ᠋ ᠬᠡᠳᠦᠨ ᠵᠠᠭᠤᠨ ᠪᠠᠭ᠎ᠠ ᠲᠡᠷᠭᠡ ᠲᠡᠭᠡᠭᠡᠵᠦ ᠢᠷᠡᠭᠡᠳ ᠶᠡᠬᠡ ᠬᠠᠷᠰᠢ ᠳ᠋ᠤᠷ ᠠᠭᠤᠯᠠ ᠮᠡᠲᠦ ᠣᠪᠣᠭᠠᠯᠵᠤᠬᠤᠢ᠃
ᠲᠡᠳᠦᠢ ᠲᠠᠢᠽᠥ᠋ᠩ ᠬᠠᠭᠠᠨ ᠭᠤᠷᠪᠠᠨ ᠠᠩᠭᠢ ᠶ᠋ᠢᠨ ᠲᠦᠰᠢᠮᠡᠳ ᠢ᠋ ᠴᠥᠮ ᠨᠢᠭᠡᠨ ᠵᠡᠷᠭᠡ ᠳᠡᠪᠰᠢᠭᠦᠯᠵᠦ ᠱᠠᠩᠨᠠᠨ ᠡᠭᠡᠭᠦᠯᠦᠭᠡᠳ ᠶᠧ ᠯᠢᠦᠢ ᠴᠦ ᠼᠠᠢ ᠶ᠋ᠢᠨ ᠵᠦᠭ ᠥᠭᠦᠯᠡᠷᠦᠨ :《ᠰᠠᠢᠳ ᠴᠢᠨᠦ ᠪᠡᠶ᠎ᠡ ᠮᠢᠨᠦ ᠰᠢᠳᠠᠷ ᠠ᠋ᠴᠠ ᠨᠢᠭᠡᠨ ᠴᠠᠭ ᠦᠯᠦ ᠬᠠᠭᠠᠴᠠᠨ ᠪᠥᠭᠡᠳ ᠴᠢᠨᠦ ᠵᠢᠳᠬᠦᠯ ᠤᠯᠤᠰ ᠤ᠋ᠨ ᠬᠣᠲᠠᠯᠠ ᠳ᠋ᠤᠷ ᠪᠦᠷᠬᠦᠵᠦᠬᠦᠢ ᠃ ᠡᠳᠡᠭᠡᠷ ᠠᠷᠪᠠᠨ ᠵᠠᠮ ᠤ᠋ᠨ ᠶᠡᠬᠡ ᠭᠠᠢᠯᠢ ᠡᠨᠡ ᠮᠡᠲᠦ ᠲᠣᠳᠣᠷᠬᠠᠢ ᠪᠣᠯᠤᠭᠰᠠᠨ ᠠᠨᠤ ᠴᠥᠮ ᠴᠢᠨᠦ ᠨᠢᠭᠡᠨ ᠬᠥᠮᠦᠨ ᠦ᠌ ᠬᠢᠴᠢᠶᠡᠨ ᠵᠢᠳᠬᠦᠵᠦ ᠰᠢᠳᠬᠡᠭᠰᠡᠨ ᠳ᠋ᠦ᠍ᠷ ᠪᠣᠯᠠᠢ ᠃ ᠡᠮᠦᠨ᠎ᠡ ᠰᠥᠩ᠂ ᠠᠯᠲᠠᠨ ᠬᠣᠶᠠᠷ ᠤᠯᠤᠰ ᠲᠤᠷ ᠴᠢᠮ᠎ᠠ ᠳ᠋ᠤᠷ ᠮᠡᠲᠦ ᠰᠠᠢᠳ ᠦᠨᠡᠨ ᠢ᠋ᠶ᠋ᠡᠷ ᠵᠢᠳᠬᠦᠪᠡᠰᠦ ᠡᠨᠡ ᠬᠢᠷᠢ ᠳ᠋ᠦ᠍ᠷ ᠦᠯᠦ ᠬᠦᠷᠦᠭᠦᠯᠬᠦ ᠪᠥᠯᠥᠭᠡ ! 》 ᠬᠡᠮᠡᠭᠰᠡᠨ ᠳ᠋ᠦ᠍ᠷ ᠶᠧ ᠯᠢᠦᠢ ᠴᠦ ᠼᠠᠢ ᠠᠢᠯᠠᠳᠬᠠᠷᠤᠨ:《ᠰᠥᠩ᠂ ᠠᠯᠲᠠᠨ ᠬᠣᠶᠠᠷ ᠤᠯᠤᠰ ᠤ᠋ᠨ ᠰᠠᠢᠳ ᠠᠯᠢᠨ ᠴᠤ᠌ ᠴᠥᠮ ᠰᠠᠢᠳ ᠨᠠᠳᠠ ᠠ᠋ᠴᠠ ᠢᠯᠡᠭᠦᠦ ᠪᠣᠯᠥᠭᠡ᠃ ᠰᠠᠢᠳ ᠪᠢ ᠬᠡᠮᠡᠭᠴᠢ ᠠᠯᠲᠠᠨ ᠤᠯᠤᠰ ᠲᠤᠷ ᠭᠡᠭᠡᠭᠳᠡᠭᠰᠡᠨ ᠮᠤᠩᠬᠠᠭ ᠰᠠᠢᠳ ᠪᠣᠯᠠᠢ᠃ ᠡᠳᠡᠭᠡᠷ ᠴᠥᠮ ᠲᠦᠮᠡᠨ ᠨᠠᠰᠤᠲᠤ ᠶ᠋ᠢᠨ ᠤᠯᠠᠭᠠᠨ ᠪᠤᠶᠠᠨ ᠳ᠋ᠤᠷ ᠪᠣᠢ ᠊ᠶ᠎ᠠ᠂ ᠰᠠᠢᠳ ᠨᠠᠳᠠ ᠳ᠋ᠤᠷ ᠶᠠᠭᠤᠨ ᠤ᠋ ᠡᠷᠳᠡᠮ ᠪᠣᠢ !》ᠬᠡᠮᠡᠭᠰᠡᠨ ᠳ᠋ᠦ᠍ᠷ ᠲᠠᠢᠽᠥ᠋ᠩ ᠬᠠᠭᠠᠨ ᠲᠡᠭᠦᠨ ᠦ᠌ ᠰᠡᠳᠬᠢᠯ ᠢ᠋ ᠢᠨᠤ ᠮᠠᠰᠢᠳᠠ ᠰᠠᠢᠰᠢᠶᠠᠵᠤᠬᠤᠢ᠃ ᠳᠠᠷᠤᠢ ᠵᠠᠷᠯᠢᠭ ᠪᠠᠭᠤᠯᠭᠠᠭᠠᠳ ᠵᠦᠩ ᠱᠤ᠌ ᠱᠧᠩ ᠶᠠᠮᠤᠨ ᠪᠠᠢᠭᠤᠯᠵᠤ᠂ ᠶᠧ ᠯᠢᠦᠢ ᠴᠦ ᠼᠠᠢ ᠶ᠋ᠢ ᠵᠦᠩ ᠱᠤ᠌ ᠯᠢᠩ ᠦ᠋ᠨ ᠶᠡᠬᠡ ᠲᠤᠰᠢᠶᠠᠯ ᠳ᠋ᠤ᠌ ᠡᠷᠭᠦᠮᠵᠢᠯᠡᠪᠡ᠃ ᠵᠦᠩ ᠱᠤ᠌ ᠱᠧᠩ ᠦ᠋ᠨ ᠲᠠᠮᠠᠭ᠎ᠠ ᠲᠡᠮᠳᠡᠭ ᠢ᠋ ᠲᠤᠰᠢᠶᠠᠨ ᠥᠭᠴᠦ ᠤᠯᠤᠰ ᠤ᠋ᠨ ᠨᠢᠭᠤᠴᠠ ᠬᠡᠷᠡᠭ ᠢ᠋ ᠴᠥᠮ ᠲᠡᠭᠦᠨ ᠳ᠋ᠦ᠍ᠷ ᠢᠲᠡᠭᠡᠪᠡᠢ ᠊ᠶ᠎ᠠ᠃
ᠲᠡᠳᠦᠢ ᠬᠠᠭᠠᠨ ᠢ᠋ ᠸᠠᠩ ᠪᠦᠬᠦᠢ ᠶ᠋ᠢᠨ ᠦᠶ᠎ᠡ ᠡᠴᠡ ᠰᠢᠳᠠᠷ ᠳᠠᠭᠠᠭᠰᠠᠨ ᠶᠧ ᠯᠢᠦᠢ ᠴᠦ ᠼᠠᠢ ᠶ᠋ᠢᠨ ᠰᠢᠯᠭᠠᠨ ᠬᠡᠷᠡᠭᠯᠡᠭᠦᠯᠦᠭᠰᠡᠨ ᠨᠢᠶᠠᠨ ᠬᠤ᠌᠂ ᠵᠦᠩ ᠱᠠᠨ ᠵᠡᠭᠦᠨ ᠭᠠᠷ ᠤ᠋ᠨ ᠴᠧᠩᠰᠢᠶᠠᠩ᠂ ᠢᠨ ᠬᠠᠢ ᠶ᠋ᠢ ᠪᠠᠷᠠᠭᠤᠨ ᠭᠠᠷ ᠤ᠋ᠨ ᠴᠧᠩᠰᠢᠶᠠᠩ᠂ ᠮᠣᠩᠭᠣᠯ ᠴᠧᠩᠰᠢᠶᠠᠩ ᠠ᠋ᠴᠠ ᠲᠡᠷᠢᠭᠦᠯᠡᠨ ᠬᠢᠲᠠᠳ ᠤ᠋ᠨ ᠬᠡᠷᠡᠭ ᠲᠦ᠍ᠷ ᠬᠠᠪᠰᠤᠷᠤᠭᠤᠯᠪᠠ᠃ ᠡᠭᠦᠨ ᠳ᠋ᠦ᠍ᠷ ᠠᠯᠲᠠᠨ ᠤᠯᠤᠰ ᠤ᠋ᠨ ᠶᠠᠨ ᠵᠢᠩ ᠡᠴᠡ ᠳᠠᠭᠠᠭᠰᠠᠨ ᠰᠢᠶᠠᠨ ᠳᠠ ᠪᠦ ᠤᠭ ᠠ᠋ᠴᠠ ᠶᠧ ᠯᠢᠦᠢ ᠴᠦ ᠼᠠᠢ ᠶ᠋ᠢ ᠦᠯᠦ ᠲᠠᠭᠠᠯᠠᠨ ᠪᠥᠯᠥᠭᠡ ᠃ ᠡᠳᠦᠭᠡ ᠲᠡᠷᠡ ᠭᠡᠨᠡᠳᠲᠡ ᠲᠠᠪᠰᠢᠵᠤ ᠵᠦᠩ ᠱᠤ᠌ ᠯᠢᠩ ᠲᠦᠰᠢᠮᠡᠯ ᠪᠣᠯᠵᠤ᠂ ᠡᠷᠲᠡᠨ ᠦ᠌ ᠵᠦᠩ ᠼᠠᠢ ᠮᠡᠲᠦ ᠡᠷᠬᠢᠮ ᠲᠡᠢ ᠪᠣᠯᠤᠭᠰᠠᠨ ᠳ᠋ᠤᠷ ᠶᠡᠬᠡᠯ᠎ᠡ ᠠᠮᠤᠷ ᠦᠭᠡᠢ ᠪᠣᠯᠵᠤ᠂ ᠬᠠᠭᠠᠨ ᠤ᠋ ᠠᠪᠠᠭ᠎ᠠ ᠴᠢᠨ ᠸᠠᠩ ᠭᠠᠴᠣᠭ ᠲᠤᠷ ᠡᠴᠢᠵᠦ ᠴᠦ ᠼᠠᠢ ᠶ᠋ᠢ ᠬᠣᠪᠯᠠᠨ ᠥᠭᠦᠯᠡᠷᠦᠨ :《ᠶᠧ ᠯᠢᠦᠢ ᠴᠦ ᠼᠠᠢ ᠤᠭ ᠠ᠋ᠴᠠ ᠯᠢᠶᠣᠣ᠂ ᠠᠯᠲᠠᠨ ᠬᠣᠶᠠᠷ ᠤᠯᠤᠰ ᠲᠤᠷ ᠴᠥᠮ ᠵᠢᠷᠤᠮ ᠦᠭᠡᠢ ᠬᠥᠮᠦᠨ᠂ ᠡᠳᠦᠭᠡ ᠮᠣᠩᠭᠣᠯ ᠤ᠋ᠨ ᠬᠠᠷᠠᠬᠠᠨ ᠪᠠᠳᠠᠷᠠᠬᠤᠢ ᠳ᠋ᠤᠷ ᠲᠡᠷᠡ ᠡᠪᠳᠡᠬᠦ ᠠᠷᠭ᠎ᠠ ᠦᠭᠡᠢ᠂ ᠨᠢᠭᠤᠴᠠ ᠬᠣᠯᠠ ᠭᠡᠮ ᠢ᠋ ᠬᠡᠷᠡᠭᠯᠡᠨ᠂ ᠥᠪᠡᠷ ᠦ᠋ᠨ ᠠᠮᠠᠷᠠᠭᠯᠠᠭᠰᠠᠨ ᠪᠦᠬᠦᠨ ᠢ᠋ᠶ᠋ᠡᠨ ᠡᠷᠭᠦᠨ ᠭᠠᠷᠭᠠᠵᠤ ᠬᠦᠨᠳᠦ ᠲᠤᠰᠢᠶᠠᠯ ᠳ᠋ᠤᠷ ᠬᠡᠷᠡᠭᠯᠡᠭᠦᠯᠦᠮᠦᠢ᠃ ᠲᠡᠷᠡ ᠯᠠᠪ ᠰᠠᠢᠨ ᠰᠠᠨᠠᠭᠠᠨ ᠪᠤᠰᠤ᠂ ᠡᠷᠬᠡᠪᠰᠢ ᠮᠣᠩᠭᠣᠯ ᠤ᠋ᠨ ᠲᠥᠷᠥ ᠶ᠋ᠢᠨ ᠡᠷᠬᠡ ᠶ᠋ᠢ ᠴᠥᠮ ᠡᠵᠡᠯᠡᠵᠦ᠂ ᠮᠣᠩᠭᠣᠯ ᠢ᠋ ᠳᠣᠲᠣᠷ᠎ᠠ ᠠ᠋ᠴᠠ ᠡᠪᠳᠡᠰᠦᠭᠡᠢ ᠬᠡᠮᠡᠬᠦ ᠰᠠᠨᠠᠭᠠᠨ ᠪᠣᠢ᠃ ᠡᠷᠳᠡᠰᠡ ᠬᠠᠭᠠᠨ ᠳ᠋ᠤᠷ ᠠᠢᠯᠠᠳᠬᠠᠵᠤ ᠠᠯᠠᠭᠤᠯᠪᠠᠰᠤ ᠵᠣᠬᠢᠮᠤᠢ ! 》 ᠬᠡᠮᠡᠭᠰᠡᠨ ᠳ᠋ᠦ᠍ᠷ ᠴᠢᠨ ᠸᠠᠩ ᠭᠠᠴᠤᠭ ᠳᠠᠷᠤᠢ ᠠᠢᠯᠠᠳᠬᠠᠨ ᠢᠯᠡᠭᠡᠪᠡ᠃ ᠬᠠᠭᠠᠨ ᠪᠣᠳᠣᠷᠣᠣᠯ ᠪᠢᠴᠢᠭ ᠢ ᠦᠵᠡᠭᠡᠳ ᠬᠥᠮᠦᠨ ᠦ᠌ ᠬᠣᠪᠯᠠᠭᠰᠠᠨ ᠢ᠋ ᠮᠡᠳᠡᠵᠦ᠂ ᠢᠷᠡᠭᠰᠡᠨ ᠡᠯᠴᠢ ᠳ᠋ᠦ᠍ᠷ ᠬᠣᠪ ᠦᠭᠡ ᠶ᠋ᠢ ᠪᠦᠦ ᠠᠪ ᠭᠡᠮᠡᠨ ᠵᠠᠷᠯᠢᠭ ᠤ᠋ᠨ ᠪᠢᠴᠢᠭ ᠢ᠋ ᠡᠭᠦᠷᠦᠭᠦᠯᠵᠦ ᠶᠠᠪᠤᠭᠤᠯᠪᠠ᠃ ᠳᠠᠭᠠᠯᠳᠤᠭ᠎ᠠ ᠭᠡᠨᠡᠳᠲᠡ ᠰᠢᠶᠠᠨ ᠳᠠ ᠪᠦ ᠶ᠋ᠢ ᠶᠣᠣ ᠹᠦ ᠨᠡᠷᠡᠲᠦ ᠪᠠᠭ᠎ᠠ ᠲᠦᠰᠢᠮᠡᠯ ᠲᠡᠭᠦᠨ ᠦ᠌ ᠬᠢᠬᠠᠵᠤ ᠮᠥᠯᠵᠢᠭᠰᠡᠨ ᠢ᠋ ᠢᠯᠡᠷᠭᠡᠶ᠎ᠡ ᠵᠢᠭᠠᠨ ᠭᠠᠷᠭᠠᠵᠤ ᠵᠠᠭᠠᠯᠳᠤᠭᠰᠠᠨ ᠳ᠋ᠤᠷ ᠬᠠᠭᠠᠨ ᠳᠠᠷᠤᠢ ᠵᠠᠷᠯᠢᠭ ᠢ᠋ᠶ᠋ᠠᠷ ᠶᠧ ᠯᠢᠦᠢ ᠴᠦ ᠼᠠᠢ ᠶ᠋ᠢ ᠰᠢᠭᠦᠵᠦ ᠠᠢᠯᠠᠳᠬ᠎ᠠ ᠬᠡᠮᠡᠭᠰᠡᠨ ᠳ᠋ᠦ᠍ᠷ ᠶᠧ ᠯᠢᠦᠢ ᠴᠦ ᠼᠠᠢ ᠮᠥᠷᠭᠥᠵᠦ ᠠᠢᠯᠠᠳᠬᠠᠷᠤᠨ : 《ᠰᠢᠶᠠᠨ ᠳᠠ ᠪᠦ ᠲᠦᠰᠢᠮᠡᠯ ᠨᠠᠮᠠᠶ᠋ᠢ ᠬᠣᠪᠯᠠᠭᠰᠠᠨ ᠳ᠋ᠤᠷ ᠡᠳᠦᠭᠡ ᠲᠦᠰᠢᠮᠡᠯ ᠨᠠᠮᠠᠶ᠋ᠢ ᠲᠤᠰᠢᠶᠠᠨ ᠠᠰᠠᠭᠤᠯᠭᠠᠪᠠᠰᠤ᠂ ᠬᠡᠳᠦᠢ ᠦᠨᠡᠨ ᠢ᠋ ᠣᠯᠪᠠᠴᠤ ᠲᠡᠷᠡ ᠥᠪᠡᠷ ᠦ᠋ᠨ ᠦᠰ ᠲᠣᠷ ᠬᠡᠯᠪᠡᠷᠢᠨ ᠰᠢᠳᠬᠡᠪᠡᠢ ᠬᠡᠮᠡᠮᠦᠢ᠃ ᠵᠢᠴᠢ ᠳ᠋ᠦ᠍ᠷ ᠡᠳᠦᠭᠡ ᠬᠠᠷᠠᠬᠠᠨ ᠠᠯᠲᠠᠨ᠂ ᠰᠥᠩ ᠬᠣᠶᠠᠷ ᠤᠯᠤᠰ ᠯᠤᠭ᠎ᠠ ᠲᠡᠮᠡᠴᠡᠬᠦᠢ ᠳ᠋ᠦ᠍ᠷ ᠲᠡᠳᠡᠭᠡᠷ ᠢ᠋ ᠨᠡᠬᠡᠯᠴᠡᠵᠦ ᠶᠠᠭᠤ ᠬᠢᠬᠦ ? ᠶᠡᠬᠡ ᠬᠡᠷᠡᠭ ᠴᠢᠬᠤᠯᠠ᠃ ᠰᠢᠶᠠᠨ ᠳᠠ ᠪᠦ ᠬᠡᠮᠡᠭᠴᠢ ᠨᠢᠭᠡᠨ ᠣᠮᠣᠷᠬᠠᠭ ᠪᠠᠷᠳᠠᠮ ᠬᠥᠮᠦᠨ᠂ ᠲᠡᠷᠡ ᠬᠡᠷᠬᠢᠨ ᠴᠢᠳᠠᠬᠤ ! 》ᠬᠡᠮᠡᠭᠰᠡᠨ ᠳ᠋ᠦ᠍ᠷ ᠬᠠᠭᠠᠨ ᠮᠥᠨ ᠭᠡᠮᠡᠨ ᠮᠦᠰᠢᠶᠡᠨ ᠵᠥᠪᠰᠢᠶᠡᠵᠦ᠂ ᠰᠢᠶᠠᠨ ᠳᠠ ᠪᠦ ᠶ᠋ᠢ ᠥᠪᠡᠷ᠎ᠡ ᠮᠣᠩᠭᠣᠯ ᠴᠧᠩᠰᠢᠶᠠᠩ ᠡᠭᠦᠯᠡᠨ ᠴᠡᠷᠪᠢ ᠳ᠋ᠦ᠍ᠷ ᠲᠤᠰᠢᠶᠠᠨ ᠰᠢᠳᠬᠡᠭᠦᠯᠦᠭᠡᠳ ᠰᠢᠳᠠᠷ ᠰᠠᠢᠳ ᠤ᠋ᠨ ᠵᠦᠭ ᠵᠠᠷᠯᠢᠭ ᠪᠣᠯᠤᠷᠤᠨ : 《ᠵᠦᠩ ᠱᠤ᠌ ᠯᠢᠩ ᠶᠧ ᠯᠢᠦᠢ ᠴᠦ ᠼᠠᠢ ᠶ᠋ᠢ ᠦᠨᠡᠨᠴᠢ ᠰᠡᠳᠬᠢᠯ ᠦᠯᠡᠮᠵᠢ ᠡᠷᠳᠡᠮ ᠤᠬᠠᠭᠠᠨᠲᠤ ᠰᠠᠢᠳ ᠬᠡᠮᠡᠪᠡᠰᠦ ᠪᠣᠯᠤᠮᠤᠢ᠃ ᠲᠠᠨ ᠤ᠋ ᠣᠯᠠᠨ ᠮᠣᠩᠭᠣᠯ ᠰᠠᠢᠳ ᠲᠡᠭᠦᠨ ᠦ᠌ ᠲᠡᠷᠡ ᠨᠠᠷᠢᠨ ᠤᠬᠠᠭᠠᠨ ᠵᠥᠭᠡᠯᠡᠨ ᠵᠠᠩ ᠢ᠋ ᠳᠠᠭᠤᠷᠢᠶᠠᠨ ᠰᠤᠷᠲᠤᠭᠠᠢ !》ᠬᠡᠮᠡᠪᠡ᠃
