ᠣᠷᠣᠢ ᠦᠭᠡᠢ ᠰᠦᠮ᠎ᠡ – ᠠᠷᠪᠠᠨ ᠲᠠᠪᠤ ᠂ ᠵᠣᠪᠠᠯᠠᠩ ᠤᠨ ᠬᠦᠷᠳᠦ ᠡᠷᠭᠢᠭᠦᠯᠦᠭᠴᠢ Оройгүй сүм – Арвантав ᠂ Зовлонгийн хүрд эргүүлэгч- Oroigui sum 15
ᠲᠠᠭᠤᠬᠤ ᠳ᠋ᠤ᠌ ᠭᠠᠬᠠᠢ ᠨᠢᠭᠡ ᠬᠡᠴᠡᠭᠦᠦ
ᠲᠤᠭᠤᠯᠬᠤ ᠳ᠋ᠤ᠌ ᠲᠠᠯ᠎ᠠ ᠨᠢᠭᠡ ᠬᠡᠴᠡᠭᠦᠦ
ᠲᠣᠭᠠᠯᠠᠬᠤ ᠳ᠋ᠤ᠌ ᠣᠳᠣ ᠨᠢᠭᠡ ᠬᠡᠴᠡᠭᠦᠦ
ᠭᠣᠮᠠᠨ ᠳ᠋ᠠᠴᠠᠩ ᠳ᠋ᠤ᠌ ᠮᠣᠩᠭᠣᠯ ᠢ᠋ᠶ᠋ᠠᠷ ᠪᠤᠷᠬᠠᠨ ᠤ᠋ ᠢᠷᠦᠭᠡᠯ ᠤᠩᠰᠢᠭᠰᠠᠨ ᠤ᠋ ᠤᠴᠢᠷ ᠰᠠᠩᠵᠢ ᠭᠡᠰᠦᠯ ᠭᠡᠰᠬᠡᠯ ᠴᠡᠭᠡᠷᠯᠡᠯ ᠦᠵᠡᠵᠦ᠂ ᠰᠸᠷᠡ ᠭᠡᠢᠳ ᠫᠠᠪᠤᠩ – ᠬᠠ ᠷᠢᠲ᠋ᠣᠤᠳ᠋ ᠢ᠋ ᠭᠤᠷᠪᠠᠨ ᠮᠢᠩᠭ᠎ᠠ ᠭᠤᠷᠪᠠᠨ ᠵᠠᠭᠤᠨ ᠭᠤᠴᠢᠨ ᠭᠤᠷᠪᠠ ᠲᠣᠭᠣᠷᠢᠵᠤ ᠭᠣᠷᠢᠶ᠎ᠠ ᠬᠢᠵᠦ᠂ ᠪᠤᠷᠬᠠᠨ ᠤ᠋ ᠮᠠᠭᠲᠠᠭᠠᠯ ᠤᠩᠰᠢᠬᠤ ᠪᠠᠷ ᠶᠠᠪᠤᠯ᠎ᠠ᠃ ᠰᠸᠷᠡ ᠭᠡᠢᠳ ᠦ᠋ᠨ ᠲᠡᠷᠡ ᠷᠢᠲ᠋ᠣᠤᠳ᠋ ᠨᠢ ᠪᠦᠷ ᠡᠷᠲᠡᠨ ᠦ᠌ ᠰᠣᠷᠢᠨᠵᠢᠨᠭᠤᠮᠪᠣ ᠬᠠᠭᠠᠨ ᠤ ᠦᠶ᠎ᠡ ᠳ᠋ᠦ᠍ ᠪᠠᠢᠭᠤᠯᠤᠭᠰᠠᠨ ᠠᠭᠤᠢ ᠶ᠋ᠢᠨ ᠰᠦᠮ᠎ᠡ ᠶᠦᠮ᠃ ᠷᠢᠲ᠋ᠣᠤᠳ᠋ ᠭᠡᠳᠡᠭ ᠪᠣᠯ ᠠᠭᠤᠯᠠ ᠶ᠋ᠢᠨ ᠬᠢᠷ᠎ᠠ ᠬᠡᠮᠡᠬᠦ ᠦᠭᠡ ᠪᠣᠯᠪᠠᠴᠤ ᠣᠳᠣ ᠥᠭᠡᠷ᠎ᠡ ᠤᠳᠬ᠎ᠠ ᠲᠠᠢ ᠪᠣᠯᠵᠠᠢ᠃ ᠠᠭᠤᠯᠠ ᠶ᠋ᠢᠨ ᠬᠢᠷ᠎ᠠ ᠳᠠᠭᠠᠵᠤ ᠠᠭᠤᠢ ᠳ᠋ᠤ᠌ ᠨᠣᠮ ᠪᠢᠰᠢᠯᠭᠠᠨ ᠰᠠᠭᠤᠭᠴᠢᠳ ᠤ᠋ᠨ ᠵᠠᠰᠠᠵᠤ ᠶᠠᠩᠵᠤᠯᠠᠭᠰᠠᠨ᠂ ᠶᠡᠬᠡᠪᠴᠢᠯᠡᠨ ᠨᠢᠭᠡ ᠬᠥᠮᠦᠨ ᠬᠣᠷᠭᠣᠳᠠᠬᠤ ᠣᠷᠣᠨ ᠢ᠋ ᠷᠢᠲ᠋ᠣᠤᠳ᠋ ᠭᠡᠬᠦ ᠪᠣᠯᠵᠠᠢ᠃ ᠫᠠᠪᠤᠩ - ᠬᠠ ᠶ᠋ᠢᠨ ᠷᠢᠲ᠋ᠣᠤᠳ᠋ ᠢ᠋ ᠳᠠᠯᠠᠢ ᠯᠠᠮᠠ ᠶ᠋ᠢᠨ ᠬᠢ ᠭᠡᠵᠦ ᠦᠵᠡᠳᠡᠭ ᠪᠠᠢᠵᠠᠢ᠃ ᠶᠢᠰᠦᠨ ᠳᠠᠪᠬᠤᠷ ᠠᠭᠤᠢ ᠪᠠᠢᠭ᠍ᠰᠠᠨ ᠪᠣᠯᠪᠠᠴᠤ ᠱᠠᠰᠢᠨ ᠤ᠋ ᠳᠠᠢᠰᠦᠨ ᠯᠠᠩᠳᠠᠷᠮ᠎ᠠ ᠬᠠᠭᠠᠨ ᠶᠡᠬᠡᠩᠬᠢ ᠶ᠋ᠢ ᠨᠢ ᠨᠤᠷᠠᠭᠠᠨ ᠰᠦᠢᠳᠬᠡᠵᠦ᠂ ᠣᠳᠣ ᠬᠣᠶᠠᠷᠬᠠᠨ ᠳᠠᠪᠬᠤᠷ ᠦᠯᠡᠳᠡᠭᠰᠡᠨ ᠭᠡᠳᠡᠭ ᠳᠣᠮᠣᠭ ᠲᠠᠢ ᠠᠵᠢ᠃ ᠰᠸᠷᠡ ᠭᠡᠢᠳ ᠲᠡᠢᠮᠦ ᠷᠢᠲ᠋ᠣᠤᠳ᠋ ᠢ᠋ᠶ᠋ᠠᠷ ᠢ᠋ᠶ᠋ᠠᠨ ᠪᠠᠷᠠᠪᠠᠩ ᠭᠡᠢᠳ ᠮᠡᠷᠭᠡᠨ ᠠᠢᠯᠠᠳᠤᠭ᠍ᠴᠢ ᠶᠡᠬᠡᠲᠡᠢ ᠪᠡᠷ ᠢ᠋ᠶ᠋ᠡᠨ᠂ ᠭᠠᠯᠳᠠᠨ ᠭᠡᠢᠳ ᠭᠠᠢᠬᠠᠮ᠎ᠠ ᠰᠣᠨᠢᠨ ᠶᠠᠭᠤᠮ᠎ᠠ ᠲᠠᠢ ᠪᠠᠷ ᠢ᠋ᠶ᠋ᠠᠨ ᠲᠦᠪᠡᠳ ᠣᠷᠣᠨ ᠳ᠋ᠤ᠌ ᠨᠡᠷ᠎ᠡ ᠴᠤᠤ ᠳ᠋ᠤ᠌ ᠭᠠᠷᠴᠠᠢ᠃ ᠰᠸᠷᠡ ᠭᠡᠢᠳ ᠦ᠋ᠨ ᠷᠢᠲ᠋ᠣᠤᠳ᠋ ᠢ᠋ ᠲᠣᠭᠣᠷᠢᠨ ᠭᠣᠷᠢᠶ᠎ᠠ ᠬᠢᠬᠦ ᠬᠦᠮᠦᠨ ᠣᠯᠠᠨ ᠤᠴᠢᠷ ᠲᠣᠭᠣᠰᠣ ᠰᠢᠷᠣᠢ ᠲᠠᠢ ᠲᠣᠭᠣᠷᠢᠭ ᠵᠠᠮ ᠪᠣᠢ ᠪᠣᠯᠵᠠᠢ᠃ ᠲᠡᠷᠡ ᠵᠠᠮ ᠳ᠋ᠤ᠌ ᠯᠠ ᠭᠠᠭᠴᠠ ᠬᠦ ᠡᠨᠡ ᠬᠣᠷᠸ᠎ᠠ ᠳ᠋ᠤ᠌ ᠪᠤᠷᠬᠠᠨ ᠤ᠋ ᠬᠡᠰᠢᠭ ᠭᠥᠷᠳᠡᠵᠦ ᠴᠢᠳᠠᠭ᠎ᠠ ᠦᠭᠡᠢ ᠶᠠᠳᠠᠭᠤ ᠬᠤᠪᠢ ᠲᠠᠪᠢᠯᠠᠩᠲᠠᠨ ᠬᠡᠴᠢᠨᠡᠨ ᠣᠯᠠᠨ ᠪᠠᠢᠳᠠᠭ ᠢ᠋ ᠮᠡᠳᠡᠵᠦ ᠠᠪᠴᠤ ᠪᠣᠯᠬᠣ ᠪᠠᠷ ᠪᠢᠯᠡ᠃ ᠲᠠᠩᠭᠤᠳ᠂ ᠲᠥᠪᠡᠳ᠂ ᠲᠠᠪᠤᠨ ᠬᠡᠯᠡ ᠶ᠋ᠢᠨ ᠠᠮᠢᠲᠠᠨ ᠡᠨᠡ ᠲᠣᠭᠣᠷᠢᠭ ᠳᠡᠭᠡᠷ᠎ᠡ ᠴᠤᠭᠯᠠᠷᠠᠵᠤ ᠫᠠᠪᠤᠩ - ᠬᠠ ᠶᠢᠨ ᠷᠢᠲ᠋ᠣᠤᠳ᠋ ᠢ᠋ ᠲᠣᠭᠣᠷᠢᠨ ᠠᠷᠤ ᠠᠷᠤ ᠠ᠋ᠴᠠ ᠪᠠᠨ ᠴᠤᠪᠤᠨ ᠶᠠᠪᠤᠨ᠎ᠠ᠃ ᠵᠠᠷᠢᠮ ᠨᠢ ᠰᠤᠨᠵᠤ ᠮᠥᠷᠭᠥᠨ᠎ᠡ᠃ ᠵᠠᠷᠢᠮ ᠨᠢ ᠵᠠᠭᠤᠨ ᠨᠠᠢ᠍ᠮᠠᠨ ᠪᠤᠯᠴᠤ᠌ᠤᠲᠤ ᠡᠷᠢᠬᠡ ᠪᠡᠨ ᠢᠮᠡᠷᠦᠨ ᠲᠣᠭᠠᠯᠠᠵᠤ ᠶᠠᠪᠤᠨ᠎ᠠ᠃ ᠵᠠᠷᠢᠮ ᠨᠢ ᠨᠢᠭᠡ ᠭᠠᠷ ᠲᠠᠭᠠᠨ ᠵᠢᠵᠢᠭ ᠬᠦᠷᠳᠦ ᠪᠠᠷᠢᠵᠤ ᠠᠯᠬᠤᠬᠤ ᠶ᠋ᠢᠨ ᠢ᠋ᠶ᠋ᠡᠨ ᠲᠣᠭ᠎ᠠ ᠪᠠᠷ ᠲᠡᠭᠦᠨ ᠦ᠌ ᠭᠣᠣᠯ ᠢ᠋ ᠡᠷᠭᠢᠭᠦᠯᠦᠨ ᠮᠠᠨᠢ ᠤᠩᠰᠢᠬᠤ ᠳᠦᠷᠢ ᠦᠵᠡᠭᠦᠯᠦᠨ ᠶᠠᠪᠤᠨ᠎ᠠ᠃ ᠵᠠᠷᠢᠮ ᠨᠢ ᠭᠤᠷᠪᠠᠨ ᠮᠢᠩᠭ᠎ᠠ ᠭᠤᠷᠪᠠᠨ ᠵᠠᠭᠤᠨ ᠭᠤᠴᠢᠨ ᠭᠤᠷᠪᠠ ᠶ᠋ᠢᠨ ᠲᠣᠭᠠᠨ ᠳ᠋ᠤ᠌ ᠶᠠᠭᠠᠬᠢᠪᠠᠯ ᠲᠦᠷᠭᠡᠨ ᠬᠦᠷᠬᠦ ᠪᠢᠯᠡ ᠭᠡᠵᠦ ᠠᠷᠭ᠎ᠠ ᠪᠠᠨ ᠪᠠᠷᠠᠨ ᠭᠦᠶᠦᠬᠦ ᠲᠣᠭᠠᠨ ᠤ᠋ ᠬᠤᠷᠳᠤ ᠪᠠᠷ ᠶᠠᠪᠤᠨ᠎ᠠ᠃ ᠶᠠᠰᠤ ᠠᠷᠠᠰᠤ ᠪᠣᠯᠤᠭᠰᠠᠨ ᠲᠤᠷᠠᠩᠬᠠᠢ ᠪᠡᠶ᠎ᠡ ᠲᠡᠢ᠂ ᠪᠥᠭᠡᠰᠦᠨ ᠳᠡᠭᠡᠨ ᠪᠠᠷᠢᠭᠳᠠᠵᠤ ᠦᠵᠡᠯ ᠳ᠋ᠦ᠍ ᠣᠷᠣᠭᠰᠠᠨ ᠶᠠᠳᠠᠭᠤᠰ ᠴᠤ᠌ ᠣᠯᠠᠨ ᠦᠵᠡᠭᠳᠡᠨ᠎ᠡ᠃ ᠲᠡᠳᠡ ᠶᠠᠭᠤᠨ ᠳ᠋ᠤ᠌ ᠭᠣᠷᠢᠶ᠎ᠠ ᠬᠢᠵᠦ ᠶᠠᠪᠤᠭ᠎ᠠ ᠨᠢ ᠲᠣᠳᠣᠷᠬᠠᠢ᠃ ᠪᠤᠶᠠᠨ ᠬᠢᠵᠦ ᠰᠠᠢᠨ ᠬᠤᠪᠢ ᠲᠣᠬᠢᠶᠠᠯ ᠭᠣᠷᠢᠯᠠᠵᠠᠢ᠃
ᠡᠭᠡᠷᠡᠯ ᠦ᠋ᠨ ᠣᠷᠣᠨ ᠪᠤᠰᠤᠳ ᠲᠤ᠌ ᠦᠭᠡᠢ ᠪᠣᠯᠠᠢ
ᠨᠢᠭᠦᠯᠡᠰᠭᠦᠢ ᠪᠡᠷ ᠤᠳᠤᠷᠢᠳᠤᠨ ᠰᠣᠶᠣᠷᠬ᠎ᠠ᠂ᠯᠠᠮᠠ ᠠᠪᠢᠳ !
ᠭᠡᠵᠦ ᠨᠢᠭᠡᠨ ᠬᠥᠮᠦᠨ ᠭᠤᠩᠰᠢᠭᠠᠨᠠᠨ ᠤᠩᠰᠢᠬᠤ ᠮᠡᠲᠦ ᠣᠷᠢᠯᠠᠨ ᠶᠠᠪᠤᠬᠤ ᠲᠠᠢ ᠰᠠᠩᠵᠢ ᠭᠡᠰᠦᠯ ᠲᠠᠭᠠᠷᠠᠯᠳᠤᠪᠠ᠃ ᠲᠡᠷᠡ ᠬᠥᠮᠦᠨ ᠮᠣᠩᠭᠣᠯ ᠢ᠋ᠶ᠋ᠠᠷ ᠡᠢᠨ ᠬᠦ᠌ ᠠᠪᠢᠳᠠ ᠪᠤᠷᠬᠠᠨ ᠤ᠋ ᠢᠷᠦᠭᠡᠯ ᠤᠩᠰᠢᠵᠤ ᠶᠠᠪᠤᠭᠰᠠᠨ ᠤᠴᠢᠷ ᠰᠠᠩᠵᠢ ᠰᠣᠨᠢᠭᠤᠴᠢᠯᠠᠨ ᠳᠡᠷᠭᠡᠳᠡ ᠨᠢ ᠣᠴᠢᠭᠠᠳ᠄
- ᠲᠠ ᠰᠠᠢᠨ ᠪᠠᠢᠨ᠎ᠠ ᠤᠤ? ᠭᠡᠬᠦ ᠳ᠋ᠦ᠍ ᠴᠠᠭᠠᠳᠤᠬᠢ ᠨᠢ᠄
- ᠰᠠᠢᠨ᠂ ᠯᠠᠮᠠᠪᠤᠭᠠᠢ ᠠᠮᠤᠭᠤᠯᠠᠩ ᠤᠤ? ᠭᠡᠪᠡ᠃
ᠭᠤᠷᠢᠶᠠᠨ ᠤ ᠬᠢᠨ ᠠᠮᠠᠷᠠᠬᠤ᠂ ᠵᠣᠭᠰᠣᠵᠤ ᠰᠠᠭᠠᠳᠠᠬᠤ ᠳᠤᠷ᠎ᠠ ᠦᠭᠡᠢ ᠶ᠋ᠢ ᠮᠡᠳᠡᠬᠦ ᠲᠤᠯᠠ ᠰᠠᠩᠵᠢ ᠲᠡᠭᠦᠨ ᠲᠡᠢ ᠵᠡᠷᠭᠡᠴᠡᠨ ᠠᠯᠬᠤᠯᠠᠬᠤ ᠵᠠᠭᠤᠷ᠎ᠠ ᠦᠭᠡ ᠡᠳᠦᠵᠦ:
- ᠲᠠ ᠬᠠᠯᠬ᠎ᠠ ᠭᠠᠵᠠᠷ ᠠ᠋ᠴᠠ ᠢᠷᠡᠭᠡ ᠤᠤ ? ᠭᠡᠪᠡ᠃
- ᠬᠠᠯᠬ᠎ᠠ ᠭᠠᠵᠠᠷ ᠠ᠋ᠴᠠ ᠬᠡᠵᠢᠶ᠎ᠡ ᠭᠠᠷᠤᠭᠰᠠᠨ ᠢ᠋ᠶ᠋ᠠᠨ ᠮᠠᠷᠲᠠᠭᠰᠠᠨ᠃ ᠬᠠᠷᠢᠨ ᠯᠠᠮᠠᠪᠤᠭᠠᠢ ᠬᠡᠵᠢᠶ᠎ᠡ ᠭᠠᠷᠤᠭ᠎ᠠ ᠪᠣᠢ? ᠬᠡᠷᠡᠭ ᠵᠣᠷᠢᠭ ᠶᠠᠭᠤᠨ ᠪᠢᠯᠡ?
