ᠮᠣᠷᠢ- ᠴᠢᠩ᠊· ᠬᠦᠰᠡᠯᠡᠩМорь-чин· хүслэн ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠷᠢ- ᠴᠢᠩ᠊· ᠬᠦᠰᠡᠯᠡᠩМорь-чин· хүслэн

ᠮᠣᠷᠢ- ᠴᠢᠩ᠊· ᠬᠦᠰᠡᠯᠡᠩМорь-чин· хүслэн

ᠠᠩᠭᠢᠯᠠᠯ:ᠳᠠᠭᠤᠤ ᠬᠥᠭᠵᠢᠮ
2023-10-18

366

ᠮᠣᠷᠢ

   ᠰᠢᠯᠦᠭ᠄ ᠪᠡ᠊ · ᠥᠯᠵᠡᠢᠨᠠᠷᠠᠨ 
   ᠠᠶᠠᠯᠭᠤ᠄ ᠴᠢᠩ᠊ · ᠬᠦᠰᠡᠯᠡᠩ 
   ᠳᠠᠭᠤᠴᠢᠨ᠄ ᠴᠢᠩ᠊· ᠬᠦᠰᠡᠯᠡᠩ 
ᠳᠠᠪᠬᠢᠭᠠᠨ ᠳ᠋ᠤ᠌ ᠨᠢ ᠰᠠᠯᠬᠢ ᠬᠣᠴᠣᠷᠳᠠᠭ 
ᠣᠷᠣᠭ᠎ᠠ ᠬᠤᠯᠠᠨ ᠤ᠋ ᠤᠳᠤᠮ ᠲᠠᠢ 
ᠲᠡᠷᠭᠡᠬᠡᠨ ᠳ᠋ᠦ᠍ ᠨᠢ ᠳᠠᠭᠤᠤ ᠬᠦᠭᠯᠡᠭᠳᠡᠳᠡᠭ 
ᠤᠶᠠᠩᠭ᠎ᠠ ᠰᠡᠳᠬᠢᠯ ᠦ᠋ᠨ ᠠᠢᠵᠠᠮ ᠲᠠᠢ 
ᠦᠶᠡᠷᠯᠡᠵᠦ ᠢᠷᠡᠬᠦ ᠠᠳᠤᠭᠤᠳ 
ᠬᠥᠬᠡ ᠮᠣᠩᠭᠣᠯ ᠤ᠋ᠨ ᠬᠦᠯᠦᠭ 
ᠦᠷ ᠢ᠋ᠶ᠋ᠡᠷ ᠭᠢᠯᠠᠯᠵᠠᠬᠤ ᠴᠣᠯᠮᠣᠨ ᠣᠳᠣ 
ᠬᠥᠬᠡ ᠲᠩᠷᠢ ᠡᠴᠡ ᠡᠰᠢ ᠲᠡᠢ ᠮᠣᠩᠭᠣᠯ ᠮᠣᠷᠢ ᠮᠢᠨᠢ ᠳᠡ 

ᠦᠦᠷᠰᠡᠭᠡᠨ ᠳ᠋ᠦ᠍ ᠨᠢ ᠴᠡᠴᠡᠭ ᠰᠡᠷᠭᠦᠳᠡᠭ
ᠠᠭᠤᠵᠢᠮ ᠲᠠᠯ᠎ᠠ ᠶ᠋ᠢᠨ ᠠᠮᠢᠰᠬᠤᠭ᠎ᠠ ᠲᠠᠢ
ᠦᠷᠭᠦᠭᠡᠨ ᠳ᠋ᠦ᠍ ᠨᠢ ᠠᠭᠤᠯᠠᠰ ᠥᠨᠳᠡᠯᠵᠡᠳᠡᠭ
ᠣᠩᠭᠣᠨ ᠬᠡᠢᠮᠣᠷᠢ ᠶ᠋ᠢᠨ ᠳᠠᠯᠠᠯᠭ᠎ᠠ ᠲᠠᠢ
ᠦᠶᠡᠷᠯᠡᠵᠦ ᠢᠷᠡᠬᠦ ᠠᠳᠤᠭᠤᠳ
ᠬᠥᠬᠡ ᠮᠣᠩᠭᠣᠯ ᠤ᠋ᠨ ᠬᠦᠯᠦᠭ
ᠦᠷ ᠢ᠋ᠶ᠋ᠡᠷ ᠭᠢᠯᠠᠯᠵᠠᠬᠤ ᠴᠣᠯᠮᠣᠨ ᠣᠳᠣ
ᠬᠥᠬᠡ ᠮᠣᠩᠭᠣᠯ ᠠ᠋ᠴᠠ ᠡᠰᠢ ᠲᠡᠢ ᠮᠣᠩᠭᠣᠯ ᠮᠣᠷᠢ ᠮᠢᠨᠢ ᠳᠡ᠁

   ᠦᠰᠦᠭ ᠠᠮᠢᠯᠠᠭᠤᠯᠵᠤ ᠬᠠᠲᠠᠭᠰᠠᠨ ᠨᠢ᠄ ᠰᠣᠳᠣ
   ᠦᠰᠦᠭ ᠬᠢᠨᠠᠭᠴᠢ᠄ ᠢᠷᠡᠭᠡᠳᠦᠢ