ᠲᠡᠨᠳᠡᠴᠡ ᠶᠢᠰᠦᠨ ᠰᠠᠷ᠎ᠠ ᠳ᠋ᠤᠷ ᠰᠥᠩ ᠤᠯᠤᠰ ᠤ᠋ᠨ ᠲᠠᠢ ᠮᠢᠶᠣᠤ ᠳ᠋ᠤᠷ ᠲᠡᠭᠷᠢ ᠶ᠋ᠢᠨ ᠭᠠᠯ ᠪᠠᠭᠤᠵᠤ ᠰᠢᠲᠠᠬᠤᠢ ᠳ᠋ᠤᠷ ᠡᠨᠡ ᠭᠠᠯ ᠤ᠋ᠨ ᠳᠣᠲᠣᠷ᠎ᠠ ᠯᠢ ᠴᠢᠦᠸᠡᠨ ᠢ᠋ ᠦᠵᠡᠪᠡ ᠭᠡᠮᠡᠨ ᠶᠡᠬᠡᠯ᠎ᠡ ᠦᠢᠮᠡᠯᠴᠡᠨ᠂ ᠵᠢᠴᠢ ᠲᠣᠯᠢ ᠴᠢᠨ ᠸᠠᠩ ᠡᠮᠦᠨ᠎ᠡ ᠵᠦᠭ ᠴᠡᠷᠢᠭ ᠣᠷᠣᠵᠤ᠂ ᠤᠷᠢᠳᠠ ᠶ᠋ᠢᠨ ᠡᠯᠴᠢ ᠶ᠋ᠢ ᠰᠥᠩ ᠤᠯᠤᠰ ᠤ᠋ᠨ ᠴᠢᠩ ᠶᠧ ᠶᠤᠸᠠᠨ ᠤ᠋ ᠲᠦᠩ ᠵᠢᠢ ᠲᠦᠰᠢᠮᠡᠯ ᠵᠠᠩ ᠰᠢᠦᠸᠠᠨ᠂ ᠰᠦ᠍ ᠪᠦ ᠬᠠᠨ ᠢ᠋ ᠬᠤᠯᠠᠭᠤᠨ ᠠᠯᠠᠭᠰᠠᠨ ᠢ᠋ ᠰᠣᠨᠣᠰᠴᠤ ᠶᠡᠬᠡᠯ᠎ᠡ ᠠᠭᠤᠷᠯᠠᠨ ᠥᠭᠦᠯᠡᠷᠦᠨ : 《ᠰᠥᠩ ᠤᠯᠤᠰ ᠤᠷᠢᠳᠠ ᠠ᠋ᠴᠠ ᠮᠠᠨ ᠳ᠋ᠤᠷ ᠠᠯᠪᠠ ᠪᠠᠷᠢᠭᠰᠠᠭᠠᠷ ᠢᠷᠡᠭᠡᠳ ᠡᠨᠡ ᠬᠡᠳᠦᠨ ᠵᠢᠯ ᠳᠤᠲᠠᠭᠤᠯᠪᠠ᠃ ᠪᠠᠰᠠ ᠬᠠᠮᠲᠤ ᠪᠠᠷ ᠴᠢᠭᠤᠯᠭᠠᠨ ᠨᠡᠢᠯᠡᠭᠦᠯᠵᠦ ᠠᠯᠲᠠᠨ ᠤᠯᠤᠰ ᠢ᠋ ᠳᠠᠢᠯᠠᠰᠤᠭᠠᠢ ᠬᠡᠮᠡᠭᠡᠳ ᠪᠠᠰᠠ ᠪᠣᠯᠵᠣᠭ᠎ᠠ ᠶ᠋ᠢ ᠲᠡᠷᠰᠯᠡᠪᠡ᠃ ᠡᠨᠡ ᠤᠳᠠᠭ᠎ᠠ ᠪᠠᠰᠠ ᠮᠠᠨ ᠤ᠋ ᠡᠯᠴᠢ ᠰᠦ᠍ ᠪᠦ ᠬᠠᠨ ᠢ ᠠᠯᠠᠪᠠ᠂ ᠰᠥᠩ ᠦ᠋ᠨ ᠮᠥᠬᠥᠬᠦ ᠦᠨᠳᠦᠰᠦᠨ ᠡᠭᠦᠨ ᠡᠴᠡ ᠡᠬᠢᠯᠡᠪᠡ ! 》ᠭᠡᠮᠡᠨ ᠳᠠᠷᠤᠢ ᠰᠥᠩ ᠦ᠋ᠨ ᠵᠦᠭ ᠴᠡᠷᠢᠭ ᠢ᠋ ᠱᠠᠭᠠᠷᠳᠠᠨ ᠶᠠᠪᠤᠬᠤᠢ ᠳ᠋ᠤᠷ ᠣᠯᠠᠨ ᠴᠡᠷᠢᠭ ᠢ᠋ᠶ᠋ᠡᠨ ᠥᠷᠥᠰᠢᠶᠡᠨ ᠦᠵᠡᠵᠦ ᠥᠷᠯᠥᠭᠡ ᠦᠳᠡᠰᠢ ᠢᠳᠡᠭᠦᠯᠬᠦ ᠱᠠᠩᠨᠠᠬᠤ ᠠᠨᠤ ᠦᠷ᠎ᠡ ᠠᠴᠢ ᠮᠡᠲᠦ ᠳ᠋ᠦ᠍ᠷ ᠣᠯᠠᠨ ᠴᠡᠷᠢᠭ ᠴᠥᠮ ᠥᠪᠡᠷ ᠦ᠋ᠨ ᠠᠮᠢᠨ ᠤ᠋ ᠬᠣᠷᠣᠰᠤᠯ ᠠ᠋ᠴᠠ ᠢᠯᠡᠭᠦᠦ ᠴᠢᠷᠮᠠᠢᠯᠴᠠᠨ ᠵᠢᠳᠬᠦᠵᠦ ᠱᠠᠯᠠᠭᠠᠮᠠᠢᠭᠠᠯᠠᠨ ᠶᠠᠪᠤᠵᠤ᠂ ᠡᠤ ᠰᠢᠦ ᠳ᠋ᠦ᠍ᠷ ᠣᠷᠣᠰᠤᠭᠠᠢ ᠭᠡᠮᠡᠨ ᠳᠡ ᠰᠠᠨ ᠭᠤᠸᠠᠨ ᠢ᠋ᠶ᠋ᠠᠷ ᠨᠡᠪᠲᠡᠯᠦᠨ ᠣᠷᠣᠵᠤ᠂ ᠹᠧᠩ ᠵᠧᠦ ᠬᠣᠲᠠ ᠶ᠋ᠢ ᠪᠠᠢᠯᠳᠤᠨ ᠰᠢᠷᠣᠢ ᠶ᠋ᠢᠨ ᠳᠣᠪᠣ ᠴᠤ᠌ ᠣᠪᠣᠭᠠᠯᠠᠬᠤ ᠦᠭᠡᠢ ᠰᠢᠭᠤᠳ ᠨᠢᠭᠡᠨ ᠥᠨᠴᠥᠭ ᠢ᠋ᠶ᠋ᠡᠷ ᠢᠨᠦ ᠪᠠᠢᠯᠳᠤᠵᠤ᠂ ᠡᠳᠦᠷ ᠰᠥᠨᠢ ᠦᠭᠡᠢ ᠲᠤᠯᠤᠯᠴᠠᠨ ᠭᠡᠨᠡᠳᠲᠡ ᠬᠣᠢᠲᠤ ᠬᠠᠭᠠᠯᠭ᠎ᠠ ᠪᠠᠷ ᠳᠠᠪᠠᠨ ᠣᠷᠣᠵᠤ ᠬᠣᠲᠠᠨ ᠢ᠋ ᠠᠪᠤᠭᠠᠳ ᠳᠠᠷᠤᠢ ᠳᠡᠢᠯᠦᠭᠰᠡᠨ ᠬᠦᠴᠦᠨ ᠳ᠋ᠦ᠍ᠷ ᠬᠡᠩᠭᠡᠷᠭᠡ ᠴᠣᠬᠢᠨ ᠭᠦᠸᠧ ᠶᠠᠩ᠂ ᠲᠦ ᠶᠠᠩ ᠤ᠋ᠨ ᠬᠣᠶᠠᠷ ᠭᠠᠵᠠᠷ ᠢ᠋ᠶ᠋ᠠᠷ ᠨᠡᠪᠲᠡᠯᠦᠨ ᠭᠠᠷᠴᠤ ᠡᠤ ᠰᠢᠦ ᠬᠣᠲᠠ ᠶ᠋ᠢ ᠪᠠᠢᠯᠳᠤᠨ ᠡᠪᠳᠡᠵᠦ᠂ ᠺᠠᠢ ᠱᠠᠩ ᠱᠠᠨ ᠢ᠋ᠶ᠋ᠠᠷ ᠱᠠᠯᠠᠮᠠᠭᠠᠢᠯᠠᠨ ᠳᠠᠪᠠᠵᠤ᠂ ᠵᠢᠶᠣᠤ ᠶᠠᠨ ᠡᠷᠭᠢ ᠪᠡᠷ ᠭᠠᠷᠴᠤ ᠡᠤ ᠰᠢᠦ ᠶ᠋ᠢᠨ ᠵᠡᠭᠦᠨ ᠡᠮᠦᠨᠡᠲᠦ ᠰᠢᠩ ᠶᠤᠸᠠᠨ ᠬᠣᠲᠠ ᠶ᠋ᠢ ᠪᠦᠰᠡᠯᠡᠵᠦ ᠬᠠᠭᠠᠪᠠᠢ᠃ ᠡᠨᠡ ᠭᠠᠵᠠᠷ ᠰᠡᠪ ᠰᠠᠶᠢ ᠮᠣᠩᠭᠣᠯ ᠤ᠋ᠨ ᠴᠡᠷᠢᠭ ᠢ᠋ ᠦᠵᠡᠭᠰᠡᠨ ᠲᠤᠯᠠ ᠬᠤᠪᠢᠯᠭᠠᠨ ᠴᠢᠳᠬᠥᠷ ᠢ᠋ ᠦᠵᠡᠭᠰᠡᠨ ᠮᠡᠲᠦ ᠥᠪᠡᠷ ᠵᠠᠭᠤᠷ᠎ᠠ ᠪᠠᠨ ᠵᠢᠭᠤᠷᠠᠯᠳᠤᠨ ᠰᠠᠮᠠᠭᠤᠷᠠᠵᠤ᠂ ᠰᠢᠷᠣᠢ ᠲᠣᠭᠣᠰᠣᠨ ᠳ᠋ᠤᠷ ᠳᠠᠷᠤᠭᠳᠠᠵᠤ᠂ ᠠᠭᠤᠯᠠ ᠭᠣᠣᠯ ᠳ᠋ᠤᠷ ᠥᠯᠪᠡᠷᠴᠦ ᠦᠬᠦᠭᠰᠡᠨ ᠢᠨᠤ ᠮᠠᠰᠢ ᠣᠯᠠᠨ᠃ ᠴᠢᠨ ᠸᠠᠩ ᠲᠣᠯᠢ ᠴᠡᠷᠢᠭ ᠢ᠋ᠶ᠋ᠡᠨ ᠪᠠᠰᠠ ᠬᠤᠪᠢᠶᠠᠨ ᠰᠠᠯᠭᠠᠵᠤ᠂ ᠭᠤᠷᠪᠠᠨ ᠵᠠᠮ ᠢ᠋ᠶ᠋ᠠᠷ ᠠᠯᠠᠨ ᠣᠷᠣᠪᠠ᠃ ᠵᠡᠭᠦᠨ ᠭᠠᠷ ᠤ᠋ᠨ ᠵᠠᠩᠵᠤᠨ ᠯᠢ ᠭᠦᠸᠧ ᠴᠢᠩ ᠵᠡᠭᠦᠨ ᠵᠠᠮ ᠢ᠋ᠶ᠋ᠠᠷ ᠣᠷᠣᠵᠤ᠂ ᠰᠥᠩ ᠤᠯᠤᠰ ᠠ᠋ᠴᠠ ᠠᠮᠤ ᠶ᠋ᠢᠨ ᠠᠯᠪᠠ ᠶ᠋ᠢ ᠨᠡᠭᠡᠬᠦᠯᠦᠷᠡ ᠢᠯᠡᠭᠡᠭᠡᠳ ᠪᠠᠷᠠᠭᠤᠨ ᠭᠠᠷ ᠤ᠋ᠨ ᠵᠠᠩᠵᠤᠨ ᠡᠤ ᠰᠢᠶᠣᠤ ᠯᠢ ᠠᠯᠲᠠᠨ ᠤᠯᠤᠰ ᠤ᠋ᠨ ᠵᠢᠯ ᠦ᠋ᠨ ᠠᠯᠪᠠ ᠶ᠋ᠢ ᠨᠡᠬᠡᠷ᠎ᠡ ᠣᠷᠣᠪᠠ᠃ ᠵᠢᠴᠢ ᠮᠣᠩᠭᠣᠯ ᠰᠠᠷᠠᠨ᠂ ᠮᠣᠩᠭᠣᠯ ᠪᠤᠭᠤ ᠬᠣᠶᠠᠭᠤᠯᠠ ᠳ᠋ᠤᠷ ᠨᠢᠭᠡᠨ ᠠᠩᠭᠢ ᠴᠡᠷᠢᠭ ᠥᠭᠴᠦ ᠡᠤ ᠪᠧᠢ ᠶ᠋ᠢᠨ ᠵᠠᠮ ᠢ᠋ᠶ᠋ᠠᠷ ᠣᠷᠣᠭᠤᠯᠵᠤ᠂ ᠰᠥᠩ ᠤᠯᠤᠰ ᠤ᠋ᠨ ᠭᠠᠨ ᠵᠧᠦ ᠬᠣᠲᠠᠨ ᠠ᠋ᠴᠠ ᠳᠠᠷᠠᠭᠠᠯᠠᠨ ᠳᠠ ᠠᠨ ᠤ᠋ ᠵᠡᠷᠭᠡ ᠶ᠋ᠢᠨ ᠣᠯᠠᠨ ᠭᠠᠵᠠᠷ ᠤ᠋ᠨ ᠶᠡᠬᠡ ᠬᠣᠲᠠ ᠶ᠋ᠢ ᠠᠪᠴᠤ ᠪᠠᠢᠯᠳᠤᠨ ᠶᠠᠪᠤᠬᠤ ᠠᠨᠤ ᠰᠢᠷ᠎ᠠ ᠮᠥᠷᠡᠨ ᠰᠡᠲᠡᠷᠡᠵᠦ ᠵᠡᠭᠦᠨ ᠳᠠᠯᠠᠢ ᠴᠠᠯᠭᠢᠭᠰᠠᠨ ᠮᠡᠲᠦ᠂ ᠮᠣᠩᠭᠣᠯ ᠤ᠋ᠨ ᠴᠡᠷᠢᠭ ᠬᠦᠷᠦᠭᠰᠡᠨ ᠡᠯ᠎ᠡ ᠭᠠᠵᠠᠷ ᠵᠢᠭᠠᠰᠤ ᠬᠠᠪᠲᠠᠰᠤ ᠮᠣᠭᠠᠢ ᠮᠡᠨᠡᠬᠡᠢ ᠦᠯᠡᠳᠡᠭᠡᠯ ᠦᠭᠡᠢ ᠪᠤᠷᠬᠢᠷᠠᠯᠳᠤᠨ ᠬᠥᠭᠡᠭᠡᠴᠡᠯᠴᠡᠪᠡᠢ᠃