- ᠨᠢᠳᠤᠨᠤᠨ ᠢᠷᠡᠭᠰᠡᠨ !
- ᠲᠡᠭᠡᠪᠡᠯ ᠡᠨᠳᠡ ᠠᠩᠬᠠᠨ ᠤ᠋ ᠪᠠᠨ ᠭᠣᠷᠢᠶ᠎ᠠ ᠶ᠋ᠢ ᠬᠢᠵᠦ ᠪᠠᠢᠭ᠎ᠠ ᠶᠤᠮ ᠤᠤ?
- ᠲᠡᠢᠮᠦ ᠡ᠂ ᠲᠠ ᠶᠠᠭᠠᠬᠢᠵᠤ ᠮᠡᠳᠡᠭᠡ ᠪᠣᠢ?
- ᠨᠢᠳᠤᠨᠤᠨ ᠢᠷᠡᠭᠰᠡᠨ ᠬᠥᠮᠦᠨ ᠲᠡᠷᠡ ᠵᠢᠯ ᠳ᠋ᠡᠭᠡᠨ ᠡᠨᠳᠡ ᠭᠣᠷᠢᠶ᠎ᠠ ᠬᠢᠬᠦ ᠪᠡᠷ ᠵᠠᠪ ᠣᠯᠳᠠᠭ᠎ᠠ ᠦᠭᠡᠢ ᠪᠢᠵᠡ᠃ ᠲᠡᠭᠡᠭᠡᠳ ᠮᠥᠩᠭᠥ ᠪᠡᠨ ᠪᠠᠷᠠᠵᠤ᠂ ᠭᠤᠶᠤᠯᠭᠠᠴᠢᠨ ᠪᠣᠯᠬᠣ ᠪᠡᠷ ᠯᠠ ᠫᠠᠪᠤᠩ - ᠬᠠ ᠶ᠋ᠢ ᠪᠠᠷᠠᠳᠠᠳᠠᠭ ᠨᠣᠮ ᠲᠠᠢ ᠶᠤᠮ ᠭᠠᠵᠠᠷ ᠳᠠ᠃ ᠪᠣᠳᠣᠪᠠᠯ ᠭᠤᠶᠤᠯᠭᠠᠴᠢᠨ ᠪᠣᠯᠤᠭᠠᠳ ᠯᠠ ᠡᠨᠡ ᠭᠠᠵᠠᠷ ᠢ᠋ ᠳᠦᠰᠢᠭᠡ ᠪᠢᠵᠡ᠃ ᠭᠡᠪᠡᠴᠦ ᠪᠠᠰᠠ ᠪᠠᠢᠵᠠ᠃ ᠯᠠᠮᠠᠪᠤᠭᠠᠢ ᠶ᠋ᠢᠨ ᠪᠠᠢᠳᠠᠯ ᠢ᠋ ᠬᠠᠷᠠᠬᠤ ᠳ᠋ᠤ᠌ ᠲᠠᠷᠭᠤᠨ ᠴᠠᠳᠬᠤᠯᠠᠩ ᠪᠠᠢᠨ᠎ᠠ᠃ ᠬᠠᠷᠢᠨ ᠲᠡᠭᠡᠬᠦ ᠪᠡᠷ ᠬᠤᠷᠠᠯ ᠨᠣᠮ ᠤ᠋ᠨ ᠵᠠᠶᠢᠭ᠋᠂ ᠳᠠᠶᠢᠭ ᠡᠪᠳᠡᠭᠡ ᠪᠢᠵᠡ ᠳᠡ᠃ ᠲᠡᠭᠦᠨ ᠦ᠌ ᠤᠴᠢᠷ ᠭᠡᠮ᠂ ᠵᠢᠮ ᠳ᠋ᠤ᠌ ᠤᠨᠠᠭ᠎ᠠ ᠤᠤ?
- ᠲᠠᠨ ᠤ᠋ ᠬᠡᠯᠡᠳᠡᠭ ᠴᠤ᠌ ᠪᠠᠷᠤᠭ ᠣᠨᠣᠯ᠎ᠠ᠃ ᠪᠢ ᠪᠡᠷᠡᠪᠡᠩ ᠦ᠋ᠨ ᠭᠣᠮᠠᠨ ᠳ᠋ᠠᠴᠠᠩ ᠳ᠋ᠤ᠌ ᠬᠤᠷᠠᠯ ᠬᠤᠷᠠᠵᠤ ᠰᠠᠭᠤᠬᠤ ᠳ᠋ᠠᠭᠠᠨ ᠮᠣᠩᠭᠣᠯ ᠢ᠋ᠶ᠋ᠠᠷ ᠤᠩᠰᠢᠯᠭ᠎ᠠ ᠦᠢᠯᠡᠳᠦᠭᠰᠡᠨ ᠭᠡᠮ᠂ ᠨᠢᠭᠦᠯ ᠲᠡᠢ ᠬᠥᠮᠦᠨ ᠯᠡ ᠳᠡ᠃ᠲᠡᠭᠡᠭᠡᠳ ᠯᠡ ᠯᠠᠢ ᠶ᠋ᠢ ᠪᠡᠨ ᠡᠳ᠋ᠯᠡᠵᠦ ᠪᠠᠢᠨ᠎ᠠ᠃
- ᠦᠭᠡᠢ ᠲᠡᠷᠡ ᠶᠠᠭᠤ ᠨᠢ ᠨᠢᠭᠦᠯ ᠪᠠᠢᠳᠠᠭ ᠪᠢᠯᠡ?
- ᠨᠢᠭᠦᠯ ᠭᠡᠵᠦ ᠭᠡᠰᠬᠦᠢ ᠮᠠᠨᠢ ᠰᠢᠢᠳᠦᠭᠡᠳ ᠫᠠᠪᠤᠩ - ᠬᠠ ᠳ᠋ᠤ᠌ ᠭᠤᠷᠢᠶ᠎ᠠ ᠬᠢᠯᠭᠡᠬᠦ ᠪᠡᠷ ᠶᠠᠪᠤᠭᠤᠯᠤᠭᠰᠠᠨ᠃ ᠭᠣᠷᠢᠶ᠎ᠠ ᠪᠠᠷ ᠰᠢᠳᠬᠡᠭᠰᠡᠨ ᠭᠡᠬᠦ ᠶᠦᠮ ᠤᠤ ᠳᠠ᠃
- ᠬᠡᠳᠦ ᠡᠷᠭᠢᠬᠦ ᠪᠣᠢ?
- ᠭᠤᠷᠪᠠᠨ ᠮᠢᠩᠭ᠎ᠠ ᠭᠤᠷᠪᠠᠨ ᠵᠠᠭᠤᠨ ᠭᠤᠴᠢᠨ ᠭᠤᠷᠪᠠ!
- ᠲᠡᠭᠡᠪᠡᠯ ᠬᠠᠭᠠᠰ ᠰᠠᠷ᠎ᠠ ᠶ᠋ᠢᠨ ᠠᠵᠢᠯ ᠲᠠᠢ ᠪᠣᠯᠵᠤ ᠳᠠ᠃ ᠪᠢ ᠵᠠᠯᠠᠭᠤ ᠳ᠋ᠠᠭᠠᠨ ᠲᠡᠷᠡ ᠲᠣᠭ᠎ᠠ ᠶ᠋ᠢ ᠴᠢᠨᠢ ᠠᠷᠪᠠ ᠬᠣᠨᠣᠭ ᠲᠤ᠌ ᠠᠷᠠᠢᠬᠠᠨ ᠬᠦᠢᠴᠡᠳᠡᠭ ᠪᠠᠢᠯ᠎ᠠ᠃ ᠵᠡᠬᠡᠭᠰᠡᠨ ᠰᠠᠢᠨ ᠠᠯᠬᠤᠬᠤ ᠳ᠋ᠤ᠌ ᠠᠷᠪᠠ ᠬᠣᠨᠣᠭ ᠠᠷᠠᠢ ᠴᠤ᠌ ᠪᠠᠷᠠᠳᠠᠭ ᠪᠢᠯᠡ᠃ ᠣᠳᠣ ᠬᠥᠭᠰᠢᠷᠡᠭᠡᠳ ᠠᠷᠪᠠᠨ ᠲᠠᠪᠤ ᠬᠣᠨᠣᠭ ᠠᠯᠬᠤᠭᠠᠳ ᠠᠷᠠᠢ ᠯᠠ ᠪᠠᠷᠠᠬᠤ ᠦᠭᠡᠢ ᠯᠠ ᠶᠠᠪᠤᠨ᠎ᠠ᠃
- ᠣᠳᠣ ᠬᠡᠳᠦ ᠦᠯᠡᠳᠡᠭᠡᠳ ᠪᠠᠢᠨ᠎ᠠ ?
- ᠳᠣᠯᠣᠭᠠᠨ ᠲᠣᠭᠣᠷᠢᠭ - ᠲᠡᠭᠡᠪᠡᠯ ᠴᠤ᠌ ᠲᠠ ᠭᠣᠷᠢᠶ᠎ᠠ ᠪᠡᠨ ᠥᠨᠳᠥᠷᠯᠡᠬᠦ ᠳ᠋ᠦ᠍ ᠣᠢᠷᠠᠲᠤᠵᠠᠢ᠃ ᠬᠠᠷᠢᠨ ᠶᠠᠭᠤᠨ ᠤ᠋ ᠲᠥᠯᠥᠭᠡ ᠭᠣᠷᠢᠶᠠᠨ ᠳ᠋ᠤ᠌ ᠭᠠᠷᠤᠭ᠎ᠠ ᠪᠤᠢ ? ᠪᠠᠰᠠ ᠯᠠ ᠨᠢᠭᠦᠯ ᠢ᠋ᠶ᠋ᠡᠨ ᠨᠠᠮᠠᠨᠴᠢᠯᠠᠬᠤ ᠶ᠋ᠢᠨ ᠤᠴᠢᠷ ᠤᠤ?
- ᠮᠢᠨᠦ ᠡᠨᠡ ᠭᠣᠷᠢᠶ᠎ᠠ ᠠᠮᠢᠳᠤᠷᠠᠯ ᠳ᠋ᠤ᠌ ᠲᠣᠬᠢᠶᠠᠯᠳᠤᠭᠰᠠᠨ ᠳᠣᠯᠣᠳᠡᠬᠢ ᠨᠢ ᠶᠦᠮ᠃ ᠳᠥᠴᠢᠨ ᠶᠢᠰᠦᠨ ᠨᠠᠰᠤᠨ ᠳᠡᠭᠡᠷ᠎ᠡ ᠪᠡᠨ ᠫᠠᠪᠤᠩ - ᠬᠠ ᠶ᠋ᠢ ᠳᠣᠯᠣᠳᠡᠬᠢ ᠤᠲᠠᠭ᠎ᠠ ᠪᠠᠨ ᠲᠣᠭᠣᠷᠢᠵᠤ ᠭᠤᠷᠪᠠᠨ ᠮᠢᠩᠭᠠᠲᠤ ᠶ᠋ᠢᠨ ᠭᠣᠷᠢᠶ᠎ᠠ ᠬᠢᠵᠦ ᠴᠢᠳᠠᠪᠠᠯ ᠨᠠᠰᠤ ᠰᠡᠭᠦᠳᠡᠷ ᠴᠢᠨᠢ ᠤᠷᠲᠤᠰᠴᠤ᠂ ᠭᠤᠷᠪᠠᠳᠡᠬᠢ ᠦᠶ᠎ᠡ ᠪᠠᠨ ᠦᠵᠡᠭᠡᠳ᠂ ᠨᠠᠰᠤᠨ ᠤ᠋ ᠡᠴᠦᠰ ᠲᠦ᠍ ᠲᠤᠢᠯ ᠡᠴᠡ ᠵᠢᠷᠭᠠᠨ᠎ᠠ ᠭᠡᠵᠦ ᠯᠠᠮᠠ ᠪᠠᠭᠰᠢ ᠠᠢᠯᠠᠳᠤᠭᠰᠠᠨ ᠶᠤᠮ᠃ ᠭᠤᠷᠪᠠᠳᠠᠬᠢ ᠦᠶ᠎ᠡ ᠪᠠᠨ ᠬᠥᠮᠦᠨ ᠪᠠᠷᠤᠭ ᠦᠵᠡᠳᠡᠭ ᠦᠭᠡᠢ ᠶᠦᠮ ᠭᠡᠳᠡᠭ᠃ ᠬᠦᠦ ᠪᠠᠨ᠂ ᠬᠦᠦ ᠶ᠋ᠢᠨ ᠢ᠋ᠶ᠋ᠡᠨ ᠬᠦᠦ ᠶ᠋ᠢ᠂ ᠲᠡᠭᠦᠨ ᠦ᠌ ᠪᠡᠨ ᠬᠦᠦ ᠶ᠋ᠢ ᠦᠵᠡᠵᠦ ᠪᠠᠢᠵᠤ ᠭᠤᠷᠪᠠᠳᠡᠬᠢ ᠦᠶ᠎ᠡ ᠲᠠᠢ ᠪᠡᠨ ᠵᠣᠯᠭᠠᠨ᠎ᠠ ᠭᠡᠰᠡᠨ ᠦᠭᠡ᠃ ᠪᠢ ᠡᠬᠢᠨ ᠦ᠌ ᠬᠣᠶᠠᠷ ᠢ᠋ ᠦᠵᠡᠭᠡᠳ ᠪᠠᠢᠨ᠎ᠠ᠃ ᠣᠳᠣ ᠭᠠᠭᠴᠠᠬᠠᠨ ᠦᠶ᠎ᠡ ᠦᠯᠡᠳᠡᠪᠡ᠃ ᠲᠡᠭᠦᠨ ᠦ᠌ ᠪᠠᠷ᠎ᠠ ᠶᠢ ᠬᠠᠷᠠᠬᠤ ᠢᠳᠢ ᠰᠢᠳᠢ ᠶ᠋ᠢ ᠫᠠᠪᠤᠩ - ᠬᠠ ᠠ᠋ᠴᠠ ᠣᠯᠬᠤ ᠳ᠋ᠤ᠌ ᠶᠡᠷᠦ ᠳ᠋ᠡᠭᠡᠨ ᠳᠣᠯᠣᠭᠠᠬᠠᠨ ᠤᠳᠠᠭ᠎ᠠ ᠲᠡᠭᠦᠨ ᠢ ᠲᠤᠭᠤᠷᠢᠬᠤ ᠦᠯᠡᠳᠡᠭᠡᠳ ᠪᠠᠢᠨ᠎ᠠ᠃ ᠲᠡᠰᠦᠭᠡᠳ ᠲᠣᠭᠣᠷᠢᠴᠢᠬᠠᠬᠤ ᠰᠠᠨᠠᠭ᠎ᠠ ᠲᠠᠢ᠃ ᠭᠡᠲᠡᠯ᠎ᠡ ᠮᠡᠩᠭᠡᠷ ᠬᠥᠳᠡᠯᠦᠭᠡᠳ ᠦᠶ᠎ᠡ ᠦᠶ᠎ᠡ ᠪᠥᠭᠯᠡᠷᠡᠴᠢᠭᠡᠬᠦ ᠭᠡᠳ ᠵᠣᠪᠠᠭᠠᠭᠠᠳ ᠪᠠᠢᠬᠤ ᠶᠤᠮ᠃
᠁ ᠡᠨᠡ ᠦᠭᠡ ᠶ᠋ᠢ ᠲᠡᠷᠡ ᠬᠣᠶᠠᠷ ᠶᠠᠪᠤᠳᠠᠯ ᠳᠤᠮᠳᠠ ᠪᠠᠨ ᠶᠠᠷᠢᠵᠤ ᠪᠠᠢᠯ᠎ᠠ᠃《ᠮᠡᠩᠭᠡᠷ ᠭᠡᠬᠦ ᠡᠴᠡ ᠫᠦᠷᠪᠦᠳᠣᠨᠣᠢ ᠮᠠᠷᠠᠮᠪᠠᠲᠠᠨ ᠲᠡᠢᠮᠦ ᠡᠪᠡᠳᠴᠢᠨ ᠢ᠋ ᠶᠠᠭᠠᠬᠢᠵᠤ ᠡᠮᠴᠢᠯᠡᠳᠡᠭ ᠭᠡᠵᠦ ᠨᠠᠳᠠ ᠵᠢᠭᠠᠯ᠎ᠠ?》 ᠭᠡᠵᠦ ᠰᠠᠩᠵᠢ ᠪᠣᠳᠣᠵᠤ ᠶᠠᠪᠤᠲᠠᠯ᠎ᠠ ᠲᠣᠳᠣᠬᠠᠨ ᠰᠠᠨᠠᠭᠠᠨ ᠳ᠋ᠤ᠌ᠨᠢ ᠣᠷᠣᠪᠠ᠃
《 ᠮᠡᠩᠭᠡᠷᠲᠦᠪᠡᠯ ᠢᠰᠢᠭᠡᠨ ᠦ᠌ ᠮᠢᠬ᠎ᠠ ᠶ᠋ᠢ ᠰᠦᠨ ᠳᠣᠲᠣᠷ᠎ᠠ ᠪᠢᠲᠡᠭᠦᠦ ᠴᠢᠨᠠᠭᠠᠳ ᠰᠢᠭᠦᠰᠦ ᠶᠢ ᠭᠡᠭᠦᠦ ᠶ᠋ᠢᠨ ᠰᠦ ᠲᠡᠢ ᠤᠤᠭᠤᠯᠭᠠᠨ᠎ᠠ᠃ ᠲᠡᠭᠦᠨ ᠢ᠋ ᠴᠢᠩᠳᠠᠷᠠᠭᠤᠯᠭᠠ ᠭᠡᠳᠡᠭ 》 ᠭᠡᠵᠦ ᠪᠠᠭᠰᠢ ᠮᠠᠷᠠᠮᠪᠠ ᠵᠢᠭᠠᠭᠰᠠᠨ ᠨᠢ ᠴᠢᠬᠢᠨ ᠳ᠋ᠦ᠍ ᠲᠡᠷᠡ ᠴᠢᠭ᠌ ᠢ᠋ᠶ᠋ᠡᠷ ᠢ᠋ᠶ᠋ᠡᠨ ᠰᠣᠨᠣᠰᠳᠠᠬᠤ ᠰᠢᠭ᠋ ᠪᠣᠯᠤᠯ᠎ᠠ᠃
ᠮᠡᠩᠭᠡᠷ ᠲᠡᠢ ᠲᠡᠷᠡ ᠬᠢᠵᠢᠶᠡᠯᠢ ᠮᠥᠷᠭᠥᠯᠴᠢᠨ ᠦᠶ᠎ᠡ ᠦᠶ᠎ᠡ ᠪᠦᠭᠰᠢᠭᠦᠯᠦᠨ ᠬᠠᠨᠢᠶᠠᠯᠭᠠᠬᠤ ᠪᠣᠯᠪᠠᠴᠤ ᠪᠡᠶ᠎ᠡ ᠪᠡᠨ ᠪᠠᠷᠢᠨ ᠲᠡᠰᠪᠦᠷᠢᠯᠡᠵᠦ ᠭᠣᠷᠢᠶ᠎ᠠ ᠪᠡᠨ ᠲᠠᠰᠤᠯᠠᠬᠤ ᠦᠭᠡᠢ ᠶ᠋ᠢ ᠬᠢᠴᠢᠶᠡᠵᠦ ᠤᠷᠤᠭᠰᠢ ᠪᠠᠨ ᠠᠯᠬᠤᠭᠰᠠᠭᠠᠷ ᠯᠠ ᠪᠠᠢᠪᠠ᠃ ᠨᠢᠭᠡ ᠤᠳᠠᠭ᠎ᠠ ᠮᠡᠩᠭᠡᠷ ᠡᠴᠡ ᠪᠡᠨ ᠪᠣᠯᠵᠤ ᠪᠠᠷᠤᠭ ᠯᠠ ᠪᠦᠲᠡᠵᠦ ᠦᠬᠦᠬᠦ ᠰᠢᠬᠠᠪᠠ᠃ ᠰᠠᠩᠵᠢ ᠲᠡᠭᠦᠨ ᠢ᠋ ᠥᠷᠥ ᠡᠪᠡᠳᠴᠦ ᠲᠠᠯᠤᠨ ᠳᠡᠭᠡᠷ᠎ᠡ ᠨᠢ ᠳᠠᠷᠤᠵᠤ ᠥᠭᠬᠦ ᠵᠡᠷᠭᠡ ᠪᠡᠷ ᠲᠤᠰᠠ ᠪᠣᠯᠵᠤ ᠲᠡᠭᠦᠨ ᠢ ᠠᠷᠠᠢᠬᠠᠨ ᠲᠠᠢᠪᠤᠰᠢᠷᠠᠭᠤᠯᠪᠠ᠃
- ᠮᠡᠩᠭᠡᠷ ᠲᠦ᠍ ᠢᠰᠢᠭᠡᠨ ᠦ᠌ ᠶᠤᠮ ᠤᠤ ᠪᠣᠷᠣᠯᠠᠩ ᠤ᠋ᠨ ᠮᠢᠬ᠎ᠠ ᠶ᠋ᠢ ᠰᠦᠨ ᠳ᠋ᠦ᠍ ᠪᠢᠲᠡᠭᠦᠦ ᠴᠢᠨᠠᠵᠤ ᠰᠢᠭᠦᠰᠦ ᠶ᠋ᠢ ᠤᠤᠭᠤᠪᠠᠯ ᠰᠠᠢᠨ ᠭᠡᠳᠡᠭ ᠶᠦᠮ ᠳᠡ ᠭᠡᠵᠦ ᠰᠠᠩᠵᠢ ᠶ᠋ᠢ ᠶᠠᠷᠢᠬᠤ ᠳ᠋ᠤ᠌ ᠮᠥᠷᠭᠥᠯᠴᠢᠨ:
- ᠲᠡᠷᠡ ᠦᠨᠡᠨ ᠤᠤ? ᠲᠡᠭᠡᠪᠡᠯ ᠲᠤᠷᠰᠢᠳᠠᠭ ᠬᠡᠷᠡᠭ ᠡ ᠭᠡᠵᠦ ᠢᠨᠢᠶᠡᠮᠰᠦᠭᠯᠡᠨ ᠬᠡᠯᠡᠯ᠎ᠡ᠃ ᠲᠡᠳᠡ ᠴᠠᠰᠢ ᠪᠡᠨ ᠬᠠᠮᠲᠤ ᠪᠠᠷ ᠦᠷᠭᠦᠯᠵᠢᠯᠡᠨ ᠭᠣᠷᠢᠶᠠᠯᠠᠵᠤ ᠶᠠᠪᠤᠯ᠎ᠠ᠃
- ᠮᠡᠩᠭᠡᠷ ᠪᠠᠢᠭ᠎ᠠ ᠦᠭᠡᠢ ᠰᠠᠨ ᠴᠤ᠌ ᠪᠣᠯ ᠪᠢ ᠠᠯᠢ ᠬᠡᠳᠦᠢᠨ ᠭᠣᠷᠢᠶ᠎ᠠ ᠪᠡᠨ ᠳᠠᠭᠤᠰᠬᠠᠬᠤ ᠪᠣᠯᠤᠭᠰᠠᠨ! ᠭᠡᠵᠦ ᠮᠥᠷᠭᠥᠯᠴᠢᠨ ᠠᠮᠠᠨ ᠳ᠋ᠠᠭᠠᠨ ᠪᠤᠪᠲᠤᠨᠠᠪᠠ᠃
《ᠭᠤᠷᠪᠠᠨ ᠦᠶ᠎ᠡ ᠪᠠᠨ ᠦᠵᠡᠬᠦ ᠶ᠋ᠢ ᠮᠥᠷᠥᠭᠡᠳᠳᠡᠭ ᠨᠢ ᠤᠷᠲᠤ ᠨᠠᠰᠤᠯᠠᠬᠤ ᠶ᠋ᠢᠨ ᠯᠡ ᠬᠦᠰᠡᠯᠡᠩ ᠡᠴᠡ ᠭᠠᠷᠤᠭᠰᠠᠨ ᠬᠡᠷᠡᠭ ᠪᠠᠢᠬᠤ ᠳᠠ᠃ ᠫᠠᠪᠤᠩ - ᠬᠠ ᠶ᠋ᠢ ᠲᠣᠭᠣᠷᠢᠨ ᠭᠣᠷᠢᠶᠠᠯᠠᠬᠤ ᠳ᠋ᠤ᠌ ᠴᠤ᠌ ᠡᠨᠡ ᠬᠥᠮᠦᠨ ᠦ᠌ ᠨᠠᠰᠤ ᠤᠯᠠᠮ ᠯᠠ ᠪᠣᠭᠣᠨᠢᠳᠤᠬᠤ ᠠ᠋ᠴᠠ ᠤᠷᠲᠤᠰᠬᠤ ᠦᠭᠡᠢ ᠪᠠᠢᠯᠭᠦᠢ ᠳᠡ᠃ ᠶᠠᠳᠠᠵᠤ ᠲᠣᠭᠣᠰᠣ ᠦᠭᠡᠢ ᠵᠠᠮ ᠳ᠋ᠤ᠌ ᠪᠣᠯ ᠴᠤ᠌ ᠪᠠᠰᠠ ᠤᠴᠢᠷ ᠲᠠᠢ᠃ ᠭᠡᠲᠡᠯ᠎ᠡ ᠲᠦᠮᠡᠨ ᠬᠥᠯ ᠦ᠋ᠨ ᠮᠥᠷᠭᠥᠯᠴᠢᠳ ᠦ᠋ᠨ ᠨᠤᠨᠲᠠᠭᠯᠠᠵᠤ ᠲᠠᠬᠠᠴᠢᠵᠤ᠂ ᠴᠠᠭᠠᠨ ᠲᠦᠢᠷᠠᠩ ᠪᠣᠯᠭᠠᠴᠢᠬᠠᠭᠰᠠᠨ ᠡᠨᠡ ᠵᠠᠮ ᠳ᠋ᠤ᠌ ᠲᠣᠭᠣᠰᠣ ᠪᠣᠰᠬᠤ ᠦᠭᠡᠢ ᠡᠳᠦᠷ ᠪᠠᠢᠲᠤᠭᠠᠢ ᠬᠣᠷᠣᠮ ᠴᠤ᠌ ᠠᠯᠠᠭ᠎ᠠ᠃ ᠲᠡᠷᠡ ᠲᠣᠰᠤᠮ ᠢ᠋ᠶ᠋ᠠᠨ ᠮᠡᠩᠭᠡᠷ ᠲᠡᠢ ᠬᠥᠮᠦᠨ ᠳ᠋ᠤ᠌ ᠠᠮᠠ ᠬᠠᠮᠠᠷ ᠢ᠋ᠶ᠋ᠠᠷ ᠨᠢ ᠥᠯᠥᠨ ᠲᠣᠭᠣᠰᠣ ᠣᠷᠣᠵᠤ ᠠᠭᠤᠰᠬᠢ ᠴᠡᠭᠡᠵᠢ ᠨᠢ ᠳᠠᠪᠬᠤᠴᠠᠵᠤ ᠬᠡᠴᠡᠭᠦᠦ ᠶᠦᠮ ᠪᠠᠢᠬ᠎ᠠ᠃ ᠬᠥᠭᠡᠷᠦᠬᠦᠢ ᠡᠨᠡ ᠬᠥᠮᠦᠨ ᠢ᠋ ᠪᠠᠭᠰᠢ ᠮᠠᠷᠠᠮᠪᠠ ᠶ᠋ᠢᠨ ᠵᠢᠭᠠᠭᠰᠠᠨ ᠢ᠋ᠶ᠋ᠠᠷ ᠡᠮᠴᠢᠯᠡᠪᠡᠯ ᠠᠷᠠᠢ ᠳᠡᠭᠡᠷ᠎ᠡ ᠪᠢᠰᠢ ᠪᠠᠢᠬ᠎ᠠ? 》 ᠭᠡᠵᠦ ᠰᠠᠩᠵᠢ ᠭᠡᠰᠦᠯ ᠥᠷᠦ ᠡᠪᠡᠳᠬᠦ ᠰᠡᠳᠬᠢᠯ ᠢ᠋ᠶ᠋ᠡᠷ ᠪᠣᠳᠣᠵᠤ ᠰᠦᠵᠢᠭᠲᠡᠨ ᠢ᠋ ᠦᠶ᠎ᠡ ᠦᠶ᠎ᠡ ᠠᠵᠢᠭᠯᠠᠨ ᠶᠠᠪᠤᠭᠰᠠᠨ ᠢ᠋ᠶ᠋ᠠᠨ:
- ᠲᠠ ᠶᠡᠷᠦ ᠨᠢ ᠴᠢᠩᠳᠠᠷᠠᠭᠤᠯᠭᠠ ᠪᠠᠷ ᠡᠮᠴᠢᠯᠡᠭᠦᠯᠪᠡᠯ ᠳᠡᠭᠡᠷ᠎ᠡ ᠦᠭᠡᠢ ᠤᠤ? ᡀᠠᠰᠠ ᠶ᠋ᠢᠨ ᠬᠠᠯᠬ᠎ᠠ ᠳ᠋ᠤ᠌ ᠣᠴᠢᠬᠤ ᠳ᠋ᠤ᠌ ᠡᠷᠬᠡᠪᠰᠢ ᠨᠢᠭᠡ ᠢᠰᠢᠭᠡᠨ ᠦ᠌ ᠮᠢᠬ᠎ᠠ᠂ ᠬᠤᠪᠢᠩ ᠰᠦ ᠣᠯᠳᠠᠬᠤ ᠪᠠᠢᠯᠭᠦᠢ᠃ ᠮᠡᠩᠭᠡᠷ ᠢ᠋ᠶ᠋ᠡᠨ ᠳᠠᠷᠤᠬᠤ ᠦᠭᠡᠢ ᠪᠣᠯ ᠲᠠᠨ ᠳ᠋ᠤ᠌ ᠬᠡᠴᠡᠭᠦᠦ ᠪᠠᠢᠬᠤ ᠰᠢᠭ᠋ ᠰᠠᠨᠠᠭᠳᠠᠯ᠎ᠠ ᠭᠡᠵᠦ ᠬᠡᠯᠡᠪᠡ᠃ᠮᠥᠷᠭᠥᠯᠴᠢᠨ ᠬᠠᠯᠢᠪ ᠬᠢᠭᠰᠡᠨ ᠢ᠋ᠶ᠋ᠠᠨ:
- ᠵᠦᠭᠡᠷ᠂ ᠵᠦᠭᠡᠷ᠃ ᠰᠡᠵᠢᠭ ᠢ᠋ᠶ᠋ᠡᠷ ᠡᠪᠡᠳᠴᠦ ᠰᠦᠵᠢᠭ ᠢ᠋ᠶ᠋ᠡᠷ ᠡᠳᠡᠭᠡᠷᠡᠳᠡᠭ ᠶᠦᠮ᠃ ᠫᠠᠪᠤᠩ - ᠬᠠ ᠳ᠋ᠤ᠌ ᠰᠦᠵᠢᠭᠯᠡᠵᠦ ᠴᠢᠳᠠᠪᠠᠯ ᠡᠷᠬᠡᠪᠰᠢ ᠨᠠᠰᠤᠨ ᠬᠤᠲᠤᠭ ᠢ᠋ ᠣᠯᠬᠤ ᠪᠠᠢᠯᠭᠦᠢ᠃ ᠣᠳᠣ ᠬᠡᠳᠦᠬᠡᠨ ᠲᠣᠭᠣᠷᠢᠭ ᠭᠣᠷᠢᠶ᠎ᠠ ᠦᠯᠡᠳᠡᠯ᠎ᠡ᠃ ᠲᠡᠭᠦᠨ ᠢ᠋ ᠪᠡᠨ ᠳᠠᠭᠤᠰᠬᠠᠵᠤ ᠰᠡᠳᠬᠢᠯ ᠠᠮᠤᠷᠤᠶᠠ ᠭᠡᠵᠦ ᠬᠡᠯᠡᠭᠡᠳ ᠤᠯᠠᠮ ᠬᠤᠷᠳᠤᠯᠠᠨ ᠠᠯᠬᠤᠯᠠᠪᠠ᠃ ᠲᠡᠭᠡᠲᠡᠯ᠎ᠡ ᠲᠡᠭᠦᠨ ᠦ᠌ ᠮᠡᠩᠭᠡᠷ ᠨᠢ ᠳᠠᠬᠢᠨ ᠬᠦᠴᠦᠲᠡᠢ ᠬᠥᠳᠡᠯᠵᠦ ᠪᠦᠭᠰᠢᠭᠦᠯᠦᠨ ᠬᠠᠨᠢᠶᠠᠯᠭᠠᠵᠤ᠂ ᠰᠢᠨ᠎ᠠ ᠶ᠋ᠢᠨ ᠰᠤᠳᠠᠰᠤ ᠭᠦᠷᠡᠯᠵᠡᠨ᠂ ᠴᠠᠰᠢ ᠶᠠᠪᠤᠵᠤ ᠴᠢᠳᠠᠬᠤ ᠪᠠᠨ ᠪᠣᠯᠢᠵᠤ ᠵᠣᠭ ᠲᠣᠰᠣᠨ ᠫᠦᠭᠴᠦᠢᠭᠡᠳ ᠡᠭᠡᠷᠡᠬᠦ ᠮᠡᠲᠦ ᠳᠠᠭᠤ ᠦᠭᠡᠢ ᠪᠣᠯᠵᠤ ᠵᠥᠪᠬᠡᠨ ᠪᠥᠭᠲᠥᠷ ᠴᠡᠭᠡᠵᠢ ᠨᠢ ᠬᠥᠭᠳᠦᠭᠡᠨᠡᠨ ᠣᠪᠣᠯᠵᠠᠵᠤ ᠡᠬᠢᠯᠡᠪᠡ᠃ ᠰᠠᠩᠵᠢ ᠭᠦᠶᠦᠵᠦ ᠬᠦᠷᠦᠭᠡᠳ ᠳᠠᠯᠤ ᠮᠥᠷᠦᠨ ᠳᠡᠭᠡᠷ ᠡᠨᠢ ᠳᠠᠷᠤᠬᠤ ᠭᠡᠲᠡᠯ᠎ᠡ ᠮᠥᠷᠭᠥᠯᠴᠢᠨ ᠦ᠌ ᠬᠠᠮᠠᠷ ᠤ᠋ᠨ ᠬᠣᠶᠠᠷ ᠨᠦᠬᠡᠨ ᠡᠴᠡ ᠬᠦᠷᠡᠩ ᠴᠢᠰᠤ ᠭᠣᠳᠬᠢᠨ ᠭᠠᠷᠴᠤ ᠮᠥᠨ ᠲᠡᠷᠡᠬᠡᠨ ᠮᠥᠴᠡ ᠳ᠋ᠦ᠍ ᠡᠭᠴᠡ ᠣᠷᠣᠭᠰᠢ ᠪᠠᠨ ᠦᠬᠦᠳᠬᠢᠨ ᠣᠢᠴᠢᠯ᠎ᠠ᠃ ᠰᠠᠩᠵᠢ ᠲᠡᠭᠦᠨ ᠢ᠋ ᠥᠨᠳᠡᠢᠯᠭᠡᠬᠦ ᠪᠡᠷ ᠣᠷᠣᠯᠳᠣᠭᠰᠠᠨ ᠪᠣᠯᠪᠠᠴᠤ ᠮᠥᠷᠭᠥᠯᠴᠢᠨ ᠨᠢᠭᠡᠨᠲᠡ ᠠᠮᠢ ᠲᠠᠯᠪᠢᠵᠠᠢ᠃