ᠵᠢᠴᠢ ᠴᠢᠨ ᠸᠠᠩ ᠲᠣᠯᠢ ᠶ᠋ᠢᠨ ᠭᠤᠷᠪᠠᠬᠠᠨ ᠮᠢᠩᠭᠠᠨ ᠴᠡᠷᠢᠭ ᠢ᠋ᠶ᠋ᠡᠨ ᠪᠠᠰᠠ ᠰᠠᠯᠭᠠᠵᠤ᠂ ᠬᠥᠭᠰᠢᠨ ᠬᠦᠯᠦᠭ ᠵᠢᠶᠦ᠋ᠨ ᠸᠠᠩ ᠴᠢᠯᠠᠭᠤ ᠳ᠋ᠤᠷ ᠨᠢᠭᠡᠨ ᠮᠢᠩᠭᠠᠨ ᠴᠡᠷᠢᠭ ᠥᠭᠴᠦ ᠰᠥᠩ ᠤᠯᠤᠰ ᠤ᠋ᠨ ᠬᠣᠲᠠ ᠪᠠᠯᠭᠠᠳ ᠢ᠋ ᠪᠠᠢᠯᠳᠤᠨ ᠣᠷᠣᠭᠰᠢ ᠣᠷᠣᠭᠤᠯᠵᠤ᠂ ᠬᠠᠨ ᠵᠦᠩ ᠦ᠋ᠨ ᠭᠠᠵᠠᠷ ᠢ᠋ᠶ᠋ᠠᠷ ᠣᠷᠣᠵᠤ᠂ ᠰᠧ ᠴᠢᠦᠸᠠᠨ ᠤ᠋ ᠭᠠᠵᠠᠷ ᠢ ᠬᠠᠭᠠᠰ ᠣᠷᠣᠭᠤᠯᠵᠤ᠂ ᠯᠠᠩ ᠵᠧᠦ ᠬᠣᠲᠠ ᠶ᠋ᠢ ᠭᠠᠯ ᠢ᠋ᠶ᠋ᠠᠷ ᠪᠠᠢᠯᠳᠤᠵᠤ ᠠᠪᠤᠪᠠᠢ᠃ ᠴᠢᠨ ᠸᠠᠩ ᠲᠣᠯᠢ ᠶ᠋ᠢᠨ ᠴᠡᠷᠢᠭ ᠠᠯᠲᠠᠨ ᠤᠯᠤᠰ ᠤ᠋ᠨ ᠭᠠᠵᠠᠷ ᠢ᠋ᠶ᠋ᠠᠷ ᠹᠠᠩ ᠵᠧᠦ ᠬᠣᠲᠠ ᠶ᠋ᠢ ᠪᠠᠢᠯᠳᠤᠨ ᠠᠪᠴᠤ ᠭᠤᠷᠪᠠᠨ ᠠᠩᠭᠢ ᠴᠡᠷᠢᠭ ᠬᠠᠮᠲᠤ ᠵᠣᠯᠭᠠᠵᠤ᠂ ᠠᠯᠲᠠᠨ ᠤᠯᠤᠰ ᠢ ᠪᠠᠢᠯᠳᠤᠷ᠎ᠠ ᠣᠷᠣᠪᠠ᠃ ᠡᠨᠡ ᠨᠢᠭᠡᠨ ᠠᠩᠭᠢ ᠴᠢᠨ ᠸᠠᠩ ᠲᠣᠯᠢ ᠶ᠋ᠢᠨ ᠴᠡᠷᠢᠭ ᠢ᠋ ᠲᠦᠷ ᠡᠨᠳᠡ ᠭᠥᠷᠥᠭᠦᠯᠵᠦ ᠲᠠᠯᠪᠢᠭᠠᠳ ᠣᠳᠣ ᠮᠣᠩᠭᠣᠯ ᠤ᠋ᠨ ᠲᠠᠢᠽᠥ᠋ᠩ ᠬᠠᠭᠠᠨ ᠤ᠋ ᠨᠢᠭᠡᠨ ᠠᠩᠭᠢ ᠪᠠ ᠲᠠᠢᠰᠢ ᠪᠤᠯᠤ ᠶ᠋ᠢᠨ ᠨᠢᠭᠡᠨ ᠠᠩᠭᠢ ᠶ᠋ᠢ ᠬᠡᠯᠡᠰᠦᠭᠡᠢ᠃
ᠲᠡᠨᠳᠡᠴᠡ ᠥᠭᠦᠯᠡᠬᠦ ᠢᠨᠤ᠂ ᠲᠠᠢᠽᠥ᠋ᠩ ᠬᠠᠭᠠᠨ ᠤ᠋ ᠯᠢᠶᠣᠣ ᠳ᠋ᠦᠩ ᠦ᠋ᠨ ᠭᠠᠵᠠᠷ ᠳᠡᠭᠡᠳᠦ ᠲᠠᠢᠽᠦ ᠬᠠᠭᠠᠨ ᠤ᠋ ᠦᠶ᠎ᠡ ᠳ᠋ᠦ᠍ᠷ ᠲᠦᠰᠢᠮᠡᠯ ᠢ᠋ ᠠᠮᠠᠯᠠᠵᠤ ᠭᠠᠤᠯᠢ ᠳ᠋ᠤᠷ ᠢᠯᠡᠭᠡᠭᠰᠡᠨ᠎ᠡ᠂ ᠭᠠᠤᠯᠢ ᠤᠯᠤᠰ ᠵᠠᠮ ᠳ᠋ᠤᠷ ᠬᠤᠯᠠᠭᠤᠵᠤ ᠠᠯᠠᠭᠰᠠᠨ ᠬᠡᠷᠡᠭ ᠲᠦ᠍ᠷ ᠬᠠᠷᠠᠬᠠᠨ ᠠᠭᠤᠷᠯᠠᠨ ᠪᠥᠯᠥᠭᠡ᠃ ᠲᠡᠷᠡ ᠦᠶ᠎ᠡ ᠳ᠋ᠦ᠍ᠷ ᠳᠡᠭᠡᠳᠦ ᠲᠠᠢᠽᠦ ᠬᠠᠭᠠᠨ ᠬᠠᠯᠢᠵᠤ᠂ ᠰᠢᠨ᠎ᠡ ᠬᠠᠭᠠᠨ ᠰᠠᠭᠤᠭᠠᠳ ᠬᠠᠷᠠᠬᠠᠨ ᠴᠢᠯᠥᠭᠡ ᠦᠭᠡᠢ ᠲᠤᠯᠠ ᠡᠳᠦᠭᠡ ᠡᠮᠦᠨ᠎ᠡ ᠵᠦᠭ ᠣᠷᠣᠬᠤᠢ ᠳ᠋ᠤᠷ ᠡᠷᠲᠡᠨ ᠦ᠌ ᠲᠠᠢᠽᠦ ᠬᠠᠭᠠᠨ ᠤ᠋ ᠦᠶ᠎ᠡ ᠳ᠋ᠦ᠍ᠷ ᠮᠠᠢᠯᠵᠢ ᠠᠢᠮᠠᠭ ᠤ᠋ᠨ ᠡᠵᠡᠨ ᠥᠨᠢ ᠶ᠋ᠢᠨ ᠳᠡᠭᠦᠦ ᠥᠨᠳᠥᠷ ᠰᠡᠴᠡᠨ᠂ ᠬᠡᠷᠡᠢᠳ ᠦ᠋ᠨ ᠴᠡᠷᠢᠭ ᠲᠦ᠍ᠷ ᠭᠠᠯᠵᠠᠭᠤ ᠭᠣᠣᠯ ᠳ᠋ᠤᠷ ᠨᠡᠬᠡᠵᠦ ᠪᠠᠢᠯᠳᠤᠨ ᠰᠢᠷᠬᠠᠲᠤᠵᠤ ᠦᠬᠦᠭᠰᠡᠨ ᠳ᠋ᠦ᠍ᠷ ᠲᠡᠭᠦᠨ ᠦ᠌ ᠭᠤᠷᠪᠠᠨ ᠬᠥᠪᠡᠭᠦᠨ – ᠶᠡᠬᠡ ᠬᠥᠪᠡᠭᠦᠨ ᠪᠣᠯᠢᠭᠲᠦ ᠪᠠᠷᠰ᠂ ᠬᠣᠶᠠᠳᠤᠭᠠᠷ ᠬᠥᠪᠡᠭᠦᠨ ᠰᠢᠯᠢᠭᠲᠦ ᠪᠠᠷᠰ᠂ ᠭᠤᠷᠪᠠᠳᠤᠭᠠᠷ ᠬᠥᠪᠡᠭᠦᠨ ᠲᠡᠰᠬᠡᠯ ᠪᠠᠷᠰ – ᠡᠨᠡ ᠭᠤᠷᠪᠠᠨ ᠢ᠋ ᠬᠠᠭᠠᠨ ᠤ᠋ ᠭᠡᠭᠡᠨ ᠳᠡᠷᠭᠡᠳᠡ ᠪᠡᠨ ᠲᠡᠵᠢᠭᠡᠨ ᠥᠰᠬᠡᠵᠦ ᠴᠥᠮ ᠳᠡᠭᠡᠳᠦ ᠲᠠᠢᠹᠦ᠋ ᠲᠦᠰᠢᠮᠡᠯ ᠪᠣᠯᠭᠠᠭᠰᠠᠨ ᠪᠥᠯᠥᠭᠡ᠃ ᠡᠨᠡ ᠭᠤᠷᠪᠠᠨ ᠪᠠᠭᠠᠲᠤᠷ ᠤ᠋ᠨ ᠰᠢᠯᠢᠭᠲᠦ ᠪᠠᠷᠰ ᠪᠠ ᠲᠡᠰᠬᠡᠯ ᠪᠠᠷᠰ ᠬᠣᠶᠠᠭᠤᠯᠠ ᠶ᠋ᠢ ᠨᠢᠭᠡᠨ ᠢ᠋ ᠲᠥᠪ ᠨᠢᠭᠡᠨ ᠢ ᠲᠠᠰᠢᠯᠠᠭᠤᠯᠵᠤ ᠰᠢᠭᠤᠳ ᠰᠣᠯᠣᠩᠭᠣᠰ ᠤ᠋ᠨ ᠳᠣᠯᠣᠭᠠᠨ ᠵᠢᠯ ᠠᠯᠪᠠ ᠪᠠᠷᠢᠭᠰᠠᠨ ᠦᠭᠡᠢ ᠤᠴᠢᠷ ᠲᠤᠷ ᠲᠠᠢᠯᠠᠭᠤᠯᠤᠷᠠ ᠢᠯᠡᠭᠡᠭᠰᠡᠨ ᠪᠥᠯᠥᠭᠡ᠃ ᠲᠡᠳᠦᠢ ᠲᠥᠪ ᠶᠤᠸᠠᠨᠱᠤᠸᠠᠢ ᠰᠢᠯᠢᠭᠲᠦ ᠪᠠᠷᠰ ᠵᠠᠷᠯᠢᠭ ᠢ᠋ᠶ᠋ᠠᠷ ᠲᠠᠪᠤᠨ ᠲᠦᠮᠡᠨ ᠮᠣᠩᠭᠣᠯ ᠬᠢᠲᠠᠳ ᠴᠡᠷᠢᠭ ᠢ᠋ ᠠᠪᠴᠤ ᠭᠠᠤᠯᠢ ᠤᠯᠤᠰ ᠲᠤᠷ ᠬᠦᠷᠴᠦ ᠶᠡᠬᠡ ᠴᠡᠷᠢᠭ ᠢ ᠲᠡᠭᠰᠢᠯᠡᠵᠦ ᠪᠠᠢᠯᠳᠤᠨ ᠣᠷᠣᠭᠰᠠᠨ ᠳ᠋ᠤᠷ ᠰᠣᠯᠣᠩᠭᠣᠰ ᠤᠯᠤᠰ ᠤ᠋ᠨ ᠾᠦᠩ ᠹᠦ ᠰᠦᠨ ᠬᠡᠮᠡᠭᠴᠢ ᠶᠡᠬᠡ ᠵᠠᠩᠵᠤᠨ ᠲᠡᠭᠷᠢ ᠶ᠋ᠢᠨ ᠵᠦᠢ ᠶ᠋ᠢ ᠮᠡᠳᠡᠬᠦ ᠲᠤᠯᠠ ᠨᠢᠭᠡᠨ ᠮᠢᠩᠭᠠᠨ ᠲᠠᠪᠤᠨ ᠵᠠᠭᠤᠨ ᠨᠤᠲᠤᠭ ᠤ᠋ᠨ ᠢᠷᠭᠡᠨ ᠢ᠋ ᠠᠪᠴᠤ ᠶᠡᠬᠡ ᠶᠤᠸᠠᠨᠱᠤᠸᠠᠢ ᠰᠢᠯᠢᠭᠲᠦ ᠪᠠᠷᠰ ᠲᠤᠷ ᠤᠭᠲᠤᠨ ᠳᠠᠭᠠᠵᠤ ᠣᠷᠣᠵᠤ ᠥᠭᠭᠰᠡᠨ ᠳ᠋ᠦ᠍ᠷ ᠳᠠᠷᠤᠢ ᠬᠠᠮᠲᠤ ᠴᠡᠷᠢᠭ ᠨᠡᠢᠯᠡᠵᠦ᠂ ᠭᠠᠤᠯᠢ ᠶ᠋ᠢᠨ ᠬᠣᠲᠠ ᠪᠠᠯᠭᠠᠳ ᠢ᠋ ᠠᠪᠬᠤ ᠠᠨᠤ ᠡᠯᠡᠰᠦ ᠬᠤᠮᠠᠭ ᠮᠠᠯᠲᠠᠬᠤ ᠮᠡᠲᠦ ᠬᠢᠯᠪᠠᠷ᠂ ᠣᠷᠴᠢᠨ ᠲᠣᠭᠣᠷᠢᠨ ᠰᠣᠨᠣᠰᠤᠭᠰᠠᠨ ᠭᠠᠵᠠᠷ ᠣᠷᠣᠨ ᠴᠥᠮ ᠤᠭᠲᠤᠨ ᠳᠠᠭᠠᠮᠤᠢ᠃
ᠲᠡᠳᠦᠢ ᠮᠣᠩᠭᠣᠯ ᠤ᠋ᠨ ᠶᠡᠬᠡ ᠶᠤᠸᠠᠨᠱᠤᠸᠠᠢ ᠰᠢᠯᠢᠭᠲᠦ ᠪᠠᠷᠰ ᠭᠠᠤᠯᠢ ᠶ᠋ᠢᠨ ᠡᠰᠡ ᠣᠷᠣᠵᠤ ᠥᠭᠭᠦᠭᠰᠡᠨ ᠬᠣᠲᠠ ᠪᠠᠯᠭᠠᠳ ᠢ᠋ ᠪᠠᠢᠯᠳᠤᠵᠤ ᠠᠪᠤᠭᠠᠳ ᠰᠣᠯᠣᠩᠭᠣᠰ ᠤᠯᠤᠰ ᠤ᠋ᠨ ᠡᠵᠡᠨ ᠦ᠌ ᠰᠠᠭᠤᠬᠤ ᠨᠡᠢᠰᠯᠡᠯ ᠠᠨᠤ ᠭᠠᠭᠴᠠᠭᠠᠷ ᠬᠣᠴᠣᠷᠤᠭᠰᠠᠨ ᠳ᠋ᠤᠷ ᠶᠡᠬᠡ ᠶᠤᠸᠠᠨᠱᠤᠸᠠᠢ ᠰᠢᠯᠢᠭᠲᠦ ᠪᠠᠷᠰ᠂ ᠪᠤᠭᠤᠷᠵᠢ ᠵᠢᠶᠦ᠋ᠨ ᠸᠠᠩ ᠤ᠋ᠨ ᠠᠴᠢ ᠬᠥᠪᠡᠭᠦᠨ ᠠᠷᠤᠯᠲᠤ ᠶ᠋ᠢ ᠢᠯᠡᠭᠡᠵᠦ ᠰᠣᠯᠣᠩᠭᠣᠰ ᠤᠯᠤᠰ ᠤ᠋ᠨ ᠡᠵᠡᠨ ᠸᠠᠩ ᠴᠢᠨ ᠢ᠋ ᠡᠷᠲᠡᠬᠡᠨ ᠣᠷᠣᠵᠤ ᠳᠠᠭ᠎ᠠ᠂ ᠪᠢ ᠬᠡᠳᠦᠢ ᠵᠠᠷᠯᠢᠭ ᠢ᠋ᠶ᠋ᠠᠷ ᠲᠠᠨ ᠢ᠋ ᠴᠥᠮ ᠪᠠᠷᠢᠷ᠎ᠠ ᠢᠷᠡᠬᠦᠢ ᠳ᠋ᠦ᠍ᠷ ᠡᠷᠲᠡᠨ ᠦ᠌ ᠲᠠᠨ ᠢ᠋ ᠳᠠᠭᠠᠭᠤᠯᠤᠭᠰᠠᠨ ᠠᠵᠢᠨᠠᠢ ᠮᠡᠷᠭᠡᠨ ᠨᠠᠷ ᠭᠠᠤᠯᠢ ᠶ᠋ᠢᠨ ᠸᠠᠩ ᠪᠤᠶᠤ ᠢᠷᠭᠡᠨ ᠢ᠋ ᠪᠠᠬᠠᠨ ᠠᠰᠠᠷᠠ ᠭᠡᠮᠡᠨ ᠨᠠᠳᠠ ᠳ᠋ᠤᠷ ᠬᠡᠯᠡᠭᠰᠡᠨ ᠪᠥᠯᠥᠭᠡ᠂ ᠪᠤᠰᠤ ᠪᠣᠯᠪᠠᠰᠤ ᠪᠢ ᠡᠨᠡ ᠦᠶ᠎ᠡ ᠳ᠋ᠦ᠍ᠷ ᠴᠢᠨᠦ ᠬᠣᠲᠠ ᠳ᠋ᠤᠷ ᠬᠡᠳᠦᠢᠨᠡᠢ ᠣᠷᠣᠵᠤ᠂ ᠴᠢᠨᠦ ᠢᠷᠭᠡᠨ ᠢ᠋ ᠨᠡᠭᠦᠯᠭᠡᠨ ᠠᠪᠠᠴᠢᠪᠠ ᠬᠡᠮᠡᠭᠰᠡᠨ ᠳ᠋ᠦ᠍ᠷ ᠰᠣᠯᠣᠩᠭᠣᠰ ᠤ᠋ᠨ ᠡᠵᠡᠨ ᠸᠠᠩ ᠴᠢᠨ ᠶᠡᠬᠡᠯ᠎ᠡ ᠠᠶᠤᠵᠤ ᠪᠣᠭᠣᠮᠢᠯᠠᠨ ᠦᠬᠦᠬᠦᠢ ᠳ᠋ᠦ᠍ᠷ ᠬᠦᠷᠴᠦ ᠬᠡᠳᠦᠨ ᠲᠣᠬᠣᠢ ᠳᠡᠭᠡᠰᠦ ᠴᠢᠷᠦᠭᠰᠡᠨ ᠢ᠋ ᠡᠮ᠎ᠡ ᠦᠷ᠎ᠡ ᠢᠨᠤ ᠦᠵᠡᠵᠦ ᠵᠣᠭᠰᠣᠭᠠᠨ ᠬᠠᠷᠠᠬᠠᠨ ᠠᠮᠢᠳᠤᠷᠠᠬᠤ ᠠᠷᠭ᠎ᠠ ᠦᠭᠡᠢ ᠪᠥᠬᠥᠶ᠎ᠡ᠂ ᠡᠳᠦᠭᠡ ᠭᠡᠨᠡᠳᠲᠡ ᠠᠮᠢᠳᠤᠷᠠᠬᠤ ᠵᠠᠮ ᠭᠠᠷᠤᠭᠰᠠᠨ ᠳ᠋ᠤᠷ ᠶᠠᠭᠠᠷᠠᠨ ᠳᠡᠭᠦᠦ ᠪᠡᠨ ᠬᠤᠸᠠᠢ ᠠᠨ ᠬᠦᠩ ᠢ᠋ ᠢᠯᠡᠭᠡᠵᠦ᠂ ᠳᠠᠭᠠᠬᠤ ᠶ᠋ᠢ ᠭᠤᠶᠤᠵᠤ ᠠᠮᠢᠨ ᠢ ᠠᠪᠤᠷᠠᠮᠤ ᠬᠡᠮᠡᠬᠦᠢ ᠳ᠋ᠦ᠍ᠷ ᠰᠢᠯᠢᠭᠲᠦ ᠪᠠᠷᠰ ᠬᠠᠭᠠᠨ ᠤ᠋ ᠨᠢᠭᠤᠴᠠ ᠵᠠᠷᠯᠢᠭ ᠢ᠋ ᠣᠯᠤᠭᠰᠠᠨ ᠲᠤᠯᠠ ᠳᠠᠷᠤᠢ ᠴᠡᠷᠢᠭ ᠵᠣᠭᠰᠣᠵᠤ ᠪᠣᠳᠣᠷᠣᠣᠯ ᠪᠢᠴᠢᠭ ᠪᠠᠷᠢᠵᠤ ᠵᠠᠷᠯᠢᠭ ᠭᠤᠶᠤᠷ᠎ᠠ ᠳᠣᠪᠲᠣᠯᠭᠠᠪᠠ᠃ ᠲᠡᠳᠦᠢ ᠤᠳᠠᠯ ᠦᠭᠡᠢ ᠶᠠᠯ᠎ᠠ ᠶ᠋ᠢ ᠭᠤᠷᠪᠠᠨ ᠵᠡᠷᠭᠡ ᠬᠥᠩᠭᠡᠯᠡᠵᠦ᠂ ᠠᠯᠠᠬᠤ ᠶ᠋ᠢ ᠪᠠᠢᠯᠭᠠᠵᠤ ᠳᠠᠭᠠᠭᠤᠯ ᠬᠡᠮᠡᠭᠰᠡᠨ ᠳ᠋ᠦ᠍ᠷ ᠰᠢᠯᠢᠭᠲᠦ ᠪᠠᠷᠰ ᠵᠠᠷᠯᠢᠭ ᠢ᠋ ᠮᠥᠷᠳᠡᠨ ᠣᠯᠠᠨ ᠢ᠋ ᠳᠠᠭᠠᠭᠤᠯᠤᠨ ᠠᠯᠪᠠ ᠶ᠋ᠢ ᠲᠣᠭᠲᠠᠭᠠᠭᠠᠳ ᠭᠠᠤᠯᠢ ᠶ᠋ᠢᠨ ᠨᠡᠢᠲᠡ ᠭᠠᠵᠠᠷ ᠳᠠᠯᠠᠨ ᠬᠣᠶᠠᠷ ᠵᠠᠬᠢᠷᠤᠭᠴᠢ ᠳᠠᠷᠤᠩᠭᠤᠢ ᠲᠦᠰᠢᠮᠡᠯ ᠪᠠᠢᠭᠤᠯᠵᠤ᠂ ᠭᠠᠵᠠᠷ ᠢ᠋ ᠠᠨᠤ ᠬᠤᠪᠢᠶᠠᠵᠤ ᠮᠣᠩᠭᠣᠯ ᠳ᠋ᠤᠷ ᠬᠠᠷᠢᠶᠠᠲᠤ ᠰᠣᠯᠤᠩᠭᠤᠳ ᠤᠯᠤᠰ ᠲᠤᠷ ᠭᠠᠤᠯᠢ ᠶ᠋ᠢᠨ ᠬᠠᠭᠠᠰ ᠭᠠᠵᠠᠷ ᠢ᠋ ᠵᠠᠬᠢᠷᠤᠭᠤᠯᠪᠠ᠃ ᠡᠳᠦᠭᠡ ᠪᠣᠯᠲᠠᠯ᠎ᠠ ᠰᠤᠯᠤᠩᠭᠤᠳ ᠲᠤᠷ ᠭᠠᠤᠯᠢ ᠶ᠋ᠢᠨ ᠭᠠᠵᠠᠷ ᠪᠣᠢ ᠪᠥᠯᠥᠭᠡ᠃ ᠲᠡᠳᠦᠢ ᠶᠡᠬᠡ ᠴᠡᠷᠢᠭ ᠢ᠋ ᠬᠣᠷᠢᠶᠠᠨ ᠡᠭᠡᠬᠦᠢ ᠳ᠋ᠦ᠍ᠷ ᠰᠣᠯᠣᠩᠭᠣᠰ ᠤ᠋ᠨ ᠡᠵᠡᠨ ᠸᠠᠩ ᠴᠢᠨ ᠳᠡᠭᠦᠦ ᠶᠦ᠍ᠭᠡᠨ ᠬᠤᠸᠠᠢ ᠠᠨ ᠬᠦᠩ ᠢ᠋ ᠢᠯᠡᠭᠡᠵᠦ᠂ ᠰᠢᠯᠢᠭᠲᠦ ᠶ᠋ᠢᠨ ᠴᠡᠷᠢᠭ ᠢ᠋ ᠢᠨᠦ ᠬᠦᠨᠳᠦᠳᠡ ᠡᠷᠭᠦᠨ ᠬᠡᠳᠦᠨ ᠵᠠᠭᠤᠨ ᠲᠡᠷᠭᠡ ᠪᠥᠰ᠂ ᠠᠯᠲᠠᠨ ᠮᠥᠩᠭᠥᠨ ᠮᠣᠷᠢ ᠮᠠᠯ ᠥᠭᠴᠦ ᠶᠠᠯ᠎ᠠ ᠬᠦᠯᠢᠶᠡᠨ ᠪᠣᠳᠣᠷᠣᠣᠯ ᠪᠢᠴᠢᠭ ᠠᠢᠯᠠᠳᠬᠠᠵᠤ᠂ ᠶᠡᠬᠡ ᠶᠤᠸᠠᠨᠱᠤᠸᠠᠢ ᠰᠢᠯᠢᠭᠲᠦ ᠪᠠᠷᠰ ᠤ᠋ᠨ ᠴᠡᠷᠢᠭ ᠢ᠋ ᠮᠥᠷᠭᠥᠵᠦ ᠮᠣᠷᠳᠠᠭᠤᠯᠪᠠ᠃
ᠲᠡᠳᠦᠢ ᠰᠢᠯᠢᠭᠲᠦ ᠪᠠᠷᠰ ᠳᠥᠷᠪᠡᠨ ᠰᠠᠷ᠎ᠠ ᠶ᠋ᠢᠨ ᠳᠣᠲᠣᠷ᠎ᠠ ᠭᠠᠤᠯᠢ ᠤᠯᠤᠰ ᠢ᠋ ᠳᠠᠭᠠᠭᠤᠯᠤᠨ᠂ ᠾᠦᠩ ᠹᠦ ᠰᠦᠨ ᠢ᠋ ᠠᠪᠴᠤ ᠬᠠᠭᠠᠨ ᠤ᠋ ᠬᠣᠢᠨ᠎ᠠ ᠠ᠋ᠴᠠ ᠨᠡᠬᠡᠨ ᠢᠷᠡᠵᠦ ᠵᠠᠷᠯᠢᠭ ᠢ᠋ ᠡᠭᠡᠭᠦᠯᠦᠭᠰᠡᠨ᠎ᠡ᠂ ᠬᠠᠭᠠᠨ ᠰᠢᠯᠢᠭᠲᠦ ᠪᠠᠷᠰ ᠢ᠋ ᠮᠥᠨ ᠭᠠᠤᠯᠢ ᠸᠠᠩ ᠡᠷᠭᠦᠮᠵᠢᠯᠡᠪᠡ᠃ ᠡᠨᠡ ᠦᠶ᠎ᠡ ᠳ᠋ᠦ᠍ᠷ ᠡᠪᠦᠯ ᠦ᠋ᠨ ᠲᠡᠷᠢᠭᠦᠨ ᠰᠠᠷ᠎ᠠ ᠪᠣᠯᠤᠭᠰᠠᠨ ᠲᠤᠯᠠ ᠬᠠᠭᠠᠨ ᠬᠣᠢᠲᠤ ᠵᠢᠯ ᠦ᠋ᠨ ᠬᠠᠪᠤᠷ ᠤ᠋ᠨ ᠲᠡᠷᠢᠭᠦᠨ ᠰᠠᠷ᠎ᠠ ᠳ᠋ᠤᠷ ᠲᠣᠯᠢ ᠴᠢᠨ ᠸᠠᠩ ᠯᠤᠭ᠎ᠠ ᠠᠯᠲᠠᠨ ᠤᠯᠤᠰ ᠤ᠋ᠨ ᠪᠢᠶᠠᠨ ᠵᠢᠩ ᠬᠣᠲᠠᠨ ᠳ᠋ᠤᠷ ᠠᠭᠤᠯᠵᠠᠰᠤᠭᠠᠢ ᠬᠡᠮᠡᠭᠰᠡᠨ ᠪᠣᠯᠵᠣᠭ᠎ᠠ ᠳ᠋ᠤᠷ ᠨᠡᠢᠴᠡᠭᠦᠯᠰᠦᠭᠡᠢ ᠭᠡᠮᠡᠨ ᠡᠷᠲᠡᠬᠡᠨ ᠳᠠᠷᠤᠢ ᠡᠮᠦᠨ᠎ᠡ ᠵᠦᠭ ᠴᠡᠷᠢᠭ ᠣᠷᠣᠬᠤ ᠶ᠋ᠢ ᠱᠠᠭᠠᠷᠳᠠᠵᠤ᠂ ᠥᠪᠡᠷ ᠢ᠋ᠶ᠋ᠡᠨ ᠲᠥᠪ ᠦ᠋ᠨ ᠴᠡᠷᠢᠭ ᠢ ᠵᠠᠬᠢᠷᠴᠤ ᠸᠠᠩ ᠵᠸᠨ ᠨᠢᠶᠠᠨ ᠢ᠋ ᠵᠡᠭᠦᠨ ᠮᠥᠷᠥ ᠶ᠋ᠢᠨ ᠵᠠᠩᠵᠤᠨ ᠪᠣᠯᠭᠠᠨ ᠵᠡᠭᠦᠨ ᠭᠠᠷ ᠢ᠋ ᠵᠠᠬᠢᠷᠤᠭᠤᠯᠤᠨ᠂ ᠵᠡᠭᠦᠨ ᠵᠠᠮ ᠢ᠋ᠶ᠋ᠠᠷ ᠶᠠᠪᠤᠭᠤᠯᠤᠭᠰᠠᠨ ᠲᠤᠯᠠ ᠪᠠᠷᠠᠭᠤᠨ ᠭᠠᠷ ᠤ᠋ᠨ ᠶᠡᠬᠡ ᠶᠤᠸᠠᠨᠱᠤᠸᠠᠢ ᠴᠢᠨ ᠸᠠᠩ ᠲᠣᠯᠢ ᠶ᠋ᠢᠨ ᠴᠡᠷᠢᠭ ᠦ᠋ᠨ ᠮᠡᠳᠡᠭᠡ ᠳᠠᠷᠠᠭ᠎ᠠ ᠳᠠᠷᠠᠭ᠎ᠠ ᠪᠠᠷ ᠢᠷᠡᠬᠦ ᠲᠤᠯᠠ ᠬᠠᠭᠠᠨ ᠶᠡᠬᠡᠯ᠎ᠡ ᠪᠠᠶᠠᠷᠯᠠᠨ᠂ ᠠᠷᠪᠠᠨ ᠲᠦᠮᠡᠨ ᠴᠡᠷᠢᠭ ᠢ ᠠᠪᠴᠤ ᠸᠠᠨ ᠽᠢ ᠴᠧᠩ ᠬᠣᠲᠠᠨ ᠠ᠋ᠴᠠ ᠡᠮᠦᠨᠡᠰᠢ ᠵᠦᠭ ᠣᠳᠴᠤ ᠶᠡᠬᠡ ᠵᠢᠶᠧ ᠯᠢᠶᠠᠩ ᠵᠢᠶᠠᠩ ᠮᠥᠷᠡᠨ ᠢ᠋ ᠭᠡᠲᠦᠯᠵᠦ᠂ ᠭᠤᠸᠠᠨ ᠫᠦ ᠪᠡᠷ ᠮᠥᠷᠡᠨ ᠢ᠋ ᠭᠦᠪᠡᠭᠡᠯᠡᠨ ᠪᠠᠢᠯᠳᠤᠨ ᠶᠠᠪᠤᠮᠤᠢ᠃
ᠡᠭᠦᠨ ᠢ᠋ ᠲᠦᠷ ᠵᠣᠭᠰᠣᠵᠤ᠂ ᠮᠣᠩᠭᠣᠯ ᠤ᠋ᠨ ᠲᠡᠢᠰᠢ ᠪᠤᠯᠤ᠂ ᠵᠢᠶᠦ᠋ᠨ ᠸᠠᠩ ᠳᠠᠢᠰᠤᠨᠳᠠᠷᠤᠭᠴᠢ ᠬᠣᠶᠠᠭᠤᠯᠠ ᠶ᠋ᠢᠨ ᠶᠡᠬᠡ ᠴᠡᠷᠢᠭ᠂ ᠴᠢᠨ ᠸᠠᠩ ᠲᠣᠯᠢ ᠶ᠋ᠢᠨ ᠴᠡᠷᠢᠭ ᠯᠦ᠍ᠭᠡ ᠨᠡᠪᠲᠡᠷᠡᠰᠦᠭᠡᠢ ᠭᠡᠮᠡᠨ ᠶᠢᠰᠦᠨ ᠰᠠᠷ᠎ᠠ ᠳ᠋ᠤᠷ ᠠᠯᠲᠠᠨ ᠤᠯᠤᠰ ᠤ᠋ᠨ ᠾᠧ ᠵᠦᠩ ᠹᠦ ᠬᠣᠲᠠᠨ ᠢ᠋ ᠪᠦᠰᠡᠯᠡᠵᠦ ᠪᠠᠢᠯᠳᠤᠬᠤ ᠠᠨᠤ ᠰᠠᠯᠬᠢᠨ ᠭᠠᠯ ᠮᠡᠲᠦ ᠲᠦᠷᠭᠡᠨ ᠳ᠋ᠦ᠍ᠷ ᠠᠯᠲᠠᠨ ᠤᠯᠤᠰ ᠤ᠋ᠨ ᠽᠠᠢᠰᠢᠶᠠᠩ ᠸᠠᠨ ᠶᠠᠨ ᠴᠢᠩ ᠱᠠᠨ᠂ ᠡᠦ ᠴᠢ ᠨᠠᠷ ᠵᠢᠩ ᠵᠣᠣ ᠶ᠋ᠢᠨ ᠵᠡᠭᠦᠨ ᠪᠡᠶ᠎ᠡ ᠪᠡᠷ ᠡᠭᠡᠵᠦ᠂ ᠵᠢᠶᠠᠨ ᠱᠤ᠌ ᠲᠦᠰᠢᠮᠡᠯ ᠼᠤᠤ ᠭᠦᠸᠧ ᠬᠤᠸᠠ ᠭᠧ ᠶ᠋ᠢ ᠶᠡᠬᠡ ᠶᠤᠸᠠᠨᠱᠤᠸᠠᠢ᠂ ᠪᠠᠨᠽᠢ ᠭᠦᠸᠧ ᠭᠧ ᠨᠠᠷ ᠢ᠋ ᠵᠠᠩᠵᠤᠨ ᠪᠣᠯᠭᠠᠨ ᠭᠠᠷᠭᠠᠭᠰᠠᠨ ᠳ᠋ᠤᠷ ᠴᠡᠷᠢᠭ ᠦ᠋ᠨ ᠬᠦᠴᠦᠨ ᠬᠦᠷᠦᠯᠴᠡᠬᠦ ᠦᠭᠡᠢ ᠲᠤᠯᠠ ᠭᠠᠷᠴᠤ ᠪᠠᠢᠯᠳᠤᠵᠤ ᠳᠠᠷᠤᠭᠳᠠᠬᠤ ᠠ᠋ᠴᠠ ᠪᠠᠨ ᠠᠶᠤᠵᠤ᠂ ᠬᠣᠲᠠ ᠪᠠᠨ ᠪᠡᠬᠢᠯᠡᠨ ᠰᠠᠬᠢᠵᠤ ᠦᠬᠦᠪᠡᠴᠦ ᠭᠠᠷᠬᠤ ᠦᠭᠡᠢ ᠳ᠋ᠦ᠍ᠷ ᠮᠣᠩᠭᠣᠯ ᠤ᠋ᠨ ᠴᠡᠷᠢᠭ ᠥᠨᠳᠥᠷ ᠨᠠᠷᠠᠰᠤᠨ ᠮᠣᠳᠣᠨ ᠢ᠋ᠶ᠋ᠠᠷ ᠬᠣᠶᠠᠷ ᠵᠠᠭᠤᠨ ᠢᠯᠡᠭᠦᠦ ᠥᠨᠳᠥᠷ ᠠᠰᠠᠷ ᠪᠤᠰᠬᠠᠵᠤ᠂ ᠳᠡᠭᠡᠷ᠎ᠡ ᠢᠨᠤ ᠴᠠᠬᠢᠯᠭᠠᠨ ᠰᠤᠮᠤᠲᠤ ᠬᠡᠮᠡᠬᠦ ᠴᠡᠷᠢᠭ ᠢ᠋ ᠭᠠᠷᠭᠠᠵᠤ ᠬᠣᠲᠠᠨ ᠳᠣᠲᠣᠭᠰᠢ ᠬᠠᠷᠪᠤᠮᠤᠢ᠃ ᠨᠢᠭᠡᠨᠲᠡᠭᠡᠭᠦᠷ ᠪᠠᠰᠠ ᠭᠠᠵᠠᠷ ᠢ᠋ ᠳᠥᠷᠪᠡᠨ ᠵᠦᠭ ᠨᠠᠢ᠍ᠮᠠᠨ ᠵᠣᠪᠬᠢᠰ ᠠ᠋ᠴᠠ ᠬᠤᠯᠤᠭᠠᠨ᠎ᠠ ᠶ᠋ᠢᠨ ᠨᠦᠬᠡ ᠮᠡᠲᠦ ᠡᠷᠦᠵᠦ ᠬᠥᠨᠳᠡᠢᠯᠡᠨ ᠬᠣᠲᠠ ᠶ᠋ᠢᠨ ᠳᠣᠲᠣᠷ᠎ᠠ ᠣᠷᠣᠵᠤ ᠢᠷᠡᠬᠦᠢ ᠳ᠋ᠦ᠍ᠷ ᠰᠥᠨᠢ ᠪᠣᠯᠪᠠᠰᠤ ᠭᠠᠵᠠᠷ ᠬᠦᠷᠬᠢᠷᠡᠮᠦᠢ᠂ ᠬᠠᠭᠠᠰ ᠰᠠᠷ᠎ᠠ ᠶ᠋ᠢᠨ ᠳᠣᠲᠣᠷ᠎ᠠ ᠠᠯᠲᠠᠨ ᠤᠯᠤᠰ ᠤ᠋ᠨ ᠴᠡᠷᠢᠭ ᠬᠦᠴᠦᠨ ᠮᠣᠬᠣᠵᠤ ᠠᠷᠭ᠎ᠠ ᠵᠠᠪᠬᠠᠷᠠᠨ ᠪᠥᠬᠥᠶ᠎ᠡ ᠬᠣᠲᠠ ᠶ᠋ᠢᠨ ᠳᠣᠲᠣᠷ᠎ᠠ ᠭᠡᠨᠡᠳᠲᠡ ᠨᠦᠬᠡ ᠭᠠᠷᠴᠤ ᠮᠣᠩᠭᠣᠯ ᠤ᠋ᠨ ᠴᠡᠷᠢᠭ ᠬᠡᠳᠦᠨ ᠮᠢᠩᠭᠠᠨ ᠬᠥᠮᠦᠨ ᠭᠠᠷᠴᠤ ᠢᠷᠡᠭᠡᠳ ᠳᠥᠷᠪᠡᠨ ᠬᠠᠭᠠᠯᠭ᠎ᠠ ᠶ᠋ᠢ ᠨᠡᠭᠡᠭᠡᠵᠦ ᠬᠣᠲᠠ ᠨᠢᠭᠡᠨᠲᠡ ᠠᠪᠲᠠᠪᠠ᠃ ᠡᠭᠦᠨ ᠳ᠋ᠦ᠍ᠷ ᠽᠣᠤ ᠭᠦᠸᠧ ᠬᠤᠸᠠ ᠭᠧ ᠠᠷᠪᠠᠭᠠᠳ ᠤᠳᠠᠭ᠎ᠠ ᠪᠠᠢᠯᠳᠤᠭᠠᠳ ᠴᠥᠮ ᠳᠠᠷᠤᠭᠳᠠᠵᠤ᠂ ᠡᠨᠡ ᠤᠳᠠᠭ᠎ᠠ ᠬᠠᠷᠠᠬᠠᠨ ᠳᠤᠲᠠᠭᠠᠨ ᠶᠠᠪᠤᠬᠤᠢ ᠳ᠋ᠤᠷ ᠴᠢᠪᠬᠢᠲᠡᠯ᠎ᠡ ᠲᠡᠢᠰᠢ ᠪᠤᠯᠤ ᠶ᠋ᠢᠨ ᠶᠡᠬᠡ ᠵᠢᠭᠰᠠᠭᠠᠯ ᠳ᠋ᠤᠷ ᠤᠴᠠᠷᠠᠵᠤ᠂ ᠲᠡᠢᠰᠢ ᠪᠤᠯᠤ ᠠᠯᠲᠠᠨ ᠰᠣᠨᠣᠪᠲᠤᠷ ᠢ᠋ᠶ᠋ᠠᠨ ᠬᠦᠵᠦᠭᠦᠨ ᠢ᠋ ᠰᠡᠳᠡ ᠬᠠᠷᠪᠤᠵᠤ ᠠᠯᠠᠪᠠ᠃ ᠪᠠᠨᠽᠢ ᠭᠦᠸᠧ ᠭᠧ ᠳᠠᠷᠤᠭᠳᠠᠨ ᠪᠤᠲᠠᠷᠠᠭᠰᠠᠨ ᠴᠡᠷᠢᠭ ᠢ᠋ᠶ᠋ᠡᠨ ᠭᠤᠷᠪᠠᠨ ᠮᠢᠩᠭᠠᠨ ᠰᠢᠬᠠᠮ ᠣᠯᠵᠤ᠂ ᠤᠰᠤᠨ ᠤ᠋ ᠠᠷᠠᠯᠵᠢᠭ᠎ᠠ ᠶ᠋ᠢᠨ ᠣᠩᠭᠣᠴᠠ ᠶ᠋ᠢ ᠪᠤᠯᠢᠶᠠᠨ ᠰᠠᠭᠤᠵᠤ᠂ ᠮᠢᠨ ᠰᠢᠶᠠᠩ ᠤ᠋ᠨ ᠭᠠᠵᠠᠷ ᠢ᠋ᠶ᠋ᠠᠷ ᠳᠤᠲᠠᠭᠠᠨ ᠪᠢᠶᠠᠨ ᠯᠢᠶᠠᠩ ᠴᠧᠩ ᠳ᠋ᠦ᠍ᠷ ᠢᠷᠡᠬᠦᠢ ᠳ᠋ᠦ᠍ᠷ ᠠᠯᠲᠠᠨ ᠤᠯᠤᠰ ᠤ᠋ᠨ ᠠᠢᠽᠥ᠋ᠩ ᠬᠠᠭᠠᠨ ᠱᠧᠦ ᠰᠢᠦᠢ ᠠᠭᠤᠷᠯᠠᠨ ᠲᠠᠴᠢᠶᠠᠳᠠᠵᠤ ᠲᠠᠰᠢᠭᠤᠷᠳᠠᠨ ᠵᠠᠨᠴᠢᠵᠤ ᠠᠯᠠᠪᠠ᠃ ᠡᠨᠡ ᠦᠶ᠎ᠡ ᠳ᠋ᠦ᠍ᠷ ᠰᠥᠩ ᠤᠯᠤᠰ ᠪᠠᠰᠠ ᠲᠣᠯᠢ ᠴᠢᠨ ᠸᠠᠩ ᠤ᠋ᠨ ᠴᠡᠷᠢᠭ ᠡᠴᠡ ᠶᠡᠬᠡᠯ᠎ᠡ ᠰᠠᠨᠳᠤᠷᠤᠨ ᠠᠶᠤᠵᠤ᠂ ᠠᠷᠪᠠᠨ ᠰᠠᠷ᠎ᠠ ᠳ᠋ᠤ᠌ ᠠᠯᠲᠠᠨ ᠤᠯᠤᠰ ᠤ᠋ᠨ ᠰᠧ ᠴᠤᠸᠠᠨ ᠤ᠋ ᡁᠢ ᡁᠢ ᠱᠢ ᠲᠦᠰᠢᠮᠡᠯ ᠬᠦᠢ ᠢᠦ ᠶᠤᠸᠠᠨ᠂ ᠰᠧ ᠴᠤᠸᠠᠨ ᠤ᠋ ᠪᠠᠭ᠎ᠠ ᠬᠠᠭᠠᠰ ᠢ᠋ ᠠᠪᠲᠠᠭᠠᠳ ᠤᠷᠭᠤᠵᠤ ᠡᠭᠡᠭᠰᠡᠨ ᠳ᠋ᠦ᠍ᠷ ᠬᠦᠢ ᠢᠦ ᠶᠤᠸᠠᠨ ᠤ᠋ ᠭᠡᠷ ᠡᠷᠦᠬᠡ ᠶ᠋ᠢ ᠴᠥᠮ ᠬᠣᠷᠢᠭᠤᠯᠵᠤ᠂ ᠶᠡᠬᠡ ᠰᠠᠢᠳ ᠯᠢ ᡁᠢ ᠶ᠋ᠢ ᠰᠧ ᠴᠤᠸᠠᠨ ᠤ᠋ ᡁᠢ ᡁᠢ ᠱᠢ ᠲᠦᠰᠢᠮᠡᠯ ᠪᠣᠯᠭᠠᠨ ᠳ᠋ᠧᠩ ᠳᠦ ᠹᠦ ᠶ᠋ᠢ ᠮᠡᠳᠡᠭᠴᠢ ᡁᠢ ᠹᠦ ᠲᠦᠰᠢᠮᠡᠯ ᠪᠣᠯᠭᠠᠨ᠂ ᠵᠢᠴᠢ ᠵᠣᠣ ᠶᠠᠨ ᠨᠠ ᠶ᠋ᠢ ᠳᠡᠪᠰᠢᠭᠦᠯᠦᠨ ᠲᠠᠰᠢᠯᠠᠭᠤᠯᠪᠠ᠃ ᠤᠭ ᠲᠤᠷ ᠰᠢᠶᠠᠩ ᠶᠤᠸᠠᠨ ᠹᠦ ᠶ᠋ᠢᠨ ᡁᠢ ᠹᠦ ᠪᠥᠯᠥᠭᠡ᠂ ᠦᠭᠡ ᠶᠡᠬᠡ ᠦᠨᠡᠨ ᠦᠭᠡᠢ᠂ ᠯᠠᠪ ᠤᠯᠤᠰ ᠤ᠋ᠨ ᠬᠡᠷᠡᠭ ᠢ᠋ ᠰᠠᠭᠠᠳᠠᠭᠤᠯᠤᠮᠤᠢ ᠭᠡᠮᠡᠨ ᠢᠳᠬᠠᠪᠠᠰᠤ ᠠᠯᠲᠠᠨ ᠤ᠋ ᠠᠢᠽᠥ᠋ᠩ ᠦᠭᠡ ᠶ᠋ᠢ ᠡᠰᠡ ᠠᠪᠤᠭᠰᠠᠨ ᠪᠥᠯᠥᠭᠡ᠃ ᠡᠨᠡ ᠬᠢᠷᠢ ᠳ᠋ᠦ᠍ᠷ ᠮᠣᠩᠭᠣᠯ ᠤ᠋ᠨ ᠪᠠᠷᠠᠭᠤᠨ ᠭᠠᠷ ᠤ᠋ᠨ ᠶᠡᠬᠡ ᠶᠤᠸᠠᠨᠱᠤᠸᠠᠢ ᠴᠢᠨ ᠸᠠᠩ ᠲᠣᠯᠢ ᠿᠣᠤ ᠹᠧᠩ ᠭᠤᠸᠠᠨ ᠪᠣᠭᠣᠮᠲᠠ ᠶ᠋ᠢ ᠪᠠᠢᠯᠳᠤᠵᠤ ᠠᠪᠤᠭᠠᠳ ᠪᠠᠰᠠ ᠠᠯᠲᠠᠨ ᠤᠯᠤᠰ ᠤ᠋ᠨ ᠤ᠋ ᠵᠧᠦ ᠶ᠋ᠢ ᠥᠩᠭᠡᠷᠡᠭᠡᠳ ᠵᠡᠭᠦᠨ ᠲᠡᠰᠢ ᠪᠢᠶᠠᠨ ᠵᠢᠩ ᠢ᠋ ᠵᠣᠷᠢᠬᠤᠢ ᠳ᠋ᠤᠷ ᠵᠧᠦ ᠶ᠋ᠢᠨ ᠢᠷᠭᠡᠨ ᠴᠥᠮ ᠬᠤᠤᠳᠤᠭ ᠪᠠ ᠨᠦᠬᠡ ᠳ᠋ᠦ᠍ᠷ ᠣᠷᠣᠵᠤ ᠬᠡᠯᠲᠦᠷᠢᠨ ᠭᠠᠷᠪᠠ᠃
ᠲᠡᠳᠦᠢ ᠠᠯᠲᠠᠨ ᠤᠯᠤᠰ ᠤ᠋ᠨ ᠠᠢᠽᠥ᠋ᠩ ᠬᠠᠭᠠᠨ ᠱᠧᠦ ᠰᠢᠦᠢ ᠶᠡᠬᠡ ᠰᠠᠢᠳ ᠰᠢᠳᠠᠷ ᠲᠦᠰᠢᠮᠡᠳ ᠼᠠᠢ ᡁᠢ᠂ ᠲᠠᠢᠭᠠᠨ ᠨᠠᠷ ᠤ᠋ᠨ ᠵᠡᠷᠭᠡ ᠶ᠋ᠢᠨ ᠲᠦᠰᠢᠮᠡᠯ ᠢ ᠣᠷᠣᠭᠤᠯᠤᠨ ᠵᠥᠪᠯᠡᠯᠳᠦᠬᠦᠢ ᠳ᠋ᠦ᠍ᠷ ᠣᠯᠠᠨ ᠤ᠋ ᠥᠭᠦᠯᠡᠬᠦ ᠢᠨᠦ :《ᠬᠣᠢᠲᠤ ᠮᠣᠩᠭᠣᠯ ᠤ᠋ᠨ ᠴᠡᠷᠢᠭ ᠲᠦᠮᠡᠨ ᠭᠠᠵᠠᠷ ᠵᠦᠳᠡᠨ ᠶᠠᠪᠤᠵᠤ ᠬᠣᠶᠠᠷ ᠵᠢᠯ ᠪᠣᠯᠪᠠ᠃ ᠡᠦ ᠰᠢᠦ ᠪᠣᠭᠣᠮᠲᠠᠨ ᠳ᠋ᠤᠷ ᠣᠷᠣᠭᠠᠳ ᠮᠠᠰᠢ ᠴᠢᠯᠡᠵᠦ ᠶᠠᠳᠠᠵᠤᠬᠤᠢ᠃ ᠲᠡᠢᠨ ᠬᠦ᠌ ᠪᠢᠳᠡ ᠨᠡᠢᠰᠯᠡᠯ ᠢ᠋ ᠲᠣᠭᠣᠷᠢᠭᠰᠠᠨ ᠰᠢᠨ ᠶᠠᠩ᠂ ᠶᠠᠩ ᠡᠦ᠂ ᠬᠦᠢ ᠳᠡ ᠡᠳᠡᠭᠡᠷ ᠭᠠᠵᠠᠷ ᠤ᠋ᠨ ᠣᠯᠠᠨ ᠵᠧᠦ ᠰᠢᠶᠠᠨ ᠳ᠋ᠤᠷ ᠴᠡᠷᠢᠭ ᠪᠠᠢᠭᠤᠯᠤᠭᠤᠯᠤᠨ᠂ ᠯᠦᠸᠧ ᠶᠠᠩ ᠤ᠋ᠨ ᠭᠠᠵᠠᠷ ᠤ᠋ᠨ ᠲᠦᠩ ᠭᠤᠸᠠᠨ ᠪᠣᠭᠣᠮᠲᠠ ᠶ᠋ᠢ ᠰᠠᠬᠢᠵᠤ᠂ ᠬᠤᠸᠠᠢ ᠮᠧᠩ ᠦ᠋ᠨ ᠭᠠᠵᠠᠷ᠎ᠠ ᠶᠡᠬᠡ ᠵᠠᠩᠵᠤᠨ ᠴᠢᠭᠢᠷᠠᠭ ᠴᠡᠷᠢᠭ ᠢ᠋ᠶ᠋ᠡᠷ ᠪᠡᠬᠢᠯᠡᠨ ᠰᠠᠬᠢᠭᠤᠯᠤᠶ᠎ᠠ᠂ ᠨᠡᠢᠰᠯᠡᠯ ᠳ᠋ᠦ᠍ᠷ ᠬᠠᠳᠠᠭᠠᠯᠠᠭᠰᠠᠨ ᠮᠠᠨ ᠤ᠋ ᠵᠠᠭᠤᠨ ᠲᠦᠮᠡᠨ ᠢᠯᠡᠭᠦᠦ ᠲᠠᠭᠠᠷ ᠠᠮᠤ ᠪᠣᠢ᠃ ᠾᠧ ᠨᠠᠨ ᠤ᠋ ᠵᠧᠦ ᠵᠢᠶᠦ᠋ᠨ ᠦ᠌ ᠵᠠᠬ᠎ᠠ ᠬᠢᠵᠠᠭᠠᠷ ᠢ᠋ ᠡᠷᠲᠡᠬᠡᠨ ᠰᠡᠷᠭᠡᠢᠯᠡᠨ ᠪᠡᠯᠡᠳᠬᠡᠵᠦ᠂ ᠮᠣᠩᠭᠣᠯ ᠤ᠋ᠨ ᠴᠡᠷᠢᠭ ᠢ᠋ ᠣᠷᠣᠭᠤᠯᠬᠤ ᠦᠭᠡᠢ ᠪᠣᠯᠪᠠᠰᠤ ᠮᠣᠩᠭᠣᠯ ᠤ᠋ᠨ ᠴᠡᠷᠢᠭ ᠪᠠᠢᠯᠳᠤᠯ ᠦᠭᠡᠢ ᠪᠡᠷ ᠬᠦᠨᠡᠰᠦ ᠲᠡᠰᠦᠷᠡᠪᠡᠰᠦ ᠳᠠᠷᠤᠢ ᠡᠭᠡᠬᠦ ᠪᠣᠯᠠᠢ᠃ ᠲᠡᠷᠡ ᠦᠶ᠎ᠡ ᠳ᠋ᠦ᠍ᠷ ᠲᠡᠳᠡᠨ ᠦ᠌ ᠡᠭᠡᠬᠦ ᠴᠠᠭ ᠲᠤᠷ ᠬᠣᠢᠨ᠎ᠠ ᠠ᠋ᠴᠠ ᠠᠨᠤ ᠨᠡᠬᠡᠵᠦ ᠠᠯᠠᠪᠠᠰᠤ ᠮᠥᠨ ᠨᠢᠭᠡᠨ ᠠᠮᠢᠳᠤᠷᠠᠬᠤ ᠵᠠᠮ ᠮᠥᠨ ! 》 ᠬᠡᠮᠡᠬᠦᠢ ᠳ᠋ᠦ᠍ᠷ ᠠᠯᠲᠠᠨ ᠤᠯᠤᠰ ᠤ᠋ᠨ ᠠᠢᠽᠥ᠋ᠩ ᠬᠠᠭᠠᠨ ᠶᠡᠬᠡᠯ᠎ᠡ ᠭᠤᠨᠢᠶᠠᠨ ᠥᠴᠢᠷᠦᠨ : 《ᠪᠢ ᠡᠮᠦᠨ᠎ᠡ ᠵᠦᠭ ᠨᠡᠭᠦᠨ ᠢᠷᠡᠵᠦ ᠬᠣᠷᠢᠨ ᠵᠢᠯ ᠪᠣᠯᠪᠠ᠃ ᠢᠷᠭᠡᠨ ᠬᠥᠷᠥᠩᠭᠡ ᠪᠡᠨ ᠭᠡᠭᠡᠵᠦ ᠡᠮ᠎ᠡ ᠦᠷ᠎ᠡ ᠪᠦᠭᠦᠳᠡᠭᠡᠷ ᠬᠢᠮᠤᠷ ᠣᠭᠣᠴᠢᠵᠤ ᠴᠡᠷᠢᠭ ᠢ᠋ ᠲᠡᠵᠢᠭᠡᠪᠡᠢ᠃ ᠡᠳᠦᠭᠡ ᠳᠠᠢᠰᠤᠨ ᠬᠦᠷᠴᠦ ᠢᠷᠡᠭᠰᠡᠨ ᠳ᠋ᠦ᠍ᠷ ᠤᠭᠲᠤᠨ ᠪᠠᠢᠯᠳᠤᠵᠤ ᠴᠢᠳᠠᠬᠤ ᠦᠭᠡᠢ᠂ ᠣᠯᠠᠨ ᠢᠷᠭᠡᠨ ᠢ᠋ ᠬᠠᠮᠠᠭᠠᠯᠠᠨ ᠭᠠᠷᠭᠠᠵᠤ ᠴᠢᠳᠠᠬᠤ ᠦᠭᠡᠢ᠂ ᠭᠠᠭᠴᠠ ᠨᠢᠭᠡᠨ ᠨᠡᠢᠰᠯᠡᠯ ᠢ ᠬᠠᠮᠠᠭᠠᠯᠠᠨ ᠬᠡᠳᠦᠢ ᠪᠦᠷᠢᠨ ᠪᠣᠯᠪᠠᠴᠤ ᠶᠠᠮᠪᠠᠷ ᠲᠤᠰᠠ ? ᠬᠠᠭᠠᠨ ᠬᠡᠮᠡᠭᠴᠢ ᠢᠷᠭᠡᠨ ᠦ᠌ ᠲᠤᠰᠠ ᠶ᠋ᠢᠨ ᠲᠤᠯᠠ ᠪᠥᠭᠡᠲᠡᠯ᠎ᠡ ᠢᠷᠭᠡᠨ ᠢ᠋ ᠠᠪᠤᠷᠠᠨ ᠡᠰᠡ ᠴᠢᠳᠠᠭᠠᠳ ᠨᠢᠭᠡᠨ ᠬᠣᠲᠠ ᠪᠠᠷ ᠶᠠᠭᠤ ᠬᠢᠬᠦ ? ᠠᠶ᠎ᠠ ᠮᠣᠩᠭᠣᠯ ᠤ᠋ᠨ ᠴᠢᠩᠭᠢᠰ ᠬᠠᠭᠠᠨ ᠤ᠋ ᠦᠭᠡ ᠶ᠋ᠢ ᠠᠪᠴᠤ ᠾᠧ ᠨᠠᠨ ᠸᠠᠩ ᠪᠣᠯᠵᠤ ᠭᠠᠵᠠᠷ ᠣᠷᠣᠨ ᠵᠠᠭᠤᠨ ᠣᠪᠣᠭᠲᠠᠨ ᠢ᠋ᠶ᠋ᠠᠨ ᠬᠠᠮᠠᠭᠠᠯᠠᠭᠰᠠᠨ ᠪᠥᠭᠡᠰᠦ ᠡᠨᠡ ᠡᠳᠦᠷ ᠦ᠋ᠨ ᠪᠠᠴᠢᠮᠳᠠᠯ ᠦᠭᠡᠢ ᠪᠥᠯᠥᠭᠡ᠃ ᠮᠡᠬᠦᠰ ᠪᠢ ᠪᠣᠳᠣᠯᠭ᠎ᠠ ᠨᠢᠭᠡᠨᠲᠡ ᠲᠣᠭᠲᠠᠪᠠ᠂ ᠪᠦᠲᠦᠬᠦ ᠡᠪᠳᠡᠷᠡᠬᠦ ᠶ᠋ᠢ ᠲᠡᠭᠷᠢ ᠶ᠋ᠢᠨ ᠲᠣᠭ᠎ᠠ ᠶ᠋ᠢ ᠬᠦᠯᠢᠶᠡᠰᠦᠭᠡᠢ᠃ ᠪᠢ ᠭᠠᠭᠴᠠ ᠢᠷᠭᠡᠨ ᠢ᠋ ᠦᠲᠡᠭᠡᠷᠬᠦ ᠦᠭᠡᠢ ! 