ᠰᠠᠩᠵᠢ ᠭᠡᠰᠦᠯ ᠪᠠᠯᠠᠮᠠᠭᠳᠠᠨ ᠰᠠᠨᠳᠤᠷᠴᠤ ᠶᠠᠭᠤ ᠬᠢᠬᠦ ᠪᠡᠨ ᠮᠡᠳᠡᠬᠦ ᠦᠭᠡᠢ ᠪᠠᠢᠲᠠᠯ᠎ᠠ ᠬᠠᠮᠢᠭ᠎ᠠ ᠠ᠋ᠴᠠ ᠴᠤ᠌ ᠭᠠᠷᠴᠤ ᠢᠷᠡᠭᠰᠡᠨ ᠨᠢ ᠪᠤᠤ ᠮᠡᠳᠡ᠂ ᠬᠣᠶᠠᠷ ᠳ᠋ᠤᠨᠵᠤᠨᠫᠠ ᠭᠡᠨᠡᠳᠲᠡ ᠳᠡᠷᠭᠡᠳᠡ ᠨᠢ ᠪᠣᠢ ᠪᠣᠯᠤᠭᠠᠳ:
- ᠨᠠᠭᠠᠳᠤᠬᠢ ᠳ᠋ᠤ᠌ ᠴᠢᠨᠢ ᠰᠣᠬᠣᠷ ᠵᠣᠭᠣᠰ᠂ ᠰᠠᠮᠪᠠᠢ ᠬᠠᠳᠠᠭ ᠪᠠᠢᠨ᠎ᠠ ᠤᠤ? ᠪᠠᠢᠪᠠᠯ ᠪᠢᠳᠡ ᠪᠤᠷᠬᠠᠨ ᠤ᠋ ᠣᠷᠣᠨ ᠳ᠋ᠤ᠌ ᠬᠦᠷᠭᠡᠶ᠎ᠡ ᠭᠡᠵᠦ ᠲᠥᠪᠡᠳ ᠢ᠋ᠶ᠋ᠡᠷ ᠠᠰᠠᠭᠤᠯ᠎ᠠ᠃
- ᠮᠡᠳᠡᠬᠦ ᠦᠭᠡᠢ! ᠭᠡᠵᠦ ᠰᠠᠩᠵᠢ ᠬᠡᠯᠡᠭᠰᠡᠨ ᠢ᠋ᠶ᠋ᠡᠨ ᠰᠠᠨᠠᠭ᠎ᠠ ᠵᠣᠪᠠᠵᠤ᠂ 《 ᠪᠢ ᠬᠥᠯᠥᠰᠥ ᠶ᠋ᠢ ᠨᠢ ᠲᠥᠯᠥᠶ᠎ᠡ᠃ ᠡᠭᠦᠨ ᠦ᠌ ᠬᠣᠢᠳᠤᠬᠢ ᠶ᠋ᠢ ᠲᠠ ᠬᠣᠶᠠᠷ ᠳᠠᠭᠠᠭᠠᠵᠤ ᠥᠭᠭᠦᠭᠲᠦᠨ! 》 ᠭᠡᠪᠡ᠃
- ᠯᠠᠭᠰᠣᠣ! ᠯᠠᠭᠰᠣᠣ! ᠶᠠᠭᠤ ᠥᠭᠬᠦ ᠪᠣᠢ? ᠭᠡᠵᠦ ᠲᠡᠷᠡ ᠬᠣᠶᠠᠷ ᠬᠦᠢᠲᠡᠨ ᠢ᠋ᠶ᠋ᠡᠷ ᠢᠨᠢᠶᠡᠪᠬᠢᠯᠡᠨ ᠦᠭᠦᠳᠡᠯ ᠦ᠋ᠨ ᠬᠣᠶᠠᠷ ᠭᠠᠷ ᠠ᠋ᠴᠠ ᠨᠢᠭᠡ ᠨᠢᠭᠡ ᠪᠡᠷ ᠪᠠᠷᠢᠵᠤ ᠠᠪᠤᠯ᠎ᠠ᠃
- ᠮᠠᠢ! ᠭᠡᠵᠦ ᠰᠠᠩᠵᠢ ᠲᠣᠪᠴᠢᠬᠠᠨ ᠬᠡᠯᠡᠭᠡᠳ ᠬᠠᠭᠤᠷᠴᠠᠭ ᠳᠣᠲᠣᠷ᠎ᠠ ᠠ᠋ᠴᠠ ᠪᠠᠨ ᠬᠡᠳᠦᠨ ᠴᠣᠬᠣ᠌ ᠵᠣᠭᠣᠰ ᠪᠠᠢᠭ᠍ᠰᠠᠨ ᠢ᠋ ᠪᠡᠨ ᠨᠢᠭᠡ ᠬᠠᠳᠠᠭ ᠲᠠᠢ ᠭᠠᠷᠭᠠᠵᠤ ᠥᠭᠭᠦᠯ᠎ᠡ᠃ ᠬᠣᠶᠠᠷ ᠳ᠋ᠤᠨᠵᠤᠨᠫᠠ ᠪᠠᠶᠠᠷᠯᠠᠨ ᠠᠯᠠᠭ᠎ᠠ ᠲᠤᠰᠴᠤ ᠲᠡᠭᠦᠨ ᠢ᠋ ᠠᠪᠤᠭᠠᠳ᠂ ᠦᠬᠦᠭᠰᠡᠨ ᠮᠥᠷᠭᠥᠯᠴᠢᠨ ᠢ ᠬᠣᠶᠠᠷ ᠭᠠᠷ ᠠ᠋ᠴᠠ ᠨᠢ ᠳᠠᠮᠵᠢᠯᠠᠨ ᠪᠠᠷᠤᠭ ᠯᠠ ᠴᠢᠷᠬᠦ ᠲᠣᠭᠠᠨ ᠤ᠋ ᠠᠪᠴᠤ ᠶᠠᠪᠤᠬᠤ ᠳ᠋ᠤ᠌ ᠰᠠᠩᠵᠢ :
- ᠬᠦᠢ ᠲᠠ ᠨᠠᠷ ᠡᠪᠲᠡᠢᠬᠡᠨ ᠡᠷᠭᠦᠭᠡᠴᠢ! ᠭᠡᠵᠦ ᠱᠠᠭᠠᠷᠳᠠᠪᠠ᠃ ᠲᠡᠭᠡᠲᠡᠯ᠎ᠡ ᠰᠠᠩᠵᠢ ᠶ᠋ᠢᠨ ᠰᠡᠳᠬᠢᠯ ᠳ᠋ᠦ᠍《 ᠬᠥᠭᠡᠷᠦᠬᠦᠢ ᠡᠨᠡ ᠠᠮᠢᠲᠠᠨ ᠤ᠋ ᠠᠷᠤ ᠭᠡᠷ᠂ ᠲᠥᠷᠥᠯ ᠰᠠᠳᠤᠨ ᠭᠡᠵᠦ ᠪᠠᠢᠳᠠᠭ ᠯᠠ ᠪᠠᠢᠬᠤ ᠳᠠ᠃ ᠲᠡᠷᠡ ᠨᠢ ᠬᠠᠮᠢᠭ᠎ᠠ ᠭᠠᠵᠠᠷ ᠰᠠᠭᠤᠳᠠᠭ ᠶᠤᠮ ᠪᠣᠯ? ᠬᠡᠨ ᠡᠴᠡ ᠪᠡᠨ ᠠᠰᠠᠭᠤᠬᠤ ᠶᠤᠮ ᠪᠢᠯᠡ ᠳᠠ?》 ᠭᠡᠵᠦ ᠪᠣᠳᠣᠭᠳᠠᠪᠠ᠃
- ᠬᠦᠢ᠂ ᠨᠠᠭᠠᠳᠤᠬᠢ ᠶ᠋ᠢ ᠴᠢᠨᠢ ᠬᠠᠯᠬ᠎ᠠ ᠮᠢᠴᠠᠩ ᠤᠨ ᠬᠢᠨ ᠳ᠋ᠦ᠍ ᠦᠵᠡᠭᠦᠯᠵᠦ ᠬᠡᠨ ᠦ᠌ ᠶᠠᠭᠤᠨ ᠬᠦᠮᠦᠨ ᠪᠣᠯᠬᠤ ᠶ᠋ᠢ ᠨᠢ ᠲᠣᠳᠣᠷᠠᠭᠤᠯᠬᠤ ᠶᠤᠮᠰᠠᠨ! ᠭᠡᠵᠦ ᠰᠠᠩᠵᠢ ᠬᠡᠯᠡᠪᠡ᠃ ᠲᠡᠭᠡᠲᠡᠯ᠎ᠡ ᠡᠳᠡᠨ ᠢ᠋ ᠲᠣᠭᠣᠷᠢᠨ ᠢᠷᠡᠭᠰᠡᠨ ᠬᠡᠳᠦᠨ ᠭᠣᠷᠢᠶᠠᠴᠢ ᠶ᠋ᠢᠨ ᠨᠢᠭᠡ ᠨᠢ ᠠᠮᠠ ᠨᠡᠭᠡᠭᠡᠵᠦ :
- ᠥ ᠡᠨᠡᠭᠦᠨ ᠳ᠋ᠦ᠍ ᠰᠠᠳᠤᠨ ᠲᠥᠷᠥᠯ ᠭᠡᠬᠦ ᠶᠠᠭᠤᠮ᠎ᠠ ᠶᠠᠭᠤ ᠴᠤ᠌ ᠪᠠᠢᠬᠤ ᠦᠭᠡᠢ᠃ ᠭᠤᠷᠪᠠᠨ ᠦᠶ᠎ᠡ ᠶ᠋ᠢ ᠪᠡᠨ ᠦᠵᠡᠨ ᠡ ᠭᠡᠵᠦ ᠯᠡ ᠦᠷᠭᠦᠯᠵᠢ ᠶᠠᠷᠢᠳᠠᠭ ᠶᠤᠮ᠃ ᠲᠡᠢᠮᠦ ᠶᠠᠭᠤᠮ᠎ᠠ ᠶᠠᠭᠤ ᠴᠤ᠌ ᠪᠠᠢᠬᠤ ᠦᠭᠡᠢ᠃ ᠮᠠᠨ ᠤ᠋ ᠨᠤᠲᠤᠭ ᠤ᠋ᠨ ᠶᠤᠮ ᠭᠡᠵᠦ ᠬᠡᠯᠡᠪᠡ᠃
- ᠬᠣᠶᠠᠷ ᠦᠶ᠎ᠡ ᠮᠢᠨᠢ ᠪᠣᠢ ᠭᠡᠵᠦ ᠲᠡᠷᠡ ᠰᠠᠶᠢᠬᠠᠨ ᠶᠠᠷᠢᠵᠤ ᠪᠠᠢᠭ᠍ᠰᠠᠨ ᠰᠢᠦ ᠳᠡ? ᠭᠡᠵᠦ ᠰᠠᠩᠵᠢ ᠡᠷᠡᠭᠡᠯᠵᠡᠨ ᠭᠠᠢᠬᠠᠯ᠎ᠠ᠃ ᠨᠥᠭᠦᠭᠡ ᠬᠥᠮᠦᠨ:
- ᠬᠤᠳᠠᠯ ᠡ᠃ ᠲᠡᠭᠡᠵᠦ ᠰᠡᠳᠬᠢᠯ ᠢ᠋ᠶ᠋ᠡᠨ ᠵᠣᠭᠣᠵᠤ ᠶᠠᠪᠤᠳᠠᠭ ᠶᠤᠮ᠃ ᠮᠡᠩᠭᠡᠷ ᠲᠡᠢ ᠪᠡᠶ᠎ᠡ ᠡᠴᠡ ᠪᠡᠨ ᠥᠭᠡᠷ᠎ᠡ ᠲᠥᠷᠥᠯ ᠰᠠᠳᠤᠨ ᠦᠭᠡᠢ ᠬᠥᠮᠦᠨ᠃ ᠣᠳᠣ ᠨᠢᠭᠡᠨᠲᠡ ᠨᠠᠰᠤ ᠳᠠᠭᠤᠰᠴᠠᠢ᠃ ᠣᠳᠣ᠌ ᠳ᠋ᠤᠨᠵᠤᠨᠫᠠ ᠳ᠋ᠦ᠍ ᠲᠤᠰᠢᠶᠠᠵᠤ ᠬᠣᠢᠲᠤ ᠵᠠᠮ ᠢ᠋ ᠣᠯᠭᠣᠬᠤ ᠠ᠋ᠴᠠ ᠥᠭᠡᠷ᠎ᠡ ᠠᠷᠭ᠎ᠠ ᠪᠠᠢᠬᠤ ᠦᠭᠡᠢ ᠬᠡᠪ᠃
《 ᠬᠥᠭᠡᠷᠦᠬᠦᠢ! ᠦᠬᠦᠬᠦ ᠴᠠᠭ ᠣᠢᠷᠠᠬᠠᠨ ᠭᠡᠵᠦ ᠪᠣᠳᠣᠬᠤ ᠳ᠋ᠠᠭᠠᠨ ᠯᠠ ᠲᠡᠭᠦᠨ ᠢ᠋ ᠪᠡᠨ ᠤᠷᠲᠤᠰᠬᠠᠬᠤ ᠶᠢᠨ ᠬᠦᠰᠡᠯᠡᠩ ᠪᠣᠯᠵᠤ ᠶᠠᠪᠤᠭᠰᠠᠨ ᠶᠤᠮ ᠪᠠᠢᠬ᠎ᠠ ᠳᠠ᠃ ᠬᠡᠨ ᠨᠢ ᠲᠡᠭᠦᠨ ᠳ᠋ᠦ᠍ ᠫᠠᠪᠤᠩ - ᠬᠠ ᠶ᠋ᠢ ᠭᠣᠷᠢᠶᠠᠯᠠᠨ ᠲᠣᠭᠣᠷᠢᠪᠠᠯ ᠨᠠᠰᠤ ᠤᠷᠲᠤᠰᠴᠤ ᠭᠤᠷᠪᠠᠨ ᠦᠶ᠎ᠡ ᠪᠡᠨ ᠦᠵᠡᠨ᠎ᠡ ᠭᠡᠵᠦ ᠬᠡᠯᠡᠭᠰᠡᠨ ᠶᠦᠮ ᠪᠤᠯ ᠳᠠ᠃ ᠡᠨᠡ ᠳᠠᠯᠠᠢᠭᠠᠴᠢ ᠳ᠋ᠤ᠌ ᠪᠣᠯᠬᠣᠷ ᠫᠠᠪᠤᠩ - ᠬᠠ ᠶ᠋ᠢ ᠲᠣᠭᠣᠷᠢᠬᠤ ᠨᠢ ᠪᠤᠶᠠᠨ ᠪᠣᠯᠵᠤ ᠪᠠᠢᠳᠠᠭ᠃ ᠨᠠᠳᠠ ᠳᠤ ᠪᠣᠯᠬᠣᠷ ᠰᠢᠳᠬᠡᠯ ᠪᠣᠯᠳᠠᠭ ᠪᠠᠢᠬᠤ ᠭᠡᠵᠦ ᠳᠡ᠃ ᠠᠶ᠎ᠠ᠂ ᠣᠷᠴᠢᠯᠠᠩ ᠤ᠋ᠨ ᠶᠠᠪᠤᠳᠠᠯ ᠡᠢᠨ ᠬᠦ᠌ ᠳᠡᠭᠡᠯ ᠲᠤᠭᠤᠯ ᠲᠠᠢ ᠠᠵᠢ》 ᠭᠡᠵᠦ ᠰᠠᠩᠵᠢ ᠭᠡᠰᠦᠯ ᠳᠣᠲᠣᠷ᠎ᠠ ᠪᠠᠨ ᠪᠣᠳᠣᠯ᠎ᠠ᠃ ᠨᠢᠭᠡᠨ ᠦᠢᠯᠡ ᠶ᠋ᠢᠨ ᠬᠣᠶᠠᠷ ᠲᠠᠯ᠎ᠠ ᠶ᠋ᠢᠨ ᠲᠤᠬᠠᠢ ᠪᠣᠳᠣᠯ ᠲᠡᠭᠦᠨ ᠦ᠌ ᠰᠡᠳᠬᠢᠯ ᠳ᠋ᠦ᠍ ᠭᠤᠷᠪᠠᠳᠡᠬᠢ ᠤᠳᠠᠭ᠎ᠠ ᠪᠠᠨ ᠣᠷᠣᠵᠤ ᠢᠷᠡᠵᠦ ᠪᠠᠢᠭ᠎ᠠ ᠨᠢ ᠡᠨᠡ᠃ ᠥᠯᠵᠡᠢ ᠶ᠋ᠢ ᠥᠭᠡᠳᠡ ᠪᠣᠯᠬᠤ ᠳ᠋ᠤ᠌ ᠳ᠋ᠤᠨᠵᠤᠨᠫᠠ ᠨᠠᠷ ᠰᠠᠩᠵᠢ ᠳ᠋ᠤ᠌ ᠠᠩᠬ᠎ᠠ ᠡᠢᠮᠦ ᠶᠠᠭᠤᠮ᠎ᠠ ᠪᠣᠳᠣᠭᠳᠠᠭᠤᠯᠤᠭᠰᠠᠨ᠃ ᠳᠠᠷᠠᠭ᠎ᠠ ᠨᠢ ᠪᠠᠭᠰᠢ ᠯᠠᠮᠠ ᠵᠤᠯᠠ ᠶ᠋ᠢᠨ ᠭᠣᠣᠯ ᠪᠣᠯᠵᠤ ᠣᠳᠬᠤ ᠳ᠋ᠤ᠌ ᠮᠥᠨ ᠯᠠ ᠡᠷᠡᠭᠡᠯᠵᠡᠨ ᠭᠠᠢᠬᠠᠬᠤ ᠪᠣᠳᠣᠯ ᠳ᠋ᠤ᠌ ᠡᠵᠡᠯᠡᠭᠳᠡᠭᠰᠡᠨ᠃ ᠣᠳᠣ ᠫᠠᠪᠤᠩ - ᠬᠠ ᠭᠡᠵᠦ ᠬᠥᠮᠦᠨ ᠦ ᠨᠤᠲᠤᠭ ᠤ᠋ᠨ ᠵᠡᠷᠯᠢᠭ ᠬᠢᠷ᠎ᠠ ᠳᠠᠬᠢ ᠬᠣᠭᠣᠰᠣᠨ ᠠᠭᠤᠢ ᠨᠤᠭᠤᠳ ᠢ᠋ ᠲᠣᠭᠣᠷᠢᠨ ᠭᠣᠷᠢᠶᠠᠯᠠᠬᠤ ᠬᠤᠪᠢ ᠲᠠᠪᠢᠯᠠᠩ ᠢ᠋ ᠭᠦᠷᠲᠡᠭᠡᠳ ᠨᠢᠭᠡ ᠨᠢ ᠰᠢᠳᠬᠡᠯ᠂ ᠨᠥᠭᠦᠭᠡ ᠨᠢ ᠪᠤᠶᠠᠨ ᠤ᠋ ᠦᠢᠯᠡᠰ ᠭᠡᠵᠦ ᠢᠲᠡᠭᠡᠨ ᠶᠠᠪᠤᠭ᠎ᠠ ᠬᠣᠶᠠᠷ ᠪᠡᠶ᠎ᠡ ᠶ᠋ᠢᠨ ᠤᠴᠠᠷᠠᠯ ᠠ᠋ᠴᠠ ᠤᠷᠭᠤᠭᠤᠯᠤᠨ ᠡᠯᠳᠡᠪ ᠢ᠋ ᠪᠣᠳᠣᠬᠤ ᠶ᠋ᠢᠨ ᠰᠢᠯᠲᠠᠭ ᠡᠭᠦᠰᠴᠡᠢ᠃ ᠳᠠᠬᠢᠭᠠᠳ ᠯᠠ ᠰᠠᠩᠵᠢ ᠡᠷᠭᠢᠴᠡᠭᠦᠯᠦᠨ ᠪᠣᠳᠣᠯ᠎ᠠ᠃《ᠬᠥᠭᠡᠷᠦᠬᠦᠢ! ᠲᠡᠷᠡ ᠲᠠᠯᠢᠢᠭᠠᠴᠢ ᠡᠨᠡ ᠪᠠᠷᠵᠠᠭᠠᠷ ᠠᠭᠤᠯᠠᠰ ᠢ᠋ ᠮᠣᠭᠠᠢᠴᠢᠯᠠᠨ ᠲᠣᠭᠣᠷᠢᠬᠤ ᠳ᠋ᠤ᠌ ᠳᠣᠯᠣᠭᠠᠬᠠᠨ ᠭᠤᠷᠢᠶ᠎ᠠ ᠳᠤᠲᠠᠭᠤ ᠭᠡᠵᠦ ᠪᠠᠢᠭ᠍ᠰᠠᠨ᠃ ᠲᠡᠭᠡᠬᠦᠯᠡᠷ ᠭᠤᠷᠪᠠᠨ ᠮᠢᠩᠭ᠎ᠠ ᠭᠤᠷᠪᠠᠨ ᠵᠠᠭᠤᠨ ᠬᠣᠷᠢᠨ ᠵᠢᠷᠭᠤᠭᠠᠨ ᠤᠳᠠᠭ᠎ᠠ ᠨᠢᠭᠡᠨᠲᠡ ᠲᠣᠭᠣᠷᠢᠴᠢᠬᠠᠭᠠᠳ ᠪᠠᠢᠭ᠍ᠰᠠᠨ ᠬᠡᠷᠡᠭ ᠠᠵᠢ᠃ ᠲᠡᠭᠦᠨ ᠳ᠋ᠦ᠍ ᠯᠠᠮᠠ ᠪᠠᠭᠰᠢ ᠰᠠᠢᠨ ᠤ᠋ ᠢᠷᠦᠭᠡᠯ ᠡᠷᠭᠦᠵᠦ ᠭᠣᠷᠢᠶ᠎ᠠ ᠵᠢᠭᠠᠵᠠᠢ᠃ ᠭᠡᠪᠡᠴᠦ ᠨᠠᠳᠠ ᠳ᠋ᠤ᠌ ᠪᠣᠯ ᠯᠠᠮᠠ ᠪᠠᠭᠰᠢ ᠬᠡᠷᠡᠭ ᠲᠠᠷᠢᠭᠰᠠᠨ ᠤ᠋ ᠲᠣᠷᠭᠠᠭᠤᠯᠢ ᠪᠠᠭᠠᠭᠠ ᠪᠣᠯᠭᠠᠵᠤ ᠭᠣᠷᠢᠶ᠎ᠠ ᠶ᠋ᠢᠨ ᠲᠣᠭ᠎ᠠ ᠲᠣᠭᠲᠠᠭᠠᠵᠤ ᠥᠭᠭᠦᠭᠰᠡᠨ᠃ ᠨᠢᠭᠡ ᠦᠢᠯᠡ ᠮᠥᠷᠳᠡᠯ᠎ᠡ ᠪᠠᠨ ᠰᠠᠢᠨ᠂ ᠰᠠᠭᠠᠷ ᠬᠣᠶᠠᠷ ᠤ᠋ᠨ ᠪᠡᠯᠭᠡᠳᠡᠯ ᠪᠠᠢᠬᠤ ᠭᠡᠵᠦ ᠤᠤ? ᠲᠡᠭᠡᠭᠡᠳ ᠮᠡᠩᠭᠡᠷ ᠲᠡᠢ ᠡᠪᠦᠭᠡᠨ ᠳ᠋ᠦ᠍ ᠬᠣᠶᠠᠷ ᠮᠢᠩᠭ᠎ᠠ ᠬᠡᠳᠦᠨ ᠵᠠᠭᠤᠨ ᠭᠣᠷᠢᠶ᠎ᠠ ᠲᠤᠰᠠ ᠪᠣᠯᠤᠭᠰᠠᠨ ᠴᠤ᠌ ᠦᠭᠡᠢ᠃ ᠮᠥᠷᠥᠭᠡᠳᠦᠯ ᠨᠢ ᠪᠡᠶᠡᠯᠡᠭᠰᠡᠨ ᠴᠤ᠌ ᠦᠭᠡᠢ᠃ ᠮᠢᠨᠦᠬᠢ ᠪᠣᠯᠬᠣᠷ ᠳᠥᠩᠭᠡᠵᠢ ᠳᠣᠯᠣᠭᠠᠬᠠᠨ ᠲᠣᠭᠣᠷᠢᠳᠠᠭ ᠳᠡᠭᠡᠷ᠎ᠡ ᠪᠡᠨ ᠶᠠᠪᠤᠵᠤ ᠪᠠᠢᠳᠠᠭ᠃ ᠬᠥᠮᠦᠨ ᠦ᠌ ᠨᠤᠲᠤᠭ ᠤ᠋ᠨ ᠵᠡᠷᠯᠢᠭ ᠠᠭᠤᠯᠠᠰ ᠤ᠋ᠨ ᠡᠨᠡ ᠬᠢᠷ᠎ᠠ ᠶ᠋ᠢ ᠲᠣᠭᠣᠷᠢᠨ ᠲᠣᠭᠣᠷᠢᠭᠰᠠᠭᠠᠷ ᠰᠠᠢᠨ ᠤ᠋ ᠵᠠᠬ᠎ᠠ ᠳ᠋ᠦ᠍ ᠬᠦᠷᠦᠨ᠎ᠡ ᠭᠡᠵᠦ ᠶᠠᠭᠤᠨ ᠳ᠋ᠤ᠌ ᠨᠢ ᠪᠣᠳᠣᠵᠤ ᠶᠠᠪᠤᠭᠰᠠᠨ ᠡᠷ᠎ᠡ ᠪᠣᠢ᠂ ᠲᠡᠷᠡ ᠮᠡᠩᠭᠡᠷᠲᠦ᠍ ᠡᠪᠦᠭᠡᠨ?》 ᠭᠡᠵᠦ ᠰᠠᠩᠵᠢ ᠭᠡᠰᠦᠯ ᠪᠣᠳᠣᠵᠤ ᠵᠣᠭᠰᠣᠲᠠᠯ᠎ᠠ ᠨᠢ ᠬᠠᠬᠢᠷᠤᠭᠰᠠᠨ ᠮᠠᠭᠤᠬᠠᠢ ᠳᠠᠭᠤ ᠭᠠᠷᠭᠠᠨ ᠮᠣᠳᠣᠨ ᠳᠤᠭᠤᠢ ᠲᠠᠢ ᠲᠦᠷᠢᠳᠡᠭ ᠲᠡᠷᠭᠡ ᠳᠡᠭᠡᠷ᠎ᠡ ᠪᠡᠨ ᠦᠬᠦᠳᠡᠯ ᠢ᠋ ᠬᠠᠰᠢ ᠶᠠᠰᠢ ᠲᠠᠯᠪᠢᠭᠰᠠᠨ ᠳ᠋ᠤᠨᠵᠤᠨᠫᠠ ᠨᠠᠷ ᠠᠭᠤᠯᠠ ᠶᠢᠨ ᠤᠷᠤᠭᠤ ᠭᠠᠵᠠᠷ ᠤᠷᠤᠭᠤ ᠶᠠᠪᠤᠵᠤ ᠣᠳᠤᠯ᠎ᠠ᠃
ᠲᠣᠰᠤᠯᠠᠭ᠎ᠠ ᠦᠭᠡᠢ ᠲᠡᠷᠭᠡᠨ ᠦ᠌ ᠵᠢᠬᠡᠭᠦᠳᠡᠰᠦ ᠬᠦᠷᠦᠮ᠎ᠡ ᠶᠠᠬᠢᠷ ᠳᠠᠭᠤᠨ ᠳ᠋ᠤ᠌ ᠡᠪ ᠦᠭᠡᠢᠷᠡᠭᠰᠡᠨ ᠰᠠᠩᠵᠢ ᠭᠡᠰᠦᠯ ᠪᠤᠷᠤᠭᠤ ᠬᠠᠷᠠᠭᠠᠳ ᠭᠣᠷᠢᠶ᠎ᠠ ᠪᠡᠨ ᠦᠷᠭᠦᠯᠵᠢᠯᠡᠭᠦᠯᠦᠯᠡ᠃
ᠫᠠᠪᠤᠩ - ᠬᠠ ᠶ᠋ᠢ ᠲᠣᠭᠣᠷᠢᠨ ᠭᠣᠷᠢᠶᠠᠯᠠᠭ᠍ᠴᠢᠳ ᠤ᠋ᠨ ᠳᠣᠲᠣᠷ᠎ᠠ ᠨᠢᠭᠡᠭᠡᠬᠡᠨ ᠴᠤ᠌ ᠪᠠᠶᠠᠨ ᠴᠢᠨᠡᠭᠡᠯᠢᠭ ᠬᠦᠮᠦᠨ ᠦᠭᠡᠢ ᠠᠵᠠᠢ᠃ ᠴᠥᠮ ᠯᠡ ᠨᠤᠤᠷᠠᠬᠠᠢ ᠳᠡᠪᠡᠯ ᠲᠡᠢ᠂ ᠴᠣᠭᠣᠷᠠᠬᠠᠢ ᠭᠤᠲᠤᠯ ᠲᠠᠢ᠂ ᠲᠠᠷᠴᠢᠭ ᠶᠠᠳᠠᠭᠤᠰ᠂ ᠵᠠᠷᠢᠮ ᠨᠢ ᠡᠪᠡᠳᠴᠢᠨ ᠵᠣᠪᠠᠯᠠᠩ ᠳ᠋ᠤ᠌ ᠨᠡᠷᠪᠡᠭᠳᠡᠵᠦ᠂ ᠲᠠᠬᠢᠷ ᠳᠤᠲᠠᠭᠤ᠂ ᠡᠷᠡᠮᠳᠡᠭ ᠵᠡᠷᠡᠮᠳᠡᠭ ᠪᠣᠯᠴᠢᠬᠠᠭᠰᠠᠨ᠂ ᠵᠠᠷᠢᠮ ᠨᠢ ᠥᠪᠡᠷ ᠦ᠋ᠨ ᠭᠡᠬᠦ ᠪᠣᠳᠣᠯ ᠦᠭᠡᠢ ᠵᠥᠪᠬᠡᠨ ᠯᠡ ᠯᠠᠮᠠ ᠪᠠᠭᠰᠢ ᠶᠢᠨ ᠵᠢᠭᠠᠭᠰᠠᠨ ᠲᠣᠭ᠎ᠠ ᠶ᠋ᠢ ᠭᠦᠢᠴᠡᠭᠡᠬᠦ ᠶ᠋ᠢᠨ ᠲᠥᠯᠥᠭᠡᠨ᠎ᠡ ᠭᠥᠯᠢᠢᠲᠡᠯ᠎ᠡ ᠭᠡᠶᠦᠷᠡᠨ ᠠᠯᠬᠤᠯᠠᠵᠤ᠂ ᠡᠳᠦᠷ ᠢ ᠥᠩᠭᠡᠷᠡᠭᠡᠨ᠂ ᠰᠥᠨᠢ ᠶ᠋ᠢ ᠦᠳᠡᠨ ᠶᠠᠪᠤᠭ᠎ᠠ ᠤᠯᠤᠰ ᠪᠠᠢᠯ᠎ᠠ᠃ ᠬᠠᠶᠠ ᠨᠢᠭᠡ ᠪᠠᠳᠢᠷᠴᠢᠨ᠂ ᠱᠠᠪᠢᠷᠢᠶᠠᠴᠢᠨ᠂ ᠪᠠᠨᠳᠢ ᠨᠠᠷ ᠦᠵᠡᠭᠳᠡᠨ᠎ᠡ᠃ ᠲᠡᠳᠡ ᠪᠣᠯ ᠰᠠᠩᠵᠢ ᠶ᠋ᠢᠨ ᠨᠢᠭᠡᠨ ᠠᠳᠠᠯᠢ ᠵᠠᠯᠬᠠᠭᠠᠯ ᠦᠵᠡᠭᠰᠡᠨ᠂ ᠡᠰᠡᠪᠡᠯ ᠵᠦᠭᠡᠷ ᠯᠡ ᠰᠣᠨᠢᠭᠤᠴᠢᠯᠠᠨ ᠶᠠᠪᠤᠳᠠᠭ ᠬᠥᠮᠦᠰ ᠪᠣᠯᠤᠯᠲᠠᠢ᠃