》ᠬᠡᠮᠡᠭᠡᠳ ᠳᠠᠷᠤᠢ ᠵᠠᠷᠯᠢᠭ ᠪᠠᠭᠤᠯᠭᠠᠨ ᠣᠯᠠᠨ ᠵᠠᠩᠵᠤᠨ ᠨᠠᠷ ᠢ ᠶᠠᠩ ᠳ᠋ᠧᠩ ᠳ᠋ᠦ᠍ᠷ ᠪᠠᠭᠤᠳᠠᠯᠯᠠᠭᠤᠯᠤᠨ᠂ ᠬᠥᠬᠡᠭᠡ ᠰᠠᠷ᠎ᠠ ᠳ᠋ᠤᠷ ᠸᠠᠨ ᠶᠠᠨ ᠾᠧ ᠳᠡ᠂ ᠬᠠᠷᠠᠬᠠᠨ ᠢ ᠯᠢ ᠫᠦ ᠾᠧ ᠬᠣᠶᠠᠭᠤᠯᠠ ᠳ᠋ᠤ᠌ ᠣᠯᠠᠨ ᠴᠡᠷᠢᠭ ᠢ᠋ ᠵᠠᠬᠢᠷᠤᠭᠤᠯᠤᠨ᠂ ᠳ᠋ᠧᠩ ᠵᠧᠦ ᠬᠣᠲᠠᠨ ᠳ᠋ᠤᠷ ᠢᠯᠡᠬᠡᠨ ᠪᠠᠰᠠ ᠶᠠᠩ ᠶᠣᠣ ᠵᠸᠨ᠂ ᠵᠢᠴᠢ ᠴᠸᠨ ᠬᠤᠤᠱᠠᠩ᠂ ᠪᠠᠰᠠ ᠮᠣᠩᠭᠣᠯ ᠠ᠋ᠴᠠ ᠤᠷᠪᠠᠴᠤ ᠣᠷᠣᠵᠤ ᠢᠷᠡᠭᠰᠡᠨ ᠡᠦ ᠰᠢᠶᠠᠨ ᠡᠨᠡ ᠭᠤᠷᠪᠠᠨ ᠬᠥᠮᠦᠨ ᠦ᠌ ᠴᠡᠷᠢᠭ ᠯᠦ᠍ᠭᠡ ᠨᠡᠢᠯᠡᠭᠦᠯᠵᠦ᠂ ᠬᠠᠮᠲᠤ ᠪᠠᠷ ᠵᠠᠷᠯᠢᠭ ᠪᠠᠭᠤᠯᠭᠠᠨ ᠳᠠᠷᠠᠭ᠎ᠠ ᠳᠠᠷᠠᠭ᠎ᠠ ᠪᠠᠷ ᠭᠠᠷᠴᠤ ᠱᠦᠨ ᠶᠠᠩ ᠳ᠋ᠤᠷ ᠪᠠᠭᠤᠳᠠᠯᠯᠠᠭᠤᠯᠪᠠᠢ᠃ ᠡᠨᠡ ᠬᠢᠷᠢ ᠳ᠋ᠦ᠍ᠷ ᠴᠢᠨ ᠸᠠᠩ ᠲᠣᠯᠢ ᠶ᠋ᠢᠨ ᠵᠠᠩᠵᠤᠨ ᠴᠡᠷᠢᠭ ᠠᠯᠲᠠᠨ ᠤᠯᠤᠰ ᠤ᠋ᠨ ᠭᠠᠵᠠᠷ ᠭᠦᠨ᠎ᠡ ᠣᠷᠣᠭᠠᠳ ᠬᠠᠨ ᠰᠢᠶᠠᠩ ᠳ᠋ᠤ᠌ ᠪᠠᠭᠤᠳᠠᠯᠯᠠᠵᠤᠬᠤᠢ᠃ ᠲᠡᠳᠦᠢ ᠸᠠᠨ ᠶᠠᠨ ᠾᠧ ᠳᠡ᠂ ᠢ ᠯᠢ ᠫᠦ ᠾᠧ ᠣᠯᠠᠨ ᠵᠠᠩᠵᠤᠨ ᠴᠡᠷᠢᠭ ᠢ᠋ ᠵᠠᠷᠯᠠᠵᠤ ᠵᠥᠪᠳᠡᠨ ᠥᠭᠦᠯᠡᠷᠦᠨ : 《ᠪᠢᠳᠡ ᠬᠠᠲᠤᠨ ᠮᠥᠷᠡᠨ ᠦ᠌ ᠭᠠᠵᠠᠷ ᠢ᠋ᠶ᠋ᠠᠷ ᠶᠠᠪᠤᠵᠤ᠂ ᠮᠥᠷᠡᠨ ᠢ᠋ ᠭᠦᠪᠡᠭᠡᠯᠡᠨ ᠪᠠᠢᠯᠳᠤᠬᠤ ᠶ᠋ᠢ ᠰᠡᠷᠭᠡᠢᠯᠡᠨ ᠰᠠᠬᠢᠭᠴᠢ ᠪᠣᠯᠤᠨ ᠨᠢᠭᠤᠵᠤ ᠮᠥᠷᠡᠨ ᠢ᠋ ᠭᠡᠲᠦᠯᠦᠭᠡᠳ ᠭᠡᠨᠡᠳᠲᠡ ᠪᠠᠢᠯᠳᠤᠪᠠᠰᠤ ᠶᠠᠮᠪᠠᠷ ? 》 ᠬᠡᠮᠡᠭᠰᠡᠨ ᠳ᠋ᠦ᠍ᠷ ᠳᠣᠣᠷᠠᠬᠢ ᠲᠦᠰᠢᠮᠡᠯ ᠵᠠᠩ ᠾᠦᠢ ᠢ᠎ᠠ᠂ ᠳᠠ ᠮᠦ᠍ ᠲᠠᠨ ᠥᠭᠦᠯᠡᠷᠦᠨ : 《ᠪᠢᠳᠡᠨ ᠦ᠌ ᠴᠡᠷᠢᠭ ᠢ᠋ ᠲᠠᠯᠪᠢᠵᠤ ᠮᠥᠷᠡᠨ ᠢ᠋ ᠭᠡᠲᠦᠯᠭᠡᠪᠡᠰᠦ ᠮᠠᠨ ᠤ᠋ ᠭᠠᠵᠠᠷ ᠤ᠋ᠨ ᠳᠣᠲᠣᠷ᠎ᠠ ᠬᠥᠨᠳᠡᠢ ᠬᠣᠭᠣᠰᠣᠨ ᠪᠣᠯᠬᠤ ᠲᠤᠯᠠ ᠴᠡᠷᠢᠭ ᠰᠠᠷᠨᠢᠬᠤ ᠠ᠋ᠴᠠ ᠪᠣᠯᠭᠣᠮᠵᠢᠯᠠᠮᠤᠢ᠃ 》 ᠢ ᠯᠢ ᠫᠦ ᠾᠧ ᠥᠭᠦᠯᠡᠷᠦᠨ : 《ᠲᠡᠢᠮᠦ ᠪᠣᠯᠪᠠᠰᠤ ᠮᠣᠩᠭᠣᠯ ᠤ᠋ᠨ ᠴᠡᠷᠢᠭ ᠥᠪᠡᠷᠲᠡᠭᠡᠨ ᠴᠢᠯᠡᠷᠭᠡᠭᠡᠳ ᠡᠭᠡᠬᠦ ᠶ᠋ᠢ ᠬᠦᠯᠢᠶᠡᠮᠦᠢ ᠤᠤ ? ᠡᠰᠡᠬᠦᠯ᠎ᠡ ᠮᠣᠩᠭᠣᠯ ᠤ᠋ᠨ ᠴᠡᠷᠢᠭ ᠥᠪᠡᠷᠲᠡᠭᠡᠨ ᠬᠣᠲᠠ ᠶ᠋ᠢ ᠮᠥᠷᠭᠥᠯᠬᠢᠯᠡᠵᠦ ᠮᠠᠨ ᠳ᠋ᠤᠷ ᠦᠬᠦᠵᠦ ᠥᠭᠬᠦ ᠶ᠋ᠢ ᠬᠦᠯᠢᠶᠡᠬᠦ ᠪᠤᠶᠤ ! 》ᠭᠡᠮᠡᠨ ᠣᠯᠠᠨ ᠢ᠋ᠶ᠋ᠠᠷ ᠬᠠᠷᠠᠬᠠᠨ ᠵᠥᠪᠯᠡᠨ ᠲᠣᠭᠲᠠᠭᠠᠬᠤᠢ ᠶ᠋ᠢᠨ ᠤᠷᠢᠳᠠ᠂ ᠭᠡᠨᠡᠳᠲᠡ ᠮᠣᠩᠭᠣᠯ ᠤ᠋ᠨ ᠴᠡᠷᠢᠭ ᠶᠡᠬᠡ ᠮᠥᠷᠡᠨ ᠢ ᠭᠡᠲᠦᠯᠪᠡᠢ᠃ ᠸᠠᠨ ᠶᠠᠨ ᠾᠧ ᠳᠡ᠂ ᠢ ᠯᠢ ᠫᠦ ᠾᠧ ᠣᠷᠣᠭᠰᠢ ᠳᠠᠪᠰᠢᠵᠤ ᠢᠦᠢ ᠱᠠᠨ ᠠᠭᠤᠯᠠᠨ᠎ᠠ ᠬᠦᠷᠴᠦ ᠭᠠᠵᠠᠷ ᠤ᠋ᠨ ᠪᠠᠢᠳᠠᠯ ᠢ᠋ᠶ᠋ᠠᠷ ᠴᠡᠷᠢᠭ ᠢ ᠬᠤᠪᠢᠶᠠᠨ᠂ ᠶᠠᠪᠠᠭᠠᠨ ᠴᠡᠷᠢᠭ ᠢ᠋ ᠬᠤᠪᠢᠶᠠᠨ ᠢᠦᠢ ᠱᠠᠨ ᠠᠭᠤᠯᠠᠨ ᠤ᠋ ᠡᠮᠦᠨ᠎ᠡ ᠵᠡᠷᠭᠡᠯᠡᠭᠦᠯᠦᠨ ᠵᠢᠭᠰᠠᠭᠠᠵᠤ᠂ ᠮᠣᠷᠢᠲᠤ ᠴᠡᠷᠢᠭ ᠢ᠋ ᠠᠭᠤᠯᠠᠨ ᠤ᠋ ᠬᠣᠢᠲᠤ ᠪᠦᠭᠭᠦᠭᠦᠯᠪᠡᠢ ᠃ ᠡᠭᠦᠨ ᠳ᠋ᠦ᠍ᠷ ᠮᠣᠩᠭᠣᠯ ᠤ᠋ᠨ ᠴᠡᠷᠢᠭ ᠠᠯᠲᠠᠨ ᠤᠯᠤᠰ ᠤ᠋ᠨ ᠴᠡᠷᠢᠭ ᠦ᠋ᠨ ᠪᠠᠢᠳᠠᠯ ᠢ᠋ ᠦᠵᠡᠭᠡᠳ ᠲᠣᠯᠢ ᠴᠢᠨ ᠸᠠᠩ ᠢᠨᠢᠶᠡᠨ ᠥᠭᠦᠯᠡᠷᠦᠨ :《ᠡᠨᠡ ᠬᠢᠲᠠᠳ ᠦᠨᠡᠬᠡᠷ ᠮᠤᠩᠬᠠᠭ ! 》 ᠬᠡᠮᠡᠭᠡᠳ ᠰᠢᠭᠤᠳ ᠤᠷᠤᠭᠰᠢᠯᠠᠨ ᠪᠠᠢᠯᠳᠤᠬᠤ ᠦᠭᠡᠢ᠂ ᠵᠢᠭᠰᠠᠭᠠᠯ ᠢ᠋ᠶ᠋ᠠᠨ ᠬᠤᠪᠢᠯᠤᠭᠤᠯᠤᠨ ᠭᠠᠯᠠᠭᠤ ᠶ᠋ᠢᠨ ᠵᠢᠭᠦᠷ ᠮᠡᠲᠦ ᠬᠣᠶᠠᠷ ᠭᠠᠷᠯᠠᠨ ᠠᠭᠤᠯᠠ ᠶ᠋ᠢ ᠬᠤᠮᠪᠢᠨ ᠬᠥᠮᠥᠷᠢᠨ ᠭᠠᠷᠤᠭᠰᠠᠨ᠎ᠠ᠂ ᠠᠯᠲᠠᠨ ᠤᠯᠤᠰ ᠤ᠋ᠨ ᠮᠣᠷᠢᠲᠤ ᠴᠡᠷᠢᠭ ᠦ᠋ᠨ ᠬᠣᠢᠨ᠎ᠠ ᠠ᠋ᠴᠠ ᠭᠤᠷᠪᠠᠨ ᠠᠩᠭᠢ ᠬᠤᠪᠢᠶᠠᠨ ᠬᠦᠷᠴᠦ ᠢᠷᠡᠪᠡ᠃ ᠠᠯᠲᠠᠨ ᠤᠯᠤᠰ ᠤ᠋ᠨ ᠸᠠᠨ ᠶᠠᠨ ᠾᠧ ᠳᠡ ᠥᠭᠦᠯᠡᠷᠦᠨ : 《ᠡᠨᠡ ᠡᠳᠦᠷ ᠦ᠋ᠨ ᠬᠦᠴᠦᠨ ᠳ᠋ᠦ᠍ᠷ ᠡᠰᠡᠷᠭᠦᠴᠡᠬᠦᠶᠡ ᠪᠡᠷᠬᠡ ! 》 ᠬᠡᠮᠡᠬᠦᠢ ᠳ᠋ᠦ᠍ᠷ ᠣᠯᠠᠨ ᠵᠠᠩᠵᠤᠨ ᠶᠡᠬᠡᠯ᠎ᠡ ᠠᠶᠤᠯᠳᠤᠵᠤ ᠬᠡᠷᠬᠢᠬᠦ ᠪᠡᠨ ᠮᠡᠳᠡᠬᠦ ᠦᠭᠡᠢ ᠪᠠᠢᠲᠠᠯ᠎ᠠ ᠮᠣᠩᠭᠣᠯ ᠤ᠋ᠨ ᠴᠡᠷᠢᠭ ᠬᠡᠳᠦᠢᠨᠡᠢ ᠨᠢᠭᠤᠷ ᠤ᠋ᠨ ᠡᠮᠦᠨ᠎ᠡ ᠬᠦᠷᠴᠦ ᠢᠷᠡᠭᠰᠡᠨ ᠲᠤᠯᠠ ᠠᠯᠲᠠᠨ ᠤᠯᠤᠰ ᠤ᠋ᠨ ᠴᠡᠷᠢᠭ ᠪᠠᠢᠯᠳᠤᠬᠤ ᠦᠭᠡᠢ ᠪᠣᠯᠪᠠᠰᠤ ᠪᠣᠯᠬᠤ ᠦᠭᠡᠢ ᠳ᠋ᠦ᠍ᠷ ᠬᠦᠷᠴᠦ ᠵᠠᠯᠭ᠎ᠠ ᠪᠠᠷ ᠭᠤᠷᠪᠠᠨ ᠤᠳᠠᠭ᠎ᠠ ᠲᠤᠯᠤᠯᠳᠤᠬᠤᠢ ᠳ᠋ᠤᠷ ᠮᠣᠩᠭᠣᠯ ᠤ᠋ᠨ ᠴᠡᠷᠢᠭ ᠮᠠᠰᠢ ᠴᠥᠭᠡᠨ ᠢ᠋ ᠦᠵᠡᠭᠡᠳ ᠲᠡᠭᠦᠨ ᠦ᠌ ᠬᠣᠢᠨ᠎ᠠ ᠥᠪᠡᠷ᠎ᠡ ᠴᠡᠷᠢᠭ ᠦᠭᠡᠢ ᠶ᠋ᠢ ᠮᠡᠳᠡᠵᠦ᠂ ᠪᠠᠷᠠᠭᠤᠨ ᠡᠲᠡᠭᠡᠳ ᠢᠨᠦ ᠬᠣᠭᠣᠰᠣᠨ ᠪᠣᠯᠤᠭᠰᠠᠨ ᠲᠤᠯᠠ ᠠᠯᠲᠠᠨ ᠤᠯᠤᠰ ᠤ᠋ᠨ ᠢ ᠯᠢ ᠫᠦ ᠾᠧ ᠥᠪᠡᠷ ᠢ᠋ᠶ᠋ᠡᠨ ᠴᠡᠷᠢᠭ ᠠᠪᠴᠤ ᠮᠣᠩᠭᠣᠯ ᠤ᠋ᠨ ᠮᠣᠷᠢᠲᠤ ᠴᠡᠷᠢᠭ ᠦ᠋ᠨ ᠬᠣᠢᠭᠤᠷ ᠲᠣᠭᠣᠷᠢᠨ ᠭᠠᠷᠴᠤ ᠠᠷᠤ ᠶ᠋ᠢᠨ ᠬᠣᠢᠨ᠎ᠠ ᠠ᠋ᠴᠠ ᠳᠠᠷᠤᠨ ᠣᠷᠣᠵᠤ᠂ ᠪᠠᠰᠠ ᠠᠯᠲᠠᠨ ᠤᠯᠤᠰ ᠤ᠋ᠨ ᠫᠦ ᠴᠠ ᠳᠣᠲᠣᠷ᠎ᠠ ᠠ᠋ᠴᠠ ᠮᠣᠩᠭᠣᠯ ᠴᠡᠷᠢᠭ ᠢ᠋ ᠬᠦᠴᠦᠨ ᠦ᠌ ᠬᠢᠷᠢ ᠪᠡᠷ ᠭᠠᠳᠠᠭᠰᠢ ᠲᠤᠯᠵᠤ ᠪᠠᠢᠯᠳᠤᠭᠰᠠᠨ ᠳ᠋ᠤᠷ ᠮᠣᠩᠭᠣᠯ ᠤ᠋ᠨ ᠴᠡᠷᠢᠭ ᠰᠠᠶᠢ ᠬᠣᠢᠰᠢ ᠤᠬᠤᠷᠢᠪᠠᠢ᠃ ᠸᠠᠨ ᠶᠠᠨ ᠾᠧ ᠳᠡ ᠥᠭᠦᠯᠡᠷᠦᠨ : 《ᠡᠳᠡᠨ ᠦ᠌ ᠭᠤᠷᠪᠠᠨ ᠲᠦᠮᠡᠨ ᠴᠡᠷᠢᠭ ᠦ᠋ᠨ ᠠᠴᠢᠶ᠎ᠠ ᠬᠥᠰᠬᠡ ᠴᠥᠮ ᠨᠢᠭᠡᠨ ᠭᠠᠵᠠᠷ ᠲᠤᠷ ᠪᠣᠢ᠂ ᠬᠠᠷᠢᠯᠴᠠᠨ ᠬᠡᠳᠦᠨ ᠡᠳᠦᠷ ᠢᠳᠡᠪᠡᠰᠦ ᠮᠠᠨ ᠤ᠋ ᠢᠷᠭᠡᠨ ᠴᠥᠮ ᠵᠠᠢᠯᠠᠭᠰᠠᠨ ᠲᠤᠯᠠ ᠢᠳᠡᠬᠦ ᠬᠦᠨᠡᠰᠦ ᠦᠭᠡᠢ ᠪᠣᠯᠵᠤ ᠥᠪᠡᠷ ᠢ᠋ᠶ᠋ᠡᠨ ᠤᠬᠤᠷᠢᠨ ᠬᠠᠷᠢᠬᠤ ᠪᠣᠯᠠᠢ᠃ ᠲᠡᠷᠡ ᠬᠢᠷᠢ ᠳ᠋ᠦ᠍ᠷ ᠨᠡᠬᠡᠵᠦ ᠪᠠᠢᠯᠳᠤᠪᠠᠰᠤ ᠳᠠᠷᠤᠢ ᠳᠡᠢᠯᠬᠦ ᠪᠣᠯᠠᠢ ! 》ᠬᠡᠮᠡᠪᠡᠰᠦ ᠢ ᠯᠢ ᠫᠦ ᠾᠧ ᠥᠭᠦᠯᠡᠷᠦᠨ : 《ᠬᠠᠲᠤᠨ ᠮᠥᠷᠡᠨ ᠦ᠌ ᠵᠠᠮ ᠨᠢᠭᠡᠨᠲᠡ ᠲᠠᠰᠤᠯᠤᠭᠳᠠᠨ ᠂ ᠮᠥᠷᠡᠨ ᠦ᠌ ᠤᠰᠤᠨ ᠬᠥᠯᠳᠡᠭᠡᠳᠦᠢ᠂ ᠮᠣᠩᠭᠣᠯ ᠤ᠋ᠨ ᠴᠡᠷᠢᠭ ᠮᠠᠨ ᠤ᠋ ᠬᠦᠨᠳᠦ ᠭᠠᠵᠠᠷ ᠲᠤᠷ ᠭᠦᠨ᠎ᠡ ᠣᠷᠣᠪᠠ᠂ ᠡᠭᠡᠬᠦᠢ ᠳ᠋ᠦ᠍ᠷ ᠪᠡᠷᠬᠡ ᠪᠣᠯᠵᠤᠬᠤᠢ ! ᠶᠠᠭᠠᠬᠢᠨ ᠡᠳᠦᠭᠡ ᠳᠠᠷᠤᠢ ᠳᠤᠲᠠᠭᠠᠨ ᠶᠠᠪᠤᠵᠤ ᠴᠢᠳᠠᠬᠤ ᠪᠣᠢ ! ᠠᠯᠭᠤᠷ ᠪᠠᠢᠯᠳᠤᠪᠠᠴᠤ ᠬᠣᠵᠢᠮᠳᠠᠬᠤ ᠦᠭᠡᠢ ! 