《 ᠭᠣᠷᠢᠶ᠎ᠠ ᠶ᠋ᠢ ᠵᠦᠭᠡᠷ ᠨᠢᠭᠡ ᠬᠢᠵᠦ ᠪᠣᠯᠬᠤ ᠦᠭᠡᠢ᠃ ᠬᠠᠷᠢᠨ ᠰᠦᠵᠢᠭᠯᠡᠨ ᠬᠢᠪᠡᠯ ᠵᠣᠬᠢᠨ᠎ᠠ᠃ ᠡᠢᠮᠦ ᠳ᠋ᠦ᠍ ᠮᠠᠨᠢ ᠭᠦᠷᠢᠮ ᠢ᠋ ᠡᠬᠢᠨ ᠡᠴᠡ ᠡᠴᠦᠰ ᠬᠦᠷᠲᠡᠯ᠎ᠡ ᠳᠠᠪᠲᠠᠨ ᠳᠠᠪᠲᠠᠨ ᠤᠩᠰᠢᠵᠤ ᠶᠠᠪᠤᠪᠠᠰᠤ ᠵᠣᠬᠢᠨ᠎ᠠ》 ᠭᠡᠵᠦ ᠪᠠᠭᠰᠢ ᠯᠠᠮᠠ ᠨᠢ ᠰᠠᠩᠵᠢ ᠭᠡᠰᠦᠯ ᠳ᠋ᠦ᠍ ᠬᠠᠲᠠᠭᠤ ᠴᠢᠩᠳᠠᠯᠠᠵᠤ ᠨᠣᠮᠯᠠᠭᠰᠠᠨ ᠪᠢᠯᠡ᠃ ᠰᠠᠩᠵᠢ ᠭᠡᠰᠦᠯ ᠮᠠᠨᠢᠭᠠᠮᠪᠤᠮ ᠭᠡᠳᠡᠭ ᠶᠣᠰᠣ ᠰᠤᠷᠲᠠᠬᠤᠨ ᠤ᠋ ᠰᠤᠷᠭᠠᠯ ᠤ᠋ᠨ ᠰᠤᠳᠤᠷ ᠢ᠋ ᠠᠯᠢ ᠬᠡᠳᠦᠢ ᠨᠢ ᠴᠡᠭᠡᠵᠢ ᠪᠡᠷ ᠮᠡᠳᠡᠬᠦ ᠲᠤᠯᠠ ᠲᠡᠷᠡ ᠳᠠᠭᠠᠭᠠᠯᠭᠠᠪᠤᠷᠢ ᠠᠮᠠᠷᠬᠠᠨ ᠰᠠᠨᠠᠭᠳᠠᠵᠠᠢ᠃ ᠣᠳᠣ ᠪᠣᠯᠬᠣᠷ ᠨᠢᠭᠡᠨ ᠲᠥᠷᠥᠯ ᠦ᠋ᠨ ᠵᠦᠢᠯ ᠢ᠋ ᠣᠯᠠᠨ ᠳᠠᠬᠢᠨ ᠤᠩᠰᠢᠬᠤ ᠨᠢ ᠶᠠᠭ ᠦᠭᠡᠢ ᠣᠢᠳᠬᠠᠷ ᠲᠠᠢ ᠠᠵᠢᠯ ᠭᠡᠳᠡᠭ ᠢ᠋ ᠮᠡᠳᠡᠵᠦ ᠤᠩᠰᠢᠯᠭ᠎ᠠ ᠪᠠᠨ ᠰᠣᠯᠢᠵᠤ ᠵᠠᠳᠠᠮᠪᠠ ᠰᠤᠳᠤᠷ ᠠ᠋ᠴᠠ ᠶᠤᠮ ᠤᠤ ᠡᠰᠡᠪᠡᠯ ᠪᠠᠷᠠᠨᠵᠠ ᠪᠠᠷᠠᠮᠢᠳ ᠨᠣᠮ ᠠ᠋ᠴᠠ ᠡᠭᠡᠯᠵᠢᠯᠡᠨ ᠤᠩᠰᠢᠬᠤ ᠳ᠋ᠤ᠌ ᠠᠷᠠᠢ ᠰᠣᠨᠢᠷᠬᠠᠯᠲᠠᠢ ᠪᠠᠢᠯ᠎ᠠ᠃ ᠵᠠᠳᠠᠮᠪᠠ ᠪᠣᠯ ᠪᠤᠷᠬᠠᠨ ᠤ᠋ ᠮᠠᠭᠲᠠᠭᠠᠯ ᠨᠠᠢ᠍ᠮᠠᠨ ᠮᠢᠩᠭᠠᠨ ᠮᠥᠷᠲᠦ᠍ ᠰᠢᠯᠦᠭᠯᠡᠯ ᠶᠦᠮ᠃ ᠪᠠᠷᠠᠨᠵᠠ - ᠪᠠᠷᠠᠮᠢᠳ ᠪᠣᠯ ᠪᠤᠷᠬᠠᠨ ᠪᠤᠳ᠋ᠳ᠋ᠾᠠ ᠶ᠋ᠢᠨ ᠦᠢᠯᠡ ᠶᠠᠪᠤᠳᠠᠯ ᠤ᠋ᠨ ᠲᠤᠬᠠᠢ ᠨᠣᠮ ᠪᠢᠯᠡ᠃ ᠡᠳᠡᠭᠡᠷ ᠢ᠋ ᠡᠭᠡᠯᠵᠢᠯᠡᠨ ᠤᠩᠰᠢᠬᠤ ᠳ᠋ᠤ᠌ ᠥᠪᠡᠷ ᠬᠣᠭᠣᠷᠣᠨᠳᠣ ᠪᠠᠨ ᠠᠳᠠᠯᠢ ᠦᠭᠡᠢ ᠲᠤᠯᠠ ᠭᠠᠵᠠᠷ ᠬᠣᠷᠣᠬᠤ ᠨᠢ ᠴᠤ᠌ ᠠᠮᠤᠷ᠂ ᠣᠢᠳᠬᠠᠷᠯᠠᠬᠤ ᠨᠢ ᠪᠠᠭ᠎ᠠ ᠪᠠᠢᠯ᠎ᠠ᠃ᠮᠥᠷᠭᠥᠯᠴᠢᠳ ᠰᠥᠨᠢ ᠡᠳᠦᠷ ᠦᠭᠡᠢ ᠭᠣᠷᠢᠶᠠᠯᠠᠨ ᠶᠠᠪᠤᠵᠤ ᠦᠷ ᠢ᠋ᠶ᠋ᠡᠷ ᠰᠠᠭᠤᠭ᠎ᠠ ᠪᠠᠷ ᠢ᠋ᠶ᠋ᠠᠨ ᠪᠠᠭ᠎ᠠ ᠵᠡᠷᠭᠡ ᠨᠣᠢᠷ ᠠᠪᠴᠤ ᠶᠠᠪᠤᠭᠰᠠᠭᠠᠷ ᠭᠤᠷᠪᠠᠨ ᠮᠢᠩᠭᠠᠲᠤ ᠭᠣᠷᠢᠶ᠎ᠠ ᠶ᠋ᠢ ᠳᠠᠭᠤᠰᠬᠠᠬᠤ ᠶ᠋ᠢ ᠶᠡᠬᠡᠪᠴᠢᠯᠡᠨ ᠬᠢᠴᠢᠶᠡᠳᠡᠭ ᠪᠠᠢᠵᠠᠢ᠃ ᠲᠡᠢᠮᠦ ᠴᠤ᠌ ᠶᠣᠰᠣ ᠲᠣᠭᠲᠠᠭᠰᠠᠨ ᠠᠵᠢ᠃ ᠰᠥᠨᠢ ᠶ᠋ᠢᠨ ᠴᠠᠭ ᠢ᠋ᠶ᠋ᠠᠷ ᠭᠣᠷᠢᠶᠠᠯᠠᠨ ᠶᠠᠪᠤᠬᠤ ᠳ᠋ᠤ᠌ ᠣᠳᠣᠨ ᠠ᠋ᠴᠠ ᠥᠭᠡᠷ᠎ᠡ ᠵᠤᠭ᠎ᠠ ᠲᠠᠢ ᠶᠠᠭᠤᠮ᠎ᠠ ᠦᠭᠡᠢ᠃ ᠭᠡᠪᠡᠴᠦ ᠣᠳᠣ ᠶ᠋ᠢ ᠲᠣᠭᠠᠯᠠᠬᠤ ᠶᠤᠮ ᠤᠤ ᠡᠰᠡᠪᠡᠯ ᠬᠣᠷᠢᠨ ᠨᠠᠢ᠍ᠮᠠᠨ ᠣᠳᠣᠨ ᠤ᠋ ᠨᠡᠷ᠎ᠡ ᠶ᠋ᠢ ᠲᠣᠭᠠᠴᠢᠨ᠂ ᠵᠠᠷᠢᠮ ᠢ ᠨᠢ ᠡᠷᠢᠨ ᠬᠠᠢᠵᠤ ᠶᠠᠪᠤᠪᠠᠯ ᠠᠷᠠᠢ ᠴᠤ᠌ ᠵᠤᠭ᠎ᠠ ᠲᠠᠢ ᠪᠣᠯᠬᠤ ᠶ᠋ᠢ ᠰᠠᠩᠵᠢ ᠮᠡᠳᠡᠵᠦ ᠵᠢᠷᠤᠬᠠᠢ ᠶᠢᠨ ᠪᠠᠭᠰᠢ ᠶ᠋ᠢᠨ ᠵᠢᠭᠠᠭᠰᠠᠨ ᠣᠳᠣᠳ ᠤ᠋ᠨ ᠨᠡᠷ᠎ᠡ ᠶ᠋ᠢ ᠠᠮᠠᠨ ᠤ᠋ ᠤᠩᠰᠢᠯᠭ᠎ᠠ ᠪᠣᠯᠭᠠᠵᠠᠢ᠃ ᠲᠡᠢᠨ ᠬᠦ᠌ ᠡᠳᠦᠷ ᠰᠥᠨᠢ ᠡᠭᠡᠯᠵᠢᠯᠡᠨ ᠰᠣᠯᠢᠭᠳᠠᠭᠰᠠᠭᠠᠷ ᠪᠠᠢᠪᠠᠴᠤ ᠭᠣᠷᠢᠶᠠᠨ ᠤ᠋ ᠲᠣᠭ᠎ᠠ ᠭᠦᠢᠴᠡᠬᠦ ᠶᠠᠭᠠᠬᠢᠭ᠎ᠠ ᠴᠤ᠌ ᠦᠭᠡᠢ᠃ ᠶᠠᠪᠠᠭᠠᠨ ᠶᠠᠪᠤᠬᠤ ᠶ᠋ᠢᠨ ᠭᠣᠷ ᠢ᠋ ᠳᠠᠭᠠᠭᠠᠬᠤ ᠦᠭᠡᠢ ᠭᠤᠲᠤᠯ ᠨᠢ ᠬᠥᠯ ᠡᠴᠡ ᠮᠤᠯᠲᠤᠷᠠᠵᠤ ᠤᠨᠠᠬᠤ ᠣᠢᠷᠠᠲᠤᠭᠰᠠᠭᠠᠷ ᠯᠠ ᠪᠠᠢᠯ᠎ᠠ᠃ ᠪᠡᠶ᠎ᠡ ᠶ᠋ᠢᠨ ᠲᠠᠮᠢᠷ ᠴᠤ᠌ ᠰᠤᠯᠠᠷᠠᠨ ᠳᠣᠷᠣᠢᠲᠠᠵᠤ ᠪᠠᠢᠪᠠ᠃ ᠨᠢᠭᠡ ᠤᠳᠤᠭ᠎ᠠ ᠰᠠᠩᠵᠢ ᠭᠡᠰᠦᠯ ᠭᠤᠷᠢᠶ᠎ᠠ ᠶ᠋ᠢᠨ ᠠᠯᠪᠠ ᠶ᠋ᠢ ᠣᠷᠬᠢᠵᠤ ᠭᠡᠷ ᠲᠦ᠍ ᠪᠡᠨ ᠬᠠᠷᠢᠬᠤ ᠰᠠᠨᠠᠭ᠎ᠠ ᠲᠠᠢ ᠠᠭᠤᠯᠠᠨ ᠠᠴᠠ ᠪᠠᠭᠤᠵᠤ ᠶᠠᠪᠤᠬᠤ ᠪᠠᠷ ᠰᠢᠢᠳᠪᠡ᠃ ᠬᠤᠪᠴᠠᠰᠤ ᠪᠠᠨ ᠰᠡᠯᠪᠢᠬᠦ᠂ ᠪᠠᠰᠠ ᠴᠤ᠌ ᠪᠠᠭᠠᠬᠠᠨ ᠬᠦᠨᠡᠰᠦ ᠨᠥᠭᠡᠴᠢᠯᠡᠨ ᠠᠪᠬᠤ ᠪᠠᠷ ᠲᠡᠷᠡ ᠳᠡᠯᠢᠮ ᠳ᠋ᠦ᠍ ᠳᠦᠷ ᠠᠮᠤᠰᠬᠢᠬᠦ ᠪᠡᠷ ᠰᠠᠨᠠᠭ᠎ᠠ ᠰᠢᠯᠤᠭᠤᠳᠠᠭᠰᠠᠨ ᠬᠡᠷᠡᠭ ᠶᠦᠮ᠃ ᠰᠠᠩᠵᠢ ᠲᠡᠷᠡ ᠪᠣᠳᠣᠯ ᠳ᠋ᠠᠭᠠᠨ ᠬᠥᠲᠥᠯᠦᠭᠳᠡᠨ ᠫᠠᠪᠤᠩ - ᠬᠠ ᠶ᠋ᠢᠨ ᠬᠢᠷ᠎ᠠ ᠤᠷᠤᠭᠤ ᠪᠠᠭᠤᠵᠤ ᠶᠠᠪᠤᠲᠠᠯ᠎ᠠ ᠣᠢᠷᠠᠯᠴᠠᠭ᠎ᠠ ᠪᠠᠢᠬᠤ ᠰᠸᠷᠠ ᠭᠡᠢᠳ ᠦ᠋ᠨ ᠪᠣᠷᠣᠴᠤᠤᠯ ᠤ᠋ᠨ ᠬᠠᠰᠢᠶᠠᠨ ᠠ᠋ᠴᠠ ᠬᠣᠶᠠᠷ ᠪᠠᠨᠳᠢ ᠭᠠᠷᠴᠤ ᠤᠭᠲᠤᠨ ᠢᠷᠡᠪᠡ᠃
- ᠴᠢ ᠬᠠᠮᠢᠭ᠎ᠠ ᠣᠴᠢᠬᠤ ᠨᠢ ᠪᠣᠢ? ᠭᠡᠵᠦ ᠨᠢᠭᠡ ᠨᠢ ᠲᠥᠪᠡᠳ ᠢ᠋ᠶ᠋ᠡᠷ ᠠᠰᠠᠭᠤᠯ᠎ᠠ᠃ ᠰᠠᠩᠵᠢ :
- ᠭᠡᠷ ᠲᠦ᠍ ᠪᠡᠨ ᠬᠠᠷᠢᠵᠤ ᠭᠤᠲᠤᠯ ᠢ᠋ᠶ᠋ᠠᠨ ᠰᠣᠯᠢᠭᠠᠳ ᠵᠢᠭᠠᠬᠠᠨ ᠬᠦᠨᠡᠰᠦ ᠰᠡᠯᠪᠢᠬᠦ ᠭᠡᠰᠡᠨ ᠶᠦᠮ ᠭᠡᠬᠦ ᠳᠦ ᠬᠣᠶᠠᠳᠡᠬᠢ ᠪᠠᠨᠳᠢ :
- ᠴᠢ ᠶᠠᠭᠠᠬᠢᠭᠠᠳ ᠪᠠᠭᠰᠢ ᠯᠠᠮᠠ ᠶ᠋ᠢᠨ ᠵᠢᠭᠠᠭᠰᠠᠨ ᠭᠣᠷᠢᠶᠠᠨ ᠤ᠋ ᠲᠣᠭ᠎ᠠ ᠶ᠋ᠢ ᠭᠦᠢᠴᠡᠭᠡ ᠦᠭᠡᠢ ᠪᠠᠢᠬᠤ ᠳ᠋ᠤ᠌ ᠪᠤᠴᠠᠭᠠᠳ ᠶᠠᠪᠤᠵᠤ ᠪᠠᠢᠨ᠎ᠠ! ᠣᠳᠣᠬᠠᠨ ᠡᠷᠭᠢᠵᠦ ᠭᠣᠷᠢᠶ᠎ᠠ ᠪᠡᠨ ᠦᠷᠭᠦᠯᠵᠢᠯᠡᠭᠦᠯ!ᠭᠡᠪᠡ᠃ ᠰᠠᠩᠵᠢ ᠦᠨᠡᠨ ᠢᠶᠡᠨ ᠤᠴᠢᠷᠯᠠᠨ:
- ᠮᠢᠨᠦ ᠭᠤᠲᠤᠯ ᠢ᠋ ᠬᠠᠷᠠᠭᠠᠴᠢ ᠳᠠ! ᠡᠢᠮᠦ ᠪᠣᠯᠴᠢᠬᠠᠭᠠᠳ ᠶᠠᠪᠤᠵᠤ ᠪᠣᠯᠬᠤ ᠦᠭᠡᠢ ᠪᠠᠢᠨ᠎ᠠ᠃ ᠲᠡᠭᠡᠭᠡᠳ ᠴᠤ᠌ ᠢᠳᠡᠬᠦ ᠶᠠᠭᠤᠮ᠎ᠠ ᠦᠭᠡᠢ ᠥᠯᠥᠰᠴᠤ ᠪᠠᠢᠨ᠎ᠠ ᠭᠡᠬᠦ ᠳ᠋ᠦ᠍:
- ᠲᠡᠷᠡ ᠶᠠᠭᠤ ᠴᠤ᠌ ᠪᠢᠰᠢ᠃ ᠬᠥᠯ ᠨᠢᠴᠦᠭᠦᠨ ᠴᠤ᠌᠂ ᠥᠯ ᠬᠣᠭᠣᠯᠠ ᠦᠭᠡᠢ ᠴᠤ᠌ ᠢᠯᠭᠠᠭ᠎ᠠ ᠦᠭᠡᠢ ᠭᠣᠷᠢᠶ᠎ᠠ ᠶ᠋ᠢ ᠲᠠᠰᠤᠯᠠᠬᠤ ᠦᠭᠡᠢ ᠶᠠᠪᠤᠵᠤ ᠳᠠᠭᠤᠰᠬᠠᠬᠤ ᠤᠴᠢᠷ ᠲᠠᠢ ᠭᠡᠵᠦ ᠨᠢᠭᠡ ᠪᠠᠨᠳᠢ ᠬᠡᠯᠡᠭᠰᠡᠨ ᠢ᠋ᠶ᠋ᠡᠨ ᠨᠥᠭᠦᠭᠡ ᠳ᠋ᠡᠭᠡᠨ ᠬᠠᠨᠳᠤᠵᠤ:
- ᠴᠢ ᠶᠠᠪᠤᠭᠠᠳ ᠮᠣᠳᠣᠨ ᠤᠯᠠ᠂ ᠬᠡᠳᠦᠨ ᠪᠠᠯᠢᠩ ᠠᠪᠤᠭᠠᠳ ᠢᠷ᠎ᠡ! ᠪᠢ ᠡᠭᠦᠨ ᠢ᠋ ᠬᠠᠷᠠᠵᠤ ᠪᠠᠢᠶ᠎ᠠ ᠭᠡᠪᠡ᠃ᠨᠥᠭᠦᠭᠡ ᠪᠠᠨᠳᠢ ᠰᠸᠷᠠ ᠭᠡᠢᠳ ᠦ᠋ᠨ ᠵᠦᠭ ᠡᠷᠭᠢᠨ ᠭᠦᠶᠦᠯ᠎ᠡ᠃ ᠰᠠᠩᠵᠢ ᠲᠡᠷᠡ ᠮᠥᠴᠡ ᠳ᠋ᠦ᠍ ᠠᠭᠤᠷ ᠣᠮᠤᠭ ᠨᠢ ᠬᠥᠳᠡᠯᠵᠦ 《ᠡᠨᠡ ᠮᠤᠤᠰᠠᠢᠨ ᠲᠥᠪᠡᠳ ᠦ᠋ᠳ ᠲᠦ᠍ ᠳᠡᠭᠡᠷᠡᠯᠬᠡᠭᠦᠯᠵᠦ ᠪᠠᠢᠬᠤ ᠶᠤᠮ ᠤᠤ》ᠭᠡᠵᠦ ᠪᠣᠳᠣᠭᠠᠳ ᠵᠠᠮ ᠬᠥᠨᠳᠡᠯᠢᠳᠦᠭᠰᠡᠨ ᠪᠠᠨᠳᠢ ᠶ᠋ᠢ ᠬᠠᠵᠠᠭᠤ ᠲᠡᠰᠢ ᠲᠦᠯᠬᠢᠭᠡᠳ ᠴᠠᠰᠢ ᠪᠠᠨ ᠶᠠᠪᠤᠯ᠎ᠠ᠃ ᠲᠡᠭᠡᠲᠡᠯ᠎ᠡ ᠨᠥᠭᠦᠭᠡ ᠪᠠᠨᠳᠢ ᠤᠬᠤᠰᠬᠢᠨ ᠪᠣᠰᠴᠤ ᠰᠠᠩᠵᠢ ᠶ᠋ᠢᠨ ᠠᠷᠤ ᠠ᠋ᠴᠠ ᠭᠦᠶᠦᠨ ᠢᠷᠡᠭᠡᠳ ᠨᠢᠳᠤᠷᠭᠠᠯᠠᠵᠤ ᠡᠬᠢᠯᠡᠪᠡ᠃ ᠰᠠᠩᠵᠢ ᠲᠡᠭᠦᠨ ᠲᠡᠢ ᠠᠨ᠎ᠠ ᠮᠠᠨ᠎ᠠ ᠦᠵᠡᠯᠴᠡᠵᠦ ᠪᠠᠢᠲᠠᠯ᠎ᠠ ᠬᠣᠶᠠᠳᠠᠬᠢ ᠪᠠᠨᠳᠢ ᠡᠷᠭᠢᠨ ᠢᠷᠡᠵᠦ ᠡᠪᠡᠷᠰᠢᠵᠦ ᠬᠠᠲᠠᠭᠤᠷᠠᠭᠰᠠᠨ ᠭᠠᠷ ᠢ᠋ᠶ᠋ᠠᠷ ᠢ᠋ᠶ᠋ᠠᠨ ᠰᠠᠩᠵᠢ ᠶ᠋ᠢᠨ ᠡᠯᠢᠭᠡᠨ ᠳ᠋ᠦ᠍ ᠬᠣᠶᠠᠷ ᠭᠤᠷᠪᠠ ᠬᠦᠴᠦᠲᠡᠢ ᠪᠠᠭᠤᠯᠭᠠᠵᠤ ᠮᠠᠭᠤᠵᠢᠷᠠᠭᠤᠯᠪᠠ᠃ ᠨᠢᠭᠡ ᠮᠡᠳᠡᠬᠦ ᠳ᠋ᠦ᠍ ᠨᠥᠭᠦᠭᠡ ᠬᠣᠶᠠᠷ ᠲᠡᠭᠦᠨ ᠤ ᠬᠦᠯ ᠭᠠᠷ ᠢ᠋ ᠬᠦᠯᠢᠵᠦ ᠪᠠᠢᠯ᠎ᠠ᠃ ᠨᠢᠳᠤᠷᠭᠠᠨ ᠵᠣᠳᠣᠭᠠᠨ ᠤ᠋ ᠰᠤᠷᠭᠠᠭᠤᠯᠢ ᠬᠢᠵᠥ ᠥᠷᠯᠦᠭᠡ ᠪᠣᠯᠭᠠᠨ ᠭᠠᠷ ᠤ᠋ᠨ ᠢᠷᠮᠡᠭ ᠢ᠋ᠶ᠋ᠡᠷ ᠲᠦᠢᠫᠦ ᠨᠦᠳᠦᠭᠰᠡᠭᠡᠷ ᠪᠠᠢᠭᠠᠳ ᠡᠪᠡᠷᠰᠢᠵᠦ ᠬᠠᠲᠠᠭᠤᠷᠠᠭᠰᠠᠨ ᠰᠠᠷᠪᠠᠭᠣ᠌ ᠪᠠᠷ ᠢ᠋ᠶ᠋ᠠᠨ ᠲᠡᠷᠡ ᠪᠠᠨᠳᠢ ᠰᠠᠩᠵᠢ ᠭᠡᠰᠦᠯ ᠦ᠋ᠨ ᠡᠭᠡᠮ ᠢ᠋ ᠵᠣᠯ ᠲᠠᠢ ᠯᠠ ᠬᠤᠭᠤᠯᠴᠢᠬᠠᠭᠰᠠᠨ ᠦᠭᠡᠢ᠃ ᠬᠡᠷᠴᠡᠭᠡᠢ ᠪᠠᠯᠠᠮᠠᠳ ᠤ᠋ᠨ ᠰᠤᠷᠭᠠᠭᠤᠯᠢ ᠲᠠᠢ ᠠᠵᠢ᠃
ᠤᠳᠠᠯ ᠦᠭᠡᠢ ᠬᠣᠶᠠᠷ ᠪᠠᠨᠳᠢ ᠰᠸᠷᠠ ᠭᠡᠢᠳ ᠦ᠋ᠨ ᠪᠣᠷᠣᠴᠤᠤᠯ ᠤ᠋ᠨ ᠬᠠᠰᠢᠶᠠᠨ ᠤ᠋ ᠲᠡᠨᠳᠡ ᠡᠴᠡ ᠬᠡᠳᠦᠨ ᠪᠠᠯᠢᠩ᠂ ᠨᠢᠭᠡᠨ ᠬᠣᠣᠰ ᠮᠣᠳᠣᠨ ᠤᠯᠠᠪᠴᠢ ᠠᠪᠴᠢᠷᠠᠵᠤ ᠰᠠᠩᠵᠢ ᠶ᠋ᠢᠨ ᠬᠠᠭᠤᠴᠢᠨ ᠭᠤᠲᠤᠯ ᠢ ᠲᠠᠢᠯᠵᠤ ᠬᠠᠶᠠᠭᠠᠳ ᠬᠥᠯ ᠳ᠋ᠦ᠍ ᠨᠢ ᠮᠣᠳᠣᠨ ᠤᠯᠠᠪᠴᠢ ᠶ᠋ᠢ ᠰᠢᠳᠡᠮᠡᠰᠦ ᠪᠡᠷ ᠶᠠᠩᠭᠢᠨᠠᠲᠠᠯ᠎ᠠ ᠬᠦᠯᠢᠨ ᠪᠥᠬᠡᠯᠡᠵᠦ᠂ ᠬᠠᠪᠴᠢᠭ ᠡᠭᠦᠷᠭᠡᠨ ᠳᠣᠲᠣᠷ᠎ᠠ ᠨᠢ ᠬᠠᠲᠠᠭᠰᠠᠨ ᠬᠡᠳᠦᠨ ᠪᠠᠯᠢᠩ ᠢᠶᠠᠨ ᠬᠠᠭᠤᠴᠢᠨ ᠭᠤᠲᠤᠯ ᠲᠠᠢ ᠨᠢ ᠬᠠᠮᠲᠤ ᠬᠢᠵᠦ ᠥᠭᠭᠦᠭᠡᠳ ᠬᠦᠯᠢᠭ ᠢ᠋ ᠨᠢ ᠲᠠᠢᠯᠦᠨ ᠠᠪᠤᠮᠠᠭᠴᠠ :
- ᠪᠣᠰ! ᠶᠠᠪᠤ! ᠭᠣᠷᠢᠶ᠎ᠠ ᠪᠡᠨ ᠦᠷᠭᠦᠯᠵᠢᠯᠡᠭᠦᠯ᠃ ᠳᠠᠬᠢᠨ ᠤᠷᠭᠤᠬᠤ ᠭᠡᠪᠡᠯ ᠮᠠᠭᠤ ᠶᠠᠭᠤᠮ᠎ᠠ ᠪᠣᠯᠣᠨ᠎ᠠ ᠰᠢᠤ᠃ ᠪᠢᠳᠡ ᠴᠢᠮ᠎ᠠ ᠰᠢᠭ᠋ ᠶᠠᠭᠤᠮ᠎ᠠ ᠶ᠋ᠢ ᠪᠠᠯᠢᠩ ᠪᠣᠯᠭᠠᠵᠤ ᠣᠷᠬᠢᠨ᠎ᠠ᠃ ᠴᠢ ᠪᠢᠳᠡᠨ ᠦ᠌ ᠬᠠᠷᠠᠭᠠᠨ ᠠᠴᠠ ᠬᠠᠮᠢᠭᠠᠰᠢ ᠪᠠᠨ ᠴᠤ᠌ ᠮᠤᠯᠲᠤᠷᠠᠬᠤ ᠦᠭᠡᠢ ᠭᠡᠵᠦ ᠲᠡᠷᠡ ᠬᠣᠶᠠᠷ ᠪᠠᠨᠳᠢ ᠵᠠᠨᠤᠯᠬᠢᠯᠠᠯᠠ᠃
ᠰᠠᠩᠵᠢ ᠠᠷᠭ᠎ᠠ ᠪᠤᠶᠤ ᠭᠦᠴᠦᠨ ᠳ᠋ᠦ᠍ ᠠᠪᠲᠠᠭᠳᠠᠵᠤ ᠲᠡᠳᠡᠨ ᠦ᠌ ᠦᠭᠡ ᠶ᠋ᠢ ᠳᠠᠭᠠᠬᠤ ᠠ᠋ᠴᠠ ᠥᠭᠡᠷ᠎ᠡ ᠵᠠᠮ ᠦᠭᠡᠢ ᠲᠤᠯᠠ ᠪᠣᠰᠴᠤ ᠫᠠᠪᠤᠩ - ᠬᠠ ᠥᠭᠡᠳᠡ ᠮᠠᠴᠤᠵᠤ ᠡᠬᠢᠯᠡᠪᠡ᠃ ᠠᠷᠤ ᠲᠠᠯ᠎ᠠ ᠳ᠋ᠤ᠌ ᠨᠢ ᠬᠣᠶᠠᠷ ᠪᠠᠨᠳᠢ ᠶᠢᠨ ᠳᠣᠭᠣᠭᠢ ᠲᠠᠢ ᠢᠨᠢᠶᠡᠳᠦ ᠰᠣᠨᠣᠰᠤᠭᠳᠠᠭᠰᠠᠨ ᠳ᠋ᠤ᠌ ᠰᠠᠩᠵᠢ ᠶ᠋ᠢᠨ ᠠᠭᠤᠷ ᠨᠢ ᠲᠠᠪᠠᠷᠠᠨ ᠣᠪᠣᠯᠵᠠᠭᠰᠠᠨ ᠪᠣᠯᠪᠠᠴᠤ ᠳᠠᠬᠢᠨ ᠲᠡᠳᠡᠨ ᠲᠡᠢ ᠦᠵᠡᠯᠴᠡᠬᠦ ᠵᠢᠷᠦᠬᠡ ᠬᠦᠷᠦᠭᠰᠡᠨ ᠦᠭᠡᠢ᠃《ᠮᠠᠭᠤᠬᠠᠢ ᠰᠠᠨᠠᠭ᠎ᠠ ᠲᠠᠢ ᠤᠯᠤᠰ ᠶᠤᠮ ᠳᠠ᠃ ᠨᠠᠮᠠᠶ᠋ᠢ ᠡᠨᠡ ᠬᠣᠶᠠᠷ ᠪᠠᠨᠳᠢ ᠪᠠᠷ ᠠᠯᠤᠰ ᠠ᠋ᠴᠠ ᠬᠠᠷᠠᠭᠠᠯᠵᠠᠭᠤᠯᠵᠤ ᠪᠠᠶᠢᠭ᠎ᠠ ᠶᠤᠮ ᠭᠡᠵᠦ ᠮᠡᠳᠡᠭᠰᠡᠨ ᠦᠭᠡᠢ᠃ ᠲᠡᠢᠮᠦ ᠮᠠᠭᠤ ᠶᠠᠭᠤᠮ᠎ᠠ ᠰᠠᠨᠠᠭᠰᠠᠨ ᠴᠤ᠌ ᠦᠭᠡᠢ》 ᠭᠡᠵᠦ ᠰᠠᠩᠵᠢ ᠭᠡᠰᠦᠯ ᠭᠤᠮᠤᠳᠠᠯᠲᠠᠢᠶᠠ ᠪᠣᠳᠣᠵᠤ ᠶᠠᠪᠤᠯ᠎ᠠ᠃ ᠲᠥᠪᠡᠳ ᠦ᠋ᠳ ᠦ᠋ᠨ ᠮᠠᠭᠤ ᠰᠠᠨᠠᠭ᠎ᠠ ᠭᠦᠨᠵᠡᠭᠡᠢ ᠠᠵᠢ᠃
ᠠᠯᠤᠰ ᠲᠤ᠌ ᠰᠸᠷᠠ ᠲᠡᠭᠴᠢᠯᠡᠩ ᠪᠤᠶᠤ ᠶᠡᠬᠡ ᠮᠠᠾᠠᠶᠠᠨ ᠤ ᠣᠷᠣᠨ ᠭᠡᠳᠡᠭ ᠠᠯᠳᠠᠷᠲᠤ ᠭᠡᠢᠳ ᠦᠨ ᠴᠡᠩᠬᠡᠷᠲᠡᠨ᠂ ᠫᠠᠯᠠᠩᠳᠠᠭᠰᠠᠨ ᠣᠷᠣᠢ ᠭᠢᠯᠠᠯᠵᠠᠨ ᠬᠠᠷᠠᠭᠳᠠᠵᠤ ᠪᠠᠢᠯ᠎ᠠ᠃ ᠠᠷᠤ ᠲᠠᠯ᠎ᠠ ᠳ᠋ᠤ᠌ᠨᠢ ᠲᠦᠪᠡᠳ ᠪᠠᠨᠳᠢ ᠨᠠᠷ ᠤ᠋ᠨ ᠳᠣᠭᠣᠬᠢ ᠲᠠᠢ ᠢᠨᠢᠶᠡᠳᠦ ᠵᠠᠮᠬᠠᠷᠠᠵᠤ:
- ᠶᠡᠬᠡ ᠵᠠᠩ ᠭᠠᠷᠭᠠᠭᠠᠳ ᠪᠠᠢᠪᠠᠯ ᠲᠢᠭ᠍ᠪᠠᠷᠠᠨᠵᠠ ᠳ᠋ᠤ᠌ ᠵᠣᠭᠣᠭ ᠪᠠᠷᠢᠨ᠎ᠠ ᠰᠢᠦ! ᠭᠡᠵᠦ ᠬᠠᠰᠬᠢᠷᠤᠯᠳᠤᠬᠤ ᠨᠢ ᠰᠣᠨᠣᠰᠳᠠᠪᠠ᠃ ᠲᠢᠭ᠍ᠪᠠᠷᠠᠨᠵᠠ ᠭᠡᠬᠦ ᠶ᠋ᠢ ᠰᠣᠨᠣᠰᠤᠭᠠᠳ ᠰᠠᠩᠵᠢ ᠶ᠋ᠢᠨ ᠳᠣᠲᠣᠷ ᠠᠷᠵᠠᠰᠬᠢᠯᠡ᠃ ᠰᠸᠷᠠ ᠭᠡᠢᠳ ᠦ᠋ᠨ ᠣᠷᠴᠢᠨ ᠳ᠋ᠤ᠌ ᠲᠢᠭ᠍ᠪᠠᠷᠠᠨᠵᠠ ᠬᠣᠷᠣᠬᠠᠢ ᠡᠯᠪᠡᠭ ᠲᠡᠷᠡ ᠨᠢ ᠬᠦᠮᠦᠨ ᠦ᠌ ᠪᠡᠶ᠎ᠡ ᠡᠴᠡ ᠬᠠᠵᠠᠪᠠᠯ ᠲᠡᠰᠪᠦᠷᠢᠯᠡᠬᠦ ᠳ᠋ᠦ᠍ ᠪᠡᠷᠬᠡ ᠡᠪᠡᠳᠬᠡᠳᠡᠭ᠃ ᠭᠦᠨᠵᠢᠳ ᠦ᠋ᠨ ᠳᠤᠰᠤ ᠭᠣᠭᠣᠵᠢᠭᠤᠯᠬᠤ ᠠ᠋ᠴᠠ ᠨᠠᠰᠢ ᠬᠠᠳᠬᠤᠭᠤᠷ ᠨᠢ ᠪᠡᠶ᠎ᠠ ᠡᠴᠡ ᠰᠠᠯᠳᠠᠭ ᠦᠭᠡᠢ᠃ ᠲᠡᠷᠡ ᠬᠣᠷᠣᠬᠠᠢ ᠡᠴᠡ ᠰᠠᠩᠵᠢ ᠶᠡᠬᠡ ᠠᠶᠤᠳᠠᠭ ᠪᠠᠢᠯ᠎ᠠ᠃ ᠬᠦᠨᠵᠢᠳ ᠦ᠋ᠨ ᠲᠣᠰᠣᠨ ᠳ᠋ᠤ᠌ ᠲᠡᠭᠦᠨ ᠦ᠌ ᠬᠠᠳᠬᠤᠭᠤᠷ ᠬᠥᠮᠦᠨ ᠦ ᠪᠡᠶ᠎ᠡ ᠡᠴᠡ ᠠᠶᠠᠨᠳᠠᠭᠠᠨ ᠰᠠᠯᠤᠨ᠎ᠠ᠃ ᠡᠰᠡ ᠲᠡᠭᠡᠪᠡᠯ ᠠᠢᠬᠤᠪᠲᠤᠷ ᠰᠢᠨᠠᠯᠭᠠᠨ ᠤ᠋ ᠡᠭᠦᠷ ᠪᠣᠯᠳᠠᠭ ᠪᠠᠢᠯ᠎ᠠ᠃ ᠲᠡᠭᠦᠨ ᠦ᠌ ᠠᠭᠤᠷ ᠢ᠋ ᠬᠦᠷᠭᠡᠵᠦ ᠪᠡᠶ᠎ᠡ ᠪᠡᠶ᠎ᠡ ᠶ᠋ᠢᠨ ᠢ᠋ᠶ᠋ᠡᠨ ᠨᠢᠴᠦᠭᠦᠨ ᠮᠢᠬᠠᠨ ᠳ᠋ᠤ᠌ ᠲᠠᠯᠪᠢᠵᠤ ᠬᠠᠳᠬᠤᠭᠤᠯᠳᠠᠭ ᠠᠶᠠᠭᠦᠢ ᠮᠠᠭᠤᠬᠠᠢ ᠱᠣᠭᠯᠠᠭᠠᠮ ᠢ᠋ ᠰᠸᠷᠠ ᠳ᠋ᠠᠴᠠᠩ ᠤ᠋ᠨ ᠪᠠᠨᠳᠢ ᠨᠠᠷ ᠬᠡᠷᠡᠭᠯᠡᠳᠡᠭ ᠪᠠᠢᠵᠠᠢ᠃ ᠰᠠᠩᠵᠢ ᠡᠢᠨ ᠬᠦ᠌ ᠫᠠᠪᠤᠩ - ᠬᠠ ᠶ᠋ᠢ ᠭᠤᠷᠪᠠᠨ ᠮᠢᠩᠭ᠎ᠠ ᠭᠤᠷᠪᠠᠨ ᠵᠠᠭᠤ ᠲᠣᠭᠣᠷᠢᠬᠤ ᠠ᠋ᠴᠠ ᠥᠭᠡᠷ᠎ᠡ ᠵᠠᠮ ᠦᠭᠡᠢ ᠪᠣᠯᠤᠭᠰᠠᠨ ᠢᠶᠠᠨ ᠪᠦᠷᠢᠨ ᠤᠬᠠᠭᠠᠷᠠᠵᠠᠢ᠃