》 ᠬᠡᠮᠡᠬᠦᠢ ᠳ᠋ᠦ᠍ᠷ ᠸᠠᠨ ᠶᠠᠨ ᠾᠧ ᠳᠡ ᠦᠭᠡ ᠶ᠋ᠢ ᠠᠪᠤᠭᠰᠠᠨ ᠦᠭᠡᠢ᠂ ᠮᠥᠨ ᠰᠥᠨᠢ ᠴᠡᠷᠢᠭ ᠢ᠋ ᠵᠠᠰᠠᠵᠤ ᠵᠢᠴᠢ ᠡᠳᠦᠷ ᠪᠠᠢᠯᠳᠤᠷ᠎ᠠ ᠡᠴᠢᠪᠡᠰᠦ᠂ ᠮᠣᠩᠭᠣᠯ ᠤ᠋ᠨ ᠴᠡᠷᠢᠭ ᠭᠡᠨᠡᠳᠲᠡ ᠣᠷᠣᠮ ᠲᠣᠷᠣᠮ ᠦᠭᠡᠢ ᠪᠣᠯᠵᠤᠬᠤᠢ᠃ ᠲᠡᠳᠦᠢ ᠪᠦᠭᠦᠳᠡᠭᠡᠷ ᠮᠣᠷᠢᠯᠠᠨ ᠲᠣᠭᠣᠷᠢᠵᠤ ᠬᠡᠳᠦᠨ ᠡᠳᠦᠷ ᠡᠷᠢᠵᠦ ᠰᠠᠶᠢ ᠣᠯᠵᠤ ᠮᠡᠳᠡᠪᠡᠢ᠃ ᠦᠵᠡᠰᠡ ᠭᠤᠸᠠᠩ ᠬᠤᠸᠠ ᠬᠣᠲᠠ ᠶ᠋ᠢᠨ ᠡᠰᠡᠷᠭᠦ ᠪᠠᠢᠬᠤ ᠥᠨᠳᠥᠷ ᠡᠷᠭᠢ ᠶ᠋ᠢᠨ ᠶᠡᠬᠡ ᠴᠢᠪᠠᠭ᠎ᠠ ᠶ᠋ᠢᠨ ᠮᠣᠳᠣᠨ ᠤ᠋ ᠭᠦᠨ ᠰᠢᠭᠤᠢ ᠳ᠋ᠤᠷ ᠣᠷᠣᠵᠤ᠂ ᠡᠳᠦᠷ ᠪᠣᠯᠪᠠᠰᠤ ᠪᠤᠳᠠᠭ᠎ᠠ ᠪᠠᠨ ᠴᠢᠨᠠᠵᠤ ᠢᠳᠡᠭᠡᠳ ᠨᠣᠢᠷ ᠠᠪᠴᠤ ᠤᠮᠳᠠᠨ᠂ ᠰᠥᠨᠢ ᠪᠣᠯᠪᠠᠰᠤ ᠴᠥᠮ ᠮᠣᠷᠢᠨ ᠳ᠋ᠤᠷ ᠭᠠᠷᠴᠤ ᠵᠣᠭᠰᠣᠭᠰᠠᠭᠠᠷ ᠳᠥᠷᠪᠡᠨ ᠡᠳᠦᠷ ᠪᠣᠯᠵᠤ᠂ ᠰᠢᠭᠤᠢ ᠶ᠋ᠢᠨ ᠭᠠᠳᠠᠨ᠎ᠠ ᠳᠠᠭᠤᠨ ᠴᠢᠮᠡᠭᠡ ᠰᠣᠨᠣᠰᠳᠠᠬᠤ ᠦᠭᠡᠢ ᠠᠵᠤᠭᠤ᠃ ᠸᠠᠨ ᠶᠠᠨ ᠾᠧ ᠳᠡ᠂ ᠢ ᠯᠢ ᠫᠦ ᠾᠧ ᠳ᠋ᠧᠩ ᠵᠧᠦ ᠬᠣᠲᠠᠨ᠎ᠠ ᠣᠷᠣᠵᠤ ᠠᠮᠤ ᠠᠪᠤᠮᠤᠢ ᠭᠡᠮᠡᠨ ᠰᠢᠯᠲᠠᠵᠤ᠂ ᠯᠤᠤ ᠮᠣᠭᠠᠢ ᠴᠠᠭ ᠲᠤ᠌ ᠮᠣᠩᠭᠣᠯ ᠤ᠋ᠨ ᠴᠡᠷᠢᠭ ᠦ᠋ᠨ ᠰᠢᠷᠭᠤᠭᠰᠠᠨ ᠭᠦᠨ ᠰᠢᠭᠤᠢ ᠶ᠋ᠢᠨ ᠬᠣᠢᠨ᠎ᠠ ᠠ᠋ᠴᠠ ᠭᠠᠯ ᠲᠠᠯᠪᠢᠨ ᠳᠠᠷᠤᠰᠤᠭᠠᠢ ᠭᠡᠮᠡᠨ ᠰᠠᠶᠢ ᠬᠦᠷᠲᠡᠯ᠎ᠡ ᠮᠣᠩᠭᠣᠯ ᠤ᠋ᠨ ᠴᠡᠷᠢᠭ ᠭᠡᠨᠡᠳᠲᠡ ᠴᠥᠯᠳᠦᠭᠡᠨ ᠢ᠋ᠶ᠋ᠡᠷ ᠳᠣᠪᠲᠣᠯᠤᠯᠴᠠᠨ ᠠᠯᠠᠨ ᠭᠠᠷᠴᠤ ᠢᠷᠡᠭᠡᠳ ᠨᠢᠭᠡᠨᠲᠡ ᠪᠠᠢᠯᠳᠤᠵᠤ ᠬᠥᠭᠡᠭᠡᠬᠦᠢ ᠳ᠋ᠦ᠍ᠷ ᠨᠢᠭᠡᠨ ᠡᠲᠡᠭᠡᠳ ᠢ᠋ᠶ᠋ᠡᠷ ᠮᠣᠩᠭᠣᠯ ᠤ᠋ᠨ ᠰᠢᠯᠭᠠᠷᠠᠭᠰᠠᠨ ᠪᠠᠭᠠᠲᠤᠳ ᠵᠠᠭᠤᠬᠠᠨ ᠮᠣᠷᠢᠲᠤ ᠴᠡᠷᠢᠭ ᠴᠣᠬᠢᠨ ᠣᠷᠣᠵᠤ᠂ ᠢ ᠯᠢ ᠫᠦ ᠾᠧ᠂ ᠸᠠᠨ ᠶᠠᠨ ᠾᠧ ᠳᠡ ᠬᠣᠶᠠᠷ ᠰᠢᠩ ᠱᠧᠩ ᠱᠢ ᠶ᠋ᠢᠨ ᠠᠴᠢᠶ᠎ᠠ ᠬᠥᠰᠬᠡ ᠶ᠋ᠢᠨ ᠠᠯᠢ ᠬᠦᠨᠳᠦ ᠶ᠋ᠢ ᠢᠨᠦ ᠴᠥᠮ ᠪᠤᠯᠢᠶᠠᠨ ᠶᠡᠬᠡ ᠬᠦᠨᠡᠰᠦ ᠶ᠋ᠢ ᠴᠥᠮ ᠠᠪᠠᠴᠢᠪᠠᠢ᠃ ᠡᠭᠦᠨ ᠳ᠋ᠦ᠍ᠷ ᠠᠯᠲᠠᠨ ᠤᠯᠤᠰ ᠤ᠋ᠨ ᠴᠡᠷᠢᠭ ᠪᠠᠢᠯᠳᠤᠵᠤ ᠳᠠᠷᠤᠭᠳᠠᠭᠠᠳ ᠬᠣᠲᠠᠨ ᠤ᠋ ᠳᠣᠣᠷ᠎ᠠ ᠪᠠᠭᠤᠳᠠᠯᠯᠠᠪᠠᠢ᠃ ᠰᠥᠨᠢ ᠬᠣᠶᠠᠷ ᠵᠢᠩ ᠦ᠋ᠨ ᠬᠢᠷᠢ ᠳ᠋ᠦ᠍ᠷ ᠸᠠᠨ ᠶᠠᠨ ᠾᠧ ᠳᠡ᠂ ᠢ ᠯᠢ ᠫᠦ ᠾᠧ ᠰᠠᠶᠢ ᠬᠣᠲᠠᠨ ᠳ᠋ᠤᠷ ᠣᠷᠣᠵᠤ᠂ ᠶᠡᠬᠡ ᠵᠦᠩ ᠢ᠋ ᠴᠣᠬᠢᠭᠤᠯᠵᠤ ᠳᠣᠬᠢᠶ᠎ᠠ ᠥᠭᠴᠦ ᠳᠤᠲᠠᠭᠠᠭᠰᠠᠨ ᠴᠡᠷᠢᠭ ᠢ᠋ᠶ᠋ᠡᠨ ᠬᠤᠷᠢᠶᠠᠵᠤ ᠢᠷᠡᠭᠦᠯᠪᠡᠢ᠃ ᠲᠡᠳᠦᠢ ᠮᠣᠩᠭᠣᠯ ᠤ᠋ᠨ ᠲᠣᠯᠢ ᠴᠢᠨ ᠸᠠᠩ ᠤ᠋ᠨ ᠴᠡᠷᠢᠭ ᠶᠡᠬᠡᠳᠡ ᠲᠠᠢᠯᠵᠤ ᠲᠦᠷ ᠡᠭᠡᠵᠦ ᠬᠦᠷᠢᠶ᠎ᠡ ᠪᠠᠭᠤᠪᠠ᠃ ᠡᠭᠦᠨ ᠢ ᠠᠯᠲᠠᠨ ᠤᠯᠤᠰ ᠤ᠋ᠨ ᠪᠢᠶᠠᠨ ᠯᠢᠶᠠᠩ ᠤ᠋ᠨ ᠵᠠᠭᠤᠨ ᠲᠦᠰᠢᠮᠡᠳ ᠰᠣᠨᠣᠰᠴᠤ ᠪᠣᠳᠣᠷᠣᠣᠯ ᠪᠢᠴᠢᠭ ᠪᠢᠴᠢᠭᠦᠯᠵᠦ ᠶᠡᠬᠡ ᠪᠠᠶᠠᠷ ᠭᠡᠮᠡᠨ ᠪᠠᠶᠠᠷ ᠤ᠋ᠨ ᠶᠣᠰᠣᠨ ᠢ᠋ᠶ᠋ᠠᠷ ᠴᠢᠭᠤᠯᠵᠤ᠂ ᠲᠠᠪᠤᠨ ᠮᠠᠨᠳᠠᠯ᠂ ᠨᠠᠢ᠍ᠮᠠᠨ ᠰᠦᠮ᠎ᠡ ᠶ᠋ᠢ ᠲᠠᠬᠢᠭᠤᠯᠵᠤ᠂ ᠣᠯᠠᠨ ᠲᠦᠰᠢᠮᠡᠳ ᠠᠷᠢᠬᠢ ᠪᠠᠷᠢᠵᠤ ᠪᠡᠯᠭᠡᠯᠡᠨ ᠮᠥᠷᠭᠥᠬᠦᠶ᠎ᠡ ᠵᠡᠭᠦᠨ ᠡᠲᠡᠭᠡᠳ ᠦ᠋ᠨ ᠴᠧᠩᠰᠢᠶᠠᠩ ᠯᠢ ᠱᠢ ᠬᠠᠭᠠᠰ ᠪᠠᠶᠠᠷᠯᠠᠨ ᠬᠠᠭᠠᠰ ᠵᠣᠪᠠᠨᠢᠨ ᠤᠬᠢᠯᠠᠵᠤ ᠥᠭᠦᠯᠡᠷᠦᠨ:《ᠡᠨᠡ ᠡᠳᠦᠷ ᠦ᠋ᠨ ᠣᠯᠠᠨ ᠤ᠋ ᠠᠮᠢ ᠬᠡᠯᠲᠦᠷᠢᠵᠦ ᠭᠠᠷᠤᠭᠰᠠᠨ ᠢ᠋ ᠲᠠᠢᠯᠪᠠ ᠬᠡᠮᠡᠪᠡᠰᠦ ᠪᠣᠯᠬᠤ ᠦᠭᠡᠢ᠂ ᠬᠣᠶᠠᠷ ᠣᠨ ᠤ᠋ ᠬᠣᠢᠲᠤᠬᠢ ᠵᠣᠪᠠᠯᠠᠩ ᠢ ᠦᠵᠡᠲᠦᠭᠡᠢ ! 》ᠬᠡᠮᠡᠪᠡ᠃ ᠳᠠᠭᠠᠯᠳᠤᠭ᠎ᠠ ᠪᠠᠷ ᠬᠣᠲᠠ ᠶ᠋ᠢ ᠬᠠᠳᠠᠭᠠᠯᠠᠭᠰᠠᠨ ᠬᠡᠳᠦᠨ ᠲᠦᠮᠡᠨ ᠰᠤᠯᠠ ᠢᠷᠭᠡᠨ ᠢ ᠲᠠᠯᠪᠢᠨ ᠭᠠᠷᠭᠠᠵᠤ᠂ ᠠᠢᠯ ᠪᠦᠯᠦᠭ ᠲᠣᠷ ᠢᠨᠤ ᠢᠯᠡᠭᠡᠭᠰᠡᠨ᠎ᠡ᠂ ᠴᠢᠨ ᠸᠠᠩ ᠲᠣᠯᠢ ᠶ᠋ᠢᠨ ᠪᠠᠷᠠᠭᠤᠨ ᠭᠠᠷ ᠤ᠋ᠨ ᠵᠠᠩᠵᠤᠨ ᠡᠦ ᠰᠢᠶᠣᠤ ᠯᠢ ᠶ᠋ᠢᠨ ᠠᠯᠪᠠ ᠬᠥᠭᠡᠭᠡᠬᠦ ᠴᠡᠷᠢᠭ ᠳᠣᠪᠲᠣᠯᠤᠨ ᠢᠷᠡᠭᠡᠳ ᠣᠯᠠᠨ ᠢᠷᠭᠡᠨ ᠢ ᠴᠥᠮ ᠬᠥᠭᠡᠭᠡᠵᠦ ᠠᠪᠠᠴᠢᠪᠠ᠃ ᠡᠭᠦᠨ ᠳ᠋ᠦ᠍ ᠪᠢᠶᠠᠨ ᠯᠢᠶᠠᠩ ᠬᠣᠲᠠ ᠶᠡᠬᠡᠯ᠎ᠡ ᠠᠶᠤᠯᠳᠤᠨ ᠪᠤᠷᠭᠢᠯᠴᠠᠮᠤᠢ᠃ ᠡᠨᠡ ᠰᠠᠷ᠎ᠠ ᠳ᠋ᠤᠷ ᠰᠥᠩ ᠤᠯᠤᠰ ᠰᠢᠨ᠎ᠡ ᠲᠡᠢ ᠮᠢᠶᠣᠤ – ᠳᠡᠭᠡᠳᠦᠰ ᠦ᠋ᠨ ᠰᠦᠮ᠎ᠡ ᠪᠠᠷᠢᠵᠤ ᠲᠡᠭᠦᠰᠦᠮᠡᠭᠴᠡ ᠬᠠᠷᠠᠬᠠᠨ ᠪᠠᠶᠠᠰᠬᠤᠯᠠᠩ ᠤ᠋ᠨ ᠶᠣᠰᠣᠨ ᠢ᠋ᠶ᠋ᠠᠷ ᠮᠥᠷᠭᠥᠬᠦᠢ ᠳ᠋ᠦ᠍ᠷ ᠮᠣᠩᠭᠣᠯ ᠤᠯᠤᠰ ᠤ᠋ᠨ ᠴᠢᠨ ᠸᠠᠩ ᠲᠣᠯᠢ ᠶ᠋ᠢᠨ ᠵᠡᠭᠦᠨ ᠭᠠᠷ ᠤ᠋ᠨ ᠵᠠᠩᠵᠤᠨ ᠯᠢ ᠴᠢᠩ ᠭᠦᠸᠧ ᠶ᠋ᠢᠨ ᠶᠠᠯ᠎ᠠ ᠠᠰᠠᠭᠤᠬᠤ ᠴᠡᠷᠢᠭ ᠬᠦᠷᠴᠦ ᠵᠠᠬ᠎ᠠ ᠬᠢᠵᠠᠭᠠᠷ ᠢ ᠠᠪᠴᠤ ᠪᠠᠢᠯᠳᠤᠨ ᠲᠦᠢᠪᠡᠭᠡᠬᠦ ᠮᠠᠭᠤ ᠮᠡᠳᠡᠭᠡ ᠶ᠋ᠢ ᠰᠣᠨᠣᠰᠪᠠ᠃ ᠳᠠᠭᠠᠯᠳᠤᠭ᠎ᠠ ᠮᠣᠩᠭᠣᠯ ᠤ᠋ᠨ ᠶᠡᠬᠡ ᠲᠡᠢᠰᠢ ᠭᠦᠸᠧ ᠸᠠᠩ ᠪᠤᠯᠤ᠂ ᠳᠠᠢᠰᠤᠨᠳᠠᠷᠤᠭᠴᠢ ᠨᠠᠷ ᠤ᠋ᠨ ᠴᠡᠷᠢᠭ ᠦ᠋ᠨ ᠶᠡᠬᠡ ᠬᠣᠰᠢᠭᠤᠴᠢ ᠨᠠᠨᠰᠠᠷ ᠴᠡᠷᠢᠭ ᠪᠦᠭᠭᠦᠬᠦᠢ ᠶ᠋ᠢᠨ ᠲᠤᠯᠠ ᠳᠠ ᠰᠠᠨ ᠭᠤᠸᠠᠨ ᠬᠡᠷᠡᠮ ᠢ᠋ ᠣᠷᠣᠭᠰᠠᠨ ᠳ᠋ᠤᠷ ᠰᠥᠩ ᠤᠯᠤᠰ᠂ ᠱᠤ᠌ ᠶ᠋ᠢᠨ ᠭᠠᠵᠠᠷ᠂ ᠵᠢᠶᠠᠨ ᠳ᠋ᠣᠣ – ᠬᠥᠭᠦᠷᠭᠡᠨ ᠵᠠᠮ ᠳ᠋ᠤᠷ ᠭᠠᠯ ᠲᠠᠯᠪᠢᠭᠰᠠᠨ ᠲᠤᠯᠠ ᠨᠠᠨᠰᠠᠷ ᠵᠢᠶᠠᠩ ᠳ᠋ᠠᠩ ᠰᠢᠶᠠᠨ ᠤ᠋ ᠭᠠᠵᠠᠷ ᠢ᠋ᠶ᠋ᠠᠷ ᠢᠦᠢ ᠭᠤᠸᠠᠨ ᠤ᠋ ᠬᠡᠷᠡᠮ ᠢ᠋ ᠭᠠᠷᠤᠭᠠᠳ ᠮᠢᠶᠠᠨ ᠵᠧᠦ ᠬᠣᠲᠠᠨ ᠳ᠋ᠤᠷ ᠬᠦᠷᠪᠡᠰᠦ᠂ ᠰᠥᠩ ᠤᠯᠤᠰ ᠤ᠋ᠨ ᡁᠢ ᡁᠢ ᠱᠢ ᠲᠦᠰᠢᠮᠡᠯ ᠬᠦ ᠢᠦ ᠶᠤᠸᠠᠨ᠂ ᠰᠢᠶᠠᠩ ᠶᠤᠸᠠᠨ ᠬᠣᠲᠠ ᠶ᠋ᠢ ᠬᠠᠮᠠᠭᠠᠯᠠᠭᠰᠠᠨ ᠳ᠋ᠤᠷ ᠨᠠᠨᠰᠠᠷ ᠪᠢᠴᠢᠭ ᠢᠯᠡᠭᠡᠵᠦ ᠵᠠᠮ ᠭᠤᠶᠤᠭᠰᠠᠨ ᠠᠨᠤ : 《ᠶᠡᠬᠡ ᠰᠥᠩ ᠤᠯᠤᠰ ᠬᠡᠮᠡᠭᠴᠢ ᠬᠠᠭᠤᠴᠢᠨ ᠶᠣᠰᠣᠲᠤ ᠤᠯᠤᠰ᠂ ᠠᠯᠲᠠᠨ ᠤᠯᠤᠰ ᠬᠡᠮᠡᠭᠴᠢ ᠲᠦᠷᠢᠮᠡᠬᠡᠢ ᠳᠠᠷᠤᠯᠠᠭᠰᠠᠨ ᠤᠯᠤᠰ ᠲᠤᠯᠠ ᠰᠥᠩ ᠬᠡᠳᠦᠢ ᠮᠠᠨᠳᠤᠨ ᠡᠰᠡ ᠴᠢᠳᠠᠪᠠᠴᠤ ᠠᠯᠲᠠᠨ ᠤᠯᠤᠰ ᠲᠤ᠌ ᠮᠥᠨ ᠡᠰᠡ ᠡᠵᠡᠯᠡᠭᠦᠯᠪᠡᠰᠦ ᠵᠣᠬᠢᠮᠤᠢ᠃ ᠡᠳᠦᠭᠡ ᠲᠡᠭᠷᠢ ᠶ᠋ᠢᠨ ᠴᠠᠭ ᠢ᠋ ᠳᠠᠭᠠᠵᠤ ᠮᠠᠨᠳᠤᠭᠰᠠᠨ ᠮᠠᠨ ᠤ᠋ ᠶᠡᠬᠡ ᠮᠣᠩᠭᠣᠯ ᠤᠯᠤᠰ ᠤ᠋ᠨ ᠴᠡᠷᠢᠭ ᠠᠯᠲᠠᠨ ᠢ᠋ ᠡᠪᠳᠡᠵᠦ᠂ ᠰᠥᠩ ᠢ᠋ ᠥᠮᠥᠭᠯᠡᠬᠦ ᠮᠡᠲᠦ ᠳ᠋ᠦ᠍ᠷ ᠣᠳᠣ ᠴᠣᠬᠣᠮ ᠶᠡᠬᠡ ᠰᠥᠩ ᠤᠯᠤᠰ ᠤᠷᠢᠳᠤ ᠶ᠋ᠢᠨ ᠪᠣᠯᠵᠣᠭ᠎ᠠ ᠪᠠᠷ ᠮᠠᠨ ᠤ᠋ ᠴᠡᠷᠢᠭ ᠯᠦ᠍ᠭᠡ ᠨᠡᠢᠯᠡᠵᠦ᠂ ᠠᠯᠲᠠᠨ ᠤᠯᠤᠰ ᠠ᠋ᠴᠠ ᠬᠠᠭᠤᠴᠢᠨ ᠦᠰ ᠢ᠋ ᠠᠪᠤᠪᠠᠰᠤ ᠵᠣᠬᠢᠮᠤᠢ᠃ ᠬᠡᠳᠦᠢ ᠲᠡᠢᠨ ᠡᠰᠡ ᠪᠣᠯᠪᠠᠴᠤ ᠮᠠᠨ ᠳ᠋ᠤᠷ ᠨᠢᠭᠡᠨ ᠵᠤᠷᠪᠤᠰ ᠵᠠᠮ ᠵᠢᠭᠡᠯᠡᠨ ᠥᠭᠴᠦ ᠠᠯᠲᠠᠨ ᠤᠯᠤᠰ ᠢ᠋ ᠮᠥᠭᠥᠭᠡᠯᠭᠡᠵᠦ ᠦᠰ ᠢ᠋ᠶ᠋ᠡᠨ ᠠᠪᠬᠤ ᠪᠣᠯᠪᠠ ᠤᠤ ! ᠲᠡᠢᠨ ᠬᠦ᠌ ᠡᠳᠦᠭᠡ ᠰᠠᠢᠨ ᠢ᠋ᠶ᠋ᠠᠷ ᠡᠷᠭᠢᠨ ᠤᠯᠤᠰ ᠠ᠋ᠴᠠ ᠵᠢᠶᠠᠩ ᠶᠠᠩ ᠤ᠋ᠨ ᠵᠠᠮ ᠢ᠋ ᠭᠣᠶᠣᠯᠭᠠᠮᠤᠢ᠃ ᠮᠠᠨ ᠤ᠋ ᠮᠣᠩᠭᠣᠯ ᠤᠯᠤᠰ ᠤᠨ ᠴᠡᠷᠢᠭ ᠨᠡᠢᠲᠡ ᠲᠠᠪᠤᠨ ᠠᠩᠭᠢ ᠬᠣᠢᠲᠤ ᠵᠢᠯ ᠴᠥᠮ ᠠᠯᠲᠠᠨ ᠤᠯᠤᠰ ᠤ᠋ᠨ ᠳᠠᠩ ᠳ᠋ᠧᠩ ᠢ᠋ᠶ᠋ᠡᠷ ᠨᠡᠪᠲᠡᠯᠦᠨ ᠪᠢᠶᠠᠨ ᠯᠢᠶᠠᠩ ᠳ᠋ᠤᠷ ᠠᠭᠤᠯᠵᠠᠬᠤ ᠪᠣᠯᠵᠣᠭ᠎ᠠ ᠲᠣᠭᠲᠠᠭᠰᠠᠨ ᠪᠥᠯᠥᠭᠡ᠃ ᠠᠯᠲᠠᠨ ᠤᠯᠤᠰ ᠰᠥᠨᠥᠪᠡᠰᠦ ᠭᠠᠭᠴᠠ ᠮᠠᠨ ᠳ᠋ᠤᠷ ᠲᠤᠰᠠ ᠪᠣᠯᠬᠤ ᠪᠤᠰᠤ᠂ ᠶᠡᠬᠡ ᠤᠯᠤᠰ ᠲᠤᠷ ᠮᠥᠨ ᠦᠰ ᠬᠠᠷᠢᠭᠤᠯᠠᠬᠤ ᠪᠣᠯᠠᠢ ! 》ᠬᠡᠮᠡᠵᠦᠬᠦᠢ᠃
ᠲᠡᠳᠦᠢ ᠰᠥᠩ ᠤᠯᠤᠰ ᠤ᠋ᠨ ᡁᠢ ᡁᠢ ᠱᠢ ᠲᠦᠰᠢᠮᠡᠯ ᠬᠦᠢ ᠢᠦ ᠶᠤᠸᠠᠨ ᠵᠠᠮ ᠪᠤᠤ ᠥᠭᠰᠦᠭᠡᠢ ᠬᠡᠮᠡᠬᠦᠯ᠎ᠡ ᠯᠠᠪ ᠲᠡᠭᠦᠨ ᠢ᠋ ᠪᠠᠢᠯᠳᠤᠮᠤᠢ ᠥᠭᠰᠦᠭᠡᠢ ᠬᠡᠮᠡᠬᠦᠯ᠎ᠡ ᠪᠠᠰᠠ ᠵᠠᠬ᠎ᠠ ᠳᠣᠲᠣᠷ᠎ᠠ ᠪᠠᠨ ᠰᠠᠮᠠᠭᠤᠷᠠᠭᠤᠯᠬᠤ ᠠ᠋ᠴᠠ ᠠᠶᠤᠵᠤ᠂ ᠠᠷᠭ᠎ᠠ ᠦᠭᠡᠢ ᠪᠠᠭ᠎ᠠ ᠲᠦᠰᠢᠮᠡᠯ ᠠᠮᠠᠯᠠᠨ ᠢᠯᠡᠭᠡᠵᠦ᠂ ᠮᠣᠩᠭᠣᠯ ᠤ᠋ᠨ ᠴᠡᠷᠢᠭ ᠢ᠋ ᠤᠳᠤᠷᠢᠳᠤᠨ ᠡᠦ ᠰᠢᠦ ᠭᠤᠸᠠᠨ ᠪᠣᠭᠣᠮᠲᠠ ᠠ᠋ᠴᠠ ᠤᠷᠤᠭᠰᠢ ᠣᠷᠣᠵᠤ᠂ ᠳ᠋ᠧᠩ ᠵᠧᠦ ᠬᠣᠲᠠᠨ ᠳ᠋ᠤᠷ ᠬᠦᠷᠴᠦ ᠠᠯᠲᠠᠨ ᠤᠯᠤᠰ ᠤ᠋ᠨ ᠰᠢᠶᠣᠤ ᠭᠤᠸᠠᠨ ᠪᠣᠭᠣᠮᠲᠠ ᠶ᠋ᠢᠨ ᠬᠡᠷᠡᠮ ᠢ᠋ ᠡᠪᠳᠡᠯᠡᠭᠦᠯᠦᠨ ᠮᠣᠩᠭᠣᠯ ᠤ᠋ᠨ ᠴᠡᠷᠢᠭ ᠢ᠋ ᠲᠠᠯᠪᠢᠨ ᠣᠷᠣᠭᠤᠯᠪᠠ᠃ ᠡᠨᠡ ᠦᠶ᠎ᠡ ᠳ᠋ᠦ᠍ᠷ ᠠᠯᠲᠠᠨ ᠤᠯᠤᠰ ᠤ᠋ᠨ ᠴᠡᠷᠢᠭ ᠭᠠᠭᠴᠠ ᠲᠦᠩ ᠭᠤᠸᠠᠨ ᠢ᠋ ᠰᠡᠷᠭᠡᠢᠯᠡᠭᠰᠡᠨ ᠲᠤᠯᠠ ᠡᠮᠦᠨ᠎ᠡ ᠰᠥᠩ ᠤᠯᠤᠰ ᠯᠤᠭ᠎ᠠ ᠨᠠᠢᠷᠠᠯᠳᠤᠭᠰᠠᠨ ᠢ᠋ ᠣᠭᠲᠣ ᠮᠡᠳᠡᠭᠰᠡᠨ ᠦᠭᠡᠢ᠂ ᠮᠣᠩᠭᠣᠯ ᠤ᠋ᠨ ᠴᠡᠷᠢᠭ ᠶᠡᠬᠡ ᠦᠶᠡᠷ ᠲᠣᠷ ᠠᠭᠤᠯᠠ ᠰᠡᠲᠡᠷᠡᠭᠰᠡᠨ ᠮᠡᠲᠦ ᠣᠷᠣᠵᠤ ᠡᠴᠢᠭᠰᠡᠨ᠎ᠡ᠂ ᠠᠯᠲᠠᠨ ᠤᠯᠤᠰ ᠤ᠋ᠨ ᠴᠡᠷᠢᠭ ᠢᠷᠭᠡᠳ ᠮᠣᠩᠭᠣᠯ ᠴᠡᠷᠢᠭ ᠢ᠋ ᠣᠭᠲᠠᠷᠭᠤᠢ ᠠ᠋ᠴᠠ ᠪᠠᠭᠤᠵᠤ ᠢᠷᠡᠪᠡ ᠭᠡᠮᠡᠨ ᠶᠡᠬᠡᠯ᠎ᠡ ᠠᠶᠤᠯᠳᠤᠨ ᠪᠤᠷᠬᠢᠷᠠᠯᠳᠤᠮᠤᠢ᠃ ᠡᠨᠡ ᠬᠥᠬᠡᠭᠡ ᠰᠠᠷ᠎ᠠ ᠳ᠋ᠤᠷ ᠠᠯᠲᠠᠨ ᠤᠯᠤᠰ ᠤ᠋ᠨ ᠳᠥᠷᠪᠡᠨ ᠵᠦᠭ ᠨᠠᠢ᠍ᠮᠠᠨ ᠵᠣᠪᠬᠢᠰ ᠲᠤᠷ ᠴᠥᠮ ᠮᠣᠩᠭᠣᠯ ᠤ᠋ᠨ ᠴᠡᠷᠢᠭ ᠪᠣᠯᠵᠤ ᠣᠯᠠᠨ ᠢᠷᠭᠡᠨ ᠡᠴᠢᠬᠦ ᠵᠦᠭ ᠦᠭᠡᠢ ᠪᠣᠯᠤᠨ᠂ ᠪᠠᠰᠠ ᠲᠡᠷᠡ ᠵᠢᠯ ᠦ᠋ᠨ ᠮᠣᠩᠭᠣᠯ ᠤ᠋ᠨ ᠴᠢᠩᠭᠢᠰ ᠬᠠᠭᠠᠨ ᠤ᠋ ᠵᠢᠷᠭᠤᠳᠤᠭᠠᠷ ᠣᠨ ᠳ᠋ᠤ᠌ ᠠᠯᠲᠠᠨ ᠤᠯᠤᠰ ᠤ᠋ᠨ ᠶᠠᠨ ᠵᠢᠩ ᠬᠣᠲᠠ ᠶ᠋ᠢ ᠬᠠᠭᠠᠭᠰᠠᠨ ᠮᠡᠲᠦ ᠪᠣᠯᠵᠤ᠂ ᠠᠭᠤᠯᠠ ᠭᠣᠣᠯ ᠤ᠋ᠨ ᠭᠡᠷ ᠡᠷᠦᠬᠡ ᠶ᠋ᠢᠨ ᠢᠷᠭᠡᠨ ᠥᠪᠡᠷ ᠢ᠋ᠶ᠋ᠡᠨ ᠭᠠᠯ ᠲᠠᠯᠪᠢᠨ ᠳᠤᠲᠠᠭᠠᠭᠠᠳ ᠪᠠᠰᠠ ᠡᠴᠢᠬᠦ ᠭᠠᠵᠠᠷ ᠦᠭᠡᠢ ᠵᠢᠶᠠ ᠯᠢᠩ ᠵᠢᠶᠠᠩ ᠮᠥᠷᠡᠨ ᠢ᠋ ᠭᠡᠲᠦᠯᠵᠦ᠂ ᠭᠦᠸᠧ ᠫᠦ ᠪᠡᠷ ᠲᠠᠷᠠᠬᠠᠯᠴᠠᠨ ᠬᠠᠲᠤᠨ ᠮᠥᠷᠡᠨ ᠢ᠋ ᠬᠥᠪᠡᠭᠡᠯᠡᠨ ᠳ᠋ᠤᠸᠠᠨ ᠮᠢᠩ ᠭᠠᠵᠠᠷ ᠬᠦᠷᠪᠡᠢ᠃ ᠯᠢᠶᠣᠣ ᠳ᠋ᠦᠩ ᠦ᠋ᠨ ᠭᠠᠵᠠᠷ ᠠ᠋ᠴᠠ ᠪᠠᠷᠠᠭᠤᠨᠰᠢ ᠱᠤ᠌ ᠶ᠋ᠢᠨ ᠭᠠᠵᠠᠷ ᠬᠦᠷᠲᠡᠯ᠎ᠡ ᠨᠡᠢᠲᠡ ᠨᠢᠭᠡᠨ ᠵᠠᠭᠤᠨ ᠳᠥᠴᠢᠨ ᠨᠠᠢ᠍ᠮᠠᠨ ᠬᠣᠲᠠ ᠪᠠᠯᠭᠠᠳ ᠪᠠᠭᠤᠳᠠᠯ ᠬᠣᠷᠢᠶ᠎ᠠ ᠶ᠋ᠢ ᠠᠪᠴᠤ ᠡᠵᠡᠯᠡᠪᠡᠢ᠃ ᠡᠨᠡ ᠦᠶ᠎ᠡ ᠳ᠋ᠦ᠍ᠷ ᠮᠣᠩᠭᠣᠯ ᠤ᠋ᠨ ᠲᠠᠢᠽᠥ᠋ᠩ ᠬᠠᠭᠠᠨ ᠤ᠋ ᠵᠡᠭᠦᠨ ᠮᠥᠷᠥ ᠶ᠋ᠢᠨ ᠶᠡᠬᠡ ᠶᠤᠸᠠᠨᠱᠤᠸᠠᠢ ᠸᠠᠩ ᠵᠢᠶᠠᠨ ᠨᠢᠶᠠᠨ ᠤ᠋ ᠴᠡᠷᠢᠭ ᠤᠷᠢᠳᠠ ᠴᠣᠬᠢᠨ ᠢᠷᠡᠵᠦ᠂ ᠠᠯᠲᠠᠨ ᠤᠯᠤᠰ ᠤ᠋ᠨ ᠰᠢᠩ ᠶᠤᠸᠠᠨ ᠤ᠋ ᠶᠠᠩ ᠵᠧᠦ ᠳ᠋ᠦ᠍ᠷ ᠪᠠᠭᠤᠳᠠᠯᠯᠠᠵᠤ᠂ ᠢᠦ ᠹᠧᠩ ᠭᠤᠸᠠᠨ ᠪᠣᠭᠣᠮᠲᠠ ᠶ᠋ᠢ ᠡᠵᠡᠯᠡᠵᠦ᠂ ᠴᠥᠮ ᠬᠣᠢᠲᠤ ᠵᠢᠯ ᠠᠯᠲᠠᠨ ᠤᠯᠤᠰ ᠤ᠋ᠨ ᠪᠢᠶᠠᠨ ᠯᠢᠶᠠᠩ ᠬᠣᠲᠠᠨ ᠳ᠋ᠤᠷ ᠠᠭᠤᠯᠵᠠᠬᠤ ᠪᠣᠯᠵᠣᠭ᠎ᠠ ᠳ᠋ᠤᠷ ᠴᠢᠷᠮᠠᠢᠯᠴᠠᠮᠤᠢ᠃ ᠬᠣᠢᠲᠤ ᠵᠢᠯ ᠠᠯᠲᠠᠨ ᠤᠯᠤᠰ ᠲᠤᠷ ᠶᠠᠮᠪᠠᠷ ᠬᠢᠷᠢ ᠲᠡᠢ ᠦᠢᠮᠡᠭᠡᠨ ᠪᠣᠯᠬᠤ ᠶ᠋ᠢ ᠲᠦᠷ ᠳᠣᠣᠷᠠᠲᠤ ᠪᠦᠯᠦᠭ ᠲᠣᠷ ᠦᠵᠡᠭᠳᠡᠬᠦᠢ᠃
ᠰᠤᠳᠤᠷᠴᠢ ᠲᠦᠰᠢᠮᠡᠯ ᠢᠨᠵᠠᠨᠨᠠᠰᠢ ᠶ᠋ᠢᠨ ᠰᠤᠯᠠ ᠰᠢᠯᠦᠭ :
ᠠᠢᠳᠠᠩᠭᠤᠢ ᠪᠠᠶᠠᠨᠳᠠᠢ ᠶ᠋ᠢ ᠮᠣᠬᠣᠭᠠᠨ ᠶᠠᠯᠠᠯᠠᠭᠰᠠᠨ ᠢᠩ ᠵᠸᠨ ᠬᠤᠸᠠᠩᠳᠢ ᠦᠨᠡᠬᠡᠷ ᠭᠡᠭᠡᠬᠡᠨ ᠲᠣᠳᠣᠷᠬᠠᠢ
ᠠᠯᠢᠪᠠ ᠭᠠᠵᠠᠷ ᠢ᠋ ᠪᠠᠢᠯᠳᠤᠨ ᠠᠪᠤᠭᠰᠠᠨ ᠿᠦᠢᠽᠥ᠋ᠩ ᠲᠣᠯᠢ ᠡᠭᠡᠨᠡᠭᠲᠡ ᠴᠢᠬᠡᠴᠢ ᠪᠠᠭᠠᠲᠤᠷ᠂
ᠠᠩᠬ᠎ᠠ ᠲᠠᠢᠰᠢ ᠶ᠋ᠢᠨ ᠦᠰ ᠢ᠋ ᠠᠪᠤᠭᠰᠠᠨ ᠭᠦᠸᠧ ᠸᠠᠩ ᠪᠤᠯᠤ ᠠᠳᠠᠪᠠᠰᠢ ᠰᠢᠳᠤᠷᠭᠤ ᠵᠢᠷᠤᠮᠲᠠᠢ
ᠠᠯᠠᠭᠳᠠᠭᠰᠠᠨ ᠯᠢ ᠴᠢᠦᠸᠠᠨ ᠤ᠋ ᠠᠪᠠᠯᠢ ᠶ᠋ᠢᠨ ᠭᠡᠷᠭᠡᠢ ᠶᠠᠩ ᠮᠢᠶᠣᠤ ᠵᠧᠨ ᠨᠡᠯᠢᠶᠡᠳ ᠬᠣᠯᠠ ᠤᠬᠠᠭᠠᠨᠲᠠᠢ᠃