《ᠡᠬᠡ ᠪᠣᠯᠤᠭᠰᠠᠨ ᠵᠢᠷᠭᠤᠭᠠᠨ ᠵᠦᠢᠯ᠂ ᠬᠠᠮᠤᠭ ᠠᠮᠢᠲᠠᠨ ᠤ᠋ ᠲᠤᠰᠠ ᠶ᠋ᠢᠨ ᠲᠤᠯᠠᠳᠠ ᠲᠠᠰᠤᠷᠠᠯᠲᠠ ᠦᠭᠡᠢ ᠪᠤᠶᠠᠨ ᠦᠢᠯᠡᠳ᠃ ᠠᠯᠢᠪᠠ ᠬᠢᠵᠢᠭ᠌ ᠢᠯᠠᠭ᠎ᠠ᠂ ᠰᠢᠮᠠᠭᠤᠯ ᠲᠡᠷᠢᠭᠦᠲᠡᠨ ᠰᠠᠨᠠᠮᠰᠠᠷ ᠦᠭᠡᠢ ᠲᠣᠬᠢᠶᠠᠯᠳᠤᠯ ᠢ᠋ᠶ᠋ᠠᠷ ᠠᠮᠠ ᠤᠷᠤᠭᠤ ᠴᠢᠨᠢ ᠣᠷᠣᠵᠤ ᠠᠮᠢ ᠨᠠᠰᠤ ᠨᠢ ᠶᠡᠭᠦᠳᠬᠡᠭᠳᠡᠬᠦ ᠦᠭᠡᠢ ᠶ᠋ᠢᠨ ᠲᠤᠯᠠᠳᠠ ᠠᠮᠠᠨ ᠤ ᠬᠠᠭᠠᠯᠲᠠ ᠵᠡᠭᠦᠵᠦ ᠶᠠᠪᠤᠭᠲᠤᠨ!》 ᠭᠡᠵᠦ ᠭᠣᠮᠠᠨ ᠳ᠋ᠠᠴᠠᠩ ᠳ᠋ᠤ᠌ ᠡᠳᠦᠷ ᠪᠦᠷᠢ ᠯᠡ ᠰᠤᠷᠭᠠᠨ ᠨᠣᠮᠯᠠᠳᠠᠭ ᠢ᠋ ᠰᠠᠩᠵᠢ ᠭᠡᠰᠦᠯ ᠡᠨᠡ ᠮᠥᠴᠡ ᠳ᠋ᠦ᠍ ᠡᠷᠭᠢᠨ ᠰᠠᠨᠠᠪᠠ᠃《ᠲᠢᠭ᠍ᠪᠠᠷᠠᠨᠵᠠ ᠪᠠᠷ ᠨᠠᠮᠠᠶ᠋ᠢ ᠬᠠᠳᠬᠤᠭᠤᠯᠤᠨᠠ ᠭᠡᠨ᠎ᠡ ᠡ? ᠲᠡᠷᠡ ᠴᠢᠨᠢ ᠶᠠᠭᠤ ᠭᠡᠰᠡᠨ ᠦᠭᠡ ᠪᠣᠢ ᠭᠡᠪᠡᠯ ᠪᠠᠰᠠ ᠯᠠ ᠨᠢᠭᠦᠯ ᠪᠣᠯᠬᠤ ᠦᠢᠯᠡ ᠮᠥᠨ᠃ ᠢᠯᠠᠭ᠎ᠠ ᠰᠢᠮᠠᠭᠤᠯ ᠢ᠋ ᠵᠠᠯᠭᠢᠬᠤ ᠠ᠋ᠴᠠ ᠠᠶᠤᠳᠠᠭ ᠪᠣᠯ ᠶᠠᠭᠠᠬᠢᠭᠠᠳ ᠪᠤᠷᠬᠠᠨ ᠤ᠋ ᠱᠠᠪᠢ ᠬᠤᠸᠠᠷᠠᠭ ᠬᠥᠮᠦᠨ ᠢ ᠲᠢᠭ᠍ᠪᠠᠷᠠᠨᠵᠠ ᠪᠠᠷ ᠬᠠᠳᠬᠤᠭᠤᠯᠬᠤ ᠨᠢ ᠨᠢᠭᠦᠯ ᠪᠢᠰᠢ ᠪᠠᠢᠳᠠᠭ ᠪᠢᠯᠡ? ᠡᠨᠡ ᠪᠠᠨᠳᠢ ᠨᠠᠷ ᠢ ᠬᠠᠷᠠᠬᠤ ᠳ᠋ᠤ᠌ ᠶᠠᠭᠠᠬᠢᠪᠠᠴᠤ ᠣᠪᠠᠰᠢ ᠶ᠋ᠢᠨ ᠪᠣᠯᠤᠨ ᠪᠠᠨᠳᠢ ᠶ᠋ᠢᠨ ᠰᠠᠬᠢᠯ ᠬᠦᠷᠲᠡᠭᠰᠡᠨ ᠲᠡᠢᠮᠦ ᠯᠡ ᠨᠠᠰᠤᠨ ᠤ᠋ ᠤᠯᠤᠰ ᠪᠠᠢᠨ᠎ᠠ᠃ ᠭᠡᠲᠡᠯ᠎ᠡ ᠡᠢᠮᠦ ᠨᠢᠭᠦᠯᠲᠦ ᠶᠠᠭᠤᠮ᠎ᠠ ᠬᠢᠬᠦ ᠪᠡᠷ ᠰᠠᠨᠠᠵᠤ ᠪᠣᠳᠣᠵᠤ ᠪᠠᠢᠳᠠᠭ ᠨᠢ ᠶᠠᠭᠤᠨ ᠤᠴᠢᠷ ᠪᠤᠢ? ᠪᠠᠭᠰᠢ ᠯᠠᠮᠠ ᠳ᠋ᠤ᠌ ᠡᠨᠡ ᠲᠤᠬᠠᠢ ᠬᠡᠯᠡᠪᠡᠯ ᠲᠡᠳᠡᠨ ᠢ᠋ ᠣᠭᠲᠣᠬᠠᠨ ᠴᠤ᠌ ᠵᠦᠭᠡᠷ ᠥᠩᠭᠡᠷᠡᠭᠡᠬᠦ ᠦᠭᠡᠢ ᠨᠢ ᠯᠠᠪ》 ᠭᠡᠵᠦ ᠰᠠᠩᠵᠢ ᠭᠡᠰᠦᠯ ᠪᠣᠳᠣᠵᠠᠢ᠃ ᠲᠠᠪᠤᠨ ᠵᠠᠪᠰᠠᠷ ᠦᠭᠡᠢ ᠨᠢᠭᠦᠯ᠂ ᠰᠢᠳᠠᠷ ᠲᠠᠪᠤᠨ ᠨᠢᠭᠦᠯ᠂ ᠠᠷᠪᠠᠨ ᠬᠠᠷ᠎ᠠ ᠨᠢᠭᠦᠯ ᠭᠡᠵᠦ ᠭᠤᠷᠪᠠ ᠬᠤᠪᠢᠶᠠᠵᠤ ᠪᠠᠭᠰᠢ ᠯᠠᠮᠠ ᠶ᠋ᠢᠨ ᠵᠢᠭᠠᠭᠰᠠᠨ ᠨᠢᠭᠦᠯ ᠦ᠋ᠳ ᠢ᠋ ᠰᠠᠩᠵᠢ ᠭᠡᠰᠦᠯ ᠳᠡᠰ ᠳᠠᠷᠠᠭᠠᠯᠠᠨ ᠲᠣᠭᠠᠴᠢᠵᠤ ᠦᠵᠡᠪᠡ᠃《ᠬᠡᠷᠪᠡ ᠨᠠᠮᠠᠶ᠋ᠢ ᠲᠢᠭ᠍ᠪᠠᠷᠠᠨᠵᠠ ᠪᠠᠷ ᠬᠠᠳᠬᠤᠭᠤᠯᠬᠤ ᠶᠤᠮ ᠪᠣᠯ ᠰᠢᠳᠠᠷ ᠲᠠᠪᠤᠨ ᠨᠢᠭᠦᠯ ᠦ᠋ᠨ ᠭᠤᠷᠪᠠᠳᠤᠭᠠᠷ ᠢ ᠦᠢᠯᠡᠳᠴᠦ ᠪᠠᠢᠭ᠎ᠠ ᠬᠡᠷᠡᠭ᠃ ᠬᠡᠷᠪᠡ ᠳᠤᠰᠤ ᠠᠰᠬᠠᠵᠤ ᠲᠢᠭ᠍ᠪᠠᠷᠠᠨᠵᠠ ᠶ᠋ᠢ ᠦᠬᠦᠭᠦᠯᠪᠡᠯ ᠠᠷᠪᠠᠨ ᠬᠠᠷ᠎ᠠ ᠨᠢᠭᠦᠯ ᠦ᠋ᠨ ᠭᠤᠷᠪᠠᠳᠤᠭᠠᠷ ᠢ᠋ ᠦᠢᠯᠡᠳᠴᠦ ᠪᠠᠢᠭ᠎ᠠ ᠬᠡᠷᠡᠭ᠃ ᠲᠡᠭᠡᠬᠦᠯᠡᠷ ᠡᠨᠡ ᠬᠣᠶᠠᠷ ᠪᠠᠨᠳᠢ ᠠᠯᠢ ᠴᠤ᠌ ᠦᠢᠯᠡᠳᠦᠯ ᠢ᠋ᠶ᠋ᠡᠷ ᠢ᠋ᠶ᠋ᠡᠨ ᠨᠢᠭᠦᠯ ᠠᠯᠳᠠᠰ ᠬᠢᠬᠦ ᠳ᠋ᠦ᠍ ᠰᠡᠢᠬᠦ ᠦᠭᠡᠢ ᠤᠯᠤᠰ ᠪᠠᠢᠨ᠎ᠠ᠃ ᠡᠳᠡᠨ ᠤ ᠯᠡᠮᠡ ᠪᠠᠭᠰᠢ ᠨᠢ ᠶᠠᠮᠠᠷ ᠬᠥᠮᠦᠨ ᠪᠠᠢᠳᠠᠭ ᠪᠣᠯ?》 ᠭᠡᠵᠦ ᠰᠠᠩᠵᠢ ᠭᠡᠰᠦᠯ ᠪᠣᠳᠣᠵᠤ ᠶᠠᠪᠤᠭᠰᠠᠭᠠᠷ ᠭᠣᠷᠢᠶᠠᠨ ᠤ᠋ ᠪᠠᠨ ᠵᠠᠮ ᠳ᠋ᠤ᠌ ᠣᠷᠣᠪᠠ᠃ ᠫᠠᠪᠤᠩ - ᠬᠠ ᠶ᠋ᠢ ᠲᠣᠭᠣᠷᠢᠭᠰᠠᠨ ᠮᠥᠷᠭᠥᠯᠴᠢᠳ ᠦᠭᠡ ᠳᠠᠭᠤ ᠦᠭᠡᠢ ᠴᠤᠪᠤᠷᠠᠨ ᠶᠠᠪᠤᠵᠠᠭᠠᠵᠤ᠂ ᠶᠣᠰᠣᠲᠠᠢ ᠯᠠ ᠮᠠᠭᠤ ᠳᠠᠭᠤᠲᠤ ᠲᠢᠪ ᠭᠡᠭᠴᠢ ᠳ᠋ᠦ᠍ ᠣᠴᠢᠴᠢᠬᠠᠭᠰᠠᠨ ᠶᠤᠮ ᠰᠢᠭ᠋ ᠣᠢᠳᠬᠠᠷ ᠭᠤᠨᠢᠭ ᠲᠠᠢ ᠰᠠᠨᠠᠭᠳᠠᠯ᠎ᠠ᠃
ᠲᠥᠪᠡᠳ ᠭᠠᠵᠠᠷ ᠽᠤᠩᠺᠠᠸ᠎ᠠ ᠶ᠋ᠢᠨ ᠰᠤᠷᠭᠠᠯ ᠳᠡᠯᠭᠡᠷᠡᠵᠦ ᠣᠯᠠᠨ ᠵᠠᠭᠤᠨ ᠵᠢᠯ ᠢ᠋ ᠡᠯᠡᠭᠡᠵᠦ᠂ ᠭᠣᠷᠪᠠᠨ ᠡᠷ᠎ᠡ ᠬᠥᠮᠦᠨ ᠦ᠌ ᠪᠠᠷᠤᠭ ᠬᠣᠶᠠᠷ ᠨᠢ ᠰᠦᠮ᠎ᠡ ᠳ᠋ᠦ᠍ ᠱᠠᠪᠢᠯᠠᠨ ᠰᠠᠭᠤᠭᠰᠠᠭᠠᠷ ᠡᠬᠡ ᠪᠣᠯᠤᠭᠰᠠᠨ ᠵᠢᠷᠭᠤᠭᠠᠨ ᠵᠦᠢᠯ ᠠᠮᠢᠲᠠᠨ ᠤ᠋ ᠲᠤᠰᠠ ᠶ᠋ᠢᠨ ᠲᠤᠯᠠᠳᠠ ᠨᠢᠭᠦᠯᠡᠰᠭᠦᠢ ᠦᠢᠯᠡᠰ ᠪᠦᠲᠦᠭᠡᠬᠦ ᠶ᠋ᠢ ᠡᠳᠦᠷ ᠰᠥᠨᠢ ᠦᠭᠡᠢ ᠨᠣᠮᠯᠠᠭᠰᠠᠭᠠᠷ ᠪᠠᠢᠪᠠᠴᠤ ᠬᠥᠮᠦᠰ ᠨᠣᠮ ᠤ᠋ᠨ ᠶᠣᠰᠣᠭᠠᠷ ᠪᠣᠯᠤᠭᠰᠠᠨ ᠦᠭᠡᠢ᠃ ᠳᠡᠭᠡᠷᠡᠮ ᠲᠣᠨᠣᠭᠤᠯ᠂ ᠠᠯᠠᠯᠭ᠎ᠠ᠂ ᠶᠡᠭᠦᠳᠬᠡᠯ ᠤᠯᠠᠮ ᠭᠠᠭᠠᠷᠠᠵᠤ᠂ ᠮᠠᠭᠤ ᠮᠠᠭᠤᠬᠠᠢ ᠪᠣᠯᠭᠠᠨ ᠪᠠᠢᠭ᠍ᠰᠠᠭᠠᠷ ᠠᠵᠢ᠃ ᠡᠭᠦᠨ ᠢ ᠡᠷᠭᠢᠴᠡᠭᠦᠯᠦᠨ ᠪᠣᠳᠣᠬᠤ ᠳ᠋ᠤ᠌ ᠰᠠᠩᠵᠢ ᠭᠡᠰᠦᠯ ᠳ᠋ᠦ᠍ ᠬᠠᠴᠢᠨ ᠰᠠᠨᠠᠭᠳᠠᠪᠠ᠃ ᠽᠤᠩᠺᠠᠸ᠎ᠠ ᠶ᠋ᠢᠨ ᠨᠣᠮᠯᠠᠯ ᠰᠠᠢᠬᠠᠨ ᠬᠦᠷᠲᠡᠭᠰᠡᠨ ᠭᠡᠬᠦ ᠳ᠋ᠦ᠍ ᠮᠣᠩᠭᠣᠯᠴᠤᠳ ᠢᠯᠡᠭᠦᠦ ᠳᠤᠭᠤᠯᠭᠠᠪᠤᠷᠢ ᠲᠠᠢ ᠰᠦᠰᠦᠭᠯᠡᠮᠡᠲᠡᠭᠡᠢ ᠶᠤᠮᠰᠢᠭ ᠪᠣᠳᠣᠭᠳᠠᠵᠠᠢ᠃
